ᠳᠤᠮᠳᠠᠳᠤ᠎ᠶ᠋ᠢᠨ ᠰᠣᠶᠣᠯ ᠪᠣᠯᠤᠨ ᠦᠨᠳᠦᠰᠦᠲᠡᠨ ᠨᠤᠭᠦᠳ᠎ᠦᠨ ᠰᠣᠶᠣᠯ᠎ᠤᠨ ᠬᠠᠷᠢᠴᠠᠭ᠎ᠠ᠎ᠶ᠋ᠢ
ᠡᠷᠬᠡᠪᠰᠢ ᠵᠥᠪ ᠡᠵᠡᠮᠳᠡᠵᠦ᠂ ᠦᠨᠳᠦᠰᠦᠲᠡᠨ᠎ᠨᠦᠭᠦᠳ᠎ᠦᠨ ᠱᠢᠯᠢᠳᠡᠭ ᠤᠯᠠᠮᠵᠢᠯᠠᠯᠲᠤ ᠰᠣᠶᠣᠯ ᠪᠣᠯ ᠴᠥᠮ ᠳᠤᠮᠳᠠᠳᠤ᠎ᠶ᠋ᠢᠨ
ᠰᠣᠶᠣᠯ᠎ᠤᠨ ᠪᠦᠷᠢᠯᠳᠦᠬᠦᠨ ᠬᠡᠰᠡᠭ ᠮᠥᠨ᠂ ᠳᠤᠮᠳᠠᠳᠤ᠎ᠶ᠋ᠢᠨ ᠰᠣᠶᠣᠯ ᠪᠣᠯ ᠭᠣᠣᠯ ᠡᠰᠢ ᠮᠥᠨ᠂ ᠦᠨᠳᠦᠰᠦᠲᠡᠨ᠎ᠨᠦᠭᠦᠳ᠎ᠦᠨ
ᠰᠣᠶᠣᠯ ᠪᠣᠯ ᠰᠠᠯᠠᠭ᠎ᠠ ᠨᠠᠮᠠᠭ᠎ᠠ ᠮᠥᠨ᠂ ᠦᠨᠳᠦᠰᠦ ᠭᠦᠨ ᠡᠰᠢ ᠨᠢ ᠪᠦᠳᠦᠭᠦᠨ ᠪᠠᠢᠪᠠᠯ ᠰᠠᠶᠢ ᠰᠠᠯᠠᠭ᠎ᠠ ᠨᠠᠮᠠᠭ᠎ᠠ
ᠨᠢ ᠢᠭ᠍ᠴᠤ ᠰᠠᠬᠤᠯᠢᠭ ᠤᠷᠭᠤᠵᠤ ᠴᠢᠳᠠᠨ᠎ᠠ᠃ ᠪᠣᠳᠠᠰ ᠪᠣᠯᠤᠨ ᠤᠶᠤᠨ ᠰᠠᠨᠠᠭᠠᠨ᠎ᠤ ᠬᠠᠷᠢᠴᠠᠭ᠎ᠠ᠎ᠶ᠋ᠢ ᠵᠥᠪ ᠡᠵᠡᠮᠳᠡᠵᠦ᠍᠂ ᠪᠤᠢ ᠪᠦᠬᠦᠢ ᠥᠭᠡᠷᠡᠴᠢᠯᠡᠯᠲᠡ ᠬᠥᠭ᠌ᠵᠢᠯᠲᠡ᠎ᠳᠦ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢᠨ
ᠤᠬᠠᠮᠰᠠᠷ᠎ᠢ ᠢᠯᠡᠷᠡᠭᠦᠯᠬᠦ᠌ ᠠᠴᠢ ᠬᠣᠯᠪᠣᠭ᠍ᠳᠠᠯ᠂ ᠨᠢᠭᠡᠳᠦᠯ᠎ᠢ ᠬᠠᠮᠠᠭᠠᠯᠠᠬᠤ᠂ ᠬᠠᠭᠠᠴᠠᠭᠤᠯᠬᠤ᠎ᠶ᠋ᠢ ᠡᠰᠡᠷᠭᠦᠴᠡᠬᠦ᠌
ᠠᠴᠢ ᠬᠣᠯᠪᠣᠭ᠍ᠳᠠᠯ᠂ ᠠᠷᠠᠳ᠎ᠤᠨ ᠠᠮᠢᠳᠤᠷᠠᠯ᠎ᠢ ᠰᠠᠢᠵᠢᠷᠠᠭᠤᠯᠬᠤ᠂ ᠬᠥᠮᠦᠰ᠎ᠦᠨ ᠰᠡᠳᠭᠢᠯ᠎ᠢ ᠨᠢᠭ᠍ᠲᠠᠷᠠᠭᠤᠯᠬᠤ
ᠠᠴᠢ ᠬᠣᠯᠪᠣᠭ᠍ᠳᠠᠯ ᠣᠯᠭᠣᠵᠤ᠂ ᠳᠤᠮᠳᠠᠳᠤ᠎ᠶ᠋ᠢᠨ ᠦᠨᠳᠦᠰᠦᠲᠡᠨ᠎ᠦ ᠬᠠᠮᠲᠤ᠎ᠶ᠋ᠢᠨ ᠴᠣᠭ᠍ᠴᠠ᠎ᠶ᠋ᠢ ᠡᠪᠳᠡᠷᠡᠰᠢ
ᠦᠭᠡᠢ ᠪᠠᠲᠤ ᠪᠡᠬᠢ ᠪᠣᠯᠭᠠᠬᠤ ᠬᠡᠷᠡᠭ᠌ᠲᠡᠢ᠃
— ᠶᠡᠷᠦᠩᠬᠡᠢ
ᠱᠦᠵᠢ ᠰᠢ ᠵᠢᠨ ᠫᠢᠩ᠎ᠦᠨ ᠲᠥᠪ᠎ᠦᠨ ᠦᠨᠳᠦᠰᠦᠲᠡᠨ᠎ᠦ ᠠᠵᠢᠯ᠎ᠤᠨ ᠬᠤᠷᠠᠯ ᠳᠡᠭᠡᠷᠡᠬᠢ ᠶᠠᠷᠢᠶ᠎ᠠ᠎ᠠᠴᠠ (2021 ᠣᠨ᠎ᠤ 8 ᠰᠠᠷ᠎ᠠ᠎ᠶ᠋ᠢᠨ 28 ᠤ ᠡᠳᠦᠷ)
ᠪᠠᠯᠠᠷ ᠡᠷᠲᠡᠨ᠎ᠦ ᠳᠣᠮᠣᠭ ᠶᠠᠷᠢᠶᠠᠨ᠎ᠳᠠᠬᠢ ᠨᠢᠦᠢ ᠸᠠ ᠰᠢᠪᠠᠷ ᠵᠢᠡᠷ ᠬᠥᠮᠦᠨ
