ᠰᠦᠨ ᠴᠠᠭᠠᠨ ᠰᠠᠷᠠᠨ᠎ᠤ ᠮᠦᠩᠭᠦᠨ ᠰᠠᠴᠤᠯᠢ ᠰᠦᠭ᠌ᠯᠦᠢᠨ ᠰᠦᠨᠳᠡᠷᠯᠡᠬᠦ᠌ ᠱᠢᠷᠭᠠᠯ ᠨᠠᠮᠤᠷ᠎ᠤᠨ ᠲᠤᠤᠷᠠᠢ᠎ᠶ᠋ᠢᠨ ᠨᠠᠪᠴᠢᠨ ᠳᠡᠭᠡᠷ᠎ᠡ ᠵᠤᠭᠠᠯᠠᠨ ᠡᠷᠬᠡᠯᠡᠵᠦ᠍᠂ ᠰᠠᠷ᠎ᠠ ᠬᠦᠳᠡᠭᠡ ᠬᠤᠨᠤᠬ᠍ᠯᠠᠨᠠ᠃ ᠣᠳᠤᠭ᠎ᠠ ᠦᠭᠡᠢ ᠳᠠᠢᠨ᠎ᠤ ᠡᠮᠤᠨ᠎ᠡ ᠹᠷᠤᠨᠲ᠎ᠲᠤ᠌᠂ ᠲᠦᠨᠡᠷ ᠬᠠᠷᠠᠩᠭᠤᠢ᠎ᠶ᠋ᠢ ᠬᠠᠭ᠎ᠠ ᠵᠦᠰᠦᠨ ᠡᠷᠡᠭᠦᠯ ᠡᠩᠬᠡ᠎ᠶ᠋ᠢᠨ ᠡᠯᠴᠢᠳ ᠰᠡᠳᠭᠢᠯ ᠢᠳᠡᠭᠡᠯ᠎ᠤᠨ ᠭᠡᠷᠡᠯ ᠭᠡᠭᠡ ᠲᠠᠲᠠᠭᠤᠯᠤᠨ ᠡᠵᠡᠨ᠎ᠡ᠎ᠳᠤ ᠪᠠᠭᠤᠨ᠎ᠠ᠃ ᠨᠠᠮ ᠵᠠᠰᠠᠭ ᠤᠨᠣᠷᠢᠶᠠᠯᠠᠭᠠᠶ᠋ᠢ ᠡᠷᠡᠰ ᠴᠤᠤᠷᠢᠶᠠᠳᠤᠨ᠂ ᠲᠤᠤᠷᠠᠢ᠎ᠲᠤ ᠨᠤᠲᠤᠭ᠎ᠤᠨ ᠠᠷᠠᠳ ᠲᠦᠮᠡᠨ᠎ᠳᠤ ᠰᠡᠳᠭᠢᠯ ᠢᠳᠡᠭᠡᠯ᠎ᠤᠨ ᠬᠦᠴᠦᠨ᠎ᠢ ᠣᠯᠭᠤᠬ᠍ᠰᠠᠨ ᠡᠷᠡᠭᠦᠯ ᠡᠩᠬᠡ᠎ᠶ᠋ᠢᠨ ᠡᠯᠴᠢᠳ ᠮᠢᠨᠢ ᠠᠮᠵᠢᠯᠳᠠ᠎ᠠᠴᠠ ᠠᠮᠵᠢᠯᠳᠠ᠎ᠳᠤ ᠬᠦᠷᠴᠦ᠍᠂ ᠢᠯᠠᠯᠲᠠ᠎ᠠᠴᠠ ᠢᠯᠠᠯᠳᠠ ᠪᠠᠢᠭᠤᠯᠤᠨ᠎ᠠ ᠭᠡᠳᠡᠭ᠎ᠲᠤ ᠬᠠᠮᠤᠭ᠎ᠤᠨ ᠶᠡᠬᠡ ᠨᠠᠢᠳᠠᠪᠤᠷᠢᠲᠠᠢ᠃
