ᠤᠳᠤᠭ᠎ᠠ ᠦᠭᠡᠢ ᠳᠠᠢᠨ᠎ᠤ ᠳᠤᠮᠳᠠᠭᠤᠷ ᠁
2021-11-03 10:33:22
ᠵᠣᠬᠢᠶᠠᠭ᠍ᠴᠢ᠄
ᠱ᠊ ‌· ᠰᠤᠶᠤᠯᠪᠠᠭᠠᠳᠤᠷ
ᠣᠩᠱᠢᠭ᠍ᠰᠠᠨ ᠣᠳᠠᠭ᠎ᠠ᠄
★★★☆☆

ᠦᠭᠡᠷ ᠵᠢᠯ᠎ᠤᠨ ᠰᠡᠭᠦᠯᠴᠢ᠎ᠶ᠋ᠢᠨ ᠳᠠᠪᠠᠭᠠᠨ ᠳᠡᠭᠡᠷ᠎ᠡ

ᠡᠪᠡᠳᠴᠢᠨ ᠳᠠᠬᠤᠯ᠎ᠢ ᠰᠦᠨᠦᠭᠡᠭᠦ᠌ ᠪᠠᠢᠯᠳᠤᠭᠠᠨ᠎ᠤ ᠭᠠᠯ

ᠡᠵᠡᠨ᠎ᠡ ᠳᠤᠷᠭᠤᠳ ᠨᠤᠳᠤᠭ᠎ᠲᠤ ᠳᠦᠷᠡᠯᠵᠡᠵᠦ᠍ ᠡᠬᠢᠯᠡᠯ᠎ᠡ

ᠦᠩ ᠦᠷᠭᠡᠨ ᠠᠯᠠᠱᠠ ᠮᠢᠨᠢ

ᠤᠮᠤᠭ ᠵᠤᠷᠢᠭ᠎ᠢᠶᠠᠨ ᠪᠠᠳᠠᠷᠠᠭᠠᠨ

ᠤᠷᠤᠭ᠍ᠰᠢᠯᠠᠯᠳᠠ᠎ᠶ᠋ᠢᠨ ᠪᠦᠷᠢᠶ᠎ᠡ᠎ᠶ᠋ᠢ ᠬᠠᠩᠭᠢᠨᠠᠭᠤᠯᠤᠨ

ᠠᠷᠠᠳ ᠳᠦᠮᠡᠨ᠎ᠢᠶᠠᠨ ᠤᠳᠤᠷᠢᠳᠤᠨ

ᠡᠴᠦᠰ᠎ᠤᠨ ᠳᠠᠭᠠᠷᠢᠯᠳᠠ᠎ᠶ᠋ᠢ ᠬᠢᠵᠦ᠍ ᠡᠬᠢᠯᠡᠯ᠎ᠡ᠃

ᠠᠭᠤᠤ ᠶᠡᠭᠡ ᠡᠭᠡ ᠤᠯᠤᠰ ᠮᠢᠨᠢ

ᠡᠨᠡᠷᠢᠯ᠎ᠤᠨ ᠳᠡᠭᠡᠳᠦ᠍᠎ᠪᠠᠷ ᠳᠡᠳᠬᠦᠵᠦ᠍

ᠡᠷᠡᠯᠬᠡᠭ ᠪᠠᠭᠠᠳᠤᠷᠯᠢᠭ ᠦᠪᠦᠷ ᠮᠤᠩᠭᠤᠯ ᠮᠢᠨᠢ

ᠤᠳᠤᠭ᠎ᠠ ᠦᠭᠡᠢ ᠳᠡᠢᠨ᠎ᠤ ᠳᠤᠮᠳᠠᠭᠤᠷ

ᠮᠤᠩᠭᠤᠯ ᠮᠤᠷᠢ ᠱᠢᠭ᠋᠎ᠢᠶᠠᠨ ᠴᠡᠬᠢᠯᠵᠦ᠍ ᠭᠠᠷᠤᠯ᠎ᠠ᠃

ᠡᠪᠡᠢ ᠭᠦᠭᠡᠷᠦᠭᠦᠢ ᠮᠢᠨᠦ᠍ ᠦᠪᠦᠷ ᠮᠤᠩᠭᠤᠯ

ᠡᠪᠡᠢ ᠭᠦᠭᠡᠷᠦᠭᠦᠢ ᠮᠢᠨᠦ᠍ ᠠᠯᠠᠱᠠ

ᠡᠪᠡᠢ ᠭᠦᠭᠡᠷᠦᠭᠦᠢ ᠮᠢᠨᠦ᠍ ᠳᠦᠷᠦᠭ᠌ᠰᠡᠨ ᠨᠤᠳᠤᠭ ᠡᠵᠡᠨ᠎ᠡ

ᠡᠪᠡᠢ ᠭᠦᠭᠡᠷᠦᠭᠦᠢ ᠮᠢᠨᠦ᠍ ᠡᠷᠢᠶᠠᠨ ᠬᠤᠳᠠ

ᠪᠦᠷ ᠯᠨ ᠮᠢᠨᠦ᠍ ᠬᠠᠢᠷᠡᠳᠤ ᠡᠭᠡ ᠤᠷᠤᠨ ᠡ!

ᠴᠡᠷ  ᠳᠠᠬᠤᠯ᠎ᠤᠨ ᠬᠤᠯᠠᠭᠠᠢ ᠰᠤᠮᠤᠨ᠎ᠳᠤ ᠤᠨᠤᠭ᠍ᠳᠠᠭ᠍ᠰᠠᠨ

ᠭᠦᠷᠰᠢ ᠵᠡᠷᠭᠡᠯᠡᠳᠡᠭᠡ ᠬᠤᠯᠨ ᠦᠢᠷ᠎ᠡ᠎ᠶ᠋ᠢᠨ ᠮᠤᠵᠢ ᠬᠤᠳᠠ ᠴᠤ᠌

ᠨᠢᠭᠡ ᠯᠨ ᠠᠳᠠᠯᠢᠬᠠᠨ ᠮᠢᠨᠦ᠍ ᠡᠭᠡ ᠤᠷᠤᠨ ᠡ᠃

ᠪᠢ ᠪᠤᠯ ᠠᠷᠠᠳ ᠳᠦᠮᠡᠨ᠎ᠤ ᠠᠯᠪᠠᠨ ᠵᠠᠷᠤᠴᠠ —

ᠨᠠᠮ ᠵᠠᠰᠠᠭ᠎ᠤᠨ ᠢᠳᠡᠭᠡᠯᠳᠦ ᠵᠠᠨᠭᠵᠤᠨ 

ᠪᠢ ᠪᠤᠯ ᠠᠮᠢ᠎ᠪᠠᠨ ᠬᠠᠢᠷᠠᠯᠠᠯ ᠦᠭᠡᠢ ᠳᠡᠮᠡᠴᠡᠭ᠌ᠴᠢ —

ᠡᠪ ᠬᠠᠮᠳᠤ᠎ᠶ᠋ᠢᠨ ᠱᠢᠳᠤᠷᠭᠤ ᠪᠠᠢᠯᠳᠤᠭ᠍ᠴᠢ

ᠪᠢ ᠪᠤᠯ ᠡᠷᠡᠭᠦᠯ ᠮᠡᠨᠳᠦ᠍᠎ᠶ᠋ᠢᠨ ᠡᠯᠴᠢ —

ᠡᠪᠡᠳᠴᠢᠨ ᠬᠢᠵᠢᠭ᠎ᠢ ᠪᠠᠢᠴᠠᠭᠠᠨ ᠡᠷᠡᠭᠦᠯᠵᠢᠬᠦᠯᠦᠭ᠌ᠴᠢ ᠡᠮᠴᠢ ᠰᠤᠪᠢᠯᠠᠭ᠍ᠴᠢ

ᠪᠢ ᠪᠤᠯ ᠠᠮᠤᠷ ᠳᠦᠪᠱᠢᠨ᠎ᠢ ᠪᠠᠳᠤ ᠰᠠᠬᠢᠭ᠍ᠴᠢ —

ᠪᠤᠯᠤᠳ ᠬᠠᠨ᠎ᠠ ᠠᠷᠠᠳ᠎ᠤᠨ ᠴᠡᠷᠢᠭ ᠴᠠᠭ᠍ᠳᠠᠭ᠎ᠠ

ᠪᠢ ᠪᠤᠯ ᠦᠭ᠌ᠯᠢᠬᠡ ᠳᠤᠰᠠ ᠭᠦᠷᠳᠡᠭᠡᠭ᠌ᠴᠢ —

ᠬᠠᠯᠠᠮᠵᠢ᠎ᠶ᠋ᠢᠨ ᠪᠤᠳᠠᠰ ᠳᠤᠰᠠᠯᠠᠭ᠍ᠴᠢ ᠠᠵᠦ᠍ ᠠᠬᠤᠢᠯᠠᠯᠳᠠᠨ

ᠪᠢ ᠪᠤᠯ ᠬᠠᠮᠢᠭ᠎ᠠ ᠭᠠᠵᠠᠷ ᠴᠤ᠌ ᠳᠤᠰᠠᠯᠠᠨ  ᠢᠪᠡᠬᠡᠭᠴᠢ  —

