ᠲᠠᠳᠠᠭᠤᠷᠠᠰᠢ ᠦᠭᠡᠢ ᠤᠶᠠᠩᠭ᠎ᠠ᠎ᠶ᠋ᠢᠨ ᠤᠷᠤᠰᠭᠠᠯ 《ᠱᠢᠯᠢ᠎ᠶ᠋ᠢᠨ ᠭᠤᠤᠯ》
2021-03-15 10:20:44
ᠵᠣᠬᠢᠶᠠᠭ᠍ᠴᠢ᠄
ᠪᠠᠶᠠᠰᠭᠤᠯᠠᠩ ᠪᠢᠯᠢᠭ᠌ᠪᠡᠭᠠᠳᠤᠷ
ᠣᠩᠱᠢᠭ᠍ᠰᠠᠨ ᠣᠳᠠᠭ᠎ᠠ᠄
★★★☆☆

— 《ᠱᠢᠯᠢ᠎ᠶ᠋ᠢᠨ ᠭᠤᠤᠯ》 ᠰᠡᠳᠬᠦᠯ᠎ᠤᠨ ᠬᠡᠪᠯᠡᠯ ᠡᠬᠢᠯᠡᠭ᠌ᠰᠡᠨ 40 ᠵᠢᠯ᠎ᠤᠨ ᠤᠢ᠎ᠶ᠋ᠢᠨ ᠡᠷᠭᠢᠴᠡᠭᠦᠯᠦᠯ ᠲᠡᠮᠳᠡᠭ᠌ᠯᠡᠯ

ᠱᠢᠯᠢ᠎ᠶ᠋ᠢᠨ ᠭᠤᠤᠯ — ᠱᠢᠵᠢᠷ ᠲᠤᠯᠬᠢᠶᠠᠨ ᠬᠠᠶᠠᠯᠠᠨ ᠱᠢᠯᠢ ᠨᠤᠲᠤᠭ᠎ᠢᠶᠠᠨ ᠤᠮᠳᠠᠯᠠᠬᠤ ᠡᠩᠭᠡ᠎ᠶ᠋ᠢᠨ ᠭᠤᠤᠯ ᠡ! 《ᠱᠢᠯᠢ᠎ᠶ᠋ᠢᠨ ᠭᠤᠤᠯ》 — ᠤᠶᠤᠨ᠎ᠤ ᠤᠨᠳᠤᠷᠤᠭ᠎ᠠ ᠴᠠᠬᠢᠯᠤᠨ ᠤᠬᠠᠭᠠᠨ ᠪᠢᠯᠢᠭ᠎ᠢ ᠬᠤᠷᠴᠠᠯᠠᠬᠤ ᠮᠦᠡᠭ᠌ᠭᠡ᠎ᠶ᠋ᠢᠨ ᠭᠤᠤᠯ ᠡ!

ᠲᠦᠴᠢᠨ ᠤᠨ᠎ᠤ ᠲᠡᠷᠳᠡᠭᠡ 《ᠱᠢᠯᠢ᠎ᠶ᠋ᠢᠨ ᠭᠤᠤᠯ》 ᠰᠡᠳᠬᠦᠯ ᠬᠡᠪᠯᠡᠯ ᠡᠬᠢᠯᠡᠭ᠌ᠰᠡᠨ᠎ᠠᠴᠠ ᠨᠠᠭᠠᠰᠢ᠂ ᠲᠠᠶᠠᠩ᠎ᠤᠨ ᠰᠤᠨᠤᠷ᠎ᠲᠤ ᠴᠤᠤᠷᠢᠶ᠎ᠠ ᠬᠠᠳᠠᠨ ᠲᠤᠯᠬᠢᠶᠠᠯᠠᠬᠤ ᠱᠢᠯᠢ᠎ᠶ᠋ᠢᠨ ᠭᠤᠤᠯ᠎ᠤᠨ ᠤᠷᠤᠰᠭᠠᠯ ᠬᠤᠤᠰ ᠪᠤᠯᠵᠤ᠂ ᠨᠢᠭᠡ᠎ᠨᠢ ᠦᠯᠦᠭᠡᠢ ᠨᠤᠳᠤᠭ᠎ᠢᠶᠠᠨ ᠤᠮᠳᠠᠯᠠᠨ᠂ ᠨᠦᠭᠦᠭᠡ᠎ᠨᠢ ᠤᠶᠤᠨ᠎ᠤ ᠲᠠᠯᠠᠢ᠎ᠶ᠋ᠢ ᠪᠠᠶᠠᠵᠢᠭᠤᠯᠤᠨ ᠤᠢ᠍ᠢᠯᠤᠨ ᠴᠦᠢᠯᠤᠨ ᠤᠷᠤᠰᠤᠯ᠎ᠠ ᠁

QQ截图20210113164512.jpg

《ᠱᠢᠯᠢ᠎ᠶ᠋ᠢᠨ ᠭᠤᠤᠯ》 ᠰᠠᠤᠠᠬᠦᠯ ᠦᠭᠡᠷᠡᠴᠢᠯᠡᠯᠳᠡ ᠨᠡᠭᠡᠭᠡᠯᠳᠡ᠎ᠶ᠋ᠢᠨ ᠦᠷᠨᠢᠭᠦᠨ ᠴᠠᠭ᠎ᠲᠤ ᠮᠠᠨᠳᠤᠯᠠᠵᠤ᠂ 40 ᠤᠨ᠎ᠤ ᠬᠠᠪᠤᠷ ᠨᠠᠮᠤᠷ᠎ᠢ ᠤᠭ᠍ᠳᠤᠵᠤ ᠦᠳᠡᠬᠦ᠌᠎ᠳᠡᠭᠡᠨ ᠠᠴᠢᠳᠤ ᠨᠠᠮ᠎ᠤᠨ᠎ᠢᠶᠠᠨ ᠬᠠᠯᠠᠮᠵᠢ ᠢᠪᠡᠭᠡᠯ᠎ᠳᠤ ᠵᠤᠷᠢᠭ᠍ᠵᠢᠨ᠂ ᠦᠭᠡᠷᠡᠴᠢᠯᠡᠯᠳᠡ ᠨᠡᠭᠡᠭᠡᠯᠳᠡ᠎ᠶ᠋ᠢᠨ ᠠᠤᠭ᠎ᠠ ᠪᠤᠳᠤᠯᠭ᠎ᠠ᠎ᠪᠠᠷ ᠲᠤᠷᠪᠢᠵᠢᠵᠤ ᠦᠭᠡᠳᠡᠯᠡᠨ ᠲᠡᠭ᠌ᠵᠢᠷᠡᠵᠦ᠍ ᠬᠦᠭ᠌ᠵᠢᠨ ᠪᠤᠵᠠᠭᠠᠢᠷᠠᠭ᠍ᠰᠠᠨ ᠶᠤᠮ᠃ ᠡᠨᠡ ᠲᠦᠴᠢᠨ ᠵᠢᠯ᠎ᠤᠨ ᠬᠤᠭᠤᠴᠠᠭ᠎ᠠ ᠪᠤᠯ ᠶᠠᠭ ᠰᠠᠶᠢᠬᠠᠨ ᠱᠢᠯᠢ᠎ᠶ᠋ᠢᠨ ᠭᠤᠤᠯ ᠠᠢᠮᠠᠭ᠎ᠤᠨ ᠵᠤᠬᠢᠶᠡᠯᠴᠢᠳ᠎ᠤᠨ ᠡᠩᠨᠡᠭᠡ ᠵᠢᠭ᠌ᠳᠡᠷᠡᠵᠦ᠍ ᠬᠦᠴᠤ᠌ ᠨᠢᠭ᠍ᠳᠠᠷᠠᠭ᠍ᠰᠠᠨ ᠡᠷᠢᠨ ᠦᠶ᠎ᠡ ᠪᠦᠭᠡᠳ ᠵᠤᠬᠢᠶᠠᠭ᠍ᠴᠢ᠎ᠨᠢ ᠪᠦᠲᠦᠭᠡᠯ᠎ᠢᠶᠠᠷ᠎ᠢᠶᠠᠨ ᠲᠤᠳᠤᠷᠠᠵᠤ᠂ ᠰᠡᠳᠬᠦᠯ᠎ᠨᠢ ᠠᠭᠤᠯᠭ᠎ᠠ᠎ᠪᠠᠷ᠎ᠢᠶᠠᠨ ᠠᠯᠳᠠᠷᠱᠢᠵᠤ᠂ 《ᠱᠢᠯᠢ᠎ᠶ᠋ᠢᠨ ᠭᠤᠤᠯ》 ᠰᠡᠳᠬᠦᠯ ᠮᠠᠨᠢ ᠬᠠᠭᠤᠳᠠᠰᠤ ᠬᠡᠮᠵᠢᠶ᠎ᠡ ᠵᠤᠵᠠᠭᠠᠨ᠂ ᠪᠦᠲᠦᠭᠡᠯ ᠰᠤᠳᠤᠯᠤᠯ ᠡᠯᠪᠡᠭ ᠴᠢᠨᠠᠷᠵᠢᠭᠤᠨ᠎ᠢᠶᠠᠷ᠎ᠢᠶᠠᠨ ᠤᠡᠭ᠌ᠰᠢᠬ᠍ᠴᠢ ᠤᠯᠠᠨ᠎ᠤ ᠤᠷᠮ᠎ᠠ᠎ᠶ᠋ᠢ ᠲᠠᠳᠠᠵᠤ ᠬᠦᠷᠢᠶᠡᠯᠡᠯ᠎ᠢ ᠤᠯᠤᠭ᠍ᠰᠠᠨ ᠱᠢᠯᠢᠳᠡᠭ ᠰᠡᠳᠬᠦᠯ ᠪᠤᠯᠤᠭ᠍ᠰᠠᠨ ᠶᠤᠮ᠃