ᠴᠠᠭᠠᠬ᠍ᠴᠢᠨ ᠦᠭᠡᠷ ᠵᠢᠯ᠂ ᠡᠵᠡᠨ᠎ᠡ᠎ᠶ᠋ᠢᠨ ᠳᠡᠦᠬᠡᠨ ᠬᠠᠭᠤᠳᠠᠰᠤᠨ᠎ᠳᠤ ᠶᠡᠷᠤ ᠪᠤᠰᠤ᠎ᠶ᠋ᠢᠨ ᠵᠢᠯ᠎ᠢᠶᠠᠷ ᠳᠡᠮᠳᠡᠭ᠌ᠯᠡᠭ᠌ᠳᠡᠨᠡ᠃ ᠦᠪᠤᠷ ᠮᠤᠩᠭᠤᠯ᠎ᠤᠨ ᠬᠡᠪᠯᠡᠯ᠎ᠤᠨ ᠪᠦᠯᠦᠭ᠌ᠯᠡᠯ᠂ ᠦᠪᠤᠷ ᠮᠤᠩᠭᠤᠯ᠎ᠤᠨ ᠠᠷᠠᠳ᠎ᠤᠨ ᠬᠡᠪᠯᠡᠯ᠎ᠤᠨ ᠬᠤᠷᠢᠶ᠎ᠡ᠎ᠠᠴᠠ 2012 ᠣᠨ᠎ᠤ 10 ᠰᠠᠷ᠎ᠠ᠎ᠳᠤ ᠬᠡᠪᠯᠡᠭ᠌ᠰᠡᠨ 《ᠡᠯᠳᠡᠪ ᠬᠡᠷᠡᠭ᠌ᠴᠡᠭᠡ᠎ᠳᠦ ᠴᠠᠭ ᠣᠯᠠᠷᠢᠯ᠎ᠤᠨ ᠪᠢᠴᠢᠭ》 ᠲᠤ᠌᠂ ᠴᠠᠭᠠᠬ᠍ᠴᠢᠨ ᠦᠬᠡᠷ ᠵᠢᠯ᠎ᠤᠨ ᠬᠠᠪᠤᠷ ᠨᠠᠮᠤᠷ᠎ᠤᠨ ᠰᠡᠬᠦᠯ ᠰᠠᠷᠠᠨ᠎ᠢ ᠬᠠᠷ᠎ᠠ ᠭᠡᠮᠡᠨ ᠪᠢᠴᠢᠭ᠌ᠳᠡᠭ᠌ᠰᠡᠨᠤ ᠬᠢᠨᠢ ᠱᠢᠨᠵᠢ ᠳᠡᠮᠳᠡᠭ ᠲᠤᠤᠷᠠᠢ᠎ᠲᠤ ᠨᠤᠲᠤᠭ᠎ᠲᠤ ᠮᠢᠨᠢ ᠢᠯᠡᠷᠡᠬᠦ᠌ ᠱᠢᠭ ᠪᠤᠯᠤᠯ᠎ᠠ᠃ ᠨᠢᠭᠡ ᠯᠠ ᠰᠦᠨᠢ᠎ᠶ᠋ᠢᠨ ᠬᠤᠭᠤᠷᠤᠨᠳᠤ ᠴᠠᠷ ᠳᠠᠬᠤᠯ᠎ᠤᠨ ᠬᠦᠨᠳᠦ ᠬᠡᠴᠡᠭᠦᠦ ᠠᠶᠤᠯ ᠰᠦᠷᠳᠡᠭᠦᠯᠦᠯ ᠨᠤᠲᠤᠭ᠎ᠢ ᠮᠠᠨᠢ ᠱᠢᠨᠠᠯᠭᠠᠨ ᠲᠠᠷᠴᠢᠯᠭᠠᠵᠤ᠂ ᠡᠵᠡᠨ᠎ᠡ᠎ᠶ᠋ᠢᠨ 3 ᠲᠦᠮᠡ 5 ᠮᠢᠩᠭ᠎ᠠ ᠭᠠᠷᠤᠢ ᠠᠷᠠᠳ ᠲᠦᠮᠡᠨ᠎ᠤ ᠰᠡᠳᠭᠢᠯ᠎ᠢ ᠡᠮᠵᠡᠭ᠌ᠯᠡᠭᠦᠯᠵᠦ᠍᠂ ᠵᠢᠷᠦᠭᠡ ᠱᠢᠮᠱᠢᠷᠡᠭᠦᠯᠦᠨᠡ !
