ᠭᠠᠯᠪᠠ᠎ᠳᠤ ᠭᠠᠢ᠌ᠬᠠᠭ᠍ᠳᠠᠭ᠍ᠰᠠᠨ ᠭᠠᠡᠭ᠌ᠭᠠᠡᠭ ᠱᠠᠭᠠᠵᠠᠡᠭ
2021-12-22 09:32:24
ᠵᠣᠬᠢᠶᠠᠭ᠍ᠴᠢ᠄
ᠨᠠᠮᠤᠬ
ᠣᠩᠱᠢᠭ᠍ᠰᠠᠨ ᠣᠳᠠᠭ᠎ᠠ᠄
★★★☆☆

ᠪᠢᠳᠡ ᠬᠠᠭᠤᠴᠢ ᠰᠤᠳᠤᠯᠤᠯ᠎ᠤᠨ ᠠᠵᠢᠯ ᠪᠠ ᠲᠡᠦᠬᠡ᠎ᠶ᠋ᠢᠨ ᠰᠤᠳᠤᠯᠭᠠᠨ᠎ᠢ ᠴᠢᠩᠭᠠᠳᠭᠠᠵᠤ᠂ ᠮᠦᠽᠧᠢ᠎ᠳᠦ ᠬᠠᠳᠠᠭᠠᠯᠠᠵᠤ ᠪᠠᠢᠭ᠎ᠠ ᠲᠡᠦᠬᠡ᠎ᠶ᠋ᠢᠨ ᠳᠤᠷᠠᠰᠭᠠᠯᠲᠤ ᠵᠦᠢᠯᠡᠰ᠂ ᠥᠷᠭᠡᠨ ᠠᠭᠤᠳᠠᠮ ᠡᠬᠡ ᠭᠠᠵᠠᠷ᠎ᠲᠤ ᠳᠡᠯᠭᠡᠭ᠌ᠳᠡᠵᠦ᠍ ᠪᠠᠢᠭ᠎ᠠ ᠥᠪ᠂ ᠰᠤᠷᠪᠤᠯᠵᠢ ᠪᠢᠴᠢᠭ᠎ᠲᠦ ᠪᠢᠴᠢᠭ᠌ᠯᠡᠭ᠌ᠳᠡᠭ᠌ᠰᠡᠨ ᠦᠰᠦᠭ ᠪᠢᠴᠢᠭ᠎ᠢ ᠴᠥᠮ ᠠᠮᠢᠯᠠᠭᠤᠯᠵᠤ᠂ ᠪᠦᠬᠦ᠌ ᠨᠡᠢᠭᠡᠮ᠎ᠦᠨ ᠲᠡᠦᠬᠡ ᠰᠣᠶᠣᠯ᠎ᠤᠨ ᠱᠢᠮ᠎ᠡ ᠲᠡᠵᠢᠭᠡᠯ᠎ᠢ ᠪᠠᠶᠠᠯᠢᠭ᠍ᠵᠢᠭᠤᠯᠬᠤ ᠬᠡᠷᠡᠭ᠌ᠲᠡᠢ᠃

ᠶᠡᠷᠦᠩᠬᠡᠢ ᠱᠦᠵᠢ ᠰᠢ ᠵᠢᠨ ᠫᠢᠩ᠎ᠤᠨ ᠨᠠᠮ᠎ᠤᠨ ᠲᠥᠪ ᠬᠤᠷᠢᠶ᠎ᠠ᠎ᠶᠢᠨ ᠤᠯᠤᠰ ᠲᠦᠷᠦ᠍᠎ᠶ᠋ᠢᠨ ᠲᠤᠪᠴᠢᠶᠠᠨ᠎ᠤ ᠬᠣᠷᠢᠨ ᠭᠤᠷᠪᠠᠳᠤᠭᠠᠷ ᠤᠳᠠᠭ᠎ᠠ᠎ᠶ᠋ᠢᠨ ᠬᠠᠮᠲᠤ᠎ᠶ᠋ᠢᠨ ᠰᠤᠷᠤᠯᠴᠠᠯᠭ᠎ᠠ ᠳᠡᠭᠡᠷᠡᠬᠢ ᠶᠠᠷᠢᠶ᠎ᠡ ᠡᠴᠡ


4216977_zt_1639990939597_m.jpg


ᠰᠡᠳᠦᠪ ᠲᠤᠰᠢᠶᠠᠯᠳᠠ᠄

11 ᠰᠠᠷ᠎ᠠ ᠵᠢᠨ18᠎ᠤ᠋ ᠡᠳᠦᠷ᠂ 《ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠤᠭᠴᠠ ᠵᠢᠨ ᠤᠬᠠᠮᠰᠠᠷ᠎ᠢ ᠪᠠᠲᠤ ᠴᠤᠭᠴᠠᠯᠠᠶ᠎ᠠ·ᠮᠢᠨᠭ ᠤᠯᠤᠰ ᠴᠢᠩ ᠤᠯᠤᠰ᠎ᠤᠨ ᠦᠶ᠎ᠡ ᠵᠢᠨ᠎ᠳ᠋ᠸ ᠬᠤᠸᠠ ᠵᠢᠨ ᠱᠠᠭᠠᠵᠠᠩ ᠡᠳ᠋ᠯᠡᠯ᠎ᠤᠨ ᠰᠢᠯᠢᠳᠡᠭ ᠪᠦᠲᠦᠭᠡᠯ᠎ᠤᠨ ᠦᠵᠡᠭᠦᠯᠭᠡ》ᠦᠪᠦᠷ ᠮᠤᠩᠭᠤᠯ᠎ᠤᠨ ᠮᠦᠽᠸᠢ᠎ᠳᠤ ᠳᠡᠯᠭᠡᠭᠳᠡᠪᠡ᠃ ᠡᠨᠡᠬᠦ ᠦᠵᠡᠭᠦᠯᠭᠡ ᠨᠢ ᠹᠦᠵᠢᠶᠠᠨ ᠮᠦᠽᠸᠢ᠎ᠳᠤ ᠬᠠᠳᠠᠭᠠᠯᠠᠭᠳᠠᠵᠤ ᠪᠠᠢᠭ᠎ᠠ ᠮᠢᠩ ᠤᠯᠤᠰ ᠴᠢᠩ ᠤᠯᠤᠰ᠎ᠤᠨ ᠦᠶ᠎ᠡ᠎ᠳ᠋ᠡᠬᠢ ᠪᠤᠷᠬᠠᠨ ᠰᠠᠬᠢᠭᠤᠯᠰᠤᠨ ᠤ᠋ ᠬᠦᠷᠦᠭ ᠱᠤᠭᠤᠮᠠᠯ᠂ ᠭᠡᠷ᠎ᠤᠨ ᠲᠠᠪᠢᠯᠭ᠎ᠠ᠂ ᠪᠢᠴᠢᠭ᠎ᠤᠨ ᠦᠷᠦᠭᠡᠨ᠎ᠳᠤ᠎ᠬᠡᠷᠡᠭᠰᠡᠬᠦ ᠬᠤᠨᠳᠠᠭ᠎ᠠ ᠴᠤᠮᠤ᠂ ᠠᠶᠠᠭ᠎ᠠ ᠲᠠᠪᠠᠭ᠂ ᠬᠦᠯᠢᠰ᠂ ᠤᠬᠢᠶᠠᠭᠤᠷ᠂ ᠯᠠ ᠵᠢᠨ ᠲᠠᠯᠪᠢᠭᠤᠷ ᠵᠡᠷᠭᠡ ᠨᠠᠷᠢᠯᠢᠭ ᠬᠢᠴᠡ ᠪᠦᠬᠦᠢ 88 ᠬᠤᠪᠤᠷ ᠴᠤᠬᠠᠭ ᠱᠠᠭᠠᠵᠠᠩ ᠡᠳ᠋ᠯᠡᠯ᠎ᠢ 2021ᠤᠨ᠎ᠤ ᠡᠴᠤᠰ ᠪᠤᠯᠲᠠᠯ᠎ᠠ ᠳᠡᠯᠭᠡᠨ ᠦᠵᠡᠭᠦᠯᠬᠦ ᠪᠤᠯᠤᠨ᠎ᠠ᠃


QQ截图20211222095057.jpg


                           ᠥᠵᠡᠬᠥᠯᠬᠡ ᠵᠢᠨ ᠲᠢᠨᠭᠬᠢᠮ 


ᠮᠠᠨ᠎ᠤ ᠤᠯᠤᠰ ᠲᠡᠦᠬᠡᠨ ᠡᠴᠡ ᠪᠡᠨ ᠠᠪᠤᠭᠠᠳ《ᠱᠠᠭᠠᠵᠠᠩ᠎ᠤᠨ ᠦᠯᠦᠭᠡᠢ》 ᠬᠡᠮᠡᠬᠦ ᠰᠠᠢᠬᠠᠨ ᠠᠯᠳᠠᠷ ᠲᠠᠢ᠃ ᠱᠠᠭᠠᠵᠠᠩ᠎ᠤᠨ ᠡᠭᠦᠳᠦᠯᠲᠡ ᠨᠢ ᠳᠤᠮᠳᠠᠳᠤ ᠵᠢᠨ ᠦᠨᠳᠦᠰᠦᠲᠡᠨ᠎ᠤ ᠳᠡᠯᠡᠬᠡᠢ ᠵᠢᠨ ᠪᠤᠯᠪᠠᠰᠤᠨ᠎ᠳᠤ ᠦᠵᠡᠭᠦᠯᠦᠭᠰᠡᠨ ᠮᠠᠰᠢ ᠶᠡᠬᠡ ᠠᠴᠢ ᠭᠠᠪᠢᠶ᠎ᠡ ᠬᠤᠪᠢ ᠨᠡᠮᠡᠷᠢ ᠪᠤᠯᠬᠤ ᠪᠦᠭᠡᠳ ᠠᠩᠭᠯᠢ ᠬᠡᠯᠡᠨ᠎ᠳᠤ 《ᠱᠠᠭᠠᠵᠠᠩ》 ᠪᠠ 《ᠳᠤᠮᠳᠠᠳᠤ ᠤᠯᠤᠰ》 ᠎ᠢ᠋ ᠴᠦᠮ China ᠬᠡᠮᠡᠨ ᠨᠡᠷᠡᠯᠡᠳᠡᠭ ᠶᠤᠮ᠃

ᠮᠠᠨ᠎ᠤ ᠤᠯᠤᠰ᠎ᠤᠨ ᠱᠠᠭᠠᠵᠠᠩ ᠡᠳ᠋ᠯᠡᠯ ᠨᠢ ᠠᠩᠬ᠎ᠠ ᠸᠠᠭᠠᠷ ᠡᠳ᠋ᠯᠡᠯ ᠡᠴᠡ ᠡᠭᠦᠰᠦᠯ ᠲᠠᠢ᠂ ᠡᠷᠲᠡᠨ᠎ᠤ ᠱᠠᠭᠠᠵᠠᠩ ᠡᠳ᠋ᠯᠡᠯ ᠨᠢ ᠤᠳᠤ ᠡᠴᠡ ᠪᠠᠷᠤᠭ 3000 ᠵᠢᠯ᠎ᠤᠨ ᠡᠮᠤᠨ᠎ᠡ ᠪᠤᠢ ᠪᠤᠯᠤᠭᠰᠠᠨ ᠪᠠᠢᠨ᠎ᠠ᠃ ᠳᠤᠮᠳᠠᠳᠤ ᠤᠯᠤᠰ᠎ᠤᠨ ᠡᠷᠲᠡᠨ᠎ᠤ ᠦᠶ᠎ᠡ ᠵᠢᠨ ᠱᠠᠭᠠᠵᠠᠩ ᠡᠳ᠋ᠯᠡᠯ ᠰᠢᠲᠠᠭᠠᠬᠤ ᠤᠷᠠᠯᠢᠭ᠎ᠤᠨ ᠤᠬᠢ ᠲᠠᠯᠠᠰᠲᠤ᠂ ᠰᠢᠷ᠎ᠡ᠂ ᠨᠤᠭᠤᠭᠠᠨ᠂ ᠴᠠᠭᠠᠨ᠂ ᠬᠦᠷᠡᠩ᠂ ᠬᠦᠬᠡ᠂ ᠬᠠᠷ᠎ᠠ ᠵᠡᠷᠭᠡ ᠦᠩᠭᠡ ᠪᠡᠷ ᠪᠦᠷᠢᠯᠳᠦᠭᠰᠡᠨ ᠴᠦ᠍ ᠭᠤᠤᠯᠳᠠᠭᠤ ᠰᠢᠷ᠎ᠡ᠂ ᠨᠤᠭᠤᠭᠠᠨ᠂ ᠴᠠᠭᠠᠨ ᠭᠤᠷᠪᠠᠨ ᠦᠩᠭᠡ ᠪᠡᠷ ᠴᠢᠮᠡᠭᠯᠡᠭᠳᠡᠵᠤ᠂ ᠲᠠᠩ ᠤᠯᠤᠰ᠎ᠤᠨ ᠦᠶ᠎ᠡ᠎ᠳᠤ ᠶᠡᠬᠡ ᠪᠡᠷ ᠳᠡᠯᠭᠡᠷᠡᠵᠤ ᠦᠷᠭᠡᠨ ᠵᠢᠡᠷ ᠬᠡᠷᠡᠭᠯᠡᠭᠳᠡᠵᠤ ᠪᠠᠢᠭᠰᠠᠨ《ᠲᠠᠩ ᠤᠯᠤᠰ᠎ᠤᠨ ᠦᠶ᠎ᠡ ᠵᠢᠨ ᠭᠤᠷᠪᠠᠨ ᠦᠩᠭᠡᠲᠤ ᠸᠠᠭᠠᠷ》ᠪᠠ ᠳᠤᠮᠳᠠᠳᠤ ᠤᠯᠤᠰ᠎ᠤᠨ ᠱᠠᠭᠠᠵᠠᠩ ᠡᠳ᠋ᠯᠡᠯ᠎ᠤᠨ ᠭᠤᠤᠯ ᠤᠷᠤᠰᠬᠠᠯ᠎ᠤᠨ ᠨᠢᠭᠡ᠂ ᠬᠠᠮᠤᠭ᠎ᠠᠩᠬ᠎ᠠ ᠲᠠᠩ ᠤᠯᠤᠰ᠎ᠤᠨ ᠦᠶ᠎ᠡ᠎ᠳᠤ ᠬᠡᠷᠡᠭᠯᠡᠵᠤ ᠪᠠᠢᠭᠰᠠᠨ ᠴᠦ᠍ ᠶᠤᠸᠠᠨ ᠤᠯᠤᠰ᠎ᠤᠨ ᠦᠶ᠎ᠡ᠎ᠪᠡᠷ ᠬᠠᠷᠢᠨ ᠦᠷᠭᠡᠨ ᠵᠢᠡᠷ ᠳᠡᠯᠭᠡᠷᠡᠭᠰᠡᠨ ᠡᠴᠡ ᠪᠤᠯᠵᠤ᠂ ᠬᠤᠵᠢᠮ᠎ᠤᠨ ᠬᠦᠮᠦᠰ ᠲᠦ᠍ 《ᠶᠤᠸᠠᠨ ᠤᠯᠤᠰ᠎ᠤᠨ ᠦᠶ᠎ᠡ ᠵᠢᠨ ᠬᠦᠬᠡ ᠬᠤᠸᠠᠷᠲᠤ ᠱᠠᠭᠠᠵᠠᠩ》 ᠬᠡᠮᠡᠭᠳᠡᠭᠰᠡᠨ ᠬᠦᠬᠡ ᠬᠤᠸᠠᠷᠲᠤ ᠱᠠᠭᠠᠵᠠᠩ᠎ᠨᠢ ᠲᠤᠬᠠᠢ ᠵᠢᠨ ᠦᠶ᠎ᠡ᠎ᠳᠤ ᠮᠠᠨ ᠎ᠤ ᠤᠯᠤᠰ᠎ᠤᠨ ᠠᠯᠢ ᠤᠯᠠᠨ ᠱᠠᠭᠠᠵᠠᠩ ᠡᠳ᠋ᠯᠡᠯ ᠳᠤᠮᠳᠠ ᠡᠴᠡ 《ᠳᠤᠮᠳᠠᠳᠤ ᠤᠯᠤᠰ᠎ᠤᠨ ᠨᠡᠷ᠎ᠡ ᠵᠢᠨ ᠬᠠᠭᠤᠳᠠᠰᠤ》 ᠪᠤᠯᠵᠦ ᠪᠠᠢᠬᠰᠠᠨ᠃ ᠦᠨᠢ ᠤᠳᠠᠭᠠᠨ ᠲᠡᠦᠬᠡ ᠵᠢᠨ ᠤᠷᠤᠰᠬᠠᠯ ᠎ᠳᠤ ᠮᠠᠨ᠎ᠤ ᠤᠯᠤᠰ ᠲᠦ᠍ ᠮᠠᠰᠢ ᠤᠯᠠᠨ ᠸᠠᠭᠠᠷ ᠱᠠᠭᠠᠵᠠᠩ ᠦᠢᠯᠡᠳᠪᠦᠷᠢᠯᠡᠳᠡᠭ ᠭᠠᠵᠠᠷ ᠪᠠᠢᠭᠰᠠᠨ ᠪᠤᠯᠪᠠᠴᠤ ᠤᠳᠤᠬᠠᠨ ᠎ᠳᠤ  ᠹᠦᠵᠢᠶᠠᠨ ᠮᠤᠵᠢ ᠵᠢᠨ᠎ᠳ᠋ᠸ ᠬᠤᠸᠠ᠂ ᠵᠢᠶᠠᠩᠰᠢ ᠮᠤᠵᠢ ᠵᠢᠨ ᠵᠢᠩ᠎ᠳ᠋ᠸ ᠵᠸᠨ ᠪᠠ ᠬᠤᠨᠠᠨ ᠮᠤᠵᠢ ᠵᠢᠨ ᠯᠢ ᠯᠢᠩ 1956 ᠤᠨ ᠡᠴᠡ ᠬᠤᠢᠰᠢ《ᠭᠤᠷᠪᠠᠨ ᠲᠤᠮᠤ ᠱᠠᠭᠠᠵᠠᠩ᠎ᠤᠨ ᠨᠡᠢᠰᠯᠡᠯ》 ᠬᠡᠮᠡᠨ ᠠᠯᠳᠠᠷᠰᠢᠪᠠ᠃

11 ᠰᠠᠷ᠎ᠠ ᠵᠢᠨ 18᠎ᠤ᠋ ᠡᠳᠦᠷ᠂《ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠤᠭᠴᠠ ᠵᠢᠨ ᠤᠬᠠᠮᠰᠠᠷ᠎ᠢ ᠪᠠᠲᠤ ᠴᠤᠭᠴᠠᠯᠠᠶ᠎ᠠ·ᠮᠢᠨᠭ ᠤᠯᠤᠰ ᠴᠢᠩ ᠤᠯᠤᠰ᠎ᠤᠨ ᠦᠶ᠎ᠡ ᠵᠢᠨ᠎ᠳ᠋ᠸ ᠬᠤᠸᠠ ᠵᠢᠨ ᠱᠠᠭᠠᠵᠠᠩ ᠡᠳ᠋ᠯᠡᠯ᠎ᠤᠨ ᠰᠢᠯᠢᠳᠡᠭ ᠪᠦᠲᠦᠭᠡᠯ᠎ᠤᠨ ᠦᠵᠡᠭᠦᠯᠭᠡ》 ᠦᠪᠦᠷ ᠮᠤᠩᠭᠤᠯ᠎ᠤᠨ ᠮᠦᠽᠸᠢ᠎ᠳᠤ ᠡᠬᠢᠯᠡᠵᠤ᠂ ᠦᠵᠡᠬᠦᠯᠭᠡ ᠨᠢ 《ᠭᠡᠷ᠎ᠤᠨ ᠲᠠᠪᠢᠯᠭ᠎ᠠ ᠬᠡᠭᠡᠨᠴᠢᠷ ᠡᠳ᠋ᠯᠡᠯ》᠂ 《ᠪᠢᠴᠢᠭ᠎ᠤᠨ ᠦᠷᠦᠭᠡᠨ᠎ᠤ ᠨᠠᠨᠳᠢᠨ ᠡᠷᠳᠡᠨᠢᠰ》᠂《ᠦᠯᠡᠮᠵᠢ ᠵᠢᠨ ᠲᠠᠩᠰᠤᠭ ᠦᠩᠭᠡ ᠭᠠᠯᠪᠢᠷ》᠂《ᠬᠤᠨᠳᠠᠭ᠎ᠠ ᠡᠷᠭᠦᠨ ᠬᠦᠭᠵᠢᠯᠳᠤᠨ ᠨᠠᠢᠷᠯᠠᠬᠤᠢ》 ᠬᠡᠮᠡᠬᠦ ᠳᠦᠷᠪᠡᠨ ᠬᠡᠰᠡᠭ ᠡᠴᠡ ᠪᠦᠷᠢᠯᠳᠦᠭᠰᠡᠨ ᠪᠠᠢᠨ᠎ᠠ᠃


QQ截图20211222095443.jpg


              ᠲᠡᠯᠬᠡᠨ ᠥᠵᠡᠬᠥᠯᠵᠥ ᠪᠤᠢ ᠱᠠᠭᠠᠵᠠᠩ ᠲᠠᠪᠢᠯᠭ᠎ᠠ ᠨᠤᠭᠤᠳ



ᠭᠤᠷᠪᠠᠨ ᠲᠤᠮᠤ ᠱᠠᠭᠠᠵᠠᠩ᠎ᠤᠨ ᠨᠡᠢᠰᠯᠡᠯ᠎ᠤᠨ ᠨᠢᠭᠡ — ᠳ᠋ᠸ ᠬᠤᠸᠠ

ᠹᠦᠵᠢᠶᠠᠨ ᠮᠤᠵᠢ ᠵᠢᠨ᠎ᠳ᠋ᠸ ᠬᠤᠸᠠ ᠰᠢᠶᠠᠨ ᠨᠢ ᠹᠦᠵᠢᠶᠠᠨ ᠮᠤᠵᠢ ᠵᠢᠨ ᠳᠤᠮᠳᠠ ᠪᠡᠶ᠎ᠡ᠂ ᠴᠢᠤᠸᠠᠨᠵᠸᠤ ᠬᠤᠲᠠ ᠵᠢᠨ ᠬᠤᠢᠲᠤ ᠪᠡᠶ᠎ᠡ ᠪᠡᠷ ᠪᠠᠢᠷᠢᠯᠠᠵᠤ᠂ ᠮᠠᠨ᠎ᠤ ᠤᠯᠤᠰ᠎ᠤᠨ ᠱᠠᠭᠠᠵᠠᠩ ᠦᠢᠯᠡᠳᠪᠦᠷᠢᠯᠡᠬᠦ ᠨᠡᠷᠡᠲᠤ ᠭᠠᠵᠠᠷ᠂ ᠱᠠᠭᠠᠵᠠᠩ᠎ᠢ ᠭᠠᠳᠠᠭᠠᠳᠤ᠎ᠳᠤ ᠭᠠᠷᠭᠠᠬᠤ ᠴᠢᠬᠤᠯᠠ ᠰᠠᠭᠤᠷᠢᠨ ᠪᠤᠯᠬᠤ ᠪᠡᠷ ᠪᠠᠷᠠᠬᠤ ᠦᠭᠡᠢ ᠪᠠᠰᠠ ᠵᠢᠶᠠᠩᠰᠢ ᠮᠤᠵᠢ ᠵᠢᠨ ᠵᠢᠩ᠎ᠳ᠋ᠸ ᠵᠸᠨ ᠪᠠ ᠬᠤᠨᠠᠨ ᠮᠤᠵᠢ ᠵᠢᠨ ᠯᠢ ᠯᠢᠩ᠎ᠤᠨ ᠱᠠᠭᠠᠵᠠᠩ ᠲᠠᠢ ᠬᠠᠮᠲᠤ 1956 ᠤᠨ ᠡᠴᠡ ᠬᠤᠢᠰᠢ 《ᠭᠤᠷᠪᠠᠨ ᠲᠤᠮᠤ ᠱᠠᠭᠠᠵᠠᠩ᠎ᠤᠨ ᠨᠡᠢᠰᠯᠡᠯ》 ᠬᠡᠮᠡᠨ ᠠᠯᠳᠠᠷᠰᠢᠪᠠ᠃

