ᠬᠠᠪᠤᠷ ᠢᠷᠡᠨ᠎ᠡ ᠳ᠋ᠠ
2021-11-03 10:28:05
ᠵᠣᠬᠢᠶᠠᠭ᠍ᠴᠢ᠄
​ᠠᠯᠳᠠᠨᠪᠠᠶᠠᠷ
ᠣᠩᠱᠢᠭ᠍ᠰᠠᠨ ᠣᠳᠠᠭ᠎ᠠ᠄
★★★☆☆

ᠠᠷᠠᠩᠭᠠᠲᠤ ᠤᠯᠠᠭᠠᠨ ᠬᠢᠵᠢᠭ᠎ᠤᠨ ᠲᠡᠨᠤᠮᠡᠯ

ᠠᠯᠣᠰ᠎ᠲᠠᠭᠠᠨ ᠠᠮᠢ ᠦᠭᠡᠢ ᠬᠤᠭᠤᠰᠤᠨ ᠲᠤᠭᠤᠰᠣ ᠪᠤᠯᠤᠨ᠎ᠠ

ᠠᠶᠤᠯᠲᠤ ᠬᠠᠷ᠎ᠠ ᠲᠠᠬᠤᠯ᠎ᠤᠨ ᠨᠤᠷᠮ᠎ᠠ ᠲᠡᠭᠡᠰᠭᠢᠭᠡᠳ ᠯᠠ ᠪᠦᠬᠦᠨ᠎ᠠ

ᠠᠶᠠᠯᠭᠤᠲᠤ ᠴᠡᠩᠬᠡᠷ ᠬᠠᠪᠤᠷ ᠢᠷᠡᠳᠡᠭ᠎ᠢᠶᠠᠷ᠎ᠢᠶᠠᠨ ᠢᠷᠡᠨ᠎ᠡ

ᠠᠷᠤ᠎ᠶ᠋ᠢᠨ ᠰᠣᠬᠠᠢ ᠨᠢᠳᠦᠯᠡᠭᠡᠳ ᠯᠠ ᠠᠶᠠᠲᠠᠢ ᠰᠠᠢᠬᠠᠨ ᠬᠠᠪᠤᠷ ᠪᠤᠯᠤᠨ᠎ᠠ ᠳ᠋ᠠ




ᠵᠠᠨᠤᠯᠲᠦ ᠬᠠᠷ᠎ᠠ ᠬᠢᠵᠢᠭ᠎ᠤᠨ ᠠᠯᠳᠠᠭᠤᠯ

ᠵᠠᠶᠠᠭᠠᠨ᠎ᠳᠠᠭᠠᠨ ᠴᠢᠰᠦ ᠦᠭᠡᠢ ᠬᠤᠭᠤᠰᠤᠨ ᠬᠠᠢᠷᠰᠣ ᠪᠤᠯᠤᠨ᠎ᠠ

ᠨᠢᠭᠦᠯᠲᠦ ᠬᠠᠷ᠎ᠠ ᠲᠠᠬᠤᠯ᠎ᠤᠨ ᠣᠴᠢᠭ ᠲᠡᠭᠡᠰᠭᠢᠭᠡᠳ ᠯᠠ ᠲᠠᠰᠣᠯᠠᠭ᠍ᠳᠠᠨ᠎ᠠ

ᠲᠠᠢᠭ᠎ᠠ᠎ᠶ᠋ᠢᠨ ᠣᠷᠢᠬᠠᠨ ᠬᠠᠪᠤᠷ ᠢᠷᠡᠳᠡᠭ᠎ᠢᠶᠠᠷ᠎ᠢᠶᠠᠨ ᠢᠷᠡᠨ᠎ᠡ

ᠲᠠᠭ ᠣᠷᠣᠭᠤ ᠬᠠᠢᠯ ᠣᠷᠣᠰᠣᠭᠠᠳ ᠯᠠ ᠲᠠᠭᠠᠳᠠᠢ ᠰᠠᠢᠬᠠᠨ ᠬᠠᠪᠤᠷ ᠪᠤᠯᠤᠨ᠎ᠠ ᠳ᠋ᠠ