ᠪᠦᠲᠦᠭᠡᠭ᠌ᠰᠡᠨ᠎ᠡᠴᠡ ᠬᠣᠩᠱᠠᠨ ᠰᠣᠶᠣᠯ᠎ᠤᠨ ᠨᠢᠦ ᠯᠢᠶᠠᠩ ᠾᠧ ᠵᠢᠨ ᠳᠠᠬᠢᠨᠢ ᠵᠢᠨ ᠰᠦᠮ᠎ᠡ᠎ᠶ᠋ᠢᠨ ᠳᠠᠭᠢᠨᠢ᠎ᠶ᠋ᠢᠨ ᠬᠦᠷᠦᠭ ᠬᠦᠷᠲᠡᠯ᠎ᠡ᠂ ᠰᠠᠬᠢᠭᠤᠯᠰᠤᠨ ᠱᠢᠪᠠᠷ᠎ᠢᠶᠠᠷ
ᠬᠥᠮᠦᠨ ᠵᠤᠬᠢᠶᠠᠵᠤ᠂ ᠬᠥᠮᠦᠨ ᠱᠢᠪᠠᠷ᠎ᠢᠶᠠᠷ ᠰᠠᠬᠢᠭᠤᠯᠰᠤᠨ ᠱᠤᠭᠤᠵᠠᠢ ; ᠴᠢᠨ ᠤᠯᠤᠰ᠎ᠠᠴᠠ ᠡᠮᠦᠨᠡᠬᠢ ᠦᠶ᠎ᠡ᠎ᠶ᠋ᠢᠨ ᠪᠣᠭᠣᠯ᠎ᠤᠨ ᠱᠢᠪᠠᠷ ᠬᠡᠦᠬᠡᠯᠲᠠᠢ᠂ ᠴᠢᠨ ᠤᠯᠤᠰ
ᠬᠠᠨ ᠤᠯᠤᠰ᠎ᠤᠨ ᠦᠶ᠎ᠡ᠎ᠵᠢᠨ ᠡᠯ᠎ᠡ ᠵᠦᠢᠯ᠎ᠦᠨ ᠸᠠᠭᠠᠷ ᠱᠤᠭᠤᠮᠠᠯ ᠂ ᠰᠦᠶ ᠤᠯᠤᠰ ᠲᠠᠩ ᠤᠯᠤᠰ᠎ᠠᠴᠠ ᠬᠤᠢᠨᠠᠬᠢ
ᠰᠦᠮ᠎ᠡ ᠬᠡᠢᠳ᠎ᠦᠨ ᠱᠤᠭᠤᠮᠠᠯ᠎ᠠᠴᠠ ᠰᠦᠩ ᠤᠯᠤᠰ᠂ ᠶᠤᠸᠠᠨ ᠤᠯᠤᠰ᠂ ᠮᠢᠩ ᠤᠯᠤᠰ᠂ ᠴᠢᠩ ᠤᠯᠤᠰ᠎ᠤᠨ ᠦᠶ᠎ᠡ᠎ᠡᠴᠡ
ᠨᠠᠭᠠᠱᠢᠬᠢ ᠡᠯ᠎ᠡ ᠵᠦᠢᠯ᠎ᠦᠨ ᠠᠷᠠᠳ᠎ᠤᠨ ᠱᠢᠪᠠᠷ ᠱᠤᠭᠤᠮᠠᠯ ᠬᠦᠷᠲᠡᠯ᠎ᠡ ᠴᠥᠮ ᠱᠤᠭᠤᠮᠠᠯ᠎ᠤᠨ ᠤᠷ᠎ᠠ ᠮᠡᠷᠭᠡᠵᠢᠯ
ᠪᠠ ᠥᠩᠭᠡ ᠪᠤᠳᠤᠭ᠎ᠤᠨ ᠭᠤᠢᠳᠠ ᠰᠠᠢᠬᠠᠨ᠎ᠢ ᠢᠯᠡᠷᠡᠭᠦᠯᠦᠭ᠌ᠰᠡᠨ ᠶᠤᠮ ᠁ ᠲᠠᠪᠤᠨ ᠮᠢᠩᠭᠠᠨ ᠵᠢᠯ᠎ᠦᠨ ᠲᠤᠷᠰᠢ᠂
ᠳᠤᠮᠳᠠᠳᠤ ᠤᠯᠤᠰ᠎ᠤᠨ ᠱᠢᠪᠠᠷ ᠱᠤᠭᠤᠮᠠᠯ ᠤᠷᠠᠯᠢᠭ᠎ᠤᠨ ᠷᠢᠳᠢ ᠰᠢᠳᠢ ᠪᠠᠨ ᠭᠠᠢᠬᠠᠭᠤᠯᠤᠨ᠂ ᠤᠷᠠᠯᠢᠭᠴᠢᠨ ᠴᠢᠳᠠᠪᠤᠷᠢᠲᠠᠨ
ᠴᠣᠯᠭᠣᠷᠠᠵᠤ᠂ ᠦᠶ᠎ᠡ ᠤᠯᠠᠷᠢᠨ ᠤᠯᠠᠮᠵᠢᠯᠠᠭ᠍ᠳᠠᠭ᠍ᠰᠠᠭᠠᠷ ᠢᠷᠡᠵᠡᠶ᠃
ᠮᠠᠨ᠎ᠤ ᠣᠷᠣᠨ᠎ᠤ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠶ ᠲᠥᠷᠥᠯ ᠵᠦᠶ᠋ᠯ ᠪᠣᠯᠬᠤ ᠡᠸ᠋ ᠤᠪᠤᠭᠲᠤ᠎ᠶ᠋ᠢᠨ ᠱᠢᠪᠠᠷ ᠱᠤᠭᠤᠮᠠᠯ ᠪᠣᠯ ᠮᠠᠨ᠎ᠤ ᠤᠯᠤᠰ᠎ᠤᠨ ᠱᠢᠪᠠᠷ ᠱᠤᠭᠤᠮᠠᠯ᠎ᠤᠨ ᠤᠷᠠᠯᠢᠭ᠎ᠤᠨ
ᠬᠦᠷᠢᠶᠠᠨ᠎ᠳᠡᠬᠢ ᠨᠢᠭᠡᠨ ᠬᠦᠢᠰ ᠴᠡᠴᠡᠭ ᠪᠤᠯᠵᠤ᠂ ᠲᠡᠦᠬᠡ ᠵᠢᠨ ᠤᠷᠴᠢᠯ᠎ᠳᠤ ᠬᠡᠷᠡᠯ ᠭᠢᠯᠪᠠᠭ᠎ᠠ᠎ᠪᠠᠨ ᠰᠠᠴᠤᠷᠠᠭᠤᠯᠤᠭᠰᠠᠨ
ᠪᠠᠢᠨ᠎ᠠ᠃