1980 ᠤᠨ᠃ 《ᠱᠢᠯᠢ᠎ᠶ᠋ᠢᠨ ᠭᠤᠤᠯ》 ᠰᠠᠤᠠᠬᠦᠯ ᠦᠪᠡᠷᠳᠡᠭᠡᠨ ᠵᠠᠰᠠᠬᠤ ᠤᠷᠤᠨ᠎ᠤ ᠨᠠᠮ᠎ᠤᠨ ᠬᠤᠷᠢᠶ᠎ᠠ᠎ᠶ᠋ᠢᠨ ᠵᠦᠪᠱᠢᠶᠡᠷᠡᠯ᠎ᠢᠶᠠᠷ ᠠᠩᠬᠠᠯᠠᠨ 80 ᠨᠢᠭᠤᠷ᠎ᠢᠶᠠᠷ ᠬᠡᠪᠯᠡᠯ ᠡᠬᠢᠯᠡᠵᠦ᠍᠂ ᠤᠳᠠᠯ ᠦᠭᠡᠢ 88 ᠨᠢᠭᠤᠷ ᠪᠤᠯᠵᠤ᠂ 1996 ᠤᠨ᠎ᠤ ᠨᠡᠮᠡᠯᠳᠡ 6 ᠳ᠋ᠤᠭᠠᠷ ᠬᠤᠭᠤᠴᠠᠭ᠎ᠠ᠎ᠠᠴᠠ ᠨᠠᠭᠠᠰᠢ 96 ᠨᠢᠭᠤᠷ ᠪᠤᠯᠵᠤ᠂ 1997 ᠤᠨ᠎ᠠᠴᠠ ᠤᠳᠤ ᠪᠤᠯᠳᠠᠯ᠎ᠠ 104 ᠨᠢᠭᠤᠷ᠎ᠢᠶᠠᠷ ᠬᠡᠪᠯᠡᠭ᠌ᠳᠡᠭ᠌ᠰᠡᠭᠡᠷ ᠪᠠᠢᠨ᠎ᠠ᠃ ᠮᠦᠨ 2004 ᠤᠨ᠎ᠠᠴᠠ ᠰᠡᠳᠭᠦᠯ᠎ᠤᠨ ᠲᠤᠳᠤᠷ ᠨᠢᠭᠤᠷ᠎ᠢ ᠪᠤᠳᠤᠭ᠍ᠳᠤ ᠬᠡᠪᠯᠡᠯ ᠪᠤᠯᠭᠠᠨ ᠱᠢᠨᠡᠳᠭᠡᠭ᠌ᠰᠡᠨ ᠪᠦᠭᠡᠳ ᠳᠤᠤᠷ᠎ᠠ ᠬᠠᠭᠠᠰ ᠵᠢᠯ᠎ᠠᠴᠠ᠎ᠨᠢ 4 ᠪᠤᠳᠤᠭ᠍ᠳᠤ ᠨᠢᠭᠤᠷ᠎ᠤᠨ ᠬᠠᠪᠢᠰᠤ ᠨᠠᠮᠠᠵᠤ ᠡᠳᠦᠭᠡ ᠪᠤᠯᠵᠠᠢ᠃

《ᠮᠠᠨ᠎ᠤ ᠰᠡᠳᠬᠦᠯ ᠪᠤᠯ 1980 ᠤᠨ᠎ᠳᠤ ᠬᠡᠪᠯᠡᠯ ᠡᠬᠢᠯᠡᠭ᠌ᠰᠡᠨ ᠶᠤᠮ᠃ ᠶᠠᠭ ᠰᠠᠢᠬᠠᠨ ᠨᠠᠮ᠎ᠤᠨ ᠠᠷᠪᠠᠨ ᠨᠢᠬᠡᠲᠦᠭᠡᠷ ᠬᠤᠭᠤᠴᠠᠭᠠᠨ᠎ᠤ ᠲᠦᠪ ᠬᠤᠷᠢᠶᠠᠨ᠎ᠤ ᠭᠤᠷᠪᠠᠲᠤᠭᠠᠷ ᠪᠦᠬᠦᠳᠡ ᠬᠤᠷᠠᠯ ᠬᠤᠷᠠᠯᠲᠤᠭ᠍ᠰᠠᠨ᠎ᠤ ᠲᠠᠷᠠᠭᠠᠬᠢ ᠬᠤᠶᠠᠲᠤᠭᠠᠷ ᠵᠢᠯ᠂ ᠨᠠᠮ ᠵᠠᠰᠠᠭ᠎ᠤᠨ ᠲᠦᠷᠦ᠎ᠶ᠋ᠢᠨ ᠪᠤᠲᠤᠯᠭ᠎ᠠ᠎ᠶ᠋ᠢᠨ ᠲᠤᠶᠠᠭᠠᠯᠠᠯ᠎ᠢᠶᠠᠷ ᠡᠯ᠎ᠡ ᠵᠦᠢᠯ᠎ᠤᠨ ᠠᠵᠢᠯ ᠦᠢᠯᠡᠰ ᠦᠷᠨᠢᠬᠦᠨ ᠬᠦᠭ᠌ᠵᠢᠩᠬᠦᠢ ᠪᠤᠯᠵᠦ᠍ ᠪᠠᠢᠬ᠍ᠰᠠᠨ ᠦᠶ᠎ᠡ᠎ᠳᠤ ᠲᠤᠬᠠᠢ᠎ᠶ᠋ᠢᠨ ᠦᠶ᠎ᠡ᠎ᠶ᠋ᠢᠨ ᠱᠢᠯᠢ᠎ᠶ᠋ᠢᠨ ᠭᠤᠤᠯ ᠠᠢᠮᠠᠭ᠎ᠤᠨ ᠤᠳᠭ᠎ᠠ ᠤᠷᠠᠯᠢᠭ᠎ᠤᠨ᠎ᠬᠢᠨ᠎ᠤ ᠬᠤᠯᠪᠤᠭ᠎ᠠ᠎ᠶ᠋ᠢᠨ ᠲᠠᠷᠤᠭ᠎ᠠ ᠰᠠᠮᠪᠤᠤ ᠨᠠᠷ᠎ᠤᠨ ᠢᠳᠡᠪᠬᠢᠳᠡᠢ ᠴᠢᠷᠮᠠᠢᠯᠭ᠎ᠠ᠎ᠪᠠᠷ᠂ ᠦᠪᠦᠷ ᠮᠤᠩᠭᠤᠯ᠎ᠤᠨ ᠨᠠᠮ᠎ᠤᠨ ᠬᠤᠷᠢᠶ᠎ᠠ᠎ᠪᠠᠷ ᠵᠦᠪᠱᠢᠶᠡᠷᠡᠬᠦᠯᠦᠨ ᠠᠩᠬᠠᠨ᠎ᠤ ᠬᠡᠪᠯᠡᠯ᠎ᠢᠶᠠᠨ ᠬᠡᠪᠯᠡᠬᠦᠯᠵᠡᠢ》 ᠭᠡᠵᠦ᠍ 《ᠱᠢᠯᠢ᠎ᠶ᠋ᠢᠨ ᠭᠤᠤᠯ》 ᠰᠡᠳᠬᠦᠯ᠎ᠤᠨ ᠶᠡᠷᠦᠩᠭᠡᠢ ᠨᠠᠢᠷᠠᠭᠤᠯᠤᠬ᠍ᠴᠢ ᠫᠤ · ᠴᠤᠭ᠍ᠲᠤᠨᠠᠷᠠᠨ ᠶᠠᠷᠢᠨ᠎ᠠ᠃

