ᠠᠢ ᠬᠦᠬᠡᠷᠦᠬᠦᠢ᠂ ᠬᠤᠨᠢᠴᠢᠨ ᠨᠣᠬᠠᠢ ᠭᠤᠯᠣᠭ᠍ᠳᠠᠭ᠍ᠰᠠᠨ ᠪᠢᠰᠢ᠂ ᠬᠡᠷ᠎ᠤᠨ ᠡᠵᠡᠨ
ᠠᠷᠢᠬᠢᠴᠢᠨ ᠪᠣᠯᠬᠤᠷ ᠮᠦᠩᠬᠦ᠌᠎ᠪᠠᠷ ᠭᠠᠴᠢᠭ᠍ᠳᠠᠵᠣ ᠮᠠᠢᠮᠠᠢᠴᠢᠨ᠎ᠳᠤ ᠬᠤᠳᠠᠯᠳᠣᠭ᠍ᠳᠠᠵᠣ ᠳ᠋ᠠ᠃ ᠮᠠᠭᠤ
ᠢᠷᠡᠪᠡᠯ ᠲᠠᠪᠬᠤᠷ ᠬᠡᠵᠣ᠂ ᠦᠨᠦᠬᠢ᠎ᠨᠢ ᠬᠡᠷ ᠮᠠᠨᠠᠭᠤᠯᠣᠨᠠ ᠬᠡᠵᠣ ᠠᠪᠣᠭ᠍ᠰᠠᠨ ᠴᠣ᠌ ᠦᠷᠳᠡᠭ ᠲᠠᠭᠠᠷᠠᠭᠠᠳ
ᠨᠣᠬᠠᠢ᠎ᠶ᠋ᠢᠨ ᠮᠢᠬ᠎ᠠ ᠬᠤᠳᠠᠯᠳᠣᠳᠠᠭ ᠬᠤᠭᠤᠯᠠᠨ ᠬᠡᠷ᠎ᠲᠤ ᠭᠠᠷ ᠲᠠᠮᠵᠢᠭᠤᠯᠣᠨ ᠦᠭ᠌ᠴᠢᠬᠡᠵᠠᠢ᠃
ᠪᠡᠶᠡᠷᠬᠡᠭ᠂ ᠲᠦᠷᠪᠡᠨ ᠨᠢᠳᠣᠳᠠᠢ᠂ ᠲᠠᠷᠭᠤᠨ ᠣᠯᠠᠭᠠᠨ ᠬᠠᠯᠳᠠᠷ ᠬᠤᠭᠤᠯᠠᠨ ᠬᠡᠷ᠎ᠤᠨ
ᠡᠵᠠᠨ᠎ᠳᠤ ᠶᠡᠭᠡ ᠲᠠᠭᠠᠯᠠᠭ᠍ᠳᠠᠵᠣ ᠦᠨ᠎ᠡ ᠬᠠᠢᠷᠠᠯᠠᠭ᠍ᠰᠠᠨ ᠦᠬᠡᠢ᠃ ᠬᠡᠨᠵᠡᠯᠡᠵᠣ ᠮᠣᠳᠣᠨ᠎ᠠᠴᠠ ᠣᠶᠠᠵᠣ ᠴᠣᠣᠵᠢᠯᠠᠭᠠᠳ ᠡᠬᠦᠳᠡᠨ
ᠲᠡᠬᠡᠷ᠎ᠡ᠎ᠪᠠᠨ᠄ 《ᠮᠠᠷᠭᠠᠰᠢ ᠦᠷᠯᠦᠬᠡ ᠨᠣᠬᠠᠢ᠎ᠶ᠋ᠢᠨ
ᠱᠢᠨ᠎ᠡ ᠰᠣᠷᠭᠤᠭ ᠮᠢᠬ᠎ᠠ ᠬᠤᠳᠠᠯᠳᠣᠨ᠎ᠠ᠃ ᠡᠪᠠᠳᠴᠢᠯᠡᠭ᠌ᠰᠡᠨ ᠬᠦᠮᠦᠨ ᠡᠷᠡᠬᠦᠯᠵᠢᠨᠡ ᠂ ᠠᠮᠰᠠᠭ᠍ᠰᠠᠨ
ᠬᠦᠮᠦᠨ ᠴᠢᠬᠢᠷᠠᠭ᠍ᠵᠢᠨᠠ᠂ ᠦᠵᠡᠭ᠌ᠰᠡᠨ ᠬᠦᠮᠦᠨ ᠦᠯᠦᠰᠣᠨᠡ᠂ ᠲᠠᠮᠵᠢᠭᠤᠯᠣᠭ᠍ᠰᠠᠨ ᠬᠦᠮᠦᠨ ᠲᠡᠪᠱᠢᠨᠡ》
ᠬᠡᠰᠡᠨ ᠨᠠᠭᠠᠭ᠍ᠰᠠᠨ ᠵᠡᠷᠢ ᠦᠨᠦᠬᠢ ᠨᠣᠬᠠᠢ᠎ᠶ᠋ᠢᠨ ᠮᠢᠬᠠᠨ ᠨᠢᠳᠣ᠎ᠨᠢ
ᠪᠢᠰᠢ᠂ ᠪᠢᠯᠢᠭ᠎ᠤᠨ ᠨᠢᠳᠣ᠎ᠨᠢ ᠣᠩᠱᠢᠵᠣ ᠦᠭ᠌ᠴᠡᠢ᠃ ᠨᠣᠬᠠᠢ᠎ᠶ᠋ᠢᠨ ᠲᠠᠷᠢᠬᠢ ᠰᠣᠨᠣᠰᠣᠭᠠᠳ ᠰᠣᠴᠢᠵᠣ᠄
《ᠵᠠ᠂ ᠡᠨᠡ ᠰᠦᠨᠢ ᠠᠮᠵᠢᠵᠣ ᠲᠣᠳᠠᠭᠠᠬᠤ ᠦᠬᠡᠢ ᠪᠣᠯ
ᠮᠠᠷᠭᠠᠰᠢ ᠦᠷ ᠴᠠᠢᠬᠤ᠎ᠳᠤ ᠦᠬᠦᠳᠡᠯ ᠪᠣᠯᠣᠨ᠎ᠡ ᠬᠡᠰᠡᠨ ᠦᠬᠡ᠃ ᠮᠠᠨ᠎ᠤ ᠮᠢᠬ᠎ᠠ᠎ᠶ᠋ᠢ ᠦᠳᠡᠰᠢ ᠬᠤᠳᠳᠤᠭ᠎ᠲᠤ
ᠲᠡᠬᠦᠵᠢᠯᠡᠵᠣ ᠬᠤᠨᠣᠭᠤᠯᠪᠠᠯ ᠠᠮᠳᠠ᠎ᠨᠢ ᠰᠣᠷᠭᠤᠭ ᠪᠣᠯᠳᠠᠭ᠎ᠢ ᠪᠢ ᠨᠣᠮ᠎ᠠᠴᠠ ᠣᠩᠱᠢᠵᠣ ᠣᠬᠠᠭᠠᠷᠠᠭ᠍ᠰᠠᠨ
ᠶᠣᠮ᠃ ᠵᠠᠯᠬᠠᠭᠤ
ᠡᠷ᠎ᠡ ᠲᠠᠭᠠᠷᠠᠵᠣ ᠳ᠋ᠠ᠂ ᠦᠬᠡᠢ ᠪᠣᠯ ᠡᠨᠡ ᠣᠷᠣᠢ ᠲᠣᠨᠢᠯᠭᠠᠳᠠᠭ ᠣᠴᠢᠷᠳᠡᠢ᠃ ᠴᠠᠭ ᠬᠢᠷᠢᠲᠠᠢ
ᠲᠡᠬᠦᠵᠢᠯᠡᠬᠦ᠌ ᠦᠬᠡᠢ ᠬᠤᠳᠳᠤᠭ᠎ᠲᠤ ᠬᠤᠨᠣᠭᠤᠯᠣᠭ᠍ᠰᠠᠨ ᠪᠣᠯᠵᠣ ᠬᠡᠷᠡᠭ᠌ᠯᠡᠭ᠌ᠴᠢᠳ᠎ᠢ ᠮᠡᠬᠡᠯᠡᠬᠦ᠌
ᠰᠠᠨᠠᠭ᠎ᠠ᠎ᠲᠠᠢ ᠲᠠᠮᠱᠢᠭ᠃
ᠲᠡᠬᠡᠶᠡ ᠶᠠᠭᠠᠬᠢᠬᠤ ᠪᠣᠢ᠂ ᠮᠠᠨᠳᠤ ᠠᠮᠢ ᠮᠣᠯᠳᠣᠷᠠᠬᠤ ᠵᠠᠢ ᠭᠠᠷᠭᠠᠵᠣ ᠪᠠᠢᠭ᠎ᠠ ᠬᠡᠷᠡᠭ᠃ ᠬᠤᠷᠳᠣᠯᠠᠬᠤ
ᠣᠬᠠᠭᠠᠨ ᠬᠢᠶ᠎ᠡ》 ᠬᠡᠵᠣ ᠲᠣᠯᠣᠭᠠᠢ᠎ᠳᠤ ᠬᠡᠯᠡᠪᠡ᠃
ᠨᠣᠢᠷᠮᠣᠭ᠍ᠯᠭ᠍ᠰᠠᠨ ᠲᠣᠯᠣᠭᠠᠢ ᠲᠡᠬᠦᠨ᠎ᠠᠴᠠ ᠲᠣᠣᠷ᠎ᠠ ᠦᠬᠡᠢ
ᠪᠠᠵᠠᠭᠠᠳᠠᠵᠣ ᠶᠠᠪᠣᠬᠤ ᠬᠡᠰᠡᠨ᠎ᠳᠤ ᠬᠦᠵᠦᠬᠦᠨ᠎ᠳᠤ ᠬᠢᠨᠵᠢ᠎ᠲᠠᠢ᠃ ᠲᠡᠷᠡ ᠮᠦᠷᠳᠡᠭᠡᠨ ᠴᠣᠣᠵᠢᠯᠠᠭᠠᠰᠣᠳᠠᠢ᠃
ᠶᠠᠭᠠᠬᠢᠵᠣ ᠯᠠ ᠰᠣᠭᠤᠯᠵᠣ ᠭᠠᠷᠬᠤ ᠳ᠋ᠠ᠃ ᠠᠷᠭ᠎ᠠ ᠮᠣᠬᠤᠵᠣ᠄ 《ᠬᠦᠯ
ᠡ! ᠡᠷᠢᠶ᠎ᠡ! ᠲᠦᠯᠬᠢᠬᠦᠷ᠎ᠨᠢ
ᠬᠠᠮᠢᠭ᠎ᠠ ᠪᠠᠢᠳᠠᠭ ᠪᠣᠯ?》 ᠬᠡᠪᠡ᠃
《ᠪᠢ ᠮᠡᠳᠡᠬᠦ᠌᠎ᠪᠠᠷ ᠶᠠᠮᠠᠷᠲᠤᠪᠠᠨ ᠨᠠᠮ᠎ᠠ᠎ᠠᠴᠠ
ᠲᠡᠬᠦᠵᠢᠯᠡᠵᠣ ᠪᠠᠢᠨ᠎ᠠ ᠤᠤ? ᠪᠠᠢᠳᠠᠭᠤᠨᠳᠤᠪᠠᠨ ᠯᠠ ᠪᠠᠢᠬᠤ ᠪᠣᠢ᠃ ᠲᠡᠬᠡᠶᠡ ᠡᠬᠦᠳᠡᠨ ᠲᠡᠬᠡᠷ᠎ᠡ 〈ᠬᠦᠯ ᠬᠤᠷᠢᠭ᠎ᠠ᠎ᠲᠠᠢ〉 ᠬᠡᠵᠣ ᠪᠢᠴᠢᠵᠣ ᠪᠠᠢᠬᠤ
ᠪᠢᠰᠢ ᠶᠣᠮ ᠤᠤ? ᠲᠠᠢᠮᠣ ᠶᠠᠭᠤᠮ᠎ᠡ᠎ᠲᠠᠢ ᠪᠣᠯ ᠮᠢᠨᠣ ᠰᠠᠨᠠᠭ᠎ᠠ
ᠪᠠᠢᠭ᠍ᠰᠠᠨ ᠴᠣ᠌ ᠣᠨᠤᠭ᠎ᠠ ᠬᠦᠷᠳᠡᠭ ᠦᠬᠡᠢ ᠶᠣᠮ᠃ ᠦᠬᠡᠷ᠎ᠡ ᠠᠷᠭ᠎ᠠ ᠪᠣᠳᠣᠬᠤ᠎ᠠᠴᠠ ᠁》 ᠬᠡᠵᠣ ᠲᠦᠷᠪᠡᠨ ᠮᠦᠴᠡ ᠰᠡᠳᠭᠢᠯ ᠵᠣᠪᠠᠨ ᠦᠬᠦᠯᠡᠬᠦ᠌᠎ᠨᠢ ᠡᠯᠢᠬᠡ ᠵᠦᠰᠦᠮ᠎ᠡ᠃
ᠲᠣᠯᠣᠭᠠᠢ ᠬᠦᠵᠦᠬᠦᠣ ᠣᠷᠣᠭᠤ ᠣᠷᠮ᠎ᠠ ᠮᠠᠭᠤᠳᠠᠢ
ᠬᠠᠷᠠᠭ᠍ᠰᠠᠨ᠎ᠢᠶᠠᠨ᠄ 《ᠵᠠ᠂ ᠲᠡᠬᠡᠪᠡᠯ ᠪᠢ ᠯᠠ ᠦᠩᠬᠦᠷᠢᠳᠡᠭ ᠬᠡᠷᠡᠭ
ᠪᠣᠯᠵᠣ ᠳ᠋ᠠ᠃ ᠵᠢᠭᠠᠬᠠᠨ ᠡᠪᠡᠳᠦᠳᠡᠭ ᠶᠣᠮ᠃ ᠦᠬᠦᠬᠦ᠌᠎ᠶ᠋ᠢᠨ ᠣᠷᠣᠨ᠎ᠳᠤ ᠲᠡᠷᠡ ᠵᠢᠭ᠎ᠠ ᠵᠣᠪᠠᠯᠠᠩ ᠴᠣ᠌
ᠶᠠᠭᠤᠮ᠎ᠠ ᠪᠢᠰᠢ᠃ ᠶᠠᠪᠣᠶ᠎ᠠ》 ᠬᠡᠳ ᠬᠦᠳᠡᠯᠦᠯ᠎ᠡ᠃ ᠬᠦᠵᠦᠬᠦᠣ᠎ᠪᠠᠷ
ᠬᠦᠯᠯᠡᠵᠣ ᠮᠦᠯᠬᠦᠬᠦ᠌ ᠬᠡᠰᠡᠨ ᠲᠡᠬᠦᠨ᠎ᠤ ᠰᠠᠨᠠᠭ᠎ᠠ ᠪᠣᠳᠣᠯ᠎ᠢᠶᠠᠷ ᠪᠣᠯᠣᠭ᠍ᠰᠠᠨ ᠦᠬᠡᠢ᠃ ᠦᠩᠬᠦᠷᠢᠨ
ᠡᠬᠦᠳᠡᠨ ᠵᠠᠪᠰᠠᠷ᠎ᠢᠶᠠᠷ ᠱᠢᠷᠭᠤᠨ ᠣᠷᠣᠭᠠᠳ ᠡᠷᠢᠯ ᠪᠣᠯᠵᠣ ᠶᠠᠪᠣᠳᠠᠯ᠎ᠠ ᠪᠠᠭ᠍ᠯᠠᠭ᠎ᠠ ᠲᠦᠯᠬᠢᠬᠦᠷ
ᠪᠠᠯᠭᠠᠰᠣᠨ ᠲᠡᠬᠡᠷ᠎ᠡ ᠡᠯᠬᠦᠴᠢᠬᠡᠭ᠌ᠰᠡᠨ ᠬᠠᠷᠠᠭ᠍ᠳᠠᠪᠠ᠃ ᠪᠠᠶᠠᠷᠯᠠᠭ᠍ᠰᠠᠨ ᠬᠡᠷᠢᠶ᠎ᠡ ᠪᠠᠷᠬᠢᠷᠠᠭ᠎ᠠ ᠬᠡᠵᠣ
ᠳ᠋ᠠ᠂ ᠬᠡᠯᠡᠬᠦ᠌ ᠠᠷᠭ᠎ᠠ ᠪᠠᠢᠨ᠎ᠠ ᠤᠤ? ᠬᠤᠯᠠᠭᠠᠢᠴᠢ
ᠶᠠᠪᠣᠭ᠍ᠰᠠᠨ᠎ᠢᠶᠠᠨ ᠮᠠᠷᠳᠠᠵᠣ ᠠᠪᠬᠤ ᠬᠡᠮᠡᠨ ᠦᠨᠳᠡᠢᠳᠡᠯᠡ᠄
《ᠬᠡᠷ᠎ᠲᠤ ᠶᠠᠭᠤᠨ᠎ᠤ ᠨᠣᠬᠠᠢ᠎ᠶ᠋ᠢᠨ ᠲᠣᠯᠣᠭᠠᠢ
ᠬᠠᠶᠠᠴᠢᠬᠠᠭ᠍ᠰᠠᠨ ᠶᠣᠮ? ᠬᠤᠶᠠᠷ ᠬᠤᠨᠳᠠᠭ᠎ᠠ ᠱᠢᠮᠡᠴᠢᠬᠡᠪᠡᠯ
ᠶᠠᠭᠠᠬᠢᠳᠠᠭ ᠶᠣᠮ? ᠵᠦᠨᠦᠵᠣ ᠠᠬᠤᠢᠯᠠᠵᠣ ᠴᠡᠪᠡᠷᠯᠡᠬᠦ᠌᠎ᠪᠠᠨ
ᠬᠦᠷᠳᠡᠯ᠎ᠡ ᠮᠠᠳᠡᠬᠦ᠌ ᠦᠬᠡᠢ》 ᠬᠡᠰᠡᠨ ᠲᠠᠭᠤ ᠲᠠᠴᠢᠬᠢᠨᠠᠵᠣ ᠬᠠᠳᠠᠭᠤ ᠱᠦᠪᠦᠬᠡᠷ ᠬᠤᠩᠱᠢᠶᠠᠷ
ᠪᠣᠯᠣᠩ ᠣᠷᠣᠭᠤ 《ᠲᠦᠰ》 ᠬᠡᠳᠡᠯ᠎ᠡ
ᠢᠰᠭᠦᠯᠵᠣ ᠣᠷᠣᠭᠤᠯᠣᠭᠠᠳ ᠡᠬᠦᠳᠡ᠎ᠪᠠᠨ 《ᠫᠠᠰ》 ᠬᠡᠳᠡᠯ᠎ᠡ ᠬᠠᠭᠠᠵᠣ ᠴᠣᠩᠬᠤ᠎ᠪᠠᠨ ᠣᠩᠭᠤᠢᠯᠭᠠᠪᠠ᠃ ᠡ! ᠡᠪᠡᠳᠦᠭ᠌ᠰᠡᠨ ᠬᠡᠳᠡᠭ᠂ ᠶᠣᠰᠣᠳᠠᠢ ᠯᠠ ᠲᠣᠬᠤᠪᠠᠷᠢᠶᠠᠨ ᠬᠤᠩᠬᠤᠢ ᠭᠠᠷᠳᠠᠯ᠎ᠠ
ᠨᠠᠭᠠᠵᠣ ᠣᠨᠠᠯ᠎ᠠ ᠬᠡᠰᠡᠨ ᠦᠬᠡ᠃ ᠭᠠᠯ ᠪᠣᠳᠠᠷᠠᠭ᠍ᠰᠠᠨ ᠨᠢᠳᠣᠨ᠎ᠳᠤ ᠦᠩᠬᠡ᠎ᠶ᠋ᠢᠨ ᠣᠳᠣᠳ ᠢᠷᠡᠯᠵᠡᠨ ᠬᠡᠷ᠎ᠤᠨ
ᠣᠷᠣᠢ ᠬᠡᠳᠣ ᠡᠷᠬᠢᠬᠡᠳ ᠠᠮᠵᠢᠪᠡ᠃ ᠣᠰᠣ ᠣᠣᠭᠤᠬᠤ ᠬᠤᠪᠢ ᠢᠷᠦᠬᠡᠯ ᠲᠠᠢ ᠠᠮᠢᠳᠠᠨ ᠴᠠᠭᠠᠨ᠎ᠠ᠎ᠪᠠᠨ ᠣᠨᠳᠣᠣ᠃ ᠰᠦᠷᠦᠭ
ᠬᠠᠷᠠᠵᠣ ᠡᠳᠣᠷ ᠪᠠᠷᠠᠬᠤ᠎ᠳᠤ᠎ᠪᠠᠨ ᠶᠠᠭᠤ ᠬᠢᠵᠣ ᠴᠠᠭ ᠨᠦᠭ᠌ᠴᠢᠬᠡᠬᠦ᠌ ᠳ᠋ᠠ᠂ ᠬᠤᠯᠣᠭᠠᠨ᠎ᠠ ᠲᠡᠣᠯᠠᠢ
ᠡᠷᠬᠢᠴᠡᠬᠦᠯᠵᠣ ᠠᠮᠵᠢᠪᠡᠯ ᠦᠨᠡᠭᠡ ᠬᠢᠷᠰᠡ ᠬᠦᠬᠡᠬᠡᠴᠡᠯᠳᠣᠨ ᠱᠢᠪᠠᠭ ᠪᠣᠳᠠᠳᠤ ᠲᠡᠬᠡᠭ᠌ᠯᠡᠨ
ᠲᠣᠩᠭᠤᠷᠳᠠᠯᠠ ᠣᠨᠠᠳᠠᠭ᠎ᠨᠢ ᠦᠨᠦᠳᠣᠷ ᠬᠡᠷᠡᠭ ᠬᠦᠷᠦᠯ᠎ᠡ ᠃ ᠪᠣᠯᠪᠠᠰᠣᠷᠠᠭ᠍ᠰᠠᠨ ᠲᠣᠯᠣᠭᠠᠢ᠎ᠪᠠᠨ ᠬᠡᠳᠣ
ᠰᠠᠵᠢᠭᠠᠳ ᠠᠪᠬᠤ᠎ᠳᠤ ᠰᠡᠷᠬᠦᠬᠡᠳ ᠶᠠᠪᠣᠴᠢᠬᠠᠪᠠ᠃ ᠱᠢᠷᠠᠮᠣᠨ ᠲᠣᠭᠤᠭ᠎ᠠ ᠬᠠᠭᠠᠷᠠᠳᠠᠯ᠎ᠠ ᠱᠠᠭᠠᠬᠢᠳᠠᠭ
ᠦᠨᠦᠬᠢ ᠲᠠᠭᠤ ᠨᠠᠮᠵᠢᠷᠠᠵᠣ ᠣᠭ᠍ᠰᠢᠭᠤ ᠬᠦᠷᠦᠮ᠎ᠡ ᠮᠠᠭᠤᠬᠠᠢ ᠦᠨᠦᠷ ᠯᠠ ᠬᠠᠮᠠᠷ ᠣᠳᠣᠵᠣ ᠪᠦᠬᠡᠯᠵᠢᠰᠣ
ᠬᠤᠳᠭᠤᠨᠡ᠃ ᠪᠣᠰᠣᠯ᠎ᠠ᠂ ᠣᠷᠴᠢᠨ᠎ᠳᠤ ᠶᠠᠭᠤ ᠴᠣ᠌ ᠦᠬᠡᠢ᠃ ᠬᠡᠮ ᠠᠯᠳᠠᠵᠣ ᠬᠡᠷᠰᠡᠣ ᠰᠠᠭᠤᠭ᠍ᠰᠠᠨ ᠲᠣᠯᠣᠭᠠᠢ
ᠪᠠᠯᠭᠠᠰᠣ ᠲᠦᠱᠢᠵᠣ ᠦᠨᠳᠡᠢᠪᠡ᠃ ᠲᠦᠯᠬᠢᠬᠦᠷ᠎ᠲᠤ ᠬᠦᠷᠪᠡ ᠤᠤ? ᠶᠠᠭᠠᠬᠢᠪᠡ?
《ᠶᠠᠮᠠᠷ ᠰᠠᠢᠬᠠᠨ ᠮᠢᠬ᠎ᠠ ᠶᠣᠮ᠂ ᠬᠡᠣᠬᠡᠳ᠎ᠤᠳ ᠠ!
ᠢᠷᠡᠵᠡᠭᠡ! ᠢᠳᠡ ᠳ᠋ᠡ》 ᠬᠡᠵᠣ ᠬᠡᠨ ᠨᠢᠬᠡ᠎ᠶ᠋ᠢᠨ ᠪᠡᠷᠬᠢᠷᠠᠬᠤ ᠴᠢᠮᠡᠭᠡ ᠠᠷᠣ᠎ᠳᠤᠨᠢ ᠲᠣᠭᠤᠯᠳᠠᠯᠠ᠃
ᠰᠣᠴᠢᠭ᠍ᠰᠠᠨ ᠬᠡᠵᠣ᠂ ᠬᠤᠩᠬᠢᠯᠳᠠᠭ ᠲᠣᠯᠣᠭᠠᠢ ᠣᠬᠤᠰᠭᠢᠨ ᠬᠠᠷᠠᠬᠤ᠎ᠳᠤ ᠨᠢᠬᠡ ᠮᠠᠭᠤ ᠦᠯᠦᠭ᠌ᠴᠢᠨ ᠮᠣᠣᠷ
ᠦᠨᠦᠬᠢ ᠭᠠᠷᠭᠠᠭ᠍ᠰᠠᠨ ᠣᠯᠠᠨ ᠮᠠᠨᠵᠣᠣᠬᠠᠢᠪᠠᠨ ᠲᠠᠭᠤᠳᠠᠨ ᠣᠴᠢᠷ ᠪᠣᠯᠵᠣ ᠪᠠᠢᠭ᠍ᠰᠠᠨ ᠠᠵᠠᠢ᠃ ᠣᠨᠳᠠᠭ᠍ᠰᠠᠨ ᠲᠡᠬᠦᠨ᠎ᠢ
ᠣᠩᠭᠠᠰᠣᠪᠠᠷᠢᠶᠠᠨ ᠬᠡᠳᠡᠬᠡᠯᠡᠨ ᠪᠠᠢᠵᠣ ᠰᠡᠷᠢᠬᠡᠭ᠌ᠰᠡᠨ ᠪᠠᠢᠵᠣ ᠳ᠋ᠠ᠃ ᠪᠣᠯᠳᠠᠵᠣ ᠵᠠᠢᠯᠠᠬᠤ ᠬᠡᠳ ᠠᠮᠵᠢᠭ᠍ᠰᠠᠨ ᠦᠬᠡᠢ ᠂ ᠬᠠᠷᠬᠢᠰᠯᠠᠵᠣ ᠰᠦᠷᠳᠡᠬᠦᠯᠦᠨᠡ
ᠬᠡᠪᠡᠯ ᠰᠠᠨᠠᠭ᠍ᠰᠠᠨ ᠰᠠᠨᠠᠭ᠎ᠠ᠃ ᠮᠠᠭᠤ ᠦᠯᠦᠭ᠌ᠴᠢᠨ ᠬᠠᠷ᠎ᠠ ᠰᠡᠳᠭᠢᠯ ᠭᠠᠷᠭᠠᠵᠣ ᠡᠵᠠᠨᠳᠤᠪᠠᠨ ᠬᠡᠯᠡᠪᠡᠯ
ᠲᠦᠮᠡᠨ ᠬᠡᠷᠡᠭ ᠪᠣᠷᠣᠭᠤ ᠲᠡᠰᠢ᠎ᠪᠠᠨ ᠡᠷᠬᠢᠬᠦ᠌᠎ᠨᠢ ᠲᠡᠷᠡ ᠃ ᠨᠣᠬᠠᠢ᠎ᠶ᠋ᠢᠨ ᠲᠣᠯᠣᠭᠠᠢ ᠡᠮᠣᠨᠡᠠᠴᠠᠨᠢ ᠲᠡᠨᠡᠭ ᠶᠣᠮᠱᠢᠭ ᠪᠦᠯᠳᠡᠢᠬᠡᠳ ᠪᠠᠢᠪᠠ ᠂ ᠶᠠᠭ
ᠴᠢᠷᠮᠡᠭ᠌ᠰᠡᠨ ᠦᠬᠡᠢ᠃ ᠬᠠᠱᠢᠷ ᠮᠣᠣᠷ ᠱᠢᠭᠤᠳ ᠲᠠᠭᠠᠷᠢᠭ᠍ᠰᠠᠨ ᠦᠬᠡᠢ᠂ ᠬᠡᠣᠬᠡᠳ᠎ᠢᠶᠠᠨ ᠵᠣᠭ᠍ᠰᠣᠭᠠᠵᠣ
ᠦᠪᠡᠷ᠎ᠢᠶᠠᠨ ᠶᠠᠪᠣᠵᠣ ᠲᠡᠬᠦᠵᠢᠯᠡᠭ᠌ᠰᠡᠨ ᠲᠦᠯᠬᠢᠬᠦᠷᠢ ᠱᠢᠬᠦᠷ᠎ᠦᠨ ᠠᠪᠴᠢᠷᠠᠭ᠍ᠰᠠᠨ᠎ᠢᠶᠠᠨ ᠨᠢᠳᠣᠶ᠋ᠢᠨᠢ
ᠴᠢᠴᠢᠵᠣ ᠦᠵᠡᠪᠡ᠃ ᠴᠢᠷᠮᠠᠵᠣ᠂ ᠢᠷᠮᠡᠵᠣ᠂ ᠬᠢᠯᠦᠢᠵᠣ ᠬᠠᠷᠠᠬᠤ᠎ᠳᠤ᠎ᠪᠠᠨ ᠠᠮᠠ᠎ᠪᠠᠨ ᠠᠩᠭᠠᠢᠪᠠ᠂ ᠲᠠᠭᠤ
ᠬᠡᠪᠡᠯ ᠲᠠᠭ᠃
ᠡᠬᠡ ᠮᠣᠣᠷ ᠠᠯᠠᠭᠠᠳᠠᠵᠣ ᠦᠵᠡᠭ᠌ᠰᠡᠨ᠎ᠢᠶᠠᠨ᠄
《ᠶᠠᠭᠠᠬᠢᠭ᠍ᠰᠠᠨ ᠰᠦᠷᠡᠬᠡᠢ ᠪᠦᠬᠡ ᠠᠮᠢ᠎ᠲᠠᠢ ᠡᠷᠯᠢᠭ
ᠬᠡᠭ᠌ᠴᠢ᠂ ᠰᠦᠨᠡᠰᠣ᠎ᠨᠢ ᠵᠠᠢᠯᠠᠭᠠ ᠦᠬᠡᠢ ᠶᠣᠮ ᠪᠠᠢᠨ᠎ᠠ᠃ ᠬᠤᠭᠤᠰᠣᠨ ᠲᠣᠯᠣᠭᠠᠢ ᠴᠣ᠌ ᠣᠪᠣᠭ᠎ᠠ ᠮᠢᠬᠠᠯᠢᠭ᠂ ᠮᠦᠯᠵᠢᠬᠦᠷᠢᠲᠠᠢ᠃
ᠨᠠᠭᠠᠳᠴᠣ ᠬᠤᠨᠣᠭ᠍ᠰᠠᠨ ᠴᠣ᠌ ᠬᠠᠮᠢᠭ᠎ᠠ ᠶᠣᠮ ᠳ᠋ᠠ᠃ ᠦᠬᠦᠵᠣ ᠲᠣᠨᠢᠯᠬᠤᠶ᠋ᠢᠨᠢ ᠬᠦᠯᠢᠶᠠᠵᠣ ᠪᠠᠢᠶ᠎ᠠ》
ᠬᠡᠵᠣ ᠬᠠᠵᠠᠭᠤ᠎ᠳᠤᠨᠢ ᠬᠡᠪᠳᠡᠳᠡᠯᠡ ᠲᠣᠯᠣᠭᠠᠢ ᠴᠢᠷᠮᠠᠢᠵᠣ ᠴᠢᠷᠮᠠᠢᠵᠣ
ᠭᠠᠭ᠍ᠴᠠᠬᠠᠨ ᠦᠯᠢᠶᠠᠪᠠ᠃ ᠢᠩᠬᠢᠵᠣ ᠮᠠᠨᠠᠯᠴᠠᠭᠠᠳ ᠪᠠᠢᠪᠠᠯ ᠡᠨᠡ ᠣᠨᠳᠠᠬᠤ᠂ ᠪᠢ ᠬᠤᠯᠠᠭᠠᠢᠯᠠᠬᠤ ᠬᠤᠶᠡᠷ
ᠬᠡᠭ᠌ᠴᠢ ᠶᠠᠭ ᠲᠦᠢᠯᠡ ᠬᠡᠵᠣ ᠪᠣᠳᠣᠭ᠍ᠰᠠᠨ ᠪᠦᠯᠦᠬᠡ᠃ ᠬᠤᠭᠤᠯᠠᠢ ᠲᠠᠭᠠᠭ᠍ᠰᠠᠨ ᠦᠬᠡᠢ ᠴᠣ᠌ ᠠᠭᠠᠷ ᠬᠡᠳᠡᠭ
ᠦᠭ᠌ᠬᠢᠶᠠᠮᠦᠷᠴᠢ ᠂ ᠬᠤᠩᠬᠢᠯ᠎ᠤᠨ ᠬᠦᠢᠳᠡᠨ ᠣᠷᠣᠰᠭᠠᠯ ᠬᠡᠮᠡᠷ᠃ ᠶᠠᠭᠤ ᠪᠣᠯᠣᠭ᠍ᠰᠠᠨ ᠬᠡᠵᠣ ᠰᠠᠨᠠᠨ᠎ᠠ?