300 ᠭᠠᠷᠤᠶ ᠵᠢᠯ ᠤᠯᠠᠮᠵᠢᠯᠠᠭᠳᠠᠭᠰᠠᠨ ᠰᠢᠪᠠᠷ ᠱᠤᠭᠤᠮᠠᠯ
ᠡᠨᠡ ᠵᠢᠯ 54 ᠨᠠᠰᠤᠲᠠᠢ ᠡᠸ᠋ ᠸᠸᠨ ᠱᠧᠩ ᠪᠤᠯ ᠬᠥᠬᠡᠬᠣᠲᠠ᠎ᠶ᠋ᠢᠨ ᠬᠣᠷᠢᠨᠭᠡᠷ
ᠱᠢᠶᠠᠨ᠎ᠤ ᠱᠠᠪᠠᠬᠠᠢ ᠱᠢᠶᠠᠩ᠎ᠤᠨ ᠪᠠᠷᠠᠭᠤᠨ ᠴᠠᠭᠠᠨ᠎ᠲᠦ ᠲᠣᠰᠭᠣᠨ᠎ᠳᠤ ᠲᠦᠷᠦᠵᠠᠢ᠂ ᠲᠡᠷᠡ ᠪᠣᠯ ᠡᠸ᠋ ᠣᠪᠣᠭ᠍ᠲᠤ᠎ᠶ᠋ᠢᠨ
ᠱᠢᠪᠠᠷ ᠱᠤᠭᠤᠮᠠᠯ᠎ᠤᠨ ᠳᠣᠯᠣᠳᠤᠭᠠᠷ ᠦᠶ᠎ᠡ᠎ᠶ᠋ᠢᠨ ᠵᠠᠯᠭᠠᠮᠵᠢᠯᠠᠭ᠍ᠴᠢ ᠪᠣᠯᠤᠨ᠎ᠠ᠃ ᠡᠦ ᠣᠪᠣᠭ᠍ᠲᠤ᠎ᠶ᠋ᠢᠨ ᠱᠢᠪᠠᠷ
ᠱᠤᠭᠤᠮᠠᠯ᠎ᠤᠨ ᠲᠡᠦᠬᠡᠨ ᠡᠬᠢ ᠰᠤᠷᠪᠤᠯᠵᠢ᠎ᠶ᠋ᠢ ᠶᠠᠷᠢᠬᠤ᠎ᠳᠤ ᠡᠦ ᠸᠸᠨ ᠱᠧᠩ ᠣᠮᠣᠭ ᠪᠠᠬᠠᠳᠤᠯ᠎ᠤᠨ ᠢᠨᠢᠶᠡᠳᠦ
ᠲᠣᠳᠣᠷᠠᠭᠤᠯᠵᠤ ᠄ 《
ᠪᠢᠳᠡ ᠨᠢᠭᠡᠨᠲᠡ 300 ᠭᠠᠷᠤᠶ ᠵᠢᠯ ᠤᠯᠠᠮᠵᠢᠯᠠᠨ ᠵᠠᠯᠭᠠᠮᠵᠢᠯᠠᠵᠠᠶ》ᠭᠡᠵᠦ᠍ ᠬᠡᠯᠡᠭ᠌ᠰᠡᠨ᠎ᠢᠶᠡᠨ ᠰᠤᠷᠪᠤᠯᠵᠢᠯᠠᠭ᠍ᠴᠢ᠎ᠳᠤ 300 ᠭᠠᠷᠤᠢ ᠵᠢᠯ ᠬᠡᠷᠡᠭ᠌ᠯᠡᠭ᠌ᠰᠡᠨ
ᠱᠢᠪᠠᠷ ᠱᠤᠭᠤᠮᠠᠯ᠎ᠤᠨ ᠬᠡᠪ ᠵᠢᠡᠨ ᠳᠡᠯᠭᠡᠨ ᠦᠵᠡᠭᠦᠯᠦᠯ᠎ᠡ᠂ ᠬᠡᠪ᠎ᠢ ᠨᠢ ᠪᠠᠰᠠ ᠨᠠᠩᠬᠢ ᠱᠢᠪᠠᠷ᠎ᠢᠶᠠᠷ ᠬᠢᠵᠦ᠍
᠂ ᠭᠦᠨ ᠭᠦᠶᠦᠭᠡᠨ ᠨᠢ ᠠᠳᠠᠯᠢ ᠪᠤᠰᠤ ᠴᠠᠪᠠ ᠭᠠᠷᠤᠭᠰᠠᠨ ᠬᠡᠰᠡᠭ᠎ᠢ ᠭᠣᠮ ᠪᠦᠰ᠎ᠢᠶᠡᠷ ᠨᠠᠭᠠᠵᠤ᠂ ᠤᠨ ᠵᠢᠯ᠎ᠦᠨ
ᠤᠯᠠᠷᠢᠯ ᠬᠤᠪᠢᠰᠤᠯ᠎ᠢ ᠲᠣᠭᠠᠴᠢᠵᠤ ᠪᠠᠢᠯ᠎ᠠ᠃
ᠡᠦ ᠣᠪᠣᠭ᠍ᠲᠤ᠎ᠶ᠋ᠢᠨ ᠳᠡᠭᠡᠳᠦᠰ᠎ᠦᠨ ᠨᠤᠲᠤᠭ ᠨᠢ ᠱᠠᠨ ᠰᠢ᠎ᠶ᠋ᠢᠨ ᠱᠢᠨᠵᠸᠦ ᠪᠤᠯᠤᠨ᠎ᠠ᠂
ᠲᠩᠷᠢ ᠲᠡᠳᠬᠦᠭ᠌ᠴᠢ ᠬᠠᠭᠠᠨ᠎ᠤ ᠡᠬᠢᠨ᠎ᠦ ᠣᠨ᠎ᠳᠤ ᠬᠣᠷᠢᠨᠭᠡᠷ ᠱᠢᠶᠠᠨ᠎ᠳᠤ ᠢᠷᠡᠭᠡᠳ ᠲᠠᠷᠢᠶᠠᠯᠠᠩ ᠦᠢᠯᠡᠳᠪᠦᠷᠢᠯᠡᠯ
ᠵᠢᠴᠢ ᠵᠢᠷᠤᠭ᠍ᠴᠢᠨᠤ ᠠᠵᠢᠯ ᠬᠢᠵᠦ᠍᠂ ᠲᠠᠷᠢᠶᠠᠯᠠᠩ᠎ᠤᠨ ᠰᠤᠯᠠ ᠰᠡᠯᠡᠭᠦᠦ ᠴᠠᠭ ᠵᠢᠡᠷ ᠵᠢᠡᠨ ᠵᠢᠷᠤᠭ᠂ ᠲᠣᠰᠣ᠂
ᠱᠢᠪᠠᠷ ᠱᠤᠭᠤᠮᠠᠯ᠂ ᠨᠠᠭᠠᠬᠤ ᠵᠡᠷᠭᠡ ᠭᠠᠷ ᠤᠷᠠᠯᠠᠯ᠎ᠢᠶᠠᠷ᠎ᠢᠶᠠᠨ ᠠᠢᠯ ᠡᠷᠦᠬᠡ᠎ᠪᠡᠷ ᠶᠠᠪᠤᠵᠤ ᠠᠮᠢᠳᠤᠷᠠᠯ᠎ᠢᠶᠠᠨ
