ᠰᠤᠷᠪᠤᠯᠵᠢᠯᠠᠭ᠍ᠴᠢ ᠲᠤᠮᠳᠡᠳᠦ ᠤᠯᠤᠰ᠎ᠤᠨ ᠠᠷᠡᠳ᠎ᠤᠨ ᠴᠢᠯᠦᠭᠡᠯᠡᠭᠦ᠌ ᠴᠡᠷᠢᠭ᠎ᠤᠨ ᠪᠠᠢᠯᠳᠤᠭ᠍ᠴᠢ᠎ᠶ᠋ᠢᠨ ᠬᠡᠷᠬᠡᠢ ᠪᠤᠯᠬᠤ ᠨᠠᠶᠠᠨ ᠨᠠᠰᠤᠳᠠᠢ ᠳ᠋ᠠᠢ ᠱᠢᠶᠤᠤ ᠨᠠᠰᠤᠳᠠᠨ᠎ᠤ ᠭᠡᠷ᠎ᠲᠤ ᠬᠦᠷᠬᠦ᠌᠎ᠳᠤ᠂ ᠨᠠᠰᠤᠳᠠᠨ ᠭᠤᠸᠠᠢ ᠪᠡᠶᠡᠷ ᠵᠢᠷᠭᠠᠯ ᠪᠢᠯᠬᠠᠭᠤᠯᠤᠨ ᠬᠠᠯᠠᠭᠤᠨ ᠬᠠᠨᠵᠤᠨ ᠲᠡᠭᠡᠷ᠎ᠠ᠎ᠪᠠᠨ ᠵᠡᠪᠢᠯᠡᠨ ᠰᠠᠭᠤᠵᠦ᠍ ᠬᠤᠭᠤᠷ᠎ᠤᠨ ᠦᠯᠢᠭᠡᠷ᠎ᠢᠶᠠᠨ ᠰᠤᠨᠤᠰᠴᠦ᠍ ᠪᠠᠢᠯ᠎ᠠ᠃
ᠬᠢᠨᠭ᠌ᠭᠠᠨ ᠠᠢᠮᠠᠭ᠎ᠤᠨ ᠬᠤᠷᠴᠢᠨ ᠪᠠᠷᠠᠭᠤᠨ ᠭᠠᠷᠤᠨ ᠲᠤᠮᠳᠡᠳᠦ ᠬᠤᠱᠢᠭᠤᠨ᠎ᠤ ᠲᠦᠯᠢᠶᠠᠮᠤᠳᠦ ᠪᠠᠯᠭᠠᠰᠤᠨ᠎ᠤ ᠱᠢᠨ᠎ᠠ ᠠᠢᠯ ᠭᠠᠴᠠᠭ᠎ᠠ᠎ᠶ᠋ᠢᠨ 80 ᠨᠠᠰᠤᠳᠠᠢ ᠳ᠋ᠠᠢ ᠱᠢᠶᠤᠤ ᠨᠠᠰᠤᠳᠠᠨ᠎ᠳᠤ ᠠᠪᠴᠦ᠍ ᠬᠡᠯᠡᠪᠡᠯ ᠡᠨᠡ ᠵᠢᠯ᠎ᠤᠨ ᠴᠠᠭᠠᠨ ᠰᠠᠷᠠᠨ᠎ᠢ ᠤᠨᠴᠠᠭᠠᠢ ᠤᠳᠭ᠎ᠠ ᠠᠭᠤᠯᠭ᠎ᠠ᠎ᠲᠠᠢ᠂ ᠪᠠᠶᠠᠷ ᠵᠢᠷᠭᠠᠯ᠎ᠲᠠᠢ ᠪᠢᠯᠠ᠃ ᠲᠡᠬᠦᠨ᠎ᠤ ᠦᠭᠡ᠎ᠪᠠᠷ ᠬᠡᠯᠡᠪᠡᠯ 《ᠲᠦᠷᠤᠬᠦᠦ ᠬᠡᠳᠤᠨ ᠵᠢᠯ ᠡᠪᠤᠬᠡᠨ ᠮᠢᠨᠢ ᠪᠤᠷᠬᠠᠨ ᠪᠤᠯᠴᠢᠬᠠᠯ᠎ᠠ᠃ ᠭᠡᠪᠡᠴᠦ᠍᠂ ᠨᠠᠮ ᠵᠠᠰᠠᠭ᠎ᠠᠴᠠ ᠠᠬᠠᠮᠠᠳ ᠴᠡᠷᠢᠭ᠎ᠤᠨ ᠪᠡᠯᠪᠡᠰᠤᠨ ᠡᠬᠡᠨᠡᠷ ᠪᠤᠯᠤᠬ᠍ᠰᠡᠨ ᠨᠠᠮᠠᠶ᠋ᠢ ᠦᠷᠬᠦᠯᠵᠢ ᠪᠤᠯᠭᠤᠭᠠᠨ ᠦᠵᠡᠵᠦ᠍ ᠪᠠᠢᠭ᠎ᠠ᠎ᠳᠤ ᠦᠨᠡᠨ ᠰᠡᠳᠭᠢᠯ᠎ᠠᠴᠠ᠎ᠪᠠᠨ ᠪᠠᠶᠠᠷᠯᠠᠨ ᠲᠠᠯᠠᠷᠬᠠᠵᠦ᠍ ᠪᠠᠢᠨ᠎ᠠ᠃ ᠴᠠᠭᠠᠨ ᠰᠠᠷ᠎ᠠ᠎ᠠᠴᠠ ᠡᠮᠤᠨᠡᠭᠡᠨ᠂ ᠬᠤᠱᠢᠭᠤᠨ᠎ᠤ ᠴᠡᠷᠢᠭ᠎ᠠᠴᠠ ᠬᠠᠯᠠᠬ᠍ᠳᠠᠬ᠍ᠰᠡᠳᠤᠨ ᠶᠠᠪᠤᠳᠠᠯ᠎ᠤᠨ ᠲᠤᠪᠴᠢᠶ᠎ᠠ᠎ᠶ᠋ᠢᠨ ᠤᠳᠤᠷᠢᠳᠤᠯᠭ᠎ᠠ ᠨᠡᠷ ᠴᠦ᠍ ᠬᠦᠷᠤᠯᠴᠡᠨ ᠢᠷᠡᠵᠦ᠍ ᠮᠢᠨᠦ᠍ ᠡᠷᠡᠬᠦᠯ ᠴᠢᠬᠢᠷᠠᠭ ᠬᠢᠭᠡᠳ ᠠᠵᠦ᠍ ᠠᠮᠢᠳᠤᠷᠡᠯ᠎ᠢ ᠠᠰᠠᠭᠤᠨ ᠬᠠᠯᠠᠮᠵᠢᠯᠠᠵᠦ᠍ ᠪᠤᠯᠭᠤᠭᠠᠨ ᠲᠤᠬᠤᠨᠢᠭᠤᠯᠵᠠᠢ〉 ᠬᠡᠵᠦ᠍ ᠨᠠᠰᠤᠳᠠᠨ ᠰᠡᠳᠭᠢᠯ ᠲᠤᠬ᠍ᠳᠤᠯᠤᠨ ᠰᠤᠷᠪᠤᠯᠵᠢᠯᠠᠬ᠍ᠴᠢ᠎ᠳᠤ ᠶᠠᠷᠢᠬ᠍ᠰᠡᠨ ᠶᠤᠮ᠃
ᠨᠠᠰᠤᠳᠡᠨᠤ ᠬᠠᠭᠤᠴᠢᠯᠠᠬᠤ᠎ᠪᠠᠷ᠂ ᠲᠡᠬᠦᠨ᠎ᠤ ᠡᠷ᠎ᠠ ᠨᠦᠬᠦᠷ᠎ᠨᠢ 1947 ᠤᠨ᠎ᠳᠤ ᠲᠤᠮᠳᠡᠳᠦ ᠤᠯᠤᠰ᠎ᠤᠨ ᠠᠷᠡᠳ᠎ᠤᠨ ᠴᠢᠯᠦᠭᠡᠯᠡᠬᠦ᠌ ᠴᠡᠷᠢᠭ᠎ᠲᠤ ᠡᠯᠰᠡᠭ᠌ᠳᠡᠨ᠂ ᠡᠭᠡ ᠤᠯᠤᠰ᠎ᠤᠨ ᠴᠢᠯᠦᠭᠡᠯᠡᠯᠳᠠ ᠬᠢᠭᠡᠳ ᠪᠦᠳᠦᠭᠡᠨ ᠪᠠᠢᠭᠤᠯᠤᠯᠳᠠ᠎ᠶ᠋ᠢᠨ ᠤᠢᠯᠡᠰ᠎ᠲᠤ ᠡᠷᠡᠯᠭᠡᠭ ᠪᠠᠭᠠᠳᠤᠷᠯᠢᠭ᠎ᠢᠶᠠᠷ ᠪᠠᠢᠯᠳᠤᠵᠦ᠍ ᠶᠠᠪᠤᠭᠠᠳ 1955 ᠤᠨ᠎ᠳᠤ ᠦᠡᠭ᠌ᠭᠡ ᠭᠡᠷᠡᠯᠳᠠᠢ᠎ᠪᠠᠷ ᠴᠡᠷᠢᠭ᠎ᠠᠴᠠ ᠬᠠᠯᠠᠬ᠍ᠳᠠᠵᠦ᠍ ᠨᠤᠳᠤᠭ᠎ᠲᠠᠭᠠᠨ ᠪᠤᠴᠠᠵᠠᠢ᠃ ᠲᠡᠭᠡᠭᠡᠳ᠂ ᠠᠰᠦᠷᠦ᠍ ᠶᠡᠭᠡ ᠦᠨ᠎ᠠ᠎ᠪᠠᠷ ᠤᠯᠤᠬ᠍ᠰᠡᠨ ᠡᠩᠭᠡ ᠲᠠᠢᠪᠤᠡᠭ᠂ ᠠᠵᠠ ᠵᠢᠷᠭᠠᠯ᠎ᠢᠶᠠᠨ ᠡᠷᠬᠢᠮᠯᠡᠨ ᠨᠠᠨᠳᠢᠩᠨᠡᠵᠦ᠍᠂ ᠡᠭᠡᠯ ᠵᠢᠷ᠎ᠤᠨ ᠮᠠᠯᠴᠢᠨ ᠲᠡᠷᠢᠶᠡᠴᠢᠨᠤ ᠬᠤᠪᠢ᠎ᠪᠠᠷ ᠬᠠᠤᠯᠢ ᠲᠦᠷᠢᠮ᠎ᠢ ᠵᠢᠱ᠌ᠢᠶᠠᠴᠢ᠎ᠪᠠᠷ ᠵᠢᠷᠤᠮᠯᠠᠨ᠂ ᠨᠤᠳᠤᠭ ᠤᠰᠤᠨ᠎ᠤ᠎ᠪᠠᠨ ᠪᠦᠳᠦᠭᠡᠨ ᠪᠠᠢᠭᠤᠯᠤᠯᠳᠠ᠎ᠳᠤ ᠠᠷᠡᠯ᠎ᠤᠨ ᠱᠠᠷ ᠱᠢᠬ ᠵᠢᠳᠬᠦᠵᠦ᠍ ᠶᠠᠪᠤᠬᠤ᠎ᠳᠠᠭᠠᠨ ᠬᠡᠵᠢᠶᠡᠳᠠ ᠠᠭᠤᠤ ᠨᠠᠮ ᠬᠢᠭᠡᠳ ᠡᠭᠡ ᠤᠯᠤᠰ᠎ᠲᠠᠭᠠᠨ ᠴᠢᠩ ᠰᠡᠳᠭᠢᠯ᠎ᠠᠴᠠ᠎ᠪᠠᠨ ᠲᠠᠯᠠᠷᠬᠠᠵᠦ᠍᠂ ᠦᠪᠡᠷ᠎ᠤᠨ ᠬᠤᠪᠢ ᠬᠦᠮᠦᠨ᠎ᠤ ᠤᠴᠢᠷ ᠶᠠᠪᠤᠳᠠᠯ᠎ᠢᠶᠠᠷ ᠬᠤᠯᠪᠤᠬ᠍ᠳᠠᠯ ᠪᠦᠬᠦᠢ ᠰᠠᠯᠠᠭ᠎ᠠ ᠮᠦᠴᠢᠷ᠎ᠢ ᠦᠯᠦ᠍ ᠡᠷᠢᠬᠦ᠌᠎ᠶ᠋ᠢ ᠨᠠᠰᠤᠨ ᠲᠤᠷᠱᠢᠳᠠ ᠬᠢᠴᠢᠶᠡᠭ᠌ᠰᠡᠨ ᠬᠡᠳᠡᠭ᠃ ᠲᠠᠷᠠᠪᠠᠷ ᠠᠮᠢᠳᠦ ᠰᠡᠷᠡᠬᠦᠨ ᠪᠠᠢᠬᠤ᠎ᠳᠤ᠂ ᠦᠷᠬᠦᠯᠵᠢ ᠴᠢᠯᠦᠭᠡᠯᠡᠯᠳᠠ᠎ᠶ᠋ᠢᠨ ᠦᠶ᠎ᠠ᠎ᠶ᠋ᠢᠨ ᠺᠢᠨᠣ᠋ ᠲᠧᠯᠸᠢᠰ᠎ᠢ ᠦᠵᠡᠵᠦ᠍ ᠨᠢᠯᠪᠤᠰᠦ ᠠᠰᠭᠠᠷᠠᠭᠤᠯᠤᠨ ᠲᠤᠬᠠᠢ᠎ᠶ᠋ᠢᠨ ᠦᠶ᠎ᠠ᠎ᠶ᠋ᠢᠨ ᠦᠯᠢᠭᠡᠷ ᠶᠠᠪᠤᠳᠠᠯ᠎ᠢᠶᠠᠨ ᠦᠯᠢᠭᠡᠷᠴᠢᠯᠡᠨ ᠶᠡᠷᠢᠵᠦ᠍ ᠦᠷᠭᠡᠨ ᠲᠦᠮᠡᠨ᠎ᠳᠡᠭᠡᠨ ᠡᠯᠢᠭᠡᠨ ᠬᠠᠢᠷ᠎ᠡ᠎ᠳᠦ ᠡᠭᠡ ᠤᠯᠤᠰ᠎ᠢᠶᠠᠨ ᠬᠠᠢᠷᠠᠯᠠᠨ ᠬᠠᠮᠠᠭᠠᠯᠠᠬᠤ ᠬᠦᠮᠤᠵᠢᠯ ᠤᠬᠠᠭᠤᠯᠭ᠎ᠠ᠎ᠶ᠋ᠢᠨ ᠠᠵᠢᠯ᠎ᠢ ᠰᠠᠢᠨ ᠲᠤᠷ᠎ᠠ᠎ᠠᠴᠠ᠎ᠪᠠᠨ ᠡᠬᠦᠷᠭᠡᠯᠡᠨ᠂ ᠨᠠᠰᠤᠨ ᠲᠤᠷᠱᠢᠳᠠ ᠪᠠᠢᠯᠳᠤᠬ᠍ᠴᠢ ᠠᠯᠳᠡᠷ᠎ᠲᠠᠭᠠᠨ ᠤᠰᠤᠯᠳᠠᠯ ᠦᠭᠡᠢ ᠶᠠᠪᠤᠵᠠᠢ᠃
《ᠪᠢ ᠨᠠᠮ ᠵᠠᠰᠠᠭ᠎ᠤᠨ᠎ᠢᠶᠠᠨ ᠬᠠᠢᠷ᠎ᠠ ᠬᠠᠯᠠᠮᠵᠢ᠎ᠶ᠋ᠢ ᠬᠡᠵᠢᠶᠡᠳᠠ ᠮᠡᠷᠳᠠᠬᠤ ᠦᠭᠡᠢ》 ᠬᠡᠳᠡᠭ ᠦᠭᠡ᠎ᠶ᠋ᠢ ᠳ᠋ᠠᠢ ᠱᠢᠶᠤᠤ ᠨᠠᠰᠤᠳᠡᠨ ᠦᠷᠬᠦᠯᠵᠢ ᠦᠷ᠎ᠠ ᠬᠡᠤᠭᠡᠳᠲᠡᠭᠡᠨ ᠶᠡᠷᠢᠬᠤ ᠪᠦᠭᠡᠳ 《ᠲᠤᠰᠤᠯ ᠤᠰᠦ ᠲᠠᠯᠠᠢ᠎ᠳᠤ ᠨᠠᠮᠠᠷᠢ ᠪᠤᠯᠳᠠᠭ ᠶᠤᠮ ᠱᠢᠤ᠂ ᠲᠠ ᠨᠠᠷ ᠡᠭᠡ ᠤᠯᠤᠰ᠂ ᠨᠠᠮ ᠵᠠᠰᠠᠭ᠎ᠲᠠᠭᠠᠨ ᠬᠦᠴᠦ᠍ ᠬᠦᠯᠦᠰᠦ᠎ᠪᠠᠨ ᠡᠷᠬᠦᠵᠦ᠍ ᠶᠠᠪᠤᠭᠠᠷᠠᠢ》 ᠬᠡᠵᠦ᠍ ᠵᠡᠬᠢᠳᠠᠭ ᠪᠠᠢᠯ᠎ᠠ᠃ ᠤᠴᠢᠷ᠎ᠨᠢ᠂ ᠡᠨᠡ ᠬᠦ᠌ ᠡᠭᠡᠯ ᠵᠢᠷ᠎ᠤᠨ ᠪᠤᠯᠪᠠᠴᠦ᠍ ᠠᠭᠤᠤ ᠶᠡᠭᠡ ᠦᠭᠡ᠎ᠨᠢ ᠲᠡᠬᠦᠨ᠎ᠤ ᠡᠷ᠎ᠠ ᠨᠦᠬᠦᠷ᠎ᠤᠨ ᠬᠢᠨᠢ 《ᠵᠢᠷᠤᠭᠡᠨ᠎ᠤ ᠲᠠᠷᠨᠢ》 ᠪᠠᠢᠬ᠍ᠰᠡᠨ ᠬᠡᠳᠡᠭ᠎ᠢ ᠲᠠᠷᠠᠪᠠᠷ ᠶᠠᠭᠠᠬᠢᠵᠦ᠍ ᠮᠠᠷᠳᠠᠬᠤ ᠪᠢᠯᠠ᠃