ᠳ᠋ᠸ ᠬᠤᠸᠠ ᠵᠢᠨ ᠱᠠᠭᠠᠵᠠᠩ ᠦᠢᠯᠡᠳᠦᠭᠰᠡᠨ ᠲᠡᠦᠬᠡ᠎ᠶᠢ ᠲᠠᠩ ᠤᠯᠤᠰ᠎ᠤᠨ ᠰᠡᠭᠦᠯᠴᠢ ᠲᠠᠪᠤᠨ ᠲᠦᠷᠦ ᠵᠢᠨ ᠦᠶ᠎ᠡ ᠬᠦᠷᠲᠡᠯ᠎ᠡ ᠮᠦᠰᠬᠢᠵᠤ ᠪᠤᠯᠬᠤ ᠪᠦᠭᠡᠳ ᠰᠦᠩ ᠤᠯᠤᠰ ᠶᠤᠸᠠᠨ ᠤᠯᠤᠰ᠎ᠤᠨ ᠦᠶ᠎ᠡ ᠪᠤᠯᠬᠤ᠎ᠳᠤ ᠡᠨᠳᠡᠬᠢ ᠵᠢᠨ ᠦᠢᠯᠡᠳᠪᠦᠷᠢᠯᠡᠭᠰᠡᠨ ᠴᠠᠭᠠᠨ ᠹᠠᠯᠠᠨ᠂ ᠴᠡᠩᠬᠡᠷ ᠹᠠᠯᠠᠨ ᠵᠡᠷᠭᠡ ᠲᠦᠷᠦᠯ ᠵᠦᠢᠯ᠎ᠤᠨ ᠱᠠᠭᠠᠵᠠᠩ ᠰᠠᠪᠠ ᠨᠢ ᠨᠢᠭᠡᠨᠲᠡ ᠬᠤᠯᠠ ᠤᠢᠷ᠎ᠠ᠎ᠳᠠᠭᠠᠨ ᠠᠯᠳᠠᠷᠰᠢᠵᠤ᠂ ᠠᠯᠤᠰ ᠬᠤᠯᠠ ᠬᠠᠷᠢ ᠭᠠᠳᠠᠭᠠᠳᠤ᠎ᠳᠤ ᠪᠤᠷᠤᠯᠠᠭᠤᠯᠤᠭᠳᠠᠵᠤ ᠡᠬᠢᠯᠡᠭᠰᠡᠨ ᠪᠠᠢᠨ᠎ᠠ᠃ ᠨᠡᠩ ᠮᠢᠩ ᠤᠯᠤᠰ ᠴᠢᠩ ᠤᠯᠤᠰ᠎ᠤᠨ ᠦᠶ᠎ᠡ᠎ᠳᠤ᠂᠎ᠳ᠋ᠸ ᠬᠤᠸᠠ ᠵᠢᠨ ᠱᠠᠭᠠᠵᠠᠩ ᠦᠢᠯᠡᠳᠪᠦᠷᠢᠯᠡᠬᠦ ᠭᠠᠷ ᠤᠷᠠᠯᠠᠯ ᠨᠢ ᠬᠦᠭᠵᠢᠭᠡᠳ ᠲᠡᠦᠬᠡ ᠵᠢᠨ ᠰᠢᠨ᠎ᠡ ᠨᠢᠭᠡᠨ ᠤᠷᠭᠢᠯ᠎ᠳᠤ ᠬᠦᠷᠴᠤ᠂ ᠲᠤᠬᠠᠢ ᠵᠢᠨ ᠦᠶ᠎ᠡ᠎ᠳᠤ ᠦᠢᠯᠡᠳᠪᠦᠷᠢᠯᠡᠭᠳᠡᠭᠰᠡᠨ ᠱᠠᠭᠠᠵᠠᠩ ᠤᠷᠠᠯᠢᠭ᠎ᠤᠨ ᠪᠦᠲᠦᠬᠡᠭᠳᠡᠭᠦᠨ ᠰᠡᠭᠦᠯᠡᠷ ᠨᠢ ᠱᠠᠩᠬᠠᠢ᠂ ᠲᠠᠢᠸᠠᠨ᠂ ᠶᠠᠫᠤᠨ᠂ ᠠᠩᠭᠯᠢ ᠵᠢᠨ ᠦᠵᠡᠰᠬᠦᠯᠡᠩ᠎ᠳᠤ ᠤᠷᠤᠯᠴᠠᠬᠤ ᠵᠢᠨ ᠬᠠᠮᠲᠤ ᠳᠦᠷᠪᠡ ᠤᠳᠠᠭ᠎ᠠ ᠠᠯᠲᠠᠨ ᠮᠸᠲᠠᠯ ᠬᠦᠷᠲᠡᠭᠰᠡᠨ ᠶᠤᠮ᠃ ᠳ᠋ᠸ ᠬᠤᠸᠠ ᠨᠢ ᠭᠤᠤᠯᠳᠠᠭᠤ ᠴᠠᠭᠠᠨ ᠹᠠᠯᠠᠨ ᠱᠠᠭᠠᠵᠠᠩ ᠦᠢᠯᠡᠳᠪᠦᠷᠢᠯᠡᠬᠦ ᠪᠡᠷ ᠵᠢᠡᠨ ᠤᠯᠤᠰ᠎ᠤᠨ ᠳᠤᠲᠤᠭᠠᠳᠤ᠎ᠳᠤ ᠠᠯᠳᠠᠷᠰᠢᠵᠤ᠂ ᠡᠳ᠋ ᠮᠠᠲᠸᠷᠢᠶᠠᠯ᠂ ᠴᠢᠨᠠᠷ ᠴᠢᠨᠰᠠᠭ᠎ᠠ᠂ ᠦᠩᠭᠡ ᠪᠤᠳᠤᠭ᠂ ᠭᠡᠷᠡᠯ ᠨᠡᠪᠲᠡᠷᠡᠬᠦ ᠬᠡᠮᠵᠢᠶ᠎ᠡ᠂ ᠬᠢᠴᠠ ᠵᠠᠭᠪᠤᠷ ᠵᠡᠷᠭᠡ ᠲᠠᠯ᠎ᠠ ᠪᠡᠷ ᠴᠦᠮ ᠳᠠᠶᠠᠩ ᠳᠡᠯᠡᠬᠡᠢ᠎ᠳᠤ ᠠᠯᠳᠠᠷᠲᠠᠢ ᠪᠤᠯᠬᠤᠷ《ᠳᠤᠮᠳᠠᠳᠤ ᠤᠯᠤᠰ᠎ᠤᠨ ᠴᠠᠭᠠᠨ》᠂ 《ᠵᠦᠭᠡᠬᠡᠢ ᠵᠢᠨ ᠴᠠᠭᠠᠨ》᠂ 《ᠳᠤᠮᠳᠠᠳᠤ ᠤᠯᠤᠰ᠎ᠤᠨ ᠱᠠᠭᠠᠵᠠᠩ᠎ᠤᠨ ᠤᠬᠢ》 ᠵᠡᠷᠭᠡ ᠠᠯᠳᠠᠷ ᠲᠠᠢ ᠪᠤᠯᠵᠠᠢ᠃


QQ截图20211222095212.jpg

              

                         ᠎ᠳ᠋ᠸ ᠬᠤᠸᠠ ᠵᠢᠨ ᠱᠠᠭᠠᠵᠠᠩ ᠬᠤᠨᠲᠠᠭ᠎ᠠ


ᠮᠢᠩ ᠤᠯᠤᠰ᠎ᠤᠨ ᠦᠶ᠎ᠡ᠎ᠪᠤᠯ᠎ᠳ᠋ᠸ ᠬᠤᠸᠠ ᠵᠢᠨ ᠱᠠᠭᠠᠵᠠᠩ ᠦᠢᠯᠡᠳᠪᠦᠷᠢᠯᠡᠬᠦ ᠲᠡᠦᠬᠡᠨ ᠳᠡᠭᠡᠷᠡᠬᠢ ᠰᠡᠢᠯᠬᠦ ᠤᠷ᠎ᠠ ᠮᠡᠷᠭᠡᠵᠢᠯ ᠵᠢᠡᠷ ᠵᠢᠡᠨ ᠬᠠᠮᠤᠭ᠎ᠤᠨ ᠦᠨᠳᠦᠷ ᠪᠠᠢᠭᠰᠠᠨ ᠴᠠᠭ ᠦᠶ᠎ᠡ ᠪᠠᠢᠵᠤ᠂ ᠲᠤᠬᠠᠢ ᠵᠢᠨ ᠦᠶ᠎ᠡ ᠵᠢᠨ ᠱᠠᠭᠠᠵᠠᠩ ᠰᠠᠪᠠ ᠵᠢᠨ ᠪᠤᠳᠠ ᠪᠡᠶ᠎ᠡ ᠨᠢ ᠳᠤᠩ ᠴᠠᠭᠠᠨ ᠨᠠᠷᠢᠯᠢᠭ ᠬᠢᠴᠠᠲᠠᠢ᠂ ᠪᠤᠳᠠᠲᠠᠢ ᠡᠳ᠋ᠯᠡᠯ ᠡᠴᠡ ᠰᠢᠯᠲᠠᠭᠠᠯᠠᠵᠤ ᠨᠢᠮᠭᠡᠨ ᠵᠤᠵᠠᠭᠠᠨ ᠨᠢ ᠤᠨᠳᠤᠤ ᠪᠠᠢᠵᠤ᠂ ᠰᠦᠨ ᠴᠠᠭᠠᠨ ᠦᠩᠭᠡ ᠪᠡᠷ ᠭᠤᠤᠯᠯᠠᠳᠠᠭ ᠴᠦ᠍ ᠭᠡᠰᠡᠨ ᠴᠤᠯᠤ ᠴᠠᠭᠠᠨ᠂ ᠬᠦᠬᠡ ᠰᠠᠭᠠᠷᠠᠯ ᠪᠤᠶᠤ ᠪᠤᠷᠤᠪᠲᠤᠷ ᠦᠩᠭᠡ ᠵᠢᠨ ᠱᠠᠭᠠᠵᠠᠩ ᠴᠦ᠍ ᠪᠤᠢ᠃ ᠱᠠᠭᠠᠵᠠᠩ ᠡᠳ᠋ᠯᠡᠯ᠎ᠤᠨ ᠬᠡᠯᠪᠡᠷᠢ ᠪᠦᠲᠦᠴᠡ ᠨᠢ ᠡᠯᠪᠡᠭ ᠪᠠᠶᠠᠯᠢᠭ ᠪᠦᠭᠡᠳ ᠠᠮᠢᠳᠤ ᠳᠦᠷᠰᠦᠯᠢᠭ᠂ ᠬᠦᠮᠦᠨ᠎ᠤ ᠬᠦᠷᠦᠭ ᠳᠦᠷᠢ ᠵᠢᠨ ᠱᠠᠭᠠᠵᠠᠩ ᠡᠴᠡ ᠭᠠᠳᠠᠨ᠎ᠠ ᠪᠠᠰᠠ ᠲᠠᠪᠢᠯᠭ᠎ᠠ᠎ᠳᠤ ᠵᠤᠷᠢᠭᠤᠯᠤᠯᠲᠠ ᠲᠠᠢ ᠯᠤᠩᠬᠤ᠂ ᠠᠷᠢᠬᠢᠨ᠎ᠤ ᠬᠤᠮᠬ᠎ᠠ᠂ ᠤᠰᠤᠨ ᠴᠤᠮᠪᠤᠭᠤᠷ ᠰᠠᠪᠠ᠂ ᠴᠡᠴᠡᠭ ᠎ᠤᠨ ᠫᠸᠩᠰᠡ ᠵᠡᠷᠭᠡ ᠪᠤᠢ᠃ ᠪᠢᠴᠢᠭ᠎ᠤᠨ ᠦᠷᠦᠭᠡᠨ᠎ᠳᠤ ᠬᠡᠷᠡᠭᠯᠡᠬᠦ᠎ᠳᠤ ᠵᠤᠷᠢᠭᠤᠯᠤᠭᠰᠠᠨ ᠤᠬᠢᠶᠠᠭᠤᠷ᠂ ᠬᠠᠢᠷᠴᠠᠭ᠂ ᠳᠤᠰᠤᠯᠠᠭᠤᠷ᠂ ᠴᠢᠳᠬᠤᠭᠤᠷ᠂ ᠳᠤᠰᠤᠨ᠎ᠳ᠋ᠸᠩ᠂ ᠯᠠ ᠵᠢᠨ ᠲᠠᠯᠪᠢᠭᠤᠷ᠂ ᠲᠠᠮᠠᠭ᠎ᠠ᠂ ᠯᠢᠩᠪᠤ ᠪᠢᠰᠭᠢᠭᠦᠷ᠂ ᠲᠠᠰᠢᠶᠠᠯᠠᠪᠴᠢ᠂ ᠪᠢᠷ᠎ᠤᠨ ᠰᠠᠪᠠ ᠵᠡᠷᠭᠡ ᠪᠤᠢ᠃ ᠢᠳᠡᠭᠡᠨ ᠤᠮᠳᠠᠭᠠᠨ᠎ᠳᠤ ᠬᠡᠷᠡᠭᠯᠡᠳᠡᠭ ᠴᠤᠮᠤ᠂ ᠬᠤᠨᠳᠠᠭ᠎ᠠ᠂ ᠠᠶᠠᠭ᠎ᠠ᠂ ᠫᠢᠯᠠ᠂ ᠲᠠᠪᠠᠭ ᠵᠡᠷᠭᠡ ᠪᠤᠢ᠃ ᠴᠢᠩ ᠤᠯᠤᠰ᠎ᠤᠨ ᠦᠶ᠎ᠡ ᠪᠤᠯᠬᠤ᠎ᠳᠤ ᠬᠦᠬᠡ ᠬᠤᠸᠠᠷᠲᠤ ᠱᠠᠭᠠᠵᠠᠩ ᠨᠢ ᠴᠠᠭᠠᠨ ᠱᠠᠭᠠᠵᠠᠩ᠎ᠢ ᠤᠷᠤᠯᠠᠭᠠᠳ᠎ᠳ᠋ᠸ ᠬᠤᠸᠠ ᠵᠢᠨ ᠸᠠᠭᠠᠷ ᠱᠠᠭᠠᠵᠠᠩ ᠰᠢᠲᠠᠭᠠᠬᠤ ᠭᠠᠵᠠᠷ᠎ᠤᠨ ᠭᠤᠤᠯ ᠤᠷᠤᠰᠬᠠᠯ ᠪᠤᠯᠵᠤ᠂ ᠴᠢᠩ ᠤᠯᠤᠰ᠎ᠤᠨ ᠰᠡᠭᠦᠯᠴᠢ ᠦᠶ᠎ᠡ ᠪᠤᠯᠬᠤ᠎ᠳᠤ ᠴᠠᠭᠠᠨ ᠱᠠᠭᠠᠵᠠᠩ ᠨᠢ ᠠᠭᠠᠵᠢᠮ ᠵᠢᠡᠷ ᠳᠤᠷᠤᠢᠲᠠᠵᠠᠢ᠃


QQ截图20211222095113.jpg

                          