ᠠᠷᠭᠠᠴᠠᠭᠠᠳᠠᠭ ᠪᠠᠢᠪᠠ᠃ ᠤᠶᠤᠨ ᠤᠬᠠᠭᠠᠨ ᠪᠦᠷᠢᠳᠦᠭᠰᠡᠨ ᠡᠦ ᠣᠪᠣᠭ᠍ᠲᠤ᠎ᠶ᠋ᠢᠨ ᠡᠪᠦᠭᠡ ᠳᠡᠭᠡᠳᠦᠰ ᠱᠢᠪᠠᠷ ᠬᠡᠸ᠋ᠬᠡᠯᠳᠡᠶᠤᠯᠠᠨᠳᠤ
ᠬᠦᠷᠢᠶᠡᠯᠡᠯ ᠲᠠᠢ ᠪᠠᠢᠬᠤ ᠵᠢ ᠮᠡᠳᠡᠭᠡᠳ ᠱᠠᠨ ᠱᠢ ᠥᠪᠥᠷ ᠮᠣᠩᠭᠣᠯ ᠬᠣᠶᠠᠷ ᠭᠠᠵᠠᠷ᠎ᠤᠨ ᠵᠠᠩ ᠦᠢᠯᠡ᠎ᠶ᠋ᠢᠨ ᠰᠣᠶᠣᠯ᠎ᠢ
ᠠᠭᠤᠰᠭᠠᠨ᠂ ᠲᠤᠰᠭᠠᠢᠯᠠᠨ ᠱᠢᠪᠠᠷ ᠬᠥᠮᠦᠨ ᠵᠤᠬᠢᠶᠠᠭᠠᠳ ᠬᠡᠦᠬᠡᠳ᠎ᠤᠨ ᠨᠠᠭᠠᠳᠤᠮ ᠪᠤᠯᠭᠠᠨ ᠪᠤᠷᠤᠯᠠᠭᠤᠯᠵᠠᠢ᠂
ᠢᠯᠡ ᠲᠣᠳᠣ ᠬᠡᠪ ᠨᠠᠮᠪᠠ ᠲᠠᠢ ᠡᠦ ᠣᠪᠣᠭ᠍ᠲᠤ᠎ᠶ᠋ᠢᠨ ᠱᠢᠪᠠᠷ ᠱᠤᠭᠤᠮᠠᠯ ᠢᠩᠬᠢᠵᠦ ᠪᠤᠶ ᠪᠣᠯᠤᠭᠰᠠᠨ ᠪᠠᠢᠨ᠎ᠠ᠃
《ᠳᠡᠭᠡᠷ᠎ᠡ ᠵᠠᠭᠤᠨ᠎ᠤ ᠭᠤᠴᠢ ᠳᠥᠴᠢᠭᠡᠳ ᠣᠨ᠎ᠤ ᠦᠶ᠎ᠡ᠎ᠳᠦ ᠡᠦ ᠣᠪᠣᠭ᠍ᠲᠤ᠎ᠶ᠋ᠢᠨ ᠱᠢᠪᠠᠷ
ᠱᠤᠭᠤᠮᠠᠯ᠎ᠤᠨ ᠤᠷᠠᠯᠢᠭ᠎ᠤᠨ ᠪᠦᠲᠦᠭᠡᠯ ᠣᠷᠭᠢᠯ᠎ᠳᠠᠭᠠᠨ ᠲᠤᠯᠵᠤ᠂ ᠲᠦᠮᠡᠳ᠎ᠦᠨ ᠲᠠᠯ᠎ᠠ᠎ᠠᠴᠠ ᠳᠠᠯᠠᠨ ᠬᠠᠷ᠎ᠠ ᠠᠭᠤᠯᠠ
ᠵᠢᠨ ᠠᠷᠤ᠎ᠳᠤ ᠬᠦᠷᠲᠡᠯ᠎ᠡ ᠨᠡᠷ᠎ᠡ ᠠᠯᠳᠠᠷ ᠨᠢ ᠮᠠᠨᠳᠤᠵᠠᠢ᠂ ᠵᠣᠬᠢᠶᠠᠨ ᠪᠦᠲᠦᠭᠡᠭ᠌ᠰᠡᠨ ᠡᠷᠲᠡᠨ᠎ᠦ ᠬᠤᠪᠴᠠᠰᠤ᠎ᠲᠠᠶ
ᠬᠥᠮᠦᠨ᠎ᠦ ᠪᠦᠲᠦᠭᠡᠯ ᠪᠤᠯᠬᠤ 〈ᠲᠤᠭᠤᠷ᠎ᠤᠨ ᠬᠦᠷᠢᠶᠡᠯᠡᠩ᠎ᠳᠦ ᠠᠨᠳᠠ ᠪᠠᠷᠢᠯᠳᠤᠭ᠍ᠰᠠᠨ
ᠨᠢ〉 ᠂ 〈ᠴᠠᠭᠠᠨ ᠮᠣᠭᠠᠶ᠎ᠶ᠋ᠢᠨ
ᠦᠯᠢᠭᠡᠷ〉 ᠂ 〈ᠨᠠᠢ᠍ᠮᠠᠨ ᠰᠠᠬᠢᠭᠤᠯᠰᠤᠨ〉 ᠵᠡᠷᠭᠡ ᠨᠢ ᠮᠠᠰᠢ ᠰᠣᠨᠢᠷᠬᠠᠯ ᠲᠠᠢ》 ᠭᠡᠵᠦ ᠦ᠋
ᠸᠸᠨ ᠱᠧᠩ ᠰᠤᠷᠪᠤᠯᠵᠢᠯᠠᠭ᠍ᠴᠢ᠎ᠳᠤ ᠶᠠᠷᠢᠵᠤ ᠪᠠᠢᠯ᠎ᠠ᠃ ᠱᠢᠪᠠᠷ ᠬᠡᠸ᠋ᠬᠡᠯᠳᠡᠶ᠂ ᠵᠢᠵᠢᠭ ᠠᠮᠢᠲᠠᠨ᠂ ᠪᠡᠮᠪᠡᠷᠳᠤᠤ
ᠵᠡᠷᠭᠡ ᠪᠣᠯ ᠬᠡᠦᠬᠡᠳ᠎ᠦᠳ᠎ᠦᠨ ᠨᠠᠭᠠᠳᠤᠭᠠᠳ ᠬᠠᠨᠤᠬᠤ ᠦᠭᠡᠢ ᠳᠤᠷ᠎ᠠ ᠲᠠᠢ ᠲᠣᠭ᠍ᠯᠠᠭᠠᠮ ᠪᠤᠯᠬᠤ ᠶᠤᠮ᠃
ᠡᠸ᠋ ᠸᠸᠨ ᠱᠧᠩ᠎ᠦᠨ ᠤᠢ ᠴᠡᠭᠡᠵᠢᠨ᠎ᠳᠤ ᠲᠡᠭᠦᠨ᠎ᠦ ᠡᠪᠦᠭᠡ᠂ ᠶᠡᠬᠡ ᠠᠪᠠᠭ᠎ᠠ