ᠬᠦᠭ᠌ᠰᠢᠨ ᠮᠣᠣᠷ ᠬᠦᠩᠬᠡᠨ ᠦᠳᠣ ᠦᠬᠡᠷ᠎ᠡ ᠦᠬᠡᠢ ᠨᠢᠰᠣᠨ ᠣᠳᠣᠭᠠᠳ ᠬᠠᠳᠠᠭᠤ
ᠪᠠᠯᠭᠠᠰᠣᠨ᠎ᠳᠤ ᠬᠠᠪᠳᠠᠰᠣ ᠪᠣᠯᠳᠠᠯ᠎ᠠ ᠮᠦᠷᠬᠦᠬᠦ᠌ᠳᠤ ᠠᠶᠣᠭ᠍ᠰᠠᠨ ᠮᠣᠣᠷ ᠴᠢᠴᠠᠭ᠎ᠠ ᠠᠯᠳᠠᠨ ᠲᠣᠳᠠᠭᠠᠯᠠ᠃
ᠰᠡᠬᠦᠳᠡᠷ᠎ᠲᠤ᠎ᠨᠢ ᠡᠷᠡᠮᠱᠢᠵᠣ ᠡᠬᠡ ᠪᠠᠷ᠎ᠢᠶᠠᠨ ᠲᠦᠷᠢ ᠪᠠᠷᠢᠵᠣ ᠶᠠᠪᠣᠭ᠍ᠰᠠᠨ ᠮᠠᠨᠵᠣᠣᠬᠠᠢᠨᠤᠭᠤᠳ ᠴᠣ᠌
ᠦᠯᠡᠳᠡᠨ᠎ᠡ ᠤᠤ ᠳ᠋ᠠ᠂ ᠲᠠᠭᠠᠭᠠᠳ ᠵᠢᠯᠢ᠌ᠬᠦ᠌ᠨᠢ ᠲᠡᠷᠡ᠃ ᠵᠠ᠂ ᠶᠠᠭᠠᠬᠢᠬᠤ ᠪᠣᠢ᠃ ᠣᠷᠮᠠᠱᠢᠭ᠍ᠰᠠᠨ
ᠨᠣᠬᠠᠢ᠎ᠶ᠋ᠢᠨ ᠲᠣᠯᠣᠭᠠᠢ ᠲᠦᠯᠬᠢᠬᠦᠷ ᠵᠠᠭᠤᠭᠠᠳ ᠴᠣᠩᠬᠤ᠎ᠪᠠᠷ ᠭᠠᠷᠳᠠᠯ᠎ᠠ ᠶᠠᠪᠣᠳᠠᠯ ᠪᠣᠷᠣᠭᠤ ᠲᠠᠰ᠎ᠢ᠎ᠪᠠᠨ ᠡᠷᠬᠢᠪᠡ᠃ ᠱᠢᠷ᠎ᠠ ᠱᠢᠪᠠᠭᠤ ᠮᠣᠳᠣᠨ᠎ᠤ ᠣᠷᠣᠢ᠎ᠳᠤ
ᠰᠠᠭᠤᠵᠣ ᠪᠠᠢᠭ᠍ᠰᠠᠨ ᠠᠵᠠᠢ᠃ ᠬᠤᠯᠣᠭᠠᠨ᠎ᠠ ᠭᠠᠷᠣᠭᠠᠳ ᠢᠷᠡᠯ᠎ᠠ ᠬᠡᠵᠣ ᠬᠠᠭᠤᠷᠳᠠᠭ᠍ᠳᠠᠨ ᠰᠠᠷᠮᠠᠵᠣ ᠠᠪᠣᠭᠠᠳ
ᠶᠠᠪᠣᠬᠤ᠎ᠳᠤ ᠠᠷᠭ᠎ᠠ ᠪᠠᠢᠨ᠎ᠡ ᠤᠤ? ᠬᠦᠯᠢᠶᠡᠰᠣᠳᠠᠢ ᠪᠠᠶ᠎ᠠ᠎ᠨᠢ
ᠬᠦᠯᠢᠶᠡᠬᠡᠳ ᠬᠦᠯᠢᠶᠡᠬᠡᠳ ᠪᠠᠢᠳᠠᠭ ᠦᠬᠡᠢ᠃
《ᠶᠠᠭᠠᠬᠢᠵᠣ᠎ᠪᠠᠨ᠂ ᠶᠠᠪᠣᠵᠣ ᠴᠢᠩᠨᠠᠬᠤ ᠴᠣ᠌ ᠶᠣᠮ ᠤᠤ?
》 ᠬᠡᠵᠣ ᠨᠣᠬᠠᠢ᠎ᠶ᠋ᠢᠨ ᠴᠢᠬᠢ ᠲᠠᠰᠭᠡᠯ ᠠᠯᠳᠠᠷᠠᠨ ᠦᠬᠦᠯᠡᠪᠡ᠃ ᠠᠵᠠ᠎ᠪᠠᠷ
ᠲᠣᠯᠣᠭᠠᠢ ᠶᠠᠪᠣᠬᠤ ᠦᠶ᠎ᠡ᠎ᠳᠤ᠎ᠪᠠᠨ
ᠲᠡᠷᠡᠩ ᠬᠤᠶᠡᠷ ᠴᠢᠬᠢ᠎ᠶ᠋ᠢ ᠣᠷᠣᠵᠣ ᠭᠠᠷᠬᠤ᠎ᠳᠤ ᠰᠠᠭᠠᠳ ᠬᠡᠮᠡᠨ ᠠᠳᠠ ᠦᠵᠡᠬᠡᠳ ᠬᠡᠳᠡᠰᠣᠨ᠎ᠳᠤ
ᠨᠠᠭᠠᠯᠳᠣᠭᠤᠯᠣᠭ᠍ᠰᠠᠨ ᠪᠠᠢᠵᠣ ᠳ᠋ᠠ᠃
《ᠣᠣᠬᠠᠢ᠂ ᠶᠠᠮᠠᠷ ᠰᠠᠢᠬᠠᠨ ᠶᠣᠮ᠃ ᠴᠢ ᠪᠠᠢᠭ᠍ᠰᠠᠨ ᠶᠣᠮ
ᠤᠤ? ᠬᠠᠷᠠᠩᠭᠤᠢ᠎ᠳᠤ ᠶᠠᠭ ᠦᠵᠡᠭ᠌ᠰᠡᠨ ᠦᠬᠡᠢ》 ᠬᠡᠵᠣ ᠪᠦᠬᠦᠳᠡ ᠣᠯᠠᠨ ᠵᠣᠪᠠᠭ᠍ᠰᠠᠨᠢᠶᠠᠨ ᠮᠠᠷᠳᠡᠨ ᠵᠢᠷᠭᠠᠯ ᠪᠣᠯᠪᠠ᠃ ᠴᠢᠬᠢ
ᠬᠦᠢᠳᠡᠨ᠎ᠳᠤ ᠵᠢᠪᠡᠬᠦᠴᠡᠭ᠌ᠰᠠᠨ ᠪᠡᠶ᠎ᠡ᠎ᠪᠠᠨ ᠰᠣᠨᠢᠶᠠᠵᠣ ᠠᠪᠣᠭᠠᠳ ᠬᠦᠳᠡᠯᠬᠦ᠌᠎ᠳᠤ ᠬᠡᠷ ᠳ᠋ᠧᠩ᠎ᠲᠠᠢ ᠪᠠᠢᠭ᠍ᠰᠠᠨ᠎ᠢ ᠶᠠᠭᠠᠬᠢᠵᠣ ᠯᠠ
ᠮᠠᠳᠡᠬᠦ᠌ ᠳ᠋ᠠ᠃ ᠱᠠᠷ ᠱᠠᠷ᠂ ᠫᠣᠷ ᠫᠣᠷ ᠬᠡᠰᠡᠨ ᠴᠢᠮᠡᠭᠡ ᠯᠠ ᠰᠣᠨᠣᠰᠳᠠᠨ᠎ᠠ᠃ ᠨᠢᠳᠣ ᠦᠬᠡᠢ ᠪᠣᠯᠬᠤᠷ ᠴᠢᠩᠨᠠᠬᠤ
ᠪᠣᠯ ᠲᠡᠬᠦᠨ᠎ᠤ ᠡᠷᠳᠡᠮ ᠶᠣᠮ᠃ ᠡᠴᠢᠬᠡ ᠲᠡᠭ᠌ᠷᠢ᠎ᠠᠴᠠ ᠲᠡᠬᠦᠨ᠎ᠳᠤ ᠪᠢᠯᠢᠭ᠎ᠤᠨ ᠴᠢᠬᠢ ᠬᠠᠢᠷᠠᠯᠠᠭ᠍ᠰᠠᠨ ᠪᠠᠢᠵᠣ ᠶᠠᠭᠤ
ᠮᠠᠭᠠᠳ᠃ ᠲᠣᠯᠣᠭᠠᠢ᠎ᠶ᠋ᠢᠨ ᠲᠠᠭᠤ᠎ᠪᠠᠷ ᠡᠷᠢᠵᠣ ᠣᠯᠣᠭᠠᠳ ᠠᠪᠣᠷᠠᠵᠣ ᠭᠠᠷᠭᠠᠬᠤ ᠪᠣᠯ ᠲᠡᠬᠦᠨ᠎ᠤ ᠪᠣᠳᠣᠯᠭ᠎ᠠ
ᠪᠠᠢᠭ᠍ᠰᠠᠨ ᠪᠦᠯᠦᠬᠡ᠃ ᠴᠢᠮᠡᠬᠡᠷᠬᠡᠵᠣ ᠬᠡᠳᠣᠢ ᠶᠠᠪᠣᠭ᠍ᠰᠠᠨ ᠴᠣ᠌ ᠦᠱᠢᠶᠡᠪᠠᠷ ᠶᠠᠭ ᠬᠠᠷᠭᠤᠭ᠍ᠰᠠᠨ
ᠦᠬᠡᠢ᠃ ᠱᠠᠷ ᠱᠠᠷ᠂ ᠫᠣᠯ ᠫᠣᠯ ᠬᠡᠰᠡᠨ ᠲᠠᠭᠤ ᠣᠯᠠᠮ ᠣᠢᠷᠠᠳᠣᠳᠠᠯᠠ ᠶᠠᠭᠤ ᠨᠢᠬᠡ ᠪᠠᠷᠢᠭᠠᠳ ᠠᠪᠬᠤ᠎ᠨᠢ
ᠲᠡᠷᠡ ᠃ ᠰᠣᠴᠢᠵᠣ ᠲᠣᠳᠠᠭᠠᠬᠤ ᠬᠡᠳ ᠬᠠᠮᠢᠭᠠᠰᠢ᠎ᠪᠠᠨ ᠪᠣᠯᠳᠠᠬᠤ ᠳ᠋ᠠ᠂ ᠦᠵᠡᠬᠦ᠌ ᠦᠬᠡᠢ ᠶᠣᠮ ᠴᠢᠨᠢ᠃
ᠬᠠᠷᠢᠨ ᠡᠰᠡᠷᠬᠦ᠌ ᠡᠳᠡᠬᠡᠳ᠎ᠤᠨ ᠲᠠᠭᠤᠨ᠎ᠢ ᠲᠣᠳᠣᠷᠬᠠᠢ ᠣᠯᠣᠭᠠᠳ ᠰᠣᠨᠣᠰᠴᠢᠬᠠᠯᠠ᠄
《ᠦᠬᠦᠳᠡᠭ ᠦᠬᠡᠢ ᠵᠦᠨᠦᠭ᠂ ᠴᠢ ᠴᠢᠨᠢ ᠶᠠᠭᠠᠬᠢᠭᠠᠳ
ᠱᠢᠵᠠᠯᠬᠤᠳᠤᠪᠠᠨ ᠴᠢᠬᠢ᠎ᠶ᠋ᠢ᠎ᠨᠢ ᠬᠠᠶᠠᠴᠢᠬᠠᠭ᠍ᠰᠠᠨ ᠶᠣᠮ? ᠬᠠᠢᠷᠠᠨ
ᠶᠠᠭᠤᠮ᠎ᠠ᠃ ᠠᠩᠬᠠᠷᠣᠮᠵᠢ ᠦᠬᠡᠢ ᠪᠠᠢᠵᠣ ᠣᠳᠣ ᠶᠠᠭᠤ ᠶᠠᠭᠤ᠎ᠶ᠋ᠢ᠎ᠨᠢ ᠬᠡᠬᠡᠴᠢᠬᠡᠭ᠌ᠰᠡᠨ ᠶᠣᠮ ᠪᠢᠯᠡ?》
ᠬᠡᠵᠣ ᠨᠠᠷᠢᠨ ᠱᠢᠩᠬᠡᠨ ᠲᠠᠭᠤ ᠭᠠᠷᠣᠭ᠍ᠰᠠᠨ᠎ᠢᠶᠠᠨ ᠱᠠᠯ ᠬᠡᠳᠡᠯ᠎ᠡ ᠣᠰᠣᠨ᠎ᠳᠤ
ᠴᠣᠬᠢᠭᠠᠳ ᠣᠷᠣᠭᠤᠯᠬᠤ᠎ᠳᠤ ᠡ! ᠪᠣᠷᠬᠠᠨ ᠲᠡᠭ᠌ᠷᠢ ᠮᠢᠨᠢ᠂ ᠣᠳᠣ
ᠶᠠᠭᠤ ᠪᠣᠯᠣᠭ᠍ᠰᠠᠨ ᠬᠡᠵᠣ ᠰᠠᠨᠠᠨ᠎ᠠ? ᠪᠣᠴᠠᠯᠣᠭ᠍ᠰᠠᠨ ᠣᠰᠣᠨ᠎ᠳᠤ
ᠴᠠᠴᠠᠵᠣ ᠱᠢᠵᠠᠯᠬᠤᠨᠢ ᠲᠡᠷᠡ ᠃ ᠶᠣᠬᠤ᠂ ᠡᠪᠡᠳᠣᠨᠡ ᠬᠡᠳᠡᠭ᠂ ᠬᠡᠯᠡᠬᠦ᠌᠎ᠠᠴᠠ ᠴᠠᠰᠢ ᠦᠬᠡᠢ᠃ ᠲᠡᠷᠡ