                                 ᠯᠤᠤ᠎ᠶᠢᠨ ᠨᠠᠭᠠᠮᠠᠯ ᠲᠠᠢ ᠳᠠᠪᠤᠷ᠎ᠠ 


ᠭᠡᠷ᠎ᠤᠨ ᠲᠠᠪᠢᠯᠭ᠎ᠠ ᠬᠡᠭᠡᠨᠴᠢᠷ ᠡᠳ᠋ᠯᠡᠯ

ᠮᠠᠨ᠎ᠤ ᠤᠯᠤᠰ᠎ᠤᠨ ᠲᠡᠦᠬᠡᠨ᠎ᠳᠤ ᠨᠡᠯᠢᠶᠡᠳ ᠦᠨᠳᠦᠷ ᠰᠤᠶᠤᠯ ᠪᠤᠯᠪᠠᠰᠤᠷᠠᠯ ᠭᠦᠷᠲᠡᠭᠰᠡᠨ ᠪᠢᠴᠢᠭ᠎ᠤᠨ ᠬᠦᠮᠦᠨ ᠪᠤᠶᠤ ᠳᠡᠭᠡᠳᠤ ᠵᠡᠷᠭᠡ ᠵᠢᠨ ᠰᠡᠭᠡᠭᠡᠲᠡᠨ᠎ᠤ ᠳᠠᠪᠬᠤᠷᠭ᠎ᠠ ᠵᠢᠨ ᠤᠯᠠᠩᠬᠢ ᠬᠦᠮᠦᠰ ᠦᠷᠦᠭᠡᠨ᠎ᠤ ᠲᠠᠪᠢᠯᠭ᠎ᠠ᠎ᠶᠢ ᠮᠠᠰᠢ ᠬᠦᠨᠳᠦᠳᠭᠡᠨ ᠦᠵᠡᠳᠡᠭ ᠪᠦᠭᠡᠳ ᠡᠳᠡᠭᠡᠷ ᠰᠤᠩᠭᠤᠵᠤ ᠬᠡᠷᠡᠭᠯᠡᠭᠰᠡᠨ ᠲᠠᠪᠢᠯᠭ᠎ᠠ᠎ᠤᠳ ᠨᠢ ᠭᠡᠷ᠎ᠤᠨ ᠡᠵᠡᠨ᠎ᠤ ᠭᠤᠸ᠎ᠠ ᠲᠠᠭᠠᠰᠢᠶᠠᠯ ᠪᠠ ᠤᠷᠠᠯᠢᠭ᠎ᠤᠨ ᠲᠠᠯ᠎ᠠ ᠪᠡᠷ ᠬᠢ ᠠᠳᠠᠯᠢ ᠪᠤᠰᠤ ᠤᠢᠯᠠᠭᠠᠯᠲᠠ᠎ᠶᠢ ᠰᠢᠭᠤᠳ ᠬᠠᠷᠠᠭᠤᠯᠳᠠᠭ ᠪᠠᠢᠨ᠎ᠠ᠃ ᠳ᠋ᠸ ᠬᠤᠸᠠ ᠵᠢᠨ ᠸᠠᠭᠠᠷ ᠱᠠᠭᠠᠵᠠᠩ ᠦᠢᠯᠡᠳᠬᠦ ᠭᠠᠵᠠᠷ ᠡᠴᠡ ᠭᠠᠷᠤᠭᠰᠠᠨ ᠪᠦᠲᠦᠭᠡᠯ᠎ᠤᠳ ᠨᠢ ᠲᠠᠪᠢᠯᠭ᠎ᠠ᠎ᠳᠤ ᠬᠡᠷᠡᠭᠯᠡᠬᠦ᠎ᠳᠤ ᠵᠤᠷᠢᠭᠤᠯᠤᠭᠰᠠᠨ ᠪᠤᠯᠬᠤᠷ ᠤᠯᠠᠩᠬᠢ᠎ᠳᠠᠭᠠᠨ ᠬᠦᠷᠡᠯ ᠵᠡᠷᠭᠡ ᠲᠡᠮᠤᠷᠯᠢᠭ᠌ ᠰᠠᠪᠠ᠎ᠶᠢ ᠳᠠᠭᠤᠷᠢᠶᠠᠵᠤ ᠬᠢᠳᠡᠭ᠃ ᠬᠡᠯᠪᠡᠷᠢ ᠳᠦᠷᠰᠤ ᠵᠢᠨ ᠲᠠᠯ᠎ᠠ ᠪᠡᠷ ᠬᠦᠯᠢᠰ᠂ ᠳᠤᠲᠤᠷᠭᠠᠨ ᠰᠠᠪᠠ᠂ ᠬᠤᠨᠳᠠᠭ᠎ᠠ᠂ ᠤᠳᠬᠤᠭᠤᠷ᠂ ᠠᠷᠢᠬᠢᠨ ᠰᠠᠪᠠ᠂ ᠤᠴᠤᠭᠲᠤ ᠬᠤᠨᠳᠠᠭ᠎ᠠ ᠵᠢᠨ ᠬᠡᠯᠪᠡᠷᠢ ᠲᠠᠢ ᠪᠠᠢᠵᠤ᠂ ᠤᠯᠠᠩᠬᠢ᠎ᠳᠠᠭᠠᠨ ᠤᠭᠠᠯᠵᠠᠯᠠᠭᠰᠠᠨ ᠡᠭᠦᠯᠡᠨ ᠬᠡ᠂ ᠪᠢᠷᠢᠳ᠂ ᠨᠠᠷᠢᠨ ᠤᠷᠲᠤ ᠵᠢᠷᠤᠭᠠᠰᠤ᠂ ᠯᠤᠤ ᠭᠠᠷᠤᠳᠢ ᠵᠡᠷᠭᠡ᠎ᠶᠢ ᠬᠡᠪᠯᠡᠨ ᠳᠠᠷᠤᠮᠠᠯᠯᠠᠬᠤ ᠠᠷᠭ᠎ᠠ ᠪᠡᠷ ᠴᠢᠮᠡᠭᠯᠡᠭᠰᠡᠨ ᠪᠦᠭᠡᠳ ᠪᠤᠷᠤᠭᠵᠢᠭᠤᠨ ᠴᠢᠬᠢᠮᠠᠢ᠂ ᠢᠷᠠᠭᠤ ᠡᠷᠬᠢᠮᠰᠤᠭ᠌ ᠬᠦᠭ ᠠᠶᠠᠰ ᠠᠭᠤᠯᠤᠭᠳᠠᠳᠠᠭ᠃ ᠵᠢᠱ᠌ᠢᠶᠡᠯᠡᠪᠡᠯ᠂ ᠬᠦᠵᠢ ᠠᠰᠠᠭᠠᠬᠤ᠂ ᠬᠤᠪᠴᠠᠰᠤ ᠤᠲᠤᠬᠤ᠂ ᠬᠦᠨᠵᠢᠯᠡ ᠠᠷᠢᠭᠤᠰᠬᠠᠬᠤ ᠪᠠ ᠲᠠᠪᠢᠯᠭ᠎ᠠ᠎ᠳᠤ ᠵᠤᠷᠢᠭᠤᠯᠤᠭᠰᠠᠨ ᠬᠦᠯᠢᠰ ᠵᠡᠷᠭᠡ ᠨᠢ ᠲᠤᠬᠠᠢ ᠵᠢᠨ ᠦᠶ᠎ᠡ᠎ᠳᠤ ᠮᠠᠰᠢ ᠠᠯᠳᠠᠷᠲᠠᠢ ᠪᠠᠢᠭᠰᠠᠨ ᠰᠢᠤᠸᠠᠨ᠎ᠳ᠋ᠸ ᠵᠢᠨ ᠤᠨ᠎ᠤ ᠭᠠᠤᠯᠢᠨ ᠬᠦᠯᠢᠰ ᠎ᠢ ᠳᠠᠭᠤᠷᠢᠶᠠᠵᠤ ᠬᠢᠵᠠᠢ᠃᠎ᠳ᠋ᠸ ᠬᠤᠸᠠ ᠵᠢᠨ ᠬᠦᠯᠢᠰ᠎ᠤᠨ ᠬᠡᠯᠪᠡᠷᠢ ᠮᠠᠶᠢᠭ᠎ᠢ ᠵᠤᠷᠢᠭᠤᠲᠠ ᠰᠢᠤᠸᠠᠨ᠎ᠳ᠋ᠸ ᠵᠢᠨ ᠤᠨ᠎ᠤ ᠭᠠᠤᠯᠢᠨ ᠬᠦᠯᠢᠰ ᠲᠠᠢ ᠳᠦᠰᠦᠭᠡᠲᠡᠢ ᠬᠢᠵᠤ᠂ ᠰᠡᠨᠵᠢ ᠨᠢ ᠪᠤᠰᠤᠭ᠎ᠠ ᠳᠦᠷᠪᠡᠯᠵᠢᠨ᠂ ᠵᠠᠭᠠᠨ᠎ᠤ ᠬᠠᠮᠠᠷ᠂ ᠠᠷᠰᠯᠠᠨ᠎ᠤ ᠲᠤᠯᠤᠭᠠᠢ᠂ ᠳᠠᠳᠠᠯᠭ᠎ᠠ ᠳᠡᠭᠡᠰᠤ᠂ ᠴᠢᠨᠳᠠᠮᠤᠨᠢ ᠵᠡᠷᠭᠡ ᠬᠡᠯᠪᠡᠷᠢ ᠲᠠᠢ ᠪᠠᠢᠵᠤ᠂ ᠬᠦᠯ ᠨᠢ ᠳᠦᠷᠪᠡᠯᠵᠢᠨ ᠰᠡᠷᠡᠭᠡᠲᠤ ᠵᠢᠳᠡ ᠵᠢᠨ ᠬᠡᠯᠪᠡᠷᠢ ᠲᠠᠢ᠂ ᠠᠷᠢᠶᠠᠲᠠᠨ᠎ᠤ ᠲᠤᠯᠤᠭᠠᠢ᠂ ᠮᠤᠷᠢᠨ᠎ᠤ ᠲᠤᠭᠤᠷᠠᠢ᠂ ᠦᠬᠡᠷ ᠴᠢᠯᠠᠭᠤ᠂ ᠬᠠᠰ ᠴᠠᠭᠠᠷᠢᠭ ᠵᠡᠷᠭᠡ ᠬᠡᠯᠪᠡᠷᠢ ᠲᠠᠢ᠂ ᠪᠤᠲᠠ ᠴᠤᠭᠴᠠ ᠵᠢᠨ ᠹᠠᠯᠠᠨ ᠨᠢ ᠠᠯᠲᠠ ᠬᠠᠰ ᠮᠡᠲᠤ ᠦᠩᠭᠡᠯᠢᠭ᠂ ᠵᠢᠷᠤᠭᠠᠰᠤ ᠨᠢ ᠳᠤᠷᠠᠢᠨ ᠲᠤᠳᠤᠷᠠᠭᠠᠳ ᠬᠡᠯᠪᠡᠷᠢ ᠴᠢᠨᠠᠷ ᠵᠢᠡᠷ ᠴᠦᠮ ᠲᠦᠰᠦᠭᠡᠳᠡᠢ ᠪᠠᠢᠳᠠᠭ᠃ ᠱᠠᠭᠠᠵᠠᠩ ᠵᠢᠡᠷ ᠰᠢᠲᠠᠭᠠᠭᠰᠠᠨ ᠰᠠᠮ ᠬᠤᠷᠤᠬᠠᠢ᠂ ᠨᠢ᠋ᠮᠠᠯᠵᠢ ᠪᠠ ᠯᠢᠩᠬᠤ᠎ᠠ ᠴᠡᠴᠡᠭ ᠵᠡᠷᠭᠡ ᠨᠢ ᠠᠮᠢᠳᠤ ᠳᠦᠷᠰᠦᠯᠢᠭ ᠪᠠᠢᠵᠤ᠂ ᠭᠠᠳᠠᠭᠤᠷ ᠨᠢ ᠴᠡᠴᠡᠭ᠎ᠤᠨ ᠳᠡᠯᠪᠡᠬᠡ ᠪᠡᠷ ᠬᠦᠷᠢᠶᠡᠯᠡᠭᠳᠡᠵᠤ ᠪᠦᠲᠦᠭᠰᠡᠨ ᠴᠢᠩ ᠤᠯᠤᠰ᠎ᠤᠨ ᠦᠶ᠎ᠡ ᠵᠢᠨ᠎ᠳ᠋ᠸ ᠬᠤᠸᠠ ᠵᠢᠨ ᠱᠠᠭᠠᠵᠠᠩ ᠰᠢᠳᠠᠭᠠᠬᠤ ᠭᠠᠵᠠᠷ᠎ᠤᠨ《ᠯᠢᠩᠬᠤᠸᠠᠲᠤ ᠴᠦᠬᠦᠷᠦᠮ᠎ᠳᠡᠬᠢ ᠰᠠᠮ ᠬᠤᠷᠤᠬᠠᠢ ᠨᠢ᠋ᠮᠠᠯᠵᠢ ᠵᠢᠨ ᠲᠤᠰᠤᠨ᠎ᠳ᠋ᠸᠩ(ᠵᠤᠯᠠ)》᠂ ᠡᠯᠳᠡᠪ ᠵᠦᠢᠯ᠎ᠤᠨ ᠴᠡᠴᠡᠭ ᠨᠠᠪᠴᠢ ᠵᠢᠨ ᠬᠡ ᠤᠭᠠᠯᠵᠠ᠎ᠶᠢ ᠱᠠᠭᠠᠵᠠᠩ ᠳᠡᠭᠡᠷ᠎ᠡ ᠴᠤᠭᠤᠯᠪᠤᠷᠢ ᠵᠢᠨ ᠮᠡᠷᠭᠡᠵᠢᠯ ᠵᠢᠡᠷ ᠤᠷᠠᠯᠠᠭᠰᠠᠨ ᠮᠢᠩ ᠤᠯᠤᠰ᠎ᠤᠨ ᠦᠶ᠎ᠡ ᠵᠢᠨ᠎ᠳ᠋ᠸ ᠬᠤᠸᠠ ᠵᠢᠨ ᠱᠠᠭᠠᠵᠠᠩ ᠰᠢᠳᠠᠭᠠᠬᠤ ᠭᠠᠵᠠᠷ᠎ᠤᠨ《ᠴᠤᠭᠤᠯᠪᠤᠷᠢᠯᠠᠵᠤ ᠰᠡᠢᠯᠦᠭᠰᠡᠨ ᠪᠢᠷ᠎ᠤᠨ ᠰᠠᠪᠠ》ᠵᠡᠷᠭᠡ ᠱᠠᠭᠠᠵᠠᠩ ᠡᠳ᠋ᠯᠡᠯ᠎ᠤᠳ ᠨᠢ ᠮᠢᠩ ᠴᠢᠩ ᠤᠯᠤᠰ᠎ᠤᠨ ᠦᠶ᠎ᠡ ᠵᠢᠨ᠎ᠳ᠋ᠸ ᠬᠤᠸᠠ ᠵᠢᠨ ᠱᠠᠭᠠᠵᠠᠩ ᠰᠢᠳᠠᠭᠠᠬᠤ ᠭᠠᠵᠠᠷ᠎ᠤᠨ ᠱᠠᠭᠠᠵᠠᠩ ᠤᠷᠠᠯᠠᠵᠤ ᠰᠡᠢᠯᠬᠦ ᠵᠢᠴᠢ ᠰᠢᠲᠠᠭᠠᠬᠤ ᠮᠡᠷᠭᠡᠵᠢᠯ᠎ᠢ ᠶᠠᠭᠠᠬᠢᠬᠤ ᠵᠢᠨ ᠠᠷᠭ᠎ᠠ ᠦᠭᠡᠢ ᠭᠠᠢᠬᠠᠭᠤᠯᠤᠨ᠎ᠠ᠃ ᠵᠠᠷᠢᠮ ᠱᠠᠭᠠᠵᠠᠩ ᠡᠳ᠋ᠯᠡᠯ ᠎ᠤᠳ᠎ᠤᠨ ᠬᠢᠨᠢ ᠢᠷᠦᠭᠠᠷ ᠲᠦ᠍ ᠪᠠᠰᠠ《ᠶᠡᠬᠡ ᠮᠢᠩ ᠤᠯᠤᠰ᠎ᠤᠨ ᠰᠢᠤᠸᠠᠨ᠎ᠳ᠋ᠸ ᠵᠢᠨ ᠤᠨ᠎ᠳᠤ ᠦᠢᠯᠡᠳᠪᠡ》᠂《ᠠᠷᠴᠠ ᠬᠦᠵᠢ ᠠᠩᠬᠢᠯᠤᠭᠰᠠᠨ ᠠᠮᠤᠭᠤᠯᠠᠩ ᠠᠮᠢᠳᠤᠷᠠᠯ ᠠᠬᠤᠢ》᠂《ᠦᠶ᠎ᠡ ᠵᠢᠨ ᠦᠶ᠎ᠡ᠎ᠳᠤ ᠦᠨᠢᠳᠡ ᠬᠠᠳᠠᠭᠠᠯᠠᠬᠤ ᠡᠷᠳᠡᠨᠢ》 ᠵᠡᠷᠭᠡ ᠪᠢᠴᠢᠭᠡᠰᠤ ᠲᠠᠢ᠃



QQ截图20211222095149.jpg


                 ᠯᠢᠨᠭᠬᠤᠸᠠᠲᠤ ᠴᠥᠬᠥᠷᠤᠮ᠎ᠳᠡᠬᠢ ᠰᠠᠮ ᠬᠤᠷᠤᠬᠠᠢ

                 ᠨᠠᠶ᠋ᠮᠠᠯᠵᠢ     ᠵᠢᠨ      ᠲᠤᠰᠤᠨ     ᠎ᠳ᠋ᠸᠩ



ᠪᠢᠴᠢᠭ᠎ᠤᠨ ᠦᠷᠦᠭᠡᠨ᠎ᠤ ᠨᠠᠨᠳᠢᠨ ᠡᠷᠳᠡᠨᠢᠰ

ᠪᠢᠴᠢᠭ᠎ᠤᠨ ᠦᠷᠦᠭᠡ᠎ᠪᠤᠯ ᠪᠢᠴᠢᠭ᠎ᠤᠨ ᠬᠦᠮᠦᠰ᠎ᠤᠨ ᠰᠡᠳᠭᠢᠯ ᠵᠢᠡᠨ ᠠᠷᠢᠭᠤᠰᠬᠠᠳᠠᠭ ᠭᠠᠵᠠᠷ᠃ ᠲᠡᠳᠡ ᠨᠤᠮ᠎ᠤᠨ ᠦᠷᠦᠭᠡᠨ᠎ᠳᠤ ᠨᠤᠮ ᠤᠩᠰᠢᠵᠤ ᠶᠠᠲᠤᠭ᠎ᠠ ᠴᠢᠪᠬᠠᠳᠠᠨ᠂ ᠰᠢᠯᠦᠭ ᠤᠶᠠᠩᠭᠠᠯᠠᠵᠤ ᠵᠢᠷᠤᠭ ᠵᠢᠷᠤᠵᠤ᠂ ᠬᠦᠵᠢ ᠠᠰᠠᠭᠠᠨ ᠴᠠᠢ ᠠᠮᠲᠠᠯᠠᠵᠤ᠂ ᠪᠢᠴᠢᠭ᠎ᠤᠨ ᠦᠷᠦᠭᠡ ᠨᠢ ᠪᠢᠴᠢᠭ᠎ᠤᠨ ᠬᠦᠮᠦᠰ ᠲᠦ᠍ ᠠᠪᠴᠤ ᠬᠡᠯᠡᠪᠡᠯ ᠬᠠᠩᠭᠠᠯᠤᠭᠤᠨ ᠲᠠᠪᠠ ᠲᠠᠢ ᠰᠡᠳᠭᠢᠯ᠎ᠤᠨ ᠪᠠᠭᠤᠴᠠ ᠪᠤᠶᠤ᠃ ᠪᠢᠴᠢᠭ᠎ᠤᠨ ᠦᠷᠦᠭᠡᠨ᠎ᠤ ᠬᠡᠷᠡᠭᠰᠡᠯ᠎ᠤᠳ ᠨᠢ ᠬᠠᠷᠢᠨ ᠪᠢᠴᠢᠭ᠎ᠤᠨ ᠬᠦᠮᠦᠨ᠎ᠤ ᠰᠢᠷᠡᠭᠡᠨ ᠳᠡᠭᠡᠷᠡᠬᠢ ᠲᠤᠲᠠᠭᠳᠠᠵᠤ ᠪᠤᠯᠤᠰᠢ ᠦᠭᠡᠢ ᠪᠠᠭᠠᠵᠢ ᠬᠡᠷᠡᠭᠰᠡᠯ ᠪᠤᠯᠤᠭᠰᠠᠨ ᠪᠢᠯᠡ᠃

ᠱᠠᠭᠠᠵᠠᠩ ᠵᠢᠡᠷ ᠬᠢᠭᠰᠡᠨ ᠪᠢᠴᠢᠭ᠎ᠤᠨ ᠬᠡᠷᠡᠭᠰᠡᠯ ᠪᠤᠯ᠎ᠳ᠋ᠸ ᠬᠤᠸᠠ ᠵᠢᠨ ᠱᠠᠭᠠᠵᠠᠩ ᠡᠳ᠋ᠯᠡᠯ᠎ᠤᠨ ᠤᠯᠠᠮᠵᠢᠯᠠᠯᠲᠤ ᠪᠦᠲᠦᠬᠡᠭᠳᠡᠭᠦᠨ ᠪᠤᠯᠬᠤ ᠪᠦᠭᠡᠳ ᠭᠤᠤᠯᠳᠠᠭᠤ ᠶᠠᠨᠲᠠᠢ᠂ ᠪᠢᠷ᠎ᠤᠨ ᠰᠠᠪᠠ᠂ ᠪᠢᠷ᠎ᠤᠨ ᠲᠠᠯᠪᠢᠭᠤᠷ᠂ ᠪᠢᠷ᠎ᠤᠨ ᠤᠬᠢᠶᠠᠭᠤᠷ᠂ ᠴᠢᠳᠬᠤᠭᠤᠷ᠂ ᠴᠠᠭᠠᠰᠤᠨ ᠳᠠᠷᠤᠭᠤᠯ᠂ ᠲᠠᠮᠠᠭ᠎ᠠ᠂ ᠲᠠᠮᠠᠭᠠᠨ᠎ᠤ ᠬᠠᠢᠷᠴᠠᠭ ᠵᠡᠷᠭᠡ ᠵᠦᠢᠯᠡᠰ ᠪᠠᠭᠲᠠᠳᠠᠭ᠃᠎ᠳ᠋ᠸ ᠬᠤᠸᠠ ᠵᠢᠨ ᠸᠠᠭᠠᠷ ᠱᠠᠭᠠᠵᠠᠩ ᠦᠢᠯᠡᠳᠬᠦ ᠭᠠᠵᠠᠷ᠎ᠤᠨ ᠪᠢᠴᠢᠭ᠎ᠤᠨ ᠦᠷᠦᠭᠡᠨ᠎ᠤ ᠬᠡᠭᠡᠨᠴᠢᠷ ᠡᠳ᠋ᠯᠡᠯ᠎ᠤᠨ ᠠᠭᠤᠯᠭ᠎ᠠ ᠨᠢ ᠮᠠᠰᠢ ᠦᠷᠭᠡᠨ ᠳᠡᠯᠭᠡᠷ ᠪᠠᠢᠵᠤ᠂ ᠠᠷᠰᠯᠠᠨ᠂ ᠵᠠᠭᠠᠨ᠂ ᠪᠤᠭᠤ᠂ ᠰᠠᠮᠵᠠ᠂ ᠲᠠᠤᠯᠠᠢ᠂ ᠦᠬᠡᠷ᠂ ᠮᠤᠷᠢ᠂ ᠬᠤᠨᠢ ᠵᠡᠷᠭᠡ ᠠᠮᠢᠲᠠᠨ ᠠᠷᠢᠶᠠᠲᠠᠨ ᠪᠠᠢᠳᠠᠭ ᠪᠦᠭᠡᠳ ᠲᠠᠬᠢᠶ᠎ᠠ᠂ ᠨᠤᠭᠤᠰᠤ ᠵᠡᠷᠭᠡ ᠵᠢᠭᠦᠷᠲᠡᠨ ᠪᠤᠯᠤᠨ ᠮᠦᠷᠭᠦ ᠵᠢᠭᠠᠰᠤ᠂ ᠶᠠᠰᠤᠲᠤ ᠮᠡᠯᠡᠬᠡᠢ᠂ ᠲᠤᠮᠤᠭ ᠲᠦ᠍ ᠭᠠᠷᠳᠠᠭ ᠯᠤᠤ᠂ ᠪᠢᠯᠢᠭᠲᠦ ᠭᠦᠷᠦᠭᠡᠰᠤ ᠵᠡᠷᠭᠡ ᠴᠦ᠍ ᠪᠤᠢ᠃ ᠡᠭᠦᠨ ᠡᠴᠡ ᠭᠠᠳᠠᠨ᠎ᠠ ᠲᠤᠭᠤᠷ᠂ ᠯᠤᠬᠠᠱᠸᠩ᠂ ᠵᠦᠷᠵᠢ ᠵᠡᠷᠭᠡ ᠵᠢᠮᠢᠰ ᠨᠤᠭᠤᠭ᠎ᠠ ᠵᠢᠨ ᠲᠦᠷᠦᠯ᠎ᠢ ᠴᠦ᠍ ᠬᠠᠮᠤᠷᠴᠤ᠂ ᠦᠩᠭᠡ ᠢᠯᠭᠠᠷᠠᠬᠤ ᠪᠦᠭᠡᠳ ᠬᠢᠴᠡ ᠵᠠᠭᠪᠤᠷ ᠨᠢ ᠶᠡᠬᠡᠩᠬᠢ᠎ᠳᠡᠭᠡᠨ ᠤᠳᠬᠠᠴᠢᠯᠠᠨ ᠬᠤᠷᠢᠶᠠᠩᠭᠤᠢᠯᠠᠭᠰᠠᠨ ᠪᠦᠭᠡᠳ ᠬᠡᠯᠪᠡᠷᠢ ᠨᠢ ᠳᠦᠭᠦᠮ ᠠᠲᠠᠯ᠎ᠠ ᠮᠠᠰᠢ ᠰᠤᠨᠢᠷᠬᠠᠯᠲᠠᠢ ᠪᠤᠯᠬᠤᠷ ᠬᠦᠮᠦᠰ᠎ᠤᠨ ᠤᠷᠮ᠎ᠠ ᠪᠠᠬ᠎ᠠ᠎ᠶᠢ ᠦᠪᠡᠷ᠎ᠤᠨ ᠡᠷᠬᠡ ᠦᠭᠡᠢ ᠲᠠᠲᠠᠳᠠᠭ᠃