ᠨᠢ ᠪᠦᠷ ᠱᠢᠪᠠᠷ ᠱᠤᠭᠤᠮᠠᠯᠵᠤᠬᠢᠶᠠᠬᠤᠳᠠᠭᠠᠨ ᠤᠷ᠎ᠠ ᠮᠡᠷᠭᠡᠵᠢᠯ ᠰᠠᠢᠲᠠᠢ ᠬᠦᠮᠦᠰ ᠪᠠᠢᠵᠠᠢ᠂ ᠲᠡᠷᠡ 8 ᠨᠠᠰᠤᠨ᠎ᠠᠴᠠ᠎ᠪᠠᠨ
ᠱᠢᠪᠠᠷ ᠲᠠᠢ ᠤᠷᠤᠯᠳᠤᠵᠤ ᠡᠬᠢᠯᠡᠭᠰᠡᠨ ᠪᠠᠢᠨ᠎ᠠ᠃ ᠡᠸ᠋ ᠸᠸᠨ ᠱᠧᠩ᠎ᠳᠦ ᠠᠪᠴᠤ᠌ ᠬᠡᠯᠡᠪᠡᠯ ᠱᠢᠪᠠᠷ ᠱᠤᠭᠤᠮᠠᠯ
ᠭᠡᠷ᠎ᠤᠨ ᠬᠢᠨᠢ ᠤᠯᠠᠮᠵᠢᠯᠠᠯᠲᠤ ᠭᠠᠷ ᠤᠷᠠᠯᠠᠯ ᠪᠣᠯᠬᠤ᠎ᠪᠠᠷ ᠪᠠᠷᠠᠬᠤ ᠥᠬᠡᠶ᠂ ᠨᠠᠩ ᠴᠤ᠌ ᠲᠡᠭᠦᠨ᠎ᠦ ᠣᠶᠤᠨ ᠰᠠᠨᠠᠭᠠᠨ᠎ᠤ
ᠲᠦᠱᠢᠭ ᠲᠤᠯᠭᠠᠭᠤᠷᠢ ᠪᠣᠯᠤᠨ᠎ᠠ᠃ ᠡᠦ ᠸᠸᠨ ᠱᠧᠩ ᠲᠥᠷᠥᠯᠬᠢ ᠵᠢᠨ ᠰᠡᠭᠡᠷ ᠨᠢᠷᠤᠭᠤᠨ᠎ᠤ ᠡᠪᠡᠳᠴᠢᠨ ᠲᠠᠢ ᠡᠴᠡ
ᠪᠤᠯᠵᠤ ᠬᠥᠯ ᠨᠢ ᠲᠠᠮᠪᠠᠷᠠᠵᠠᠶ᠂ ᠲᠤᠬᠠᠶ᠎ᠶ᠋ᠢᠨ ᠦᠶ᠎ᠡ᠎ᠳᠦ
ᠭᠡᠷ᠎ᠤᠨ ᠠᠮᠢᠳᠤᠷᠠᠯ ᠨᠢ ᠬᠦᠴᠢᠷᠲᠡᠢ ᠪᠤᠯᠬᠤᠷ ᠡᠪᠡᠳᠴᠢᠨ᠎ᠢ ᠨᠢ ᠡᠮᠨᠡᠭᠦᠯᠬᠦ ᠵᠣᠭᠣᠰ ᠦᠭᠡᠶ᠂ ᠡᠦ ᠸᠸᠨ ᠱᠧᠩ
ᠬᠣᠶᠠᠷ ᠭᠠᠷ᠎ᠢᠶᠠᠷ᠎ᠢᠶᠠᠨ ᠮᠥᠯᠬᠥᠵᠦ᠍ ᠪᠠᠢᠵᠠᠶ᠃ ᠲᠡᠷᠡ ᠬᠥᠳᠡᠯᠵᠦ᠍ ᠪᠠᠷᠢᠬᠤ ᠨᠢ ᠳᠥᠭᠥᠮ ᠦᠭᠡᠢ᠎ᠡᠴᠡ ᠪᠣᠯᠵᠤ᠂
ᠨᠠᠰᠤ ᠬᠤᠷᠠᠭ ᠬᠡᠦᠬᠡᠳ᠎ᠦᠳ᠎ᠦᠨ ᠪᠢᠴᠢᠭ᠎ᠦᠨ ᠪᠣᠭ᠍ᠴᠣ᠎ᠪᠠᠨ ᠡᠭᠦᠷᠦᠭᠡᠳ ᠰᠤᠷᠭᠠᠭᠤᠯᠢ᠎ᠳᠠᠭᠠᠨ ᠶᠠᠪᠤᠬᠤ᠎ᠶ᠋ᠢ
ᠬᠠᠷᠠᠵᠤ ᠰᠠᠭᠤᠬᠤ ᠯᠡ ᠲᠡᠳᠦᠢ᠃ ᠤᠢ ᠭᠠᠰᠢᠭᠤᠨ ᠡᠳᠦᠷ ᠬᠤᠨᠤᠭᠦᠳᠲᠦ ᠱᠢᠪᠠᠷ ᠱᠤᠭᠤᠮᠠᠯ ᠯᠠ ᠲᠡᠭᠦᠨ᠎ᠳᠤ ᠬᠠᠨᠢ
ᠪᠤᠯᠵᠤ ᠰᠡᠳᠬᠢᠯ᠎ᠢ ᠨᠢ ᠳᠤᠯᠠᠭᠠᠯᠠᠭᠰᠠᠭᠠᠷ ᠢᠷᠡᠯ᠎ᠡ᠃ ᠶᠡᠬᠡ ᠠᠪᠠᠭ᠎ᠠ᠎ᠶ᠋ᠢᠨ ᠵᠢᠡᠨ ᠵᠢᠯᠣᠭᠣᠳᠤᠯᠭ᠎ᠠ ᠳᠣᠣᠷ᠎ᠠ᠂
ᠡᠦ ᠸᠸᠨ ᠱᠧᠩ᠎ᠤᠨ ᠰᠢᠪᠠᠷ ᠱᠤᠭᠤᠮᠠᠯ ᠵᠤᠬᠢᠶᠠᠬᠤ ᠤᠷ᠎ᠠ ᠮᠡᠷᠭᠡᠵᠢᠯ ᠨᠢ ᠤᠯᠠᠮ᠎ᠠᠴᠠ ᠤᠯᠠᠮ ᠰᠠᠢᠨ ᠪᠣᠯᠵᠤ᠂
ᠵᠤᠬᠢᠶᠠᠭᠰᠠᠨ ᠱᠢᠪᠡᠷ ᠬᠡᠦᠬᠡᠯᠳᠡᠢ᠂ ᠪᠢᠴᠢᠬᠠᠨ ᠠᠮᠢᠲᠠᠨ ᠨᠢ ᠠᠮᠢᠳᠤᠯᠢᠭ ᠪᠣᠯᠵᠤ ᠢᠷᠡᠪᠡ᠃
