— ᠦᠪᠤᠷ ᠮᠤᠩᠭᠤᠯ᠎ᠤᠨ ᠲᠡᠤᠬᠡᠨ ᠦᠪ ᠰᠢᠷᠢᠰ ᠮᠡᠳᠡᠭᠡᠯᠡᠯ(ᠲᠠᠪᠤ)
ᠨᠢᠭᠡ ᠮᠦᠽᠧᠶ ᠪᠣᠯ ᠲᠠᠷᠤᠢ ᠨᠢᠭᠡᠨ ᠶᠡᠬᠡ ᠰᠤᠷᠭᠠᠭᠤᠯᠢ ᠮᠦᠨ ᠃ ᠳᠤᠮᠳᠠᠳᠤ ᠵᠢᠨ ᠦᠨᠳᠦᠰᠦᠲᠡᠨᠤᠤᠯᠠᠮᠵᠢᠯᠠᠯᠲᠤᠰᠣᠶᠣᠯᠢᠨᠢᠭ᠍ᠲᠠᠷᠠᠭᠤᠯᠵᠤᠪᠠᠢᠭᠠᠲᠡᠦᠬᠡᠵᠢᠨ ᠳᠤᠷᠠᠰᠭᠠᠯᠲᠤ ᠵᠦᠢᠯᠡᠰ᠎ᠢ᠋ ᠰᠠᠢᠳᠤᠷ
ᠬᠠᠮᠠᠭᠠᠯᠠᠵᠤ᠂ ᠰᠠᠢᠳᠤᠷ ᠬᠠᠮᠢᠶᠠᠷᠬᠤ ᠵᠢᠨ ᠬᠠᠮᠲᠤ ᠰᠤᠳᠤᠯᠭᠠᠨ
ᠪᠣᠯᠤᠨ ᠠᠱᠢᠭ᠍ᠯᠠᠯᠲᠠ ᠪᠠᠨ ᠴᠢᠩᠭᠠᠳᠭᠠᠵᠤ᠂ ᠲᠡᠦᠬᠡ ᠪᠡᠷ ᠦᠭᠡ ᠶᠠᠷᠢᠭᠤᠯᠵᠦ᠍᠂ ᠲᠡᠦᠬᠡ ᠵᠢᠨ ᠳᠤᠷᠠᠰᠭᠠᠯᠲᠤ ᠵᠦᠢᠯᠡᠰ ᠵᠢᠡᠷ ᠦᠭᠡ ᠶᠠᠷᠢᠭᠤᠯᠵᠦ᠍᠂ ᠡᠪᠦᠭᠡ ᠳᠡᠭᠡᠳᠦᠰ᠎ᠤᠨ ᠵᠢᠡᠨ ᠠᠮᠵᠢᠯᠲᠠ ᠪᠦᠲᠦᠮᠵᠢ ᠪᠣᠯᠤᠨ ᠢᠷᠠᠭᠤ ᠠᠯᠳᠠᠷ᠎ᠢ ᠵᠠᠯᠭᠠᠮᠵᠢᠯᠠᠵᠤ᠂ ᠦᠨᠳᠦᠰᠦᠲᠡᠨ᠎ᠤ ᠨᠡᠷ᠎ᠡ ᠬᠦᠨᠳᠤ ᠪᠠ ᠢᠳᠡᠭᠡᠯ ᠢ ᠴᠢᠩᠭᠠᠳᠭᠠᠬᠤ ᠵᠢᠨ ᠬᠠᠮᠲᠤ ᠲᠡᠦᠬᠡ ᠵᠢᠨ ᠨᠤᠭᠤᠷᠠᠯ ᠪᠦᠳᠦᠷᠢᠯ ᠪᠣᠯᠤᠨ ᠰᠤᠷᠭᠠᠮᠵᠢ ᠵᠢ ᠴᠡᠭᠡᠵᠢᠯᠡᠵᠦ᠍ ᠮᠤᠷᠤᠢ ᠵᠠᠮ ᠵᠢᠡᠷ ᠳᠤᠲᠠᠭᠤ ᠵᠠᠮᠨᠠᠵᠤ᠂ ᠨᠡᠩ ᠰᠠᠢᠳᠤᠷ ᠤᠷᠤᠭ᠍ᠰᠢᠯᠠᠬᠤ ᠬᠡᠷᠡᠭ᠌ᠲᠡᠢ
᠃
— ᠶᠡᠷᠤᠩᠬᠡᠢ ᠱᠦᠵᠢ
ᠰᠢ ᠵᠢᠨ ᠫᠢᠡᠭ᠎ᠤᠨ ᠰᠢ ᠠᠨ ᠬᠤᠳᠠ᠎ᠳᠤ ᠰᠢᠨᠵᠢᠯᠡᠨ ᠪᠠᠢᠴᠠᠭᠠᠬᠤ ᠦᠶ᠎ᠠ ᠵᠢᠨ ᠴᠢᠬᠤᠯᠠ ᠶᠠᠷᠢᠶ᠎ᠠ ᠡᠴᠡ

ᠤᠮᠠᠷᠠᠳᠤ ᠬᠢᠯᠢ ᠵᠢ ᠪᠠᠳᠤᠯᠠᠨ ᠬᠠᠮᠠᠭᠠᠯᠠᠬᠤ ᠨᠠᠢ᠍ᠮᠠᠨᠬᠤᠰᠢᠭᠤ ᠵᠢ ᠶᠡᠷᠦᠩᠬᠡᠢᠯᠡᠨ
ᠵᠠᠬᠢᠷᠬᠤ ᠵᠠᠩᠵᠤᠨ᠎ᠤ ᠶᠠᠮᠤᠨ
ᠬᠦᠬᠡᠬᠤᠳᠡ ᠶᠢᠨ ᠰᠢᠨᠬᠤᠧᠠ ᠶᠡᠬᠡ ᠵᠡᠬᠡᠯᠢ᠎ᠳᠤ 《ᠭᠤᠪᠢ᠎ᠶᠢᠨ ᠡᠮᠤᠨᠡᠬᠢ
ᠨᠢᠭᠡᠳᠤᠬᠡᠷ ᠶᠠᠮᠤᠨ》 ᠬᠡᠮᠡᠭᠳᠡᠭᠰᠡᠨ
ᠰᠦᠢᠶᠤᠧᠠᠨᠤ ᠵᠠᠩᠵᠤᠨ᠎ᠤ ᠶᠠᠮᠤᠨ ᠪᠠᠢᠳᠠᠬ᠃ ᠵᠠᠩᠵᠤᠨ᠎ᠤ ᠶᠠᠮᠤᠨ᠎ᠢ ᠴᠢᠩ ᠤᠯᠤᠰ᠎ᠤᠨ ᠲᠩᠷᠢ ᠲᠡᠳᠬᠦᠭ᠌ᠴᠢ᠎ᠶ᠋ᠢᠨ ᠬᠣᠶᠠᠳᠤᠭᠠᠷ ᠤᠨ(1737 ᠤᠨ) ᠳ᠋ᠤ ᠪᠠᠢᠭᠤᠯᠵᠤ᠂ ᠴᠢᠩ ᠤᠯᠤᠰ᠎ᠤᠨ ᠦᠶᠡᠳ᠋ᠡᠬᠢ ᠰᠦᠢᠶᠤᠧᠠᠨ ᠤ ᠵᠠᠩᠵᠤᠨ ᠡᠴᠨ ᠬᠦᠶ ᠬᠤᠸᠠ ᠬᠣᠲᠠ (ᠣᠲᠣ ᠶ᠋ᠢᠨ ᠬᠥᠬᠡᠬᠣᠲᠠ᠎ᠶ᠋ᠢᠨ ᠬᠠᠭᠤᠴᠢᠨ ᠬᠣᠲᠠ)᠂ ᠭᠣᠪᠢ ᠶ᠋ᠢᠨ ᠡᠮᠦᠨᠡᠬᠢ ᠮᠣᠩᠭᠣᠯ ᠵᠢᠴᠢ ᠳ᠋ᠠᠲ᠋ᠦ᠋ᠩ᠂ ᠱᠢᠦᠸᠠᠨ ᠬᠤᠸᠠ ᠵᠡᠷᠭᠡ ᠭᠠᠵᠠᠷ᠎ᠢ ᠨᠢᠭᠡᠳᠦᠯᠳᠡᠢ ᠬᠠᠮᠢᠶᠠᠷᠬᠤ ᠴᠡᠷᠢᠭ᠎ᠤᠨ ᠠᠯᠪᠠᠨ ᠶᠠᠮᠤᠨ ᠪᠠᠢᠵᠠᠢ ᠃
ᠨᠡᠢ᠌ᠷᠠᠯᠳᠤ ᠲᠦᠪ᠎ᠤᠨ ᠠᠷᠪᠠᠨ ᠭᠤᠷᠪᠠᠳᠤᠭᠠᠷ ᠤᠨ(1735 ᠤᠨ)᠎ᠳ᠋ᠤ᠂ ᠴᠢᠨᠭ
ᠤᠯᠤᠰ ᠡᠴᠡ ᠤᠮᠠᠷᠠᠳᠤ ᠬᠢᠯᠢ ᠵᠢ ᠪᠠᠳᠤᠯᠠᠨ ᠬᠠᠮᠠᠭᠠᠯᠠᠵᠤ᠂ ᠵᠦᠨᠭ᠌ᠭᠠᠷᠤᠨ ᠡᠮᠤᠨᠡᠰᠢ ᠲᠦᠷᠢᠬᠦ᠌ᠵᠢ ᠰᠡᠷᠬᠡᠢ᠌ᠯᠡᠨ᠂
ᠪᠠᠷᠠᠭᠤᠨ ᠬᠤᠢᠳᠤ ᠳ᠋ᠡᠬᠢ ᠨᠤᠶᠠᠷᠬᠠᠯ ᠢᠶᠡᠨ ᠪᠡᠬᠢᠵᠢᠬᠦᠯᠬᠦ᠌ᠵᠢᠨ ᠲᠦᠯᠦᠬᠡ ᠬᠦᠢ ᠬᠤᠧᠠ ᠬᠤᠳᠠ᠎ᠡᠴᠡ ᠵᠡᠬᠦᠨ ᠬᠤᠢ᠌ᠨ᠎ᠠ ᠲᠠᠪᠤᠨ ᠭᠠᠵᠠᠷ᠎ᠤᠨ ᠵᠠᠢ᠌ᠳᠠᠢ ᠰᠤᠢᠶᠤᠧᠠᠨ ᠬᠤᠳᠠ᠎ᠵᠢ ᠪᠠᠢᠭᠤᠯᠵᠡᠢ᠃ ᠲᠤᠰ ᠬᠤᠳᠠ᠎ᠵᠢ ᠲᠩᠷᠢ ᠲᠡᠳᠬᠦᠭ᠌ᠴᠢ᠎ᠶ᠋ᠢᠨ ᠬᠣᠶᠠᠳᠤᠭᠠᠷᠣᠨᠡᠴᠡ ᠡᠬᠢᠯᠡᠨ ᠶᠡᠬᠡ
ᠬᠡᠪᠴᠢᠶ᠎ᠡ ᠪᠡᠷ ᠪᠠᠢ᠌ᠭᠤᠯᠵᠦ᠍᠂ ᠲᠩᠷᠢ ᠲᠡᠳᠬᠦᠭ᠌ᠴᠢ᠎ᠶ᠋ᠢᠨ ᠳᠥᠷᠪᠡᠳᠦᠭᠡᠷ ᠤᠨ (1739 ᠤᠨ) ᠳ᠋ᠤ ᠰᠤᠢᠶᠤᠧᠠᠨ ᠬᠤᠳᠠ(ᠤᠳᠤ ᠵᠢᠨ ᠬᠦᠬᠡᠬᠤᠳᠡ
ᠵᠢᠨ ᠰᠢᠨ᠎ᠠ ᠬᠤᠳᠠ ᠲᠤᠭᠤᠷᠢᠭ) ᠵᠢ ᠪᠠᠢᠭᠤᠯᠵᠤ ᠲᠠᠭᠤᠰᠪᠠ᠃ ᠵᠠᠩᠵᠤᠨ ᠤ ᠶᠠᠮᠤᠨ ᠨᠢ ᠰᠦᠢᠶᠤᠧᠠᠨ ᠬᠣᠲᠠ ᠶ᠋ᠢᠨ ᠮᠠᠨᠵᠤ᠂
