ᠰᠦᠯᠵᠢᠶᠠᠨ᠎ᠤ ᠺᠢᠨᠣ᠋ ᠲᠧᠯᠸᠢᠰ ᠵᠦᠴᠦᠭᠡ᠎ᠶᠢᠨ ᠱᠢᠭᠦᠮᠵᠢ᠎ᠶ᠋ᠢᠨ ᠡᠷᠡᠭᠦᠯ ᠰᠠᠷᠠᠭᠤᠯ ᠠᠮᠢ ᠠᠬᠤᠶ᠎ᠶ᠋ᠢ ᠪᠣᠶ ᠪᠣᠯᠭᠠᠶ᠎ᠠ
2021-11-03 10:43:20
ᠵᠣᠬᠢᠶᠠᠭ᠍ᠴᠢ᠄
ᠼᠠᠢ ᠬᠤᠡᠭ
ᠣᠩᠱᠢᠭ᠍ᠰᠠᠨ ᠣᠳᠠᠭ᠎ᠠ᠄
★★★☆☆

— ᠰᠢᠨ᠎ᠡ ᠴᠠᠭ ᠦᠶ᠎ᠡ᠎ᠵᠢᠨ ᠤᠳᠬ᠎ᠠ ᠤᠷᠠᠯᠢᠭ᠎ᠤᠨ ᠰᠢᠭᠦᠮᠵᠢ᠎ᠵᠢᠨ ᠦᠢᠯᠡᠰ ᠎ᠤᠨ  ᠴᠢᠨᠠᠷ ᠰᠠᠢᠲᠠᠢ ᠬᠦᠭᠵᠢᠯᠲᠡ᠎ᠵᠢ ᠠᠬᠢᠭᠤᠯᠬᠤ ᠲᠤᠬᠠᠢ ᠰᠢᠷᠢᠰ ᠮᠡᠳᠡᠭᠡᠯᠡᠯ ( ᠭᠤᠷᠪᠠ )

                                

ᠦᠪᠦᠷ ᠮᠤᠡᠭᠭᠤᠯ᠎ᠤᠨ ᠤᠳᠬ᠎ᠠ ᠤᠷᠠᠯᠢᠭ᠎ᠤᠨ ᠬᠢᠨ ᠤ᠋ 《ᠰᠢᠨ᠎ᠡ ᠴᠠᠭ ᠦᠶ᠎ᠡ᠎ᠵᠢᠨ ᠤᠳᠬ᠎ᠠ ᠤᠷᠠᠯᠢᠭ᠎ᠤᠨ ᠰᠢᠭᠦᠮᠵᠢ᠎ᠵᠢᠨ ᠠᠵᠢᠯ᠎ᠢ ᠴᠢᠡᠭᠭᠠᠳᠬᠠᠬᠤ ᠲᠤᠬᠠᠢ ᠵᠢᠯᠤᠭᠤᠳᠬᠤ ᠰᠠᠨᠠᠯ》 (ᠳᠤᠷᠤᠭᠰᠢ 《ᠰᠠᠨᠠᠯ》 ᠭᠡᠵᠦ ᠳᠦᠭᠦᠮᠴᠢᠯᠡᠪᠡ ) ᠢ᠋ ᠰᠤᠷᠤᠯᠴᠠᠨ ᠲᠤᠭᠤᠰᠢᠯᠠᠭᠤᠯᠬᠤ ᠲᠤᠬᠠᠢ ᠶᠠᠷᠢᠯᠴᠠᠬᠤ ᠬᠤᠷᠠᠯ ᠳᠡᠭᠡᠷ᠎ᠡ ᠦᠪᠦᠷ ᠮᠤᠡᠭᠭᠤᠯ᠎ᠤᠨ ᠤᠳᠬ᠎ᠠ ᠤᠷᠠᠯᠢᠭ᠎ᠤᠨ ᠰᠢᠭᠦᠮᠵᠢᠯᠡᠭᠴᠢᠳ᠎ᠤᠨ ᠡᠪᠯᠡᠯ᠎ᠤᠨ ᠳᠡᠳ᠋ ᠲᠡᠷᠢᠭᠦᠯᠡᠭᠴᠢ᠂ ᠦᠪᠦᠷ ᠮᠤᠡᠭᠭᠤᠯ᠎ᠤᠨ ᠺᠢᠨᠤᠴᠢᠳ᠎ᠤᠨ ᠡᠪᠯᠡᠯ᠎ᠤᠨ ᠳᠡᠳ᠋ ᠲᠡᠷᠢᠭᠦᠯᠡᠭᠴᠢ ᠭᠦᠸᠧ ᠫᠸᠢ ᠶᠦᠨ ᠪᠤᠳᠤᠯ ᠰᠠᠨᠠᠯ᠎ᠵᠢᠡᠨ ᠤᠯᠠᠨ ᠲᠠᠢ ᠬᠤᠪᠢᠶᠠᠯᠴᠠᠪᠠ᠃

ᠭᠦᠸᠧ ᠫᠸᠢ ᠶᠦᠨ᠂ ᠲᠤᠰ 《ᠰᠠᠨᠠᠯ》 ᠪᠣᠯ ᠶᠡᠷᠦᠩᠬᠡᠶ ᠱᠦᠵᠢ ᠰᠢ᠎ᠶ᠋ᠢᠨ ᠫᠢᠩ᠎ᠢᠶᠡᠷ ᠲᠥᠯᠥᠭᠡᠯᠡᠭᠦᠯᠦᠭ᠌ᠰᠡᠨ ᠨᠠᠮ᠎ᠤᠨ ᠲᠥᠪ ᠬᠣᠷᠢᠶ᠎ᠠ ᠡᠴᠡ ᠥᠷᠭᠡᠨ ᠣᠯᠠᠨ ᠤᠳᠭ᠎ᠠ ᠤᠷᠠᠯᠢᠭ᠎ᠤᠨ ᠱᠢᠭᠦᠮᠵᠢ᠎ᠶ᠋ᠢᠨ ᠠᠵᠢᠯᠲᠠᠨ᠎ᠳᠤ ᠳᠤᠷᠠᠳᠤᠭ᠍ᠰᠠᠨ ᠬᠥᠲᠥᠯᠪᠦᠷᠢ᠎ᠶ᠋ᠢᠨ ᠴᠢᠨᠠᠷᠲᠠᠶ ᠲᠤᠯᠭᠤᠷ ᠪᠢᠴᠢᠭ ᠪᠣᠯᠤᠨ᠎ᠠ᠂ ᠮᠠᠨ᠎ᠤ ᠤᠯᠤᠰ᠎ᠤᠨ ᠱᠢᠨ᠎ᠡ ᠴᠠᠭ ᠦᠶ᠎ᠡ᠎ᠶ᠋ᠢᠨ ᠤᠳᠭ᠎ᠠ ᠤᠷᠠᠯᠢᠭ᠎ᠤᠨ ᠱᠢᠭᠦᠮᠵᠢ᠎ᠶ᠋ᠢᠨ ᠠᠵᠢᠯ᠎ᠢ ᠴᠢᠩᠭᠠᠳᠭᠠᠬᠤ᠂ ᠤᠳᠭ᠎ᠠ ᠤᠷᠠᠯᠢᠭ᠎ᠤᠨ ᠡᠷᠡᠭᠦᠯ᠎ᠢᠶᠡᠷ ᠴᠡᠴᠡᠭ᠌ᠯᠡᠨ ᠬᠥᠭ᠌ᠵᠢᠬᠦ᠌᠎ᠶ᠋ᠢ ᠠᠬᠢᠭᠤᠯᠬᠤ᠎ᠳᠤ ᠴᠢᠬᠤᠯᠠ ᠠᠴᠢ ᠬᠣᠯᠪᠣᠭ᠍ᠳᠠᠯ ᠲᠠᠶ᠃ 《ᠰᠠᠨᠠᠯ》 ᠳ᠋ᠤ ᠮᠠᠨ᠎ᠤ ᠤᠯᠤᠰ᠎ᠤᠨ ᠤᠳᠭ᠎ᠠ ᠤᠷᠠᠯᠢᠭ᠎ᠤᠨ ᠱᠢᠭᠦᠮᠵᠢ᠎ᠶ᠋ᠢᠨ ᠣᠳᠣᠬᠢ ᠪᠠᠢᠳᠠᠯ᠎ᠢ ᠣᠨᠣᠪᠴᠢᠲᠠᠶ ᠵᠠᠳᠠᠯᠤᠨ ᠨᠤᠳᠠᠯᠠᠭᠰᠠᠨ ᠪᠠᠢᠨ᠎ᠠ᠂ ᠡᠨᠡ ᠪᠤᠯ ᠮᠢᠨᠤ ᠬᠠᠮᠤᠭ᠎ᠤᠨ ᠭᠦᠨ ᠲᠦᠷᠦᠭᠳᠡᠯ ᠪᠤᠯᠬᠤ ᠶᠤᠮ᠃ ᠤᠳᠭ᠎ᠠ ᠤᠷᠠᠯᠢᠭ᠎ᠤᠨ ᠱᠢᠭᠦᠮᠵᠢ᠎ᠶ᠋ᠢᠨ ᠵᠢᠭ᠍ᠰᠠᠭᠠᠯ᠎ᠤᠨ ᠭᠠᠵᠠᠷ᠎ᠤᠨ ᠪᠠᠢᠭᠤᠯᠤᠯᠲᠠ ᠵᠢᠨ ᠲᠠᠯ᠎ᠠ ᠪᠠᠷ᠂ 《ᠰᠠᠨᠠᠯ》 ᠳ᠋ᠤ ᠰᠦᠯᠵᠢᠶᠡᠨ᠎ᠦ ᠱᠢᠨ᠎ᠡ ᠵᠠᠭᠤᠴᠢᠯᠠᠭᠤᠷ᠎ᠤᠨ ᠲᠠᠪᠴᠠᠩ᠎ᠤᠨ ᠵᠢᠭ᠍ᠰᠠᠭᠠᠯ᠎ᠤᠨ ᠭᠠᠵᠠᠷ᠎ᠢ ᠮᠠᠰᠢ ᠴᠢᠬᠤᠯᠠᠴᠢᠯᠠᠵᠤ᠂ ᠱᠢᠨ᠎ᠡ ᠵᠠᠭᠤᠴᠢᠯᠠᠭᠤᠷ ᠪᠠ ᠲᠤᠮᠤ ᠳ᠋ᠠᠢᠲ᠋ᠠ ᠵᠢ ᠢᠳᠡᠪᠬᠢᠲᠡᠢ ᠠᠰᠢᠭᠯᠠᠨ ᠤᠳᠭ᠎ᠠ ᠤᠷᠠᠯᠢᠭ᠎ᠤᠨ ᠱᠢᠭᠦᠮᠵᠢ᠎ᠶ᠋ᠢᠨ ᠵᠢᠭ᠍ᠰᠠᠭᠠᠯ᠎ᠤᠨ ᠭᠠᠵᠠᠷ᠎ᠤᠨ ᠪᠠᠢᠭᠤᠯᠤᠯᠲᠠ ᠵᠢ ᠴᠢᠩᠭᠠᠳᠭᠠᠬᠤ ᠵᠢ ᠰᠠᠨᠠᠭᠠᠴᠢᠯᠠᠨ᠂ ᠰᠦᠯᠵᠢᠶᠡᠨ᠎ᠦ ᠱᠢᠨ᠎ᠡ ᠵᠠᠭᠤᠴᠢᠯᠠᠭᠤᠷ᠎ᠤᠨ ᠱᠢᠭᠦᠮᠵᠢ᠂ ᠲᠤᠮᠤ ᠳ᠋ᠠᠢᠲ᠋ᠠ ᠵᠢᠨ ᠦᠨᠡᠯᠡᠯᠲᠡ᠂ ᠰᠦᠯᠵᠢᠶᠡᠨ᠎ᠦ ᠳ᠋ᠦᠩᠨᠡᠨ ᠪᠤᠳᠤᠬᠤ ᠠᠷᠭ᠎ᠠ᠎ᠶ᠋ᠢᠨ ᠢᠳᠡᠪᠬᠢ ᠦᠢᠯᠡᠳᠦᠯ᠎ᠢ ᠭᠦᠢᠴᠡᠳ ᠪᠠᠳᠠᠷᠠᠭᠤᠯᠬᠤ ᠬᠡᠷᠡᠭᠳᠠᠢ ᠪᠦᠭᠡᠳ ᠬᠦᠳᠤᠯᠤᠨ ᠵᠢᠯᠣᠭᠣᠳᠴᠤ᠂ ᠱᠢᠨᠵᠢᠯᠡᠬᠦ᠌ ᠤᠬᠠᠭᠠᠨᠴᠢ ᠪᠠᠷ ᠬᠠᠮᠢᠶᠠᠷᠬᠤ᠎ᠶ᠋ᠢ ᠴᠢᠩᠭᠠᠳᠭᠠᠨ᠂ ᠨᠠᠵᠠᠭᠠᠢ ᠪᠤᠷᠤᠭᠤ ᠠᠭᠤᠯᠭ᠎ᠠ᠎ᠵᠢᠨ ᠳᠠᠮᠵᠢᠭᠳᠠᠨ ᠲᠠᠷᠬᠠᠬᠤ ᠵᠠᠮ ᠰᠤᠪᠠᠭ᠎ᠢ ᠲᠠᠰᠤᠯᠬᠤ ᠬᠡᠷᠡᠭ᠌ᠲᠡᠢ ᠭᠡᠵᠡᠢ᠃ ᠡᠳᠡᠭᠡᠷ ᠨᠢ ᠴᠥᠮ ᠱᠢᠨ᠎ᠡ ᠴᠠᠭ ᠦᠶ᠎ᠡ᠎ᠶ᠋ᠢᠨ ᠤᠳᠭ᠎ᠠ ᠤᠷᠠᠯᠢᠭ᠎ᠤᠨ ᠱᠢᠭᠦᠮᠵᠢ᠎ᠶ᠋ᠢᠨ ᠠᠵᠢᠯ᠎ᠳᠤ ᠲᠤᠢᠯ᠎ᠤᠨ ᠴᠢᠬᠤᠯᠠ ᠵᠢᠯᠣᠭᠣᠳᠭᠤ ᠠᠴᠢ ᠬᠣᠯᠪᠣᠭ᠍ᠳᠠᠯ ᠲᠠᠶ ᠶᠤᠮ ᠬᠡᠵᠤ ᠤᠯᠤᠯᠳᠠ ᠲᠦᠷᠦᠭᠳᠡᠯ ᠵᠢᠡᠨ ᠶᠠᠷᠢᠯ᠎ᠠ᠃

ᠭᠦᠸᠧ ᠫᠸᠢ ᠶᠦᠨ᠂ ᠬᠥᠮᠦᠨ ᠲᠥᠷᠥᠯᠬᠢᠲᠡᠨ ᠢᠨᠲ᠋ᠸᠷ ᠰᠦᠯᠵᠢᠶᠡᠨ᠎ᠦ ᠴᠠᠭ ᠦᠶ᠎ᠡ᠎ᠳᠦ ᠤᠷᠤᠭᠰᠠᠨ ᠵᠢᠡᠷ᠂ ᠺᠢᠨᠣ᠋ ᠲᠧᠯᠸᠢᠰ ᠵᠦᠴᠦᠭᠡ᠎ᠶᠢᠨ ᠵᠣᠬᠢᠶᠠᠨ ᠪᠦᠲᠦᠭᠡᠯᠭᠡ ᠪᠠ ᠱᠢᠭᠦᠮᠵᠢ᠎ᠶ᠋ᠢᠨ ᠦᠵᠡᠯᠲᠡ᠂ ᠠᠷᠭ᠎ᠠ ᠬᠡᠯᠪᠡᠷᠢ ᠪᠠ ᠠᠷᠭ᠎ᠠ ᠵᠠᠮ᠎ᠳᠤ ᠴᠥᠮ ᠯᠤᠲᠤ ᠶᠡᠬᠡ ᠬᠤᠪᠢᠷᠠᠯᠲᠠ ᠭᠠᠷᠴᠤ᠌᠂ ᠴᠢᠨᠠᠭ᠍ᠰᠢᠯᠠᠪᠠᠯ ᠨᠢᠭᠡᠨ ᠬᠡᠮᠵᠢᠶᠡᠨ᠎ᠳᠦ ᠳᠤᠮᠳᠠᠳᠤ ᠤᠯᠤᠰ᠎ᠤᠨ ᠺᠢᠨᠣ᠋ ᠲᠧᠯᠸᠢᠰ ᠵᠦᠴᠦᠭᠡ᠎ᠶᠢᠨ ᠠᠵᠤ ᠦᠶ᠋ᠯᠡᠰ᠎ᠦᠨ ᠪᠦᠲᠦᠴᠡ ᠵᠢ ᠥᠭᠡᠷᠡᠴᠢᠯᠡᠵᠤ ᠪᠠᠢᠨ᠎ᠠ᠃ ᠵᠣᠬᠢᠶᠠᠨ ᠪᠦᠲᠦᠭᠡᠯᠭᠡ ᠵᠢᠨ ᠬᠤᠪᠢ᠎ᠳᠤ᠂ ᠣᠢᠷ᠎ᠠ᠎ᠶ᠋ᠢᠨ ᠵᠢᠯ᠎ᠦᠳ ᠲᠦ᠍ ᠰᠦᠯᠵᠢᠶᠡᠨ᠎ᠤ ᠵᠦᠴᠦᠭᠡ᠂ ᠰᠦᠯᠵᠢᠶᠡᠨ᠎ᠤ ᠺᠢᠨᠣ᠋᠎ᠱᠢᠨ᠎ᠡ ᠬᠦᠴᠦᠨ ᠪᠤᠯᠤᠨ ᠴᠣᠯᠭᠣᠷᠠᠵᠤ᠂ ᠺᠢᠨᠣ᠋ ᠲᠧᠯᠸᠢᠰ ᠵᠦᠴᠦᠭᠡ᠎ᠶᠢᠨ ᠠᠮᠢ ᠠᠬᠤᠶ᠎ᠶ᠋ᠢᠨ ᠪᠠᠢᠳᠠᠯ ᠪᠠ ᠪᠦᠲᠦᠴᠡ ᠳ᠋ᠤ ᠤᠷᠢᠳ ᠡᠮᠦᠨ᠎ᠡ ᠪᠠᠢᠭ᠎ᠠ ᠦᠭᠡᠶ ᠬᠤᠪᠢᠷᠠᠯᠲᠠ ᠭᠠᠷᠭᠠᠭ᠍ᠰᠠᠨ ᠪᠠᠢᠨ᠎ᠠ᠃ ᠪᠤᠰᠤᠳᠴᠢ ᠪᠠᠷ ᠬᠡᠯᠡᠪᠡᠯ᠂ ᠣᠢᠷ᠎ᠠ ᠵᠢᠨ ᠬᠡᠳᠦᠨ ᠵᠢᠯ᠎ᠳᠦ ᠰᠦᠯᠵᠢᠶᠡᠨ᠎ᠤ ᠵᠦᠴᠦᠭᠡ᠂ ᠰᠦᠯᠵᠢᠶᠡᠨ᠎ᠤ ᠺᠢᠨᠣ᠋ ᠨᠢ ᠵᠣᠬᠢᠶᠠᠨ ᠪᠦᠲᠦᠭᠡᠯᠭᠡ᠎ᠶ᠋ᠢᠨ ᠡᠬᠢᠨ᠎ᠦ ᠬᠤᠭᠤᠴᠠᠭᠠᠨ᠎ᠤ ᠦᠵᠡᠯ ᠰᠠᠨᠠᠭ᠎ᠠ ᠠᠭᠤᠯᠭ᠎ᠠ ᠪᠡᠷ ᠭᠦᠢᠬᠡᠨ ᠮᠦᠴᠢᠳ᠂ ᠤᠷᠠᠯᠢᠭ᠎ᠤᠨ ᠶᠠᠰᠤ ᠴᠢᠨᠠᠷ ᠵᠢᠡᠷ ᠠᠨᠠᠢ᠂ ᠦᠶ᠋ᠯᠡᠳᠬᠦ᠌ ᠮᠡᠷᠭᠡᠵᠢᠯ ᠵᠢᠡᠷ ᠪᠦᠳᠦᠭᠦᠯᠢᠭ ᠵᠡᠷᠭᠡ ᠪᠠᠢᠳᠠᠯ᠎ᠢ ᠢᠳᠡᠭ ᠢᠳᠡᠭ᠎ᠢᠶᠡᠷ ᠲᠡᠪᠴᠢᠵᠦ᠍᠂ ᠦᠷᠭᠦᠯᠵᠢᠯᠡᠭᠰᠡᠨ ᠵᠦᠴᠦᠭᠡ 《ᠰᠥᠨᠢ ᠳᠦᠯᠢ ᠪᠡᠷ ᠶᠠᠷᠭᠠᠴᠢᠨ᠎ᠢ ᠨᠡᠭᠡᠮᠵᠢᠯᠡᠭᠰᠡᠨ ᠨᠢ》 ᠂ 《ᠭᠡᠷᠡᠴᠢ ᠥᠬᠡᠶ ᠶᠠᠯ᠎ᠠ 》 ᠂ 《 ᠴᠠᠩ ᠠᠨ᠎ᠤ ᠠᠷᠪᠠᠨ ᠬᠣᠶᠠᠷ ᠴᠠᠭ》 ᠂ 《 ᠬᠠᠤᠯᠢ ᠵᠢᠨ ᠡᠮᠴᠢ ᠴᠢᠨ ᠮᠢᠩ 》᠂ 《ᠳᠠᠷᠤᠭᠳᠠᠭᠰᠠᠨ ᠦᠨᠡᠨ ᠴᠠᠭᠠᠨ》 ᠪᠤᠯᠤᠨ ᠪᠣᠳᠠᠲᠤ ᠠᠬᠤᠶ᠎ᠳᠤ ᠠᠩᠬᠠᠷᠤᠯ ᠵᠢᠡᠨ ᠬᠠᠨᠳᠤᠭᠤᠯᠤᠭᠰᠠᠨ ᠺᠢᠨᠣ᠋  《ᠬᠠᠪᠤᠷ᠎ᠤᠨ ᠤᠷᠤᠰᠭᠠᠯ》᠂ 《ᠮᠠᠨ᠎ᠤ ᠱᠢᠨ᠎ᠡ ᠠᠮᠢᠳᠤᠷᠠᠯ 》᠂ 《ᠮᠤᠳᠤᠨ ᠳ᠋ᠤ ᠨᠢᠭᠡ ᠰᠠᠢᠬᠠᠨ ᠭᠠᠵᠠᠷ ᠪᠤᠢ》 ᠵᠡᠷᠭᠡ ᠰᠢᠯᠢᠳᠡᠭ ᠪᠦᠲᠦᠭᠡᠯ ᠢᠯᠡᠷᠡᠭᠰᠡᠨ ᠪᠠᠢᠨ᠎ᠠ᠃ ᠭᠡᠪᠡᠴᠤ ᠨᠦᠬᠦᠴᠡᠯ ᠱᠠᠭᠠᠷᠳᠠᠯᠭ᠎ᠠ ᠳᠤᠤᠷ᠎ᠠ᠎ᠵᠡᠷᠭᠡ ᠰᠢᠯᠳᠠᠭᠠᠨ ᠡᠴᠡ ᠪᠤᠯᠵᠤ᠂ ᠬᠦᠰᠡᠭᠦᠢᠴᠢ ᠦᠵᠡᠯ᠎ᠤᠨ᠂ ᠡᠷᠳᠡᠨ᠎ᠤ ᠴᠠᠭ ᠦᠶ᠎ᠠ᠎ᠳᠤ ᠪᠤᠴᠠᠭᠰᠠᠨ᠂ ᠨᠢᠯᠤᠭᠤᠨ᠂ ᠡᠯᠡ ᠬᠠᠯᠠ᠎ᠶᠢᠨ ᠡᠯᠧᠮᠧᠨ᠋ᠲ ᠪᠦᠬᠦᠢ ᠪᠦᠲᠦᠭᠡᠯ᠎ᠤᠳ ᠶᠡᠬᠡ ᠤᠷᠤᠨ ᠵᠠᠢ ᠵᠢ ᠡᠵᠡᠯᠡᠪᠡ᠃ ᠡᠨᠡ ᠲᠤᠬᠠᠢ ᠶᠡᠷᠦᠩᠬᠡᠢ ᠱᠦᠵᠢ ᠰᠢ᠎ᠶ᠋ᠢᠨ ᠫᠢᠩ ᠤᠳᠭ᠎ᠠ ᠤᠷᠠᠯᠢᠭ᠎ᠤᠨ ᠠᠵᠢᠯ᠎ᠤᠨ ᠶᠠᠷᠢᠯᠴᠠᠬᠤ ᠬᠤᠷᠠᠯ ᠳᠡᠭᠡᠷ᠎ᠠ᠂ ᠵᠠᠷᠢᠮ ᠪᠦᠲᠦᠭᠡᠯ ᠡᠷᠬᠢᠮ ᠳᠡᠭᠡᠳᠦ᠍᠎ᠶ᠋ᠢ ᠱᠤᠭᠯᠠᠨ᠂ ᠰᠣᠩᠭᠣᠳᠠᠭ ᠪᠦᠲᠦᠭᠡᠯ᠎ᠢ ᠭᠠᠵᠢᠭᠤᠳᠠᠭᠤᠯᠵᠤ᠂ ᠲᠡᠦᠬᠡ᠎ᠶ᠋ᠢ ᠲᠤᠡᠭᠭᠤᠷᠠᠭᠤᠯᠤᠨ᠂ ᠠᠷᠠᠳ ᠲᠦᠮᠡᠨ ᠪᠠ ᠪᠠᠭᠠᠲᠤᠷ ᠬᠦᠮᠦᠰ᠎ᠢ ᠮᠠᠭᠤᠱᠢᠶᠠᠨ᠎ᠠ; ᠵᠠᠷᠢᠮ ᠨᠢ ᠵᠥᠪ ᠪᠤᠷᠤᠭᠤ᠎ᠶ᠋ᠢ ᠢᠯᠭᠠᠬᠤ ᠦᠭᠡᠢ᠂ ᠰᠠᠢ᠌ᠨ ᠮᠠᠭᠤ᠎ᠶ᠋ᠢ ᠢᠯᠭᠠᠬᠤ ᠦᠭᠡᠢ᠂ ᠮᠠᠭᠤᠬᠠᠢ᠎ᠶ᠋ᠢ ᠰᠠᠢᠬᠠᠨ ᠭᠡᠵᠦ᠂ ᠨᠡᠢᠭᠡᠮ᠎ᠦᠨ ᠮᠠᠭᠤ ᠲᠠᠯ᠎ᠠ ᠵᠢ ᠳᠠᠪᠠᠭᠤᠯᠤᠨ ᠢᠯᠡᠷᠡᠭᠦᠯᠵᠤ ᠪᠠᠢᠨ᠎ᠠ; ᠵᠠᠷᠢᠮ ᠨᠢ ᠬᠠᠴᠢᠨ ᠰᠤᠨᠢᠨ᠎ᠢ ᠬᠦᠭᠡᠭᠡᠴᠡᠯᠳᠦᠵᠦ᠂ ᠪᠣᠯᠬᠢ ᠪᠦᠳᠦᠭᠦᠯᠢᠭ ᠳᠣᠣᠷᠠᠳᠤ ᠳᠤᠷᠠᠱᠢᠯ᠎ᠤᠨ ᠵᠦᠢᠯᠡᠰ᠎ᠵᠢᠡᠷ ᠠᠱᠢᠭ ᠤᠯᠬᠤ ᠪᠠᠭᠠᠵᠢ ᠪᠤᠯᠭᠠᠨ᠂ ᠰᠡᠷᠡᠯ᠎ᠮᠡᠳᠡᠷᠡᠮᠵᠢ᠎ᠵᠢᠨ ᠲᠠᠭᠠᠰᠢᠶᠠᠯ ᠤᠯᠵᠤ ᠪᠠᠢᠨ᠎ᠠ; ᠵᠠᠷᠢᠮ ᠨᠢ ᠳᠤᠷ᠎ᠠ ᠪᠠᠷ ᠵᠢᠡᠨ ᠨᠢᠭᠡ ᠶᠠᠭᠤᠮ᠎ᠠ ᠪᠢᠴᠢᠵᠦ᠍᠂ ᠨᠡᠢᠴᠡᠪᠦᠷᠢ ᠦᠭᠡᠢ ᠶᠠᠭᠤᠮ᠎ᠠ ᠵᠤᠬᠢᠶᠠᠵᠤ᠂ ᠰᠣᠶᠣᠯ᠎ᠤᠨ ᠬᠣᠭ ᠦᠢᠯᠡᠳᠴᠦ ᠪᠠᠢᠨ᠎ᠠ; ᠵᠠᠷᠢᠮ ᠨᠢ ᠬᠡᠳᠦ ᠬᠡᠭᠡᠨᠴᠢᠷ᠎ᠢ ᠬᠥᠭᠡᠭᠡᠴᠡᠯᠳᠦᠵᠦ᠍᠂ ᠬᠡᠳᠦᠷᠡᠳᠡᠯ᠎ᠠ ᠴᠢᠮᠡᠭᠯᠡᠨ ᠮᠦᠩᠬᠦ ᠲᠠᠢ ᠪᠡᠨ ᠭᠠᠢᠬᠠᠭᠤᠯᠵᠤ᠂ ᠬᠤᠭᠤᠰᠤᠨ ᠰᠦᠷ ᠳᠠᠳᠠᠵᠤ ᠪᠠᠢᠨ᠎ᠠ; ᠵᠠᠷᠢᠮ ᠨᠢ《ᠤᠷᠠᠯᠢᠭ᠎ᠤᠨ ᠲᠥᠯᠥᠭᠡ》ᠬᠡᠮᠡᠨ ᠥᠪᠡᠷ᠎ᠦᠨ᠎ᠢᠶᠡᠨ ᠪᠠᠶᠠᠷ ᠭᠤᠨᠢᠭ᠎ᠢ ᠯᠡ ᠪᠢᠴᠢᠵᠦ᠂ ᠤᠯᠠᠨ ᠲᠦᠮᠡᠨ ᠡᠴᠡ ᠬᠥᠨᠳᠡᠢᠷᠡᠨ ᠪᠣᠳᠠᠲᠤ ᠠᠮᠢᠳᠤᠷᠠᠯ ᠡᠴᠡ ᠰᠠᠯᠤᠩᠬᠢᠷᠠᠵᠤ ᠪᠠᠢᠨ᠎ᠠ ᠭᠡᠵᠦ ᠵᠢᠭᠠᠵᠤ ᠭᠠᠷᠭᠠᠭᠰᠠᠨ ᠶᠤᠮ᠃ ᠶᠡᠷᠦᠩᠬᠡᠶ ᠱᠦᠵᠢ ᠰᠢ᠎ᠶ᠋ᠢᠨ ᠫᠢᠩ᠎ᠦᠨ ᠡᠨᠡ ᠬᠦ᠌ ᠶᠠᠷᠢᠶᠠᠨ᠎ᠳᠤ ᠵᠢᠭᠠᠵᠤ ᠭᠠᠷᠭᠠᠭ᠍ᠰᠠᠨ ᠵᠣᠬᠢᠶᠠᠨ ᠪᠦᠲᠦᠭᠡᠯᠭᠡ᠎ᠶ᠋ᠢᠨ ᠳᠤᠳᠠᠭᠳᠠᠯ ᠵᠠᠷᠢᠮ ᠰᠦᠯᠵᠢᠶᠡᠨ᠎ᠤ ᠵᠦᠴᠦᠭᠡ᠂ ᠰᠦᠯᠵᠢᠶᠡᠨ᠎ᠤ ᠺᠢᠨᠣ᠋᠎ᠳᠤ ᠴᠥᠮ ᠢᠯᠡᠷᠡᠵᠦ᠍᠂ ᠬᠦᠮᠦᠰ᠎ᠤᠨ ᠦᠵᠡᠯ ᠰᠠᠨᠠᠭ᠎ᠠ ᠵᠢ ᠪᠣᠬᠢᠷᠲᠤᠭᠤᠯᠵᠤ ᠪᠠᠢᠨ᠎ᠠ ᠭᠡᠪᠡ᠃

 ᠭᠦᠸᠧ ᠫᠸᠢ ᠶᠦᠨ᠂ ᠺᠢᠨᠣ᠋ ᠲᠧᠯᠸᠢᠰ᠎ᠵᠦᠴᠦᠭᠡ᠎ᠶᠢᠨ ᠱᠢᠭᠦᠮᠵᠢ᠎ᠶᠢᠨ ᠬᠤᠪᠢ᠎ᠳᠤ᠂ ᠢᠨᠲ᠋ᠸᠷ ᠰᠦᠯᠵᠢᠶ᠎ᠡ ᠵᠢᠨ ᠠᠪᠴᠢᠷᠠᠭᠰᠠᠨ ᠰᠢᠨ᠎ᠡ ᠬᠤᠪᠢᠷᠠᠯᠲᠠ ᠨᠢ ᠬᠦᠮᠦᠰ᠎ᠢ ᠶᠡᠬᠡ ᠴᠤᠴᠢᠷᠳᠠᠭᠤᠯᠵᠤ᠂ ᠤᠯᠠᠮᠵᠢᠯᠠᠯᠲᠤ ᠴᠠᠭᠠᠰᠤᠨ ᠵᠠᠭᠤᠴᠢᠯᠠᠭᠤᠷ᠎ᠦᠨ ᠺᠢᠨᠣ᠋ ᠲᠧᠯᠸᠢᠰ ᠵᠦᠴᠤᠭᠡ᠎ᠶᠢᠨ ᠱᠢᠭᠦᠮᠵᠢ᠎ᠶ᠋ᠢᠨ ᠰᠠᠭᠤᠷᠢᠨ ᠳᠡᠭᠡᠷ᠎ᠡ ᠪᠢᠴᠢᠯ ᠪᠦᠷᠭᠡ᠎ᠳᠡᠬᠢ ᠺᠢᠨᠣ᠋᠎ᠶ᠋ᠢᠨ ᠦᠨᠡᠯᠡᠯᠳᠡ᠂ ᠨᠠᠢᠵᠠ᠎ᠶ᠋ᠢᠨ ᠲᠤᠭᠤᠷᠢᠭ᠎ᠲᠡᠬᠢ ᠺᠢᠨᠣ᠋᠎ᠶ᠋ᠢᠨ ᠦᠨᠡᠯᠡᠯᠳᠡ᠂ ᠳᠡᠯᠭᠡᠴᠡ᠎ᠳᠤ ᠪᠢᠴᠢᠭᠯᠡᠬᠦ ᠺᠢᠨᠣ᠋᠎ᠶ᠋ᠢᠨ ᠦᠨᠡᠯᠡᠯᠳᠡ᠂ ᠬᠤᠪᠢ ᠤᠯᠭᠤᠬᠤ ᠬᠡᠯᠪᠡᠷᠢ ᠵᠢᠨ ᠺᠢᠨᠣ᠋᠎ᠶ᠋ᠢᠨ ᠦᠨᠡᠯᠡᠯᠳᠡ᠂  ᠵᠢᠷᠬᠢᠶ᠎ᠠ ᠵᠢᠨ  ᠲᠠᠪᠴᠠᠡᠭ᠎ᠤᠨ ᠺᠢᠨᠣ᠋᠎ᠶ᠋ᠢᠨ ᠦᠨᠡᠯᠡᠯᠳᠡ᠂ ᠣᠬᠣᠷ ᠸᠢᠳᠢᠣ᠋᠎ᠶ᠋ᠢᠨ ᠺᠢᠨᠣ᠋᠎ᠶ᠋ᠢᠨ ᠦᠨᠡᠯᠡᠯᠲᠡ ᠵᠡᠷᠭᠡ ᠵᠢ ᠪᠠᠭ᠍ᠲᠠᠭᠠᠭ᠍ᠰᠠᠨ ᠣᠯᠠᠨ ᠶᠠᠩᠵᠤ᠎ᠶ᠋ᠢᠨ《ᠱᠢᠨ᠎ᠡ ᠵᠠᠭᠤᠴᠢᠯᠠᠭᠤᠷ᠎ᠤᠨ ᠺᠢᠨᠣ᠋᠎ᠶ᠋ᠢᠨ ᠰᠢᠭᠦᠮᠵᠢ》 ᠪᠤᠢ ᠪᠤᠯᠵᠤ᠂ ᠬᠦᠮᠦᠨ ᠪᠦᠬᠦᠨ ᠴᠢᠯᠦᠭᠡᠲᠡᠢ ᠰᠢᠭᠦᠮᠵᠢᠯᠡᠨ᠂ ᠤᠨᠴᠠ ᠵᠢᠨ ᠬᠦᠷ ᠬᠦᠭᠵᠢᠶᠡᠨ ᠲᠠᠢ ᠪᠤᠯᠵᠤ ᠪᠠᠢᠨ᠎ᠠ᠃ 《ᠱᠢᠨ᠎ᠡ ᠵᠠᠭᠤᠴᠢᠯᠠᠭᠤᠷ᠎ᠤᠨ ᠺᠢᠨᠣ᠋᠎ᠶ᠋ᠢᠨ ᠱᠢᠭᠦᠮᠵᠢ》 ᠨᠢ ᠤᠯᠠᠮᠵᠢᠯᠠᠯᠲᠤ ᠵᠠᠭᠤᠴᠢᠯᠠᠭᠤᠷ᠎ᠤᠨ ᠱᠢᠭᠦᠮᠵᠢ᠂ ᠢᠯᠠᠩᠭᠤᠶ᠎ᠠ ᠶᠡᠬᠡ ᠳᠡᠭᠡᠳᠦ ᠰᠤᠷᠭᠠᠭᠤᠯᠢ᠎ᠶ᠋ᠢᠨ ᠨᠠᠮᠪᠠ᠎ᠶᠢᠨ ᠱᠢᠭᠦᠮᠵᠢ᠎ᠶ᠋ᠢᠨ ᠱᠢᠰᠲ᠋ᠧᠮ᠎ᠳᠦ ᠯᠤᠲᠤ ᠶᠡᠬᠡ ᠲᠤᠩᠰᠤᠯᠤᠯ ᠪᠤᠯᠵᠤ᠂ ᠥᠷᠭᠡᠨ ᠳᠡᠯᠭᠡᠷ ᠴᠢᠨᠠᠷ᠂ ᠣᠯᠠᠨ ᠶᠠᠩᠵᠤᠲᠤ ᠴᠢᠨᠠᠷ᠂ ᠰᠣᠨᠢᠷᠬᠠᠯᠲᠤ ᠴᠢᠨᠠᠷ᠎ᠢᠶᠠᠷ᠎ᠢᠶᠡᠨ ᠦᠶ ᠣᠯᠠᠨ ᠤᠩᠱᠢᠭ᠍ᠴᠢ ᠵᠢᠨ ᠬᠦᠷᠢᠶᠡᠯᠡᠯ᠎ᠢ ᠣᠯᠤᠭ᠍ᠰᠠᠨ᠎ᠢ ᠪᠢᠳᠡ ᠮᠡᠳᠡᠷᠡᠬᠦ᠌ ᠬᠡᠷᠡᠭ᠌ᠲᠡᠶ᠃ ᠬᠡᠬᠦ ᠳ᠋ᠡᠬᠡᠨ 《ᠱᠢᠨ᠎ᠡ ᠵᠠᠭᠤᠴᠢᠯᠠᠭᠤᠷ᠎ᠤᠨ ᠺᠢᠨᠣ᠋᠎ᠶ᠋ᠢᠨ ᠰᠢᠭᠦᠮᠵᠢ》 ᠨᠢ ᠪᠡᠯᠡ ᠣᠷᠣᠭᠤᠯᠤᠯᠲᠠ᠂ ᠱᠢᠳᠦᠨ ᠪᠢᠱᠢᠷᠡᠭ᠌ᠴᠢ ᠵᠡᠷᠭᠡ ᠣᠯᠠᠨ ᠲᠠᠯ᠎ᠠ᠎ᠶ᠋ᠢᠨ ᠬᠦᠴᠦᠨ ᠵᠦᠶ᠋ᠯ᠎ᠦᠨ ᠨᠦᠯᠦᠭᠡ ᠡᠴᠡ ᠪᠤᠯᠵᠤ᠂ ᠬᠤᠳᠠᠯᠳᠤᠭᠠᠨ᠎ᠤ ᠦᠨ᠎ᠠ ᠥᠷᠲᠡᠭ ᠪᠠ ᠠᠱᠢᠭ ᠲᠤᠰᠠ᠎ᠵᠢ ᠬᠡᠳᠤ ᠪᠤᠳᠤᠯᠬᠢᠯᠠᠨ᠂ ᠵᠤᠬᠢᠬᠤ ᠬᠡᠮᠵᠢᠶᠡᠨ ᠳᠡᠭᠡᠷ᠎ᠡ 《ᠬᠥᠷᠥᠩᠭᠡ ᠲᠠᠢ ᠡᠳᠡᠭᠡᠳ ᠶᠠᠭᠤᠮ᠎ᠠ ᠪᠦᠬᠦᠨ ᠳ᠋ᠤ ᠤᠷᠤᠯᠴᠠᠵᠤ᠂ ᠱᠢᠳᠦᠨ ᠪᠢᠱᠢᠷᠡᠭ᠌ᠴᠢᠳ ᠰᠠᠨᠠᠭᠠᠨ ᠳᠠᠪᠠ ᠪᠡᠷ᠎ᠢᠶᠡᠨ ᠠᠭᠠᠰᠢᠯᠠᠵᠤ᠂ ᠤᠷᠮ᠎ᠠ ᠰᠡᠳᠭᠢᠯᠭᠡ ᠪᠢᠯᠬᠠᠨ ᠴᠠᠯᠬᠢᠨ ᠭᠠᠮᠱᠢᠭ ᠪᠣᠯᠬᠤ》ᠨᠠᠵᠠᠭᠠᠢ ᠦᠵᠡᠭ᠌ᠳᠡᠯ᠎ᠢ ᠪᠣᠶ ᠪᠣᠯᠭᠠᠵᠤ᠂ ᠰᠦᠯᠵᠢᠶᠡᠨ᠎ᠦ ᠺᠢᠨᠣ᠋ ᠲᠧᠯᠸᠢᠰ ᠵᠦᠴᠦᠭᠡ᠎ᠶᠢᠨ ᠱᠢᠭᠦᠮᠵᠢ᠎ᠶ᠋ᠢᠨ ᠦᠵᠡᠯ ᠰᠠᠨᠠᠭᠠᠨ᠎ᠤ ᠭᠦᠨᠴᠡ ᠪᠠ ᠤᠷᠠᠯᠢᠭ᠎ᠤᠨ ᠶᠠᠰᠤ ᠴᠢᠨᠠᠷ᠎ᠢ ᠶᠡᠬᠡ᠎ᠪᠡᠷ ᠨᠥᠯᠥᠭᠡᠯᠡᠭ᠌ᠰᠡᠨ᠎ᠢ ᠴᠦ᠍ ᠤᠮᠳᠤᠭᠠᠢᠯᠠᠵᠤ ᠪᠤᠯᠬᠤ ᠦᠭᠡᠢ᠃ ᠡᠲᠡᠭᠡᠷ ᠨᠢ ᠪᠦᠷ ᠣᠳᠣᠬᠠᠨ᠎ᠤ ᠰᠦᠯᠵᠢᠶᠡᠨ᠎ᠦ ᠺᠢᠨᠣ᠋ ᠲᠧᠯᠸᠢᠰ ᠵᠦᠴᠦᠭᠡ᠎ᠶᠢᠨ ᠵᠣᠬᠢᠶᠠᠨ ᠪᠦᠲᠦᠭᠡᠯᠭᠡ ᠪᠠ ᠱᠢᠭᠦᠮᠵᠢ ᠲᠤᠢᠯ᠎ᠤᠨ ᠪᠡᠷᠬᠡ ᠬᠠᠳᠠᠭᠤᠵᠢᠯᠳᠠᠢ ᠪᠥᠭᠡᠳ ᠲᠤᠯᠭᠠᠮ ᠡᠭᠦᠷᠭᠡ᠎ᠳᠦ ᠲᠤᠯᠭᠠᠷᠠᠵᠤ ᠪᠠᠢᠬᠤ᠎ᠶᠢ ᠪᠢᠳᠡᠨ ᠳ᠋ᠤ ᠰᠡᠷᠡᠮᠵᠢᠯᠡᠭᠦᠯᠵᠦ᠍ ᠪᠠᠢᠨ᠎ᠠ᠃ ᠺᠢᠨᠣ᠋ ᠲᠧᠯᠸᠢᠰ ᠵᠦᠴᠦᠭᠡ᠎ᠶᠢᠨ ᠱᠢᠭᠦᠮᠵᠢ᠎ᠶ᠋ᠢᠨ ᠠᠵᠢᠯᠲᠠᠨ ᠪᠣᠯᠤᠭ᠍ᠰᠠᠨ᠎ᠤ ᠬᠤᠪᠢ᠎ᠳᠤ ᠰᠦᠯᠵᠢᠶᠡᠨ᠎ᠦ ᠱᠢᠨ᠎ᠡ ᠵᠠᠭᠤᠴᠢᠯᠠᠭᠤᠷ᠎ᠤᠨ ᠲᠠᠪᠴᠠᠩ᠎ᠤᠨ ᠵᠢᠭ᠍ᠰᠠᠭᠠᠯ᠎ᠤᠨ ᠭᠠᠵᠠᠷ᠎ᠢ ᠢᠳᠡᠪᠬᠢᠲᠡᠶ ᠪᠥᠭᠡᠳ ᠰᠠᠨᠠᠭᠠᠴᠢᠯᠠᠭ᠎ᠠ ᠡᠴᠡ ᠪᠠᠨ ᠡᠵᠡᠯᠡᠵᠦ᠍᠂ ᠥᠷᠲᠡᠭ᠎ᠦᠨ ᠵᠢᠯᠤᠭᠤᠳᠤᠮᠵᠢ᠂ ᠣᠶᠤᠨ ᠰᠠᠨᠠᠭᠠᠨ᠎ᠤ ᠵᠢᠯᠤᠭᠤᠳᠤᠮᠵᠢ᠂ ᠭᠤᠤ᠎ᠠ ᠲᠠᠭᠠᠱᠢᠶᠠᠯ᠎ᠤᠨ ᠰᠡᠩᠬᠡᠷᠡᠭᠦᠯᠦᠯ᠎ᠦᠨ ᠦᠶ᠋ᠯᠡᠳᠦᠯ ᠵᠢᠡᠨ ᠦᠨᠡᠨ ᠬᠦ᠌ ᠪᠠᠳᠠᠷᠠᠭᠤᠯᠤᠨ᠂ ᠮᠠᠨ᠎ᠤ ᠤᠯᠤᠰ᠎ᠤᠨ ᠺᠢᠨᠣ᠋ ᠲᠧᠯᠸᠢᠰ᠎ᠵᠦᠴᠦᠭᠡ᠎ᠶᠢᠨ ᠦᠶ᠋ᠯᠡᠰ᠎ᠦᠨ ᠡᠷᠡᠭᠦᠯ᠎ᠢᠶᠡᠷ ᠴᠡᠴᠡᠭ᠌ᠯᠡᠨ ᠬᠥᠭ᠌ᠵᠢᠬᠦ᠌᠎ᠶ᠋ᠢ ᠠᠬᠢᠭᠤᠯᠵᠤ᠂ ᠡᠷᠡᠭᠦᠯ ᠰᠠᠷᠠᠭᠤᠯ ᠪᠥᠭᠡᠳ ᠤᠬᠠᠭᠠᠯᠢᠭ ᠰᠦᠯᠵᠢᠶᠡᠨ᠎ᠦ ᠺᠢᠨᠣ᠋ ᠲᠧᠯᠸᠢᠰ᠎ᠵᠦᠴᠦᠭᠡ ᠵᠢᠨ ᠱᠢᠭᠦᠮᠵᠢ᠎ᠶ᠋ᠢᠨ ᠠᠮᠢ ᠠᠬᠤᠶ᠎ᠶ᠋ᠢ ᠪᠣᠶ ᠪᠣᠯᠭᠠᠬᠤ ᠪᠣᠯ ᠵᠠᠢᠯᠠᠭᠤᠯᠵᠤ ᠪᠣᠯᠤᠰᠢ ᠥᠬᠡᠶ ᠬᠠᠷᠢᠭᠤᠴᠠᠯᠭ᠎ᠠ ᠮᠥᠨ ᠭᠡᠵᠦ ᠬᠡᠯᠡᠪᠡ᠃ ᠡᠨᠡ ᠲᠤᠬᠠᠢ ᠲᠡᠷᠡ ᠪᠡᠷ ᠭᠤᠷᠪᠠᠨ ᠲᠠᠯ᠎ᠠ ᠪᠡᠷ ᠦᠪᠡᠷ᠎ᠤᠨ ᠦᠵᠡᠯᠳᠡ ᠪᠡᠨ ᠳᠡᠯᠭᠡᠷᠡᠭᠦᠯᠦᠨ ᠶᠠᠷᠢᠵᠠᠢ᠃