15 ᠨᠠᠰᠤᠲᠠᠢ᠎ᠳᠠᠭᠠᠨ ᠦ᠋ ᠸᠸᠨ ᠱᠧᠩ ᠵᠠᠩ ᠬᠠᠢ ᠳ᠋ᠢᠶ᠋ᠢᠨ ᠪᠠᠶ᠎ᠠ ᠵᠡᠮᠳ᠋ᠨᠭ ᠪᠠᠢᠬᠰᠡᠨ ᠴᠦ᠍ ᠲᠤᠯᠭᠠᠷᠠᠵᠤ
ᠢᠷᠡᠭᠰᠡᠨ ᠠᠮᠢᠳᠤᠷᠠᠯ᠎ᠤᠨ ᠬᠠᠲᠠᠭᠤ ᠵᠢ ᠡᠷᠡᠰ ᠵᠤᠷᠢᠬ ᠲᠠᠢ ᠪᠡᠷ ᠲᠤᠭᠤᠯᠵᠤ ᠭᠠᠷᠤᠭᠰᠠᠨ ᠦᠢᠯᠡ ᠠᠵᠢᠯᠯᠠᠭ᠎ᠠ᠎ᠶ᠋ᠢ
ᠰᠣᠨᠣᠰᠤᠭᠠᠳ ᠡᠷᠬᠡ ᠦᠭᠡᠢ ᠰᠡᠳᠭᠢᠯ ᠬᠥᠳᠡᠯᠵᠦ᠍᠂ ᠥᠪᠡᠷ᠎ᠦᠨ ᠬᠦᠴᠦ᠍᠎ᠪᠡᠷ᠎ᠢᠶᠡᠨ ᠳᠡᠭᠵᠢᠷᠡᠬᠦ ᠪᠡᠷ ᠰᠢᠭᠤᠳᠤᠭᠠᠳ
ᠲᠣᠰᠭᠣᠨ᠎ᠳᠠᠭᠠᠨ ᠵᠢᠵᠢᠭ ᠳᠡᠯᠭᠡᠭᠦᠷ ᠡᠷᠭᠢᠯᠡᠨ ᠪᠡᠶ᠎ᠡ᠎ᠪᠡᠨ ᠲᠡᠵᠢᠭᠡᠵᠡᠢ᠃ ᠲᠡᠷᠡ ᠴᠢᠯᠥᠭᠡ ᠵᠠᠪ᠎ᠢᠶᠠᠷ᠎ᠢᠶᠠᠨ
ᠪᠠᠰᠠ ᠱᠢᠪᠠᠷ ᠱᠤᠭᠤᠮᠠᠯ ᠵᠤᠬᠢᠶᠠᠵᠤ ᠡᠬᠢᠯᠡᠵᠡᠢ᠃ 2005 ᠣᠨ᠎ᠤ ᠦᠶ᠎ᠡ᠎ᠪᠡᠷ᠂ ᠬᠣᠷᠢᠨᠭᠡᠷ ᠱᠢᠶᠠᠨ᠎ᠤ ᠰᠣᠶᠣᠯ᠎ᠤᠨ
ᠣᠷᠳᠣᠨ᠎ᠤ ᠠᠵᠢᠯᠲᠠᠳ ᠲᠤᠬᠠᠢ᠎ᠶ᠋ᠢᠨ ᠭᠠᠵᠠᠷ᠎ᠤᠨ ᠰᠦᠮ᠎ᠡ᠎ᠶ᠋ᠢᠨ ᠬᠤᠷᠠᠯ ᠳᠡᠭᠡᠷ᠎ᠡ ᠤᠷᠠᠨ ᠨᠠᠷᠢᠯᠢᠭ ᠬᠢᠴᠡ ᠲᠠᠢ᠂
ᠨᠢᠳᠤ ᠬᠤᠵᠢᠷᠯᠠᠨ ᠰᠡᠳᠬᠢᠯ ᠪᠠᠶᠠᠰᠬᠠᠬᠤ ᠱᠢᠪᠠᠷ ᠬᠡᠦᠬᠡᠯᠳᠡᠢ᠎ᠶ᠋ᠢ ᠦᠵᠡᠭᠡᠳ᠂ ᠲᠤᠰ ᠭᠠᠵᠠᠷ᠎ᠤᠨ ᠲᠣᠰᠭᠣᠨ᠎ᠤ
ᠠᠷᠠᠳ ᠡᠦ ᠸᠸᠨ ᠱᠧᠩ᠎ᠦᠨ ᠪᠦᠲᠦᠭᠡᠯ ᠪᠣᠯᠬᠤ᠎ᠶ᠋ᠢ ᠮᠡᠳᠡᠭ᠌ᠰᠡᠨ ᠪᠠᠢᠨ᠎ᠠ᠃ ᠲᠡᠳᠡ ᠡᠦ ᠣᠪᠣᠭ᠍ᠲᠤ᠎ᠶ᠋ᠢᠨ ᠱᠢᠪᠠᠷ
ᠱᠤᠭᠤᠮᠠᠯ᠎ᠢ ᠪᠣᠳᠠᠰ᠎ᠤᠨ ᠪᠤᠰᠤ ᠰᠣᠶᠣᠯ᠎ᠤᠨ ᠥᠪ ᠵᠢᠡᠷ ᠡᠷᠡᠮᠡᠯᠵᠡᠯᠡᠬᠦ᠎ᠪᠠᠷ ᠲᠣᠭ᠍ᠲᠠᠪᠠ᠃ 2009 ᠣᠨ᠎ᠳᠤ᠂
ᠡᠦ ᠤᠪᠤᠭᠲᠦ ᠵᠢᠨ ᠱᠢᠪᠠᠷ ᠱᠤᠭᠤᠮᠠᠯ ᠥᠪᠡᠷᠲᠡᠭᠡᠨ ᠵᠠᠰᠠᠬᠤ ᠣᠷᠣᠨ᠎ᠤ ᠬᠣᠶᠠᠳᠤᠭᠠᠷ ᠪᠦᠯᠦᠭ᠎ᠤᠨ ᠪᠣᠳᠠᠰ᠎ᠤᠨ
ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠢ ᠲᠦᠷᠦᠯ ᠵᠦᠢᠯ᠎ᠦᠨ ᠨᠡᠷᠡᠰ᠎ᠲᠦ ᠵᠢᠭ᠍ᠰᠠᠭᠠᠭ᠍ᠳᠠᠵᠠᠢ᠃

ᠡᠤ ᠸᠸᠨ ᠱᠸᠨᠭ ᠪᠤᠯᠤᠨ ᠳ᠋ᠠᠩ ᠯᠢ ᠶᠢᠩ