《ᠱᠢᠯᠢ᠎ᠶ᠋ᠢᠨ ᠭᠤᠤᠯ》 ᠰᠡᠳᠬᠦᠯ ᠪᠤᠯ ᠮᠦᠨ ᠴᠤ᠌ ᠱᠢᠯᠢ᠎ᠶ᠋ᠢᠨ ᠭᠤᠤᠯ ᠨᠤᠲᠤᠭ᠎ᠠᠴᠠ ᠴᠤᠯᠭᠤᠷᠠᠨ ᠭᠠᠷᠴᠤ᠌ ᠤᠯᠠᠨ᠎ᠤ ᠲᠠᠰᠤᠯ ᠪᠤᠯᠤᠭ᠍ᠰᠠᠨ ᠠᠯᠳᠠᠷ ᠴᠤᠤᠳᠠᠢ ᠵᠤᠬᠢᠶᠠᠯᠴᠢ ᠱᠢᠯᠦᠭ᠌ᠴᠢ ᠢᠷᠠᠭᠤ ᠨᠠᠢᠷᠠᠭ᠍ᠴᠢᠳ᠎ᠤᠨ ᠮᠦᠷ᠎ᠢᠶᠠᠨ ᠲᠠᠮᠠᠭᠠᠯᠠᠵᠤ᠂ ᠨᠡᠷ᠎ᠡ᠎ᠪᠠᠨ ᠦᠯᠡᠳᠡᠭᠡᠨ᠂ ᠦᠰᠴᠤ᠌ ᠦᠨᠳᠡᠢᠭ᠌ᠰᠡᠨ ᠠᠷᠢᠭᠤᠨ ᠱᠢᠮᠡᠳᠤ ᠬᠦᠷᠦᠰᠤ ᠱᠢᠷᠤᠢ ᠪᠤᠯᠬᠤ ᠶᠤᠮ᠃ ᠲᠤᠰ ᠰᠡᠳᠬᠦᠯ ᠬᠡᠪᠯᠡᠯ ᠡᠬᠢᠯᠡᠭ᠌ᠰᠡᠨ᠎ᠤ ᠲᠠᠷᠠᠭ᠎ᠠ ᠵᠢᠯ ᠪᠤᠶᠤ 1981 ᠤᠨ᠎ᠳᠤ᠂ ᠵᠤᠬᠢᠶᠠᠯᠴᠢ ᠪᠠᠲᠤᠮᠦᠡᠭ᠌ᠭᠡ᠎ᠶ᠋ᠢᠨ 《ᠦᠳᠡᠰᠢ᠎ᠶ᠋ᠢᠨ ᠲᠤᠯᠠᠭᠠᠨ》 ᠲᠤᠭᠤᠵᠢ ᠠᠩᠬ᠎ᠠ ᠤᠳᠠᠭ᠎ᠠ ᠲᠤᠰ ᠰᠡᠳᠬᠦᠯ᠎ᠳᠤ ᠨᠡᠢᠳᠡᠯᠡᠭ᠌ᠳᠡᠭ᠌ᠰᠡᠨ᠎ᠠᠴᠠ ᠠᠪᠤᠭᠠᠳ ᠲᠡᠭᠦᠨ᠎ᠤ ᠠᠷᠤ᠎ᠠᠴᠠ ᠮᠦᠷ ᠮᠦᠷ᠎ᠢᠶᠠᠨ ᠲᠠᠷᠤᠭ᠍ᠰᠠᠨ ᠱᠢᠯᠢᠳᠡᠭ ᠰᠤᠳᠤᠨ ᠪᠦᠲᠦᠭᠡᠯ᠎ᠤᠳ 《ᠱᠢᠯᠢ᠎ᠶ᠋ᠢᠨ ᠭᠤᠤᠯ》 ᠬᠠᠶᠢᠭ᠎ᠢᠶᠠᠷ ᠵᠤᠷᠢᠨ ᠢᠷᠡᠬᠦ᠌ ᠪᠤᠯᠵᠠᠢ᠃

ᠦᠶ᠎ᠡ ᠦᠶ᠎ᠡ᠎ᠶ᠋ᠢᠨ ᠵᠤᠬᠢᠶᠠᠯᠴᠢᠳ᠎ᠤᠨ ᠪᠢᠯᠢᠭ ᠤᠶᠤᠨ᠎ᠢᠶᠠᠷ ᠬᠤᠷᠴᠠᠯᠠᠭ᠍ᠳᠠᠵᠤ᠂ ᠱᠢᠯᠢ᠎ᠶ᠋ᠢᠨ ᠭᠤᠤᠯ᠎ᠤᠨ ᠲᠡᠨᠵᠢᠨ᠎ᠠᠴᠠ ᠢᠷᠠᠭᠤ ᠲᠤᠤᠯᠢᠰ ᠤᠶᠠᠩᠭᠠᠷᠠᠨ ᠰᠠᠴᠤᠯᠠᠬᠤ ᠰᠠᠢᠨ᠎ᠤ ᠪᠡᠯᠭᠡᠳᠡᠯ᠎ᠲᠠᠢ ᠡ᠃ ᠲᠠᠬᠡᠷ᠎ᠠ ᠵᠠᠭᠤᠨ᠎ᠤ ᠨᠠᠶᠠ ᠶᠠᠷᠠᠬᠡᠤᠨ ᠤᠨ᠎ᠤ ᠦᠶ᠎ᠠ᠎ᠳᠤ᠂ 《ᠱᠢᠯᠢ᠎ᠶ᠋ᠢᠨ ᠭᠤᠤᠯ》 ᠰᠡᠳᠬᠦᠯ ᠵᠢᠯ᠎ᠳᠤ ᠨᠢᠭᠡ ᠤᠳᠠᠭ᠎ᠠ ᠬᠤᠷᠢ ᠬᠤᠨᠤᠭ᠎ᠤᠨ ᠪᠢᠯᠢᠭ᠎ᠤᠨ ᠴᠢᠭᠤᠯᠭᠠᠨ ᠡᠷᠬᠢᠯᠡᠳᠡᠭ ᠪᠠᠢᠵᠤ᠂ ᠡᠨᠡ ᠬᠤᠭᠤᠴᠠᠭᠠᠨ᠎ᠳᠤ ᠰᠡᠳᠭᠦᠯ᠎ᠤᠨ ᠨᠢᠭᠡ ᠵᠢᠯ᠎ᠤᠨ 《ᠬᠦᠨᠡᠰᠦ ᠶᠠᠭᠤᠮ᠎ᠠ》 ᠪᠠᠷᠤᠭ ᠪᠦᠷᠢᠳᠦᠴᠢᠭᠡᠳᠡᠭ ᠪᠠᠢᠭ᠍ᠰᠠᠨ ᠭᠡᠬᠦ᠌ ᠪᠦᠭᠡᠳ ᠵᠤᠬᠢᠶᠠᠯᠴᠢ᠎ᠶ᠋ᠢᠨ ᠤᠷᠠᠨ ᠪᠦᠳᠦᠭᠡᠯ᠎ᠤᠨ ᠰᠡᠳᠦᠪ ᠴᠤ᠌ ᠪᠠᠶᠠᠯᠢᠭ ᠪᠤᠯᠴᠢᠬᠠᠭ᠍ᠰᠠᠨ ᠬᠡᠯᠴᠡᠳᠡᠭ ᠪᠠᠢᠭ᠍ᠰᠠᠨ ᠲᠡᠢᠮᠤ ᠦᠶ᠎ᠡ ᠪᠠᠢᠯ᠎ᠠ᠃ ᠭᠡᠪᠡᠴᠤ᠌ ᠡᠯᠳᠡᠪ ᠨᠦᠬᠦᠴᠡᠯ ᠱᠢᠯᠳᠠᠭᠠᠨ᠎ᠠᠴᠠ ᠪᠤᠯᠵᠤ ᠡᠨᠡ ᠬᠦ᠌ ᠤᠯᠠᠮᠵᠢᠯᠠᠯ 1993 ᠤᠨ᠎ᠳᠤ ᠬᠦᠷᠦᠭᠡᠳ ᠨᠢᠭᠡ ᠦᠶ᠎ᠡ ᠲᠠᠰᠤᠯᠳᠠᠭ᠍ᠰᠠᠨ ᠪᠤᠯᠪᠠᠴᠤ᠌᠂ 2008 ᠤᠨ᠎ᠳᠤ ᠲᠠᠬᠢᠨ ᠰᠡᠷᠭᠦᠭᠡᠭ᠌ᠳᠡᠵᠦ᠍᠂ ᠤᠳᠤ ᠮᠦᠨ ᠤᠯᠠᠨ ᠤᠯᠠᠨ ᠵᠤᠬᠢᠶᠠᠯᠴᠢ ᠨᠠᠢᠷᠠᠭ᠍ᠴᠢᠳ᠎ᠤᠨ ᠬᠦᠴᠤ᠌ ᠰᠡᠯᠪᠢᠵᠤ ᠲᠦᠷᠦᠭᠡ ᠴᠢᠩᠭᠠᠯᠠᠬᠤ ᠰᠠᠢᠬᠠᠨ ᠵᠠᠪᠱᠢᠶᠠᠨ ᠪᠤᠯᠵᠤ ᠪᠠᠢᠨ᠎ᠠ᠃

ᠳᠡᠭᠡᠷ᠎ᠡ ᠦᠶ᠎ᠡ᠎ᠶ᠋ᠢᠨ ᠬᠦᠮᠦᠰ᠎ᠢᠶᠠᠨ ᠵᠠᠯᠭᠠᠭᠠᠳ ᠨᠠᠶᠠᠭᠠᠳ ᠤᠨ᠎ᠳᠤ ᠨᠢᠭᠡ ᠪᠦᠯᠦᠭ ᠱᠢᠨ᠎ᠡ ᠵᠠᠯᠠᠭᠤᠰ ᠴᠤᠯᠭᠤᠷᠠᠨ ᠭᠠᠷᠤᠭ᠍ᠰᠠᠨ᠎ᠢ 1986 ᠤᠨ᠎ᠤ 4 ᠳ᠋ᠤᠭᠡᠷ ᠬᠤᠭᠤᠴᠠᠭᠠᠨ᠎ᠳᠤ ᠨᠡᠢᠳᠡᠯᠡᠭ᠌ᠳᠡᠭ᠌ᠰᠡᠨ 《ᠱᠢᠯᠦᠭ᠎ᠤᠨ ᠳᠤᠰᠭᠠᠢ ᠳ᠋ᠤᠭᠠᠷ》 ᠶᠠᠭᠠᠬᠢᠬᠤ᠎ᠶ᠋ᠢᠨ ᠠᠷᠭ᠎ᠠ ᠦᠬᠡᠢ ᠬᠡᠷᠡᠴᠢᠯᠠᠨ᠎ᠠ᠃ ᠲᠡᠷᠡ ᠪᠤᠯ ᠲᠤᠰ ᠰᠡᠳᠬᠦᠯ᠎ᠤᠨ ᠬᠤᠶᠠᠳᠠᠬᠢ ᠤᠳᠠᠭ᠎ᠠ ᠶᠡᠬᠡᠳᠡ ᠨᠦᠯᠤᠬᠡ ᠭᠠᠷᠤᠭ᠍ᠰᠠᠨ ᠳ᠋ᠤᠭᠠᠷ ᠪᠢᠯᠠ᠃ ᠲᠤᠬᠠᠢᠯᠠᠪᠠᠯ ᠡᠨᠡ ᠳ᠋ᠤᠭᠠᠷ᠎ᠢᠶᠠᠷ᠂ ᠳ᠋᠊ · ᠰᠡᠷᠡᠩᠸᠠᠩᠵᠢᠯ᠂ ᠶᠤ · ᠡᠷᠳᠡᠨᠢᠳᠤᠭ᠍ᠳᠠᠬᠤ᠂ ᠷᠢ᠊ · ᠰᠡᠴᠡᠨᠴᠤᠭ᠍ᠳᠤ᠂ ᠳ᠋᠊ · ᠪᠠᠭᠠᠳᠤᠷ ᠵᠡᠷᠭᠡ ᠵᠤᠬᠢᠶᠠᠯᠴᠢᠳ ᠵᠤᠬᠢᠶᠠᠯ ᠪᠦᠲᠦᠭᠡᠯ᠎ᠢᠶᠠᠷ᠎ᠢᠶᠠᠨ ᠤᠯᠠᠨ᠎ᠠ ᠲᠠᠰᠤᠯ ᠪᠤᠯᠤᠭ᠍ᠰᠠᠨ ᠪᠠᠢᠳᠠᠭ ᠰᠠᠨ᠃

QQ截图20210113164530.jpg

ᠭᠤᠷᠪᠠᠳᠠᠬᠢ ᠤᠳᠠᠭ᠎ᠠ᠎ᠶ᠋ᠢᠨ ᠨᠦᠯᠤᠬᠡ ᠶᠡᠬᠡᠳᠡᠢ ᠳ᠋ᠤᠭᠠᠷ ᠬᠡᠪᠡᠯ 1990 ᠤᠨ᠎ᠤ 4 ᠳ᠋ᠤᠭᠡᠷ ᠬᠤᠭᠤᠴᠠᠭ᠎ᠠ ᠪᠦᠭᠡᠳ ᠡᠨᠡ ᠳ᠋ᠤᠭᠠᠷ᠎ᠲᠤ ᠮᠡᠳᠡᠭᠡᠯᠡᠯ᠎ᠤᠨ ᠤᠷᠠᠨ ᠵᠤᠬᠢᠶᠠᠯ᠎ᠤᠨ ᠱᠢᠯᠢᠳᠡᠭ ᠰᠤᠳᠤᠨ ᠪᠦᠲᠦᠭᠡᠯ᠎ᠤᠳ ᠤᠯᠠᠨ᠎ᠢᠶᠠᠷ ᠱᠢᠯᠭᠠᠷᠠᠨ ᠭᠠᠷᠤᠭ᠍ᠰᠠᠨ ᠶᠤᠮ᠃ ᠡᠨᠡ ᠬᠤᠭᠤᠴᠠᠭᠠᠨ᠎ᠤ ᠳ᠋ᠤᠭᠠᠷ᠎ᠲᠤ ᠦ᠊ · ᠰᠡᠷᠭᠦᠯᠡᠩ᠎ᠤᠨ 《ᠮᠢᠩᠭᠠᠨ ᠲᠦᠮᠡ᠎ᠶ᠋ᠢᠨ ᠠᠪᠤᠷᠭᠤ ᠡᠵᠡᠳ》 ᠎ᠢᠶᠠᠷ ᠮᠠᠩᠯᠠᠢᠯᠠᠭᠤᠯᠤᠭ᠍ᠰᠠᠨ 6 ᠵᠤᠬᠢᠶᠠᠯ ᠨᠡᠢᠳᠡᠯᠡᠭ᠌ᠳᠡᠵᠦ᠍᠂ ᠡᠭᠦᠨ᠎ᠤ ᠲᠤᠳᠤᠷᠠᠬᠢ 4 ᠪᠦᠳᠦᠭᠡᠯ᠎ᠨᠢ ᠪᠦᠬᠦ᠌ ᠤᠷᠤᠨ᠎ᠤ ᠮᠡᠳᠡᠭᠡᠯᠡᠯ᠎ᠤᠨ ᠤᠷᠠᠨ ᠵᠤᠬᠢᠶᠠᠯ᠎ᠤᠨ ᠱᠢᠯᠭᠠᠷᠠᠭᠤᠯᠤᠯᠳᠠ᠎ᠳᠤ ᠨᠢᠭᠡᠳᠦᠭᠡᠷ᠂ ᠬᠤᠶᠠᠳᠤᠭᠠᠷ᠂ ᠭᠤᠷᠪᠠᠳᠤᠭᠠᠷ ᠲᠡᠰ᠎ᠤᠨ ᠱᠠᠩᠨᠠᠯ᠎ᠢ ᠳᠤᠰ ᠳᠤᠰ ᠭᠦᠷᠳᠡᠵᠦ᠍᠂ ᠲᠤᠬᠠᠢ᠎ᠶ᠋ᠢᠨ ᠴᠠᠭ᠎ᠲᠠᠭᠠᠨ ᠤᠷᠠᠨ ᠵᠤᠬᠢᠶᠠᠯ᠎ᠤᠨ ᠬᠦᠷᠢᠶᠡᠨ᠎ᠳᠤ ᠲᠤᠩᠰᠤᠯᠤᠯᠳᠠ ᠪᠤᠯᠵᠤ ᠪᠠᠢᠯ᠎ᠠ᠃