ᠨᠢᠬᠡ ᠳ᠋ᠤ᠂ ᠦᠷᠳᠡᠭ᠎ᠦᠨ ᠵᠢᠯᠣᠭᠣᠳᠤᠮᠵᠢ᠎ᠶᠢᠨ ᠬᠤᠪᠢ᠎ᠳᠤ᠂ ᠺᠢᠨᠣ᠋ ᠲᠧᠯᠸᠢᠰ ᠵᠦᠴᠦᠭᠡ᠎ᠶᠢᠨ ᠤᠷᠠᠯᠢᠭ᠎ᠤᠨ 100 ᠭᠠᠷᠤᠶ ᠵᠢᠯ᠎ᠦᠨ ᠬᠦᠭᠵᠢᠯᠳᠡ᠎ᠶᠢᠨ ᠲᠡᠦᠬᠡᠨ ᠶᠠᠪᠤᠴᠠ᠎ᠳᠤ᠂ ᠠᠯᠢ ᠴᠤ᠌ ᠦᠨᠳᠦᠰᠦᠲᠡᠨ᠂ ᠠᠯᠢ ᠴᠦ᠍ ᠤᠯᠤᠰ᠎ᠤᠨ ᠪᠦᠲᠦᠭᠡᠯ ᠭᠡᠰᠡᠨ ᠦᠭᠡᠶ ᠪᠦᠷ ᠢᠯᠡ ᠪᠤᠶᠤ ᠳᠠᠯᠳᠠ ᠦᠵᠡᠯ ᠤᠬᠠᠮᠰᠠᠷ᠎ᠤᠨ ᠬᠡᠯᠪᠡᠷᠢ ᠵᠢᠨ ᠴᠢᠳᠠᠮᠵᠢ ᠲᠠᠶ ᠪᠠᠢᠳᠠᠭ᠃ ᠣᠯᠠᠨ ᠨᠡᠢᠲᠡ᠎ᠶ᠋ᠢᠨ ᠰᠣᠶᠣᠯ ᠪᠣᠯᠤᠭ᠍ᠰᠠᠨ᠎ᠤ ᠬᠤᠪᠢ᠎ᠳᠤ᠂ ᠺᠢᠨᠣ᠋ ᠲᠧᠯᠸᠢᠰ ᠵᠦᠴᠦᠭᠡ᠎ᠶᠢᠨ ᠪᠦᠲᠦᠭᠡᠯ᠎ᠤᠨ ᠡᠭᠡᠯ ᠲᠦᠮᠡᠨ᠎ᠦ ᠦᠵᠡᠯ ᠰᠠᠨᠠᠭ᠎ᠠ ᠣᠢᠯᠠᠭᠠᠭ᠍ᠳᠠᠬᠤᠨ᠂ ᠥᠷᠲᠡᠭ᠎ᠦᠨ ᠬᠠᠨᠳᠤᠰᠢ᠎ᠳᠤ ᠦᠵᠡᠭᠦᠯᠬᠦ᠌ ᠨᠥᠯᠥᠭᠡ ᠨᠢ ᠤᠳᠭ᠎ᠠ ᠵᠣᠬᠢᠶᠠᠯ ᠪᠤᠶᠤ ᠪᠤᠰᠤᠳ ᠤᠷᠠᠯᠢᠭ᠎ᠤᠨ ᠲᠥᠷᠥᠯ ᠡᠴᠡ ᠬᠣᠯᠠ ᠳᠠᠪᠠᠵᠤ ᠪᠠᠢᠳᠠᠭ᠂ ᠡᠨᠡ ᠨᠢ ᠢᠨᠲ᠋ᠸᠷ ᠰᠦᠯᠵᠢᠶᠡᠨ᠎ᠦ ᠴᠠᠭ ᠦᠶ᠎ᠡ᠎ᠳᠦ ᠨᠠᠩ ᠲᠣᠪᠣᠢᠮ᠎ᠠ ᠢᠯᠡᠷᠡᠵᠦ᠍ ᠪᠠᠢᠨ᠎ᠠ᠃ ᠡᠢᠮᠦ ᠡᠴᠡ᠂ ᠺᠢᠨᠣ᠋ ᠲᠧᠯᠸᠢᠰ ᠵᠦᠴᠦᠭᠡ᠎ᠶᠢᠨ ᠱᠢᠭᠦᠮᠵᠢ᠎ᠶ᠋ᠢᠨ ᠠᠵᠢᠯᠲᠠᠳ ᠰᠦᠯᠵᠢᠶᠡᠨ᠎ᠦ ᠱᠢᠨ᠎ᠡ ᠵᠠᠭᠤᠴᠢᠯᠠᠭᠤᠷ᠎ᠤᠨ ᠳᠠᠪᠴᠠᠩ ᠲᠡᠬᠢ ᠺᠢᠨᠣ᠋ ᠲᠧᠯᠸᠢᠰ᠎ᠵᠦᠴᠦᠭᠡ᠎ᠶᠢᠨ ᠱᠢᠭᠦᠮᠵᠢ᠎ᠳᠡᠭᠡᠨ ᠡᠷᠬᠡᠪᠰᠢ ᠵᠥᠪ ᠤᠯᠤᠰ ᠲᠥᠷᠥ᠎ᠶ᠋ᠢᠨ ᠤᠳᠤᠷᠢᠳᠤᠮᠵᠢ᠎ᠶ᠋ᠢ ᠪᠠᠷᠢᠮᠳᠠᠯᠠᠨ᠂ ᠨᠡᠢᠭᠡᠮ ᠵᠢᠷᠤᠮ᠎ᠤᠨ ᠭᠤᠤᠯᠯᠠᠭᠴᠢ ᠥᠷᠲᠡᠭ᠎ᠦᠨ ᠦᠵᠡᠯᠲᠡ ᠵᠢ ᠤᠬᠠᠮᠰᠠᠷ ᠡᠴᠡ ᠪᠡᠨ ᠡᠷᠬᠢᠮᠯᠡᠨ ᠳᠡᠭᠡᠳᠦᠯᠡᠵᠤ᠂ ᠨᠠᠷᠢᠨ ᠬᠢᠨᠠᠮᠠᠭᠠᠶ ᠦᠶ᠋ᠯᠡᠳᠦᠯᠭᠡᠵᠢᠭᠦᠯᠤᠨ᠂ ᠬᠠᠯᠠᠭᠤᠨ ᠵᠢᠨᠷ ᠳᠠᠮᠵᠢᠭᠤᠯᠵᠤ᠂ ᠦᠨᠡᠨ ᠬᠦ᠌ ᠰᠠᠢᠨ ᠰᠠᠢᠬᠠᠨ᠎ᠢ ᠪᠠᠳᠠᠷᠠᠭᠤᠯᠤᠨ  ᠮᠠᠭᠤ ᠮᠠᠭᠤᠬᠠᠶ ᠵᠢ ᠪᠤᠷᠤᠭᠤᠱᠢᠶᠠᠨ ᠨᠢᠴᠤᠭᠠᠵᠤ᠂ ᠪᠣᠯᠬᠢ ᠪᠦᠳᠦᠭᠦᠯᠢᠭ ᠳᠤᠤᠷᠠᠳᠤ ᠳᠤᠷᠠᠰᠢᠯ᠎ᠤᠨ ᠪᠦᠲᠦᠭᠡᠯ ᠬᠢᠭᠡᠳ ᠬᠡᠳᠦ ᠵᠤᠭ᠎ᠠ ᠴᠡᠩᠭᠡᠯ᠎ᠤᠨ ᠪᠦᠲᠦᠭᠡᠯ ᠎ᠢ  ᠬᠦᠭᠡᠷᠭᠡᠳᠡᠬᠦ ᠦᠭᠡᠢ ᠪᠡᠷ ᠲᠤᠰᠭᠠᠶ ᠮᠡᠷᠭᠡᠵᠢᠯ᠎ᠦᠨ ᠴᠢᠨᠠᠷᠳᠠᠢ᠂ ᠢᠲᠡᠭᠡᠭᠦᠯᠬᠦ ᠬᠦᠴᠦᠨ ᠪᠠ ᠨᠥᠯᠥᠭᠡᠯᠡᠬᠦ᠌ ᠬᠦᠴᠦᠨ ᠲᠠᠢ ᠰᠢᠭᠦᠮᠵᠢ ᠪᠡᠷ ᠺᠢᠨᠣ᠋ ᠲᠧᠯᠸᠢᠰ᠎ᠵᠦᠴᠦᠭᠡ᠎ᠶᠢᠨ ᠵᠣᠬᠢᠶᠠᠨ ᠪᠦᠲᠦᠭᠡᠯᠭᠡ ᠵᠢᠨ ᠡᠷᠡᠭᠦᠯ ᠵᠢᠡᠷ ᠬᠦᠭᠵᠢᠭᠦ᠎ᠳᠤ ᠬᠥᠳᠡᠯᠭᠡᠬᠦ᠌ ᠬᠦᠴᠦᠨ ᠨᠡᠮᠡᠷᠢᠯᠡᠵᠤ᠂ ᠺᠢᠨᠣ᠋ ᠲᠧᠯᠸᠢᠰ ᠵᠦᠴᠦᠭᠡ᠎ᠶᠢᠨ ᠪᠦᠲᠦᠭᠡᠯ᠎ᠦᠨ ᠦᠵᠡᠯ ᠰᠠᠨᠠᠭᠠᠨ᠎ᠤ ᠦᠨᠳᠦᠷᠴᠡ᠂ ᠰᠣᠶᠣᠯ᠎ᠤᠨ ᠠᠭᠤᠯᠤᠭ᠍ᠳᠠᠬᠤᠨ ᠪᠠ ᠤᠷᠠᠯᠢᠭ᠎ᠤᠨ ᠥᠷᠲᠡᠭ᠎ᠢ ᠳᠡᠭᠡᠭ᠌ᠰᠢᠯᠡᠭᠦᠯᠬᠦ᠌᠎ᠶ᠋ᠢ ᠠᠬᠢᠭᠤᠯᠤᠨ᠂ ᠵᠦᠪ ᠣᠨᠣᠪᠴᠢᠲᠠᠶ᠂ ᠢᠳᠡᠪᠬᠢᠳᠠᠢ᠂ ᠤᠬᠠᠭᠠᠯᠢᠭ ᠰᠦᠯᠵᠢᠶᠡᠨ᠎ᠦ ᠱᠢᠨ᠎ᠡ ᠵᠠᠭᠤᠴᠢᠯᠠᠭᠤᠷ᠎ᠤᠨ ᠺᠢᠨᠣ᠋ ᠲᠧᠯᠸᠢᠰ ᠵᠦᠴᠦᠭᠡ᠎ᠶᠢᠨ ᠱᠢᠭᠦᠮᠵᠢ᠎ᠶ᠋ᠢᠨ ᠠᠮᠢ ᠠᠬᠤᠶ ᠶ᠋ᠢ ᠴᠢᠷᠮᠠᠢᠨ ᠪᠣᠶ ᠪᠤᠯᠭᠠᠵᠤ᠂ ᠪᠦᠳᠦᠭᠦᠯᠢᠭ᠎ᠢᠶᠡᠷ ᠡᠷᠭᠦᠨ ᠮᠠᠭ᠍ᠲᠠᠬᠤ᠂ ᠤᠯᠠᠭᠠᠨ ᠪᠠᠭ᠍ᠯᠠᠭ᠎ᠠ ᠪᠡᠷ ᠪᠠᠬᠠᠳᠤᠨ ᠰᠠᠢᠰᠢᠶᠠᠬᠤ᠂ ᠬᠤᠪᠢ ᠴᠤᠭᠯᠠᠭᠤᠯᠵᠤ ᠦᠨᠡᠯᠡᠯᠳᠡ ᠵᠢ ᠡᠵᠡᠮᠳᠡᠬᠦ ᠵᠢᠴᠢ ᠰᠦᠯᠵᠢᠶᠡᠨ᠎ᠦ ᠬᠦᠴᠦᠷᠬᠡᠭ᠌ᠯᠡᠯ ᠵᠡᠷᠭᠡ ᠨᠠᠵᠠᠭᠠᠢ ᠦᠵᠡᠭ᠌ᠳᠡᠯ᠎ᠳᠦ ᠲᠤᠢᠯᠪᠤᠷᠢᠲᠠᠢ ᠴᠤᠬᠢᠯᠲᠠ ᠦᠭᠬᠦ ᠬᠡᠷᠡᠭᠲᠡᠢ᠃

