ᠲᠣᠮᠲᠠᠲᠣ ᠣᠯᠣᠰ᠎ᠤᠨ
ᠣᠳᠬ᠎ᠠ ᠣᠷᠠᠯᠢᠬ᠎ᠤᠨ ᠬᠢᠨ᠎ᠤ ᠬᠣᠯᠪᠣᠭ᠎ᠠ᠎ᠶᠢᠨ ᠠᠷᠪᠠᠨ ᠨᠢᠭᠡᠲᠦᠭᠡᠷ ᠣᠲᠠᠭ᠎ᠠ᠎ᠶᠢᠨ ᠪᠦᠬᠦ ᠣᠯᠣᠰ᠎ᠤᠨ ᠲᠦᠯᠦᠭᠡᠯᠡᠭᠴᠢᠳ᠎ᠤᠨ
ᠶᠡᠬᠡ ᠬᠣᠷᠠᠯ ᠪᠣᠯᠣᠨ ᠲᠣᠮᠲᠠᠲᠣᠣᠯᠣᠰᠤᠨᠵᠣᠬᠢᠶᠠᠯᠴᠢᠳᠤᠨᠡᠪᠯᠡᠯᠤᠨᠠᠷᠪᠠᠲᠣᠭᠠᠷᠣᠲᠠᠭᠠᠨᠤᠪᠦᠬᠦ
ᠣᠯᠣᠰ᠎ᠤᠨ ᠲᠦᠯᠦᠭᠡᠯᠡᠭᠴᠢᠳ᠎ᠤᠨ ᠬᠣᠷᠠᠯ ᠣᠢᠷ᠎ᠠ ᠳ᠋ᠦ ᠪᠡᠭᠡᠵᠢᠩ ᠳ᠋ᠦ ᠬᠣᠷᠠᠯᠲᠣᠬᠣ ᠪᠣᠯᠣᠨ᠎ᠠ᠃ 12 ᠰᠠᠷ᠎ᠠ᠎ᠶᠢᠨ12᠎ᠤ᠋ᠨ ᠡᠳᠦᠷ᠂ ᠬᠣᠷᠠᠯ
ᠳ᠋ᠦ ᠣᠷᠣᠯᠴᠠᠬᠣ ᠮᠠᠨ᠎ᠤ ᠤᠷᠤᠨ᠎ᠤ ᠲᠦᠯᠦᠭᠡᠯᠡᠭᠴᠢᠳ᠎ᠤᠨ ᠪᠦᠯᠬᠦᠮ ᠮᠣᠷᠲᠠᠬᠣ ᠡᠴᠡ ᠡᠮᠦᠨᠡᠬᠢ ᠲᠠᠢᠴᠢᠯᠠᠯᠲᠠ᠎ᠶᠢᠨ
ᠬᠣᠷᠠᠯ ᠬᠣᠷᠠᠯᠲᠣᠭᠣᠯᠵᠦ᠂ ᠪᠦᠬᠦ ᠣᠯᠣᠰ᠎ᠤᠨ ᠣᠳᠬ᠎ᠠ ᠣᠷᠠᠯᠢᠬ᠎ᠤᠨ ᠬᠢᠨ᠎ᠤ ᠬᠣᠯᠪᠣᠭ᠎ᠠ᠎ᠶᠢᠨ ᠲᠦᠯᠦᠭᠡᠯᠡᠭᠴᠢᠳ᠎ᠤᠨ
ᠬᠣᠷᠠᠯ ᠪᠣᠯᠣᠨ ᠵᠣᠬᠢᠶᠠᠯᠴᠢᠳ᠎ᠤᠨ ᠡᠪᠯᠡᠯ ᠤᠨ ᠲᠦᠯᠦᠭᠡᠯᠡᠭᠴᠢᠳ᠎ᠤᠨ ᠬᠣᠷᠠᠯ ᠳ᠋ᠦ ᠣᠷᠣᠯᠴᠠᠬᠣ 42 ᠲᠦᠯᠦᠭᠡᠯᠡᠭᠴᠢ ᠬᠣᠷᠠᠯ
ᠳ᠋ᠦ ᠣᠷᠣᠯᠴᠠᠪᠠ᠃
ᠲᠣᠮᠲᠠᠲᠣ