ᠬᠠᠷᠠᠲᠦ ᠬᠠᠷᠠᠩᠭᠤᠢ ᠬᠢᠵᠢᠭ᠎ᠤᠨ ᠣᠷᠭᠤᠳᠠᠭᠤᠯ

ᠬᠤᠯᠠ᠎ᠳᠠᠭᠠᠨ ᠣᠷᠣ ᠦᠭᠡᠢ ᠬᠤᠭᠤᠰᠤᠨ ᠴᠢᠨᠳᠠᠷ ᠪᠤᠯᠤᠨ᠎ᠠ

ᠲᠦᠢᠳᠭᠡᠷ ᠮᠠᠭᠤ ᠲᠠᠬᠤᠯ᠎ᠤᠨ ᠪᠠᠷ᠎ᠠ ᠲᠡᠭᠡᠰᠭᠢᠭᠡᠳ ᠯᠠ ᠲᠠᠯᠳᠠᠷᠢᠨ᠎ᠠ

ᠣᠶᠠᠨ ᠬᠠᠢᠯᠤᠨ ᠬᠠᠪᠤᠷ ᠢᠷᠡᠳᠡᠭ᠎ᠢᠶᠠᠷ᠎ᠢᠶᠠᠨ ᠢᠷᠡᠨ᠎ᠡ

ᠣᠷᠢ᠎ᠶ᠋ᠢᠨ ᠱᠢᠪᠠᠭᠤᠳ ᠭᠠᠩᠭᠠᠨᠠᠯᠳᠤᠭᠠᠳ ᠯᠠ ᠣᠶᠠᠷᠠᠮ᠎ᠠ ᠰᠠᠢᠬᠠᠨ ᠬᠠᠪᠤᠷ ᠪᠤᠯᠤᠨ᠎ᠠ ᠳ᠋ᠠ




ᠬᠢᠯᠢᠨᠴᠡᠲᠦ ᠪᠡᠷᠡᠭᠠᠨ ᠬᠢᠵᠢᠭ᠎ᠤᠨ ᠴᠠᠭᠠᠴᠢ

ᠴᠠᠭᠠᠰᠢ᠎ᠳᠠᠭᠠᠨ ᠣᠷᠣᠮ ᠦᠭᠡᠢ ᠬᠤᠭᠤᠰᠤᠨ ᠣᠯᠣᠢᠷ ᠪᠤᠯᠤᠨ᠎ᠠ

ᠬᠤᠤᠷᠲᠤ ᠮᠠᠭᠤ ᠲᠠᠬᠤᠯ᠎ᠤᠨ ᠴᠣᠴᠠᠯᠢ ᠲᠡᠭᠡᠰᠭᠢᠭᠡᠳ ᠯᠠ ᠣᠨᠲᠠᠷᠠᠨ᠎ᠠ

ᠬᠠᠢᠷ᠎ᠠ᠎ᠶ᠋ᠢᠨ ᠰᠠᠢᠬᠠᠨ ᠬᠠᠪᠤᠷ ᠢᠷᠡᠳᠡᠭ᠎ᠢᠶᠠᠷ᠎ᠢᠶᠠᠨ ᠢᠷᠡᠨ᠎ᠡ

ᠬᠠᠱᠢᠶᠠᠨ᠎ᠳᠤ ᠬᠤᠷᠠᠭ᠎ᠠ ᠮᠠᠢᠯᠠᠭᠠᠳ ᠯᠠ ᠬᠠᠴᠢᠨ ᠰᠠᠢᠬᠠᠨ ᠬᠠᠪᠤᠷ ᠪᠤᠯᠤᠨ᠎ᠠ ᠳ᠋ᠠ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号