ᠴᠠᠭ᠎ᠲᠤ ᠬᠡᠷᠪᠡ ᠱᠢᠬᠦᠯᠳᠡ ᠬᠢᠭ᠌ᠰᠡᠨ ᠪᠣᠯ ᠠᠮᠠ ᠪᠢᠳᠡᠬᠦᠣ ᠪᠠᠢᠵᠣ ᠴᠢᠳᠠᠨ᠎ᠠ ᠤᠤ? ᠬᠡᠯᠡᠵᠣ ᠮᠡᠳᠡᠬᠦ᠌ ᠦᠬᠡᠢ᠃ ᠬᠡᠷ᠎ᠤᠨ ᠡᠵᠡᠭ᠌ᠳᠡᠢ ᠣᠯᠠᠨ ᠲᠠᠪᠣᠨ ᠶᠠᠭᠤᠮ᠎ᠡ
ᠠᠰᠠᠭᠤᠭ᠍ᠰᠠᠨ ᠴᠣ᠌ ᠦᠬᠡᠢ᠂ ᠵᠣᠮᠠᠯᠠᠭᠠᠳ ᠰᠠᠪᠠᠨ᠎ᠳᠤ ᠬᠢᠭ᠌ᠰᠡᠨ᠎ᠢᠶᠠᠨ ᠬᠦᠢᠳᠡᠨ ᠶᠠᠭᠤᠮᠠᠨ᠎ᠳᠤ ᠣᠷᠣᠭᠤᠯᠵᠣ
ᠡᠬᠦᠳᠡᠶ᠋ᠢᠨᠢ ᠫᠠᠭ ᠬᠡᠳᠡᠯ᠎ᠡ ᠬᠠᠭᠠᠪᠠ᠃ ᠬᠠᠯᠠᠭᠤᠴᠠᠵᠣ᠂ ᠣᠩᠭᠠᠰᠣᠶ᠋ᠢᠨᠢ ᠵᠣᠮᠠᠭᠠᠵᠣ ᠬᠠᠮᠤᠭ ᠪᠡᠶ᠎ᠡ
ᠨᠢ ᠬᠠᠯᠠᠱᠢᠷᠠᠭ᠍ᠰᠠᠨ ᠴᠢᠬᠢ ᠬᠦᠯᠳᠡᠬᠡᠬᠦᠷ᠎ᠲᠤ ᠲᠠᠭ᠍ᠵᠢᠵᠣ ᠡᠬᠢᠯᠡᠯ᠎ᠡ᠃ ᠠᠳᠭᠤᠭᠠᠨ ᠴᠢᠨᠡᠭᠡ ᠪᠡᠶ᠎ᠡ
ᠴᠣ᠌ ᠠᠶᠣᠬᠤ᠂ ᠲᠠᠭᠠᠷᠠᠬᠤ ᠨᠠᠢᠯᠡᠪᠡᠯ ᠴᠡᠴᠡᠷᠡᠬᠦ᠌᠎ᠨᠢ ᠣᠯᠠᠮ ᠬᠡᠴᠡᠬᠦᠳᠡᠭ ᠪᠣᠯᠪᠠ ᠤᠤ? ᠦᠷᠦᠬᠡᠰᠣᠨ ᠴᠢᠬᠢ᠎ᠶ᠋ᠢᠨ ᠴᠡᠴᠡᠷᠡᠭᠡ ᠬᠦᠯᠳᠡᠬᠡᠭᠦᠷᠢ ᠰᠠᠵᠢᠬᠤ᠎ᠳᠤ ᠣᠨ ᠣᠳᠠᠭ᠍ᠰᠠᠨ
ᠭᠠᠵᠢᠭ᠍ᠰᠠᠨ ᠡᠬᠦᠳᠡ ᠶᠠᠢᠵᠢᠬᠢᠨᠡᠨ ᠲᠣᠣᠭᠠᠷᠪᠠ ᠬᠡᠭ᠌ᠴᠢ᠂ ᠶᠣᠣᠯᠠᠨ ᠬᠠᠢᠯᠠᠨ ᠪᠠᠢᠭ᠍ᠰᠠᠭᠠᠷ ᠠᠶᠠᠷᠬᠠᠨ
ᠨᠠᠬᠡᠬᠡᠭ᠌ᠳᠡᠯᠡ᠃ ᠲᠠᠭᠠᠷᠠᠭ᠍ᠰᠠᠨ ᠴᠢᠬᠢ ᠪᠠᠷᠣᠭ᠍ᠴᠠᠭᠠᠯᠠᠨ ᠭᠠᠷᠳᠠᠯ᠎ᠠ ᠨᠡᠬᠡᠬᠡᠯᠬᠡᠳᠡᠢ ᠴᠣᠩᠬᠤ᠎ᠪᠠᠷ
ᠵᠢᠪᠡᠷ ᠰᠡᠷᠴᠢᠬᠢᠨᠡᠨ ᠦᠯᠢᠶᠡᠬᠦ᠌ᠨᠢ ᠰᠠᠢᠬᠠᠨ ᠰᠣᠨᠣᠰᠳᠠᠪᠠ᠃ ᠬᠦᠬᠡᠷᠦᠭ᠌ᠰᠡᠨ ᠴᠣ᠌ ᠨᠢᠴᠦᠬᠦᠨ ᠣᠯᠠᠭᠠᠨ
ᠪᠣᠯᠣᠭ᠍ᠰᠠᠨ ᠴᠢᠬᠢ ᠴᠣᠩᠬᠤ᠎ᠪᠠᠷ ᠨᠢᠬᠡ ᠣᠩᠭᠠᠰᠣᠨ ᠵᠦᠬᠡᠯᠡᠨ ᠶᠠᠭᠤᠮ᠎ᠡ᠎ᠲᠠᠢ ᠱᠦᠷᠬᠦᠭᠡᠯᠳᠣᠨ ᠭᠠᠷᠳᠠᠯ᠎ᠠ ᠪᠠᠰᠠ ᠶᠠᠭᠤ
ᠪᠣᠯᠣᠭ᠍ᠰᠠᠨ ᠬᠡᠵᠣ ᠰᠠᠨᠠᠨ᠎ᠠ? ᠦᠢᠯᠡᠷ ᠲᠠᠩ᠎ᠢᠶᠠᠷ ᠢᠷᠡᠳᠡᠭ ᠪᠢᠰᠢ
ᠪᠠᠢᠵᠣ ᠳ᠋ᠠ᠃ ᠰᠦᠷ ᠰᠡᠷ ᠬᠡᠰᠡᠨ ᠴᠢᠮᠡᠭᠡ ᠭᠠᠷᠣᠭᠠᠳ ᠨᠢᠬᠡ ᠶᠠᠭᠤᠮᠠᠨ᠎ᠳᠤ ᠲᠡᠬᠦᠵᠢᠯᠡᠭ᠌ᠳᠡᠨ ᠶᠠᠪᠣᠯ᠎ᠠ᠃
ᠬᠡᠢᠯᠡᠬᠡᠳ ᠱᠣᠣᠬᠢᠵᠣ᠂ ᠵᠢᠪᠡᠷ ᠠᠯᠠᠭᠠᠳᠠᠨ᠂᠂᠂᠂ ᠱᠢᠷ᠎ᠠ ᠱᠢᠪᠠᠭᠤ ᠪᠠᠢᠵᠣ ᠳ᠋ᠠ᠃ ᠬᠤᠭᠤᠯᠠᠨ ᠬᠡᠷ᠎ᠤᠨ ᠡᠵᠡᠭ᠌ᠳᠡᠢ
ᠮᠦᠩᠬᠦᠨ᠎ᠳᠤ ᠬᠤᠷᠣᠬᠠᠢ᠎ᠲᠠᠢ ᠴᠣ᠌ ᠵᠠᠯᠬᠠᠭᠤ᠂ ᠠᠬᠤᠢᠯᠠᠵᠣ ᠴᠠᠪᠡᠷᠯᠡᠬᠦ᠌ᠳᠤᠪᠠᠨ ᠮᠠᠭᠤ᠃ ᠮᠠᠭᠤᠰᠠᠢᠨ
ᠠᠮᠢᠳᠠᠨ ᠰᠦᠨᠢᠵᠢᠨ ᠪᠡᠵᠢᠬᠢᠨᠡᠬᠡᠳ ᠬᠤᠯᠣᠭᠠᠨ᠎ᠠ᠎ᠶ᠋ᠢᠨ ᠬᠤᠷᠢᠮ ᠨᠠᠢᠷ ᠪᠣᠯᠬᠤ ᠲᠦᠬᠦᠨᠡ᠃ ᠲᠡᠵᠢᠬᠡᠭ᠌ᠰᠡᠨ
ᠮᠣᠣᠷ ᠴᠠᠳᠣᠭᠠᠳ ᠪᠠᠷᠢᠬᠤ ᠪᠠᠢᠳᠣᠭᠠᠢ ᠦᠵᠡᠬᠦ᠌᠎ᠠᠴᠠ ᠣᠭ᠍ᠰᠢᠭᠤ ᠬᠦᠷᠦᠭ᠌ᠰᠡᠨ ᠴᠠᠭ᠃ ᠢᠩᠬᠢᠬᠡᠳ ᠯᠡ ᠱᠢᠷ᠎ᠠ
ᠱᠢᠪᠠᠭᠤ᠎ᠶ᠋ᠢᠨ ᠵᠤᠭ᠎ᠠ ᠪᠣᠯᠵᠣ ᠰᠦᠨᠢ ᠣᠷᠣᠢ ᠪᠣᠯᠣᠭ᠍ᠰᠠᠭᠠᠷ ᠯᠠ ᠬᠡᠷ᠎ᠤᠨ ᠡᠬᠦᠳᠡᠨ᠎ᠤ ᠡᠮᠣᠨᠡᠬᠢ
ᠬᠠᠢᠯᠠᠰᠣᠨ ᠮᠣᠳᠣᠨ᠎ᠤ ᠣᠷᠣᠢ᠎ᠳᠤ ᠰᠠᠭᠤᠭᠠᠳ ᠴᠡᠩᠬᠡᠬᠦ᠌ᠪᠠᠷ ᠭᠠᠷᠬᠤ ᠬᠤᠯᠣᠭᠠᠨᠡᠶ᠋ᠢ ᠠᠮᠠᠷᠬᠠᠨ
ᠪᠠᠷᠢᠵᠣ ᠡᠬᠦᠷ ᠣᠷᠣᠭᠤ᠎ᠪᠠᠨ ᠵᠦᠬᠡᠬᠡᠳᠡᠭ ᠪᠠᠢᠯ᠎ᠠ᠃
ᠵᠣᠨ ᠬᠡᠯᠡ ᠰᠦᠨᠢᠳᠤᠪᠠᠨ
ᠮᠦᠯᠢᠬᠦᠬᠡᠨ᠃ ᠵᠣᠮᠠᠯᠠᠭ᠍ᠰᠠᠨ ᠴᠢᠬᠢ ᠲᠡᠭᠠᠷᠠᠬᠤ ᠴᠣ᠌ ᠬᠦᠯᠳᠡᠬᠡᠬᠦᠷ᠎ᠲᠤ ᠪᠠᠢᠬᠤ᠎ᠶ᠋ᠢᠨ ᠬᠢᠷᠢ
ᠲᠠᠭ᠍ᠵᠢᠭ᠍ᠰᠠᠨ ᠦᠬᠡᠢ᠃ ᠴᠡᠴᠡᠷᠡᠭ᠌ᠰᠡᠨ ᠲᠠᠭᠤ ᠦᠪᠡᠷ᠎ᠲᠤ ᠰᠣᠨᠣᠰᠳᠠᠨ ᠪᠠᠢᠪᠠ ᠃ 《ᠴᠢ ᠬᠡᠨ ᠶᠣᠮ? ᠶᠠᠭᠠᠬᠢᠭ᠍ᠰᠠᠨ ᠰᠦᠷᠡᠬᠡᠢ
ᠲᠡᠨᠢᠯ ᠬᠠᠷᠠᠭ᠍ᠳᠠᠬᠤ ᠶᠣᠮ? ᠴᠢᠮᠠᠶ᠋ᠢ ᠶᠠᠷᠣᠨᠢ ᠬᠠᠮᠢᠭ᠎ᠠ
ᠦᠵᠡᠵᠣ ᠦᠩᠬᠡᠷᠡᠪᠡ?》 ᠬᠡᠬᠦ᠌ ᠲᠠᠰᠣᠯ ᠲᠠᠭᠤ ᠴᠢᠬᠢᠨ᠎ᠤ
ᠬᠠᠵᠠᠭᠤ᠎ᠳᠤ ᠰᠣᠨᠣᠰᠳᠠᠯᠠ᠃ ᠴᠣᠴᠢᠭ᠍ᠰᠠᠨ ᠴᠣ᠌ ᠪᠠᠶᠠᠷᠯᠠᠭ᠍ᠰᠠᠨ ᠴᠢᠬᠢ ᠣᠣᠯᠭ᠎ᠠ ᠠᠯᠳᠠᠵᠣ᠄
《ᠪᠢ ᠴᠢᠬᠢ ᠴᠢᠨᠢ ᠪᠠᠢᠨ᠎ᠠ᠃ ᠲᠣᠯᠣᠭᠠᠢ ᠲᠠ ᠶᠠᠭᠠᠬᠢᠭᠠᠳ
ᠠᠳᠡ ᠪᠠᠢᠬᠤ ᠶᠣᠮ? ᠲᠠᠭᠠᠷᠠᠭᠠᠳ》 ᠬᠡᠳ ᠡᠪᠣᠷ᠎ᠲᠤ ᠨᠢ ᠱᠢᠷᠭᠤᠬᠤᠳᠤ᠄
ᠭᠠᠢᠬᠠᠭ᠍ᠰᠠᠨ ᠲᠣᠯᠣᠭᠠᠢ᠄ 《ᠬᠦ᠋ ᠬᠦᠬᠡᠷᠦᠬᠦᠢ ᠮᠢᠨᠢ᠂ ᠴᠢ ᠶᠠᠭᠠᠬᠢᠭᠠᠳ ᠡᠢᠮᠣ ᠪᠣᠯᠴᠢᠬᠠᠭ᠍ᠰᠠᠨ ᠶᠣᠮ? ᠦᠰᠣ ᠴᠢᠨᠢ ᠯᠡ? 》 ᠬᠡᠬᠦ᠌᠎ᠳᠤ ᠵᠣᠪᠠᠨᠯᠠᠩ