《ᠮᠠᠨ᠎ᠤ ᠰᠡᠳᠬᠦᠯ ᠵᠠᠯᠠᠭᠤ ᠵᠤᠬᠢᠶᠠᠯᠴᠢ᠎ᠶ᠋ᠢ ᠬᠦᠮᠦᠵᠢᠬᠦᠯᠬᠦ᠌ ᠰᠠᠭᠤᠷᠢᠨ᠎ᠤ ᠨᠢᠬᠡ᠎ᠨᠢ ᠪᠤᠯᠬᠤ ᠶᠤᠮ᠃ ᠡᠨᠡ᠎ᠨᠢ ᠮᠠᠨ᠎ᠤ ᠰᠡᠳᠬᠦᠯ᠎ᠤᠨ ᠵᠤᠬᠢᠶᠠᠯᠴᠢᠳ᠎ᠤᠨ ᠡᠩᠨᠡᠭᠡ᠎ᠶ᠋ᠢᠨ ᠲᠠᠰᠤᠷᠠᠯᠲᠠ ᠦᠬᠡᠢ ᠪᠤᠵᠠᠭᠠᠢᠷᠠᠭ᠍ᠰᠠᠨ᠎ᠢᠶᠠᠷ ᠢᠯᠡᠷᠡᠨ᠎ᠡ᠂ ᠤᠨᠴᠠᠭᠠᠢᠯᠠᠨ ᠵᠠᠯᠠᠭᠤ ᠤᠷᠠᠨ ᠪᠦᠲᠦᠭᠡᠯᠴᠢᠳ᠎ᠢ ᠬᠦᠮᠦᠵᠢᠬᠦᠯᠬᠦ᠌᠎ᠳᠤ 〈ᠱᠢᠯᠢ᠎ᠶ᠋ᠢᠨ ᠭᠤᠤᠯ〉 ᠰᠡᠳᠬᠦᠯ ᠤᠷᠤᠯᠠᠭᠤᠯᠵᠦ᠍ ᠪᠤᠯᠤᠰᠢ ᠦᠬᠡᠢ ᠡᠬᠦᠷᠬᠡ ᠬᠠᠷᠢᠭᠤᠴᠠᠯᠭ᠎ᠠ᠎ᠪᠠᠨ ᠬᠦᠢᠴᠡᠳᠭᠡᠭ᠌ᠰᠡᠨ ᠶᠤᠮ᠃ ᠵᠤᠬᠢᠶᠠᠯᠴᠢᠳ᠎ᠤᠨ ᠡᠩᠨᠡᠭᠡ᠎ᠶ᠋ᠢ ᠪᠤᠵᠠᠭᠠᠢᠷᠠᠭᠤᠯᠬᠤ ᠲᠠᠯ᠎ᠠ᠎ᠪᠠᠷ ᠤᠲᠤ ᠪᠤᠯᠬᠤ᠎ᠳᠤ ᠠᠬᠠᠮᠠᠳ ᠢᠳᠡᠷ ᠵᠠᠯᠠᠭᠤ ᠭᠤᠷᠪᠠᠨ ᠦᠶ᠎ᠡ᠎ᠪᠠᠷ ᠪᠦᠷᠢᠯᠲᠦᠭ᠌ᠰᠡᠨ ᠨᠡᠯᠢᠶᠡᠳ ᠬᠦᠴᠦᠷᠭᠡᠭ ᠡᠩᠨᠡᠭᠡ᠎ᠶ᠋ᠢ ᠪᠦᠷᠢᠯᠲᠦᠬᠦᠯᠦᠭ᠌ᠰᠡᠨ᠎ᠢᠶᠠᠷ᠎ᠢᠶᠠᠨ ᠤᠨᠴᠠᠯᠠᠬ᠍ᠲᠠᠬᠤ ᠶᠤᠮ᠃ ᠨᠦᠬᠦᠭᠡ ᠲᠠᠯ᠎ᠠ᠎ᠪᠠᠷ ᠱᠢᠯᠢ᠎ᠶ᠋ᠢᠨ ᠭᠤᠤᠯ᠎ᠢᠶᠠᠨ ᠤᠬᠠᠭᠤᠯᠬᠤ᠂ ᠴᠠᠭ ᠦᠶ᠎ᠡ᠎ᠶ᠋ᠢᠨ ᠵᠤᠷᠢᠭ ᠰᠠᠨᠠᠭ᠎ᠠ᠎ᠶ᠋ᠢ ᠤᠷᠠᠯᠢᠭ᠎ᠢᠶᠠᠷ ᠬᠠᠷᠠᠭᠤᠯᠬᠤ᠂ ᠠᠷᠠᠳ ᠲᠦᠮᠡᠨ᠎ᠳᠤ ᠤᠶᠤᠨ᠎ᠤ ᠬᠦᠨᠡᠰᠦ ᠬᠠᠨᠭ᠌ᠭᠠᠬᠤ᠎ᠳᠤ 〈ᠱᠢᠯᠢ᠎ᠶ᠋ᠢᠨ ᠭᠤᠤᠯ〉 ᠰᠡᠳᠬᠦᠯ ᠦᠪᠡᠷ᠎ᠤᠨ ᠭᠡᠰᠡᠨ ᠬᠤᠪᠢ ᠨᠡᠮᠡᠷᠢ᠎ᠪᠠᠨ ᠦᠵᠡᠬᠦᠯᠵᠦ᠍ ᠢᠷᠡᠵᠡᠢ᠃ ᠨᠡᠩ ᠴᠦ᠍ ᠨᠠᠮ᠎ᠤᠨ ᠴᠢᠭ᠌ᠯᠡᠯᠳᠡ ᠲᠦᠷᠦ᠎ᠶ᠋ᠢᠨ ᠪᠤᠲᠤᠯᠭ᠎ᠠ᠎ᠶ᠋ᠢ ᠤᠷᠠᠨ ᠵᠤᠬᠢᠶᠠᠯ᠎ᠤᠨ ᠵᠤᠬᠢᠶᠠᠨ ᠪᠦᠲᠦᠭᠡᠯᠭᠡ ᠲᠤᠮᠲᠠ ᠬᠠᠷᠠᠭᠤᠯᠵᠦ᠍ ᠨᠠᠢᠲᠠᠪᠦᠷᠢᠵᠢᠭᠤᠯᠬᠤ ᠲᠠᠯ᠎ᠠ᠎ᠪᠠᠷ ᠤᠷᠤᠯᠠᠭᠤᠯᠵᠦ᠍ ᠪᠤᠯᠤᠰᠢ ᠦᠬᠡᠢ ᠡᠬᠦᠷᠬᠡ ᠬᠠᠷᠢᠭᠤᠴᠠᠯᠭ᠎ᠠ᠎ᠪᠠᠨ ᠬᠦᠢᠴᠡᠳᠭᠡᠭ᠌ᠰᠡᠭᠡᠷ ᠢᠷᠡᠭ᠌ᠰᠡᠨ ᠪᠦᠬᠡᠳ ᠲᠠᠯ᠎ᠠ ᠨᠤᠲᠤᠭ᠎ᠤᠨ ᠰᠤᠶᠤᠯ᠎ᠢ ᠤᠯᠠᠮᠵᠢᠯᠠᠨ ᠬᠦᠭ᠌ᠵᠢᠬᠦᠯᠬᠦ᠌ ᠵᠢᠴᠢ ᠨᠡᠬᠦᠳᠡᠯ ᠰᠤᠶᠤᠯ᠎ᠤᠨ ᠪᠤᠯᠪᠠᠰᠤᠨ᠎ᠢ ᠤᠷᠠᠨ ᠵᠤᠬᠢᠶᠠᠯ ᠤᠷᠠᠯᠢᠭ᠎ᠤᠨ ᠴᠢᠨᠠᠷᠲᠠᠢ ᠲᠤᠰᠭᠠᠬᠤ ᠲᠠᠯ᠎ᠠ᠎ᠪᠠᠷ ᠴᠦ᠍ ᠮᠠᠨ᠎ᠤ ᠰᠡᠳᠬᠦᠯ ᠦᠵᠡᠬᠦᠯᠪᠡᠰᠦ ᠵᠤᠬᠢᠬᠤ ᠦᠢᠯᠡᠲᠦᠯ᠎ᠢᠶᠠᠨ ᠦᠵᠡᠬᠦᠯᠵᠦ᠍ ᠴᠢᠲᠠᠬ᠍ᠰᠠᠨ ᠶᠤᠮ》 ᠭᠡᠵᠦ᠍ ᠫᠤ · ᠴᠤᠭ᠍ᠲᠤᠨᠠᠷᠠᠨ ᠶᠠᠷᠢᠨ᠎ᠠ᠃