QQ截图20211222095125.jpg


                       ᠠᠷᠰᠯᠠᠩᠳᠦ ᠬᠦᠵᠢ᠎ᠶᠢᠨ ᠬᠦᠯᠢᠰ 


ᠳ᠋ᠸ ᠬᠤᠸᠠ ᠵᠢᠨ ᠸᠠᠭᠠᠷ ᠱᠠᠭᠠᠵᠠᠩ ᠦᠢᠯᠡᠳᠬᠦ ᠭᠠᠵᠠᠷ᠎ᠤᠨ ᠪᠢᠴᠢᠭ᠎ᠤᠨ ᠦᠷᠦᠭᠡᠨ ᠎ᠤ ᠬᠡᠷᠡᠭᠰᠡᠯ᠎ᠤᠳ ᠨᠢ ᠶᠡᠷᠦᠳᠡ ᠵᠢᠨ ᠬᠡᠷᠡᠭᠯᠡᠭᠡᠨ᠎ᠤ ᠴᠢᠳᠠᠪᠬᠢ ᠡᠴᠡ ᠭᠠᠳᠠᠨ᠎ᠠ ᠪᠠᠰᠠ ᠮᠠᠰᠢ ᠦᠨᠳᠦᠷ ᠤᠷᠠᠯᠢᠭ᠎ᠤᠨ ᠦᠨ᠎ᠡ ᠦᠷᠲᠡᠭ ᠲᠠᠢ᠃ ᠵᠢᠱ᠌ᠢᠶᠡᠯᠡᠪᠡᠯ ᠰᠡᠢᠯᠦᠮᠡᠯ ᠭᠦᠯᠢᠰ᠂ ᠴᠤᠭᠤᠯᠪᠤᠷᠢ ᠰᠡᠢᠯᠤᠮᠠᠯ ᠲᠠᠢ ᠪᠢᠷ᠎ᠤᠨ ᠰᠠᠪᠠ᠂ ᠲᠠᠮᠠᠭ᠎ᠠ ᠭᠡᠬᠦ ᠮᠡᠲᠤ ᠵᠢᠨ ᠵᠦᠢᠯᠡᠰ᠎ᠤᠳ ᠪᠤᠢ᠃ ᠡᠭᠦᠨ᠎ᠳᠤ ᠲᠠᠮᠠᠭ᠎ᠠ ᠨᠢ ᠳᠦᠷᠪᠡᠯᠵᠢᠨ ᠪᠤᠶᠤ ᠳᠤᠭᠤᠢ ᠬᠡᠯᠪᠡᠷᠢᠲᠠᠢ᠂ ᠠᠷᠰᠯᠠᠨ᠎ᠤ ᠳᠦᠷᠰᠦᠲᠤ ᠪᠠᠷᠢᠭᠤᠯ ᠲᠠᠢ ᠨᠢ ᠤᠯᠠᠨ ᠬᠠᠷᠠᠭᠳᠠᠬᠤ ᠡᠴᠡ ᠭᠠᠳᠠᠨ᠎ᠠ ᠪᠠᠰᠠ ᠪᠠᠷᠰ᠂ ᠬᠤᠤᠰ ᠮᠠᠩᠭᠢᠰᠤ᠂ ᠶᠠᠰᠤᠨ ᠯᠤᠤ ᠵᠡᠷᠭᠡ ᠬᠡᠯᠪᠡᠷᠢ ᠳᠦᠷᠰᠤ ᠴᠦ᠍ ᠲᠤᠬᠢᠶᠠᠯᠳᠤᠳᠠᠭ᠃

ᠦᠯᠡᠮᠵᠢ ᠵᠢᠨ ᠲᠠᠩᠰᠤᠭ ᠦᠩᠭᠡ ᠭᠠᠯᠪᠢᠷ

ᠳ᠋ᠸ ᠬᠤᠸᠠ ᠵᠢᠨ ᠸᠠᠭᠠᠷ ᠱᠠᠭᠠᠵᠠᠩ ᠦᠢᠯᠡᠳᠬᠦ ᠠᠵᠢᠯᠴᠢᠳ ᠤᠷᠲᠤ ᠬᠤᠭᠤᠴᠠᠭᠠᠨ ᠎ᠤ ᠠᠵᠢᠯ ᠬᠦᠳᠡᠯᠮᠦᠷᠢ ᠵᠢᠨ ᠦᠢᠯᠡᠳᠦᠯᠭᠡ ᠳᠤᠮᠳᠠ ᠪᠡᠨ ᠱᠠᠭᠠᠵᠠᠩ᠎ᠤᠨ ᠪᠠᠢᠭᠠᠯᠢᠯᠢᠭ ᠬᠤᠪᠢᠰᠤᠮᠠᠲᠠᠭᠠᠢ ᠴᠢᠳᠠᠪᠬᠢ᠎ᠶᠢ ᠠᠰᠢᠭᠯᠠᠨ᠂ ᠪᠤᠯᠪᠠᠰᠤᠷᠠᠭᠤᠯᠤᠨ ᠨᠠᠢᠷᠠᠭᠤᠯᠵᠤ ᠨᠢᠮᠪᠠᠢ ᠲᠦᠰᠦᠪᠯᠡᠭᠡᠳ᠂ ᠤᠷᠠᠨ ᠪᠠᠷᠢᠮᠠᠯ ᠬᠦᠷᠦᠭ ᠳᠦᠷᠢ ᠵᠢᠨ ᠤᠷᠠᠯᠢᠭ᠎ᠤᠨ ᠪᠦᠲᠦᠭᠡᠯ᠎ᠢ ᠶᠡᠬᠡ ᠪᠡᠷ ᠦᠢᠯᠡᠳᠪᠦᠷᠢᠯᠡᠪᠡ᠃

ᠮᠢᠩ ᠤᠯᠤᠰ᠎ᠤᠨ ᠦᠶ᠎ᠡ ᠵᠢᠨ ᠾᠸ ᠴᠤᠤ ᠽᠦᠩ᠂ ᠯᠢᠨ ᠴᠤᠤ ᠽᠦᠩ᠂ ᠵᠠᠩ ᠱᠸᠤ ᠱᠠᠨ᠂ ᠴᠸᠨ ᠸᠸᠢ᠂ ᠯᠢᠨ ᠰᠢ ᠽᠦᠩ᠂ ᠯᠢᠨ ᠰᠢᠶᠤᠤ ᠽᠦᠩ ᠵᠡᠷᠭᠡ ᠨᠢᠭᠡᠨ ᠦᠶ᠎ᠡ ᠵᠢᠨ ᠱᠠᠭᠠᠵᠠᠩ ᠱᠤᠭᠤᠮᠠᠯ᠎ᠤᠨ ᠤᠷᠠᠴᠤᠳ ᠵᠢᠡᠷ ᠲᠦᠯᠦᠭᠡᠯᠡᠭᠦᠯᠦᠭᠰᠡᠨ᠎ᠳ᠋ᠸ ᠬᠤᠸᠠ ᠵᠢᠨ ᠱᠠᠭᠠᠵᠠᠩ ᠱᠤᠭᠤᠮᠠᠯ᠎ᠤᠨ ᠤᠷᠠᠯᠢᠭ ᠨᠢ ᠨᠢᠭᠡᠨᠲᠡ ᠤᠯᠠᠨ ᠡᠴᠡ ᠴᠤᠯᠭᠤᠷᠠᠵᠤ ᠭᠡᠳᠦᠢᠳᠦᠭᠰᠡᠨ ᠠᠮᠵᠢᠯᠲᠠ ᠤᠯᠵᠠᠢ᠃ ᠦᠵᠡᠭᠦᠯᠭᠡ᠎ᠳᠤ ᠳᠡᠯᠭᠡᠨ ᠦᠵᠡᠭᠦᠯᠵᠤ ᠪᠤᠢ 《ᠡᠭᠦᠯᠡ ᠬᠦᠯᠦᠭᠯᠡᠭᠰᠡᠨ ᠬᠤᠮᠰᠢᠮ ᠪᠤᠳᠢᠰᠠᠳᠤ᠎ᠠ》᠂《ᠬᠡᠭᠡᠨᠴᠢᠷ ᠪᠦᠰᠡᠭᠦᠢ ᠵᠢᠨ ᠱᠤᠭᠤᠮᠠᠯ》᠂《18 ᠮᠤᠳᠤᠷᠲᠤ ᠪᠤᠷᠬᠠᠨ᠎ᠤ ᠰᠠᠭᠤᠭ᠎ᠠ ᠱᠤᠭᠤᠮᠠᠯ》᠂ 《ᠮᠠᠢᠳᠠᠷᠢ ᠪᠤᠷᠬᠠᠨ᠎ᠤ ᠰᠠᠭᠤᠭ᠎ᠠ ᠱᠤᠭᠤᠮᠠᠯ》᠂ 《18 ᠠᠷᠬᠠᠳ᠎ᠤᠨ ᠱᠤᠭᠤᠮᠠᠯ》 ᠵᠡᠷᠭᠡ ᠪᠤᠷᠬᠠᠨ ᠰᠠᠬᠢᠭᠤᠯᠰᠤᠨ᠎ᠤ ᠱᠤᠭᠤᠮᠠᠯ᠎ᠢ ᠱᠠᠭᠠᠵᠠᠩ ᠵᠢᠡᠷ ᠰᠢᠳᠠᠭᠠᠵᠤ ᠤᠷᠠᠯᠠᠬᠤ᠎ᠳᠠᠭᠠᠨ ᠨᠢᠭᠤᠷ ᠴᠢᠷᠠᠢ ᠵᠢᠨ ᠳᠦᠷᠢ ᠪᠠᠢᠳᠠᠯ᠎ᠢ ᠤᠨᠴᠠ ᠵᠢᠨ ᠨᠠᠷᠢᠯᠢᠭ ᠰᠡᠢᠯᠦᠭᠰᠡᠨ ᠪᠦᠭᠡᠳ ᠬᠤᠪᠴᠠᠰᠤ ᠬᠤᠨᠠᠷ᠎ᠤᠨ᠎ᠨᠤᠭᠤᠯᠤᠭ᠎ᠠ᠎ᠶᠢ ᠴᠦ᠍ ᠨᠠᠷᠢᠯᠢᠭ ᠰᠢᠢᠳᠪᠦᠷᠢᠯᠡᠬᠦ ᠳᠡᠭᠡᠷ᠎ᠡ ᠬᠦᠴᠦ ᠳᠠᠯᠪᠢᠭᠰᠠᠨ ᠪᠤᠯᠬᠤᠷ ᠎ᠳ᠋ᠸ ᠬᠤᠸᠠ ᠵᠢᠨ ᠱᠠᠭᠠᠵᠠᠩ ᠱᠤᠭᠤᠮᠠᠯ᠎ᠤᠨ ᠬᠢᠴᠡ ᠵᠠᠭᠪᠤᠷ ᠨᠢ ᠤᠷᠠᠨ ᠨᠠᠷᠢᠨ ᠭᠤᠢᠳᠠ ᠰᠠᠢᠬᠠᠨ᠂ ᠬᠦᠮᠦᠨ᠎ᠤ ᠳᠦᠷᠢ ᠨᠢ ᠠᠮᠢᠳᠤ ᠳᠦᠷᠰᠦᠯᠢᠭ᠂ ᠬᠤᠪᠴᠠᠰᠤᠨ᠎ᠤ ᠨᠤᠭᠤᠯᠤᠭ᠎ᠠ ᠨᠢ ᠳᠤᠷᠠᠢᠮ᠎ᠠ ᠲᠤᠳᠤ ᠮᠦᠷᠲᠡᠭᠡᠨ ᠳᠦᠭᠦᠮ ᠠᠪᠰᠠᠷᠬᠠᠨ ᠪᠠᠢᠳᠠᠭ ᠤᠴᠢᠷ ᠡᠴᠡ ᠱᠠᠭᠠᠵᠠᠩ ᠱᠤᠭᠤᠮᠠᠯ᠎ᠤᠨ ᠰᠦᠭ ᠰᠦᠨᠡᠰᠤ ᠲᠠᠢ ᠤᠷᠠᠯᠢᠭ᠎ᠢ ᠤᠷᠢᠳ ᠡᠮᠤᠨ᠎ᠡ ᠪᠠᠢᠭ᠎ᠠ ᠦᠭᠡᠢ ᠦᠨᠳᠦᠷ ᠳᠦᠪᠰᠢᠨ᠎ᠳᠤ ᠲᠦᠯᠬᠢᠨ ᠠᠬᠢᠭᠤᠯᠤᠭᠰᠠᠨ ᠪᠠᠢᠨ᠎ᠠ᠃