ᠮᠣᠩᠭᠣᠯ᠂ ᠬᠢᠲᠠᠳ ᠨᠠᠢ᠍ᠮᠠᠨ ᠬᠣᠱᠢᠭᠤ᠎ᠶ᠋ᠢ ᠶᠡᠷᠦᠩᠬᠡᠢᠯᠡᠨ ᠵᠠᠬᠢᠷᠬᠤ ᠴᠡᠷᠢᠭ᠎ᠤᠨ ᠰᠠᠭᠤᠭ᠎ᠠ ᠭᠠᠵᠠᠷ ᠪᠠ
ᠪᠠᠷᠠᠭᠤᠨ ᠬᠣᠢᠲᠤ ᠶ᠋ᠢᠨ ᠴᠡᠷᠢᠭ ᠵᠠᠰᠠᠭ ᠤᠨ ᠶᠠᠪᠤᠳᠠᠯ᠎ᠢ ᠬᠠᠮᠢᠶᠠᠷᠬᠤ ᠬᠠᠮᠤᠭ᠎ᠤᠨ ᠳᠡᠭᠡᠳᠦ ᠡᠷᠬᠡᠲᠦ
ᠪᠠᠢᠭᠤᠯᠤᠮᠵᠢ ᠪᠤᠯᠤᠭᠰᠠᠨ᠎ᠤ ᠬᠤᠪᠢ᠎ᠳᠤ ᠮᠦᠨ ᠲᠤᠰ ᠵᠢᠯ ᠳ᠋ᠤ ᠪᠠᠢᠭᠤᠯᠤᠭᠳᠠᠪᠠ ᠃
ᠦᠨᠳᠦᠰᠦᠲᠡᠨ ᠨᠤᠬᠦᠳ ᠤᠨ ᠬᠣᠭᠣᠷᠣᠨᠳᠣᠬᠢ ᠰᠣᠶᠣᠯ ᠤᠨ ᠰᠤᠯᠢᠯᠴᠠᠭᠠᠨ ᠤ ᠠᠴᠢᠶᠠᠯᠠᠪᠤᠷᠢ
ᠰᠦᠢᠶᠤᠧᠠᠨ ᠬᠤᠳᠠ᠎ᠶᠢᠨ ᠵᠠᠩᠵᠤᠨ᠎ᠤ ᠶᠠᠮᠤᠨ ᠨᠢ ᠣᠳᠣ ᠠᠴᠠ 280 ᠭᠠᠷᠤᠶ ᠵᠢᠯ᠎ᠦᠨ ᠲᠡᠦᠬᠡ᠎ᠲᠡᠶ ᠪᠤᠯᠵᠦ᠍᠂ ᠮᠠᠨ᠎ᠤ ᠤᠯᠤᠰ᠎ᠤᠨ ᠤᠳᠤ
ᠪᠠᠢᠭ᠎ᠠ ᠴᠢᠩ ᠤᠯᠤᠰ᠎ᠤᠨ ᠦᠶ᠎ᠡ᠎ᠶᠢᠨ ᠵᠠᠩᠵᠤᠨ᠎ᠤ ᠶᠠᠮᠤᠨ᠎ᠤ ᠳᠤᠮᠳᠠ ᠪᠦᠷᠢᠨ ᠪᠦᠳᠦᠨ ᠬᠠᠳᠠᠭᠠᠯᠠᠭ᠍ᠳᠠᠵᠤ ᠢᠷᠡᠭᠰᠡᠨ᠂ ᠬᠡᠪᠴᠢᠶ᠎ᠡ᠎ᠪᠡᠷ ᠬᠠᠮᠤᠭ᠎ᠤᠨ ᠶᠡᠬᠡ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠦᠯᠡᠳᠡᠭ᠌ᠳᠡᠯ ᠪᠣᠯᠬᠤ
ᠪᠥᠭᠡᠳ ᠴᠢᠩ ᠤᠯᠤᠰ᠎ᠤᠨ ᠦᠶ᠎ᠡ᠎ᠶᠢᠨ ᠬᠢᠯᠢ ᠬᠢᠵᠠᠭᠠᠷ᠎ᠤᠨ ᠲᠦᠷᠦ᠍ ᠶᠢᠨ ᠪᠤᠳᠤᠯᠭ᠎ᠠ᠂ ᠰᠦᠢᠶᠤᠸᠠᠨᠤᠲᠡᠦᠬᠡᠰᠣᠶᠣᠯᠢᠰᠤᠳᠤᠯᠬᠤᠳᠤᠴᠢᠬᠤᠯᠠ ᠦᠨᠠᠦᠷᠳᠡᠭᠲᠡᠶ᠃ ᠵᠠᠨᠭᠵᠤᠨᠤ ᠶᠠᠮᠤᠨ᠎ᠨᠢ ᠦᠨᠳᠦᠰᠦᠲᠡᠨ ᠨᠤᠬᠦᠳ᠎ᠤᠨ ᠬᠣᠭᠣᠷᠣᠨᠳᠣᠬᠢ ᠰᠣᠶᠣᠯ᠎ᠤᠨ ᠰᠣᠯᠢᠯᠴᠠᠭ᠎ᠠ ᠪᠠ ᠠᠷᠠᠯᠵᠢᠶᠠᠨ᠎ᠤ ᠶᠠᠪᠤᠯᠴᠠᠭᠠᠶ᠋ᠢᠠᠬᠢᠭᠤᠯᠤᠭᠰᠠᠨᠢᠶᠡᠷ
ᠪᠠᠷᠠᠬᠤ ᠦᠬᠡᠢ ᠲᠤᠬᠠᠢ ᠶ᠋ᠢᠨ ᠭᠠᠵᠠᠷ᠎ᠤᠨ ᠠᠵᠤ ᠠᠬᠤᠢ ᠵᠢᠴᠢ ᠠᠷᠠᠳ᠎ᠤᠨ ᠠᠮᠢᠳᠤᠷᠠᠯ᠎ᠤᠨ ᠠᠮᠤᠷ ᠲᠣᠭ᠍ᠲᠠᠭᠤᠨ
ᠳᠤ ᠵᠣᠬᠢᠬᠤ ᠪᠠᠲᠤᠯᠠᠭ᠎ᠠ ᠬᠠᠩᠭᠠᠪᠠ᠃ ᠲᠡᠬᠦᠨ᠎ᠤ ᠲᠡᠦᠬᠡᠨ
ᠬᠤᠪᠢᠰᠤᠯᠲᠠ ᠪᠣᠯ ᠲᠣᠰ ᠭᠠᠵᠠᠷ ᠣᠷᠣᠨ᠎ᠤ ᠤᠯᠤᠰ ᠲᠥᠷᠥ᠍᠂ ᠠᠵᠤ ᠠᠬᠤᠶ᠂ ᠰᠣᠶᠣᠯ᠎ᠤᠨ ᠬᠤᠪᠢᠰᠤᠯᠲᠠ ᠶ᠋ᠢᠨ ᠲᠥᠪᠯᠡᠷᠡᠩᠭᠦᠶ
ᠢᠯᠡᠷᠡᠯ᠂ ᠣᠷᠣᠨ ᠨᠤᠲᠤᠭ᠎ᠤᠨ ᠲᠡᠦᠬᠡ᠎ᠶ᠋ᠢᠨ ᠴᠢᠬᠤᠯᠠ ᠠᠴᠢᠶᠠᠯᠠᠪᠤᠷᠢ ᠪᠦᠭᠡᠳ ᠬᠢᠯᠢ ᠬᠢᠵᠠᠭᠠᠷᠤᠷᠤᠨᠤ
ᠲᠤᠭᠳᠠᠭᠤᠨ ᠪᠠᠢᠬᠤ ᠪᠠ ᠤᠯᠤᠰ ᠤᠷᠤᠨ ᠦᠨᠢ ᠤᠳᠠᠭᠠᠨ ᠠᠮᠤᠷ
ᠲᠦᠪᠰᠢᠨ ᠪᠠᠢᠬᠤ᠎ᠵᠢᠨ ᠪᠡᠯᠬᠡ ᠲᠡᠮᠳᠡᠭ ᠮᠦᠨ ᠃
《ᠤᠮᠠᠷᠠᠳᠤ ᠭᠤᠪᠢ ᠶᠢᠨ ᠬᠠᠯᠬᠠᠪᠴᠢ》 ᠪᠢᠴᠢᠭᠡᠰᠦ ᠲᠠᠢ
ᠴᠢᠯᠠᠭᠤᠨ ᠰᠡᠢᠯᠦᠮᠡᠯ
1737 ᠤᠨ ᠳᠤ ᠱᠠᠨ ᠰᠢ ᠮᠤᠵᠢ ᠶᠢᠨ ᠶᠢᠦ ᠸᠧᠢ ᠳᠤ ᠰᠠᠬᠢᠨ ᠰᠠᠭᠤᠵᠤ ᠪᠠᠢᠭ᠍ᠰᠠᠨ
ᠵᠢᠶᠠᠨ ᠸᠧᠢ ᠵᠠᠩᠵᠤᠨ ᠸᠠᠩ ᠴᠠᠩ ᠵᠠᠷᠯᠢᠭ ᠢᠶᠠᠷ ᠰᠦᠢᠶᠤᠧᠠᠨ ᠬᠣᠲᠠ ᠳᠤ ᠡᠬᠢᠯᠡᠵᠦ᠍ ᠰᠠᠭᠤᠭ᠍ᠰᠠᠨ᠎ᠡᠴᠡ
ᠠᠪᠤᠭᠠᠳ᠂ ᠴᠢᠩ ᠤᠯᠤᠰ ᠤᠨ ᠬᠡᠪᠲᠦ ᠶᠣᠰᠣ᠎ᠳᠤ ᠵᠢᠨ ᠰᠡᠭᠦᠯᠴᠢ᠎ᠶ᠋ᠢᠨ ᠣᠨ ᠳᠤ ᠬᠠᠮᠤᠭ ᠰᠡᠭᠦᠯᠴᠢ ᠶ᠋ᠢᠨ
ᠵᠠᠩᠵᠤᠨ ᠺᠦᠨ ᠱᠢᠦ᠍ ᠶ᠋ᠢ ᠤᠮᠠᠷᠠᠲᠤ ᠶ᠋ᠢᠨ ᠴᠡᠷᠢᠭ ᠵᠠᠩ ᠱᠣᠤ ᠽᠧᠩ ᠤᠷᠤᠯᠠᠭ᠍ᠰᠠᠨ ᠬᠦᠷᠳᠡᠯ᠎ᠡ᠂ ᠤᠷᠢᠳ
ᠬᠣᠵᠢᠳ 79 ᠰᠦᠢᠶᠤᠧᠠᠨ ᠬᠣᠲᠠ ᠶ᠋ᠢᠨ ᠵᠠᠩᠵᠤᠨ ᠡᠨᠳᠡ ᠲᠤᠰᠢᠶᠠᠯ ᠡᠬᠦᠷᠭᠡᠯᠡᠵᠤ
ᠪᠠᠢᠪᠠ ᠃
ᠰᠦᠢᠶᠤᠧᠠᠨ ᠤ ᠵᠠᠩᠵᠤᠨ ᠤ ᠨᠤᠶᠠᠨ ᠵᠡᠷᠭᠡ ᠨᠢ ᠴᠡᠷᠢᠭ ᠤᠨ ᠨᠤᠶᠠᠨ
ᠤ ᠲᠡᠷᠢᠬᠦᠨ ᠵᠡᠷᠭᠡᠳᠤᠤᠷᠤᠵᠤ᠂ ᠵᠠᠩᠵᠤᠨ ᠤ ᠶᠠᠮᠤᠨ ᠳᠤ ᠰᠠᠭᠤᠵᠤ ᠪᠠᠢᠭ᠍ᠰᠠᠨ ᠰᠦᠢᠶᠤᠧᠠᠨ ᠵᠠᠩᠵᠤᠨ᠎ᠢ《ᠵᠢᠶᠠᠨ ᠸᠧᠶ ᠵᠠᠩᠵᠤᠨ》 ᠬᠡᠮᠡᠨ ᠴᠣᠯᠠᠯᠠᠵᠤ᠂ ᠥᠷᠭᠡᠨ ᠳᠡᠯᠭᠡᠷ ᠡᠷᠬᠡ ᠮᠡᠳᠡᠯ᠎ᠲᠡᠶ ᠪᠠᠢᠵᠠᠶ᠃ ᠰᠤᠢᠶᠤᠧᠠᠨ ᠬᠤᠳᠠ ᠶᠢᠨ ᠵᠠᠩᠵᠤᠨ ᠨᠢ ᠰᠦᠢᠶᠤᠧᠠᠨ ᠬᠣᠲᠠ ᠳᠤ ᠰᠠᠭᠤᠭ᠎ᠠ ᠨᠠᠢ᠍ᠮᠠᠨ ᠬᠣᠱᠢᠭᠤᠨ ᠤ
ᠴᠡᠷᠢᠭ ᠨᠣᠶᠠᠳ ᠢ ᠶᠡᠷᠦᠩᠬᠡᠢᠯᠡᠨ ᠵᠠᠬᠢᠷᠴᠤ᠌᠂ ᠥᠪᠥᠷ ᠮᠣᠩᠭᠣᠯ ᠤᠨ ᠪᠠᠷᠠᠭᠤᠨ ᠬᠣᠶᠠᠷ ᠴᠢᠭᠤᠯᠭᠠᠨ(ᠶᠡᠬᠡ ᠵᠣᠣ ᠶ᠋ᠢᠨ ᠴᠢᠭᠤᠯᠭᠠᠨ᠂ ᠤᠯᠠᠭᠠᠨᠴᠠᠪ᠎ᠤᠨ ᠴᠢᠭᠤᠯᠭᠠᠨ)᠎ᠤ᠋ ᠮᠤᠩᠭᠤᠯ ᠸᠠᠩ ᠭᠦᠩ ᠂ ᠠᠷᠠᠳ ᠢᠷᠭᠡᠳ᠎ᠢ ᠬᠠᠮᠢᠶᠠᠷᠬᠤ ᠡᠴᠡ ᠭᠠᠳᠠᠨ᠎ᠠ᠂ ᠳᠠᠢ᠌ᠨ ᠪᠠᠢᠯᠳᠤᠭᠠᠨ
ᠲᠣᠬᠢᠶᠠᠯᠳᠤᠪᠠᠯ ᠪᠠᠰᠠ ᠱᠢᠤᠸᠠᠨ ᠬᠤᠸᠠ᠂ ᠳ᠋ᠠᠲ᠋ᠦ᠋ᠩ ᠦᠨ ᠬᠣᠶᠠᠷ ᠴᠢᠭᠤᠯᠭᠠᠨ᠎ᠤ ᠴᠡᠷᠢᠭ ᠢ ᠬᠠᠮᠢᠶᠠᠷᠬᠤ
ᠡᠷᠬᠡ᠎ᠲᠠᠢ ᠃
ᠲᠡᠤᠬᠡ᠎ᠵᠢᠨ ᠲᠡᠮᠳᠡᠭᠯᠡᠯ᠎ᠳᠤ᠂ ᠰᠤᠢᠶᠤᠧᠠᠨᠤ ᠵᠠᠨᠭᠵᠤᠨ ᠪᠤᠯ ᠲᠡᠷᠢᠬᠦᠨ
ᠲᠡᠰ᠎ᠤᠨ ᠨᠤᠶᠠᠨ ᠪᠤᠯᠬᠤᠷ ᠭᠠᠳᠠᠭᠰᠢ ᠭᠠᠷᠬᠤ ᠦᠶ᠎ᠠ᠎ᠳᠤ᠂ ᠰᠢᠷ᠎ᠠ ᠲᠤᠷᠭᠠᠨ ᠰᠢᠬᠦᠷ ᠬᠤᠶᠠᠷ᠂ ᠨᠢᠰᠬᠦ ᠪᠠᠷᠰ᠎ᠤᠨ
ᠲᠤᠭ ᠬᠤᠤᠰ᠂ ᠫᠤᠤ ᠬᠤᠶᠠᠷ ᠬᠤᠤᠰ᠂ ᠰᠠᠯᠠᠮ᠎ᠠ ᠨᠢᠭᠡ ᠬᠤᠤᠰ᠂ ᠡᠷᠡᠬᠦᠦ᠎ᠵᠢᠨ ᠵᠠᠶᠢᠭ ᠨᠢᠬᠡ ᠬᠤᠤᠰ᠂ ᠴᠡᠬᠡᠷ᠎ᠤᠨ
ᠫᠠᠢᠰᠠ ᠨᠢᠭᠡ ᠬᠤᠤᠰ ᠠᠪᠴᠤ ᠶᠠᠪᠤᠭ᠎ᠠ ᠶᠤᠰᠤᠯᠠᠯ᠎ᠤᠨ ᠡᠨᠭᠨᠡᠬᠡ᠎ᠲᠠᠢ ᠪᠠᠢᠳᠠᠭ ᠬᠡᠵᠤ ᠲᠡᠮᠳᠡᠭᠯᠡᠭᠰᠡᠨ ᠪᠠᠢᠳᠠᠭ᠃
ᠡᠨᠡ ᠤᠯᠠᠨ ᠵᠠᠩᠵᠤᠨ᠎ᠤ ᠳᠣᠲᠣᠷ᠎ᠠ ᠭᠠᠷᠮᠠᠭᠠᠶ ᠵᠠᠩᠵᠤᠨ᠎ᠡᠴᠡ ᠲᠤᠷᠠᠳᠪᠠᠯ᠂ ᠵᠠᠩᠵᠤᠨ᠎ᠤ ᠶᠠᠮᠤᠨ ᠤ ᠬᠠᠮᠤᠭ ᠲᠦᠷᠦᠬᠦᠨ ᠤ ᠵᠠᠨᠭᠵᠤᠨ ᠸᠠᠩ
ᠴᠠᠩ ᠂ᠲᠤᠱᠢᠶᠠᠯ᠎ᠳᠤ ᠪᠠᠢᠬᠤ ᠬᠤᠭᠤᠴᠠᠭᠠᠨ᠎ᠳᠠᠭᠠᠨ ᠬᠣᠲᠠ᠎ᠶ᠋ᠢᠨ ᠭᠠᠳᠠᠨ᠎ᠠ ᠠᠳᠤᠭᠤᠨ ᠲᠠᠯᠠᠪᠠᠶ ᠭᠠᠷᠭᠠᠨ᠂ ᠴᠡᠷᠢᠭ᠎ᠦᠨ ᠲᠠᠷᠢᠶᠠᠬᠠᠭᠠᠯᠪᠤᠷᠢᠯᠠᠵᠤ᠂ᠬᠣᠵᠢᠮᠤᠨᠨᠠᠢ᠍ᠮᠠᠨᠬᠣᠱᠢᠭᠤᠨᠤ ᠴᠡᠷᠢᠭ ᠦᠨ ᠰᠡᠷᠭᠡᠢᠯᠡᠯᠲᠡ᠎ᠳᠦ ᠰᠠᠭᠤᠷᠢ ᠲᠠᠯᠪᠢᠵᠤ ᠦᠭᠴᠡᠢ ᠃
ᠵᠠᠩᠵᠤᠨ᠎ᠤ ᠶᠠᠮᠤᠨ ᠤ ᠡᠭᠦᠳᠡᠨ ᠡᠮᠤᠨ᠎ᠠ ᠨᠢᠭᠡᠨ ᠪᠦᠷᠢᠨ ᠪᠦᠳᠦᠨ
ᠬᠠᠳᠠᠭᠠᠯᠠᠭᠳᠠᠵᠤ ᠪᠠᠢᠭᠠᠬᠠᠯᠬᠠᠪᠴᠢ ᠬᠡᠷᠡᠮ ᠪᠠᠢᠳᠠᠭ᠃
ᠬᠠᠯᠬᠠᠪᠴᠢ ᠬᠡᠷᠡᠮ᠎ᠤᠨ ᠲᠤᠮᠳᠠ ᠪᠠᠳᠠᠷᠠᠭᠤᠯᠲᠤ ᠲᠦᠷᠦ᠍᠎ᠶ᠋ᠢᠨ ᠠᠷᠪᠠᠨ ᠵᠢᠷᠭᠤᠳᠤᠭᠠᠷ ᠤᠨ(1890 ᠤᠨ) ᠳ᠋ᠤ ᠰᠦᠢᠶᠤᠸᠠᠨ
ᠤ ᠵᠠᠩᠵᠤᠨ ᠬᠡᠮᠡᠩᠭᠡᠶᠢᠨ ᠪᠢᠴᠢᠭᠰᠡᠨ 《ᠤᠮᠠᠷᠠᠳᠤ ᠭᠤᠪᠢ ᠶᠢᠨ ᠬᠠᠯᠬᠠᠪᠴᠢ》ᠭᠡᠰᠡᠨ ᠪᠢᠴᠢᠭᠡᠰᠤ᠎ᠲᠠᠢ
ᠴᠢᠯᠠᠭᠤᠨ ᠰᠡᠢᠯᠦᠮᠡᠯ᠎ᠢ ᠰᠢᠬᠢᠳᠬᠡᠵᠡᠢ᠂ ᠡᠨᠡ ᠨᠢ ᠤᠮᠠᠷᠠᠳᠤ ᠬᠢᠯᠢ᠎ᠵᠢ ᠬᠠᠮᠠᠭᠠᠯᠠᠨ᠎ᠠ ᠬᠡᠰᠡᠨ ᠤᠳᠬ᠎ᠠ᠎ᠲᠠᠢ᠂
ᠲᠠᠪᠢᠨ ᠨᠠᠢ᠍ᠮᠠᠳᠡᠬᠢ ᠳ᠋ᠡᠬᠢ ᠵᠠᠩᠵᠤᠨ ᠬᠡᠮᠡᠩᠭᠡ᠂ ᠨᠡᠢᠲᠡ 11 ᠵᠢᠯ ᠲᠤᠱᠢᠶᠠᠯ ᠬᠠᠷᠢᠭᠤᠴᠠᠵᠤ᠂ ᠲᠤᠱᠢᠶᠠᠯ᠎ᠤᠨ ᠬᠤᠭᠤᠴᠠᠭ᠎ᠠ ᠨᠢ ᠬᠠᠮᠤᠭ ᠤᠷᠲᠤ ᠰᠦᠢᠶᠤᠸᠠᠨ
ᠤ ᠵᠠᠩᠵᠤᠨ᠃ ᠳᠤᠰ ᠴᠢᠯᠠᠭᠤᠨ ᠢᠯᠡᠷᠬᠡᠢ᠌ᠯᠡᠯ᠎ᠨᠢ ᠵᠠᠩᠵᠤᠨ᠎ᠤ ᠶᠠᠮᠤᠨ᠎ᠳᠤ ᠦᠯᠡᠳᠡᠭ᠌ᠰᠡᠨ ᠦᠨᠡᠳᠤ ᠴᠢᠯᠠᠭᠤᠨ
ᠰᠡᠢ᠌ᠯᠦᠮᠡᠯᠤᠨᠨᠢᠭᠡ ᠪᠠᠢ᠌ᠵᠦ᠍᠂ ᠤᠯᠤᠰ ᠤᠨ ᠨᠢᠭᠡᠳᠦᠭᠡᠷ ᠲᠡᠰᠤᠨᠲᠡᠦᠬᠡᠶᠢᠨ ᠳᠤᠷᠠᠰᠭᠠᠯᠳᠤ ᠵᠦᠢᠯᠡᠰ
ᠢᠶᠡᠷ ᠪᠦᠷᠢᠳᠭᠡᠭ᠌ᠳᠡᠪᠡ ᠃