ᠱᠢᠯᠢ᠎ᠶ᠋ᠢᠨ ᠭᠤᠤᠯ ᠪᠤᠯ ᠲᠠᠯ᠎ᠠ ᠨᠤᠳᠤᠭ᠎ᠤᠨ ᠤᠳᠭ᠎ᠠ ᠰᠤᠶᠤᠯ᠎ᠤᠨ ᠦᠭ᠌ᠭᠢᠶᠡᠮᠦᠷᠴᠢ ᠨᠢᠩᠵᠢᠨ ᠱᠢᠮᠡᠳᠤ ᠬᠦᠷᠦᠰᠦᠨ ᠪᠦᠯᠦᠭᠡ᠃ ᠲᠡᠭᠡᠬᠦ᠌᠎ᠳᠡᠭᠡᠨ ᠡᠨᠡ ᠭᠠᠵᠠᠷ ᠱᠢᠷᠤᠢ᠎ᠠᠴᠠ ᠦᠨᠳᠦᠰᠦᠯᠡᠨ ᠤᠷᠭᠤᠵᠤ ᠴᠡᠴᠡᠭ᠌ᠯᠡᠨ ᠵᠢᠮᠢᠰᠯᠡᠵᠦ᠍᠂ ᠤᠬᠠᠭᠠᠨᠳᠤ ᠬᠦᠮᠦᠨ ᠠᠷᠠᠳ᠎ᠤᠨ᠎ᠢᠶᠠᠨ ᠦᠪ᠎ᠤᠨ ᠰᠠᠩ᠎ᠳᠤ ᠦᠪᠡᠷ᠎ᠤᠨ ᠬᠤᠪᠢ ᠨᠡᠮᠡᠷᠢ᠎ᠪᠠᠨ ᠡᠷᠭᠦᠵᠦ᠍ ᠶᠠᠪᠤᠭ᠎ᠠ 《ᠱᠢᠯᠢ᠎ᠶ᠋ᠢᠨ ᠭᠤᠤᠯ》 ᠮᠡᠨᠳᠤᠯᠡᠭ᠌ᠰᠡᠨ ᠶᠤᠮ᠃ ᠴᠠᠭ ᠦᠶ᠎ᠡ᠎ᠶ᠋ᠢᠨ ᠤᠨᠴᠠᠯᠢᠭ᠎ᠢ ᠠᠳᠭᠤᠬᠤ᠎ᠶ᠋ᠢᠨ ᠵᠡᠷᠭᠡ᠎ᠳᠤ ᠭᠠᠵᠠᠷ ᠤᠷᠤᠨ᠎ᠤ ᠰᠤᠶᠤᠯ᠎ᠤᠨ ᠥᠩᠭᠡ ᠪᠤᠳᠤᠭ᠎ᠢ ᠠᠭᠤᠰᠭᠠᠨ᠂ ᠲᠦᠷᠦ᠍ ᠨᠡᠢᠭᠡᠮ᠎ᠳᠡᠭᠡᠨ ᠦᠪᠡᠷᠮᠢᠴᠡ ᠦᠨᠦᠷ ᠠᠮᠳᠠ᠎ᠲᠠᠢ ᠤᠷᠠᠯᠢᠭ᠎ᠤᠨ ᠰᠤᠳᠤᠨ ᠪᠦᠲᠦᠭᠡᠯ᠎ᠢ ᠬᠦᠷᠭᠡᠬᠦ᠌ ᠪᠤᠯ 《ᠱᠢᠯᠢ᠎ᠶ᠋ᠢᠨ ᠭᠤᠤᠯ》 ᠰᠡᠳᠬᠦᠯ᠎ᠤᠨ ᠦᠨᠢᠳᠡ᠎ᠶ᠋ᠢᠨ ᠵᠤᠷᠢᠯᠭ᠎ᠠ ᠬᠦᠰᠡᠯ ᠬᠦᠭᠡᠭᠡᠴᠡᠯᠳᠤᠯ ᠪᠢᠯᠡ᠃

《ᠱᠢᠯᠢ᠎ᠶ᠋ᠢᠨ ᠭᠤᠤᠯ》 ᠎ᠤᠨ ᠲᠦᠴᠢᠨ ᠵᠢᠯ ᠪᠤᠯ ᠦᠭᠡᠷᠡᠴᠢᠯᠡᠯᠳᠡ ᠨᠡᠭᠡᠭᠡᠯᠳᠡ᠎ᠶ᠋ᠢᠨ 40 ᠵᠢᠯ᠎ᠤᠨ ᠦᠭ᠌ᠭᠢᠶᠡᠮᠦᠷ ᠬᠦᠷᠳᠡᠭᠡᠮᠵᠢ ᠬᠡᠱᠢᠭ ᠰᠤᠶᠤᠷᠬᠠᠯ᠎ᠤᠨ ᠦᠷ᠎ᠡ ᠱᠢᠮ᠎ᠡ ᠪᠠᠢᠭ᠎ᠠ ᠶᠤᠮ᠃ ᠦᠪᠡᠷ᠎ᠤᠨ ᠭᠡᠰᠡᠨ ᠦᠡᠭ᠌ᠭᠡ᠎ᠪᠠᠷ᠎ᠢᠶᠠᠨ ᠨᠤᠲᠤᠭ ᠤᠰᠤᠨ᠎ᠤ᠎ᠪᠠᠨ ᠰᠤᠶᠤᠯ ᠲᠡᠤᠬᠡ᠂ ᠠᠵᠤ ᠠᠬᠤᠢ᠂ ᠲᠦᠷᠦ᠍ ᠨᠡᠢᠭᠡᠮ᠎ᠤᠨ ᠠᠭᠤᠤ ᠪᠤᠳᠤᠯᠭ᠎ᠠ᠎ᠶ᠋ᠢ ᠤᠷᠠᠨ ᠵᠤᠬᠢᠶᠠᠯ᠎ᠤᠨ ᠬᠡᠯᠪᠡᠷᠢ᠎ᠪᠠᠷ ᠲᠡᠯᠭᠡᠨ ᠬᠠᠷᠠᠭᠤᠯᠵᠤ᠂ ᠡᠳᠦᠭᠡ ᠦᠭᠦᠯᠡᠯᠭᠡ᠂ ᠲᠤᠭᠤᠵᠢ᠂ ᠷᠤᠮᠠᠨ᠂ ᠢᠷᠠᠭᠤ ᠨᠠᠢᠷᠠᠭ ᠵᠡᠷᠭᠡ ᠤᠯᠠᠨ ᠰᠲ᠋ᠢᠯᠢ᠎ᠳᠤ ᠬᠦᠭ᠌ᠵᠢᠭ᠌ᠰᠡᠨ ᠦᠨᠳᠦᠰᠦᠳᠡᠨ᠎ᠤ ᠭᠠᠵᠠᠷ ᠤᠷᠤᠨ᠎ᠤ ᠱᠢᠯᠢᠳᠡᠭ ᠰᠡᠳᠬᠦᠯ ᠪᠤᠯᠵᠤ᠂ ᠲᠡᠢᠮᠤ᠎ᠳᠡᠭᠡᠨ 《ᠳᠤᠮᠳᠠᠳᠤ ᠤᠯᠤᠰ᠎ᠤᠨ ᠮᠤᠩᠭᠤᠯ ᠰᠡᠳᠭᠦᠯ᠎ᠤᠨ ᠠᠩᠬᠠᠳᠠᠭ᠍ᠴᠢ ᠠᠷᠪᠠᠨ ᠰᠤᠳᠤᠨ》 ᠎ᠤ ᠨᠢᠭᠡ᠎ᠪᠠᠷ ᠱᠢᠯᠭᠠᠷᠠᠭ᠍ᠰᠠᠨ ᠶᠤᠮ᠃