ᠣᠯᠣᠰ᠎ᠤᠨ ᠣᠳᠬ᠎ᠠ ᠣᠷᠠᠯᠢᠬ᠎ᠤᠨ ᠬᠢᠨ᠎ᠤ ᠬᠣᠯᠪᠣᠭ᠎ᠠ᠎ᠶᠢᠨ ᠠᠷᠪᠠᠨ ᠨᠢᠭᠡᠲᠦᠭᠡᠷ ᠣᠲᠠᠭ᠎ᠠ᠎ᠶᠢᠨ ᠲᠦᠯᠦᠭᠡᠯᠡᠭᠴᠢᠳ᠎ᠤᠨ
ᠶᠡᠬᠡ ᠬᠣᠷᠠᠯ ᠪᠣᠯᠣᠨ ᠲᠣᠮᠲᠠᠲᠣ ᠣᠯᠣᠰ᠎ᠤᠨ ᠵᠣᠬᠢᠶᠠᠯᠴᠢᠳ᠎ᠤᠨ ᠡᠪᠯᠡᠯ᠎ᠤᠨ ᠠᠷᠪᠠᠲᠣᠭᠠᠷ ᠣᠲᠠᠭᠠᠨ᠎ᠤ ᠲᠦᠯᠦᠭᠡᠯᠡᠭᠴᠢᠳ᠎ᠤᠨ
ᠬᠣᠷᠠᠯ ᠪᠣᠯ ᠪᠦᠬᠦ ᠣᠯᠣᠰ᠎ᠤᠨ ᠣᠳᠬ᠎ᠠ ᠣᠷᠠᠯᠢᠬ᠎ᠤᠨ ᠡᠲᠡᠭᠡᠳ᠎ᠤᠨ ᠬᠢᠨ᠎ᠤ ᠦᠪᠡᠲᠡᠭᠰᠢ ᠬᠣᠷᠠᠯ ᠪᠣᠯᠬᠣ ᠪᠦᠭᠡᠳ
ᠪᠠᠰᠠ ᠴᠦ᠍ ᠰᠣᠷᠲᠠᠯ ᠣᠬᠠᠭᠣᠯᠭ᠎ᠠ ᠦᠵᠡᠯ ᠰᠠᠨᠠᠭ᠎ᠠ ᠰᠣᠶᠣᠯ᠎ᠤᠨ ᠹᠷᠣᠨᠲ᠎ᠤᠨ ᠲᠣᠮᠣ ᠶᠠᠪᠣᠲᠠᠯ ᠪᠣᠯᠣᠨ᠎ᠠ᠃ 2016 ᠤᠨ ᠳ᠋ᠦ᠂ ᠲᠣᠮᠲᠠᠲᠣ
ᠣᠯᠣᠰ᠎ᠤᠨ ᠣᠳᠬ᠎ᠠ ᠣᠷᠠᠯᠢᠬ᠎ᠤᠨ ᠬᠢᠨ᠎ᠤ ᠬᠣᠯᠪᠣᠭ᠎ᠠ᠎ᠶᠢᠨ ᠠᠷᠪᠠᠲᠣᠭᠠᠷ ᠣᠲᠠᠭᠠᠨ᠎ᠤ ᠶᠡᠬᠡ ᠬᠣᠷᠠᠯ᠂ ᠲᠣᠮᠲᠠᠲᠣ
ᠣᠯᠣᠰ᠎ᠤᠨ ᠵᠣᠬᠢᠶᠠᠯᠴᠢᠳ᠎ᠤᠨ ᠡᠪᠯᠡᠯ᠎ᠤᠨ ᠶᠢᠰᠦᠲᠦᠭᠡᠷ ᠣᠲᠠᠭᠠᠨ᠎ᠤ ᠶᠡᠬᠡ ᠬᠣᠷᠠᠯ ᠬᠣᠷᠠᠯᠲᠣᠬᠰᠠᠨ ᠡᠴᠡ ᠨᠠᠭᠠᠰᠢ᠂ ᠮᠠᠨ᠎ᠤ ᠣᠷᠣᠨ᠎ᠤ ᠵᠣᠬᠢᠶᠠᠨ ᠪᠦᠲᠦᠭᠡᠭᠰᠡᠨ ᠲᠠᠭᠤᠤ 《ᠰᠢᠨ᠎ᠡ ᠴᠠᠬ ᠦᠶ᠎ᠡ᠎ᠶᠢᠨ ᠮᠠᠬᠲᠠᠭᠠᠯ》᠂ ᠪᠦᠵᠢᠭᠲᠦ ᠵᠦᠴᠦᠭᠡ 《ᠲᠠᠯ᠎ᠠ ᠨᠣᠲᠣᠬ᠎ᠤᠨ ᠪᠢᠴᠢᠬᠠᠨ
