ᠲᠠ ᠪᠢᠳᠠᠨ᠎ᠢ ᠲᠠᠬᠤᠯ ᠨᠦᠮᠦᠷᠴᠤ ᠢᠷᠡᠬᠦ᠌ ᠎ᠳᠤ
2021-11-03 10:37:58
ᠵᠣᠬᠢᠶᠠᠭ᠍ᠴᠢ᠄
​ᠰᠠᠯᠬᠢᠴᠢ
ᠣᠩᠱᠢᠭ᠍ᠰᠠᠨ ᠣᠳᠠᠭ᠎ᠠ᠄
★★★☆☆

ᠬᠤᠶᠠᠷ ᠵᠢᠯ ᠱᠢᠬᠠᠮ ᠦᠷᠬᠦᠯᠵᠢᠯᠡᠵᠤ᠂ ᠲᠡᠯᠡᠬᠡᠢ ᠲᠡᠶᠡᠩ᠎ᠢ ᠰᠦᠷᠳᠡᠬᠦᠯᠵᠤ ᠪᠠᠢᠭ᠎ᠠ 《ᠺᠤᠷᠤᠨᠠ ᠸᠢᠷᠦ᠋ᠰ》 ᠨᠡᠷ᠎ᠡ᠎ᠲᠠᠢ ᠠᠶᠤᠮᠱᠢᠭ᠍ᠳᠤ  ᠡᠨᠡ ᠲᠠᠬᠤᠯ ᠭᠠᠯᠪᠠ᠎ᠶ᠋ᠢᠨ ᠮᠤᠬᠤᠷ᠂ ᠭᠠᠵᠠᠷ᠎ᠤᠨ᠎ᠪᠤᠢᠳᠠ᠎ᠳᠤ ᠰᠠᠭᠤᠭ᠍ᠰᠠᠨ ᠪᠢᠳᠠᠨ᠎ᠢ ᠴᠤ᠌ ᠪᠠᠰᠠ ᠵᠦᠬᠡᠷ ᠲᠠᠯᠪᠢᠭ᠍ᠰᠠᠨ ᠦᠬᠡᠢ᠃ ᠤᠤᠯ᠎ᠨᠢ ᠪᠢᠳᠠ ᠲᠧᠯᠸᠢᠰ ᠰᠤᠨᠢᠨ ᠬᠡᠪᠯᠡᠯ᠎ᠤᠨ ᠵᠠᠭᠤᠴᠢ᠎ᠪᠠᠷ ᠲᠠᠮᠵᠢᠭᠠᠳ᠎ᠬᠡᠴᠢᠨᠡᠨ ᠤᠯᠠᠨ ᠬᠦᠮᠦᠨ ᠠᠶᠤᠮᠱᠢᠭ᠍ᠳᠤ ᠎ᠡᠨᠡ ᠲᠠᠬᠤᠯ ᠎ᠤᠨ ᠬᠠᠷ᠎ᠠ ᠰᠠᠪᠠᠷ ᠎ᠲᠤ  ᠲᠠᠭᠠᠷᠢᠭᠳᠠᠵᠤ᠂ ᠡᠨᠡᠯᠵᠤ ᠲᠠᠷᠴᠢᠯᠬᠤ᠎ᠳᠤ᠂ ᠡᠨᠡ ᠬᠦ᠌ ᠰᠦᠷᠳᠡᠬᠦᠯᠦᠯ᠂ ᠦᠬᠦᠯ ᠬᠠᠭᠠᠴᠠᠯ᠎ᠤᠨ ᠡᠮᠬᠡᠨᠢᠯ ᠭᠠᠰᠠᠯᠠᠩ᠎ᠠᠴᠠ ᠠᠷᠠᠳ ᠤᠯᠠᠨ᠎ᠢᠶᠠᠨ  ᠠᠪᠤᠷᠠᠬᠤ᠎ᠶ᠋ᠢᠨ ᠲᠦᠯᠦᠬᠡ ᠬᠡᠴᠢᠨᠡᠨ ᠤᠯᠠᠨ ᠡᠮᠴᠢ ᠰᠤᠪᠢᠯᠠᠭ᠍ᠴᠢ᠂ ᠠᠯᠪᠠᠨ ᠲᠤᠰᠢᠶᠠᠯᠳᠠᠨ᠂ ᠴᠢᠯᠦᠬᠡᠯᠡᠬᠦ᠌ ᠴᠡᠷᠢᠭ᠎ᠤᠨ ᠲᠠᠷᠤᠭ᠎ᠠ ᠪᠠᠢᠯᠳᠤᠭ᠍ᠴᠢᠳ ᠤᠳᠤᠭ᠎ᠠ ᠦᠬᠡᠢ ᠡᠨᠡ ᠲᠠᠢᠨ᠎ᠳᠤ ᠠᠮᠢ ᠦᠷᠢᠰᠦᠨ ᠤᠷᠤᠵᠤ᠂ ᠮᠢᠩᠭᠠᠨ ᠠᠶᠤᠯ ᠲᠦᠮᠡᠨ ᠪᠡᠷᠬᠡ᠎ᠶ᠋ᠢ ᠢᠯᠠᠨ ᠲᠠᠪᠠᠵᠤ᠂ ᠡᠷᠡᠯᠬᠡᠭ᠌ᠯᠡᠨ ᠲᠡᠮᠡᠴᠡᠵᠤ ᠪᠠᠢᠭ᠎ᠠ ᠲᠦᠷᠢ ᠵᠢᠷᠤᠭ᠎ᠤᠳ᠎ᠢ ᠬᠠᠷᠠᠵᠤ ᠲᠤᠭ᠍ᠳᠤᠯᠵᠤ ᠯᠡ ᠶᠠᠪᠤᠯ᠎ᠠ᠃ ᠠᠯᠢ ᠨᠢᠬᠡ ᠡᠳᠦᠷ ᠠᠶᠤᠮᠱᠢᠭ᠍ᠳᠤ ᠲᠡᠷᠡ ᠦᠢᠯᠡ ᠶᠠᠪᠤᠳᠠᠯ᠂ ᠪᠢᠳᠠᠨ᠎ᠤ ᠪᠡᠶ᠎ᠡ ᠲᠡᠬᠡᠷ᠎ᠡ ᠲᠠᠪᠳᠠᠭ᠍ᠳᠠᠬᠤ ᠶᠤᠮ ᠬᠡᠵᠤ ᠪᠤᠳᠤᠬᠤ᠎ᠨᠢ ᠪᠤᠤ ᠬᠡᠯᠡ᠂ ᠲᠦᠰᠦᠬᠡᠯᠡᠬᠦ᠌ ᠴᠤ᠌ ᠰᠦᠬᠦᠬᠡ ᠦᠬᠡᠢ ᠶᠠᠪᠤᠵᠡᠢ᠃