ᠬᠣᠶᠠᠷ ᠲᠦ᠍᠂ ᠤᠶᠤᠨ ᠰᠠᠨᠠᠭᠠᠨ᠎ᠤ ᠵᠢᠯᠤᠭᠤᠳᠤᠮᠵᠢ᠎ᠶᠢᠨ ᠬᠤᠪᠢ᠎ᠳᠤ᠂ ᠳᠤᠮᠳᠠᠳᠤ᠎ᠶᠢᠨ ᠵᠣᠷᠢᠭ ᠰᠠᠨᠠᠭ᠎ᠠ᠎ᠶ᠋ᠢ ᠳᠤᠮᠳᠠᠳᠤ ᠤᠯᠤᠰ᠎ᠤᠨ ᠺᠢᠨᠣ᠋ ᠲᠧᠯᠸᠢᠰ᠎ᠵᠦᠴᠦᠭᠡ᠎ᠶᠢᠨ ᠵᠣᠬᠢᠶᠠᠨ ᠪᠦᠲᠦᠭᠡᠯᠭᠡ ᠪᠠ ᠱᠢᠭᠦᠮᠵᠢ᠎ᠶ᠋ᠢᠨ ᠰᠦᠭ ᠰᠦᠨᠡᠰᠦ ᠪᠣᠯᠭᠠᠵᠤ᠂ ᠡᠬᠡ ᠤᠷᠤᠨᠴᠢ ᠦᠵᠡᠯ᠎ᠢ ᠺᠢᠨᠣ᠋ ᠲᠧᠯᠸᠢᠰ ᠵᠦᠴᠦᠭᠡ᠎ᠶᠢᠨ ᠵᠣᠬᠢᠶᠠᠨ ᠪᠦᠲᠦᠭᠡᠯᠭᠡ ᠵᠢᠨ ᠭᠣᠣᠯ ᠬᠦᠭ ᠠᠶᠠᠰ ᠪᠤᠯᠭᠠᠨ᠂ ᠠᠷᠠᠳ ᠲᠦᠮᠡᠨ᠎ᠢ ᠬᠦᠳᠦᠯᠦᠨ ᠵᠢᠯᠣᠭᠣᠳᠴᠤ᠌ ᠵᠥᠪ ᠲᠡᠦᠬᠡ᠎ᠶ᠋ᠢᠨ ᠦᠵᠡᠯᠲᠡ᠂ ᠦᠨᠳᠦᠰᠦᠲᠡᠨ᠎ᠦ ᠦᠵᠡᠯᠲᠡ᠂ ᠤᠯᠤᠰ᠎ᠤᠨ ᠦᠵᠡᠯᠲᠡ᠂ ᠰᠣᠶᠣᠯ᠎ᠤᠨ ᠦᠵᠡᠯᠲᠡ ᠲᠡᠶ ᠪᠣᠯᠭᠠᠬᠤ ᠬᠡᠷᠡᠭ᠌ᠲᠡᠢ᠃ ᠶᠡᠷᠦᠩᠬᠡᠢ ᠱᠦᠵᠢ ᠰᠢ᠎ᠶ᠋ᠢᠨ ᠫᠢᠩ᠄《ᠥᠷᠭᠡᠨ ᠤᠯᠠᠨ ᠤᠳᠭ᠎ᠠ ᠤᠷᠠᠯᠢᠭ᠎ᠤᠨ ᠠᠵᠢᠯᠳᠠᠨ ᠦᠨᠡᠨ ᠰᠠᠢ᠌ᠨ ᠰᠠᠢᠬᠠᠨ᠎ᠤ ᠬᠥᠭᠡᠭᠡᠴᠡᠯᠳᠦᠭ᠌ᠴᠢ ᠪᠠ ᠤᠯᠠᠮᠵᠢᠯᠠᠭ᠍ᠴᠢ ᠪᠤᠯᠵᠤ᠂ ᠡᠷᠬᠢᠮ ᠳᠡᠭᠡᠳᠦ ᠦᠷᠳᠡᠭ᠂ ᠰᠠᠢ᠌ᠨ ᠰᠠᠢᠬᠠᠨ ᠬᠠᠢᠷ᠎ᠠ ᠰᠡᠳᠭᠢᠯᠭᠡ᠎ᠶᠢ ᠥᠪᠡᠷ᠎ᠦᠨ ᠪᠦᠲᠦᠭᠡᠯ᠎ᠳᠡᠭᠡᠨ ᠠᠭᠤᠰᠭᠠᠨ᠂ ᠬᠥᠮᠦᠰ᠎ᠢ ᠬᠦᠳᠦᠯᠥᠨ ᠵᠢᠯᠤᠭᠤᠳᠴᠤ ᠡᠷᠬᠢᠮ ᠳᠡᠭᠡᠳᠦ ᠶᠣᠰᠣ ᠰᠤᠷᠲᠠᠬᠤᠨ ᠲᠠᠢ ᠪᠤᠯᠭᠠᠬᠤ ᠬᠡᠷᠡᠭᠳᠠᠢ᠂ ᠦᠨ᠎ᠠ ᠦᠷᠳᠡᠭ ᠦᠭᠡᠢ ᠢᠨᠢᠶᠡᠳᠤᠮ᠂ ᠬᠣᠷᠢᠭ᠎ᠠ ᠴᠡᠭᠡᠷ ᠦᠭᠡᠢ ᠵᠤᠭ᠎ᠠ ᠴᠡᠩᠭᠡᠯ᠂ ᠴᠢᠬᠡᠴᠢ ᠵᠢᠷᠤᠮ ᠦᠭᠡᠢ ᠬᠣᠭ ᠨᠣᠪᠰᠢᠨ᠎ᠳᠤ ᠪᠢᠳᠡᠨ᠎ᠦ ᠠᠮᠢᠳᠤᠷᠠᠯ᠎ᠢ ᠵᠢᠪᠪᠦᠭᠦᠯᠵᠤ ᠪᠤᠯᠬᠤ ᠦᠭᠡᠢ》 ᠭᠡᠵᠦ  ᠴᠢᠬᠤᠯᠠᠴᠢᠯᠠᠨ ᠵᠢᠭᠠᠵᠤ ᠭᠠᠷᠭᠠᠭᠰᠠᠨ ᠪᠠᠢᠳᠠᠭ᠃ ᠲᠡᠭᠡᠬᠦ ᠪᠡᠷ᠂ ᠺᠢᠨᠣ᠋ ᠲᠧᠯᠸᠢᠰ ᠵᠦᠴᠦᠭᠡ᠎ᠶᠢᠨ ᠱᠢᠭᠦᠮᠵᠢ᠎ᠶ᠋ᠢᠨ ᠠᠵᠢᠯ᠎ᠳᠤ ᠢᠲᠡᠭᠡᠯ ᠪᠢᠱᠢᠷᠡᠯ᠎ᠦᠨ ᠬᠡᠷᠡᠯ ᠭᠢᠯᠪᠠᠭ᠎ᠠ ᠵᠢ ᠰᠠᠴᠤᠷᠠᠭᠤᠯᠤᠨ᠂ ᠡᠷᠬᠢᠮ ᠳᠡᠭᠡᠳᠦ ᠶᠣᠰᠣ ᠰᠤᠷᠲᠠᠬᠤᠨ᠎ᠢ ᠤᠯᠠᠮᠵᠢᠯᠠᠬᠤ ᠪᠠᠷ ᠱᠢᠭᠦᠮᠵᠢ᠎ᠶ᠋ᠢᠨ ᠪᠦᠲᠦᠭᠡᠯ᠎ᠤᠨ ᠭᠣᠣᠯ ᠠᠭᠤᠯᠭ᠎ᠠ ᠪᠠᠨ ᠪᠣᠯᠭᠠᠵᠤ᠂ ᠺᠢᠨᠣ᠋ ᠲᠧᠯᠸᠢᠰ ᠵᠦᠴᠤᠭᠡ᠎ᠶᠢᠨ ᠪᠦᠲᠦᠭᠡᠯ᠎ᠳᠦ ᠢᠯᠡᠷᠡᠭᠦᠯᠦᠭ᠌ᠰᠡᠨ ᠬᠥᠮᠦᠨ ᠲᠥᠷᠥᠯᠬᠢᠲᠡᠨ᠎ᠦ ᠬᠦᠰᠡᠯᠡᠩ᠂ ᠴᠠᠭ ᠦᠶ᠎ᠡ᠎ᠶ᠋ᠢᠨ ᠳᠦᠷᠰᠦ ᠪᠠᠢᠳᠠᠯ᠂ ᠰᠠᠢ᠌ᠨ ᠰᠠᠢᠬᠠᠨ ᠬᠡᠪ ᠰᠤᠷᠲᠠᠯ᠎ᠢ ᠬᠥᠮᠦᠰ᠎ᠦᠨ ᠰᠡᠳᠭᠢᠯ᠎ᠳᠦ ᠭᠦᠨ ᠬᠠᠳᠠᠡᠭᠰᠢᠭᠤᠯᠬᠤ ᠬᠡᠷᠡᠭᠳᠠᠢ; ᠬᠥᠮᠦᠰ᠎ᠤᠨ ᠦᠵᠡᠯ ᠰᠠᠨᠠᠭ᠎ᠠ᠎ᠶ᠋ᠢ ᠰᠡᠩᠬᠡᠷᠡᠭᠦᠯᠤᠨ᠂ ᠰᠡᠳᠭᠢᠯ ᠵᠢᠷᠦᠭᠡ᠎ᠶᠢ ᠨᠢ ᠪᠦᠯᠢᠶᠡᠰᠭᠡᠵᠤ᠂ ᠵᠠᠩ ᠴᠢᠨᠠᠷ᠎ᠢ ᠨᠢ ᠳᠠᠪᠳᠠᠨ ᠪᠣᠯᠪᠠᠰᠤᠷᠠᠭᠤᠯᠬᠤ ᠬᠡᠷᠡᠭᠳᠠᠢ; ᠵᠢᠩᠬᠢᠨᠢ ᠴᠢᠨᠠᠷᠯᠢᠭ᠂ ᠶᠤᠰᠤ ᠰᠤᠷᠳᠠᠬᠤᠨ ᠲᠠᠶ᠂ ᠰᠡᠳᠬᠢᠯᠭᠡ᠎ᠲᠠᠶ ᠱᠢᠯᠢᠳᠡᠭ ᠺᠢᠨᠣ᠋ ᠲᠧᠯᠸᠢᠰ᠎ᠦᠨ ᠪᠦᠲᠦᠭᠡᠯ᠎ᠢ ᠦᠵᠡᠭ᠌ᠴᠢᠳ᠎ᠲᠦ ᠲᠠᠨᠢᠯᠴᠠᠭᠤᠯᠬᠤ ᠬᠡᠷᠡᠭᠳᠠᠢ᠃

ᠭᠤᠷᠪᠠ ᠳ᠋ᠤ᠂ ᠭᠤᠤ᠎ᠠ ᠲᠠᠭᠠᠱᠢᠶᠠᠯ᠎ᠤᠨ ᠰᠡᠩᠬᠡᠷᠡᠭᠦᠯᠦᠯ᠎ᠤᠨ ᠬᠤᠪᠢ᠎ᠳᠤ᠂ 《ᠭᠤᠤ᠎ᠠ ᠰᠠᠢᠬᠠᠨ》 ᠢ᠋ ᠡᠭᠦᠳᠦᠨ ᠪᠦᠲᠦᠭᠡᠬᠦ ᠪᠤᠯ ᠮᠠᠷᠺᠰ᠎ᠤᠨ ᠦᠵᠡᠯ᠎ᠦᠨ ᠤᠳᠭ᠎ᠠ ᠤᠷᠠᠯᠢᠭ᠎ᠤᠨ ᠵᠣᠬᠢᠶᠠᠨ ᠪᠦᠲᠦᠭᠡᠯᠭᠡ ᠵᠢᠨ ᠬᠠᠷᠠᠯᠲᠠ ᠬᠥᠭᠡᠭᠡᠴᠡᠯᠳᠦᠯ ᠪᠠ ᠦᠷᠳᠡᠭ᠎ᠤᠨ ᠬᠠᠨᠳᠤᠰᠢ ᠪᠤᠯᠤᠭᠰᠠᠭᠠᠷ ᠢᠷᠡᠵᠠᠢ᠃ ᠮᠠᠷᠺᠰ ᠡᠩᠭᠧᠯᠰ ᠤᠳᠭ᠎ᠠ ᠤᠷᠠᠯᠢᠭ᠎ᠤᠨ ᠱᠢᠭᠦᠮᠵᠢ᠎ᠶ᠋ᠢᠨ ᠪᠠᠷᠢᠮᠵᠢᠶ᠎ᠠ᠎ᠶ᠋ᠢᠨ ᠲᠤᠬᠠᠢ ᠰᠣᠩᠭᠣᠳᠠᠭ ᠥᠭᠦᠯᠡᠯᠲᠡ᠎ᠳᠡᠭᠡᠨ 《ᠭᠤᠤ᠎ᠠ ᠵᠦᠢ᠎ᠶ᠋ᠢᠨ ᠦᠵᠡᠯᠲᠡ ᠬᠢᠭᠡᠳ ᠲᠡᠦᠬᠡ᠎ᠶ᠋ᠢᠨ ᠦᠵᠡᠯᠲᠡ᠎ᠶ᠋ᠢᠨ ᠨᠢᠭᠡᠳᠦᠯ》  ᠢ᠋ ᠲᠣᠳᠣᠷᠬᠠᠢ ᠳᠤᠷᠠᠳᠤᠨ ᠭᠠᠷᠭᠠᠭᠰᠠᠨ ᠶᠤᠮ᠃ ᠺᠢᠨᠣ᠋ ᠲᠧᠯᠸᠢᠰ ᠵᠦᠴᠦᠭᠡ᠎ᠶᠢᠨ ᠱᠢᠭᠦᠮᠵᠢ᠎ᠶ᠋ᠢᠨ ᠠᠵᠢᠯᠲᠠᠳ ᠨᠢᠳᠤ ᠭᠢᠷᠠᠬᠠᠶ ᠶᠠᠪᠤᠵᠤ᠂ ᠺᠢᠨᠣ᠋ ᠲᠧᠯᠸᠢᠰ ᠵᠦᠴᠦᠭᠡ᠎ᠶᠢᠨ ᠤᠷᠠᠯᠢᠭ᠎ᠤᠨ ᠵᠣᠬᠢᠶᠠᠨ ᠪᠦᠲᠦᠭᠡᠯᠭᠡ᠎ᠶ᠋ᠢᠨ ᠳᠣᠲᠣᠭᠠᠳᠤ ᠵᠢᠮ᠎ᠡ ᠶᠣᠰᠣ ᠪᠠ ᠭᠤᠤ᠎ᠠ ᠵᠦᠶ᠎ᠶ᠋ᠢᠨ ᠵᠢᠮ᠎ᠡ ᠶᠣᠰᠣ᠎ᠶ᠋ᠢ ᠵᠢᠷᠤᠮᠯᠠᠨ᠂ ᠺᠢᠨᠣ᠋ ᠲᠧᠯᠸᠢᠰ᠎ᠵᠦᠴᠦᠭᠡ᠎ᠶᠢᠨ ᠪᠦᠲᠦᠭᠡᠯ᠎ᠦᠨ ᠭᠤᠤ᠎ᠠ ᠲᠠᠭᠠᠱᠢᠶᠠᠯ᠎ᠤᠨ ᠵᠠᠩ ᠴᠢᠨᠠᠷ᠎ᠢ ᠢᠯᠭᠠᠨ ᠲᠠᠨᠢᠵᠤ᠂ ᠢᠲᠡᠭᠡᠯ ᠪᠢᠱᠢᠷᠡᠯ᠎ᠦᠨ ᠭᠤᠤ᠎ᠠ ᠰᠠᠢᠬᠠᠨ᠂ ᠡᠷᠬᠢᠮ ᠳᠡᠭᠡᠳᠦ᠎ᠶᠢᠨ ᠭᠤᠤ᠎ᠠ ᠰᠠᠢᠬᠠᠨ᠎ᠢ ᠮᠠᠭ᠍ᠲᠠᠨ ᠳᠠᠭᠤᠯᠠᠵᠤ᠂ ᠬᠥᠮᠦᠰ᠎ᠤᠨ ᠡᠷᠡᠭᠦᠯ ᠰᠠᠷᠠᠭᠤᠯ ᠭᠤᠤ᠎ᠠ ᠲᠠᠭᠠᠱᠢᠶᠠᠯ ᠪᠠ ᠳᠤᠷ᠎ᠠ ᠰᠣᠨᠢᠷᠬᠠᠯ ᠲᠠᠢ ᠪᠤᠯᠬᠤ᠎ᠳᠤ ᠬᠦᠴᠦᠨ ᠨᠡᠮᠡᠷᠢᠯᠡᠨ᠂ ᠨᠡᠢᠭᠡᠮ ᠨᠡᠢᠳᠡ᠎ᠳᠦ ᠣᠶᠤᠨᠴᠢ ᠭᠤᠤ᠎ᠠ ᠲᠠᠭᠠᠱᠢᠶᠠᠯ᠎ᠤᠨ ᠣᠷᠴᠢᠨ ᠲᠣᠭᠣᠷᠢᠨ᠎ᠢ ᠪᠣᠶ ᠪᠤᠯᠭᠠᠨ᠂ ᠰᠠᠢᠨ ᠰᠠᠢᠬᠠᠨ ᠭᠤᠤ᠎ᠠ ᠲᠠᠭᠠᠱᠢᠶᠠᠯ᠎ᠤᠨ ᠡᠳᠡᠭᠡᠳ᠎ᠢ ᠪᠣᠶ ᠪᠣᠯᠭᠠᠵᠤ᠂ ᠡᠷᠡᠭᠦᠯ ᠰᠠᠢᠬᠠᠨ ᠭᠤᠤ᠎ᠠ ᠲᠠᠭᠠᠱᠢᠶᠠᠯ᠎ᠪᠠ ᠳᠤᠷ᠎ᠠ ᠰᠣᠨᠢᠷᠬᠠᠯ᠎ᠢ ᠬᠥᠮᠦᠵᠢᠭᠦᠯᠬᠦ᠌ ᠡᠴᠤᠰ᠎ᠤᠨ ᠬᠠᠷᠠᠯᠲᠠ᠎ᠶ᠋ᠢ ᠪᠡᠶᠡᠯᠡᠭᠦᠯᠬᠦ᠌ ᠪᠡᠷ ᠴᠢᠷᠮᠠᠢᠬᠤ ᠬᠡᠷᠡᠭ᠌ᠲᠡᠶ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号