ᠲᠤᠮᠢᠯᠠᠬ᠍ᠰᠠᠨ ᠰᠠᠯᠪᠤᠷᠢ᠎ᠳᠠᠬᠢ ᠣᠨᠴᠠᠭᠠᠢ ᠪᠢᠳᠡᠬᠦᠨ᠎ᠤ ᠬᠤᠭᠤᠯᠠ
2021-02-26 16:08:54
ᠵᠣᠬᠢᠶᠠᠭ᠍ᠴᠢ᠄
ᠱᠢᠨᠡᠪᠢᠯᠢᠭ
ᠣᠩᠱᠢᠭ᠍ᠰᠠᠨ ᠣᠳᠠᠭ᠎ᠠ᠄
★★★☆☆

2 ᠰᠠᠷ᠎ᠠ᠎ᠶ᠋ᠢᠨ 11 ᠎ᠤ ᠰᠦᠨᠢ᠂ ᠲᠤᠢᠬ ᠱᠢᠯᠢ ᠬᠦᠷ ᠬᠥᠭ᠌ᠵᠢᠶᠡᠨ᠎ᠢᠶᠠᠷ ᠪᠢᠯᠬᠠᠵᠤ᠂ ᠬᠦᠮᠦᠰ ᠣᠯᠠᠭᠠᠨ ᠳ᠋ᠧᠩᠯᠦ᠍ ᠡᠯᠭᠦᠵᠦ᠍᠂ ᠬᠤᠣᠰ ᠤᠶᠠᠩᠭ᠎ᠠ ᠨᠠᠭᠠᠵᠤ᠂ ᠬᠤᠭᠤᠯᠠ ᠪᠣᠳᠠᠭ᠎ᠠ ᠬᠢᠵᠦ᠍᠂ ᠳᠤᠮᠳᠠᠳᠤᠴᠣᠳ᠎ᠤᠨ ᠣᠯᠠᠮᠵᠢᠯᠠᠯᠳᠣ ᠵᠠᠩᠱᠢᠯ᠎ᠢᠶᠠᠷ ᠪᠢᠳᠡᠬᠦᠯᠡᠬᠦ᠌᠎ᠪᠠᠷ ᠶᠠᠭᠠᠷᠠᠯᠲᠤᠨ᠎ᠠ᠃ 36 ᠨᠠᠰᠤᠲᠠᠶ ᠲᠤᠢᠬ ᠱᠢᠯᠢ ᠬᠢᠯᠢ᠎ᠶ᠋ᠢᠨ ᠲᠤᠮᠢᠯᠠᠬ᠍ᠰᠠᠨ ᠰᠠᠯᠪᠤᠷᠢ᠎ᠶ᠋ᠢᠨ ᠲᠠᠷᠤᠭ᠎ᠠ ᠰᠡᠷᠭᠦᠯᠡᠩ ᠬᠡᠳᠦ᠋ᠢᠪᠡᠷ ᠪᠠᠢᠭᠤᠯᠭ᠎ᠠ᠎ᠳᠠᠭᠠᠨ ᠴᠠᠭᠠᠨ ᠰᠠᠷ᠎ᠠ᠎ᠶ᠋ᠢ ᠣᠯᠠᠨ ᠤᠳᠠᠭ᠎ᠠ ᠥᠩᠭᠡᠷᠡᠭᠦᠯᠦᠭ᠌ᠰᠡᠨ ᠪᠣᠯᠪᠠᠴᠤ᠌ ᠡᠨᠡ ᠴᠠᠭᠠᠨ ᠰᠠᠷ᠎ᠠ᠎ᠨᠢ ᠲᠡᠭᠦᠨ᠎ᠳᠤ ᠠᠪᠴᠤ᠌ ᠬᠡᠯᠡᠪᠡᠯ ᠮᠠᠰᠢ ᠴᠢᠬᠤᠯᠠ ᠠᠴᠢ ᠬᠤᠯᠪᠣᠭ᠍ᠳᠠᠯ᠎ᠲᠠᠢ ᠠᠵᠢ᠃ ᠤᠴᠢᠷ᠎ᠨᠢ ᠰᠡᠷᠬᠦᠯᠡᠩ᠎ᠤᠨ 《ᠬᠤᠶᠠᠷ ᠡᠵᠢ》 ᠎ᠨᠢ ᠴᠠᠭᠠᠨ ᠰᠠᠷ᠎ᠠ ᠪᠠᠢᠭᠤᠯᠭ᠎ᠠ᠎ᠳᠤᠨᠢ ᠢᠷᠡᠵᠦ᠍ ᠲᠡᠬᠦᠨ᠎ᠳᠤ ᠬᠠᠨᠢ ᠪᠤᠯᠵᠤ ᠱᠢᠨᠡᠯᠡᠵᠦ᠍ ᠪᠣᠢ᠃

ᠰᠡᠷᠬᠦᠯᠡᠩ 2002 ᠣᠨ᠎ᠳᠤ ᠦᠰᠴᠦ᠍ ᠲᠦᠷᠦᠭ᠌ᠰᠡᠨ ᠬᠤᠷᠴᠢᠨ᠎ᠤ ᠲᠠᠯ᠎ᠠ ᠨᠤᠲᠤᠭ᠎ᠠᠴᠠ᠎ᠪᠠᠨ ᠰᠠᠯᠵᠤ᠂ ᠲᠤᠢᠬ ᠱᠢᠯᠢ ᠬᠢᠯᠢ᠎ᠶ᠋ᠢᠨ ᠲᠤᠮᠢᠯᠠᠬ᠍ᠰᠠᠨ ᠰᠠᠯᠪᠤᠷᠢ᠎ᠳᠤ ᠢᠷᠡᠵᠡᠢ᠃ ᠡᠨᠡ ᠵᠢᠯ᠎ᠤᠨ ᠴᠠᠭᠠᠨ ᠰᠠᠷ᠎ᠠ᠎ᠳᠤ᠂ ᠤᠤᠯ᠎ᠨᠢ ᠭᠡᠷ᠎ᠲᠡᠭᠡᠨ ᠬᠠᠷᠢᠵᠤ ᠲᠦᠷᠦᠯ ᠰᠠᠳᠤᠨ᠎ᠢᠶᠠᠨ ᠡᠷᠭᠢᠵᠦ᠍ ᠦᠵᠡᠬᠦ᠌᠎ᠪᠠᠷ ᠪᠡᠯᠡᠳᠭᠡᠵᠦ᠍ ᠪᠠᠢᠭ᠍ᠰᠠᠨ ᠰᠡᠷᠭᠦᠯᠡᠩ ᠠᠵᠢᠯ᠎ᠤᠨ ᠱᠢᠯᠲᠠᠭᠠᠨ᠎ᠠᠴᠠ ᠪᠤᠯᠵᠤ᠂ ᠪᠠᠢᠭᠤᠯᠭ᠎ᠠ᠎ᠳᠠᠭᠠᠨ ᠦᠯᠡᠳᠡᠵᠦ᠍ ᠱᠢᠨᠡᠯᠡᠬᠦ᠌᠎ᠪᠠᠷ ᠪᠣᠯᠪᠠ᠃ ᠰᠡᠷᠬᠦᠯᠡᠩ ᠭᠡᠷ᠎ᠲᠡᠭᠡᠨ ᠬᠠᠷᠢᠵᠤ ᠱᠢᠨᠡᠯᠡᠵᠦ᠍ ᠳᠡᠢᠯᠬᠦ᠌ ᠦᠭᠡᠢ ᠪᠣᠯᠣᠭ᠍ᠰᠠᠨ ᠣᠴᠢᠷ᠎ᠢᠶᠠᠨ ᠡᠵᠢ ᠸᠠᠩ ᠯᠢᠩᠬ᠍ᠸ᠎ᠠ᠎ᠳᠠᠭᠠᠨ ᠬᠡᠯᠡᠭ᠌ᠰᠡᠨ᠎ᠳᠤ ᠡᠵᠢ᠎ᠨᠢ ᠠᠯᠠᠱᠠ᠎ᠳᠤ ᠢᠷᠡᠵᠦ᠍ ᠲᠡᠬᠦᠨ᠎ᠢ ᠦᠵᠡᠬᠦ᠌᠎ᠪᠠᠷ ᠪᠤᠯᠪᠠ᠃ ᠰᠡᠷᠬᠦᠯᠡᠩ ᠡᠨᠡ ᠪᠠᠶᠠᠷ᠎ᠤᠨ ᠴᠢᠮᠡᠭᠡ᠎ᠶ᠋ᠢ ᠰᠠᠯᠪᠤᠷᠢ᠎ᠶ᠋ᠢᠨ ᠬᠠᠮᠳᠣ ᠠᠵᠢᠯᠯᠠᠭ᠍ᠰᠠᠳ ᠵᠢᠴᠢ ᠡᠵᠡᠨ᠎ᠡ ᠬᠤᠱᠢᠭᠤᠨ ᠎ᠳᠤ ᠠᠮᠢᠳᠣᠷᠠᠵᠣ  ᠪᠠᠢᠭ᠎ᠠ ᠡᠬᠡᠨᠡᠷ᠎ᠲᠡᠭᠡᠨ ᠬᠡᠯᠡᠵᠦ᠍ ᠥᠭ᠌ᠴᠡᠶ᠃ ᠶᠠᠷᠢᠶᠠᠨ ᠦᠭᠡᠢ᠂ ᠰᠡᠷᠭᠦᠯᠡᠩ ᠪᠠᠰᠠ ᠲᠤᠢᠬ ᠱᠢᠯᠢ ᠎ᠳᠠᠬᠢ 《ᠡᠵᠢ》 ᠰᠤᠶᠤᠯᠳᠤᠶᠠᠭ᠎ᠠ᠎ᠳᠠᠭᠠᠨ ᠬᠡᠯᠡᠵᠦ᠍ ᠦᠭ᠌ᠴᠡᠢ᠃