ᠡᠤ ᠸᠸᠨ ᠱᠸᠨᠭ ᠪᠤᠯᠤᠨ ᠳ᠋ᠠᠩ ᠯᠢ ᠶᠢᠩ᠎ᠤᠨ ᠪᠥᠳᠤᠭᠡᠭᠰᠡᠨ ᠲᠠᠯ᠎ᠠ ᠨᠤᠳᠤᠭ᠎ᠤᠨ
ᠰᠡᠳᠤᠪᠳᠤ ᠪᠥᠳᠤᠭᠡᠯ

ᠡᠤ ᠸᠸᠨ ᠱᠸᠨᠭ ᠪᠤᠯᠤᠨ ᠳ᠋ᠠᠩ ᠯᠢ ᠶᠢᠩ ᠤᠨ ᠪᠥᠳᠤᠭᠡᠭᠰᠡᠨ ᠪᠥᠳᠤᠭᠡᠯ 《 ᠭᠢᠵᠢᠭ ᠢ ᠰᠡᠷᠭᠡᠢᠯᠡᠬᠥ ᠥᠷᠳᠡᠭᠡ 》
ᠵᠠᠩ ᠦᠢᠯᠡ ᠠᠮᠢᠳᠤᠷᠠᠯ ᠲᠠᠢ ᠤᠢᠷᠠᠳᠤᠭᠰᠠᠨ ᠰᠢᠪᠠᠷ ᠱᠤᠭᠤᠮᠠᠯ
ᠭᠣᠣᠯ ᠭᠤᠷᠤᠬ᠎ᠠ ᠵᠢᠨ ᠠᠳᠬᠤ ᠱᠢᠪᠡᠷ ᠤᠷᠠᠨ ᠳᠠᠷᠬᠠᠨ᠎ᠤ ᠭᠠᠷ᠎ᠲᠤ ᠠᠮᠢᠯᠠᠬᠤ
ᠨᠢ ᠭᠠᠢᠬᠠᠯᠲᠠᠢ᠃
ᠠᠳᠭᠤ ᠱᠢᠪᠡᠷ ᠡᠦ ᠸᠸᠨ ᠱᠧᠩ᠎ᠦᠨ ᠭᠠᠷ᠎ᠲᠤ ᠲᠠᠲᠠᠬᠤ᠂ ᠨᠤᠬᠤᠯᠠᠬᠤ᠂ ᠴᠢᠮᠬᠢᠬᠦ᠌᠂
ᠨᠢᠳᠡᠷᠡᠬᠦ᠂ ᠳᠠᠷᠤᠬᠤ᠂ ᠵᠠᠯᠭᠠᠬᠤ ᠵᠡᠷᠭᠡ ᠠᠵᠢᠯ᠎ᠤᠨ ᠭᠤᠭᠴᠤᠭ᠎ᠠ ᠪᠡᠷ ᠳᠠᠮᠵᠢᠭᠠᠳ ᠤᠷᠠᠯᠠᠭᠳᠠᠨ ᠠᠮᠢᠯᠠᠵᠤ᠂
ᠲᠤᠭᠤᠷ ᠢᠳᠡᠬᠦ ᠪᠡᠴᠢᠨ ᠪᠠᠭᠰᠢ᠂ ᠤᠷᠲᠤ ᠬᠦᠵᠦᠭᠦᠲᠦ ᠤᠯᠠᠭᠠᠨ ᠰᠡᠴᠢᠭ᠎ᠲᠡᠶ ᠲᠣᠭᠣᠷᠤᠤ᠂ ᠬᠥᠭᠡᠷᠦᠬᠦᠨ ᠳᠦᠷᠢ
ᠲᠠᠢ ᠠᠷᠪᠠᠨ ᠬᠣᠶᠠᠷ ᠵᠢᠯ᠎ᠤᠨ ᠠᠮᠢᠲᠠᠨ᠂ ᠥᠩᠭᠡ ᠢᠯᠭᠠᠷᠠᠮ᠎ᠠ ᠨᠢᠭᠤᠷ᠎ᠤᠨ ᠳᠦᠷᠰᠦ ᠁ ᠵᠡᠷᠭᠡ ᠪᠤᠯᠵᠤ ᠬᠤᠪᠢᠯᠴᠢᠬᠠᠨᠠ᠂
ᠡᠳᠡᠭᠡᠷ ᠤᠷᠠᠨ ᠠᠮᠢᠳᠤᠯᠢᠬ ᠱᠢᠪᠠᠷ ᠱᠤᠭᠤᠮᠠᠯ᠎ᠤᠳ ᠦᠵᠡᠭᠰᠡᠨ ᠪᠦᠬᠦᠨ᠎ᠤ ᠬᠠᠷᠠᠭ᠎ᠠ ᠵᠢ ᠡᠷᠬᠡ ᠦᠭᠡᠢ ᠪᠠᠶᠠᠰᠬᠠᠨ᠎ᠠ᠃
ᠡᠦ ᠸᠸᠨ ᠱᠧᠩ 40 ᠭᠠᠷᠤᠶ ᠵᠢᠯ᠎ᠦᠨ ᠲᠤᠷᠰᠢ ᠠᠷᠠᠳ᠎ᠤᠨ ᠤᠷᠠᠯᠢᠭ ᠲᠦ᠍ ᠰᠢᠮᠡᠳᠦᠨ᠂
ᠰᠠᠨᠠᠭᠠᠨ᠎ᠤ ᠤᠷᠠᠨ ᠭᠠᠷᠤᠨ ᠡᠷᠳᠡᠮ ᠬᠤᠤᠰᠯᠠᠨ᠂ ᠠᠷᠠᠳ᠎ᠤᠨ ᠵᠠᠩ ᠦᠢᠯᠡ ᠪᠠ ᠠᠮᠢᠳᠤᠷᠠᠯ᠎ᠳᠤ ᠭᠦᠨᠵᠡᠭᠡᠢᠷᠡᠵᠤ᠂ ᠠᠳᠬᠤ ᠱᠢᠪᠠᠷ᠎ᠢ ᠠᠮᠢᠳᠤᠯᠢᠬ ᠤᠷᠠᠯᠢᠭ᠎ᠤᠨ ᠪᠦᠲᠦᠭᠡᠯ ᠪᠣᠯᠭᠠᠠ
ᠱᠤᠭᠤᠭᠰᠠᠨ ᠶᠤᠮ᠃
ᠡᠦ ᠸᠸᠨ ᠱᠧᠩ᠎ᠲᠡᠶ ᠠᠭᠤᠯᠵᠠᠬᠤ ᠦᠶ᠎ᠡ᠎ᠳᠦ ᠲᠡᠷᠡ ᠬᠠᠨᠵᠤᠨ ᠳᠡᠭᠡᠷ᠎ᠡ᠎ᠪᠡᠨ