ᠪᠠᠭᠠᠲᠣᠷ ᠡᠭᠡᠴᠢ ᠦᠬᠢᠨ ᠲᠡᠬᠦᠦ》 ᠵᠡᠷᠭᠡ ᠣᠯᠠᠨ ᠪᠦᠲᠦᠭᠡᠯ ᠣᠯᠣᠰ᠎ᠤᠨ ᠲᠣᠲᠣᠭᠠᠲᠣ᠎ᠶᠢᠨ
ᠨᠡᠷ᠎ᠡ ᠨᠦᠯᠦᠭᠡ ᠪᠦᠬᠦᠢ ᠲᠣᠮᠣ ᠱᠠᠩᠨᠠᠯ ᠲᠣᠰᠴᠦ᠂ ᠨᠢᠭᠡ ᠪᠦᠯᠦᠭ ᠰᠢᠯᠢᠲᠡᠭ ᠣᠳᠬ᠎ᠠ ᠣᠷᠠᠯᠢᠬ᠎ᠤᠨ ᠠᠵᠢᠯᠲᠠᠨ
ᠪᠣᠯᠣᠨ ᠣᠳᠬ᠎ᠠ ᠣᠷᠠᠯᠢᠬ᠎ᠤᠨ ᠠᠯᠲᠠᠷᠲᠣ ᠬᠦᠮᠦᠰ ᠴᠣᠯᠭᠣᠷᠠᠨ ᠭᠠᠷᠴᠦ᠂ ᠮᠠᠨ᠎ᠤ ᠣᠷᠣᠨ᠎ᠤ ᠣᠳᠬ᠎ᠠ ᠵᠣᠬᠢᠶᠠᠯ ᠣᠷᠠᠯᠢᠬ᠎ᠤᠨ
ᠦᠢᠯᠡᠰ ᠦᠷᠨᠢᠬᠦᠨ ᠬᠦᠭᠵᠢᠭᠰᠡᠨ ᠪᠠᠢᠲᠠᠯ᠎ᠢ ᠬᠦᠢᠴᠡᠳ ᠲᠣᠰᠬᠠᠬᠰᠠᠨ ᠪᠠᠢᠨ᠎ᠠ᠃
ᠲᠠᠢᠴᠢᠯᠠᠯᠲᠠᠶᠢᠨᠬᠣᠷᠠᠯ ᠲᠡᠭᠡᠷ᠎ᠡ᠂ ᠶᠡᠬᠡ ᠬᠣᠷᠠᠯ᠎ᠤᠨ ᠭᠣᠣᠯ ᠪᠣᠯᠬᠣ ᠬᠠᠷᠠᠯᠲᠠ᠎ᠶᠢ ᠬᠦᠢᠴᠡᠳ ᠡᠵᠡᠮᠰᠢᠵᠦ᠂ ᠣᠯᠣᠰ ᠲᠦᠷᠦ᠎ᠶᠢᠨ
ᠵᠣᠬᠰᠤᠴᠠ ᠪᠠᠨ ᠦᠨᠡᠨ ᠬᠦ ᠲᠡᠭᠡᠭᠰᠢᠯᠡᠬᠦᠯᠵᠦ᠂ 《ᠬᠣᠶᠠᠷ᠎ᠢ ᠬᠠᠮᠠᠭᠠᠯᠠᠬᠣ》 ᠶ᠋ᠢ ᠡᠷᠡᠰ ᠪᠠᠷᠢᠮᠲᠠᠯᠠᠬᠣ
ᠬᠡᠷᠡᠭᠲᠡᠢ; ᠶᠡᠬᠡ ᠬᠣᠷᠠᠯ᠎ᠤᠨ ᠴᠢᠬᠣᠯᠠ
ᠠᠴᠢ ᠬᠣᠯᠪᠣᠬᠲᠠᠯᠢ ᠬᠦᠢᠴᠡᠳ ᠲᠠᠨᠢᠵᠦ᠂ ᠲᠦᠯᠦᠭᠡᠯᠡᠭᠴᠢ᠎ᠶᠢᠨ ᠡᠬᠦᠷᠭᠡ ᠬᠠᠷᠢᠭᠣᠴᠠᠯᠭ᠎ᠠ ᠪᠠᠨ ᠦᠨᠡᠨ ᠬᠦ
ᠬᠦᠢᠴᠡᠳᠭᠡᠬᠦ ᠬᠡᠷᠡᠭᠲᠡᠢ; ᠶᠡᠬᠡ ᠬᠣᠷᠠᠯ᠎ᠤᠨ ᠵᠣᠷᠢᠬ
ᠰᠠᠨᠠᠭ᠎ᠠ ᠶ᠋ᠢ ᠲᠡᠷᠡ ᠬᠡᠪ ᠶ᠋ᠢᠡᠷ ᠨᠢᠰᠣᠷᠣᠯᠴᠠᠨᠣᠢᠯᠠᠭᠠᠵᠦ᠂ᠰᠣᠲᠣᠯᠣᠨ ᠶᠠᠷᠢᠯᠴᠠᠵᠦ ᠰᠣᠯᠢᠯᠴᠠᠭ᠎ᠠ ᠬᠢᠬᠦ
ᠪᠠᠨ ᠴᠢᠩᠭᠠᠳᠬᠠᠵᠦ᠂ ᠬᠣᠷᠠᠯ᠎ᠤᠨ ᠵᠣᠷᠢᠬ ᠰᠠᠨᠠᠭ᠎ᠠ᠎ᠶᠢᠨ ᠮᠦᠨ ᠴᠢᠨᠠᠷ᠎ᠢ ᠴᠢᠷᠮᠠᠢᠨ ᠣᠢᠯᠠᠭᠠᠬᠣ ᠬᠡᠷᠡᠭᠲᠡᠢ; ᠶᠡᠬᠡ ᠬᠣᠷᠠᠯ ᠤᠨ ᠰᠠᠬᠢᠯᠭ᠎ᠠ
ᠪᠠᠲᠣ᠎ᠶᠢ ᠪᠠᠲᠣ ᠵᠢᠷᠣᠮᠯᠠᠵᠦ᠂ ᠲᠦᠯᠦᠭᠡᠯᠡᠭᠴᠢ᠎ᠶᠢᠨ ᠡᠬᠦᠷᠭᠡ ᠲᠣᠰᠢᠶᠠᠯᠶ᠋ᠢᠡᠨᠨᠠᠨᠳᠢᠩᠨᠠᠵᠦ᠂ ᠦᠪᠦᠷ ᠮᠣᠩᠭᠣᠯ᠎ᠤᠨ
ᠴᠤᠭ ᠵᠢᠪᠬᠤᠭ᠎ᠠ᠎ᠶᠢ ᠬᠦᠢᠴᠡᠳ ᠬᠠᠷᠠᠭᠣᠯᠬᠣ ᠬᠡᠷᠡᠭᠲᠡᠢ; ᠲᠡᠭᠡᠲᠦ ᠬᠡᠮᠵᠢᠶᠡᠨ᠎ᠤ ᠰᠣᠶᠣᠯ᠎ᠤᠨ ᠣᠬᠠᠮᠰᠠᠷ ᠪᠣᠯᠣᠨ
ᠰᠣᠶᠣᠯ᠎ᠤᠨ ᠢᠲᠡᠭᠡᠯᠶ᠋ᠢᠡᠷ᠂ ᠬᠣᠷᠠᠯ᠎ᠤᠨ ᠵᠣᠷᠢᠬ ᠰᠠᠨᠠᠭ᠎ᠠ᠎ᠶᠢ ᠰᠣᠷᠣᠯᠴᠠᠵᠦ ᠣᠬᠠᠭᠣᠯᠵᠦ ᠲᠣᠭᠣᠰᠢᠯᠠᠭᠣᠯᠬᠣ