180 ᠭᠠᠷᠤᠢ ᠵᠢᠯ ᠲᠡᠯᠭᠡᠷᠡᠭᠰᠡᠨ ᠭᠤᠤᠯ᠎ᠳᠤ ᠪᠤᠷᠤ
ᠭᠤᠤᠯ᠎ᠳᠤ ᠪᠤᠷᠤ ᠲᠡᠯᠬᠡᠷᠡᠬᠦ ᠤᠯᠠᠷᠢᠯ ᠢᠶᠡᠷ ᠬᠤᠳᠠ ᠶᠢᠨ ᠠᠷᠠᠳ
ᠵᠠᠩᠵᠤᠨ᠎ᠤ ᠶᠠᠮᠤᠨ ᠳᠤ ᠬᠦᠷᠴᠤ ᠬᠡᠷᠡᠯ ᠵᠢᠷᠤᠭ ᠲᠠᠳᠠᠨ ᠲᠤᠷᠠᠰᠬᠠᠯ ᠦᠯᠡᠳᠡᠭᠡᠳᠡᠭ᠃ ᠶᠣᠰᠣᠯᠠᠯ ᠤᠨ ᠬᠠᠭᠠᠯᠭᠠᠪᠡᠷᠲᠤᠳᠤᠭᠰᠢᠯᠠᠪᠠᠯ ᠤᠨᠵᠢᠯᠢᠡᠯᠡᠭᠡᠭ᠌ᠰᠡᠨᠲᠦᠷᠪᠡᠨ ᠭᠤᠤᠯ᠎ᠳᠤ ᠪᠤᠷᠤ ᠵᠠᠩᠵᠤᠨ᠎ᠤ ᠶᠠᠮᠤᠨ᠎ᠤ ᠥᠩᠭᠡᠷᠡᠭ᠌ᠰᠡᠨ ᠲᠡᠦᠬᠡ᠎ᠶ᠋ᠢ ᠬᠠᠭᠤᠴᠢᠯᠠᠬᠤ
ᠱᠢᠤᠬᠠᠨ ᠰᠦᠭ᠌ᠯᠡᠢ᠌ᠨ ᠬᠠᠷᠠᠭ᠍ᠳᠠᠨ᠎ᠠ ᠃ ᠤᠯᠠᠮᠵᠢᠯᠡᠯ ᠶᠠᠷᠢᠶᠠᠨ ᠳ᠋ᠤ᠂ ᠲᠥᠷᠥ᠍ ᠭᠡᠷᠡᠯᠲᠦ᠍᠎ᠶ᠋ᠢᠨ ᠠᠷᠪᠠᠨ
ᠨᠠᠢ᠍ᠮᠠᠳᠤᠭᠠᠷ ᠣᠨ ( 1838 ᠣᠨ)᠎ᠳ᠋ᠤ ᠲᠦᠴᠢᠨ ᠨᠠᠢ᠍ᠮᠠᠳᠡᠬᠢ ᠵᠠᠩᠵᠤᠨ ᠭᠤᠨᠴᠤᠭᠰᠦ᠋ᠷᠤᠨᠭ᠌ ᠡᠨᠳᠡ ᠲᠤᠱᠢᠶᠠᠯ ᠬᠠᠷᠢᠭᠤᠴᠠᠵᠤ ᠪᠠᠢᠬᠤ᠎ᠳᠠᠭᠠᠨ᠂ ᠬᠠᠢᠷᠠᠲᠤ ᠬᠠᠳᠤᠨ ᠤ ᠪᠡᠨ ᠡᠪᠡᠳᠴᠢᠨ᠎ᠢ ᠡᠳᠡᠭᠡᠷᠡᠬᠦᠯᠬᠦ
ᠵᠢᠨ ᠲᠦᠯᠦᠬᠡ ᠥᠨᠳᠥᠷ ᠵᠡᠷᠭᠡ ᠶ᠋ᠢᠨ ᠨᠣᠶᠠᠨ᠎ᠤ ᠹᠦᠩᠯᠦ᠍ᠪᠡᠨ ᠬᠠᠶᠠᠵᠤ᠂ ᠪᠡᠭᠡᠵᠢᠩ ᠤᠨ ᠢ ᠡᠾᠧ ᠶᠤᠧᠠᠨ
ᠴᠡᠴᠡᠷᠯᠢᠭᠡᠴᠨᠲᠦᠷᠪᠡᠨᠰᠠᠭᠤᠷᠢᠭᠤᠤᠯᠳᠤᠪᠤᠷᠤᠵᠢᠱᠢᠯᠵᠢᠭᠦᠯᠦᠨᠠᠪᠴᠢᠷᠠᠵᠤ ᠵᠠᠢᠯᠠᠭᠰᠠᠨ ᠬᠡᠳᠡᠭ᠃ ᠡᠨᠡ ᠳᠥᠷᠪᠡᠨ ᠰᠠᠭᠤᠷᠢ ᠮᠤᠳᠤ ᠨᠢ ᠵᠠᠩᠵᠤᠨ᠎ᠤ ᠶᠠᠮᠤᠨ᠎ᠳᠤ 180 ᠭᠠᠷᠤᠢ ᠵᠢᠯ ᠤᠷᠭᠤᠨ
ᠲᠡᠯᠭᠡᠷᠡᠵᠦ᠂ ᠬᠤᠳᠠ᠎ᠵᠢᠨ ᠲᠤᠳᠤᠷ᠎ᠠ ᠠᠩᠬᠢᠯᠤᠭᠰᠠᠭᠠᠷ᠃
ᠦᠪᠡᠷᠮᠢᠴᠡ ᠬᠡᠪ ᠨᠠᠮᠪᠠ ᠲᠠᠢ ᠵᠠᠩᠵᠤᠨ ᠤ ᠶᠠᠮᠤᠨ ᠤ ᠵᠠᠩ ᠦᠢᠯᠡ
ᠵᠠᠩᠵᠤᠨ᠎ᠤ ᠶᠠᠮᠤᠨ ᠨᠢ ᠴᠢᠩ ᠤᠯᠤᠰ᠎ᠤᠨ ᠨᠢᠬᠡᠳᠤᠬᠡᠷ ᠲᠡᠰ᠎ᠤᠨ ᠬᠢᠯᠢ
ᠰᠠᠬᠢᠬᠤ ᠡᠯᠴᠢ᠎ᠵᠢᠨ ᠪᠠᠷᠢᠮᠵᠢᠶ᠎ᠠ᠎ᠪᠡᠷ ᠪᠠᠢᠭᠤᠯᠤᠭᠳᠠᠭᠰᠠᠨ ᠬᠦᠷᠢᠶ᠎ᠡ ᠬᠡᠪᠴᠢᠶ᠎ᠡ᠎ᠪᠡᠷ ᠠᠤᠭ᠎ᠠ ᠶᠡᠬᠡ
ᠪᠠᠷᠢᠯᠭ᠎ᠠ ᠪᠤᠯᠬᠤ ᠶᠤᠮ᠃ ᠪᠠᠷᠢᠯᠭ᠎ᠠ ᠨᠢ ᠡᠮᠤᠨ᠎ᠠ ᠲᠠᠯ᠎ᠠ ᠳ᠋ᠠᠭᠠᠨ ᠠᠯᠪᠠᠯᠠᠵᠤ᠂ ᠠᠷᠤ ᠲᠠᠯ᠎ᠠ ᠳ᠋ᠠᠭᠠᠨ
ᠤᠨᠳᠠᠵᠤ ᠠᠮᠠᠷᠠᠬᠤ ᠪᠠᠢ᠌ᠷᠢᠱᠢᠯ ᠢᠶᠡᠷ ᠪᠠᠢ᠌ᠭᠤᠯᠪᠠ᠃ ᠵᠠᠩᠵᠤᠨ᠎ᠤ ᠶᠠᠮᠤᠨ᠎ᠤ ᠪᠠᠷᠢᠯᠭ᠎ᠠ᠎ᠶ᠋ᠢᠨ ᠪᠠᠢᠷᠢᠱᠢᠭᠤᠯᠤᠯᠲᠠ᠂ ᠪᠠᠷᠢᠯᠭ᠎ᠠ ᠶ᠋ᠢᠨ ᠬᠡᠯᠪᠡᠷᠢ ᠵᠡᠷᠭᠡ ᠨᠢ ᠴᠢᠩ ᠤᠯᠤᠰ᠎ᠤᠨ ᠦᠶ᠎ᠡ᠎ᠶ᠋ᠢᠨ ᠶᠠᠮᠤᠨ᠎ᠤ
ᠪᠠᠷᠢᠯᠭ᠎ᠠ ᠶ᠋ᠢᠨ ᠣᠨᠴᠠᠯᠢᠭ ᠢ ᠪᠦᠷᠢᠨ ᠭᠦᠢᠴᠡᠳ ᠬᠠᠷᠠᠭᠤᠯᠵᠤ᠂ ᠭᠤᠤᠯ ᠪᠠᠷᠢᠯᠭ᠎ᠠ ᠨᠢ ᠡᠮᠤᠨ᠎ᠠ᠎ᠡᠴᠡ ᠬᠤᠢᠰᠢ
ᠬᠠᠨᠳᠤᠭᠰᠠᠨ ᠭᠤᠤᠯ ᠲᠡᠨᠭᠬᠡᠯᠢᠭ ᠤᠨ ᠱᠤᠭᠤᠮ ᠲᠡᠭᠡᠷ᠎ᠠ ᠪᠠᠢᠷᠢᠰᠢᠵᠤ᠂ ᠵᠡᠬᠦᠨ ᠪᠠᠷᠠᠭᠤᠨ ᠬᠤᠶᠠᠷ ᠲᠠᠯ᠎ᠠ ᠳ᠋ᠤᠨᠢ ᠦᠬᠡᠳᠡ ᠦᠬᠡᠳᠡ ᠪᠡᠨ ᠬᠠᠨᠳᠤᠭᠰᠠᠨ ᠲᠠᠭᠠᠯᠳᠡ ᠪᠠᠷᠢᠯᠭ᠎ᠠ᠎ᠲᠠᠢ
ᠪᠠᠢᠳᠠᠭ᠂ ᠪᠦᠬᠦᠢᠯᠡ ᠪᠠᠷᠢᠯᠭ᠎ᠠ ᠶ᠋ᠢᠨ ᠪᠦᠲᠦᠴᠡ ᠪᠦᠷᠢᠨ᠂ ᠭᠤᠸ᠎ᠠ ᠲᠠᠭᠠᠱᠢᠶᠠᠯ᠎ᠤᠨ ᠦᠨ᠎ᠡ ᠥᠷᠲᠡᠭ ᠢᠶᠡᠷ
ᠨᠡᠯᠢᠶᠡᠳ ᠥᠨᠳᠥᠷ᠂ ᠴᠢᠩ ᠤᠯᠤᠰ᠎ᠤᠨ ᠤᠷᠳᠤ ᠬᠠᠷᠰᠢ᠎ᠵᠢᠨ ᠮᠠᠶᠢᠭ᠎ᠤᠨ ᠪᠠᠷᠢᠯᠭ᠎ᠠ᠎ᠶ᠋ᠢᠨ ᠳᠦᠷᠢᠮᠵᠢᠯ᠎ᠢ
ᠲᠥᠪᠯᠡᠷᠡᠩᠭᠦᠶ ᠬᠠᠷᠠᠭᠤᠯᠵᠠᠢ᠃ ᠶᠠᠮᠤᠨ᠎ᠤ ᠪᠠᠷᠢᠯᠭᠠᠨᠤᠭᠤᠳ ᠨᠢ ᠵᠡᠭᠦᠨ᠂ ᠳᠤᠮᠳᠠ᠂ ᠪᠠᠷᠠᠭᠤᠨ ᠭᠤᠷᠪᠠᠨ
ᠬᠡᠰᠡᠭ᠎ᠡᠴᠡ ᠪᠦᠷᠢᠯᠳᠦᠵᠦ᠍᠂ 2.64 ᠲᠦᠮᠡᠨ ᠲᠡᠭ᠌ᠰᠢ
ᠳᠥᠷᠪᠡᠯᠵᠢᠨ ᠮᠧᠲ᠋ᠷ ᠲᠠᠯᠠᠪᠠᠶ᠎ᠲᠠᠶ᠂ 132 ᠲᠠᠰᠤᠯᠭ᠎ᠠ ᠦᠷᠦᠭᠡ᠎ᠲᠠᠶ