《ᠱᠢᠨ᠎ᠡ ᠴᠠᠭ ᠦᠶ᠎ᠡ᠎ᠳᠤ ᠲᠠᠪᠱᠢᠨ ᠤᠷᠤᠭ᠍ᠰᠠᠨ᠎ᠤ ᠲᠠᠷᠠᠭ᠎ᠠ᠂ ᠮᠠᠨ᠎ᠤ ᠰᠡᠳᠬᠦᠯ ᠶᠡᠷᠦᠩᠭᠡᠢ ᠱᠦᠵᠢ ᠰᠢ᠎ᠶ᠋ᠢᠨ ᠫᠢᠩ᠎ᠤᠨ ᠤᠳᠭ᠎ᠠ ᠤᠷᠠᠯᠢᠭ᠎ᠤᠨ ᠲᠤᠬᠠᠢ ᠦᠵᠡᠯ ᠰᠠᠨᠠᠭ᠎ᠠ᠎ᠶ᠋ᠢ ᠰᠤᠷᠤᠯᠴᠠᠨ ᠦᠢᠯᠡᠲᠦᠯᠭᠡᠵᠢᠬᠦᠯᠬᠦ᠌ ᠲᠤᠬᠠᠢ ᠲᠤᠰᠭᠠᠢ ᠵᠤᠬᠢᠶᠠᠯ ᠪᠦᠲᠦᠭᠡᠯ᠎ᠢ ᠤᠯᠠᠨᠲᠠ ᠨᠡᠢᠳᠡᠯᠡᠬᠦᠯᠦᠭ᠌ᠰᠡᠨ ᠶᠤᠮ᠃ ᠵᠢᠱ᠌ᠢᠶᠡᠯᠡᠪᠡᠯ᠂ ᠭᠤ · ᠷᠢᠨᠴᠢᠨᠨᠠᠮᠵᠢᠯ᠂ ᠭᠤ · ᠷᠠᠱᠢᠵᠠᠪ᠂ ᠴ᠊ · ᠵᠢᠷᠭᠠᠯ ᠮᠡᠲᠦ᠎ᠶ᠋ᠢᠨ ᠠᠯᠲᠠᠷᠲᠦ ᠵᠤᠬᠢᠶᠠᠯᠴᠢ ᠠᠯᠲᠠᠷᠲᠦ ᠱᠢᠬᠦᠮᠵᠢᠯᠡᠭ᠌ᠴᠢᠳ᠎ᠢ ᠤᠷᠢᠵᠦ᠍ ᠲᠤᠰᠭᠠᠢ ᠵᠤᠬᠢᠶᠠᠯ ᠪᠢᠴᠢᠬᠦᠯᠦᠨ ᠨᠡᠢᠳᠡᠯᠡᠬᠦᠯᠵᠦ᠍᠂ ᠦᠷᠭᠡᠨ ᠤᠯᠠᠨ ᠤᠷᠠᠨ ᠪᠦᠲᠦᠭᠡᠯᠴᠢᠳ᠎ᠲᠤ᠌᠂ ᠤᠷᠠᠨ ᠵᠤᠬᠢᠶᠠᠯ᠎ᠤᠨ ᠱᠢᠨ᠎ᠡ ᠴᠠᠭ ᠦᠶ᠎ᠡ᠎ᠶ᠋ᠢᠨ ᠬᠦᠭ᠌ᠵᠢᠯᠳᠡ᠎ᠳᠤ ᠦᠢᠯᠡᠴᠢᠯᠡᠬᠦ᠌ ᠭᠤᠤᠯ ᠵᠤᠷᠢᠯᠲᠠ᠂ ᠦᠢᠯᠡᠲᠦᠯ ᠴᠢᠲᠠᠪᠬᠢ᠎ᠶ᠋ᠢ ᠬᠦᠨᠵᠡᠬᠡᠢ ᠲᠠᠨᠢᠭᠤᠯᠬᠤ᠎ᠪᠠᠷ ᠴᠢᠷᠮᠠᠢᠪᠠ᠃ ᠮᠦᠨ ᠴᠦ᠍ ᠡᠨᠡ ᠲᠠᠯ᠎ᠠ᠎ᠪᠠᠷ ᠲᠤᠰᠭᠠᠢ ᠤᠨᠤᠯ᠎ᠤᠨ ᠪᠤᠯᠪᠠᠰᠤᠷᠠᠯ᠎ᠤᠨ ᠬᠢᠴᠢᠶᠡᠯ᠎ᠢ ᠵᠤᠬᠢᠶᠠᠨ ᠪᠠᠢᠭᠤᠯᠵᠦ᠍ ᠦᠪᠡᠷᠳᠡᠭᠡᠨ ᠵᠠᠰᠠᠬᠤ ᠤᠷᠤᠨ᠎ᠤ ᠤᠳᠭ᠎ᠠ ᠤᠷᠠᠯᠢᠭ᠎ᠤᠨ᠎ᠬᠢᠨ᠎ᠤ ᠬᠤᠯᠪᠤᠭ᠎ᠠ ᠡᠰᠡᠬᠦᠯ᠎ᠡ ᠶᠡᠭᠡ ᠲᠡᠭᠡᠲᠦ ᠰᠤᠷᠭᠠᠭᠤᠯᠢ᠎ᠶ᠋ᠢᠨ ᠲᠤᠰᠭᠠᠢ ᠮᠡᠷᠭᠡᠵᠢᠯᠳᠡᠨ ᠪᠠᠭ᠍ᠰᠢ᠎ᠶ᠋ᠢ ᠵᠠᠯᠠᠵᠦ᠍᠂ ᠢᠯᠡᠳᠭᠡᠯ ᠲᠠᠢᠯᠤᠨ ᠬᠢᠯᠭᠡᠬᠦ᠌ ᠵᠡᠷᠭᠡ ᠠᠷᠭ᠎ᠠ ᠬᠡᠮᠵᠢᠶ᠎ᠠ᠎ᠶ᠋ᠢ ᠠᠪᠴᠦ᠍ ᠪᠤᠢ᠃ ᠪᠤᠲᠠᠲᠠᠢ᠎ᠳᠤ ᠦᠢᠯᠡᠲᠦᠯᠭᠡᠵᠢᠬᠦᠯᠬᠦ᠌ ᠲᠠᠯ᠎ᠠ᠎ᠪᠠᠷ ᠤᠷᠠᠨ ᠪᠦᠲᠦᠭᠡᠯᠴᠢᠳ᠎ᠢ ᠵᠤᠬᠢᠶᠠᠨ ᠪᠠᠢᠭᠤᠯᠤᠨ ᠠᠮᠢᠲᠤᠷᠠᠯ᠎ᠳᠤ ᠬᠦᠨᠵᠡᠬᠡᠢᠷᠡᠬᠦ᠂ ᠦᠨᠲᠦᠰᠦᠨ ᠱᠠᠲᠦᠨ᠎ᠳᠤ ᠬᠦᠨᠵᠡᠬᠡᠢᠷᠡᠬᠦ᠌ ᠵᠡᠷᠭᠡ ᠤᠯᠠᠨ ᠵᠦᠢᠯ᠎ᠤᠨ ᠬᠡᠯᠪᠡᠷᠢ᠎ᠲᠠᠢ ᠠᠵᠢᠯᠯᠠᠭ᠎ᠠ᠎ᠶ᠋ᠢ ᠦᠷᠨᠢᠬᠦᠯᠵᠦ᠍ ᠪᠤᠢ》 ᠭᠡᠵᠦ᠍ 《ᠱᠢᠯᠢ᠎ᠶ᠋ᠢᠨ ᠭᠤᠤᠯ》 ᠰᠡᠳᠬᠦᠯ᠎ᠤᠨ ᠶᠡᠷᠦᠩᠭᠡᠢ ᠨᠠᠢᠷᠠᠭᠤᠯᠤᠬ᠍ᠴᠢ ᠫᠤ · ᠴᠤᠭ᠍ᠲᠤᠨᠠᠷᠠᠨ ᠭᠤᠧᠠᠢ ᠱᠢᠨ᠎ᠡ ᠴᠠᠭ ᠦᠶ᠎ᠡ᠎ᠶ᠋ᠢᠨ ᠤᠳᠭ᠎ᠠ ᠤᠷᠠᠯᠢᠭ᠎ᠤᠨ ᠦᠵᠡᠯᠳᠡ᠎ᠶ᠋ᠢ ᠦᠢᠯᠡᠲᠦᠯᠭᠡᠵᠢᠬᠦᠯᠵᠦ᠍ ᠪᠠᠢᠭ᠎ᠠ ᠪᠠᠢᠲᠠᠯ᠎ᠤᠨ᠎ᠢᠶᠠᠨ ᠲᠤᠬᠠᠢ ᠲᠠᠢᠯᠪᠦᠷᠢᠯᠠᠨ ᠶᠠᠷᠢᠬ᠍ᠰᠠᠨ ᠪᠢᠯᠡ᠃