ᠤᠳᠤ ᠲᠡᠷᠡ ᠠᠶᠤᠯ᠂ ᠲᠧᠯᠸᠢᠰ ᠵᠠᠭᠤᠴᠢᠯᠠᠭᠤᠷ᠎ᠤᠨ ᠲᠡᠷᠳᠡᠭᠡ ᠠᠯᠤᠰ᠎ᠠᠴᠠ ᠪᠢᠰᠢ᠂ ᠶᠠᠭ ᠲᠡᠷᠬᠡᠳᠡ ᠮᠢᠨᠢ ᠪᠤᠳᠢ ᠪᠡᠶ᠎ᠡ᠎ᠪᠠᠷ᠎ᠢᠶᠠᠨ ᠪᠠᠭᠤᠭᠠᠳ᠂ ᠦᠨᠡᠨ ᠲᠦᠷᠢ ᠎ᠪᠠᠷ ᠎ᠢᠶᠠᠨ ᠪᠢᠳᠠᠨ᠎ᠲᠠᠢ ᠨᠢᠭᠤᠷᠯᠠᠵᠤ᠂ ᠪᠢᠳᠠᠨ᠎ᠢ ᠨᠦᠮᠦᠷᠤᠨ ᠰᠦᠷᠳᠡᠬᠦᠯᠵᠤ ᠡᠬᠢᠯᠡᠯ᠎ᠡ᠃ ᠬᠡᠪᠡᠴᠤ᠌ ᠡᠬᠡᠯ ᠠᠷᠠᠳ ᠪᠢᠳᠡᠨ ᠎ᠳᠤ ᠠᠶᠤᠬᠤ ᠰᠤᠴᠢᠬᠤ ᠶᠠᠭᠤᠮ᠎ᠠ ᠠᠯᠠᠭ᠎ᠠ᠃ ᠲᠡᠬᠡᠷᠡᠬᠢ ᠲᠤᠭ᠍ᠳᠠᠭᠠᠯ ᠲᠦᠷᠢᠮ ᠰᠠᠬᠢᠯᠭ᠎ᠠ᠎ᠶ᠋ᠢ ᠰᠠᠢᠬᠠᠨ ᠰᠠᠬᠢᠵᠤ ᠲᠠᠭᠠᠭᠠᠳ᠂ ᠠᠮᠠᠪᠴᠢ᠎ᠪᠠᠨ ᠰᠠᠢᠨ ᠵᠡᠬᠦᠵᠤ᠂ ᠠᠷᠢᠭᠤᠳᠭᠠᠯ᠎ᠢᠶᠠᠨ ᠰᠠᠢᠨ ᠬᠢᠬᠡᠳ᠂ ᠬᠡᠷ᠎ᠠᠴᠠ᠎ᠪᠠᠨ ᠭᠠᠷᠬᠤ ᠦᠬᠡᠢ ᠪᠠᠢᠵᠤ ᠪᠠᠢᠪᠠᠯ ᠲᠠᠭᠠᠷᠠᠨ᠎ᠠ᠃  ᠡᠬᠦᠨ᠎ᠤ ᠲᠠᠭᠠᠤ ᠪᠢᠳᠠᠨ᠎ᠤ ᠲᠦᠯᠦᠬᠡ ᠂ ᠪᠢᠳᠠᠨ᠎ᠤ ᠠᠮᠤᠷ ᠠᠮᠤᠭᠤᠯᠠᠩ᠂ ᠡᠷᠡᠬᠦᠯ ᠰᠠᠷᠠᠭᠤᠯ ᠠᠮᠢᠳᠤᠷᠠᠯ᠎ᠢ ᠴᠠᠭ ᠦᠷᠬᠦᠯᠵᠢ ᠪᠠᠳᠤᠯᠠᠬᠤ᠎ᠶ᠋ᠢᠨ᠎ᠲᠦᠯᠦᠬᠡ ᠬᠢᠵᠢᠭ ᠲᠠᠬᠤᠯ᠎ᠤᠨ ᠬᠠᠮᠤᠭ᠎ᠤᠨ ᠬᠦᠨᠳᠦ ᠬᠡᠴᠡᠬᠦᠦ ᠭᠠᠵᠠᠷ ᠤᠴᠢᠵᠤ᠂ ᠪᠠᠢᠬᠤ ᠪᠦᠬᠦ᠌ ᠠᠶᠤᠯ᠎ᠢ ᠪᠠᠶ᠎ᠠ᠎ᠪᠠᠷ᠎ᠢᠶᠠᠨ ᠬᠠᠯᠬᠠᠯᠠᠨ ᠵᠤᠭ᠍ᠰᠤᠭ᠍ᠴᠢ ᠬᠦᠮᠦᠰ᠎ᠤᠨ ᠲᠡᠷᠡ ᠨᠠᠨᠳᠢᠨ ᠴᠢᠨᠠᠷ᠂ ᠨᠤᠭᠤᠷᠠᠵᠤ ᠴᠤᠴᠠᠰᠢ ᠦᠬᠡᠢ ᠲᠡᠰᠪᠦᠷᠢ ᠲᠡᠪᠴᠢᠶᠡᠷᠢ᠎ᠶ᠋ᠢ ᠰᠠᠨᠠᠬᠤ ᠶᠤᠰᠤᠳᠠᠢ !ᠲᠡᠳᠡ ᠨᠠᠷ ᠮᠢᠨᠢ ᠶᠡᠷᠦ᠍ ᠪᠤᠰᠤ᠎ᠶ᠋ᠢᠨ ᠡᠨᠡ ᠴᠠᠭ ᠮᠦᠴᠡ᠎ᠳᠤ ᠤᠶᠤᠨ ᠰᠠᠨᠠᠭᠠᠨ᠎ᠤ ᠲᠤᠭ᠍ᠳᠠᠭᠤᠨ ᠪᠠᠢᠳᠠᠯ᠎ᠢᠶᠠᠨ ᠭᠤᠢᠪᠢᠰᠢ ᠦᠬᠡᠢ ᠬᠠᠳᠠᠭᠠᠯᠠᠵᠤ᠂ ᠤᠯᠤᠰ ᠲᠦᠷᠦ᠍᠎ᠶ᠋ᠢᠨ ᠠᠤᠭ᠎ᠠ ᠶᠡᠭᠡ ᠬᠠᠷᠢᠭᠤᠴᠠᠯᠭ᠎ᠠ᠎ᠶ᠋ᠢ ᠡᠬᠦᠷᠬᠡᠯᠡᠵᠤ᠂ ᠬᠡᠷ ᠤᠷᠤᠨ᠂ ᠬᠡᠦᠬᠡᠳ ᠱᠢᠦᠬᠠᠳ᠎ᠢᠶᠠᠨ ᠤᠷᠬᠢᠵᠤ᠂ ᠠᠵᠢᠯ᠎ᠤᠨ ᠪᠠᠢᠷᠢᠨ ᠎ᠲᠡᠬᠡᠷ᠎ᠡ ᠎ᠪᠠᠨ ᠢᠷᠡᠬᠡᠳ᠂ ᠤᠳᠤ ᠪᠤᠯᠳᠠᠯ᠎ᠠ ᠠᠷᠪᠠᠭᠠᠳ ᠡᠳᠦᠷ ᠲᠤᠳᠠᠭᠤ ᠨᠤᠢᠷ᠎ᠲᠠᠢ᠂ ᠲᠤᠮᠳᠠᠭᠤᠷ ᠬᠤᠭᠤᠯᠠ᠎ᠲᠠᠢ ᠶᠠᠭᠠᠷᠠᠵᠤ᠂ ᠶᠠᠳᠠᠷᠡᠵᠤ ᠲᠤᠢᠯᠳᠠᠬᠤ᠎ᠶ᠋ᠢ ᠶᠠᠭᠤᠮᠠᠨ ᠴᠢᠨᠡᠭᠡ ᠪᠤᠳᠤᠯ ᠦᠬᠡᠢ ᠵᠢᠳᠬᠦᠵᠦ ᠶᠠᠪᠤᠭ᠎ᠠ ᠱᠢᠦ᠃