ᠭᠡᠪᠡᠴᠦ᠍᠂ 300 ᠭᠠᠷᠤᠢ ᠵᠢᠯ᠎ᠤᠨ ᠪᠤᠯᠪᠠᠰᠤᠨ ᠳᠡᠦᠬᠡ᠎ᠶ᠋ᠢ ᠪᠢᠴᠢᠭ᠌ᠯᠡᠭ᠌ᠰᠡᠨ ᠡᠵᠡᠨ᠎ᠡ᠎ᠶ᠋ᠢᠨ ᠠᠷᠠᠳ ᠲᠦᠮᠡᠨ ᠨᠠᠮ ᠲᠦᠷᠦ᠍᠎ᠶ᠋ᠢᠨ ᠵᠦᠪ ᠣᠨᠤᠪᠴᠢᠳᠠᠢ ᠵᠢᠯᠤᠭᠤᠳᠤᠯᠭ᠎ᠠ ᠲᠤᠤᠷ᠎ᠠ ᠡᠨᠡ ᠬᠦ᠌ ᠠᠶᠤᠯ ᠲᠦᠭ᠌ᠰᠢᠭᠦᠷᠢ᠎ᠶ᠋ᠢ ᠢᠯᠠᠨ ᠳᠠᠪᠠᠵᠤ᠂ ᠯᠠᠪᠳᠠᠢ ᠠᠮᠵᠢᠯᠳᠠ ᠪᠠᠢᠭᠤᠯᠵᠤ ᠴᠢᠳᠠᠨ᠎ᠠ᠃ ᠣᠴᠢᠷ᠎ᠨᠢ ᠮᠠᠨᠳᠤ 《ᠣᠷᠭᠤᠭ᠎ᠠ ᠨᠤᠭᠤᠭᠠᠨ ᠮᠢᠩᠭᠠᠨ ᠵᠢᠯ᠂ ᠣᠨᠠᠵᠤ ᠨᠤᠷᠠᠬᠤ ᠦᠭᠡᠢ ᠮᠢᠩᠭᠠᠨ ᠵᠢᠯ᠂ ᠦᠬᠢᠷᠡᠵᠦ᠍ ᠣᠰᠠᠳᠭᠤ ᠦᠭᠡᠢ ᠮᠢᠩᠭᠠᠨ ᠵᠢᠯ》 ᠤ᠋ᠨ ᠨᠤᠭᠤᠷᠠᠰᠢ ᠦᠭᠡᠢ ᠲᠤᠤᠷᠠᠢ᠎ᠶ᠋ᠢᠨ ᠵᠤᠷᠢᠭ ᠰᠠᠨᠠᠭ᠎ᠠ ᠪᠠᠢᠬᠤ ᠪᠤᠯᠬᠤᠷ ᠪᠠᠳᠤ ᠢᠳᠡᠭᠡᠯ᠎ᠲᠠᠢ᠃
1698 ᠣᠨ ( ᠡᠩᠬᠡ ᠠᠮᠤᠭᠤᠯᠠᠩ᠎ᠤᠨ 37 ᠣᠨ ) ᠳ᠋ᠦ ᠠᠶᠦᠬᠢ ᠬᠠᠭᠠᠨ᠎ᠤ ᠠᠴᠢ ᠠᠷᠠᠪᠵᠤᠤᠷ᠎ᠤᠨ ᠳᠠᠭᠠᠭᠤᠯᠤᠬ᠍ᠰᠠᠨ ᠡᠵᠡᠨ᠎ᠡ ᠲᠤᠷᠭᠤᠳᠴᠤᠳ ᠢᠵᠢᠯ ᠮᠦᠷᠡᠨ᠎ᠠᠴᠠ ᠬᠤᠱᠢᠭᠤᠴᠢᠯᠠᠨ ᠭᠠᠷᠴᠤ᠌᠂ ᠡᠬᠡ ᠣᠯᠤᠰ᠎ᠲᠠᠭᠠᠨ ᠪᠤᠴᠠᠵᠤ ᠢᠷᠡᠭ᠌ᠰᠡᠨ ᠡᠬᠡ ᠣᠷᠤᠨᠴᠢ ᠳᠡᠦᠬᠡ᠎ᠲᠠᠢ᠃ ᠣᠨᠴᠠᠯᠠᠨ 1949 ᠣᠨ᠎ᠤ ᠵᠠᠩᠭᠢᠯᠠᠭ᠎ᠠ᠎ᠶ᠋ᠢᠨ ᠴᠠᠭ ᠮᠦᠴᠡ᠎ᠳᠤ ᠠᠷᠠᠳ ᠲᠦᠮᠡᠨ᠎ᠳᠡᠭᠡᠨ 《ᠰᠠᠢᠨ ᠠᠬ᠎ᠠ》 ᠭᠡᠮᠡᠨ ᠠᠪᠤᠭᠠᠢᠯᠠᠬ᠍ᠳᠠᠬ᠍ᠰᠠᠨ ᠯᠾᠠᠸᠠᠩᠵᠠᠪ ᠨᠤᠶᠠᠨ ᠡᠪ ᠬᠠᠮᠳᠤ ᠨᠠᠮ᠎ᠤᠨ ᠣᠳᠤᠷᠢᠳᠤᠯᠭ᠎ᠠ᠎ᠶ᠋ᠢ ᠡᠷᠡᠰ ᠬᠦᠷᠢᠶᠡᠯᠡᠵᠦ᠍᠂ ᠡᠵᠡᠨ᠎ᠡ ᠬᠤᠱᠢᠭᠤ ᠨᠠᠢᠷᠠᠮᠳᠠᠯ᠎ᠢᠶᠠᠷ ᠴᠢᠯᠦᠭᠡᠯᠡᠭ᠌ᠳᠡᠭ᠌ᠰᠡᠨ᠎ᠠᠴᠠ ᠨᠠᠭᠠᠰᠢ ᠡᠵᠡᠨ᠎ᠡ᠎ᠶ᠋ᠢᠨ ᠠᠷᠠᠳ ᠲᠦᠮᠡᠨ ᠡᠬᠡ ᠣᠷᠤᠨ᠎ᠤ᠎ᠪᠠᠨ ᠬᠠᠯᠠᠭᠤᠨ ᠡᠯᠢᠭᠡᠨ ᠳᠡᠭᠡᠷ᠎ᠡ᠂ ᠠᠭᠤᠤ ᠨᠠᠮ᠎ᠤᠨ᠎ᠢᠶᠠᠨ ᠬᠠᠢᠷ᠎ᠠ ᠬᠠᠯᠠᠮᠵᠢᠳᠤ ᠪᠦᠪᠠᠢᠯᠡᠭ᠌ᠳᠡᠨ ᠡᠵᠡᠨ᠎ᠡ ᠨᠤᠲᠤᠭ ᠮᠢᠨᠢ ᠴᠡᠴᠡᠭ᠌ᠯᠡᠨ ᠮᠠᠨᠳᠤᠵᠤ᠂ ᠪᠠᠳᠠᠷᠠᠨ ᠬᠦᠭ᠌ᠵᠢᠵᠦ᠍᠂ ᠦᠨᠦᠳᠤᠷ᠎ᠤᠨ ᠱᠢᠨ᠎ᠡ ᠡᠷᠢᠨ᠎ᠳᠤ 《ᠲᠤᠮᠳᠠᠳᠤ᠎ᠶ᠋ᠢᠨ ᠰᠠᠨᠰᠠᠷ ᠠᠶᠠᠯᠠᠯ᠎ᠤᠨ ᠦᠯᠦᠭᠡᠢ》 ᠭᠡᠮᠡᠨ ᠠᠯᠳᠠᠷᠱᠢᠬ᠍ᠰᠠᠨ᠎ᠨᠢ 1958 ᠣᠨ᠎ᠳᠤ ᠬᠠᠮᠤᠭ᠎ᠤᠨ ᠦᠩ ᠱᠢᠮᠡᠯᠢᠭ ᠪᠡᠯᠴᠢᠭᠡᠷ ᠣᠰᠤᠪᠠᠨ ᠣᠯᠤᠰ᠎ᠤᠨ ᠪᠠᠳᠤᠯᠠᠨ ᠬᠠᠮᠠᠭᠠᠯᠠᠯᠲᠠ᠂ ᠰᠠᠨᠰᠠᠷ ᠠᠶᠠᠯᠠᠯ᠎ᠤᠨ ᠦᠢᠯᠡᠰ᠎ᠲᠤ ᠬᠠᠷᠠᠮ ᠦᠭᠡᠢ ᠡᠷᠭᠦᠭ᠌ᠰᠡ ᠠᠷᠠᠳ ᠲᠦᠮᠡᠨ᠎ᠤ ᠮᠢᠨᠢ ᠭᠠᠪᠢᠶ᠎ᠠ ᠵᠢᠳᠭᠦᠯ ᠶᠤᠮᠰᠠᠨ᠃ 2021 ᠣᠨ᠎ᠤ 6 ᠰᠠᠷ᠎ᠠ᠎ᠶ᠋ᠢᠨ 17 ᠤ᠋ ᠡᠳᠤᠷ᠂ ᠨᠤᠲᠤᠭ᠎ᠤᠨ ᠮᠢᠨᠢ ᠱᠢᠳᠦᠭᠡᠨ ᠪᠠᠶᠠᠨᠪᠤᠬ᠍ᠳᠠ ᠬᠠᠢᠷᠬᠠᠨ᠎ᠤ ᠲᠤᠷᠭᠠᠨ ᠬᠤᠷᠮᠤᠢ᠎ᠠᠴᠠ ᠬᠤᠪᠢᠯᠭᠠᠨ ᠣᠩᠭᠤᠴᠠ ᠠᠷᠪᠠᠨ ᠬᠤᠶᠠᠳᠤᠭᠠᠷ ᠬᠦᠮᠦᠨ ᠰᠠᠭᠤᠯᠭᠠᠬ᠍ᠰᠠᠨ ᠨᠢᠰᠭᠦ ᠣᠩᠭᠤᠴᠠ ᠬᠠᠷᠪᠤᠬ᠍ᠳᠠᠵᠤ᠂ ᠭᠤᠷᠪᠠᠨ ᠰᠠᠷ᠎ᠠ᠎ᠶ᠋ᠢᠨ ᠨᠢᠰᠦᠯᠳᠡ᠎ᠶ᠋ᠢᠨ ᠡᠭᠦᠷᠭᠡ᠎ᠪᠠᠨ ᠠᠮᠵᠢᠯᠳᠠ᠎ᠲᠠᠢ ᠬᠦᠢᠴᠡᠳᠭᠡᠭᠡᠳ ᠨᠢᠶᠧ ᠬᠠᠢ ᠱᠧᠩ᠂ ᠯᠢᠤ ᠪᠦᠸᠧ ᠮᠢᠩ᠂ ᠲᠠᠩ ᠬᠤᠩ ᠪᠦᠸᠧ ᠭᠤᠷᠪᠠᠨ ᠰᠠᠨᠰᠠᠷᠴᠢᠨ ᠮᠠᠨᠢ 2021 ᠣᠨ᠎ᠤ 9 ᠰᠠᠷ᠎ᠠ᠎ᠶ᠋ᠢᠨ 17 ᠤ᠋ ᠡᠳᠤᠷ᠎ᠤᠨ 13 ᠴᠠᠭ 34 ᠮᠢᠨᠦ᠋ᠲ᠎ᠲᠤ ᠡᠷᠭᠢᠭᠡᠳ ᠪᠠᠶᠠᠨᠪᠤᠬ᠍ᠳᠠᠶ᠋ᠢᠨ ᠠᠷᠤ ᠱᠢᠯᠢ᠎ᠳᠤ ᠠᠮᠤᠷ ᠲᠦᠪᠱᠢᠨ ᠪᠠᠭᠤᠵᠤ᠂ ᠳᠡᠭᠦᠰ ᠠᠮᠵᠢᠯᠳᠠ᠎ᠲᠠᠢ ᠡᠭᠦᠷᠭᠡ᠎ᠪᠠᠨ ᠪᠡᠶᠡᠯᠡᠭᠦᠯᠦᠭ᠌ᠰᠡᠨ ᠪᠢᠯᠡ᠃ ᠮᠥᠨ ᠵᠠᠯᠭᠠᠭᠠᠳ ᠤᠳᠠᠯ ᠦᠭᠡᠢ ᠵᠠᠢ ᡁᠢ ᠭᠠᠩ᠂ ᠸᠠᠩ ᠶᠠ ᠫᠢᠩ᠂ ᠶᠧ ᠭᠤᠸᠠᠩ ᠹᠦ᠋ ᠭᠤᠷᠪᠠᠨ ᠰᠠᠨᠰᠠᠷᠴᠢᠨ᠎ᠢ ᠰᠠᠭᠤᠯᠭᠠᠬ᠍ᠰᠠᠨ ᠬᠤᠪᠢᠯᠭᠠᠨ ᠣᠩᠭᠤᠴᠠ ᠠᠷᠪᠠᠨ ᠭᠤᠷᠪᠠᠳᠤᠭᠠᠷ ᠪᠠᠶᠠᠨᠪᠤᠬ᠍ᠳᠠ ᠬᠠᠢᠷᠬᠠᠨ᠎ᠤ ᠲᠤᠷᠭᠠᠨ ᠬᠤᠷᠮᠤᠢ᠎ᠠᠴᠠ ᠠᠮᠵᠢᠯᠳᠠ᠎ᠲᠠᠢ ᠬᠠᠷᠪᠤᠬ᠍ᠳᠠᠵᠤ᠂ ᠦᠷᠭᠡᠨ ᠣᠯᠠᠨ ᠵᠢᠭᠤᠯᠴᠢᠯᠠᠭᠰᠠᠳ ᠪᠤᠯᠤᠨ ᠨᠤᠲᠤᠭ᠎ᠤᠨ ᠠᠷᠠᠳ ᠲᠦᠮᠡᠨ ᠣᠷᠭᠢᠯᠤᠮ᠎ᠠ ᠬᠠᠯᠠᠭᠤᠨ ᠪᠠᠶᠠᠷ ᠪᠠᠭ᠍ᠠᠳᠤᠯᠳᠤ ᠰᠡᠳᠭᠢᠯ᠎ᠢᠶᠠᠨ ᠳᠠᠷᠤᠵᠤ ᠠᠮᠵᠢᠬᠤ᠎ᠶ᠋ᠢᠨ ᠵᠠᠢ᠎ᠳᠤ᠂ ᠵᠠᠪᠱᠢᠨ ᠣᠷᠤᠵᠤ ᠢᠷᠡᠭ᠌ᠰᠡᠨ ᠪᠤᠵᠠᠷ ᠮᠠᠭᠤᠬᠠᠢ ᠬᠤᠯᠠᠭᠠᠢ ᠵᠢᠪᠠᠷ ᠠᠷᠢᠭᠤᠨ ᠲᠠᠬ᠍ᠰᠢᠨ ᠨᠤᠲᠤᠭ᠎ᠤᠨ ᠮᠢᠨᠢ ᠴᠡᠩᠬᠡᠭ ᠠᠭᠠᠷ᠂ ᠴᠡᠪᠡᠷ ᠠᠮᠢᠰᠭᠤᠯ᠎ᠢ ᠪᠤᠬᠢᠷᠳᠤᠭᠤᠯᠤᠬ᠍ᠰᠠᠨᠢ ᠶᠠᠭᠤ ᠭᠡᠯᠳᠠᠢ᠃ ᠮᠠᠰᠢ ᠰᠡᠳᠭᠢᠯ ᠡᠮᠵᠡᠭ᠌ᠯᠡᠨᠡᠮ⁈
《ᠡᠵᠡᠨ᠎ᠡ᠎ᠶ᠋ᠢᠨ ᠮᠤᠩᠭᠤᠯ ᠡᠮ ᠡᠮᠨᠡᠯᠭᠡ》 ᠨᠤᠮ᠎ᠳᠤ ᠴᠢᠯᠦᠭᠡᠯᠡᠭ᠌ᠳᠡᠬᠦ᠌ᠠᠴᠠ ᠡᠮᠦᠨᠡᠬᠢ ᠬᠠᠳᠠᠭᠤ ᠪᠡᠷᠬᠡ ᠣᠷᠴᠢᠨ ᠲᠤᠭᠤᠷᠢᠨ᠂ ᠵᠤᠪᠠᠭᠤᠷᠢ ᠵᠦᠳᠡᠭᠦᠷᠢ᠎ᠳᠤ ᠣᠨ ᠵᠢᠯ᠎ᠤᠳ᠎ᠲᠤ ᠬᠠᠯᠳᠠᠪᠦᠷᠢᠲᠤ ᠬᠢᠵᠢᠭ᠎ᠢ ᠬᠦᠯ ᠬᠤᠷᠢᠵᠦ᠍᠂ ᠲᠤᠰᠠᠭᠠᠷᠯᠠᠨ ᠡᠮᠴᠢᠯᠡᠬᠦ᠌ ᠠᠷᠭ᠎ᠠ᠎ᠪᠠᠷ ᠡᠮᠴᠢᠯᠡᠨ ᠵᠠᠰᠠᠬ᠍ᠰᠠᠨ ᠠᠳᠠᠯᠢ ᠪᠤᠰᠤ ᠭᠤᠷᠪᠠᠨ ᠣᠨ ᠵᠢᠯ᠎ᠤᠨ ᠲᠤᠷᠱᠢᠯᠭ᠎ᠠ᠎ᠶ᠋ᠢ ᠲᠤᠲᠤᠷᠬᠠᠢ ᠳᠡᠮᠳᠡᠭ᠌ᠯᠡᠭ᠌ᠰᠡᠨ ᠪᠠᠢᠳᠠᠭ ᠡ᠃
ᠱᠢᠨᠵᠢᠯᠡᠭᠡ ᠮᠡᠷᠭᠡᠵᠢᠯ ᠳᠡᠭᠡᠳᠦ ᠬᠡᠮᠵᠢᠶ᠎ᠠ᠎ᠪᠠᠷ ᠭᠦᠭ᠌ᠵᠢᠭ᠌ᠰᠡᠨ ᠱᠢᠨ᠎ᠡ ᠴᠠᠭ ᠡᠷᠢᠨ᠎ᠳᠤ ᠠᠷᠠᠳ ᠣᠯᠠᠨ᠎ᠢᠶᠠᠷ᠎ᠢᠶᠠᠨ ᠰᠡᠳᠭᠢᠯ ᠨᠢᠭᠡᠳᠦᠨ ᠪᠦᠯᠭᠦᠮᠳᠡᠵᠦ᠍᠂ ᠱᠢᠨᠵᠢᠯᠡᠬᠦ᠌ ᠣᠬᠠᠭ᠎ᠠ᠎ᠨᠢ ᠢᠳᠡᠭᠡᠵᠤ᠂ ᠬᠠᠮᠲᠤ᠎ᠪᠠᠷ᠎ᠢᠶᠠᠨ ᠴᠢᠷᠮᠠᠢᠪᠠᠯ ᠠᠶᠤᠯᠲᠤ ᠭᠢᠵᠢᠭᠢ ᠯᠠᠪᠳᠠᠢ ᠰᠡᠷᠭᠡᠢᠯᠡᠨ ᠠᠷᠢᠯᠭᠠᠵᠤ ᠴᠢᠳᠠᠨ᠎ᠠ᠃ 《ᠲᠤᠤᠭᠠᠷᠪᠠᠯ ᠳᠠᠭᠤ ᠨᠢᠭᠡᠳᠠᠢ᠂ ᠲᠤᠬ᠍ᠳᠤᠷᠪᠠᠯ ᠬᠦᠴᠦ᠍ ᠨᠢᠭᠡᠳᠠᠢ》 ᠭᠡᠭ᠌ᠦᠴᠢᠯᠡᠨ᠂ ᠡᠵᠡᠨ᠎ᠡ ᠬᠤᠱᠢᠭᠤᠨ᠎ᠤ ᠱᠢᠨ᠎ᠡ ᠲᠢᠳᠢᠮᠯᠢᠭ ᠠᠭᠤᠰᠭᠢᠨ ᠦᠷᠪᠢᠰᠦᠯ᠎ᠢ ᠰᠡᠷᠭᠡᠢᠯᠡᠨ ᠡᠵᠡᠮᠳᠡᠬᠦ᠌ ᠠᠵᠢᠯ᠎ᠤᠨ ᠵᠢᠯᠤᠭᠤᠳᠭᠤ ᠭᠠᠵᠠᠷ᠎ᠤᠨ 2021 ᠣᠨ᠎ᠤ 10 ᠰᠠᠷ᠎ᠠ᠎ᠶ᠋ᠢᠨ 24 ᠤ᠋ ᠡᠳᠤᠷ᠎ᠤᠨ 《ᠠᠯᠪᠠᠨ ᠵᠠᠷ》 ᠨᠡᠢᠳᠡᠯᠡᠳᠡᠭᠤᠨ ᠲᠠᠷᠠᠭ᠎ᠠ ᠡᠳᠤᠷ ᠂ ᠦᠭᠡᠷ᠎ᠡ ᠪᠠᠷ ᠬᠡᠯᠡᠪᠡᠯ 10 ᠰᠠᠷ᠎ᠠ᠎ᠶ᠋ᠢᠨ 25 ᠤ᠋ ᠡᠳᠤᠷ᠂ ᠮᠠᠨ᠎ᠤ 《 ᠶ᠋ᠢᠨ ᠯᠢᠩ》 ᠬᠤᠷᠢᠶᠠᠯᠠᠯ᠎ᠤᠨ ᠲᠦᠷᠦᠭᠦᠴᠢ᠎ᠶ᠋ᠢᠨ ᠡᠳᠤᠷ᠎ᠤᠳ᠎ᠲᠤ ᠦᠷᠭᠦᠯᠵᠢ ᠭᠠᠷᠴᠤ᠌ ᠬᠤᠷᠢᠶᠠᠯᠠᠯ ᠲᠤᠲᠤᠷ᠎ᠠ ᠬᠦᠯ ᠭᠦᠳᠡᠯᠭᠡᠭᠡᠨ ᠭᠢᠳᠡᠭ ᠳᠡᠷᠡ ᠭᠡᠳᠦᠨ ᠬᠦᠮᠤᠨ ᠴᠦ᠍ ᠳᠠᠰᠤ ᠬᠦᠯ ᠬᠤᠷᠢᠶᠠᠪᠠ᠃ ᠬᠤᠷᠢᠶᠠᠯᠠᠯ ᠨᠠᠮ ᠬᠦᠮᠤᠨ ᠲᠤᠮᠳᠠ ᠠᠮᠤᠷ ᠲᠤᠬ᠍ᠳᠠᠭᠤᠨ᠂ ᠡᠩᠬᠡ ᠠᠮᠤᠭᠤᠯᠠᠩ ᠪᠤᠯᠤᠬ᠍ᠰᠠᠨ᠎ᠨᠢ ᠨᠠᠳᠠ᠎ᠳᠤ ᠮᠠᠰᠢ ᠲᠠᠭᠠᠱᠢᠶᠠᠨ ᠳᠠᠭᠠᠯᠠᠬ᠍ᠳᠠᠵᠤ ᠪᠢᠯᠡ᠃ ᠴᠠᠭ ᠢᠮᠠᠬ᠍ᠲᠠ ᠢᠩᠭᠢᠵᠦ᠍ ᠯᠡ ᠳᠡᠭᠡᠳᠦ ᠬᠡᠮᠵᠢᠶᠡᠨ᠎ᠤ ᠣᠬᠠᠮᠰᠠᠷᠳᠤ ᠴᠢᠨᠠᠷ᠎ᠢ ᠪᠠᠷᠢᠮᠳᠠᠯᠠᠵᠤ᠂ ᠨᠠᠮ ᠵᠠᠰᠠᠭ᠎ᠤᠨ ᠵᠦᠪ ᠣᠨᠤᠪᠴᠢᠳᠠᠢ᠂ ᠱᠢᠨᠵᠢᠯᠡᠬᠦ᠌ ᠣᠬᠠᠭᠠᠨᠴᠢ ᠬᠠᠮᠢᠶᠠᠷᠤᠯᠳᠠ᠂ ᠲᠦᠷᠢᠮ ᠲᠤᠬ᠍ᠳᠠᠭᠠᠯ᠎ᠢ ᠡᠷᠡᠰ ᠵᠢᠷᠤᠮᠯᠠᠨ ᠰᠠᠬᠢᠪᠡᠯ ᠪᠢᠳᠠ ᠦᠨᠡᠨ ᠬᠦ᠌ ᠢᠯᠠᠯᠳᠠ ᠣᠯᠤᠨ᠎ᠠ ᠭᠡᠳᠡᠭ᠎ᠲᠤ ᠢᠳᠡᠭᠡᠯ ᠲᠦᠭᠦᠷᠡᠩ ᠪᠠᠢᠨ᠎ᠠ᠃