ᠲᠦᠴᠢᠨ ᠵᠢᠯ᠎ᠤᠨ ᠲᠤᠷᠰᠢ ᠰᠡᠳᠬᠦᠯ ᠡᠷᠬᠢᠯᠡᠭ᠌ᠴᠢᠳ 《ᠴᠡᠴᠡᠭ ᠪᠦᠬᠦᠨ᠎ᠢ ᠵᠡᠷᠭᠡᠪᠡᠷ ᠲᠡᠯᠭᠡᠷᠡᠭᠦᠯᠵᠦ᠍᠂ ᠡᠷᠳᠡᠮᠳᠡᠨ ᠪᠦᠬᠦᠨ᠎ᠢ ᠴᠢᠯᠦᠭᠡᠳᠡᠢ ᠶᠠᠷᠢᠯᠴᠠᠭᠤᠯᠬᠤ》 ᠨᠠᠮ᠎ᠤᠨ ᠤᠳᠭ᠎ᠠ ᠤᠷᠠᠯᠢᠭ᠎ᠤᠨ ᠴᠢᠭ᠌ᠯᠡᠯᠳᠡ᠎ᠶ᠋ᠢ ᠴᠢᠩᠭ᠎ᠠ ᠪᠠᠷᠢᠮᠳᠠᠯᠠᠵᠤ᠂ 40 ᠵᠢᠯ᠎ᠤᠨ ᠲᠤᠷᠰᠢ ᠰᠡᠳᠬᠦᠯ᠎ᠢᠶᠠᠨ ᠬᠦᠮᠦᠨ ᠠᠷᠠᠳ᠎ᠲᠠᠭᠠᠨ ᠤᠶᠤᠨ᠎ᠤ ᠬᠦᠨᠡᠰᠤ ᠬᠦᠷᠭᠡᠬᠦ᠌ ᠲᠠᠳᠠᠭᠤᠷᠠᠰᠢ ᠦᠭᠡᠢ ᠤᠶᠠᠩᠭ᠎ᠠ᠎ᠶ᠋ᠢᠨ ᠤᠷᠤᠰᠭᠠᠯ ᠪᠤᠯᠭᠠᠵᠤ ᠪᠢᠯᠡ᠃ ᠤᠳᠤ ᠪᠤᠯᠬᠤ᠎ᠳᠤ᠂ 《ᠱᠢᠯᠢ᠎ᠶ᠋ᠢᠨ ᠭᠤᠤᠯ》 ᠰᠡᠳᠭᠦᠯ 248 ᠳ᠋ᠤᠭᠠᠷ ᠬᠤᠭᠤᠴᠠᠭ᠎ᠠ᠎ᠪᠠᠨ ᠤᠭ᠍ᠳᠤᠵᠤ᠂ 4500 ᠭᠠᠷᠤᠢ ᠢᠷᠡᠭᠤ ᠨᠠᠢᠷᠠᠭ᠂ 2405 ᠬᠤᠪᠢ ᠦᠭᠦᠯᠡᠯᠭᠡ ᠨᠠᠢᠷᠠᠭᠤᠯᠤᠯ᠂ 68 ᠲᠤᠭᠤᠵᠢ᠂ 15 ᠷᠤᠮᠠᠨ᠂ ᠪᠤᠰᠤᠳ 2400 ᠭᠠᠷᠤᠢ ᠵᠤᠬᠢᠶᠠᠯ ᠪᠦᠲᠦᠭᠡᠯ᠎ᠢ ᠤᠡᠭ᠌ᠰᠢᠬ᠍ᠴᠢ ᠲᠦᠮᠡᠨ᠎ᠳᠡᠭᠡᠨ ᠲᠤᠯᠢᠯᠠᠭᠤᠯᠵᠤ᠂ 5100 ᠤᠷᠠᠨ ᠵᠢᠷᠤᠭ᠂ ᠤᠷᠠᠨ ᠪᠢᠴᠢᠯᠭᠡ᠂ ᠭᠡᠷᠡᠯ ᠵᠢᠷᠤᠭ᠎ᠤᠳ᠎ᠢ ᠨᠡᠢᠳᠡᠯᠡᠵᠦ᠍᠂ ᠨᠡᠢᠳᠡ ᠦᠰᠦᠭ᠎ᠤᠨ ᠲᠤᠭ᠎ᠠ 6 ᠮᠢᠩᠭᠠᠨ ᠲᠦᠮᠡ᠎ᠶ᠋ᠢ ᠲᠠᠪᠠᠵᠤ᠂ ᠤᠡᠭ᠌ᠰᠢᠬ᠍ᠴᠢ᠎ᠪᠠᠷ ᠵᠤᠵᠠᠭᠠᠨ ᠵᠤᠬᠢᠶᠠᠯᠴᠢ᠎ᠪᠠᠷ ᠦᠷᠭᠡᠨ᠂ ᠬᠦᠷᠢᠶᠡᠯᠡᠯ ᠦᠨᠳᠦᠷ ᠰᠠᠢᠱᠢᠶᠠᠯ ᠤᠯᠠᠨᠳᠠᠢ ᠱᠤᠤᠭᠢᠭᠤᠯᠵᠤ ᠶᠠᠪᠤᠨ᠎ᠠ᠃ ᠲᠤᠷᠠᠳᠭᠤ᠎ᠠᠴᠠ᠂ ᠲᠤᠰ ᠰᠡᠳᠭᠦᠯ᠎ᠳᠤ ᠨᠡᠢᠲᠡᠯᠡᠭ᠌ᠳᠡᠭ᠌ᠰᠡᠨ ᠪᠦᠲᠦᠭᠡᠯ᠎ᠤᠳ᠎ᠠᠴᠠ 16 ᠪᠦᠲᠦᠭᠡᠯ ᠤᠷᠢᠳ ᠬᠤᠵᠢᠳ ᠦᠪᠡᠷᠲᠡᠭᠡᠨ ᠵᠠᠰᠠᠬᠤ ᠤᠷᠤᠨ᠎ᠤ 《ᠰᠤᠯᠤᠩᠭ᠎ᠠ》 ᠱᠠᠩᠨᠠᠯ᠂ 《5.1 ᠢᠨᠵᠧᠨᠧᠷᠢᠩ》 ᠎ᠤᠨ ᠱᠠᠩᠨᠠᠯ᠂ 《ᠰᠠᠷᠠᠨ᠎ᠠ》 ᠱᠠᠩᠨᠠᠯ᠎ᠢ ᠲᠤᠰᠪᠤᠷᠢ ᠬᠦᠷᠳᠡᠵᠦ᠍᠂ 50 ᠭᠠᠷᠤᠢ ᠪᠦᠲᠦᠭᠡᠯ ᠪᠦᠬᠦ᠌ ᠤᠯᠤᠰ᠎ᠤᠨ ᠬᠡᠪᠴᠢᠶᠡᠨ᠎ᠤ ᠢᠷᠠᠭᠤ ᠨᠠᠢᠷᠠᠭ᠎ᠤᠨ ᠨᠠᠭᠠᠳᠤᠮ᠎ᠤᠨ 《ᠮᠦᠩᠬᠡ ᠲᠡᠭ᠌ᠷᠢ ᠴᠤᠮᠤ》 ᠱᠠᠩᠨᠠᠯ᠂ 《ᠪᠤᠷᠵᠢᠭᠢᠨ》 ᠱᠠᠩᠨᠠᠯ ᠵᠡᠷᠭᠡ᠎ᠳᠤ ᠱᠢᠯᠭᠠᠷᠠᠵᠤ᠂ ᠰᠡᠳᠭᠦᠯ᠎ᠳᠡᠭᠡᠨ ᠴᠢᠮᠡᠭ ᠰᠤᠨᠤᠰᠭᠠᠯ ᠪᠤᠯᠤᠨ ᠲᠡᠮᠳᠡᠭ᠌ᠯᠡᠭ᠌ᠳᠡᠭ᠌ᠰᠡᠨ ᠪᠢᠯᠡ᠃

《ᠱᠢᠯᠢ᠎ᠶ᠋ᠢᠨ ᠭᠤᠤᠯ》 ᠰᠡᠳᠬᠦᠯ ᠤᠯᠤᠰ ᠪᠠ ᠦᠪᠡᠷᠳᠡᠭᠡᠨ ᠵᠠᠰᠭᠤ ᠤᠷᠤᠨ᠎ᠤ ᠱᠢᠢᠳᠪᠦᠷᠢ ᠪᠤᠳᠤᠯᠭ᠎ᠠ᠎ᠶ᠋ᠢ ᠴᠠᠭ ᠢᠮᠠᠬ᠍ᠳᠠ ᠴᠤᠤᠷᠢᠶᠠᠳᠤᠨ ᠲᠠᠭᠠᠵᠤ᠂ ᠵᠠᠩᠭᠢᠯᠠᠭ᠎ᠠ᠎ᠶ᠋ᠢᠨ ᠴᠠᠭ ᠦᠶ᠎ᠡ᠎ᠳᠤ ᠲᠤᠰᠭᠠᠢ ᠳ᠋ᠤᠭᠠᠷ᠎ᠢᠶᠠᠷ ᠦᠷᠭᠡᠨ ᠲᠦᠮᠡᠨ᠎ᠲᠠᠢ᠎ᠪᠠᠨ ᠵᠤᠯᠭᠠᠵᠤ᠂ ᠠᠷᠠᠳ ᠤᠯᠠᠨ᠎ᠳᠠᠭᠠᠨ ᠦᠵᠡᠯ ᠤᠬᠠᠮᠰᠠᠷ᠎ᠤᠨ ᠵᠦᠪ ᠴᠢᠭ᠌ᠯᠡᠯ ᠲᠦᠪ ᠤᠪᠤᠷ ᠰᠤᠷᠳᠠᠯ᠎ᠢ ᠤᠬᠠᠭᠤᠯᠵᠤ ᠢᠷᠡᠭ᠌ᠰᠡᠨ ᠶᠤᠮ᠃

ᠴᠠᠭ ᠬᠤᠭᠤᠴᠠᠭ᠎ᠠ ᠢᠷᠡᠭᠡᠳᠤᠢ᠎ᠶ᠋ᠢ ᠵᠤᠷᠢᠨ ᠵᠤᠷᠢᠭ᠍ᠰᠠᠭᠠᠷ ᠁ ᠲᠠᠳᠠᠭᠤᠷᠠᠰᠢ ᠦᠭᠡᠢ 《ᠱᠢᠯᠢ᠎ᠶ᠋ᠢᠨ ᠭᠤᠤᠯ》 ᠤᠶᠠᠩᠭ᠎ᠠ᠎ᠶ᠋ᠢᠨ ᠲᠤᠯᠬᠢᠶᠠᠨ ᠬᠠᠶᠠᠯᠠᠨ ᠬᠠᠶᠠᠯᠠᠭ᠍ᠰᠠᠭᠠᠷ ᠁

ᠣᠷᠴᠢᠭᠤᠯᠤᠭ᠍ᠴᠢ᠄
ᠨᠠᠢᠷᠠᠭᠤᠯᠤᠭ᠍ᠴᠢ᠄ ᠼᠠᠢ ᠬᠤᠩ
ᠦᠪᠦᠷ ᠮᠤᠩᠭᠤᠯ᠎ᠤᠨ ᠡᠳᠦᠷ᠎ᠤᠨ ᠰᠤᠨᠢᠨ
ᠢᠷᠡᠯᠲᠡ᠄
ᠬᠤᠪᠢᠶᠠᠯᠴᠠᠬᠤ᠄

2008-2023 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄tn@mgyxw.net   蒙ICP备10000005号