ᠳ᠋ᠸ ᠬᠤᠸᠠ ᠵᠢᠨ ᠸᠠᠭᠠᠷ ᠱᠠᠭᠠᠵᠠᠩ ᠦᠢᠯᠡᠳᠬᠦ ᠭᠠᠵᠠᠷ ᠨᠢ ᠱᠠᠭᠠᠵᠠᠩ ᠱᠤᠭᠤᠮᠠᠯ ᠬᠦᠮᠦᠨ᠎ᠤ ᠳᠦᠷᠢ᠎ᠶᠢ ᠪᠦᠲᠦᠭᠡᠬᠦ᠎ᠳᠤ ᠶᠡᠷᠦᠩᠬᠡᠢ᠎ᠳᠡᠭᠡᠨ ᠬᠡᠪ ᠲᠦ᠍ ᠦᠢᠯᠡᠳᠬᠦ ᠪᠠ ᠴᠢᠮᠬᠢᠵᠤ ᠱᠤᠭᠤᠬᠤ ᠬᠤᠶᠠᠷ ᠵᠦᠢᠯ᠎ᠤᠨ ᠠᠷᠭ᠎ᠠ᠎ᠶᠢ ᠬᠡᠷᠡᠭᠯᠡᠳᠡᠭ᠃ ᠬᠡᠪ ᠲᠦ᠍ ᠦᠢᠯᠡᠳᠦᠭᠰᠡᠨ ᠬᠦᠮᠦᠨ᠎ᠤ ᠳᠦᠷᠢ ᠵᠢᠨ ᠭᠤᠤᠯ ᠴᠤᠭᠴᠠ ᠵᠢᠨ ᠬᠡᠰᠡᠭ᠎ᠢ ᠬᠡᠪ ᠲᠦ᠍ ᠳᠠᠷᠤᠵᠤ ᠦᠢᠯᠡᠳᠦᠭᠰᠡᠨ ᠪᠠᠢᠳᠠᠭ ᠪᠠ ᠵᠠᠷᠢᠮ᠎ᠢ ᠨᠢ ᠡᠮᠤᠨ᠎ᠡ ᠬᠤᠢᠨ᠎ᠠ ᠪᠤᠶᠤ ᠳᠡᠭᠡᠳᠤ ᠳᠤᠤᠷᠠᠳᠤ ᠬᠤᠶᠠᠷ ᠬᠡᠰᠡᠭᠯᠡᠨ ᠨᠡᠢᠯᠡᠭᠦᠯᠵᠤ᠂ ᠬᠡᠪ ᠲᠦ᠍ ᠬᠢᠵᠤ ᠪᠦᠲᠦᠭᠡᠳᠡᠭ ᠪᠦᠭᠡᠳ ᠲᠤᠯᠤᠭᠠᠢ ᠪᠤᠯᠤᠨ ᠭᠠᠷ᠎ᠢ ᠨᠢ ᠲᠤᠰ ᠲᠤᠨᠢ ᠬᠡᠪ ᠲᠦ᠍ ᠬᠢᠵᠤ ᠦᠢᠯᠡᠳᠦᠭᠡᠳ᠂ ᠪᠤᠯᠪᠠᠰᠤᠷᠠᠭᠤᠯᠤᠨ ᠵᠠᠰᠠᠵᠤ ᠴᠢᠮᠡᠭᠰᠡᠨ᠎ᠤ ᠳᠠᠷᠠᠭ᠎ᠠ ᠬᠤᠭᠤᠷᠤᠨᠳᠤ ᠨᠢ ᠤᠭᠯᠠᠵᠤ ᠪᠦᠬᠦᠯᠢ ᠴᠤᠭᠴᠠ᠎ᠶᠢ ᠨᠢ ᠪᠦᠷᠢᠯᠳᠦᠭᠦᠯᠳᠡᠭ ᠶᠤᠮ᠃ ᠴᠢᠮᠬᠢᠵᠤ ᠱᠤᠭᠤᠭᠰᠠᠨ ᠬᠦᠮᠦᠨ ᠎ᠤ ᠳᠦᠷᠢ᠎ᠶᠢ ᠬᠠᠷᠢᠨ ᠭᠠᠷ ᠵᠢᠡᠷ ᠰᠢᠭᠤᠳ ᠴᠢᠮᠬᠢᠵᠤ ᠬᠢᠳᠡᠭ ᠪᠤᠯᠬᠤᠷ ᠬᠦᠷᠦᠭ ᠳᠦᠷᠢ ᠨᠢ ᠪᠦᠲᠦᠭᠰᠡᠨ᠎ᠤ ᠪᠡᠨ ᠳᠠᠷᠠᠭ᠎ᠠ ᠢᠯᠡ ᠲᠤᠳᠤ ᠬᠤᠷᠤᠭᠤᠨ᠎ᠤ ᠬᠡ ᠵᠢᠨ ᠤᠷᠤᠮ ᠦᠯᠡᠳᠡᠳᠡᠭ ᠪᠦᠭᠡᠳ ᠱᠤᠭᠤᠮᠠᠯ᠎ᠤᠨ ᠳᠤᠲᠤᠭᠠᠳᠤ ᠬᠡᠰᠡᠭ᠎ᠢ ᠤᠯᠠᠩᠬᠢ᠎ᠳᠠᠭᠠᠨ ᠬᠢᠳᠤᠭ᠎ᠠ ᠪᠡᠷ ᠤᠬᠤᠵᠤ ᠬᠦᠨᠳᠡᠢᠯᠡᠳᠡᠭ᠃ ᠭᠤᠤᠯ ᠴᠤᠭᠴᠠ ᠨᠢ ᠪᠦᠷᠢᠯᠳᠦᠭᠰᠡᠨ᠎ᠰᠠᠭᠤᠷᠢᠨ ᠳᠡᠭᠡᠷ᠎ᠡ ᠨᠠᠷᠢᠨ ᠬᠡᠰᠡᠭ᠎ᠤᠨ ᠴᠢᠮᠡᠭᠯᠡᠯ᠎ᠢ ᠲᠤᠰ ᠲᠤᠨᠢ ᠪᠤᠯᠪᠠᠰᠤᠷᠠᠭᠤᠯᠤᠨ ᠰᠡᠢᠯᠵᠤ ᠵᠢᠷᠤᠳᠠᠭ᠃ ᠡᠯ᠎ᠡ ᠲᠦᠷᠦᠯ᠎ᠤᠨ ᠱᠤᠭᠤᠮᠠᠯ᠎ᠤᠨ ᠪᠦᠲᠦᠭᠡᠯ᠎ᠳᠤ ᠬᠦᠮᠦᠨ᠎ᠤ ᠳᠦᠷᠢ ᠵᠢᠷᠤᠭ ᠤᠯᠠᠨ ᠲᠤᠭ᠎ᠠ᠎ᠶᠢ ᠡᠵᠡᠯᠡᠬᠦ ᠪᠦᠭᠡᠳ ᠰᠠᠭᠤᠭ᠎ᠠ ᠪᠤᠶᠤ ᠵᠤᠭᠰᠤᠭ᠎ᠠ ᠭᠡᠬᠦᠴᠢᠯᠡᠨ ᠪᠠᠢᠳᠠᠯ ᠳᠦᠷᠬᠦ ᠦᠰᠦᠳ ᠦᠭᠡᠷ᠎ᠡ ᠪᠠᠢᠳᠠᠭ ᠶᠤᠮ᠃

ᠬᠤᠨᠳᠠᠭ᠎ᠠ ᠡᠷᠭᠦᠨ ᠬᠦᠭᠵᠢᠯᠳᠤᠨ ᠨᠠᠢᠷᠯᠠᠬᠤᠢ

ᠮᠠᠨ᠎ᠤ ᠤᠯᠤᠰ ᠪᠤᠯ ᠨᠢᠭᠡᠨ ᠲᠠᠷᠢᠶᠠᠯᠠᠩ᠎ᠤᠨ ᠶᠡᠬᠡ ᠤᠯᠤᠰ᠂ ᠢᠳᠡᠭᠡᠨ ᠤᠮᠳᠠᠭᠠᠨ ᠎ᠤ ᠰᠤᠶᠤᠯ ᠦᠨᠢ ᠤᠳᠠᠭᠠᠨ ᠲᠡᠦᠬᠡ ᠲᠠᠢ ᠤᠯᠤᠰ ᠪᠠᠢᠵᠤ᠂《ᠠᠷᠠᠳ ᠢᠷᠭᠡᠳ ᠠᠮᠤ ᠪᠤᠳᠠᠭ᠎ᠠ ᠪᠡᠷ ᠠᠮᠢ ᠭᠤᠤᠯ ᠵᠠᠯᠭᠠᠮᠤᠢ》ᠭᠡᠰᠡᠨ ᠬᠠᠭᠤᠴᠢ ᠶᠠᠷᠢᠶ᠎ᠠ ᠲᠠᠢ ᠪᠤᠯᠬᠤᠷ ᠢᠳᠡᠭᠡᠨ ᠤᠮᠳᠠᠭᠠᠨ᠎ᠳᠤ ᠬᠡᠷᠡᠭᠯᠡᠬᠦ ᠰᠠᠪᠠ ᠪᠡᠨ ᠴᠦ᠍ ᠶᠡᠬᠡᠳᠡ ᠡᠷᠬᠢᠮᠯᠡᠬᠦ ᠪᠤᠯᠵᠠᠢ᠃᠎ᠳ᠋ᠸ ᠬᠤᠸᠠ ᠵᠢᠨ ᠸᠠᠭᠠᠷ ᠱᠠᠭᠠᠵᠠᠩ ᠦᠢᠯᠡᠳᠬᠦ ᠭᠠᠵᠠᠷ᠎ᠤᠨ ᠦᠢᠯᠡᠳᠪᠦᠷᠢᠯᠡᠭᠰᠡᠨ ᠸᠠᠭᠠᠷ ᠱᠠᠭᠠᠵᠠᠩ᠎ᠨᠢ ᠠᠷᠢᠬᠢ᠂ ᠴᠠᠢ᠎ᠠᠯᠢ᠎ᠶᠢ ᠨᠢ ᠴᠦ᠍ ᠰᠠᠪᠠᠯᠠᠵᠤ ᠪᠤᠯᠬᠤ ᠬᠤᠨᠳᠠᠭ᠎ᠠ ᠲᠠᠪᠠᠭ᠎ᠤᠨ ᠲᠦᠷᠦᠯ᠎ᠤᠨ ᠡᠳ᠋ ᠪᠤᠯᠤᠭᠰᠠᠨ᠎ᠤ ᠬᠤᠪᠢ᠎ᠳᠤ ᠬᠢᠴᠡ ᠵᠠᠭᠪᠤᠷ᠎ᠤᠨ ᠲᠠᠯ᠎ᠠ ᠪᠡᠷ ᠤᠯᠠᠩᠬᠢ᠎ᠳᠠᠭᠠᠨ ᠲᠠᠩ ᠤᠯᠤᠰ ᠰᠦᠩ ᠤᠯᠤᠰ᠎ᠤᠨ ᠦᠶ᠎ᠡ ᠡᠴᠡ ᠨᠠᠭᠠᠰᠢᠬᠢ ᠠᠳᠠᠯᠢ ᠲᠦᠷᠦᠯ᠎ᠤᠨ ᠠᠯᠲᠠ ᠮᠦᠩᠭᠦᠨ ᠡᠳ᠋ᠯᠡᠯ ᠬᠡᠷᠡᠭᠯᠡᠯ ᠲᠠᠢ ᠲᠦᠰᠦᠭᠡᠲᠡᠢ ᠪᠠᠢᠳᠠᠭ᠃ ᠱᠠᠭᠠᠵᠠᠩ ᠡᠳ᠋ᠯᠡᠯ᠎ᠤᠨ ᠠᠮᠠᠰᠠᠷ᠎ᠤᠨ ᠢᠷᠮᠡᠭ ᠪᠤᠯᠤᠨ ᠪᠤᠳᠠ ᠪᠡᠶ᠎ᠡ ᠨᠢ ᠴᠡᠴᠡᠭ᠎ᠤᠨ ᠳᠠᠯᠪᠢ ᠵᠢᠨ ᠬᠡᠯᠪᠡᠷᠢ᠂ ᠷᠤᠮᠪ ᠬᠡᠯᠪᠡᠷᠢ᠂ ᠵᠤᠤᠪᠠᠩ ᠬᠡᠯᠪᠡᠷᠢ ᠲᠠᠢ᠂ ᠦᠷᠦᠭᠡᠰᠦᠨ ᠰᠡᠨᠵᠢ ᠪᠤᠶᠤ ᠬᠤᠤᠰ ᠰᠡᠨᠵᠢ ᠲᠠᠢ᠂ ᠭᠠᠳᠠᠨ᠎ᠠ ᠨᠢ ᠬᠦᠮᠦᠨ᠂ ᠪᠡᠯᠭᠡᠲᠤ ᠠᠮᠢᠲᠠᠨ ᠪᠤᠶᠤ ᠴᠡᠴᠡᠭ ᠬᠤᠸᠠᠷ ᠵᠡᠷᠭᠡ᠎ᠶᠢ ᠵᠡᠷᠭᠡᠯᠡᠵᠤ ᠨᠠᠭᠠᠭᠰᠠᠨ ᠪᠦᠭᠡᠳ ᠵᠠᠷᠢᠮ᠎ᠳᠤᠨᠢ ᠲᠤᠭᠤᠷᠤᠤ᠂ ᠡᠭᠦᠯᠡ ᠬᠦᠯᠦᠭᠯᠡᠭᠰᠡᠨ ᠯᠤᠤ᠂ ᠴᠡᠴᠡᠭ ᠰᠢᠪᠠᠭᠤ᠂ ᠴᠡᠴᠡᠭ ᠨᠠᠪᠴᠢ᠎ᠶᠢ ᠰᠡᠢᠯᠦᠭᠰᠡᠨ ᠪᠠᠢᠬᠤ ᠎ᠳᠤ ᠵᠠᠷᠢᠮ᠎ᠳᠤᠨᠢ 《ᠬᠤᠨᠳᠠᠭᠠᠲᠤ ᠰᠠᠷᠬᠤᠳ᠎ᠢ ᠠᠮᠳᠠᠷᠬᠠᠨ ᠵᠤᠭᠤᠭᠯᠠᠬᠤ》᠂ 《ᠠᠷᠢᠬᠢᠳᠠᠬᠤ ᠳᠤᠮᠳᠠ ᠤᠷᠮ᠎ᠠ ᠪᠠᠬ᠎ᠠ ᠬᠦᠭᠵᠢᠭᠡᠬᠦ᠂ ᠡᠷᠬᠢᠮ ᠠᠪᠤᠭᠠᠢ ᠠᠷᠢᠬᠢ ᠪᠠᠷᠢᠬᠤ》 ᠵᠡᠷᠭᠡ ᠰᠢᠯᠦᠭ ᠪᠢᠴᠢᠭᠡᠰᠦᠲᠠᠢ ᠪᠠᠢᠳᠠᠭ᠃ ᠡᠨᠡ ᠵᠦᠢᠯ᠎ᠤᠨ ᠡᠳ᠋ᠯᠡᠯ ᠨᠢ ᠬᠦᠩᠭᠡᠨ ᠴᠡᠮᠴᠡᠭᠡᠷ᠂ ᠹᠠᠯᠠᠨ᠎ᠤ ᠦᠩᠭᠡ ᠪᠤᠳᠤᠭ ᠨᠢ ᠲᠤᠩᠭᠠᠯᠠᠭ ᠭᠡᠭᠡᠨ᠂ ᠤᠷᠠᠯᠠᠵᠤ ᠴᠢᠮᠡᠭᠰᠡᠨ ᠵᠢᠷᠤᠭ ᠦᠰᠦᠭ ᠲᠠᠢ ᠪᠡᠨ ᠦᠩᠭᠡ ᠢᠯᠭᠠᠷᠠᠨ ᠤᠶᠠᠯᠳᠤᠨ ᠵᠤᠬᠢᠴᠠᠭᠰᠠᠨ ᠤᠨᠴᠠᠯᠢᠭ ᠲᠠᠢ᠃ ᠡᠭᠦᠨ᠎ᠳᠤ ᠬᠦᠷᠡᠯ ᠤᠴᠤᠭᠲᠤ ᠬᠤᠨᠳᠠᠭ᠎ᠠ᠎ᠶᠢ ᠳᠠᠭᠤᠷᠢᠶᠠᠬᠤ ᠵᠢᠨ ᠬᠠᠮᠲᠤ ᠰᠢᠨᠡᠳᠭᠡᠨ ᠦᠭᠡᠷᠡᠴᠢᠯᠡᠭᠰᠡᠨ ᠤᠴᠤᠭᠲᠤ ᠬᠤᠨᠳᠠᠭ᠎ᠠ ᠨᠢ ᠨᠡᠩ ᠴᠦ᠍ ᠤᠬᠢ ᠰᠤᠳᠤ ᠨᠢ ᠪᠤᠯᠵᠤ᠂ ᠭᠠᠳᠠᠨ᠎ᠠ ᠪᠡᠨ ᠪᠠᠢᠩᠭᠤ ᠲᠡᠷᠢᠭᠦᠯᠡᠭᠴᠢ ᠴᠡᠴᠡᠭ ᠵᠤᠢᠵᠤ ᠨᠠᠭᠠᠭᠰᠠᠨ ᠪᠤᠯᠬᠤᠷ ᠠᠷᠠᠳ᠎ᠤᠨ ᠳᠤᠮᠳᠠ《ᠲᠡᠷᠢᠭᠦᠯᠡᠭᠴᠢ ᠴᠡᠴᠡᠭᠲᠤ ᠴᠤᠮᠤ》 ᠭᠡᠭᠳᠡᠳᠡᠭ ᠪᠤᠯᠵᠠᠢ᠃


QQ截图20211222095137.jpg

           

                         ᠮᠠᠷᠺᠥ ᠫᠤᠯᠤ ᠵᠢᠨ ᠬᠦᠵᠢ᠎ᠶᠢᠨ ᠬᠦᠯᠢᠰ


《ᠭᠠᠵᠠᠷ ᠭᠠᠵᠠᠷ᠎ᠤᠨ ᠤᠷᠠᠴᠤᠳ ᠬᠤᠷᠠᠨ ᠴᠤᠭᠯᠠᠷᠠᠵᠤ᠂ ᠭᠠᠩᠭᠠᠩ ᠱᠠᠭᠠᠵᠠᠩ᠎ᠢ ᠤᠷᠠᠯᠠᠵᠤ ᠳᠡᠯᠡᠬᠡᠢ᠎ᠳ᠋ᠠᠬᠢᠨ᠎ᠡ ᠲᠦᠭᠡᠭᠡᠵᠦᠬᠦᠢ》 ᠬᠡᠳᠡᠭᠴᠢᠯᠡᠨ ᠲᠤᠰ ᠤᠳᠠᠭᠠᠨ᠎ᠤ ᠦᠵᠡᠭᠦᠯᠭᠡ ᠎ᠳᠤ ᠹᠦᠵᠢᠶᠠᠨ ᠮᠦᠽᠸᠢ᠎ᠳᠤ ᠬᠠᠳᠠᠭᠠᠯᠠᠭᠳᠠᠵᠤ ᠪᠠᠢᠭ᠎ᠠ ᠮᠢᠩ ᠤᠯᠤᠰ ᠴᠢᠩ ᠤᠯᠤᠰ ᠬᠤᠶᠠᠷ ᠲᠦᠷᠦ ᠵᠢᠨ ᠦᠶ᠎ᠡ᠎ᠳ᠋ᠡᠬᠢ 88 ᠬᠤᠪᠤᠷ ᠴᠤᠬᠠᠭ ᠱᠠᠭᠠᠵᠠᠩ ᠡᠳ᠋ᠯᠡᠯ᠎ᠢ ᠰᠢᠯᠢᠨ ᠰᠤᠩᠭᠤᠵᠤ ᠳᠡᠯᠭᠡᠨ ᠦᠵᠡᠭᠦᠯᠪᠡ᠃ ᠡᠭᠦᠨ᠎ᠤ ᠬᠠᠮᠲᠤ ᠱᠠᠭᠠᠵᠠᠩ ᠡᠳ᠋ᠯᠡᠯ᠎ᠤᠨ ᠪᠤᠯᠤᠷ ᠲᠤᠩᠭᠠᠯᠠᠭ ᠴᠡᠪᠡᠷ ᠠᠷᠢᠭᠤᠨ᠎ᠢ ᠳᠡᠯᠭᠡᠨ ᠲᠤᠯᠢᠯᠠᠭᠤᠯᠵᠤ᠂ ᠰᠤᠶᠤᠯ᠎ᠤᠨ ᠰᠤᠯᠢᠯᠴᠠᠭ᠎ᠠ ᠠᠭᠤᠰᠤᠯᠴᠠᠭᠠᠨ᠎ᠤ ᠭᠦᠨ ᠲᠠᠪᠬᠤᠷᠭ᠎ᠠ ᠵᠢᠨ ᠠᠭᠤᠯᠤᠭᠳᠠᠬᠤᠨ᠎ᠢ ᠬᠠᠷᠠᠭᠤᠯᠤᠨ᠂ ᠦᠷᠭᠡᠨ ᠤᠯᠠᠨ ᠦᠵᠡᠭᠴᠢᠳ ᠲᠦ᠍ ᠮᠠᠨ᠎ᠤ ᠤᠯᠤᠰ᠎ᠤᠨ ᠱᠠᠭᠠᠵᠠᠩ ᠡᠳ᠋ᠯᠡᠯ᠎ᠤᠨ ᠰᠤᠶᠤᠯ᠎ᠤᠨ ᠦᠪᠡᠷᠮᠢᠴᠡ ᠰᠤᠳᠤᠨ ᠷᠢᠳᠢ ᠰᠢᠳᠢ ᠎ᠶᠢ ᠤᠯᠠᠨ ᠲᠠᠯ᠎ᠠ ᠡᠴᠡ ᠤᠢᠯᠠᠭᠠᠭᠤᠯᠵᠤ᠂ ᠤᠳᠤ ᠦᠶ᠎ᠡ ᠵᠢᠨ ᠱᠠᠭᠠᠵᠠᠩ ᠰᠢᠲᠠᠭᠠᠬᠤ᠎ᠳᠤ ᠲᠤᠯᠢ ᠪᠤᠯᠬᠤ ᠪᠦᠭᠡᠳ ᠡᠷᠲᠡᠡ᠎ᠤ ᠦᠶ᠎ᠡ ᠵᠢᠨ ᠰᠢᠯᠢᠳᠡᠭ ᠱᠠᠭᠠᠵᠠᠩ ᠰᠢᠲᠠᠭᠠᠬᠤ ᠮᠡᠷᠭᠡᠵᠢᠯ᠎ᠢ ᠤᠳᠤ ᠦᠶ᠎ᠡ ᠵᠢᠨ ᠤᠳᠤᠬᠢᠴᠢᠯᠠᠭᠰᠠᠨ ᠮᠡᠷᠭᠡᠵᠢᠯ ᠲᠠᠢ ᠤᠷᠭᠠᠨᠢᠭ ᠵᠢᠡᠷ ᠠᠭᠤᠰᠤᠯᠴᠠᠭᠤᠯᠬᠤ᠎ᠳᠤ ᠨᠦᠬᠦᠴᠡᠯ ᠪᠦᠷᠢᠯᠳᠦᠭᠦᠯᠦᠨ᠂ ᠮᠦᠽᠸᠢ᠎ᠳᠤ ᠪᠠᠢᠭ᠎ᠠ ᠲᠡᠦᠬᠡ ᠵᠢᠨ ᠳᠤᠷᠠᠰᠬᠠᠯᠲᠤ ᠵᠦᠢᠯᠡᠰ ᠵᠢᠡᠷ 《ᠦᠭᠡ ᠶᠠᠷᠢᠭᠤᠯᠵᠤ》᠂ ᠳᠤᠮᠳᠠᠳᠤ ᠵᠢᠨ ᠦᠨᠳᠦᠰᠦᠲᠡᠨ᠎ᠤ ᠤᠯᠠᠮᠵᠢᠯᠠᠯᠲᠤ ᠰᠢᠯᠢᠳᠡᠭ ᠰᠤᠶᠤᠯ ᠤᠷᠠᠯᠢᠭ᠎ᠤᠨ ᠦᠷᠭᠡᠨ ᠳᠡᠯᠭᠡᠷ ᠭᠦᠨ ᠭᠦᠨᠵᠡᠭᠡᠢ᠎ᠶᠢ ᠮᠡᠳᠡᠷᠡᠭᠦᠯᠬᠦ ᠵᠢᠨ ᠤᠯᠠᠮ ᠵᠢᠡᠷ ᠦᠨᠳᠦᠰᠦᠲᠡᠨ᠎ᠤ ᠢᠳᠡᠭᠡᠯ ᠵᠤᠷᠢᠭ ᠪᠤᠯᠤᠨ ᠤᠮᠤᠭ ᠪᠠᠬᠠᠳᠤᠯ᠎ᠢ ᠨᠡᠮᠡᠭᠳᠡᠭᠦᠯᠦᠨ᠂ ᠳᠤᠮᠳᠠᠳᠤ ᠵᠢᠨ ᠦᠨᠳᠦᠰᠦᠲᠡᠨ᠎ᠤ ᠬᠠᠮᠲᠤ ᠵᠢᠨ ᠴᠤᠭᠴᠠ ᠵᠢᠨ ᠤᠬᠠᠮᠰᠠᠷ᠎ᠢ ᠴᠤᠬᠴᠠᠯᠠᠬᠤ᠎ᠳᠤ ᠦᠯᠡᠮᠵᠢ ᠵᠤᠵᠠᠭᠠᠨ ᠲᠡᠦᠬᠡᠨ ᠰᠤᠷᠭᠠᠮᠵᠢ ᠪᠠ ᠰᠢᠮ᠎ᠡ ᠲᠠᠵᠢᠭᠡᠯ ᠬᠠᠩᠭᠠᠵᠠᠢ᠃


QQ截图20211222095227.jpg


                             ᠥᠵᠡᠬᠥᠯᠬᠡ ᠰᠤᠨᠢᠷᠬᠠᠭᠴᠢ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号