ᠳᠡᠢᠴᠢᠨ ᠡᠩᠨᠡᠭᠡ᠎ᠲᠠᠢ ᠰᠠᠢᠨ ᠳᠤᠷᠠᠴᠤᠳ

ᠪᠢ ᠪᠤᠯ ᠦᠨ᠎ᠡ ᠳᠦᠯᠦᠪᠤᠷᠢ ᠦᠬᠡᠢ ᠬᠤᠭᠤᠯᠨ ᠬᠠᠩᠭᠠᠭ᠍ᠴᠢ —

ᠪᠤᠷᠬᠠᠨ ᠰᠡᠳᠭᠢᠯᠳᠦ ᠪᠤᠶᠠᠨ ᠳᠦᠭᠡᠭᠡᠭ᠌ᠴᠢ ᠭᠦᠮᠦᠰ ᠡ᠃

ᠭᠠᠵᠠᠷ ᠭᠠᠵᠠᠷ᠎ᠠᠴᠠ ᠵᠦᠭ ᠪᠦᠭᠦᠨ᠎ᠠᠴᠠ

ᠬᠠᠢᠷ᠎ᠠ᠎ᠶ᠋ᠢᠨ ᠬᠠᠯᠠᠭᠤᠨ ᠭᠠᠷ᠎ᠢᠶᠠᠨ ᠰᠤᠩᠭᠠᠵᠠᠭᠠᠨ

ᠠᠤᠭ᠎ᠠ ᠶᠡᠭᠡ ᠪᠦᠯᠬᠦᠮᠳᠡᠯ᠎ᠤᠨ ᠭᠦᠴᠦᠨ ᠨᠢᠭ᠍ᠳᠠᠷᠠᠨ᠎ᠠ᠃

ᠠᠯᠠᠱᠠ ᠬᠠᠢᠷᠬᠠᠨ ᠮᠢᠨᠢ ᠰᠦᠨᠳᠡᠷᠯᠡᠭᠡᠳ ᠪᠠᠢᠨ᠎ᠠ

ᠠᠯᠳᠠᠨ ᠳᠤᠤᠷᠠᠢ ᠮᠢᠨᠢ ᠰᠦᠭ᠌ᠯᠤᠢᠭᠡᠳ ᠪᠠᠢᠨ᠎ᠠ

ᠠᠳᠠᠷ ᠭᠤᠪᠢ ᠮᠢᠨᠢ ᠬᠠᠩᠬᠠᠢᠭᠠᠳ ᠪᠠᠢᠨ᠎ᠠ

ᠠᠷᠠᠳ ᠳᠦᠮᠡᠨ ᠮᠢᠨᠢ ᠨᠢᠭ᠍ᠳᠠᠷᠠᠭᠠᠳ ᠪᠠᠢᠨ᠎ᠠ

ᠠᠯᠠᠭ ᠠᠭᠤᠯᠨ ᠮᠢᠨᠢ ᠮᠠᠨᠠᠨᠳᠠᠭᠠᠳ ᠪᠠᠢᠨ᠎ᠠ

ᠡᠵᠡᠨ᠎ᠡ ᠭᠤᠤᠯ ᠮᠢᠨᠢ ᠱᠤᠤᠬᠢᠭᠠᠳ ᠪᠠᠢᠨ᠎ᠠ

ᠡᠯᠡᠰᠦ ᠮᠠᠩᠬ᠎ᠠ ᠮᠢᠨᠢ ᠭᠦᠭᠡᠮᠡᠢᠯᠡᠭᠡᠳ ᠪᠠᠢᠨ᠎ᠠ

ᠡᠭᠡ ᠤᠷᠤᠨ ᠮᠢᠨᠢ ᠡᠩᠭᠡᠵᠢᠭᠡᠳ ᠪᠠᠢᠨ᠎ᠠ᠃

ᠠᠯᠳᠠᠷ ᠳᠡᠦᠭᠡ᠎ᠲᠠᠢ ᠠᠯᠠᠱᠠ

ᠠᠷᠢᠭᠤᠨ  ᠲᠠᠭᠱᠢᠨ ᠤᠷᠤᠨ ᠶᠤᠮᠰᠠᠨ

ᠦᠵᠡᠮᠵᠢᠳᠦ ᠰᠠᠢᠬᠠᠨ ᠡᠵᠡᠨ᠎ᠡ

