ᠶᠡᠬᠡ ᠬᠢᠡᠭ᠌ᠭᠠᠨ ᠳᠠᠪᠠᠭ᠎ᠠ᠎ᠵᠢᠨ ᠤᠢ ᠲᠠᠢ᠌ᠭ᠎ᠠ᠎ᠳᠦ ᠁
2021-11-03 10:49:59
ᠵᠣᠬᠢᠶᠠᠭ᠍ᠴᠢ᠄
ᠼᠠᠢ ᠬᠤᠡᠭ
ᠣᠩᠱᠢᠭ᠍ᠰᠠᠨ ᠣᠳᠠᠭ᠎ᠠ᠄
★★★☆☆

 — 《ᠡᠷᠭᠦᠨ᠎ᠡ ᠭᠤᠤᠯ᠎ᠤᠨ ᠪᠠᠷᠠᠭᠤᠨ ᠡᠷᠭᠢ》 ᠵᠢ ᠤᠩᠰᠢᠭᠠᠳ



ᠵᠤᠬᠢᠶᠠᠯᠴᠢ᠎ᠤ᠋ᠤᠢ ᠽᠢ ᠵᠢᠶᠠᠨ᠎ᠤ 《ᠡᠷᠭᠦᠨ᠎ᠡ ᠭᠤᠤᠯ᠎ᠤᠨ ᠪᠠᠷᠠᠭᠤᠨ ᠡᠷᠭᠢ》ᠭᠡᠬᠦ᠌ ᠨᠤᠮ᠎ᠢ ᠨᠢᠭᠡ ᠭᠠᠷᠠᠭ᠎ᠤᠨ ᠴᠠᠭ ᠵᠠᠷᠤᠴᠠᠭᠤᠯᠤᠨ ᠤᠡᠭ᠌ᠰᠢᠵᠤ ᠳᠠᠭᠤᠰᠭᠠᠯ᠎ᠠ᠃ ᠳᠡᠳᠡᠭᠡᠷ ᠨᠠᠮᠤᠭᠤᠬᠠᠨ ᠦᠳᠡᠰᠢ ᠪᠡᠷ᠂ ᠵᠤᠬᠢᠶᠠᠯ᠎ᠤᠨ ᠭᠤᠤᠯ ᠪᠠᠭᠠᠲᠤᠷ ᠪᠤᠯᠬᠤ ᠠᠢᠮᠠᠭ᠎ᠤᠨ ᠠᠬᠠᠯᠠᠭᠴᠢ᠎ᠶᠢᠨ ᠡᠬᠡᠨᠡᠷ 《ᠪᠢ》ᠵᠢ ᠳᠠᠭᠠᠵᠤ᠂ ᠶᠡᠬᠡ ᠬᠢᠩᠭᠠᠨ ᠳᠠᠪᠠᠭᠠᠨ᠎ᠤ ᠬᠥᠬᠡᠮᠳᠦᠭ ᠨᠣᠭᠣᠭᠠᠨ ᠠᠭᠤᠯᠠ ᠤᠰᠤ᠂ ᠮᠦᠰᠦ ᠴᠠᠰᠤᠨ᠎ᠳᠦ ᠬᠤᠴᠢᠭ᠍ᠳᠠᠭ᠍ᠰᠠᠨ ᠤᠢ ᠲᠠᠢ᠌ᠭ᠎ᠠ ᠪᠡᠷ ᠵᠤᠷᠴᠢᠨ᠂ ᠡᠸᠡᠩᠬᠢᠴᠤᠳ᠎ᠤᠨ ᠡᠬᠡ ᠪᠠᠢ᠌ᠭᠠᠯᠢ᠎ᠶ᠋ᠢ ᠳᠡᠭᠡᠳᠦᠯᠡᠨ᠂ ᠠᠮᠢᠳᠠᠨ ᠵᠢᠷᠭᠤᠭᠠᠨ ᠵᠤᠢᠯ᠎ᠢ ᠡᠨᠡᠷᠢᠳᠡᠭ ᠡᠭᠡᠯ ᠪᠤᠷᠤᠭ᠍ᠵᠢᠭᠤᠨ ᠠᠮᠢᠳᠤᠷᠠᠯ ᠠᠬᠤᠢ᠎ᠶ᠋ᠢ ᠤᠢ᠍ᠢᠯᠠᠭᠠᠨ᠂ ᠴᠠᠭ ᠦᠶ᠎ᠠ᠎ᠶ᠋ᠢᠨ ᠬᠦᠭ᠌ᠵᠢᠯᠳᠡ ᠬᠤᠪᠢᠷᠠᠯᠳᠠ᠎ᠶ᠋ᠢᠨ ᠡᠮᠦᠨᠡᠬᠢ ᠲᠡᠳᠡᠨ᠎ᠤ ᠪᠠᠶᠠᠷ ᠭᠡᠶᠤᠷᠡᠯ᠎ᠢ ᠮᠡᠳᠡᠷᠡᠵᠦ᠍ ᠶᠠᠪᠤᠯ᠎ᠠ᠃

ᠡᠸᠡᠩᠬᠢᠴᠤᠳ ᠡᠷᠳᠡ ᠳᠡᠭᠡᠳᠦ ᠡᠴᠡ ᠪᠡᠨ ᠶᠡᠬᠡ ᠬᠢᠩᠭᠠᠨ ᠳᠠᠪᠠᠭᠠᠨ᠎ᠳᠤ ᠴᠠ ᠪᠤᠭᠤ ᠪᠡᠨ ᠠᠷᠠᠴᠢᠯᠠᠨ ᠲᠡᠵᠢᠭᠡᠵᠦ᠍᠂ ᠪᠦᠭᠡ ᠮᠦᠷᠬᠦᠯ᠎ᠳᠤ ᠢᠲᠡᠭᠡᠵᠤ᠂ ᠲᠦᠳᠡᠭ ᠭᠠᠯ᠎ᠵᠢᠡᠨ ᠲᠤᠭᠤᠷᠢᠨ ᠰᠦ ᠲᠠᠢ ᠴᠠᠢ ᠪᠠᠨ ᠤᠤᠭᠤᠵᠤ᠂ ᠮᠢᠬ᠎ᠠ ᠢᠳᠡᠨ ᠠᠷᠢᠬᠢ ᠤᠤᠭᠤᠵᠤ᠂ ᠬᠠᠡᠭ᠌ᠭᠢᠨᠠᠲᠠᠯ᠎ᠠ ᠢᠨᠢᠶᠡᠨ ᠱᠢᠮᠱᠢᠷᠡᠲᠡᠯ᠎ᠡ ᠤᠬᠢᠯᠠᠵᠤ᠂ ᠱᠢᠪᠡᠭᠡ ᠭᠡᠷ ᠲᠡᠭᠡᠨ ᠬᠤᠨᠤᠵᠤ᠂ ᠬᠦᠷᠦᠭᠡᠰᠦᠨ ᠠᠷᠠᠰᠤ ᠪᠡᠷ ᠬᠤᠪᠴᠠᠰᠤᠯᠠᠠ᠂ ᠡᠬᠡ ᠪᠠᠢ᠌ᠭᠠᠯᠢ᠎ᠵᠢᠨ ᠰᠠᠯᠬᠢ ᠪᠤᠷᠤᠭᠠᠨ ᠳ᠋ᠤ ᠳᠦᠷᠪᠡᠨ ᠤᠯᠠᠷᠢᠯ᠎ᠢ ᠡᠯᠡᠭᠡᠳᠡᠭ ᠪᠠᠢ᠌ᠯ᠎ᠠ᠃ ᠨᠠᠷᠠ᠂ ᠰᠠᠷᠠ᠂ ᠤᠳᠤᠨ ᠪᠤᠯ ᠲᠡᠳᠡᠡ᠎ᠤ ᠠᠮᠢᠳᠤᠷᠠᠯ᠎ᠤᠨ ᠳᠤᠳᠠᠭ᠍ᠳᠠᠰᠢ ᠦᠭᠡᠢ ᠵᠦᠢᠯ᠂ ᠤᠢ ᠲᠠᠢ᠌ᠭ᠎ᠠ᠂ ᠠᠭᠤᠯᠠ ᠲᠤᠯᠤᠭᠠᠳ᠂ ᠭᠤᠤᠯ ᠮᠦᠷᠡᠨ ᠪᠤᠯ ᠲᠡᠳᠡᠨ᠎ᠤ ᠭᠡᠷ ᠤᠷᠤᠨ ᠪᠤᠯᠬᠤ ᠶᠤᠮ᠃ ᠲᠡᠳᠡᠡ ᠴᠠᠭ᠎ᠤᠨ ᠬᠦᠷᠲᠦ ᠵᠢᠨ ᠡᠷᠭᠢᠯᠳᠡ ᠳ᠋ᠤ ᠤᠭᠠᠯᠵᠠᠯᠠᠨ ᠤᠷᠤᠰᠭᠤ ᠡᠷᠭᠦᠨ᠎ᠡ ᠭᠤᠤᠯ᠎ᠢ ᠳᠠᠭᠠᠨ ᠦᠭ᠌ᠰᠦᠨ ᠤᠷᠤᠭᠤᠳᠠᠨ ᠨᠡᠭᠦᠳᠡᠯᠯᠡᠨ ᠠᠮᠢᠳᠤᠷᠠᠵᠤ᠂ ᠦᠨᠳᠦᠷ ᠰᠦᠷᠯᠢᠭ ᠶᠡᠬᠡ ᠭᠢᠡᠭ᠌ᠭᠠᠨ ᠳᠠᠪᠠᠭ᠎ᠠ᠎ᠵᠢᠨ ᠢᠪᠡᠭᠡᠯ᠎ᠳᠤ ᠪᠠᠭ᠍ᠳᠠᠨ ᠠᠵᠤ ᠲᠦᠷᠦᠭ᠌ᠰᠡᠭᠡᠷ ᠢᠷᠡᠵᠠᠢ᠃

ᠨᠤᠮ᠎ᠳᠡᠬᠢ ᠠᠢᠮᠠᠭ᠎ᠤᠨ ᠠᠬᠠᠯᠠᠭᠴᠢ᠎ᠶᠢᠨ ᠡᠬᠡᠨᠡᠷ《ᠪᠢ》ᠶᠡᠬᠡ ᠬᠢᠡᠭ᠌ᠭᠠᠨ ᠳᠠᠪᠠᠭ᠎ᠠ᠎ᠵᠢᠨ ᠤᠢ ᠲᠠᠢ᠌ᠭ᠎ᠠ᠎ᠳᠦ ᠶᠠᠷᠠᠨ ᠬᠡᠳᠦ ᠨᠠᠰᠤᠯᠠᠳᠠᠯ᠎ᠠ ᠠᠮᠢᠳᠤᠷᠠᠵᠤ᠂ ᠠᠯᠢ ᠤᠯᠠᠨ ᠦᠭᠦᠯ ᠬᠠᠭᠠᠴᠠᠯ᠎ᠢ ᠨᠢᠳᠤ ᠪᠡᠷ᠎ᠢᠶᠡᠨ ᠬᠠᠷᠠᠵᠤ ᠪᠡᠶ᠎ᠡ ᠪᠡᠷ᠎ᠵᠢᠡᠨ ᠦᠡᠭ᠌ᠭᠡᠷᠡᠭᠦᠯᠪᠠ᠃ 《ᠴᠠᠭ ᠴᠠᠭ᠎ᠵᠢᠡᠷ᠎ᠵᠢᠡᠨ ᠪᠠᠢ᠌ᠳᠠᠭ ᠦᠭᠡᠢ》 ᠭᠡᠳᠡᠭ᠌ᠴᠢᠯᠡᠨ᠂ ᠡᠨᠡ ᠬᠦ᠌ ᠵᠠᠭᠤ ᠱᠢᠬᠠᠮ ᠵᠢᠯ᠎ᠤᠨ ᠬᠤᠭᠤᠴᠠᠭᠠᠨ᠎ᠳᠤ ᠶᠡᠬᠡ ᠬᠢᠩᠭᠠᠨ ᠳᠠᠪᠠᠭᠠᠨ᠎ᠤ ᠠᠭᠤᠯᠠᠷᠬᠠᠭ ᠤᠷᠤᠨ ᠡᠴᠡ ᠭᠠᠳᠠᠨᠠᠬᠢ ᠳᠡᠯᠡᠬᠡᠢ ᠶᠢᠷᠲᠢᠨᠴᠦ᠍᠎ᠳᠤ ᠲᠩᠷᠢ ᠭᠠᠵᠠᠷ᠎ᠢ ᠲᠤᠩᠰᠤᠯᠭᠠᠮ᠎ᠠ ᠬᠤᠪᠢᠷᠠᠯᠲᠠ ᠭᠠᠷᠴᠤ᠌᠂ ᠤᠯᠠᠮᠵᠢᠯᠠᠯᠳᠦ ᠠᠮᠢᠳᠤᠷᠠᠯ ᠴᠤ᠌ ᠤᠳᠤᠬᠢᠴᠢᠯᠠᠯᠲᠠ᠎ᠵᠢᠨ ᠤᠷᠤᠰᠭᠠᠯ᠎ᠢ ᠠᠶᠠᠳᠠᠨ ᠬᠦᠭᠵᠢᠨ ᠬᠤᠪᠢᠷᠠᠭᠰᠠᠨ ᠪᠠᠢᠨ᠎ᠠ ᠁

ᠵᠤᠬᠢᠶᠠᠭᠴᠢ ᠡᠴᠡ ᠲᠤᠰ ᠨᠤᠮ᠎ᠳᠠᠭᠠᠨ ᠡᠸᠡᠡᠭ᠌ᠬᠢᠴᠤᠳ᠎ᠤᠨ ᠡᠳᠦᠷ ᠲᠤᠳᠤᠮ᠎ᠤᠨ ᠠᠬᠤᠢ ᠠᠮᠢᠳᠤᠷᠠᠯ᠎ᠳᠦ ᠰᠠᠭᠤᠷᠢᠯᠠᠨ ᠳ᠋ᠠᠮᠠᠯᠠ᠂ ᠯᠢᠨᠺ᠂ ᠨᠢᠳ᠋ᠦ᠋ ᠪᠦᠭᠡ᠂ ᠢᠸᠠᠨ᠂ ᠢᠹᠤᠯᠢᠨ ᠵᠢᠴᠢ ᠯᠦᠨᠢ᠂ ᠨᠢᠬᠤᠤ᠂ ᠯᠠᠵᠢᠳ᠋ᠡ᠂ ᠸᠠᠯᠦᠢ᠍ᠸᠧᠵᠢᠶᠠ᠂ ᠢᠯᠢᠶᠠᠨᠨᠠ ᠵᠡᠷᠭᠡ ᠳᠦᠷᠢ᠎ᠵᠢ ᠠᠮᠢᠳᠦ ᠳᠦᠷᠰᠦᠯᠢᠭ᠎ᠪᠦᠲᠦᠭᠡᠵᠠᠢ᠃ ᠲᠡᠳᠡᠨ ᠬᠠᠬᠢᠷ ᠡᠪᠤᠯ᠂ ᠲᠤᠭ᠍ᠰᠢᠨ ᠠᠷᠢᠶᠠᠲᠠᠨ᠂ ᠬᠢᠵᠢᠭ ᠲᠠᠬᠤᠯ ᠁᠎ᠵᠡᠷᠭᠡ᠎ᠳᠤ ᠲᠤᠯᠭᠠᠷᠠᠬᠤ ᠪᠡᠷᠬᠡ ᠬᠠᠳᠠᠭᠤᠵᠢᠯᠳᠤ ᠤᠷᠴᠢᠨ᠎ᠳᠤ ᠠᠵᠤ ᠲᠦᠷᠦᠨ ᠠᠮᠢᠳᠤᠷᠠᠨ᠎ᠠ ; ᠲᠡᠳᠡᠨ ᠤᠳᠤ ᠦᠶ᠎ᠡ᠎ᠵᠢᠨ ᠪᠤᠯᠪᠠᠰᠤᠨ᠎ᠤ ᠨᠦᠯᠦᠭᠡ ᠳᠤᠮᠳᠠ ᠤᠷᠤᠱᠢᠨ ᠲᠤᠭ᠍ᠲᠠᠨᠢᠬᠤ ᠠᠷᠭ᠎ᠠ ᠵᠠᠮ᠎ᠢᠶᠡᠨ ᠬᠠᠢ᠌ᠨ᠎ᠠ; ᠳᠡᠲᠡᠨ ᠠᠮᠢᠳᠤᠷᠠᠯ᠎ᠤᠨ ᠬᠠᠯᠠ ᠵᠤᠪᠠᠯᠠᠡᠭ᠎ᠢ ᠰᠦᠷᠦᠨ ᠡᠷᠡᠰ ᠬᠠᠳᠠᠨ ᠵᠠᠩ ᠴᠢᠨᠠᠷ ᠲᠠᠢ ᠶᠠᠪᠤᠨ᠎ᠠ᠃ ᠲᠡᠳᠡ ᠨᠢᠭᠡ ᠬᠡᠮᠵᠢᠶᠠᠨ᠎ᠠ ᠡᠳᠦᠷ ᠡᠴᠡ ᠡᠳᠦᠷ ᠬᠦᠭ᠌ᠵᠢᠨ ᠬᠤᠪᠢᠷᠠᠵᠤ ᠪᠠᠢ᠌ᠭ᠎ᠠ ᠭᠠᠳᠠᠭᠠᠳᠤ ᠶᠢᠷᠲᠢᠨᠴᠦ᠍ ᠲᠠᠢ ᠬᠡᠷᠬᠢᠨ ᠠᠭᠤᠰᠤᠯᠴᠠᠨ ᠬᠡᠷᠬᠢᠨ ᠵᠤᠬᠢᠴᠠᠬᠤ ᠪᠠᠨ ᠮᠡᠳᠡᠬᠦ᠌ ᠦᠭᠡᠢ ᠪᠠᠢ᠌ᠵᠠᠢ ᠁

ᠵᠤᠬᠢᠶᠠᠯᠴᠢ ᠡᠸᠡᠡᠭ᠌ᠬᠢᠴᠤᠳ᠎ᠤᠨ ᠡᠢ᠌ᠨ ᠬᠦ᠌ ᠪᠠᠢ᠌ᠳᠠᠯ᠎ᠢ ᠨᠢᠳᠦᠨ ᠳ᠋ᠤ ᠦᠵᠡᠭ᠌ᠳᠡᠵᠤ ᠭᠠᠷ ᠲᠦ᠍ ᠪᠠᠷᠢᠭ᠍ᠳᠠᠮ᠎ᠠ ᠳᠦᠷᠰᠦᠯᠡᠵᠦ᠍᠂ ᠤᠩᠱᠢᠬᠤ ᠪᠡᠷ ᠪᠡᠶ᠎ᠡ ᠪᠡᠷ᠎ᠵᠢᠠᠡ ᠦᠡᠭ᠌ᠭᠡᠷᠡᠭᠦᠯᠦᠭ᠌ᠰᠡᠨ ᠮᠡᠲᠦ ᠲᠦᠷᠦᠭ᠌ᠳᠡᠯ ᠤᠯᠤᠨ᠎ᠠ᠃

 ᠨᠤᠮ ᠡᠴᠡ ᠰᠠᠯᠵᠤ ᠰᠤᠨᠢᠨ ᠮᠡᠳᠡᠭᠡ ᠵᠠᠭᠤᠴᠢᠯᠠᠭᠤᠷ᠎ᠤᠨ ᠮᠡᠳᠡᠬᠡᠯᠡᠯ᠎ᠢ ᠠᠵᠢᠭᠯᠠᠪᠠᠯ ᠂ ᠤᠳᠤ᠎ᠶ᠋ᠢᠨ ᠡᠸᠠᠡᠭ᠌ᠬᠢᠴᠤᠳ ᠤᠷᠤᠨ ᠨᠤᠳᠤᠬ᠎ᠤᠨ ᠤᠨᠴᠠᠯᠢᠭ᠎ᠲᠠᠭᠠᠨ ᠰᠠᠭᠤᠷᠢᠯᠠᠨ ᠵᠢᠭᠤᠯᠴᠢᠯᠠᠯ᠎ᠤᠨ ᠦᠢᠯᠡᠰ᠎ᠢ ᠬᠦᠭ᠌ᠵᠢᠭᠦᠯᠵᠦ᠍᠂ ᠤᠯᠠᠮᠵᠢᠯᠠᠯᠳᠤ ᠰᠤᠶᠤᠯ᠎ᠢᠶᠡᠨ ᠬᠠᠮᠠᠭᠠᠯᠠᠬᠤ᠎ᠶ᠋ᠢᠨ ᠬᠠᠮᠳᠤ ᠭᠠᠳᠠᠭ᠍ᠰᠢ ᠤᠬᠠᠭᠤᠯᠵᠤ ᠂ ᠤᠯᠠᠨ᠎ᠳᠤ ᠲᠠᠨᠢᠭᠤᠯᠤᠨ ᠂ ᠰᠤᠶᠤᠯ᠎ᠤᠨ ᠪᠦᠲᠦᠭᠡᠭ᠌ᠳᠡᠭᠦᠨ᠎ᠢᠶᠡᠨ ᠵᠢᠭᠤᠯᠴᠢᠯᠠᠭ᠍ᠰᠠᠳ ᠲᠦ᠍ ᠪᠤᠷᠤᠯᠠᠭᠤᠯᠵᠤ ᠤᠷᠤᠯᠭ᠎ᠠ ᠨᠡᠮᠡᠭ᠌ᠳᠡᠨ ᠠᠮᠦᠷ ᠲᠠᠢᠪᠤᠡᠭ ᠠᠵᠤ ᠲᠦᠷᠦᠵᠦ᠍ ᠪᠠᠢᠨ᠎ᠠ᠃ ᠠᠮᠢᠳᠤᠷᠠᠯ ᠶᠠᠮᠠᠷ ᠨᠢᠭᠡ ᠪᠤᠯᠤᠮᠵᠢ᠎ᠶ᠋ᠢ ᠬᠠᠭᠠᠪᠠᠯ ᠱᠢᠨ᠎ᠠ ᠨᠢᠭᠡᠨ ᠪᠤᠯᠤᠮᠵᠢ ᠵᠢ ᠨᠡᠭᠡᠭᠡᠵᠦ᠍ ᠦᠭ᠌ᠳᠡᠭ ᠤᠴᠢᠷᠳᠠᠢ᠃

ᠲᠤᠰ ᠪᠦᠲᠦᠭᠡᠯ᠎ᠳᠦ ᠵᠢᠷᠤᠭ᠍ᠯᠠᠭ᠍ᠰᠠᠨ ᠠᠮᠢᠳᠤᠷᠠᠯ ᠨᠢ ᠪᠦᠷ ᠡᠬᠡ ᠪᠠᠢ᠌ᠭᠠᠯᠢ ᠲᠠᠢ ᠨᠢᠭ᠍ᠲᠠ ᠬᠠᠷᠢᠴᠠᠭ᠎ᠠ ᠲᠠᠢ ᠶᠤᠮ᠃ ᠡᠸᠡᠡᠭ᠌ᠬᠢᠴᠤᠳ ᠡᠬᠡ ᠪᠠᠢ᠌ᠭᠠᠯᠢ᠎ᠶ᠋ᠢᠨ ᠬᠡᠱᠢᠭ᠎ᠢ ᠬᠦᠷᠲᠡᠵᠦ᠍᠂ ᠡᠬᠡ ᠪᠠᠢ᠌ᠭᠠᠯᠢ᠎ᠪᠡᠨ ᠲᠡᠭᠡᠳᠦᠯᠡᠨ᠂ ᠡᠬᠡ ᠪᠠᠢ᠌ᠭᠠᠯᠢ ᠲᠠᠢ ᠪᠠᠨ ᠵᠤᠬᠢᠴᠠᠵᠤ ᠠᠮᠢᠳᠤᠷᠠᠳᠠᠭ᠃ ᠠᠡᠭ ᠠᠡᠭ᠌ᠨᠠᠪᠠᠯ ᠤᠷᠢᠳ ᠵᠢᠨᠷ  ᠰᠠᠬᠢᠭᠤᠰᠤ᠎ᠳᠠᠭᠠᠨ ᠡᠷᠭᠦᠬᠦ᠂ ᠨᠠᠰᠤ ᠨᠦᠭ᠌ᠴᠢᠪᠡᠯ ᠰᠠᠯᠬᠢᠨ᠎ᠳᠦ ᠤᠷᠤᠱᠢᠭᠤᠯᠬᠤ ᠵᠡᠷᠭᠡ ᠵᠠᠩ ᠵᠠᠩᠱᠢᠯ ᠨᠢ ᠪᠦᠷ ᠡᠸᠡᠡᠭ᠌ᠬᠢᠴᠤᠳ᠎ᠤᠨ ᠡᠬᠡ ᠪᠠᠢ᠌ᠭᠠᠯᠢ᠎ᠵᠢ ᠳᠡᠭᠡᠳᠦᠯᠡᠬᠦ᠌ ᠰᠡᠳᠭᠢᠯᠭᠡ ᠵᠢᠨ ᠢᠯᠡᠷᠡᠯ ᠪᠤᠯᠤᠨ᠎ᠠ᠃ ᠲᠤᠰ ᠨᠤᠮ ᠳ᠋ᠤ ᠤᠳᠤ ᠦᠶ᠎ᠡ᠎ᠵᠢᠨ ᠪᠤᠯᠪᠠᠰᠤᠨ᠎ᠤ ᠡᠬᠡ ᠪᠠᠢ᠌ᠭᠠᠯᠢ᠎ᠳᠤ ᠦᠵᠡᠭᠦᠯᠦᠭ᠌ᠰᠡᠨ ᠨᠦᠯᠦᠭᠡ᠎ᠵᠢ ᠳᠡᠯᠭᠡᠬᠦ᠌᠎ᠵᠢᠨ ᠬᠠᠮᠲᠤ ᠪᠠᠰᠠ ᠡᠸᠡᠡᠭ᠌ᠬᠢᠴᠤᠳ᠎ᠤᠨ ᠬᠤᠲᠠ᠎ᠵᠢᠨ ᠠᠮᠢᠳᠤᠷᠠᠯ ᠲᠠᠢ ᠠᠡᠭ᠌ᠬ᠎ᠠ ᠤᠢ᠍ᠢᠷᠠᠳᠭᠤ ᠦᠶ᠎ᠡ᠎ᠵᠢᠨ ᠠᠯᠮᠠᠢ᠌ᠷᠠᠯ᠎ᠢ ᠢᠯᠡᠷᠡᠭᠦᠯᠵᠡᠢ᠃ 《ᠡᠷᠭᠦᠨ᠎ᠡ ᠭᠤᠤᠯ᠎ᠤᠨ ᠪᠠᠷᠠᠭᠤᠨ ᠡᠷᠭᠢ》 ᠪᠤᠯ ᠠᠮᠢ ᠠᠬᠤᠢ᠎ᠵᠢᠨ ᠭᠤᠤᠯ ᠰᠡᠳᠦᠪᠳᠤ ᠤᠷᠠᠨ ᠪᠦᠲᠦᠭᠡᠯ ᠭᠡᠵᠦ᠍ ᠵᠠᠷᠢᠮ ᠬᠦᠮᠦᠨ ᠦᠵᠡᠳᠡᠭ᠃ ᠪᠢ ᠴᠤ᠌ ᠢᠩᠬᠢᠵᠦ᠍ ᠦᠵᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠤᠶᠤᠨᠲᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号