ᠦᠵᠡᠭ᠌ᠰᠡᠨ ᠴᠢᠬᠢ ᠭᠤᠮᠣᠳᠠᠯ ᠲᠣᠭᠠᠴᠢᠨ ᠨᠢᠯᠪᠣᠰᠣ ᠠᠰᠭᠠᠷᠠᠭᠤᠯᠪᠠ᠃ ᠨᠢᠳᠣ ᠵᠠᠢᠷ ᠬᠦᠶᠣᠯᠬᠡᠨ᠄ 《ᠱᠢᠷ᠎ᠠ ᠱᠢᠪᠠᠭᠤ ᠮᠠᠨᠢ ᠠᠳᠡ ᠠᠪᠴᠢᠷᠠᠭᠠᠳ ᠨᠢᠰᠭᠦ ᠬᠡᠵᠣ ᠪᠠᠢᠳᠠᠯ᠎ᠠ ᠴᠣᠩᠬᠤ᠎ᠪᠠᠷ
ᠪᠠᠰᠠ ᠬᠤᠯᠣᠭᠠᠨ᠎ᠠ
ᠪᠣᠯᠳᠠᠯᠵᠠᠭᠠᠳ ᠭᠠᠷᠴᠣ ᠢᠷᠡᠳᠡᠭ ᠦᠬᠡᠢ᠃ ᠬᠦᠯᠢᠶᠡᠵᠣ ᠪᠠᠢᠳᠠᠯ᠎ᠠ ᠴᠢ ᠭᠠᠷᠴᠣ ᠢᠷᠡᠯ᠎ᠡ᠃ ᠬᠡᠪᠡᠴᠣ
ᠲᠠᠨᠢᠭ᠍ᠰᠠᠨ ᠦᠬᠡᠢ ᠱᠢᠣ᠃
ᠲᠡᠷᠡ ᠬᠤᠯᠣᠭᠠᠨ᠎ᠠ ᠣᠳᠣ
ᠴᠣ᠌ ᠬᠡᠰᠡᠨ ᠲᠡᠨᠳᠡ᠎ᠪᠠᠨ ᠪᠠᠢᠨ᠎ᠠ᠃ ᠱᠢᠷ᠎ᠠ ᠱᠢᠪᠠᠭᠤ ᠲᠡᠬᠦᠨ᠎ᠢ ᠮᠢᠷᠢᠶᠠᠵᠣ ᠪᠠᠢᠬᠤ ᠴᠢᠯᠣᠬᠡᠨᠳᠤ
ᠬᠡᠳᠣᠬᠦᠯᠡ ᠠᠮᠢ ᠭᠠᠷᠬᠤ ᠣᠬᠠᠭᠠᠨ ᠬᠢᠶ᠎ᠡ》 ᠬᠡᠬᠦ᠌᠎ᠳᠤ ᠴᠢᠬᠢ ᠣᠣᠯ ᠣᠷᠣᠨ᠎ᠳᠤ᠎ᠪᠠᠨ
ᠨᠠᠭᠠᠯᠳᠣᠴᠢᠬᠠᠯᠠ᠃ ᠰᠠᠶᠢᠬᠠᠨ ᠱᠢᠵᠠᠯᠣᠭ᠍ᠰᠠᠨ ᠪᠣᠯᠬᠤᠷ ᠰᠠᠷᠠᠨ᠎ᠤ ᠬᠡᠷᠡᠯᠳᠤ ᠬᠢᠯᠠᠢᠭᠠᠳ ᠪᠣᠯᠳᠠᠭ ᠦᠬᠡᠢ᠃
ᠲᠣᠯᠣᠭᠠᠢ ᠠᠷᠭ᠎ᠠ ᠶᠠᠳᠠᠵᠣ ᠨᠠᠪᠴᠢᠨ᠎ᠤ ᠨᠣᠭᠤᠭᠠᠨ ᠱᠦᠮᠦᠰᠣᠪᠠᠷ ᠬᠠᠯᠳᠠᠷ ᠪᠣᠳᠣᠭᠠᠳ ᠬᠦᠳᠡᠯᠦᠯᠠ᠃
ᠱᠢᠷ᠎ᠠ ᠱᠢᠪᠠᠭᠤ᠎ᠶ᠋ᠢᠨ ᠨᠢᠳᠣ ᠰᠦᠨᠢᠳᠤᠪᠠᠨ ᠬᠤᠷᠴᠠ ᠪᠣᠯᠬᠤᠷ ᠦᠵᠡᠭ᠌ᠳᠡᠬᠡᠳ ᠪᠠᠷᠢᠭ᠍ᠳᠠᠬᠤ᠎ᠠᠴᠠ
ᠬᠢᠴᠢᠶᠡᠭ᠌ᠰᠠᠨ ᠪᠣᠯᠪᠠ ᠤᠤ? ᠨᠢᠳᠣ ᠦᠵᠡᠵᠣ ᠴᠢᠬᠢ ᠰᠣᠨᠣᠰᠴᠣ
ᠶᠠᠪᠣᠭ᠍ᠰᠠᠨ ᠣᠴᠢᠷ ᠵᠣᠪᠠᠭ᠍ᠰᠠᠨ ᠦᠬᠡᠢ᠂ ᠶᠠᠭ ᠲᠡᠬᠡᠷ᠎ᠡ᠎ᠠᠴᠠ᠎ᠨᠢ ᠪᠠᠭᠤᠬᠤ᠎ᠳᠤ ᠵᠠᠷᠠᠭ᠎ᠠ ᠲᠣᠯᠢᠶᠠᠵᠣ
ᠪᠠᠢᠪᠡ᠃
ᠲᠣᠯᠣᠭᠠᠢ ᠲᠡᠬᠦᠨ᠎ᠢ ᠬᠦᠬᠡᠬᠡᠵᠣ ᠵᠠᠢᠯᠠᠭᠤᠯᠣᠭᠠᠳ
ᠪᠠᠶ᠎ᠠ᠎ᠲᠠᠢ᠎ᠪᠠᠨ ᠵᠠᠯᠭᠠᠵᠣ ᠲᠦᠩᠬᠡ ᠪᠠᠨ ᠨᠠᠬᠡᠬᠡᠵᠣ ᠠᠪᠣᠭᠠᠳ ᠬᠦᠳᠡᠯᠬᠦ᠌ ᠬᠡᠳᠡᠯ᠎ᠡ ᠪᠠᠰᠠ ᠯᠠ ᠭᠠᠢ᠃
ᠲᠠ ᠮᠢᠨᠢ ᠶᠠᠭᠤ ᠪᠣᠯᠣᠭ᠍ᠰᠠᠨ ᠬᠡᠵᠣ ᠪᠣᠳᠣᠪᠠ? ᠰᠦᠨᠡᠰᠣ᠎ᠨᠢ
ᠲᠣᠯᠣᠭᠠᠢ ᠦᠬᠡᠢ ᠪᠠᠶ᠎ᠠ᠎ᠳᠤ ᠲᠣᠭ᠍ᠳᠠᠵᠣ ᠴᠢᠳᠠᠭ᠍ᠰᠠᠨ ᠦᠬᠡᠢ ᠵᠠᠢᠯᠠᠭ᠍ᠰᠠᠨ ᠪᠠᠢᠵᠣ ᠱᠢᠣ᠃ ᠣᠳᠣ
ᠶᠠᠭᠠᠬᠢᠨ᠎ᠡ? ᠰᠦᠨᠡᠰᠣ ᠦᠬᠡᠢ ᠪᠡᠶ᠎ᠡ ᠶᠠᠪᠣᠪᠠᠯ ᠦᠬᠦᠭ᠌ᠰᠡᠨ᠎ᠲᠠᠢ
ᠶᠠᠮᠠᠷ ᠢᠯᠭᠠᠭ᠎ᠠ ᠪᠠᠢᠬᠤ ᠳ᠋ᠠ᠃ ᠪᠣᠯᠬᠤ ᠦᠬᠡᠢ᠂ ᠡᠷᠢᠵᠣ ᠣᠯᠬᠤ ᠬᠡᠷᠡᠭ᠌ᠳᠡᠢ᠃ ᠨᠣᠬᠠᠢ᠎ᠶ᠋ᠢᠨ ᠪᠠᠶ᠎ᠠ
ᠶᠡᠬᠡᠳᠡ ᠰᠠᠨᠳᠣᠷᠴᠣ ᠦᠨᠦᠬᠢ ᠮᠠᠭᠤ ᠵᠠᠷᠠᠭ᠎ᠠ᠎ᠶ᠋ᠢ ᠪᠠᠷᠢᠵᠣ ᠰᠦᠨᠡᠰᠣᠶ᠋ᠢᠨᠢ ᠪᠣᠯᠢᠶᠠᠵᠣ ᠠᠪᠣᠭᠠᠳ
ᠦᠪᠡᠷᠤᠨᠬᠢᠪᠠᠨ ᠬᠠᠢᠬᠤ᠎ᠪᠠᠷ ᠶᠠᠭᠠᠷᠠᠣ ᠱᠣᠩᠱᠢᠯᠡ᠃ ᠲᠣᠯᠢᠶᠠᠭ᠍ᠰᠠᠨ ᠬᠠᠷᠢᠭᠤ᠎ᠪᠠᠨ ᠠᠪᠴᠣ ᠪᠠᠢᠭ᠎ᠠ
ᠪᠢᠰᠢ᠃ ᠰᠦᠨᠡᠰᠣ ᠦᠬᠡᠢ ᠠᠮᠢᠳᠠᠨ ᠴᠤᠭ ᠵᠢᠪᠬᠤᠭ᠎ᠠ ᠦᠬᠡᠢ᠂ ᠣᠪᠣᠭᠠᠯᠠᠭ᠍ᠰᠠᠨ ᠮᠢᠬ᠎ᠠ ᠮᠡᠳᠣ ᠰᠣᠯᠳᠠᠢᠭᠠᠳ
ᠶᠠᠪᠣᠴᠢᠬᠠᠪᠠ᠃ ᠨᠣᠬᠠᠢ᠎ᠶ᠋ᠢᠨ ᠪᠠᠶ᠎ᠠ᠎ᠲᠠᠢ᠂ ᠵᠠᠷᠠᠭ᠎ᠠ᠎ᠶ᠋ᠢᠨ ᠰᠦᠨᠡᠰᠣ᠎ᠲᠠᠢ ᠠᠷᠢᠶᠠᠳᠠᠨᠤ ᠲᠦᠷᠦᠯ
ᠬᠤᠢᠨ᠎ᠠ ᠦᠵᠡᠵᠣ ᠬᠠᠷᠠᠬᠤ᠂ ᠬᠦᠶᠣᠵᠣ ᠬᠠᠷᠠᠢᠬᠤ᠎ᠨᠢ ᠪᠣᠱᠢᠭᠤ ᠲᠣᠱᠢᠭᠤ᠂ ᠬᠦᠮᠦᠨ᠎ᠠᠴᠠ ᠲᠣᠳᠠᠭᠤᠳᠠᠬᠤ
ᠶᠠᠭᠤᠮ᠎ᠡ ᠶᠠᠷᠣ ᠠᠯᠠᠭ᠎ᠠ᠃ ᠶᠠᠪᠣᠭ᠍ᠰᠠᠨ ᠵᠦᠭ᠎ᠲᠤ ᠮᠦᠷ᠎ᠢ᠎ᠨᠢ ᠱᠢᠩᠱᠢᠨ ᠬᠦᠶᠦᠬᠦ᠌᠎ᠳᠤ ᠬᠤᠯᠣᠭᠠᠨ᠎ᠠ ᠴᠣ᠌ ᠪᠣᠯᠤᠭ᠂ ᠱᠢᠪᠠᠭᠤ ᠴᠣ᠌ ᠪᠠᠢᠭ᠂ ᠬᠦᠮᠦᠨ
ᠯᠠ ᠪᠢᠰᠢ ᠪᠣᠯ ᠬᠡᠨ᠎ᠠᠴᠠ᠂ ᠶᠠᠭᠤ᠎ᠠᠴᠠ ᠠᠶᠣᠬᠤ ᠪᠣᠢ᠃
ᠬᠠᠷᠠᠩᠭᠤᠢ᠎ᠳᠤ ᠨᠣᠬᠠᠢ᠎ᠶ᠋ᠢᠨ ᠪᠡᠶ᠎ᠡ ᠵᠠᠷᠠᠭ᠎ᠠ᠎ᠶ᠋ᠢᠨ
ᠰᠦᠨᠡᠰᠣ᠎ᠶ᠋ᠢ ᠡᠪᠣᠷᠳᠣᠯᠠᠨ ᠬᠤᠷᠳᠣᠯᠠᠬᠤ᠎ᠳᠤ ᠡᠳᠣᠷ ᠪᠣᠯᠬᠤ᠎ᠠᠴᠠ ᠣᠷᠢᠳ ᠬᠠᠮᠤᠭ ᠶᠠᠪᠣᠳᠠᠯ᠎ᠢ ᠪᠦᠳᠦᠬᠡᠬᠦ᠌
ᠬᠡᠷᠡᠭ᠌ᠳᠡᠢ᠃ ᠦᠬᠡᠢ ᠪᠣᠯ ᠨᠠᠷᠠ ᠦᠵᠡᠭ᠌ᠰᠡᠨ ᠰᠦᠨᠡᠰᠣ ᠬᠡᠷᠡᠯ ᠲᠠᠭᠠᠭᠠᠳ ᠲᠡᠭ᠌ᠷᠢ᠎ᠳᠤ ᠭᠠᠷᠴᠢᠬᠠᠳᠠᠭ
ᠶᠣᠰᠣᠲᠠᠢ᠃ ᠲᠡᠬᠡᠪᠡᠯ ᠮᠢᠬᠠᠨ ᠪᠡᠶ᠎ᠡ ᠬᠠᠮᠢᠭ᠎ᠠ᠎ᠠᠴᠠ ᠣᠯᠬᠤ ᠳ᠋ᠠ᠃ ᠲᠠᠪᠠᠭ ᠬᠠᠯᠠᠳᠠᠯ᠎ᠠ ᠬᠦᠶᠦᠭ᠌ᠰᠠᠨ
ᠴᠣ᠌ ᠵᠠᠷᠠᠭ᠎ᠠ᠎ᠶ᠋ᠢᠨ ᠰᠦᠨᠡᠰᠣ᠎ᠲᠠᠢ ᠪᠣᠯᠬᠤᠷ ᠭᠠᠵᠠᠷ ᠬᠤᠷᠣᠬᠤ ᠪᠢᠰᠢ᠂ ᠣᠷᠣᠨ᠎ᠳᠤ᠎ᠪᠠᠨ ᠣᠴᠣᠭᠠᠨᠠᠭᠠᠳ