ᠡᠭᠦᠷᠢᠳᠡ ᠤᠷᠤᠱᠢᠬᠤ ᠨᠤᠳᠤᠭ ᠶᠤᠮᠰᠠᠨ!

ᠤᠳᠤᠭ᠎ᠠ ᠦᠭᠡᠢ ᠳᠡᠢᠨ᠎ᠤ ᠳᠤᠮᠳᠠᠭᠤᠷ

ᠮᠠᠨᠳᠤᠬᠤ ᠨᠠᠷᠠᠨ᠎ᠢ ᠤᠭ᠍ᠳᠤᠨ ᠤᠷᠤᠭ᠍ᠰᠢᠯᠠᠵᠠᠭᠠᠶ᠎ᠠ᠃

ᠠᠱᠢᠳᠠ  ᠠᠮᠢᠳᠤᠷᠠᠬᠤ  ᠦᠯᠦᠭᠡᠢ ᠨᠤᠳᠤᠭ᠎ᠢᠶᠠᠨ

ᠡᠷᠯᠢᠭ ᠳᠠᠬᠤᠯ᠎ᠠᠴᠠ ᠡᠷᠳᠡᠭᠡᠨ ᠠᠪᠤᠷᠠᠵᠠᠭᠠᠶ᠎ᠠ!

ᠡᠵᠡᠨ᠎ᠡ ᠯᠠᠪᠳᠠᠢ ᠢᠯᠠᠯᠳᠠ ᠤᠯᠤᠨ᠎ᠠ

ᠠᠯᠠᠱᠠ ᠯᠠᠪᠳᠠᠢ ᠢᠯᠠᠯᠳᠠ ᠤᠯᠤᠨ᠎ᠠ

ᠦᠪᠦᠷ ᠮᠤᠩᠭᠤᠯ ᠮᠢᠨᠢ ᠯᠠᠪᠳᠠᠢ ᠢᠯᠡᠯᠳᠡ ᠤᠯᠤᠨ᠎ᠠ᠃

ᠳᠦᠮᠡᠨ ᠤᠯᠠᠨ᠎ᠢᠶᠠᠷ᠎ᠢᠶᠠᠨ ᠤᠷᠳᠦ ᠴᠠᠭᠠᠨ ᠭᠡᠷᠡᠮ ᠮᠡᠳᠦ ᠵᠤᠭ᠍ᠰᠤᠵᠦ᠍

ᠳᠦᠷᠢᠮᠡᠭᠡᠢᠯᠡᠵᠦ᠍ ᠭᠠᠯᠵᠠᠭᠤᠷᠠᠭ᠍ᠰᠠᠨ ᠸᠢᠷᠦ᠋ᠰ᠎ᠢ ᠬᠤᠷᠢᠭ᠍ᠯᠠᠨ

ᠳᠦᠪᠱᠢᠨ ᠵᠠᠶᠠᠭᠠᠳᠤ ᠡᠭᠡ ᠤᠷᠤᠨ᠎ᠢᠶᠠᠨ

ᠠᠷᠢᠭᠤᠨ ᠲᠠᠬᠱᠢᠨ᠎ᠢᠶᠠᠷ᠎ᠨᠢ ᠰᠠᠬᠢᠨ ᠬᠠᠮᠠᠭᠠᠯᠠᠶ᠎ᠠ!

ᠦᠪᠦᠷ ᠮᠤᠩᠭᠤᠯ ᠮᠢᠨᠢ ᠴᠢᠷᠮᠠᠢ!

ᠠᠯᠠᠱᠠ ᠮᠢᠨᠢ ᠴᠢᠷᠮᠠᠢ!

ᠡᠵᠡᠨ᠎ᠡ ᠮᠢᠨᠢ ᠴᠢᠷᠮᠠᠢ!

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号