ᠣᠢᠷ᠎ᠠ᠎ᠳᠤ᠂ ᠪᠠᠭᠠᠷᠢᠨ ᠪᠠᠷᠠᠭᠤᠨ ᠬᠤᠱᠢᠭᠤᠨ᠎ᠤ ᠵ᠊ · ᠮᠥᠩᠬᠡᠨᠠᠰᠤᠨᠤ 《ᠮᠣᠩᠭᠤᠯ ᠰᠤᠶᠤᠯ᠎ᠤᠨ ᠥᠷᠥᠭᠡ》 ᠶ᠋ᠢᠨ ᠬᠤᠷᠢᠶᠠᠨ ᠬᠠᠳᠠᠭᠠᠯᠠᠭ᠍ᠰᠠᠨ ᠸᠠᠩ᠎ᠤᠨ ᠬᠠᠲᠤᠨ᠎ᠤ ᠶᠣᠰᠣᠯᠠᠯ᠎ᠤᠨ ᠴᠠᠮᠴᠠ ᠪᠠ ᠵᠠᠰᠠᠯ ᠵᠢᠮᠰᠡᠭ ᠲᠥᠪ ᠲᠧᠯᠸᠢᠰ᠎ᠤᠨ ᠬᠤᠶᠠᠳᠤᠭᠠᠷ ᠰᠣᠪᠠᠭ ᠳᠡᠭᠡᠷ᠎ᠡ ᠵᠢᠷᠠᠨ ᠭᠤᠷᠪᠠᠨ ᠲᠦᠮᠡᠨ ᠲᠦᠭᠦᠷᠢᠭ᠎ᠢᠶᠠᠷ ᠬᠠᠩᠱᠢᠯᠠᠭ᠍ᠳᠠᠯᠠ᠃ ᠳᠡᠭᠡᠷ᠎ᠡ ᠦᠶ᠎ᠡ᠎ᠠᠴᠠ᠎ᠪᠠᠨ ᠤᠯᠠᠮᠵᠢᠯᠠᠵᠤ ᠢᠷᠡᠭ᠌ᠰᠡᠨ ᠲᠡᠷᠪᠢᠵᠦ᠍ ᠪᠠᠢᠭ᠎ᠠ ᠡᠷᠪᠡᠬᠡᠢ᠂ ᠳᠡᠯᠭᠡᠷᠡᠵᠦ᠍ ᠪᠠᠢᠭ᠎ᠠ ᠴᠡᠴᠡᠭ᠎ᠢ ᠠᠮᠢᠯᠠᠭᠤᠯᠤᠨ ᠬᠠᠳᠭᠤᠭ᠍ᠰᠠᠨ ᠥᠷᠭᠡᠨ ᠨᠠᠷᠢᠨ ᠲᠠᠪᠬᠤᠷ ᠬᠥᠪᠡᠭᠡ᠎ᠲᠠᠢ ᠤᠯᠠᠭᠠᠨ ᠲᠣᠷᠭᠠᠨ ᠴᠠᠮᠴᠠ ᠪᠠ ᠠᠯᠲᠠᠨ ᠤᠳᠠᠰᠤ᠎ᠶ᠋ᠢ ᠳᠠᠷᠤᠭᠤᠯᠵᠤ ᠱᠠᠭ᠍ᠯᠠᠭ᠍ᠰᠠᠨ ᠪᠠᠭ᠍ᠪᠠᠭ᠍ᠠᠢ᠂ ᠮᠠᠨᠳᠠᠷᠠᠸ᠎ᠠ ᠴᠡᠴᠡᠭ᠎ᠤᠨ ᠥᠪᠴᠢ ᠬᠠᠳᠭᠤᠮᠠᠯ᠎ᠲᠠᠢ ᠤᠰᠤᠨ ᠬᠤᠷᠮᠤᠢ᠎ᠲᠠᠢ ᠲᠠᠪᠬᠤᠷᠯᠠᠵᠦ᠍ ᠡᠮᠦᠰᠭᠦ ᠲᠣᠷᠭᠠᠨ ᠤᠤᠵᠢ᠎ᠨᠢ ᠮᠣᠩᠭᠤᠯ ᠬᠤᠪᠴᠠᠰᠤ ᠵᠠᠰᠠᠯ᠎ᠤᠨ ᠬᠠᠳᠭᠤᠮᠠᠯ ᠤᠷᠠᠯᠠᠯ᠎ᠢ ᠭᠠᠢᠬᠠᠭᠤᠯᠤᠭ᠍ᠰᠠᠨ᠂ ᠬᠡᠭᠡᠨᠴᠢᠷ ᠬᠡᠪ ᠨᠠᠮᠪᠠᠪᠠᠷᠢᠶᠠᠨ ᠦᠵᠡᠭ᠌ᠴᠢᠳ᠎ᠤᠨ ᠮᠡᠯᠮᠡᠢ᠎ᠶ᠋ᠢ ᠮᠢᠯᠢᠶᠠᠵᠤ᠂ ᠡᠷᠬᠢᠮᠰᠦᠭ ᠬᠠᠲᠤᠭ᠍ᠲᠠᠢᠶ᠋ᠢᠨ ᠭᠡᠭᠡᠨ ᠲᠦᠷᠢ᠎ᠶ᠋ᠢ ᠴᠡᠭᠡᠨ ᠬᠥᠱᠢᠭᠡᠨ ᠳᠡᠭᠡᠷ᠎ᠡ ᠳᠠᠬᠢᠨ ᠠᠮᠢᠯᠠᠭᠤᠯᠵᠠᠢ᠃

《ᠴᠡᠴᠡᠭ᠎ᠨᠢ ᠭᠠᠩᠬᠤᠬᠤ᠎ᠳᠤ᠂ ᠨᠠᠪᠴᠢ᠎ᠨᠢ ᠴᠢᠮᠡᠭ᠌ᠯᠡᠨᠡ》 ᠭᠡᠳᠡᠭ᠎ᠢᠶᠠᠷ ᠡᠨᠡ ᠬᠦ᠌ ᠶᠢᠷᠲᠢᠨᠴᠦ᠎ᠳᠤ ᠬᠤᠣᠰ ᠦᠭᠡᠢ ᠶᠣᠰᠣᠯᠠᠯ᠎ᠤᠨ ᠴᠠᠮᠴᠠ᠎ᠶ᠋ᠢᠨ ᠵᠢᠮᠰᠡᠭ ᠰᠡᠯᠲᠡ ᠪᠣᠯᠣᠭ᠍ᠰᠠᠨ ᠥᠪᠴᠢ ᠬᠠᠳᠭᠤᠮᠠᠯ ᠬᠤᠸᠠᠷ᠎ᠲᠠᠢ᠂ ᠤᠨᠵᠢᠭᠢᠷ ᠬᠠᠮᠠᠷ ᠪᠦᠬᠦᠢ ᠬᠠᠷ᠎ᠠ ᠥᠭᠡᠳᠡᠩ ᠭᠤᠲᠤᠯ᠂ ᠬᠠᠳᠭᠤᠮᠠᠯ ᠬᠤᠸᠠᠷ᠎ᠲᠠᠢ᠂ ᠤᠨᠵᠢᠭᠢᠷ ᠬᠠᠮᠠᠷ ᠪᠦᠬᠦᠢ ᠤᠯᠠᠭᠠᠨ ᠲᠤᠷᠭᠠᠨ ᠱᠠᠬᠠᠢ᠂ ᠬᠠᠳᠭᠤᠮᠠᠯ ᠬᠤᠸᠠᠷ᠎ᠲᠠᠢ ᠬᠠᠷ᠎ᠠ ᠥᠭᠡᠳᠡᠩ ᠴᠢᠬᠢᠪᠴᠢ᠂ ᠮᠥᠩᠭᠦᠨ ᠭᠤᠶᠣᠯᠠᠯ᠎ᠲᠠᠢ ᠪᠦᠰᠡᠭᠦᠢ ᠬᠦᠮᠦᠨ᠎ᠤ ᠬᠡᠲᠡ ᠬᠢᠲᠤᠭ᠎ᠠ᠂ ᠬᠠᠰ ᠱᠢᠯᠪᠢ᠎ᠲᠠᠢ ᠭᠠᠩᠰᠠ᠂ ᠬᠠᠳᠭᠤᠮᠠᠯ ᠬᠤᠸᠠᠷ᠎ᠲᠠᠢ ᠲᠠᠮᠠᠬᠢᠨ ᠤᠭᠤᠲᠠ᠂ ᠬᠠᠳᠭᠤᠮᠠᠯ ᠬᠤᠸᠠᠷ᠎ᠲᠠᠢ ᠵᠡᠭᠦᠪᠴᠢ ᠵᠡᠷᠭᠡ᠎ᠨᠢ ᠮᠠᠩᠨᠤᠭ ᠲᠣᠷᠭᠠᠨ ᠴᠠᠮᠴᠠ᠎ᠳᠤ ᠶᠠᠭᠠᠬᠢᠬᠤ᠎ᠶ᠋ᠢᠨ ᠠᠷᠭ᠎ᠠ ᠦᠭᠡᠢ ᠥᠩᠭᠡ ᠭᠢᠯᠪᠠᠭ᠎ᠠ ᠨᠡᠮᠡᠷᠢᠯᠡᠬᠦ᠌ ᠠᠵᠢ᠃ ᠢᠯᠠᠩᠭᠤᠶ᠎ᠠ ᠱ᠌ᠢᠷᠦ᠍ ᠰᠤᠪᠤᠳ᠎ᠤᠨ ᠥᠩᠭᠡ᠎ᠪᠠᠷ ᠭᠢᠯᠠᠯᠵᠠᠭ᠍ᠰᠠᠨ ᠲᠠᠪᠤᠨ ᠬᠠᠳᠭᠤᠭᠤᠷ᠂ ᠳᠠᠪᠬᠤᠷ ᠱ᠌ᠢᠷᠦᠨ ᠳᠠᠷᠤᠭᠤᠯᠭ᠎ᠠ ᠪᠦᠬᠦᠢ ᠲᠣᠯᠣᠭᠠᠢ᠎ᠶ᠋ᠢᠨ ᠵᠠᠰᠠᠯ᠎ᠨᠢ ᠦᠨᠡᠯᠡᠨ ᠱᠢᠯᠭᠠᠷᠠᠭᠤᠯᠬᠤ ᠡᠷᠳᠡᠮᠲᠡᠳ᠎ᠤᠨ ᠥᠨᠳᠥᠷ ᠦᠨᠡᠯᠡᠯᠲᠡ᠎ᠶ᠋ᠢ ᠣᠯᠵᠠᠢ᠃

ᠵ᠊ · ᠮᠥᠩᠬᠡᠨᠠᠰᠤᠨᠤ ᠬᠤᠷᠢᠶᠠᠨ ᠬᠠᠳᠠᠭᠠᠯᠠᠭ᠍ᠰᠠᠨ ᠡᠨᠡ ᠬᠦ᠌ ᠲᠦᠭᠦᠷ ᠬᠤᠪᠴᠠᠰᠤ ᠵᠠᠰᠠᠯ᠎ᠨᠢ 2014 ᠣᠨ᠎ᠤ 《ᠪᠦᠬᠦ᠌ ᠤᠯᠤᠰ᠎ᠤᠨ ᠮᠣᠩᠭᠤᠯ ᠬᠤᠪᠴᠠᠰᠤ ᠵᠠᠰᠠᠯ᠎ᠤᠨ ᠱᠢᠯᠭᠠᠷᠠᠭᠤᠯᠤᠯᠲᠠ》 ᠶ᠋ᠢᠨ ᠭᠤᠷᠪᠠᠳᠤᠭᠠᠷ ᠳᠡᠰ᠂ ᠮᠦᠨ ᠵᠢᠯ᠎ᠤᠨ 《ᠪᠠᠭᠠᠷᠢᠨ ᠪᠠᠷᠠᠭᠤᠨ ᠬᠤᠱᠢᠭᠤᠨ᠎ᠤ ᠲᠠᠪᠤᠳᠤᠭᠠᠷ ᠬᠤᠭᠤᠴᠠᠭᠠᠨ᠎ᠤ ᠮᠣᠩᠭᠤᠯ ᠬᠤᠪᠴᠠᠰᠤ ᠵᠠᠰᠠᠯ᠎ᠤᠨ ᠱᠢᠯᠭᠠᠷᠠᠭᠤᠯᠤᠯᠲᠠ》 ᠶ᠋ᠢᠨ ᠬᠤᠶᠠᠳᠤᠭᠠᠷ ᠳᠡᠰ᠂ 2015 ᠣᠨ᠎ᠤ ᠲᠥᠪ ᠲᠧᠯᠸᠢᠰ᠎ᠤᠨ 《ᠡᠷᠳᠡᠨᠢ ᠬᠠᠢᠬᠤ ᠳᠡᠯᠭᠡᠴᠡ ᠪᠠᠭᠠᠷᠢᠨ ᠪᠠᠷᠠᠭᠤᠨ ᠬᠤᠱᠢᠭᠤᠨ᠎ᠳᠤ》 ᠭᠡᠬᠦ᠌ ᠠᠵᠢᠯᠯᠠᠭᠠᠨ᠎ᠤ 《ᠪᠠᠭᠠᠷᠢᠨ᠎ᠤ ᠠᠷᠠᠳ᠎ᠤᠨ ᠳᠤᠮᠳᠠᠬᠢ ᠤᠯᠤᠰ᠎ᠤᠨ ᠡᠷᠳᠡᠨᠢ》 ᠵᠡᠷᠭᠡ ᠦᠨᠡᠯᠡᠯᠲᠡ ᠪᠠ ᠱᠠᠩᠨᠠᠯ᠎ᠢ ᠲᠣᠰᠴᠠᠢ᠃ ᠡᠨᠡ ᠤᠳᠠᠭ᠎ᠠ᠎ᠶ᠋ᠢᠨ ᠠᠵᠢᠯᠯᠠᠭᠠᠨ᠎ᠳᠤ ᠣᠷᠣᠯᠴᠠᠭᠠᠳ ᠲᠥᠪ ᠲᠧᠯᠸᠢᠰ᠎ᠤᠨ ᠤᠷᠢᠭ᠍ᠰᠠᠨ ᠡᠷᠲᠡᠨ᠎ᠤ ᠡᠳ᠋᠎ᠢ ᠬᠢᠨᠠᠨ ᠱᠢᠯᠭᠠᠷᠠᠭᠤᠯᠬᠤ ᠲᠤᠰᠭᠠᠢ ᠮᠡᠷᠭᠡᠵᠢᠯᠲᠡᠨ᠎ᠤ ᠦᠨᠡᠯᠡᠯᠲᠡ᠎ᠪᠠᠷ ᠳᠠᠮᠵᠢᠭᠠᠳ ᠵᠢᠷᠠᠨ ᠭᠤᠷᠪᠠᠨ ᠲᠦᠮᠡᠨ ᠲᠦᠭᠦᠷᠢᠭ᠎ᠢᠶᠠᠷ ᠬᠠᠩᠱᠢᠯᠠᠭ᠍ᠳᠠᠭ᠍ᠰᠠᠨ ᠪᠠᠢᠨ᠎ᠠ᠃