᠃
ᠶᠠᠮᠤᠨ᠎ᠤ ᠭᠤᠤᠯ ᠡᠬᠦᠳᠡᠨ᠎ᠤ ᠡᠮᠦᠨ᠎ᠡ ᠨᠢᠬᠡᠨ ᠬᠠᠯᠬᠠᠪᠴᠢ ᠬᠡᠷᠡᠮ᠎ᠲᠡᠶ᠂
ᠲᠤᠬᠠᠢ ᠶᠢᠨ ᠦᠶ᠎ᠡ ᠳᠤ ᠬᠠᠯᠬᠠᠪᠴᠢ ᠬᠡᠷᠡᠮ ᠬᠢᠭᠡᠳ ᠣᠷᠳᠣᠨ ᠤ ᠬᠠᠭᠠᠯᠭ᠎ᠠ ᠶᠢᠨ ᠬᠣᠭᠣᠷᠣᠨᠳᠣᠬᠢ ᠵᠡᠭᠡᠯᠢ
ᠭᠤᠳᠤᠮᠵᠢ ᠪᠠᠷ ᠡᠭᠡᠯ ᠠᠷᠠᠳ ᠶᠠᠪᠤᠵᠤ ᠪᠤᠯᠳᠠᠭ ᠦᠬᠡᠢ᠂ ᠡᠷᠬᠡᠪᠰᠢ ᠬᠠᠯᠬᠠᠪᠴᠢ ᠬᠡᠷᠡᠮ ᠦᠨ ᠭᠠᠳᠠᠨᠠᠬᠢ
ᠪᠤᠰᠤᠳ ᠵᠡᠭᠡᠯᠢ ᠭᠤᠳᠤᠮᠵᠢ ᠪᠠᠷ ᠲᠤᠭᠤᠷᠢᠨ ᠶᠠᠪᠤᠳᠠᠭ ᠬᠡᠳᠡᠭ᠃ ᠤᠷᠳᠤᠨ᠎ᠤ ᠬᠠᠭᠠᠯᠭ᠎ᠠ᠎ᠶᠢᠨ ᠬᠤᠶᠠᠷ ᠲᠠᠯ᠎ᠠ᠎ᠳᠤ ᠨᠢᠭᠡ ᠬᠣᠣᠰ ᠬᠥᠬᠡ ᠴᠢᠯᠠᠭᠤᠨ ᠠᠷᠰᠯᠠᠨ ᠰᠡᠬᠦᠢᠨ ᠰᠦᠨᠳᠡᠷᠯᠡᠵᠦ᠍᠂ ᠵᠢᠭᠤᠯᠴᠢᠯᠠᠭ᠍ᠰᠠᠳ ᠡᠨᠡ ᠬᠦ᠌ ᠬᠠᠭᠠᠯᠭ᠎ᠠ
ᠪᠡᠷ ᠲᠤᠳᠤᠭ᠍ᠰᠢᠯᠠᠪᠠᠯ ᠵᠠᠩᠵᠤᠨ ᠤ ᠶᠠᠮᠤᠨᠢᠶᠠᠷᠲᠤᠭᠤᠷᠢᠨᠰᠤᠨᠢᠷᠬᠠᠬᠤᠠᠶᠠᠯᠠᠯ ᠢᠶᠠᠨ ᠡᠬᠢᠯᠡᠬᠦᠯᠳᠡᠭ᠃ ᠲᠠᠷᠠᠭᠠᠯᠠᠪᠠᠯ ᠠᠩᠬᠠᠨ᠎ᠤ ᠴᠢᠬᠤᠯᠠ ᠶᠤᠰᠤᠯᠠᠯ᠎ᠤᠨ ᠬᠠᠭᠠᠯᠭ᠎ᠠ ᠬᠦᠷᠴᠦ᠍ ᠢᠷᠡᠳᠡᠭ᠂ ᠲᠤᠬᠠᠢ ᠶᠢᠨ ᠦᠶ᠎ᠡ
ᠳᠤ ᠲᠤᠰ ᠬᠠᠭᠠᠯᠭ᠎ᠠ ᠨᠢ ᠶᠡᠷᠤᠳᠡ ᠶᠢᠨ ᠦᠶ᠎ᠡ ᠳᠦ ᠬᠠᠭᠠᠵᠤ᠂ ᠵᠦᠪᠬᠡᠨ ᠱᠢᠨ᠎ᠡ ᠨᠣᠶᠠᠨ ᠲᠤᠱᠢᠶᠠᠯ᠎ᠳᠤ
ᠭᠠᠷᠬᠤ᠂ ᠬᠠᠭᠠᠨ᠎ᠤ ᠵᠠᠷᠯᠢᠭ᠎ᠢ ᠬᠦᠯᠢᠶᠡᠨ ᠠᠪᠬᠤ᠂ ᠴᠢᠬᠤᠯᠠ ᠶᠡᠬᠡ ᠶᠤᠰᠤᠯᠠᠯ᠎ᠤᠨ ᠠᠵᠢᠯᠯᠠᠭ᠎ᠠ ᠶᠠᠪᠤᠭᠤᠯᠬᠤᠵᠢᠴᠢᠴᠢᠬᠤᠯᠠ ᠵᠤᠴᠢᠨ ᠢ ᠤᠭ᠍ᠳᠤᠬᠤ ᠦᠶᠡᠰ ᠰᠠᠶᠢ ᠬᠠᠭᠠᠯᠭ᠎ᠠ᠎ᠶ᠋ᠢ ᠨᠡᠭᠡᠭᠡᠳᠡᠭ᠃ ᠶᠡᠷᠤᠳᠡ ᠶᠢᠨ ᠦᠶ᠎ᠠ
ᠳᠤ ᠶᠠᠮᠤᠨ ᠢᠶᠡᠷ ᠤᠷᠤᠵᠤ ᠭᠠᠷᠬᠤ ᠬᠦᠮᠦᠰ ᠬᠤᠶᠠᠷ ᠵᠠᠬ᠎ᠠ ᠶᠢᠨ ᠠᠰ ᠬᠠᠭᠠᠯᠭ᠎ᠠ᠎ᠪᠡᠷ ᠶᠠᠪᠤᠳᠠᠭ ᠪᠠ ᠪᠢᠴᠢᠭ᠎ᠤᠨ
ᠲᠦᠱᠢᠮᠡᠳ ᠨᠢ ᠵᠡᠬᠦᠨ ᠬᠠᠭᠠᠯᠭ᠎ᠠ᠎ᠪᠡᠷ᠂ ᠴᠡᠷᠢᠭ᠎ᠤᠨ
ᠲᠦᠱᠢᠮᠡᠳᠨᠢ ᠪᠠᠷᠠᠭᠤᠨ ᠬᠠᠭᠠᠯᠭ᠎ᠠ᠎ᠪᠡᠷ ᠶᠠᠪᠤᠳᠠᠭ
ᠪᠠᠢ᠌ᠨ᠎ᠠ᠃ ᠵᠠᠩᠵᠤᠨ᠎ᠤ ᠶᠠᠮᠤᠨ᠎ᠤ ᠦᠨᠴᠦᠭ ᠪᠤᠯᠤᠩ ᠪᠦᠷᠢ᠎ᠳᠤ ᠴᠢᠩ ᠤᠯᠤᠰ᠎ᠤᠨ ᠦᠶ᠎ᠡ᠎ᠶ᠋ᠢᠨ ᠪᠠᠷᠢᠯᠭ᠎ᠠ
ᠶ᠋ᠢᠨ ᠨᠠᠷᠢᠯᠢᠭ ᠬᠢᠴᠡ ᠪᠠ ᠴᠢᠩ ᠤᠯᠤᠰ᠎ᠤᠨ ᠦᠶ᠎ᠡ᠎ᠶ᠋ᠢᠨ ᠪᠠᠷᠢᠯᠭ᠎ᠠ᠎ᠶ᠋ᠢᠨ ᠰᠣᠶᠣᠯ ᠤᠷᠠᠯᠢᠭ᠎ᠤᠨ ᠲᠦᠪᠱᠢᠨ᠎ᠢ ᠬᠠᠷᠠᠭᠤᠯᠤᠭᠰᠠᠨ ᠨᠢ ᠢᠯᠡᠷᠬᠡᠢ᠃
ᠲᠡᠯᠬᠡᠷᠳᠤᠷᠵᠢ ᠶᠢᠨ ᠭᠠᠪᠢᠶᠠᠨᠤ ᠬᠦᠰᠢᠶ᠎ᠠ
ᠵᠤᠴᠢᠯᠠᠬᠤ ᠲᠠᠩᠬᠢᠮ ᠤᠨ ᠡᠮᠦᠨ᠎ᠡ ᠨᠢᠬᠡᠨ ᠴᠢᠯᠠᠭᠤᠨ ᠬᠦᠱᠢᠶ᠎ᠡ ᠰᠦᠨᠳᠡᠷᠯᠡᠨ
ᠪᠠᠢᠳᠠᠭ᠃ ᠲᠤᠰ ᠭᠠᠪᠢᠶᠠᠨ ᠤ ᠬᠦᠱᠢᠶ᠎ᠡ᠎ᠶ᠋ᠢ ᠪᠦᠷᠢᠨ
ᠵᠠᠰᠠᠭ᠍ᠴᠢ ᠬᠠᠭᠠᠨ ᠡᠴᠨ ᠰᠦᠢᠶᠤᠧᠠᠨ ᠬᠤᠳᠠᠶᠢᠨᠵᠢᠷᠠᠨᠭᠤᠷᠪᠠᠳᠠᠭ᠍ᠴᠢᠵᠠᠩᠵᠤᠨᠲᠡᠯᠭᠡᠷᠳᠤᠷᠵᠢᠶᠢᠨᠭᠠᠪᠢᠶᠠᠶ᠋ᠢ ᠰᠠᠢ᠌ᠱᠢᠶᠠᠬᠤᠶᠢᠨ ᠲᠦᠯᠦᠭᠡ ᠪᠤᠰᠬᠠᠭᠰᠠᠨ ᠪᠢᠯᠡ᠃ ᠲᠡᠯᠭᠡᠷᠳᠤᠷᠵᠢ ᠲᠦᠭᠡᠮᠡᠯ ᠡᠯᠪᠡᠭᠳᠤᠵᠢᠨ ᠠᠷᠪᠠᠨ ᠨᠢᠭᠡᠳᠤᠭᠡᠷ ᠤᠨᠳᠤᠬᠦᠷᠢᠶᠡᠨᠤᠠᠮᠪᠠᠨᠨᠤᠶᠠᠨᠤᠲᠤᠰᠢᠶᠠᠯᠢᠤᠷᠤᠯᠠᠨ ᠬᠦᠢᠴᠡᠳᠭᠡᠭᠴᠢ᠎ᠡᠴᠡ ᠰᠤᠢᠶᠤᠧᠠᠨ ᠬᠤᠳᠠ᠎ᠵᠢᠨ ᠵᠠᠨᠭᠵᠤᠨᠤ ᠲᠤᠰᠢᠶᠠᠯ᠎ᠢ
ᠬᠦᠯᠢᠶᠡᠪᠡ᠃ ᠤᠮᠠᠷᠠᠳᠤ ᠬᠢᠯᠢ ᠵᠢ ᠰᠠᠬᠢᠨ ᠬᠠᠮᠠᠭᠠᠯᠠᠬᠤ᠎ᠳᠤ ᠤᠨᠴᠠᠭᠠᠢ ᠭᠠᠪᠢᠶ᠎ᠠ ᠵᠢᠳᠬᠦᠯ ᠭᠠᠷᠭᠠᠭᠰᠠᠨ
ᠪᠤᠯᠬᠤᠷ ᠲᠤᠰ ᠬᠦᠰᠢᠶ᠎ᠡ ᠵᠢ ᠪᠤᠰᠬᠠᠨ ᠭᠠᠪᠢᠶ᠎ᠠ ᠵᠢᠳᠬᠦᠯ᠎ᠢ ᠨᠢ ᠲᠡᠮᠳᠡᠭᠯᠡᠵᠡᠢ᠃ ᠬᠦᠰᠢᠶ᠎ᠠ ᠨᠢ ᠶᠠᠰᠤᠳᠤ ᠮᠡᠯᠡᠬᠡᠢ᠎ᠶᠢᠨ ᠰᠠᠭᠤᠳᠠᠯ᠎ᠲᠠᠢ᠂ ᠡᠬᠦᠯᠡ᠂ ᠯᠤᠤ᠂ ᠲᠤᠷᠭᠠᠨ ᠪᠦᠮᠪᠤᠬᠡ ᠵᠡᠷᠭᠡ ᠪᠡᠷ ᠤᠷᠠᠯᠠᠵᠤ᠂ ᠦᠨᠳᠤᠷᠢᠶᠡᠷᠢᠶᠡᠨ 4.6 ᠮᠧᠲ᠋ᠷ᠂ ᠮᠠᠨᠵᠤ
᠂ ᠮᠤᠩᠭᠤᠯ ᠂ ᠬᠢᠳᠠᠳ ᠭᠤᠷᠪᠠᠨ ᠲᠦᠷᠦᠯ᠎ᠤᠨ ᠦᠰᠦᠭ ᠢᠶᠡᠷ ᠪᠢᠴᠢᠭᠡᠰᠤ᠎ᠶᠢ ᠰᠡᠢᠯᠵᠡᠢ᠃ ᠳᠤᠰ ᠭᠠᠪᠢᠶᠠᠨ ᠤ
ᠬᠦᠱᠢᠶ᠎ᠡ᠎ᠨᠢ ᠵᠠᠩᠵᠤᠨ ᠤ ᠶᠠᠮᠤᠨ᠎ᠳᠤ ᠦᠯᠡᠳᠡᠭ᠌ᠰᠡᠨ
ᠦᠨᠡᠳᠤ ᠴᠢᠯᠠᠭᠤᠨ ᠰᠡᠢ᠌ᠯᠦᠮᠡᠯ᠎ᠤᠨ ᠨᠢᠭᠡ ᠪᠠᠢ᠌ᠵᠦ᠍᠂ ᠤᠯᠤᠰ᠎ᠤᠨ ᠨᠢᠭᠡᠳᠦᠭᠡᠷ ᠲᠡᠰ ᠤᠨ ᠲᠡᠦᠬᠡ ᠶᠢᠨ ᠳᠤᠷᠠᠰᠭᠠᠯᠳᠤ
ᠵᠦᠢᠯᠡᠰ᠎ᠢᠶᠡᠷ ᠪᠦᠷᠢᠳᠭᠡᠭ᠌ᠳᠡᠪᠡ ᠃
ᠴᠢᠯᠦᠭᠡᠯᠡᠯᠳᠡᠵᠢᠨᠦᠢᠯᠡᠰᠲᠦ᠍ᠦᠵᠡᠭᠦᠯᠦᠭᠰᠡᠨᠦᠢᠯᠡᠳᠦᠯ —《ᠰᠦᠢᠶᠤᠸᠠᠨ᠎ᠤ ᠠᠷᠭ᠎ᠠ ᠮᠠᠶᠢᠭ》
ᠵᠠᠩᠵᠤᠨ᠎ᠤ ᠶᠠᠮᠤᠨ ᠨᠢ ᠢᠷᠭᠡᠨ ᠤᠯᠤᠰ᠎ᠤᠨ ᠦᠶ᠎ᠡ᠎ᠳᠦ᠂ ᠵᠠᠩᠵᠤᠨ᠎ᠤ
ᠶᠠᠮᠤᠨ᠂ ᠳ᠋ᠦᠲ᠋ᠤᠨᠭ᠌ᠤᠨ ᠵᠠᠬᠢᠷᠭᠠᠨ᠎ᠤ ᠭᠠᠵᠠᠷ᠂ ᠰᠦᠢᠶᠤᠸᠠᠨ
ᠮᠤᠵᠢ᠎ᠶ᠋ᠢᠨ ᠵᠠᠰᠠᠭ᠎ᠤᠨ ᠤᠷᠳᠤᠨ ᠵᠡᠷᠭᠡ ᠣᠯᠠᠨ ᠤᠳᠠᠭ᠎ᠠ ᠰᠤᠯᠢᠭᠳᠠᠭᠰᠠᠨ ᠦᠨᠭᠬᠡᠷᠡᠯᠳᠡᠲᠠᠢ᠂《ᠰᠤᠢᠶᠤᠧᠠᠨᠤ ᠴᠠᠳᠢᠭ》᠎ᠲᠤ᠌ 1912 ᠤᠨ᠎ᠤ 10 ᠰᠠᠷ᠎ᠠ ᠳᠤ᠂ ᠵᠠᠨᠭ᠌ ᠱᠤᠤ ᠽᠧᠨᠭ ᠰᠢᠨ᠎ᠠ ᠪᠠᠢᠭᠤᠯᠤᠮᠵᠢ ᠵᠢᠨ ᠠᠨᠭᠬᠠᠳᠠᠭᠴᠢ ᠵᠠᠨᠭᠵᠤᠨ ᠤ
ᠲᠤᠰᠢᠶᠠᠯ ᠢ ᠡᠬᠦᠷᠭᠡᠯᠡᠭᠰᠡᠨ ᠡᠴᠡ1931 ᠤᠨ ᠤ 8 ᠰᠠᠷ᠎ᠠ᠎ᠳᠤ ᠹᠦ᠋ ᠽᠦᠸᠧ ᠢ ᠰᠤᠢᠶᠤᠧᠠᠨ ᠮᠤᠵᠢ ᠵᠢᠨ ᠲᠡᠷᠢᠬᠦᠯᠡᠭᠴᠢ
ᠪᠤᠯᠳᠠᠯᠡᠬᠢ ᠬᠤᠭᠤᠴᠠᠭᠠᠨ᠎ᠳᠤ᠂ ᠬᠤᠶᠠᠷ ᠬᠤᠭᠤᠴᠠᠭ᠎ᠠ ᠵᠢᠨ ᠵᠠᠨᠭᠵᠤᠨ᠂ ᠠᠷᠪᠠᠨ ᠲᠦᠷᠪᠡᠨ ᠬᠤᠭᠤᠴᠠᠭᠠᠨ᠎ᠤ
ᠳ᠋ᠦᠲ᠋ᠦ᠍ᠨᠭ᠂ ᠨᠢᠬᠡ ᠬᠤᠭᠤᠴᠠᠭ᠎ᠠ ᠵᠢᠨ ᠤᠷᠤᠨ ᠤ ᠵᠠᠰᠠᠭ᠎ᠤᠨ ᠤᠷᠳᠤᠨ ᠤ ᠲᠡᠷᠢᠬᠦᠯᠡᠭᠴᠢ ᠡᠨᠳᠡ ᠰᠠᠭᠤᠵᠤ
ᠦᠨᠭᠬᠡᠷᠡᠪᠡ ᠬᠡᠵᠤ ᠲᠡᠮᠳᠡᠭᠯᠡᠭᠰᠡᠨ ᠪᠠᠢᠳᠠᠭ᠃ ᠳ᠋ᠦᠩ ᠴᠢ ᠡᠦ᠂ ᠹᠦ᠋ ᠽᠦᠸᠧ ᠢ᠂ ᠤᠯᠠᠭᠠᠨᠬᠦᠦ ᠨᠠᠷᠴᠤ
ᠪᠦᠷ ᠡᠨᠳᠡ ᠲᠤᠰᠢᠶᠠᠯ ᠡᠬᠦᠷᠭᠡᠯᠡᠵᠤ ᠪᠠᠢᠭᠰᠠᠨ ᠪᠤᠶᠤ ᠠᠵᠢᠯᠯᠠᠵᠤ ᠦᠨᠭᠬᠡᠷᠡᠪᠡ᠃
ᠴᠢᠯᠥᠭᠡᠯᠡᠬᠦ᠌ ᠲᠠᠢ᠌ᠨ᠎ᠦ ᠬᠤᠭᠤᠴᠠᠭᠠᠨ᠎ᠳᠤ᠂ ᠳ᠋ᠦᠩ ᠴᠢ ᠦ᠋ ᠵᠠᠩᠵᠤᠨ᠎ᠤ 1949 ᠣᠨ ᠳᠤ ᠤᠳᠤᠷᠢᠳᠤᠭ᠍ᠰᠠᠨ《9·19》 ᠤ᠋ ᠨᠠᠢ᠌ᠷᠠᠮᠳᠠᠯ᠎ᠤᠨ ᠪᠣᠰᠣᠯᠭ᠎ᠠ ᠨᠢ ᠰᠦᠢᠶᠤᠸᠠᠨ ᠣᠷᠣᠨ᠎ᠤ ᠴᠡᠷᠢᠭ ᠠᠷᠠᠳ᠎ᠢ ᠳᠠᠢ᠌ᠨ᠎ᠦ ᠭᠠᠯ᠎ᠠᠴᠠ
ᠵᠠᠢᠯᠠᠭᠤᠯᠵᠤ᠂ ᠪᠦᠬᠦ᠌ ᠤᠯᠤᠰ᠎ᠢ ᠡᠷᠲᠡᠬᠡᠨ ᠴᠢᠯᠦᠭᠡᠯᠡᠬᠦ ᠵᠢ ᠠᠬᠢᠭᠤᠯᠵᠦ᠍᠂ ᠮᠠᠤ ᠽᠸᠳ᠋ᠦᠩᠲᠡᠷᠢᠭᠦᠯᠡᠭ᠌ᠴᠢᠡᠴᠨ
ᠲᠤᠰ ᠤᠳᠠᠭᠠᠨ᠎ᠤ ᠨᠠᠢ᠌ᠷᠠᠮᠳᠠᠯ᠎ᠤᠨ ᠪᠤᠰᠤᠯᠭ᠎ᠠ᠎ᠶ᠋ᠢ《ᠰᠦᠢᠶᠤᠸᠠᠨ᠎ᠤ
ᠠᠷᠭ᠎ᠠ ᠮᠠᠶᠢᠭ》ᠬᠡᠮᠡᠨ ᠨᠡᠷᠡᠢ᠌ᠳᠪᠡ᠃ ᠡᠨᠡ ᠨᠢ ᠰᠦᠢᠶᠤᠸᠠᠨ ᠣᠷᠣᠨ᠎ᠤ ᠶᠠᠫᠣᠨ᠎ᠢ ᠡᠰᠡᠷᠭᠦᠴᠡᠬᠦ᠌ ᠳᠠᠶ᠋ᠢᠨ᠂
ᠴᠢᠯᠥᠭᠡᠯᠡᠬᠦ᠌ ᠳᠠᠢ᠌ᠨ᠎ᠦ ᠲᠡᠦᠬᠡ᠎ᠶ᠋ᠢ ᠭᠡᠷᠡᠴᠢᠯᠡᠵᠦ᠍᠂ ᠳᠤᠮᠳᠠᠳᠤ᠎ᠶ᠋ᠢᠨ ᠦᠨᠳᠦᠰᠦᠲᠡᠨ᠎ᠦ ᠲᠤᠰᠠᠭᠠᠷ ᠲᠣᠭ᠍ᠲᠠᠨᠢᠯ᠂
ᠠᠷᠠᠳᠴᠢᠯᠠᠯ᠎ᠢ ᠡᠷᠢᠯᠬᠢᠯᠡᠭ᠌ᠰᠡᠨ ᠡᠯ᠎ᠡ ᠵᠦᠢᠯ᠎ᠦᠨ ᠲᠡᠦᠬᠡᠨ ᠬᠡᠷᠡᠭ ᠶᠠᠪᠤᠳᠠᠯ ᠪᠣᠯᠤᠨ ᠬᠥᠮᠦᠰ᠎ᠦᠨ ᠠᠵᠢᠯᠯᠠᠭᠠᠨ᠎ᠤ
ᠲᠡᠦᠬᠡᠨ ᠣᠷᠴᠢᠨ ᠲᠣᠭᠣᠷᠢᠨ᠎ᠢ ᠦᠨᠡᠨ ᠪᠣᠳᠠᠲᠠᠢ᠎ᠪᠠᠷ ᠲᠤᠰᠬᠠᠵᠤ᠂ ᠥᠨᠥᠳᠦᠷ᠎ᠦᠨ ᠡᠬᠡ ᠤᠯᠤᠰ ᠢᠶᠠᠨ ᠨᠢᠭᠡᠳᠭᠡᠬᠦ᠌