ᠠᠵᠢᠯ᠎ᠢ ᠣᠷᠢᠳᠴᠢᠯᠡᠨ ᠲᠦᠯᠦᠪᠯᠡᠵᠦ᠂ ᠰᠢᠨ᠎ᠡ ᠴᠠᠬ ᠦᠶ᠎ᠡ ᠶ᠋ᠢᠨ ᠲᠣᠮᠲᠠᠲᠣ ᠣᠯᠣᠰ᠎ᠤᠨ ᠣᠨᠴᠠᠯᠢᠬ ᠲᠠᠢ ᠨᠡᠢᠭᠡᠮ
ᠵᠢᠷᠣᠮ᠎ᠤᠨ ᠣᠳᠬ᠎ᠠ ᠣᠷᠠᠯᠢᠬ᠎ᠤᠨ ᠦᠢᠯᠡᠰ᠎ᠢ ᠴᠡᠴᠡᠭᠯᠡᠬᠦᠯᠦᠨ ᠬᠦᠭᠵᠢᠬᠦᠯᠬᠦ ᠳ᠋ᠦ ᠣᠶᠣᠨ ᠣᠬᠠᠭᠠᠨ ᠪᠣᠯᠣᠨ ᠬᠦᠴᠦᠨ
ᠴᠢᠲᠠᠯ ᠶ᠋ᠢᠡᠨ ᠡᠷᠬᠦᠬᠦ ᠬᠡᠷᠡᠭᠲᠡᠢ ᠭᠡᠵᠦ ᠱᠠᠭᠠᠷᠳᠠᠵᠠᠢ᠃
ᠲᠠᠢᠴᠢᠯᠠᠯᠲᠠᠶᠢᠨᠬᠣᠷᠠᠯᠳ᠋ᠦᠣᠷᠣᠯᠴᠠᠬᠰᠠᠨᠲᠦᠯᠦᠭᠡᠯᠡᠭᠴᠢᠳ᠂ᠪᠦᠬᠦ ᠣᠯᠣᠰ᠎ᠤᠨ ᠣᠳᠬ᠎ᠠ ᠣᠷᠠᠯᠢᠬ᠎ᠤᠨ ᠬᠢᠨ᠎ᠤ ᠬᠣᠯᠪᠣᠭ᠎ᠠ᠎ᠶᠢᠨ
ᠠᠷᠪᠠᠨ ᠨᠢᠭᠡᠲᠦᠭᠡᠷ ᠣᠲᠠᠭ᠎ᠠ᠎ᠶᠢᠨ ᠲᠦᠯᠦᠭᠡᠯᠡᠭᠴᠢᠳ᠎ᠤᠨ ᠶᠡᠬᠡ ᠬᠣᠷᠠᠯ ᠪᠣᠯᠣᠨ ᠲᠣᠮᠲᠠᠲᠣ ᠣᠯᠣᠰ᠎ᠤᠨ ᠵᠣᠬᠢᠶᠠᠯᠴᠢᠳ᠎ᠤᠨ
ᠡᠪᠯᠡᠯ᠎ᠤᠨ ᠠᠷᠪᠠᠲᠣᠭᠠᠷ ᠣᠲᠠᠭᠠᠨ᠎ᠤ ᠲᠦᠯᠦᠭᠡᠯᠡᠭᠴᠢᠳ᠎ᠤᠨ ᠬᠣᠷᠠᠯ᠎ᠤᠨ ᠲᠦᠯᠦᠭᠡᠯᠡᠭᠴᠢ ᠪᠣᠯᠣᠬᠰᠠᠨᠨᠢᠨᠢᠭᠡᠵᠦᠢᠯᠤᠨᠢᠷᠠᠭᠣᠠᠯᠲᠠᠷ ᠪᠦᠭᠡᠳ ᠮᠦᠨ ᠴᠤ ᠡᠬᠦᠷᠭᠡ ᠬᠠᠷᠢᠭᠣᠴᠠᠯᠭ᠎ᠠ ᠪᠣᠯᠣᠨ᠎ᠠ᠃ᠶᠡᠬᠡ ᠲᠠᠯ᠎ᠠ ᠶᠢᠨ ᠣᠬᠠᠮᠰᠠᠷ ᠶ᠋ᠢᠡᠨ
ᠦᠨᠡᠨᠬᠦ ᠲᠡᠭᠡᠭᠰᠢᠯᠡᠬᠦᠯᠵᠦ᠂ ᠲᠦᠯᠦᠭᠡᠯᠡᠭᠴᠢ᠎ᠶᠢᠨ ᠡᠬᠦᠷᠭᠡ ᠬᠠᠷᠢᠭᠣᠴᠠᠯᠭ᠎ᠠ ᠪᠠᠨ ᠬᠦᠢᠴᠡᠳᠭᠡᠵᠦ᠂ ᠮᠠᠨ᠎ᠤ
ᠣᠷᠣᠨ᠎ᠤ ᠦᠷᠭᠡᠨ ᠣᠯᠠᠨ ᠣᠳᠬ᠎ᠠ ᠣᠷᠠᠯᠢᠬᠴᠢᠨ ᠪᠣᠯᠣᠨ ᠣᠳᠬ᠎ᠠ ᠣᠷᠠᠯᠢᠬ᠎ᠤᠨ ᠠᠵᠢᠯᠲᠠᠨ᠎ᠢ ᠲᠦᠯᠦᠭᠡᠯᠡᠨ ᠢᠲᠡᠪᠬᠢᠲᠡᠢ
ᠪᠡᠷ ᠰᠠᠨᠠᠯ ᠰᠠᠨᠠᠭᠣᠯᠭ᠎ᠠ ᠪᠠᠨ ᠲᠡᠪᠰᠢᠬᠦᠯᠵᠦ᠂ ᠠᠬ᠎ᠠ ᠲᠡᠬᠦᠦ ᠮᠣᠵᠢ ᠣᠷᠣᠨ ᠬᠣᠲᠠ᠎ᠶᠢᠨ ᠲᠦᠯᠦᠭᠡᠯᠡᠭᠴᠢᠳ᠎ᠤᠨ
ᠪᠦᠯᠬᠦᠮ ᠡᠴᠡ ᠰᠣᠷᠣᠯᠴᠠᠵᠦ᠂ ᠢᠯᠡᠬᠦᠭᠡᠨ ᠣᠢᠯᠠᠭᠠᠯᠴᠠᠵᠦ ᠰᠠᠨᠠᠯᠶ᠋ᠢᠡᠨ ᠰᠣᠯᠢᠯᠴᠠᠨ᠂ ᠰᠠᠢᠨ ᠠᠷᠭ᠎ᠠ ᠲᠣᠷᠰᠢᠯᠭ᠎ᠠ
ᠶ᠋ᠢ ᠰᠣᠷᠣᠯᠴᠠᠵᠦ᠂ ᠴᠢᠨᠠᠷᠰᠠᠢᠳᠠᠢᠣᠳᠬᠠᠣᠷᠠᠯᠢᠬᠤᠨᠪᠦᠲᠦᠭᠡᠯ ᠶ᠋ᠢᠡᠷᠶ᠋ᠢᠡᠨ ᠦᠪᠦᠷ ᠮᠣᠩᠭᠣᠯ᠎ᠤᠨ ᠦᠯᠢᠭᠡᠷ᠎ᠢ ᠰᠠᠢᠲᠣᠷ ᠶᠠᠷᠢᠵᠦ᠂ ᠰᠢᠨ᠎ᠡ ᠴᠠᠬ ᠦᠶ᠎ᠡ᠎ᠶᠢᠨ ᠦᠪᠦᠷ ᠮᠣᠩᠭᠣᠯ᠎ᠤᠨ ᠣᠳᠬ᠎ᠠ ᠣᠷᠠᠯᠢᠬ᠎ᠤᠨ ᠠᠵᠢᠯᠲᠠᠨ᠎ᠤ
ᠴᠣᠬ ᠵᠢᠪᠬᠣᠭ᠎ᠠ ᠪᠣᠯᠣᠨ ᠡᠬᠦᠷᠭᠡ ᠬᠠᠷᠢᠭᠣᠴᠠᠯᠭ᠎ᠠ᠎ᠶᠢ ᠬᠦᠢᠴᠡᠳ ᠬᠠᠷᠠᠭᠣᠯᠣᠨ᠎ᠠ ᠭᠡᠵᠦ ᠢᠯᠡᠳᠭᠡᠪᠡ᠃