ᠰᠣᠨᠣᠳᠠᠯᠠ ᠲᠠᠪᠬᠢᠵᠣ ᠴᠢᠳᠠᠬᠤ ᠦᠬᠡᠢ ᠠᠵᠣᠭᠤ᠃
ᠰᠦᠨᠡᠰᠣ ᠶᠠᠳᠠᠷᠠᠭᠠᠳ ᠰᠦᠷᠡᠬᠡᠢ᠃ ᠲᠡᠬᠡᠳᠡᠯ᠎ᠡ ᠬᠤᠢᠰᠢ ᠰᠠᠭᠤᠯ᠎ᠠ᠄
《ᠲᠡᠷᠡ ᠲᠡᠷᠡ᠂ ᠣᠳᠣ ᠶᠠᠭᠠᠬᠢᠨ᠎ᠡ? ᠨᠣᠬᠠᠢ ᠮᠢᠨᠢ》 ᠬᠡᠵᠣ ᠣᠬᠢᠯᠠᠭ ᠠᠯᠳᠠᠬᠤ᠎ᠳᠤ
ᠪᠡᠶ᠎ᠡ ᠭᠠᠢᠬᠠᠨ ᠵᠢᠭᠠᠭ᠍ᠰᠠᠨ ᠵᠦᠭ᠎ᠲᠤ ᠠᠬᠢᠭᠤᠯᠣᠨ ᠬᠠᠷᠠᠪᠠᠯ ᠦᠨᠡᠭᠡ ᠪᠠᠢᠭ᠍ᠰᠠᠨ ᠠᠵᠠᠢ᠃ ᠨᠣᠬᠠᠢ᠎ᠶ᠋ᠢᠨ ᠪᠡᠶ᠎ᠡ ᠭᠠᠢᠬᠠᠰᠢ
ᠠᠯᠳᠠᠵᠣ᠄
《ᠶᠠᠭᠤᠨ᠎ᠳᠤ ᠲᠡᠳᠣᠢ ᠠᠶᠣᠴᠢᠬᠠᠭ᠍ᠰᠠᠨ ᠶᠣᠮ? ᠮᠠᠭᠤ 〈ᠲᠣᠷᠭᠠᠨ ᠲᠡᠪᠡᠯᠳᠣ〉 ᠯᠠ ᠪᠠᠢᠨ᠎ᠠ》 ᠬᠡᠬᠦ᠌᠎ᠳᠤ᠄ 《ᠲᠠ ᠶᠠᠭᠤ ᠬᠡᠯᠡᠵᠣ ᠪᠠᠢᠬᠤ ᠶᠣᠮ? ᠲᠡᠷᠡ
ᠴᠢᠨᠢ ᠲᠣᠭ᠍ᠰᠢᠨ ᠠᠷᠢᠶᠠᠳᠠᠨ᠃ ᠪᠦᠬᠡᠮ ᠪᠣᠯᠣᠭ᠍ᠰᠠᠨ ᠨᠠᠮᠠᠶ᠋ᠢ ᠡᠷᠬᠢᠬᠦᠯᠵᠣ ᠭᠠᠭ᠍ᠴᠠᠬᠠᠨ ᠰᠠᠷᠢᠬᠤᠳᠤ
ᠪᠢ ᠰᠣᠭ᠍ᠳᠣᠭᠠᠳ ᠲᠡᠨᠢ᠌ᠬᠦ᠌ᠳᠤ ᠣᠷᠳᠣ ᠬᠤᠩᠱᠢᠶᠠᠷᠢᠶᠠᠷ ᠣᠬᠤᠵᠣ ᠠᠪᠣᠭᠠᠳ ᠡᠮᠬᠦᠴᠢᠬᠡᠳᠡᠭ ᠶᠣᠮ 》
ᠬᠡᠵᠣ ᠵᠠᠷᠠᠭ᠎ᠠ᠎ᠶ᠋ᠢᠨ ᠰᠦᠨᠡᠰᠣ ᠬᠤᠯᠠᠭᠤᠷ ᠬᠦᠶᠣᠵᠣ ᠶᠠᠪᠣᠭ᠎ᠠ ᠲᠡᠷᠡ
ᠠᠮᠢᠳᠠᠨ᠎ᠢ ᠴᠠᠴᠠᠷᠠᠨ ᠪᠠᠢᠵᠣ ᠬᠠᠷᠠᠨ ᠡᠢᠨᠬᠦ᠌ ᠦᠬᠦᠯᠡᠪᠡ᠃
《ᠬᠡᠮ ᠦᠬᠡᠢ᠂ ᠪᠢ ᠪᠡᠢᠨ᠎ᠡ᠃ ᠦᠨᠡᠭᠡ ᠮᠢᠨᠣ ᠪᠡᠶ᠎ᠡ᠎ᠶ᠋ᠢ
ᠬᠠᠷᠠᠪᠠᠯ ᠨᠣᠢᠳᠠ ᠠᠯᠳᠠᠨ᠎ᠠ 》 ᠬᠡᠵᠣ ᠨᠣᠬᠠᠢ᠎ᠶ᠋ᠢᠨ ᠪᠠᠶ᠎ᠠ
ᠣᠮᠣᠷᠬᠠᠭ ᠬᠠᠷᠠᠭ᠍ᠰᠠᠨ᠎ᠢᠶᠠᠨ ᠬᠤᠴᠠᠬᠤ ᠬᠡᠪᠡ᠃ ᠬᠡᠪᠡᠴᠣ ᠰᠦᠨᠡᠰᠣ ᠠᠶᠣᠭᠠᠳ ᠴᠢᠴᠠᠭ᠎ᠠ ᠠᠯᠳᠠᠬᠤ ᠪᠣᠯᠬᠤᠷ
ᠨᠣᠬᠠᠢ᠎ᠶ᠋ᠢᠨ ᠪᠠᠶ᠎ᠡ ᠵᠣᠷᠢᠭ ᠬᠦᠷᠦᠭ᠌ᠰᠡᠨ ᠦᠬᠡᠢ᠃ ᠰᠦᠨᠡᠰᠣ ᠵᠠᠢᠯᠠᠪᠠᠯ ᠰᠦᠭ ᠰᠦᠯᠳᠡ᠎ᠪᠠᠨ ᠠᠯᠳᠠᠨ᠎ᠠ
ᠬᠡᠳᠡᠭ ᠡᠨᠡ ᠪᠣᠶᠣ? ᠦᠰᠣ ᠣᠩᠭᠠᠰᠣ᠎ᠨᠢ ᠣᠷᠪᠣᠢᠵᠣ ᠣᠰᠣᠨ
ᠨᠢᠳᠦᠯᠡᠭ᠌ᠰᠡᠨ ᠠᠷᠭᠠᠴᠠᠭ᠎ᠠ ᠦᠬᠡᠢ ᠬᠦᠬᠡᠷᠦᠬᠦᠢ ᠠᠮᠢᠳᠠᠨ ᠭᠤᠢᠪᠢᠵᠣ ᠲᠡᠯᠳᠠᠷᠢᠬᠤᠶ᠋ᠢ ᠬᠠᠷᠠᠭ᠍ᠰᠠᠨ
ᠴᠠᠢᠭ᠍ᠰᠠᠨ ᠰᠡᠬᠦᠯᠳᠣ᠎ᠶ᠋ᠢᠨ ᠭᠠᠢᠬᠠᠰᠢ ᠠᠯᠳᠠᠷᠠᠵᠠᠢ᠃ ᠲᠠᠭᠠᠷᠢᠭᠠᠳ ᠢᠷᠡᠬᠦ᠌᠎ᠳᠤ ᠪᠢ ᠴᠣ᠌ ᠬᠡᠰᠡᠨ ᠬᠤᠷᠴᠠ
ᠱᠢᠳᠣ᠂ ᠬᠤᠷᠳᠣᠨ ᠬᠦᠯ᠎ᠲᠠᠢ ᠬᠡᠵᠣ ᠪᠠᠭ᠍ᠠᠷᠬᠠᠨ ᠪᠣᠳᠣᠭ᠍ᠰᠠᠨ ᠦᠨᠡᠭᠡ ᠦᠪᠡᠷᠠᠴᠠᠨᠢ ᠦᠯᠦ᠍ ᠮᠡᠳᠡᠭ
ᠵᠠᠢᠯᠠᠵᠣ ᠪᠠᠢᠭ᠎ᠠ ᠬᠦᠬᠦᠳᠡᠨᠢ ᠰᠣᠨᠢᠷᠬᠠᠵᠣ ᠬᠤᠯᠠᠳᠭᠤ ᠪᠢᠰᠢ ᠣᠢᠷᠠᠳᠭᠤ᠎ᠳᠤ ᠨᠣᠬᠠᠢ᠎ᠶ᠋ᠢᠨ ᠪᠡᠶ᠎ᠡ
ᠲᠣᠯᠵᠣ ᠣᠴᠢᠬᠤ᠎ᠶ᠋ᠢ ᠬᠦᠰᠡᠬᠦ᠌ ᠴᠣ᠌ ᠰᠦᠨᠡᠰᠣ ᠲᠣᠳᠠᠭᠠᠬᠤ ᠬᠡᠳ ᠪᠣᠯᠳᠠᠭ ᠦᠬᠡᠢ᠃ ᠲᠠᠢᠰᠣᠨᠢᠶᠠᠨ
ᠬᠠᠷᠠᠭ᠍ᠰᠠᠨ ᠠᠮᠢᠳᠠᠨ ᠶᠠᠮᠠᠷ ᠪᠠᠢᠳᠠᠭ ᠪᠢᠯᠠ? ᠵᠠᠷᠠᠭ᠎ᠠ᠎ᠶ᠋ᠢᠨ
ᠰᠦᠨᠡᠰᠣ ᠶᠠᠭ ᠯᠠ ᠲᠠᠢᠮᠣ᠃
ᠦᠨᠡᠭᠡ ᠣᠢᠷᠠᠳᠭᠤ ᠪᠢᠰᠢ ᠂ ᠬᠤᠯᠠᠳᠭᠤ ᠪᠢᠰᠢ ᠬᠠᠷᠠᠭᠠᠳ ᠪᠠᠢᠪᠠ᠃
ᠡᠢᠮᠣ ᠦᠨᠳᠣᠷ ᠲᠣᠮᠣ ᠪᠡᠶ᠎ᠡ᠎ᠲᠠᠢ ᠨᠣᠬᠠᠢ᠎ᠠᠴᠠ ᠲᠠᠷᠡ ᠠᠶᠣᠨ᠎ᠠ᠃ ᠬᠡᠪᠡᠴᠣ ᠰᠦᠷ ᠰᠦᠯᠳᠡ᠎ᠪᠠᠨ ᠠᠯᠳᠠᠵᠣ
ᠲᠠᠭ᠍ᠵᠢᠨ ᠴᠡᠴᠡᠷᠡᠬᠦ᠌ ᠬᠦᠬᠡᠷᠦᠬᠦᠢ᠎ᠶ᠋ᠢ ᠠᠶᠣᠯᠭᠠᠵᠣ ᠦᠵᠡᠬᠦ᠌᠎ᠶ᠋ᠢ ᠶᠠᠭᠤᠳᠠᠢ ᠶᠡᠭᠡ ᠬᠦᠰᠡᠨ
ᠮᠦᠷᠦᠬᠡᠳᠬᠦ᠌ ᠠᠵᠠᠢ᠃ ᠨᠡᠷᠡᠯᠬᠡᠭ᠂ ᠵᠡᠯᠢᠲᠠᠢ ᠪᠣᠯᠬᠤᠷ ᠪᠣᠰᠣᠳ᠎ᠤᠨ ᠡᠮᠣᠨ᠎ᠡ ᠦᠪᠡᠷ᠎ᠤᠨ ᠬᠦᠴᠦᠨ ᠴᠢᠳᠡᠯ᠂
ᠵᠣᠷᠢᠭ ᠰᠦᠰᠦ᠎ᠪᠠᠨ ᠭᠠᠢᠬᠠᠭᠤᠯᠬᠤ᠎ᠶ᠋ᠢ ᠬᠢᠴᠢᠶᠡᠳᠡᠭ᠎ᠨᠢ ᠲᠡᠬᠦᠨ᠎ᠤ ᠵᠡᠩ᠃ ᠬᠡᠪᠡᠴᠣ ᠲᠠᠳᠠᠭᠠᠯᠵᠠᠨᠠ᠃ ᠬᠡᠷᠪᠡ
ᠵᠠᠷᠠᠭ᠎ᠠ᠎ᠶ᠋ᠢᠨ ᠰᠦᠨᠡᠰᠣ᠎ᠲᠠᠢ᠂ ᠨᠣᠬᠠᠢ᠎ᠶ᠋ᠢᠨ ᠪᠠᠶ᠎ᠠ᠎ᠲᠠᠢ ᠪᠣᠯᠬᠤ᠎ᠶ᠋ᠢ ᠮᠡᠳᠡᠪᠡᠯ ᠬᠦᠴᠦᠷᠡᠬᠦ᠌ ᠦᠬᠡᠢ
ᠴᠣ᠌ ᠬᠡᠰᠡᠨ ᠨᠣᠴᠣᠯᠳᠣᠵᠣ᠂ ᠠᠶᠣᠯᠭᠠᠵᠣ᠂ ᠬᠡᠮᠬᠢᠯᠡᠯᠴᠡᠵᠣ ᠠᠪᠣᠭᠠᠳ ᠨᠣᠬᠠᠢ᠎ᠲᠠᠢ ᠲᠡᠮᠡᠴᠡᠯᠳᠦᠭ᠌ᠰᠡᠨ
ᠲᠡᠣᠬᠡ᠎ᠪᠠᠨ ᠲᠡᠯᠡᠬᠡᠢ ᠲᠠᠶᠠᠭᠠᠷ ᠲᠣᠩᠬᠠᠭ᠍ᠯᠠᠪᠠᠯ ᠮᠢᠨᠣ ᠠᠯᠳᠠᠷ ᠨᠡᠷ᠎ᠡ ᠠᠷᠪᠠᠨ ᠲᠡᠬᠢᠨ ᠮᠠᠨᠳᠣᠬᠤ
ᠪᠢᠰᠢ ᠤᠤ? ᠦᠨᠡᠭᠡ ᠪᠡᠶ᠎ᠡ᠎ᠪᠠᠨ ᠬᠤᠷᠢᠶᠠᠨ ᠰᠣᠶᠤᠭ᠎ᠠ᠎ᠪᠠᠨ
ᠠᠷᠵᠠᠢᠯᠭᠠᠵᠣ ᠬᠠᠷᠬᠢᠰᠯᠠᠵᠣ ᠦᠵᠡᠯ᠎ᠡ᠃
ᠨᠣᠬᠠᠢ ᠵᠣᠭ᠍ᠰᠣᠭ᠍ᠰᠠᠭᠠᠷ ᠪᠠᠢᠪᠠ᠃ ᠠᠶᠣᠵᠣ ᠪᠠᠢᠭ᠎ᠠ ᠱᠢᠭ᠋᠂ ᠠᠯᠢ
ᠡᠰᠡᠬᠦᠯ᠎ᠠ ᠠᠶᠣᠯᠭᠠᠵᠣ ᠪᠠᠢᠭ᠎ᠠ ᠶᠣᠮ ᠤᠤ ? ᠦᠬᠡᠢ ᠪᠣᠯ
ᠵᠣᠷᠢᠭᠤᠳᠠ ᠲᠣᠭ᠍ᠯᠠᠭᠠᠮ ᠲᠣᠬᠤᠭᠤ ᠬᠢᠵᠣ ᠦᠳᠦᠬᠡᠵᠣ ᠪᠠᠢᠭ᠎ᠠ ᠴᠣ᠌ ᠶᠣᠮ ᠤᠤ? ᠬᠠᠷᠠᠩᠭᠤᠢ᠎ᠳᠤ ᠠᠯᠢ ᠠᠯᠢ᠎ᠨᠢ ᠴᠣ᠌
ᠲᠣᠳᠣ ᠦᠬᠡᠢ᠃ ᠵᠠᠷᠠᠭ᠎ᠠ᠎ᠶ᠋ᠢᠨ ᠰᠦᠨᠡᠰᠣ ᠵᠣᠷᠢᠭ ᠵᠢᠭᠠᠬᠠᠨ ᠣᠷᠣᠯ᠎ᠠ᠃ ᠶᠠᠭᠤ ᠪᠣᠯᠣᠯᠡ ᠴᠣ᠌ ᠬᠡᠰᠡᠨ
ᠦᠨᠡᠭᠡ ᠰᠠᠭ᠍ᠰᠠᠢᠭᠠᠳ ᠨᠣᠬᠠᠢ ᠪᠣᠯᠬᠤ ᠦᠬᠡᠢ᠂ ᠨᠣᠬᠠᠢ ᠠᠶᠣᠭᠠᠳ ᠦᠨᠡᠭᠡ ᠪᠣᠯᠬᠤ ᠦᠬᠡᠢ ᠬᠤᠢᠨ᠎ᠡ
ᠠᠶᠣᠮᠠᠬᠠᠢ ᠨᠢᠬᠡᠨ ᠲᠣᠷ᠎ᠠ᠎ᠪᠠᠷ ᠬᠦᠳᠡᠯᠬᠦ᠌᠎ᠶ᠋ᠢ ᠴᠡᠬᠡᠷ᠎ᠲᠤ ᠪᠣᠳᠣᠳᠠᠭ ᠪᠦᠯᠦᠬᠡ᠃ ᠲᠡᠬᠡᠳᠡᠯ᠎ᠡ
ᠲᠡᠷᠳᠡᠭᠡ ᠬᠤᠯᠣᠭᠠᠨ᠎ᠠ ᠵᠣᠳᠠᠭ᠍ᠯᠠᠬᠤᠶ᠋ᠢ ᠬᠠᠷᠠᠭ᠍ᠰᠠᠨ ᠦᠨᠡᠭᠡᠳᠤ ᠠᠵᠠ ᠲᠠᠭᠠᠷᠠᠵᠣ ᠬᠦᠬᠡᠬᠡᠭ᠌ᠰᠡᠨ
ᠪᠣᠯᠵᠣ ᠪᠡᠷ᠎ᠡ ᠲᠡᠯᠳᠡᠷᠡᠪᠡ᠃
ᠵᠠᠷᠠᠭ᠎ᠠ᠎ᠶ᠋ᠢᠨ ᠰᠦᠨᠡᠰᠣ᠎ᠶ᠋ᠢ ᠠᠷᠭᠠᠳᠠᠨ ᠲᠠᠢᠳᠭᠤᠷᠠᠭᠤᠯᠣᠭ᠍ᠰᠠᠨ
ᠨᠣᠬᠠᠢ᠎ᠶ᠋ᠢᠨ ᠪᠡᠶ᠎ᠡ ᠡᠢᠨᠬᠦ᠌ ᠴᠢᠯᠦᠬᠡ ᠭᠠᠷᠴᠣ ᠮᠦᠷ᠎ᠢᠶᠠᠨ ᠱᠢᠩᠱᠢᠯᠡᠨ ᠬᠦᠶᠣᠯᠡ᠃ ᠮᠢᠨᠣ ᠰᠦᠨᠡᠰᠣ
ᠬᠠᠮᠢᠭ᠎ᠠ ᠪᠠᠢᠨ᠎ᠠ? ᠪᠡᠶᠡᠨ᠎ᠳᠤ᠎ᠪᠠᠨ ᠬᠤᠷᠳᠣᠨ ᠢᠷᠡᠬᠡᠴᠢ
ᠬᠡᠬᠦ᠌᠎ᠨᠢ ᠲᠡᠬᠦᠨ᠎ᠤ ᠬᠠᠮᠤᠭ ᠬᠦᠰᠡᠯ᠃ ᠰᠦᠨᠡᠰᠣᠨᠤ ᠮᠦᠷ ᠱᠢᠨᠡᠳᠣᠨ ᠦᠨᠦᠷ᠎ᠨᠢ ᠬᠤᠷᠴᠠ ᠰᠣᠷᠭᠤᠭ ᠪᠣᠯᠬᠤ
ᠲᠣᠰᠣᠮ ᠪᠠᠶᠠᠷᠯᠠᠭ᠍ᠰᠠᠨ ᠰᠡᠳᠭᠢᠯ ᠴᠡᠬᠡᠵᠢᠨ᠎ᠳᠤ ᠪᠠᠭ᠍ᠳᠠᠵᠣ ᠶᠠᠳᠠᠮ᠎ᠠ᠃ ᠵᠣᠷᠢᠭ᠍ᠵᠢᠵᠣ ᠨᠡᠬᠡᠯ
ᠪᠣᠯᠣᠭ᠍ᠰᠠᠨ ᠨᠣᠬᠠᠢ᠎ᠶ᠋ᠢᠨ ᠪᠡᠶ᠎ᠡ ᠲᠦᠬᠦᠮ᠎ᠳᠤ ᠣᠷᠣᠳᠠᠯ᠎ᠠ ᠰᠦᠨᠢ ᠪᠡᠯᠴᠢᠭ᠌ᠰᠡᠨ ᠰᠦᠷᠦᠭ ᠮᠠᠯ
ᠬᠠᠷᠠᠭ᠍ᠳᠠᠪᠠ᠃ ᠰᠦᠨᠡᠰᠣ᠎ᠨᠢ ᠬᠠᠷᠢᠨ ᠵᠣᠰᠠᠭ ᠢᠮᠠᠭᠠᠨ᠎ᠤ ᠲᠡᠷᠬᠡᠳᠡ ᠣᠴᠣᠢᠵᠣ ᠪᠠᠢᠪᠠ᠃ ᠨᠣᠬᠠᠢ᠎ᠶ᠋ᠢᠨ
ᠪᠡᠶ᠎ᠡ ᠪᠠᠶᠠᠷᠯᠠᠵᠣ᠄
《ᠴᠢ ᠶᠠᠭᠠᠬᠢᠭᠠᠳ ᠠᠳᠡ ᠪᠠᠢᠬᠤ ᠶᠣᠮ? ᠬᠤᠷᠳᠣᠨ ᠢᠷ᠎ᠡ》 ᠬᠡᠮᠡᠨ ᠶᠠᠭᠠᠷᠠᠣ ᠪᠠᠷᠢᠵᠣ
ᠠᠪᠬᠤ᠎ᠳᠤ᠄
《ᠪᠢ ᠢᠷᠡᠬᠦ᠌ ᠲᠦᠷᠦᠯ᠎ᠳᠤ᠎ᠪᠠᠨ ᠢᠮᠠᠭ᠎ᠠ ᠪᠣᠯᠣᠶᠡ
ᠬᠡᠰᠡᠨ ᠶᠣᠮ᠃ ᠲᠠᠩᠴᠣ ᠣᠷᠣᠬᠤ ᠵᠠᠮ ᠮᠦᠷ᠎ᠢ᠎ᠨᠢ ᠣᠯᠬᠤ ᠦᠬᠡᠢ ᠭᠠᠢᠬᠠᠭᠠᠳ ᠡᠳᠣᠢ ᠬᠦᠷᠦᠯ᠎ᠡ》 ᠬᠡᠵᠣ ᠨᠣᠬᠠᠢ᠎ᠶ᠋ᠢᠨ ᠰᠦᠨᠡᠰᠣ ᠦᠨᠡᠨ᠎ᠢᠶᠠᠨ ᠲᠣᠭᠠᠴᠢᠪᠡ᠃
《ᠶᠠᠭᠤ ᠬᠡᠨ᠎ᠡ? ᠢᠮᠠᠭ᠎ᠠ ᠪᠣᠯᠬᠤ ᠶᠣᠮ ᠤᠤ? ᠴᠢ ᠴᠢᠨᠢ᠃
ᠶᠠᠮᠠᠷ ᠮᠠᠭᠤᠬᠠᠢ ᠣᠷᠪᠠᠮᠠᠳᠠᠭᠠᠢ ᠰᠡᠳᠭᠢᠯ᠎ᠲᠠᠢ ᠯᠦᠳ ᠬᠡᠭ᠌ᠴᠢ᠃ ᠪᠢᠳᠡ ᠴᠢᠮᠠᠶ᠋ᠢ ᠬᠠᠢᠭᠠᠳ ᠴᠦᠬᠦᠷᠡᠯᠡ᠃ ᠴᠢ
ᠬᠠᠷᠢᠨ᠂᠂᠂᠂ 》 ᠬᠡᠵᠣ ᠨᠣᠬᠠᠢ᠎ᠶ᠋ᠢᠨ ᠪᠡᠶ᠎ᠡ ᠠᠭᠤᠷᠯᠠᠬᠤᠳᠤᠪᠠᠨ
ᠦᠬᠡ᠎ᠪᠠᠨ ᠬᠡᠯᠡᠵᠣ ᠭᠠᠷᠬᠤ ᠦᠬᠡᠢ ᠪᠡᠭ᠌ᠳᠡᠷᠡᠬᠦ᠌ᠳᠤ ᠰᠦᠨᠡᠰᠣ ᠲᠣᠯᠣᠭᠠᠢ᠎ᠪᠠᠨ ᠮᠠᠭᠠᠵᠢᠨ᠄
《ᠡᠵᠡᠨ ᠮᠢᠨᠢ ᠰᠣᠭ᠍ᠳᠣᠭᠤᠪᠠᠷ ᠬᠤᠳᠠᠯᠳᠣᠭᠠᠳ
ᠰᠡᠷᠬᠦᠭ᠌ᠰᠡᠨ ᠬᠤᠢᠨ᠎ᠡ ᠬᠡᠮᠱᠢᠵᠣ ᠰᠦᠮ᠎ᠡ᠎ᠳᠤ ᠣᠴᠢᠭᠠᠳ ᠡᠷᠳᠡᠭᠡᠨ ᠲᠦᠷᠦᠯ ᠠᠷᠠᠯᠵᠢᠬᠤ ᠪᠠᠷ ᠢᠷᠦᠬᠡᠯ
ᠠᠪᠴᠣ ᠳ᠋ᠠ᠃ ᠣᠬᠢᠯᠠᠭ᠍ᠰᠠᠨ ᠲᠠᠭᠤ᠎ᠳᠤᠨᠢ ᠲᠡᠭ᠌ᠷᠢ ᠣᠶᠠᠷᠠᠵᠣ ᠣᠯᠢᠭ᠍ᠳᠡᠢ ᠣᠷᠣᠨ ᠣᠯᠳᠠᠬᠤ ᠦᠬᠡᠢ ᠵᠣᠪᠡᠵᠣ
ᠪᠠᠢᠳᠠᠯ᠎ᠠ ᠡᠨᠡ
ᠵᠤᠰᠠᠭ ᠬᠠᠢᠳᠠᠭᠤᠯ ᠪᠤᠯᠬᠤ ᠲᠠᠭᠠᠷᠠᠵᠤ ᠨᠠᠮᠠᠶ᠋ᠢ᠎ᠶ᠋ᠢ ᠨᠠᠰᠢ᠎ᠪᠠᠨ ᠶᠠᠪᠣᠭᠤᠯᠣᠭ᠍ᠰᠠᠨ ᠶᠣᠮ᠃ ᠵᠠ᠂ ᠴᠢ
ᠢᠷᠡᠭ᠌ᠰᠡᠨ ᠪᠣᠯ ᠶᠠᠮᠡᠷ ᠰᠠᠢᠬᠠᠨ ᠶᠣᠮ᠃ ᠪᠢ ᠴᠣ᠌ ᠬᠡᠰᠡᠨ ᠬᠠᠭᠤᠴᠢᠨ ᠲᠦᠷᠦᠯ᠎ᠳᠤ᠎ᠪᠠᠨ ᠪᠣᠴᠠᠶ᠎ᠠ》
ᠬᠡᠳ ᠣᠷᠣᠬᠤ ᠬᠡᠳᠡᠯ᠎ᠡ ᠵᠠᠷᠠᠭ᠎ᠠ᠎ᠶ᠋ᠢᠨ ᠰᠦᠨᠡᠰᠣ ᠵᠠᠮ᠎ᠳᠤ᠎ᠨᠢ ᠲᠡᠬᠡᠬᠡᠭ᠌ᠯᠡᠴᠢᠬᠡᠪᠡ ᠄
《ᠠᠯᠳᠠᠶ᠋ᠢᠨᠢ ᠠᠪᠣᠭᠠᠳ ᠠᠪᠳᠠᠷᠠᠶ᠋ᠢᠨᠢ ᠬᠠᠶᠠᠨ᠎ᠠ
ᠤᠤ? ᠡᠨᠡ ᠵᠡᠯᠢᠬᠦᠳ ᠭᠤᠪᠢ᠎ᠳᠤ ᠪᠢ ᠬᠠᠮᠢᠭ᠎ᠠ ᠬᠡᠵᠣ ᠶᠠᠪᠣᠬᠤ ᠶᠣᠮ?