ᠶᠡᠬᠡ ᠦᠢᠯᠡᠰ᠎ᠲᠦ ᠠᠯᠤᠰ ᠬᠡᠳᠦ᠍᠎ᠶ᠋ᠢᠨ ᠠᠴᠢ ᠬᠣᠯᠪᠣᠭ᠍ᠳᠠᠯᠦᠵᠡᠭᠦᠯᠦᠭ᠌ᠰᠡᠨ ᠶᠤᠮ᠃
ᠤᠯᠤᠰ ᠤᠨ ᠬᠣᠶᠠᠳᠤᠭᠠᠷ ᠳᠡᠰ᠎ᠤᠨ ᠮᠦᠽᠧᠶ
ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ ᠤ ᠵᠠᠩᠵᠤᠨ ᠤ
ᠶᠠᠮᠤᠨ ᠤ ᠮᠦᠽᠧᠶ ᠨᠢ ᠪᠦᠬᠦ᠌ ᠤᠯᠤᠰ ᠤᠨ ᠭᠣᠣᠯᠳᠠᠯᠭ᠎ᠠ᠎ᠲᠠᠶ ᠲᠡᠦᠬᠡ ᠶ᠋ᠢᠨ ᠳᠤᠷᠠᠰᠭᠠᠯᠲᠤ ᠵᠦᠢᠯᠡᠰ᠎ᠦᠨ
ᠬᠠᠮᠠᠭᠠᠯᠠᠯᠲᠠ ᠶ᠋ᠢᠨ ᠨᠢᠭᠡᠴᠢ ᠪᠤᠯᠬᠤ ᠪᠦᠭᠡᠳ ᠤᠯᠤᠰ᠎ᠤᠨ ᠬᠣᠶᠠᠳᠤᠭᠠᠷ ᠳᠡᠰ ᠤᠨ ᠮᠦᠽᠧᠶ᠂ ᠪᠠᠰᠠ᠎ᠴᠤ
AAA ᠲᠡᠰ᠎ᠤᠨ ᠵᠢᠭᠤᠯᠴᠢᠯᠡᠯ᠎ᠤᠨ ᠦᠵᠡᠮᠵᠢ᠎ᠶᠢᠨ ᠤᠷᠤᠨ ᠪᠤᠯᠤᠨ᠎ᠠ᠃ 2015 ᠤᠨ ᠳᠤ᠂ ᠲᠡᠤᠬᠡ ᠶᠢᠨ ᠲᠤᠷᠠᠰᠬᠠᠯᠳᠤ ᠵᠦᠢᠯᠡᠰ ᠢ ᠰᠠᠯᠪᠢᠨ ᠵᠠᠰᠠᠬᠤ
ᠵᠢᠴᠢ ᠡᠷᠬᠢᠨ ᠲᠤᠭᠤᠷᠢᠨ᠎ᠤ ᠤᠷᠴᠢᠨ ᠲᠤᠭᠤᠷᠢᠨ᠎ᠢ ᠶᠡᠷᠤᠩᠬᠡᠢᠯᠡᠨ ᠴᠡᠭᠴᠡᠯᠡᠨ ᠵᠠᠰᠠᠬᠤ ᠢᠨᠵᠧᠨᠧᠷᠢᠩ ᠢ
ᠬᠤᠶᠠᠷ ᠵᠢᠯ ᠶᠠᠪᠤᠭᠳᠠᠭᠤᠯᠵᠤ᠂ 2017 ᠤᠨ ᠳᠤ ᠨᠡᠢᠬᠡᠮ
ᠨᠡᠢᠳᠡ ᠳᠤ ᠦᠨ᠎ᠡ ᠲᠦᠯᠦᠪᠤᠷᠢ ᠦᠬᠡᠢ ᠪᠡᠷ ᠨᠡᠬᠡᠬᠡᠵᠡᠢ᠃
ᠥᠭᠡᠷᠡᠴᠢᠯᠡᠨ ᠰᠢᠨᠡᠳᠭᠡᠭᠰᠡᠨ ᠤ᠋ ᠳᠠᠷᠠᠭᠠᠬᠢ ᠵᠠᠩᠵᠤᠨ ᠤ ᠶᠠᠮᠤᠨ
ᠨᠢ ᠤᠤᠯ ᠤᠨ ᠬᠢ ᠡᠴᠡ ᠪᠡᠨ ᠭᠤᠷᠪᠠᠨ ᠳᠠᠬᠢᠨ ᠶᠡᠬᠡᠰᠴᠤ᠂ ᠳᠤᠮᠳᠠ ᠵᠠᠮ ᠤᠨ ᠪᠠᠷᠢᠯᠭ᠎ᠠ ᠨᠢ ᠬᠠᠭᠤᠴᠢᠨ ᠪᠠᠷᠢᠯᠭ᠎ᠠ ᠵᠢ ᠰᠡᠷᠭᠦᠭᠡᠨ᠂ ᠤᠤᠯ ᠤᠨ ᠵᠠᠩᠵᠤᠨ ᠤ ᠶᠠᠮᠤᠨ ᠤ ᠪᠠᠷᠢᠯᠭ᠎ᠠ ᠶ᠋ᠢᠨ ᠣᠨᠴᠠᠯᠢᠭ᠂ ᠪᠠᠢᠷᠢᠱᠢᠯ
ᠵᠢᠴᠢ ᠴᠢᠳᠠᠮᠵᠢ ᠶ᠋ᠢ ᠨᠢ ᠰᠡᠷᠬᠦᠬᠡᠨ ᠦᠵᠡᠬᠦᠯᠵᠡᠢ ; ᠵᠡᠭᠦᠨ ᠵᠠᠮ
ᠨᠢ ᠲᠤᠮᠳᠠᠳᠤ ᠢᠷᠭᠡᠨ ᠤᠯᠤᠰ᠎ᠤᠨ ᠮᠠᠶᠢᠭ᠎ᠤᠨ ᠪᠠᠷᠢᠯᠭ᠎ᠠ ᠪᠠᠢᠵᠤ᠂ ᠰᠦᠢᠶᠤᠸᠠᠨ᠎ᠤ 《9·19》 ᠨᠠᠢᠷᠠᠮᠳᠠᠯ᠎ᠤᠨ ᠪᠣᠰᠣᠯᠭ᠎ᠠ ᠶ᠋ᠢᠨ ᠳᠤᠷᠠᠰᠭᠠᠯ᠎ᠤᠨ ᠦᠵᠡᠬᠦᠯᠬᠡ ᠵᠢᠨ ᠤᠷᠳᠤᠨ ᠵᠢᠴᠢ ᠴᠡᠴᠡᠷᠯᠢᠭ ᠢᠶᠡᠷ ᠪᠦᠷᠢᠯᠳᠦᠵᠡᠶ; ᠪᠠᠷᠠᠭᠤᠨ ᠵᠠᠮ᠎ᠤᠨ ᠪᠠᠷᠢᠯᠭ᠎ᠠ᠎ᠨᠢ ᠳᠠᠭᠠᠯᠲᠠ ᠲᠥᠬᠥᠭᠡᠷᠦᠮᠵᠢ ᠵᠢᠴᠢ ᠲᠤᠰᠭᠠᠶ ᠰᠡᠳᠦᠪᠲᠦ ᠦᠵᠡᠭᠦᠯᠭᠡ ᠶ᠋ᠢᠨ ᠣᠷᠣᠨ ᠪᠤᠯᠤᠨ᠎ᠠ
᠃
ᠭᠤᠤᠯ ᠲᠠᠩᠬᠢᠮ ᠪᠣᠯ ᠶᠡᠷᠢᠶᠡᠨ ᠦᠬᠡᠢ ᠵᠠᠩᠵᠤᠨ᠎ᠤ ᠶᠠᠮᠤᠨ᠎ᠤ ᠭᠤᠤᠯ
ᠪᠠᠷᠢᠯᠭ᠎ᠠ ᠪᠤᠯᠤᠨ᠎ᠠ᠃ ᠭᠤᠤᠯ ᠲᠠᠩᠬᠢᠮ ᠢ ᠪᠠᠰᠠ《ᠶᠡᠬᠡ ᠲᠠᠩᠬᠢᠮ》 ᠭᠡᠵᠦ᠍᠂ ᠬᠡᠷᠡᠭ
ᠵᠥᠪᠯᠡᠵᠦ᠍ ᠱᠢᠶ᠋ᠳᠪᠦᠷᠢ ᠲᠣᠭ᠍ᠲᠠᠭᠠᠬᠤ ᠲᠥᠪ ᠪᠤᠯᠤᠨ᠎ᠠ᠃ ᠲᠠᠩᠬᠢᠮ ᠳᠤ ᠰᠦᠢᠶᠤᠧᠠᠨ ᠵᠠᠩᠵᠤᠨ ᠲᠦᠷᠪᠡᠨ ᠲᠦᠱᠢᠮᠡᠳ
ᠲᠠᠢ ᠪᠡᠨ ᠵᠦᠪᠳᠡᠯᠴᠡᠵᠦ᠍ ᠪᠠᠢ᠌ᠭ᠎ᠠ ᠦᠵᠡᠭ᠌ᠳᠡᠯ ᠢ ᠠᠮᠢᠳᠤᠯᠢᠭ ᠢᠶᠡᠷ ᠱᠤᠭᠤᠨ ᠪᠤᠰᠬᠠᠵᠤ ᠂ ᠵᠠᠩᠵᠤᠨ ᠤ
ᠪᠠᠢᠷᠢ ᠰᠠᠭᠤᠷᠢ ᠶᠢᠨ ᠡᠷᠬᠢᠮ ᠲᠡᠭᠡᠳᠤ ᠵᠢ ᠬᠠᠷᠠᠭᠤᠯᠵᠡᠢ ᠃
ᠭᠤᠤᠯ ᠲᠠᠩᠬᠢᠮ ᠤᠨ ᠬᠤᠶᠠᠷ ᠲᠠᠯ᠎ᠠ ᠵᠢᠨ ᠴᠡᠬᠢᠨ ᠬᠡᠷ ᠪᠤᠯ ᠠᠯᠪᠠᠨ᠎ᠤ ᠬᠡᠷ ᠪᠤᠯᠤᠨ ᠲᠠᠮᠠᠭ᠎ᠠ᠎ᠵᠢᠨ ᠬᠡᠷ
ᠪᠠᠢᠵᠤ᠂ ᠠᠯᠪᠠᠨ᠎ᠤ ᠬᠡᠷ᠎ᠨᠢ ᠵᠠᠩᠵᠤᠨ᠎ᠤ ᠵᠠᠷᠯᠢᠭ᠎ᠢ ᠱᠢᠭᠤᠳ ᠬᠡᠷᠡᠭ᠌ᠵᠢᠭᠦᠯᠬᠦ᠌ ᠪᠠᠢᠭᠤᠯᠤᠮᠵᠢ᠂ ᠲᠠᠮᠠᠭ᠎ᠠ᠎ᠶ᠋ᠢᠨ
ᠬᠡᠷ ᠨᠢ ᠵᠠᠩᠵᠤᠨ᠎ᠤ ᠬᠠᠰ ᠲᠠᠮᠠᠭ᠎ᠠ ᠪᠤᠶᠤ ᠴᠢᠬᠤᠯᠠ ᠪᠢᠴᠢᠭ ᠮᠠᠲ᠋ᠧᠷᠢᠶᠠᠯ᠎ᠢ ᠬᠤᠷᠢᠶᠠᠨ ᠬᠠᠳᠠᠭᠠᠯᠠᠵᠤ᠂