ᠳᠠᠯᠠ ᠭᠠᠷᠤᠭ᠍ᠰᠠᠨ ᠰᠤᠶᠤᠯᠳᠤᠶᠠᠭ᠎ᠠ ᠨᠠᠰᠤᠳᠠᠨ ᠪᠤᠯ ᠲᠤᠢᠬ ᠱᠢᠯᠢ ᠬᠢᠯᠢ᠎ᠶ᠋ᠢᠨ ᠲᠤᠮᠢᠯᠠᠬ᠍ᠰᠠᠨ ᠰᠠᠯᠪᠤᠷᠢ᠎ᠠᠴᠠ 3 ᠺᠢᠯᠦᠮᠧᠲᠷ᠎ᠤᠨ ᠵᠠᠢᠳᠠᠢ ᠭᠠᠵᠠᠷ᠎ᠲᠤ ᠰᠠᠭᠤᠭ᠎ᠠ ᠨᠠᠰᠤᠳᠠᠨ ᠪᠠᠢᠵᠤ᠂ ᠡᠪᠦᠬᠡᠨ᠎ᠨᠢ ᠡᠷᠳᠡ ᠨᠠᠰᠤ ᠪᠠᠷᠠᠵᠤ᠂ ᠬᠦᠦ᠎ᠨᠢ ᠤᠷᠳᠤ ᠬᠤᠭᠤᠴᠠᠭ᠎ᠠ᠎ᠪᠠᠷ ᠭᠠᠳᠠᠨ᠎ᠠ ᠠᠵᠢᠯᠯᠠᠳᠠᠬ ᠪᠤᠯᠬᠤᠷ ᠨᠠᠰᠤᠳᠠᠨ ᠭᠠᠭ᠍ᠴᠠᠭᠠᠷ ᠪᠤᠢᠳᠠ ᠪᠦᠭ᠌ᠯᠡᠬᠦᠦ ᠨᠤᠳᠤᠬ᠎ᠲᠤ ᠠᠮᠢᠳᠤᠷᠠᠵᠤ ᠪᠠᠢᠳᠠᠬ᠃ ᠰᠡᠷᠬᠦᠯᠡᠩ 2019 ᠤᠨ᠎ᠳᠤ ᠲᠤᠢᠬ ᠱᠢᠯᠢ ᠬᠢᠯᠢ᠎ᠶ᠋ᠢᠨ ᠲᠤᠮᠢᠯᠠᠬ᠍ᠰᠠᠨ ᠰᠠᠯᠪᠤᠷᠢ᠎ᠶ᠋ᠢᠨ ᠲᠠᠷᠤᠭ᠎ᠠ ᠪᠤᠯᠤᠬ᠍ᠰᠠᠨ᠎ᠤ ᠲᠠᠷᠠᠭ᠎ᠠ ᠦᠷᠬᠦᠯᠵᠢ ᠨᠠᠰᠤᠳᠠᠨ᠎ᠤ ᠬᠡᠷ᠎ᠲᠤ ᠬᠦᠷᠴᠦ᠍᠂ ᠬᠤᠪᠴᠠᠰᠤ ᠬᠤᠨᠠᠷ᠎ᠢ᠎ᠨᠢ ᠤᠬᠢᠶᠠᠨ ᠬᠤᠭᠤᠯᠠ ᠣᠮᠳᠠ᠎ᠶ᠋ᠢ᠎ᠨᠢ ᠬᠢᠵᠦ᠍ ᠦᠭ᠌ᠭᠦᠨ᠂ ᠡᠳᠦᠷ᠎ᠤᠨ ᠤᠳᠠᠭᠠᠨ᠎ᠳᠤ ᠬᠠᠢᠷ᠎ᠠ ᠰᠡᠳᠭᠢᠯᠬᠡ᠎ᠲᠠᠢ ᠪᠤᠯᠵᠤ᠂ ᠬᠤᠵᠢᠮ᠎ᠨᠢ ᠨᠠᠰᠤᠳᠠᠨ ᠰᠡᠷᠬᠦᠯᠡᠩ᠎ᠢ 《ᠮᠢᠨᠦ᠍ ᠬᠦᠦ》 