》 ᠬᠡᠪᠡ᠃ ᠦᠨᠡᠬᠡᠷ ᠳ᠋ᠡ ᠂ ᠨᠢᠬᠡ ᠪᠡᠶ᠎ᠡ᠎ᠳᠤ ᠬᠤᠶᠡᠷ ᠰᠦᠨᠡᠰᠣ ᠶᠠᠭᠠᠬᠢᠵᠣ
ᠲᠣᠭ᠍ᠳᠠᠬᠤ ᠪᠢᠯᠡ? ᠴᠢᠬᠢᠷᠠᠭ ᠪᠣᠯᠣᠭ᠍ᠰᠠᠨ ᠨᠣᠬᠠᠢ
ᠵᠠᠷᠠᠭ᠎ᠠ᠎ᠶ᠋ᠢᠨ ᠰᠦᠨᠡᠰᠣ᠎ᠶ᠋ᠢ ᠡᠬᠦᠷᠦᠬᠡᠳ ᠬᠠᠷᠢᠵᠣ ᠢᠷᠡᠬᠦ᠌᠎ᠳᠤ ᠲᠡᠬᠦᠨ᠎ᠤ ᠬᠡᠬᠦᠷ ᠪᠡᠶ᠎ᠡ᠎ᠨᠢ ᠡᠷᠡᠬᠦᠯ
ᠪᠣᠰᠣ᠂ ᠡᠪᠳᠡᠷᠡᠬᠦ᠌ ᠵᠦᠭ᠎ᠲᠤ᠎ᠪᠠᠨ ᠲᠦᠬᠦᠵᠡᠢ᠃
ᠰᠦᠨᠡᠰᠣ ᠦᠵᠡᠬᠡᠳ᠄ 《ᠪᠢ
ᠣᠳᠣ ᠬᠠᠮᠢᠭ᠎ᠠ ᠶᠠᠪᠣᠨ᠎ᠠ? ᠬᠠᠢᠷᠠᠨ ᠰᠠᠢᠬᠠᠨ ᠠᠮᠢᠳᠣᠷᠠᠯ᠂ ᠬᠠᠯᠠ
ᠦᠵᠡᠭᠡ ᠦᠬᠡᠢ ᠬᠡᠣᠬᠡᠳ᠎ᠤᠳ ᠮᠢᠨᠢ》 ᠬᠡᠮᠡᠨ ᠣᠬᠢᠯᠠᠭ ᠠᠯᠳᠠᠬᠤ᠎ᠳᠤ
ᠨᠣᠬᠠᠢ ᠵᠣᠪᠠᠵᠣ᠄
《ᠲᠡᠬᠦᠣ ᠮᠢᠨᠢ᠂ ᠲᠡᠬᠦᠵᠢᠯᠡᠭ᠌ᠰᠡᠨ ᠮᠢᠬ᠎ᠠ ᠮᠢᠨᠢ᠃ ᠪᠢ
ᠣᠬᠠᠭᠠᠯᠠᠶᠠ》 ᠬᠡᠳ ᠰᠡᠬᠦᠯ᠎ᠢᠶᠠᠨ ᠠᠪᠴᠣ ᠲᠠᠯᠠᠯᠬᠤ᠎ᠳᠤ
ᠮᠠᠭᠤᠳᠠᠭ᠍ᠰᠠᠨ ᠪᠠᠶ᠎ᠡ᠎ᠨᠢ ᠰᠡᠷᠬᠦᠨ ᠵᠠᠷᠠᠭ᠎ᠠ ᠴᠣ᠌ ᠴᠤᠭ ᠵᠢᠪᠬᠤᠭ᠎ᠠ᠎ᠲᠠᠢ ᠪᠣᠯᠵᠣ ᠲᠣᠶᠠᠭ᠎ᠠ ᠲᠠᠳᠠᠭᠠᠳ
ᠶᠠᠪᠣᠴᠢᠬᠠᠪᠠ᠃ ᠪᠠᠶᠠᠷᠯᠠᠭ᠍ᠰᠠᠨ ᠬᠤᠶᠠᠷ ᠲᠡᠪᠡᠷᠢᠯᠴᠡᠨ ᠲᠡᠪᠬᠡᠴᠡᠬᠦ᠌ᠳᠤ ᠬᠡᠷ᠎ᠲᠤ ᠬᠡᠨᠡᠳᠳᠡ ᠳ᠋ᠧᠩ
ᠠᠰᠠᠵᠣ ᠡᠬᠦᠳᠡ ᠨᠡᠬᠡᠬᠡᠭ᠌ᠳᠡᠬᠦ᠌ ᠱᠢᠭ ᠪᠣᠯᠬᠤ᠎ᠳᠤ ᠰᠣᠴᠢᠭ᠍ᠰᠠᠨ ᠠᠮᠢᠳᠠᠨ ᠵᠦᠭ ᠵᠦᠭ᠎ᠲᠤ᠎ᠪᠠᠨ ᠪᠣᠳᠠᠷᠠᠨ
ᠠᠯᠠᠭ᠎ᠠ ᠪᠣᠯᠪᠠ᠃ ᠬᠡᠷ᠎ᠤᠨ ᠡᠵᠡᠨ ᠦᠷ ᠴᠠᠢᠬᠤ᠎ᠪᠠᠷ ᠨᠣᠬᠠᠢ᠎ᠪᠠᠨ ᠭᠠᠷᠭᠠᠬᠤ ᠬᠡᠵᠣ ᠡᠷᠳᠡᠯᠡᠭ᠌ᠰᠡᠨ ᠶᠣᠮ
ᠪᠣᠯᠪᠠ ᠤᠤ? ᠬᠡᠨ ᠮᠠᠳᠠᠯ᠎ᠠ᠃
ᠦᠬᠦᠯ᠎ᠠᠴᠠ ᠠᠮᠢ ᠮᠡᠨᠳᠣ ᠭᠠᠷᠤᠭ᠍ᠰᠠᠨ ᠲᠡᠵᠢᠬᠡᠪᠣᠷᠢ ᠬᠠᠷᠢᠬᠤ
ᠵᠡᠮ᠎ᠳᠤ᠎ᠪᠠᠨ ᠵᠢᠷᠭᠠᠵᠣ ᠲᠣᠭ᠍ᠳᠣᠯᠣᠭ᠍ᠰᠠᠨᠢ ᠶᠠᠭᠤᠨ ᠦᠬᠦᠯᠡᠬᠦ᠃ ᠴᠣᠬᠤᠮ ᠴᠣ᠌ ᠲᠠᠪᠠᠭ ᠵᠣᠯᠠᠷᠠᠳᠠᠯᠠ ᠬᠠᠳᠠᠷᠢᠵᠣ ᠪᠠᠶ᠎ᠡ ᠰᠣᠯᠳᠠᠳᠠᠯᠠ ᠬᠠᠷᠠᠢᠭ᠍ᠰᠠᠨ
ᠪᠠᠢᠬ᠎ᠠ ᠳ᠋ᠠ᠃ ᠬᠡᠳᠣᠢ ᠣᠯᠠᠨ ᠬᠤᠨᠤᠭ ᠦᠯ ᠬᠤᠭᠤᠯᠠ ᠦᠬᠡᠢ ᠵᠢᠳᠬᠦᠭ᠌ᠰᠡᠨᠢ ᠴᠢᠳᠬᠦᠷ ᠯᠠ ᠮᠡᠳᠡᠬᠦ᠃ ᠠᠷᠠᠢ ᠬᠡᠵᠣ
ᠨᠣᠳᠤᠭ᠎ᠤᠨ ᠲᠡᠬᠡᠰᠣ ᠠᠯᠬᠤᠭ᠍ᠰᠠᠨ ᠴᠣ᠌ ᠬᠡᠷ᠎ᠤᠨ ᠪᠡᠷ᠎ᠡ ᠴᠡᠬᠡᠵᠢᠨ᠎ᠳᠤ ᠰᠦᠮᠡᠯᠵᠡᠬᠦ᠌ᠠᠴᠠ ᠴᠠᠰᠢ ᠦᠬᠡᠢ᠃
ᠰᠦᠨᠢ᠎ᠶ᠋ᠢᠨ ᠬᠦᠨᠳᠤ ᠰᠠᠨᠠᠵᠣ ᠮᠦᠷᠦᠬᠡᠳᠦᠭ᠌ᠰᠡᠨ ᠬᠡᠷ᠎ᠤᠨ᠎ᠢᠶᠠᠨ ᠪᠠᠷ᠎ᠡ᠎ᠶ᠋ᠢ ᠬᠠᠷᠠᠭ᠍ᠳᠠᠬᠤ᠎ᠳᠤ ᠬᠤᠶᠡᠷ
ᠨᠢᠳᠣᠨ᠎ᠳᠤ ᠨᠢᠯᠪᠣᠰᠣ ᠲᠦᠬᠦᠷᠣᠨ ᠣᠯᠠᠮ ᠬᠤᠷᠳᠣᠯᠠᠬᠤ ᠠᠵᠠᠢ᠃ ᠬᠠᠭᠠᠯᠭ᠎ᠠ ᠮᠠᠭᠠᠵᠢᠯᠠᠨ ᠪᠠᠢᠵᠣ
ᠢᠷᠡᠭ᠌ᠰᠡᠨ᠎ᠢᠶᠠᠨ ᠮᠠᠳᠡᠭ᠌ᠳᠡᠬᠡᠳ ᠡᠷᠬᠢᠵᠣ ᠬᠠᠷᠠᠳᠠᠯ᠎ᠠ ᠡᠪᠡᠢ ᠬᠠᠯᠠᠭ᠂ ᠪᠠᠰᠠ ᠯᠠ ᠮᠠᠭᠤ ᠪᠣᠯᠣᠯ᠎ᠠ᠃
ᠵᠠᠷᠠᠭ᠎ᠠ᠎ᠶ᠋ᠢ ᠲᠠᠮᠢᠷᠵᠢᠭᠤᠯᠣᠭ᠍ᠰᠠᠨ ᠰᠡᠬᠦᠯ᠎ᠢᠶᠠᠨ ᠠᠢᠯ᠎ᠤᠨ ᠡᠬᠦᠳᠡᠨ᠎ᠳᠤ ᠮᠠᠷᠳᠠᠴᠢᠬᠠᠭᠠᠳ ᠢᠷᠡᠭ᠌ᠰᠡᠨ
ᠪᠠᠢᠵᠣ ᠱᠢᠣ᠃ ᠣᠳᠣ ᠶᠠᠭᠠᠬᠢᠳᠠᠭ ᠪᠢᠯᠡ ? ᠵᠣᠪᠠᠭ᠍ᠰᠠᠨ ᠨᠣᠬᠠᠢ
ᠡᠵᠠᠨᠤᠪᠠᠨ ᠬᠤᠨᠢᠨ᠎ᠳᠤ ᠠᠪᠴᠣ ᠶᠠᠪᠣᠳᠠᠭ ᠣᠷᠳᠣ ᠴᠠᠭᠠᠨ ᠱᠢᠳᠠᠮᠢ ᠦᠨᠦᠷᠯᠡᠵᠣ ᠪᠠᠢᠳᠠᠯ᠎ᠠ ᠭᠠᠢᠬᠠᠮᠱᠢᠭ
ᠡᠬᠦᠰᠴᠠᠢ᠃ ᠰᠠᠭ᠍ᠰᠠᠭᠠᠷ ᠪᠦᠳᠣᠬᠦᠨ ᠪᠢᠰᠢ ᠴᠣ᠌ ᠬᠡᠰᠡᠨ ᠱᠣᠪᠳᠣᠩ ᠨᠠᠷᠢᠨ ᠰᠡᠬᠦᠯ ᠪᠣᠯᠣᠨ ᠣᠷᠭᠤᠴᠢᠬᠠᠯᠠ᠃
ᠨᠠᠭᠠᠯᠳᠣᠭ᠍ᠰᠠᠨ ᠣᠩᠭᠠᠰᠣ᠎ᠨᠢ ᠬᠠᠷᠢᠨ ᠵᠣᠮᠠᠯᠠᠭ᠍ᠳᠠᠭ᠍ᠰᠠᠨ ᠲᠡᠷᠡᠩ ᠴᠢᠬᠢ᠎ᠶ᠋ᠢ᠎ᠨᠢ ᠴᠢᠮᠡᠭ᠌ᠯᠡᠨ
ᠬᠠᠯᠢᠭᠤᠷᠠᠭ᠍ᠰᠠᠨᠢ ᠬᠡᠯᠡᠬᠦ᠌ ᠶᠠᠭᠤᠨ᠃ ᠪᠠᠶᠠᠷ ᠲᠡᠬᠡᠷ᠎ᠡ ᠱᠢᠬᠦᠷ ᠯᠡ ᠪᠣᠢ ᠵᠠ᠃
ᠡᠷᠡᠬᠦᠯᠵᠢᠭ᠌ᠰᠡᠨ ᠠᠮᠢᠳᠠᠨ ᠬᠦᠷ ᠪᠣᠯᠵᠣ ᠠᠯᠬᠤᠳᠡᠯᠡ
ᠵᠢᠷᠣᠬᠡᠨ᠎ᠳᠤ ᠬᠠᠳᠭᠤᠭᠠᠳ ᠶᠠᠪᠣᠴᠢᠬᠠᠪᠠ᠃ ᠲᠠᠪᠠᠭ᠎ᠨᠢ ᠡᠯᠡᠭ᠌ᠳᠡᠵᠣ ᠶᠠᠰᠣ᠎ᠨᠢ ᠭᠠᠷᠴᠠᠢ᠃ ᠬᠡᠪᠡᠴᠣ
ᠬᠡᠷ᠎ᠲᠤ᠎ᠪᠠᠨ ᠵᠢᠷᠭᠠᠭ᠍ᠰᠠᠨ ᠬᠤᠳᠠᠴᠢ ᠬᠠᠵᠠᠭᠤᠯᠣᠭ᠍ᠰᠠᠨ ᠦᠬᠡᠢ᠂ ᠱᠢᠷᠬ᠎ᠠ᠎ᠪᠠᠨ ᠲᠣᠯᠢᠶᠠᠭᠠᠳ ᠬᠤᠳᠠ
ᠮᠠᠨᠠᠨ ᠬᠠᠵᠠᠭᠠᠴᠠᠨ ᠬᠦᠶᠣᠬᠦ᠌ᠳᠤ ᠢᠷᠠᠭ᠍ᠯᠠᠨ ᠬᠡᠪᠳᠡᠬᠦ᠌ ᠬᠠᠮᠤᠭ ᠠᠮᠢᠳᠠᠨ ᠲᠦᠮᠡᠨ ᠠᠮᠣᠭᠤᠯᠠᠩ᠃ ᠦᠷ
ᠬᠠᠶᠠᠭᠠᠷᠠᠪᠠ ᠤᠤ? ᠶᠠᠭᠠᠬᠢᠪᠠ? ᠬᠡᠬᠡᠷᠡᠬᠡᠳ᠂ ᠰᠠᠨᠠᠭ᠎ᠠ ᠠᠮᠣᠷᠠᠭ᠍ᠰᠠᠨ ᠲᠦᠷᠪᠠᠨ ᠨᠢᠳᠣᠳᠣ ᠨᠢᠳᠣᠨᠤ ᠬᠤᠷᠣ᠎ᠪᠠᠨ
ᠭᠠᠷᠭᠠᠶᠣ ᠬᠡᠮᠡᠨ ᠬᠡᠪᠳᠡᠳᠡᠯᠡ᠄
《ᠬᠠᠯᠳᠠᠷ ᠡ᠂ ᠬᠠᠯᠳᠠᠷ ! ᠮᠢᠨᠣ ᠬᠦᠬᠡᠷᠦᠬᠦᠨ ᠬᠠᠯᠳᠠᠷ》 ᠬᠡᠬᠦ᠌
ᠲᠠᠭᠤᠳᠠᠬᠤ ᠲᠠᠭᠤᠨ ᠠᠷᠣ᠎ᠳᠤᠨᠢ ᠰᠣᠴᠢᠮᠠᠭ ᠰᠣᠨᠣᠰᠳᠠᠯᠠ᠃ ᠶᠠᠭᠠᠬᠢᠭ᠍ᠰᠠᠨ ᠲᠣᠳᠣᠨᠣ᠂ ᠶᠠᠭᠠᠬᠢᠭ᠍ᠰᠠᠨ
ᠲᠠᠨᠢᠯ᠂ ᠶᠠᠮᠠᠷ ᠰᠦᠷᠡᠬᠡᠢ ᠡᠩᠬᠦᠷᠡᠢᠬᠡᠨ ᠶᠣᠮ ᠳ᠋ᠠ᠃ ᠡᠨᠡ ᠲᠠᠭᠤ᠎ᠶ᠋ᠢ ᠬᠦᠬᠡᠷᠦᠬᠦᠢ ᠨᠣᠬᠠᠢ ᠶᠠᠭᠤᠳᠠᠢ
ᠶᠡᠭᠡ ᠬᠦᠰᠡᠨ ᠮᠦᠷᠦᠬᠡᠳᠬᠦ᠌ ᠠᠵᠠᠢ᠃ ᠰᠣᠨᠣᠷᠴᠢ ᠠᠮᠢᠳᠠᠨ ᠣᠬᠤᠰᠭᠢᠨ ᠪᠣᠰᠣᠯ᠎ᠠ᠃ ᠲᠡᠬᠦᠨ᠎ᠤ ᠠᠷᠣ᠎ᠳᠤ
ᠵᠣᠷᠪᠣᠰ ᠵᠣᠷᠪᠣᠰ ᠴᠠᠭᠠᠨ ᠲᠣᠭᠤᠰᠣ ᠦᠯᠡᠳᠡᠪᠡ᠃ ᠬᠦᠬᠡᠷᠦᠬᠦᠢ᠂ ᠬᠦᠬᠡᠷᠦᠬᠦᠢ ᠡᠵᠡᠨ ᠮᠢᠨᠢ᠂ ᠲᠠᠶᠠᠭ᠎ᠢᠶᠠᠨ
ᠬᠦᠷᠳᠡᠯ᠎ᠡ ᠮᠠᠷᠳᠠᠭᠠᠳ᠃ ᠣᠨᠠᠭᠤᠵᠠᠢ᠂ ᠣᠨᠠᠭᠤᠵᠠᠢ᠂ ᠬᠢᠴᠢᠶᠡ᠁