ᠡᠯ᠎ᠡ ᠵᠦᠢᠯ᠎ᠦᠨ ᠬᠡᠷᠡᠭ ᠶᠠᠪᠤᠳᠠᠯ᠎ᠢ ᠬᠠᠪᠰᠤᠷᠤᠨ ᠬᠦᠢᠴᠡᠳᠬᠡᠳᠡᠭ᠃ ᠬᠤᠶᠠᠳᠤᠭᠠᠷ ᠲᠠᠩᠬᠢᠮ ᠭᠤᠤᠯ ᠳᠤᠮᠳᠠ
ᠨᠢ ᠪᠠᠢ᠌ᠷᠢᠯᠠᠵᠤ ᠲᠡᠷᠤᠢ ᠵᠠᠩᠵᠤᠨ᠎ᠤ ᠡᠳᠦᠷ ᠲᠤᠳᠤᠮ ᠤᠨ ᠠᠯᠪᠠᠯᠠᠬᠤ ᠭᠠᠵᠠᠷ᠂ ᠬᠤᠶᠠᠷ ᠬᠠᠵᠠᠭᠤ᠎ᠳᠤ ᠨᠢ
ᠬᠠᠷᠪᠤᠬᠤ ᠤᠷᠳᠤ ᠪᠤᠯᠤᠨ ᠵᠤᠴᠢᠯᠠᠬᠤ ᠲᠠᠩᠬᠢᠮᠪᠠᠢ᠌ᠭᠤᠯᠵᠠᠢ᠃ ᠭᠤᠷᠪᠠᠳᠤᠭᠠᠷ ᠲᠢᠨᠭᠬᠢᠮ᠂ ᠲᠦᠷᠪᠡᠳᠤᠬᠡᠷ ᠲᠢᠩᠬᠢᠮ ᠨᠢ ᠵᠠᠨᠭᠵᠤᠨᠤ ᠠᠮᠠᠷᠠᠬᠤ ᠭᠠᠵᠠᠷ ᠶᠤᠮ᠃ ᠤᠳᠤᠬᠠᠨ᠎ᠳᠤ᠂ ᠲᠤᠰ ᠮᠦᠽᠧᠢ ᠳᠤ ᠴᠠᠬᠠᠷ᠎ᠤᠨ ᠮᠤᠩᠭᠤᠯ ᠦᠨᠳᠦᠰᠦᠳᠡᠨ᠎ᠤ ᠡᠮᠡᠭ᠌ᠳᠡᠢ᠌ᠴᠦᠳᠤᠨ ᠳᠤᠯᠤᠭᠠᠢ᠎ᠶᠢᠨ ᠵᠠᠰᠠᠯ᠂ ᠮᠤᠩᠭᠤᠯ ᠬᠢᠳᠤᠭ᠎ᠠ᠂ ᠴᠢᠩ ᠤᠯᠤᠰ ᠤᠨ ᠦᠶ᠎ᠡ ᠶᠢᠨ
ᠱᠠᠭᠠᠵᠠᠩ ᠰᠠᠪᠠ᠂ ᠲᠠᠮᠠᠭᠠᠨ ᠭᠡᠭᠡᠰᠦ᠂ ᠵᠠᠭᠠᠨ᠎ᠤ ᠰᠤᠶᠤᠭᠠᠨ ᠰᠡᠢ᠌ᠯᠦᠮᠡᠯ ᠵᠡᠷᠭᠡ ᠲᠡᠦᠬᠡᠨ ᠳᠤᠷᠠᠰᠭᠠᠯᠳᠤ
ᠪᠤᠳᠠᠰᠨᠡᠢ᠌ᠳᠡ 4000 ᠭᠠᠷᠤᠢ ᠵᠦᠢᠯᠡᠰ ᠢ ᠬᠠᠳᠠᠭᠠᠯᠠᠭ᠍ᠳᠠᠵᠤ ᠪᠤᠢ ᠃
ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠦ ᠱᠢᠷᠭᠠᠭᠤ ᠬᠥᠳᠡᠯᠮᠦᠷᠢ
ᠶ᠋ᠢᠨ ᠤᠬᠢ ᠪᠦᠲᠦᠭᠡᠯ
ᠤᠨ ᠴᠠᠭ᠎ᠤᠨ ᠰᠠᠯᠬᠢ ᠪᠤᠷᠤᠭᠠᠨ ᠂ ᠴᠠᠭ ᠦᠶ᠎ᠡ ᠶᠢᠨ ᠬᠤᠪᠢᠷᠠᠯ ᠢ
ᠥᠩᠭᠡᠷᠡᠭᠡᠵᠦ᠍ ᠢᠷᠡᠭ᠌ᠰᠡᠨ ᠶᠠᠩᠵᠤᠨ ᠤ ᠶᠠᠮᠤᠨ ᠨᠢ ᠦᠨᠦᠳᠦᠷ
ᠪᠤᠯᠬᠤ ᠳᠤ ᠡᠷᠳᠡ ᠡᠳᠦᠭᠡ ᠶᠢᠨ ᠬᠦᠬᠦᠷᠭᠡ ᠪᠤᠯᠤᠨ ᠦᠷᠭᠦᠯᠵᠢᠯᠡᠵᠦ᠂ ᠰᠦᠢᠶᠤᠸᠠᠨ᠎ᠤ ᠨᠡᠢᠭᠡᠮ᠎ᠦᠨ ᠬᠤᠪᠢᠰᠤᠯᠲᠠ᠎ᠶ᠋ᠢ
ᠬᠡᠷᠡᠴᠢᠯᠡᠨ᠂ ᠴᠢᠨᠭ ᠤᠯᠤᠰ᠎ᠠᠴᠠ ᠲᠤᠮᠳᠠᠳᠤ ᠢᠷᠭᠡᠨ ᠤᠯᠤᠰ ᠬᠦᠷᠲᠡᠯ᠎ᠡ ᠂ ᠲᠠᠬᠢᠭᠠᠳ ᠱᠢᠨ᠎ᠡ ᠳᠤᠮᠳᠠᠳᠤ ᠤᠯᠤᠰ
ᠪᠠᠢᠭᠤᠯᠤᠭ᠍ᠳᠠᠭ᠍ᠰᠠᠨ᠎ᠠᠴᠠ ᠨᠠᠭᠠᠰᠢ᠂ ᠵᠠᠨᠭᠵᠤᠨ ᠤ
ᠶᠠᠮᠤᠨ ᠨᠢ ᠴᠡᠷᠢᠭ ᠦᠨ ᠶᠠᠪᠤᠳᠠᠯ᠎ᠤᠨ ᠤᠯᠤᠰ ᠲᠦᠷᠦ᠍
ᠶ᠋ᠢᠨ ᠪᠠᠢᠭᠤᠯᠤᠮᠵᠢ ᠠᠴᠠ ᠪᠡᠨ ᠲᠡᠦᠬᠡ ᠰᠣᠶᠣᠯ ᠤᠨ ᠠᠭᠤᠯᠤᠭᠳᠠᠬᠤᠨ ᠲᠠᠶ ᠪᠠᠷᠢᠯᠭ᠎ᠠ ᠪᠣᠯᠤᠨ ᠬᠥᠭ᠌ᠵᠢᠵᠦ᠍᠂
ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠦ ᠱᠢᠷᠭᠠᠭᠤ ᠬᠥᠳᠡᠯᠮᠦᠷᠢ ᠶ᠋ᠢᠨ ᠤᠬᠢ ᠪᠦᠲᠦᠭᠡᠯ ᠢ ᠰᠢᠨᠭᠬᠡᠬᠡᠨ᠂
ᠮᠠᠨ ᠤ ᠤᠯᠤᠰ ᠤᠨ ᠦᠨᠳᠦᠰᠦᠲᠡᠨ ᠨᠤᠭᠦᠳᠦᠨᠬᠣᠭᠣᠷᠣᠨᠳᠣᠬᠢᠡᠶᠡ ᠵᠣᠬᠢᠴᠠᠯ ᠲᠠᠶ ᠬᠠᠮᠲᠤ ᠪᠡᠷ ᠣᠷᠣᠱᠢᠬᠤ
ᠵᠢ ᠠᠬᠢᠭᠤᠯᠵᠤ᠂ ᠦᠨᠳᠦᠰᠦᠳᠡᠨ ᠨᠤᠬᠦᠳ ᠤᠨ ᠡᠬᠡ ᠤᠯᠤᠰ ᠤᠨ ᠬᠢᠯᠢ ᠬᠢᠵᠠᠭᠠᠷ ᠢ ᠰᠠᠬᠢᠨ ᠬᠠᠮᠠᠭᠠᠯᠠᠬᠤ᠂ ᠰᠠᠢᠨ ᠰᠠᠢᠬᠠᠨ ᠠᠮᠢᠳᠤᠷᠠᠯ ᠢ ᠬᠠᠮᠳᠤ ᠪᠡᠷ ᠴᠤᠭᠴᠠᠯᠠᠬᠤ᠂ ᠦᠨᠳᠦᠰᠦᠳᠡᠨ᠎ᠤ ᠪᠦᠯᠬᠦᠮᠳᠡᠯ᠎ᠢ ᠬᠠᠮᠳᠤᠪᠡᠷ ᠴᠤᠬᠴᠠᠯᠠᠬᠤ᠂ ᠲᠤᠮᠳᠠᠳᠤ ᠵᠢᠨ ᠦᠨᠳᠦᠰᠦᠳᠡᠨ᠎ᠤ ᠬᠠᠮᠳᠤ᠎ᠵᠢᠨ ᠴᠤᠭᠴᠡ᠎ᠵᠢᠨ ᠤᠬᠠᠮᠰᠠᠷ᠎ᠢ ᠪᠦᠷᠢᠯᠳᠦᠬᠦᠯᠬᠦᠳᠤᠤᠷᠤᠯᠠᠭᠤᠯᠵᠤᠪᠤᠯᠤᠰᠢᠦᠬᠡᠢ ᠤᠢᠯᠡᠳᠦᠯ ᠦᠵᠡᠬᠦᠯᠦᠭᠰᠡᠬᠡᠷ ᠁

ᠵᠠᠩᠵᠤᠨ᠎ᠤ ᠶᠠᠮᠤᠨ᠎ᠤ ᠪᠦᠬᠦ ᠦᠵᠡᠮᠵᠢ

ᠶᠤᠰᠤᠯᠠᠯ᠎ᠤᠨ ᠬᠠᠭᠠᠯᠭ᠎ᠠ

180 ᠭᠠᠷᠤᠢ ᠵᠢᠯ ᠲᠡᠯᠭᠡᠷᠡᠭᠰᠡᠨ ᠭᠤᠤᠯ᠎ᠳᠤ ᠪᠤᠷᠤ

ᠠᠷᠢᠭᠤᠨ ᠬᠦᠷᠢᠶᠡᠯᠡᠩ

ᠵᠠᠩᠵᠤᠨ᠎ᠤ ᠶᠠᠮᠤᠨ ᠳ᠋ᠡᠬᠢ ᠡᠷᠳᠡᠨ᠎ᠤ ᠦᠯᠡᠳᠡᠭᠳᠡᠯ

ᠰᠦᠢᠶᠤᠸᠠᠨ ᠬᠤᠳᠠ ᠵᠢᠨ ᠵᠠᠩᠵᠤᠨ᠎ᠤ ᠶᠠᠮᠤᠨ ᠤ ᠬᠠᠭᠤᠴᠢᠨ ᠤᠷᠤᠨ᠎ᠤ ᠬᠦᠰᠢᠶ᠎ᠡ

ᠵᠠᠩᠵᠤᠨ᠎ᠤ ᠶᠠᠮᠤᠨ