ᠬᠡᠵᠦ᠍ ᠲᠠᠭᠤᠳᠠᠳᠠᠬ ᠪᠤᠯᠵᠦ᠍᠂ ᠰᠡᠷᠬᠦᠯᠡᠩ ᠪᠠᠰᠠ ᠨᠢᠬᠡ 《ᠡᠵᠢ》 ᠎ᠲᠠᠢ ᠪᠤᠯᠵᠠᠢ᠃ ᠰᠤᠶᠤᠯᠲᠤᠶᠠᠭ᠎ᠠ ᠨᠠᠰᠤᠲᠠᠨ ᠴᠠᠭ᠍ᠳᠠᠭ᠎ᠠ 《ᠬᠦᠦ》 ᠎ᠶ᠋ᠢᠨ ᠬᠢᠨᠢ ᠡᠵᠢ᠎ᠨᠢ ᠢᠷᠡᠬᠦ᠌᠎ᠪᠠᠷ ᠪᠠᠢᠭ᠎ᠠ ᠴᠢᠮᠡᠭᠡ᠎ᠶ᠋ᠢ ᠰᠣᠨᠣᠰᠤᠭᠠᠳ ᠮᠠᠰᠢ ᠪᠠᠶᠠᠷᠯᠠᠵᠤ᠂ ᠪᠢᠲᠡᠭᠦᠨ᠎ᠤ ᠡᠳᠦᠷ ᠡᠷᠲᠡᠯᠡᠨ ᠲᠣᠮᠢᠯᠠᠭ᠍ᠰᠠᠨ ᠰᠠᠯᠪᠤᠷᠢ᠎ᠳᠤ ᠬᠦᠷᠴᠦ᠍ ᠢᠷᠡᠵᠡᠢ᠃ 2 ᠰᠠᠷ᠎ᠠ᠎ᠶ᠋ᠢᠨ 11 ᠎ᠤ ᠡᠳᠦᠷ᠂ ᠸᠠᠩ ᠯᠢᠩᠬᠤ᠎ᠠ  ᠬᠦᠦ ᠪᠡᠷᠢ ᠭᠦᠸᠧ ᠯᠢ ᠵᠢᠦᠸᠠᠨ᠂ ᠣᠮᠪᠣᠯᠣ  ᠥᠬᠢᠨ  ᠯᠢᠦ ᠱᠢᠶᠤᠤ ᠷᠠᠨ ᠲᠠᠢ ᠎ᠪᠠᠨ  ᠲᠤᠢᠬ ᠱᠢᠯᠢ  ᠬᠢᠯᠢ ᠎ᠶ᠋ᠢᠨ ᠲᠣᠮᠢᠯᠠᠭ᠍ᠰᠠᠨ ᠰᠠᠯᠪᠤᠷᠢ ᠎ᠳᠤ  ᠬᠦᠷᠴᠦ᠍ ᠢᠷᠡᠬᠡᠳ᠂ ᠬᠦᠦ ᠎ᠶ᠋ᠢᠨ᠎ᠢᠶᠠᠨ ᠨᠦᠬᠦᠬᠡ 《ᠡᠵᠢ》 ᠰᠤᠶᠤᠯᠳᠤᠶᠠᠭ᠎ᠠ᠎ᠲᠠᠢ ᠵᠤᠯᠭᠠᠵᠤ ᠮᠡᠨᠳᠦ ᠤᠰᠤ᠎ᠪᠠᠨ ᠮᠡᠳᠡᠯᠴᠡᠨ᠂ ᠪᠠᠶᠠᠷ ᠪᠠᠶᠠᠰᠭᠤᠯᠠᠩ᠎ᠲᠠᠢ ᠴᠠᠭᠠᠨ ᠰᠠᠷ᠎ᠠ᠎ᠪᠠᠨ ᠤᠭ᠍ᠳᠤᠵᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠤᠶᠤᠯᠲᠦ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号