ᠡᠨᠡ ᠪᠤᠯ ᠡᠬᠡ ᠤᠷᠤᠨᠴᠢ ᠦᠵᠡᠯ᠎ᠤᠨ ᠵᠤᠷᠢᠭ ᠰᠠᠨᠠᠭ᠎ᠠ!

ᠡᠨᠡ ᠪᠤᠯ  ᠠᠷᠠᠳ ᠤᠯᠠᠨ᠎ᠢᠶᠠᠨ ᠡᠷᠬᠢᠮᠨᠡᠨ ᠲᠡᠬᠡᠳᠦᠯᠡᠬᠦ᠌ ᠵᠤᠷᠢᠭ ᠰᠠᠨᠠᠭ᠎ᠠ!

ᠡᠨᠡ ᠪᠤᠯ ᠡᠪ  ᠬᠠᠮᠲᠤᠴᠤᠳ᠎ᠤᠨ ᠵᠤᠷᠢᠭ ᠰᠠᠨᠠᠭ᠎ᠠ!

ᠠᠶᠤᠮᠱᠢᠭ᠍ᠳᠤ ᠲᠠᠬᠤᠯ ᠲᠠᠢ ᠠᠮᠢ ᠦᠷᠢᠰᠦᠨ ᠲᠡᠮᠡᠴᠡᠵᠤ ᠶᠠᠪᠤᠭ᠎ᠠ ᠡᠮᠴᠢ ᠰᠤᠪᠢᠯᠠᠭ᠍ᠴᠢ᠂ ᠴᠡᠷᠢᠭ ᠴᠠᠭ᠍ᠳᠠᠭ᠎ᠠ᠂ ᠦᠢ ᠤᠯᠠᠨ᠎ᠤ᠎ᠪᠠᠨ ᠡᠨᠡ ᠬᠦ᠌ ᠵᠤᠷᠢᠭ ᠰᠠᠨᠠᠭ᠎ᠠ᠂ ᠦᠢᠯᠡ ᠠᠵᠢᠯᠯᠠᠭ᠎ᠠ᠎ᠶ᠋ᠢ ᠬᠠᠷᠠᠭᠠᠳ᠂ ᠲᠧᠯᠸᠢᠰ᠎ᠠᠴᠠ ᠦᠵᠡᠬᠡᠳ᠂ ᠪᠠᠭ᠍ᠠᠳᠤᠨ ᠪᠢᠱᠢᠷᠡᠬᠦ᠌ ᠰᠡᠳᠭᠢᠯ᠎ᠢᠶᠠᠨ ᠲᠡᠷᠤᠵᠤ ᠶᠠᠳᠠᠨ ᠲᠠᠬᠤᠯ᠎ᠲᠠᠢ ᠲᠡᠮᠡᠴᠡᠬᠦ᠌ ᠭᠠᠯ ᠹᠷᠤᠨᠲ᠎ᠲᠤ ᠤᠴᠢᠬᠤ᠎ᠪᠠᠷ ᠭᠤᠶᠤᠴᠢᠯᠠᠵᠤ᠂ ᠰᠠᠢᠨ ᠲᠤᠷ᠎ᠠ᠎ᠠᠴᠠ ᠪᠠᠨ ᠤᠴᠢᠵᠤ ᠠᠵᠢᠯᠯᠠᠭ᠍ᠰᠠᠨ ᠤᠬᠠᠮᠰᠠᠷ ᠲᠠᠨᠢᠯᠳᠠ ᠲᠠᠪᠱᠢᠩᠭᠤᠢ ᠵᠠᠯᠠᠭᠤᠴᠤᠳ ᠴᠤ᠌ ᠡᠳᠦᠢ ᠲᠡᠳᠦᠢ ᠭᠠᠷᠴᠤ᠌ ᠢᠷᠡᠯ᠎ᠡ᠃ ᠨᠡᠩ ᠲᠤᠭ᠍ᠳᠤᠯᠤᠭᠤᠱᠢᠳᠠᠢ ᠎ᠨᠢ ᠡᠬᠡᠯ ᠵᠢᠷ᠎ᠤᠨ ᠮᠠᠯᠴᠢᠨ ᠲᠠᠷᠢᠶᠠᠴᠢᠳ ᠮᠠᠨᠢ ᠴᠤ᠌ ᠶᠠᠮᠠᠷ ᠴᠤ᠌ ᠬᠦᠮᠦᠨ᠎ᠤ ᠤᠷᠢᠶᠠᠯᠠᠭ᠎ᠠ ᠲᠠᠢᠴᠢᠯᠠᠯᠳᠠ ᠦᠬᠡᠢ᠎ᠪᠠᠷ ᠮᠦᠩᠬᠦ᠌ ᠵᠤᠭᠤᠰ᠂ ᠮᠠᠯ ᠮᠢᠬ᠎ᠠ᠂ ᠰᠦ ᠴᠠᠭ᠎ᠠ᠂ ᠬᠠᠭᠠᠷᠢᠭ᠍ᠰᠠᠨ ᠪᠤᠤᠪᠤ  ᠵᠡᠷᠬᠡ᠎ᠪᠠᠷ᠎ᠢᠶᠠᠨ ᠬᠠᠨᠳᠢᠪ ᠡᠷᠬᠦᠵᠤ᠂ ᠠᠴᠢᠳᠤ ᠬᠦᠮᠦᠰ᠎ᠲᠡᠭᠡᠨ ᠪᠠᠶᠠᠷᠯᠠᠨ ᠲᠠᠯᠠᠷᠬᠠᠬᠤ ᠰᠠᠨᠠᠭ᠎ᠠ᠎ᠪᠠᠨ ᠢᠯᠡᠳᠭᠡᠵᠤ ᠡᠬᠢᠯᠡᠯ᠎ᠡ᠃ ᠶᠠᠭᠤᠳᠠᠢ ᠰᠠᠢᠬᠠᠨ ᠰᠡᠳᠭᠢᠯ᠎ᠲᠠᠢ ᠮᠠᠯᠴᠢᠨ ᠠᠷᠠᠳ ᠪᠤᠢ᠃

ᠡᠨᠡ ᠵᠤᠷᠢᠭ ᠰᠠᠨᠠᠭ᠎ᠠ᠂ ᠡᠨᠡ ᠰᠠᠢᠬᠠᠨ ᠰᠡᠳᠬᠢᠯ ᠎ᠳᠤ ᠲᠠᠷᠤᠭᠳᠠᠵᠦ᠂ ᠠᠶᠤᠯᠳᠤ ᠬᠢᠵᠢᠭ ᠵᠢᠭᠤᠳᠠᠬᠤ ᠨᠢ ᠵᠦᠢ᠃

ᠴᠢᠷᠮᠠᠢᠵᠠᠭᠠᠶ᠎ᠠ᠂ ᠡᠵᠡᠨ᠎ᠡ ᠮᠢᠨᠢ!

ᠤᠯᠠᠨ ᠲᠦᠮᠡᠨ ᠮᠢᠨᠢ!

ᠢᠯᠠᠯᠳᠠ  ᠮᠠᠨ ᠎ᠤ  ᠬᠢ !

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号