ᠬᠡᠪᠲᠡᠭᠡᠳ ᠱᠢᠪᠠᠷ ᠱᠤᠭᠤᠮᠠᠯ ᠬᠢᠵᠦ᠍ ᠪᠠᠢᠪᠠ᠃ ᠲᠡᠷᠡ ᠱᠢᠪᠠᠷ ᠱᠤᠭᠤᠮᠠᠯ᠎ᠳᠠᠭᠠᠨ ᠥᠩᠭᠡ ᠣᠷᠣᠭᠤᠯᠬᠤ ᠵᠢᠨ ᠳᠠᠭᠠᠤ
ᠤᠷ᠎ᠠ ᠮᠡᠷᠭᠡᠵᠢᠯ᠎ᠢᠶᠡᠨ ᠲᠠᠨᠢᠯᠴᠠᠭᠤᠯᠤᠨ᠎ᠠ᠄ 《ᠱᠢᠪᠠᠷ ᠱᠤᠭᠤᠮᠠᠯ᠎ᠢ ᠬᠢᠬᠦ᠌᠎ᠳᠦ
ᠮᠠᠲ᠋ᠧᠷᠢᠶᠠᠯ ᠰᠣᠩᠭᠣᠬᠤ᠂ ᠱᠢᠪᠠᠷ ᠨᠤᠬᠤᠬᠤ᠂ ᠵᠠᠭ᠍ᠪᠤᠷ ᠬᠢᠬᠦ᠂ ᠰᠡᠢᠯᠬᠦ᠌᠂ ᠤᠬᠢᠶᠠᠬᠤ᠂ ᠪᠤᠳᠤᠵᠤ ᠵᠢᠷᠤᠬᠤ
ᠵᠡᠷᠭᠡ ᠠᠵᠢᠯ᠎ᠤᠨ ᠭᠤᠭᠴᠤᠭ᠎ᠠ ᠵᠢ ᠳᠠᠮᠵᠢᠨ᠎ᠠ᠂ ᠠᠯᠢ ᠴᠦ᠍ ᠭᠤᠭᠴᠤᠭ᠎ᠠ ᠵᠢ ᠤᠮᠳᠤᠭᠠᠢᠯᠠᠵᠤ ᠪᠤᠯᠬᠤ ᠦᠭᠡᠢ᠂
ᠵᠠᠪᠠᠯ ᠨᠠᠷᠢᠨ ᠨᠢᠮᠪᠠᠶ ᠬᠢᠬᠦ᠌ ᠬᠡᠷᠡᠭ᠌ᠲᠡᠶ᠃ ᠭᠡᠪᠡᠴᠦ ᠬᠠᠮᠤᠭ᠎ᠤᠨ ᠴᠢᠬᠤᠯᠠ ᠨᠢ ᠬᠠᠱᠢ ᠯᠠ ᠮᠠᠲ᠋ᠧᠷᠢᠶᠠᠯ
ᠰᠣᠩᠭᠣᠬᠤ ᠶᠠᠪᠤᠳᠠᠯ ᠪᠣᠯᠤᠨ᠎ᠠ᠂ ᠪᠣᠷᠣᠭᠠᠨ᠎ᠤ ᠳᠠᠷᠠᠭ᠎ᠠ ᠭᠤᠤᠯ᠎ᠤᠨ ᠭᠤᠤ᠎ᠳᠤ ᠲᠤᠨᠤᠭ᠍ᠰᠠᠨ ᠱᠢᠪᠠᠷ᠎ᠢ ᠰᠣᠩᠭᠣᠨ᠎ᠠ᠂
ᠡᠯᠡᠰᠦ ᠬᠠᠢᠷ ᠬᠤᠯᠢᠯᠳᠤᠵᠤ ᠪᠣᠯᠬᠤ ᠥᠬᠡᠶ ᠂ ᠪᠠᠰᠠ ᠵᠣᠬᠢᠬᠤ ᠬᠡᠮᠵᠢᠶᠡᠨ᠎ᠦ ᠬᠠᠲᠠᠭᠤᠷᠠᠭᠰᠠᠨ ᠰᠢᠪᠠᠷ ᠪᠠᠢᠬᠤ
ᠬᠡᠷᠡᠭᠲᠡᠢ》᠃ ᠨᠠᠩᠬᠢ ᠱᠢᠪᠠᠷ᠎ᠢ ᠨᠡᠩ ᠤᠶᠠᠨ ᠬᠠᠳᠠᠨ ᠪᠣᠯᠭᠠᠬᠤ᠎ᠶ᠋ᠢᠨ
ᠲᠥᠯᠥᠭᠡ ᠥᠩᠭᠡᠷᠡᠭ᠌ᠰᠡᠨ᠎ᠳᠦ ᠱᠢᠪᠠᠷ ᠦᠢᠯᠡᠳᠪᠦᠷᠢᠯᠡᠬᠦ᠌᠎ᠳᠦ ᠱᠢᠪᠠᠷ᠎ᠲᠤ ᠣᠯᠣᠰᠣᠨ ᠴᠠᠭᠠᠰᠤ ᠬᠤᠯᠢᠳᠠᠭ ᠪᠠᠢᠪᠠ᠃
ᠤᠳᠤ ᠣᠯᠣᠰᠣᠨ ᠴᠠᠭᠠᠰᠤ ᠤᠯᠳᠠᠬᠤ᠎ᠳᠦ ᠬᠦᠴᠢᠷ ᠪᠣᠯᠬᠤᠷ ᠤᠳᠤᠯ ᠪᠤᠶᠤ ᠬᠥᠪᠥᠩ᠎ᠢᠶᠡᠷ ᠣᠷᠣᠯᠠᠭᠤᠯᠵᠤ᠂ ᠵᠣᠬᠢᠬᠤ
ᠬᠠᠷᠢᠴᠠᠯ᠎ᠢᠶᠠᠷ ᠤᠰᠤ ᠬᠢᠵᠦ ᠵᠢᠭ᠌ᠳᠡ ᠵᠢᠭᠤᠷᠠᠭᠠᠳ ᠭᠥᠯᠢᠭᠡᠷ ᠴᠢᠯᠠᠭᠤᠨ ᠳᠡᠭᠡᠷ᠎ᠡ ᠲᠠᠯᠪᠢᠨ᠎ᠠ᠂ ᠳᠠᠷᠠᠭ᠎ᠠ
ᠨᠢ ᠰᠢᠪᠠᠷ ᠂ ᠤᠳᠤᠯ᠎ᠤᠨ ᠰᠢᠷᠬᠡᠭ ᠪᠣᠯᠤᠨ ᠤᠰᠤ ᠭᠦᠢᠴᠡᠳ ᠨᠡᠢᠯᠡᠵᠦ ᠠᠭᠤᠰᠲᠠᠯ᠎ᠠ ᠱᠢᠳᠠᠮ᠎ᠢᠶᠠᠷ ᠨᠦᠳᠦᠨ᠎ᠡ
᠂ ᠡᠴᠦᠰ ᠳᠤᠨᠢ ᠪᠥᠰ᠎ᠢᠶᠡᠷ ᠪᠠᠭ᠍ᠯᠠᠵᠤ ᠪᠡᠯᠡᠳᠭᠡᠯ ᠬᠢᠨ᠎ᠡ᠃
ᠭᠡᠪ ᠬᠢᠬᠦ᠌ ᠦᠶᠡᠰ ᠤᠷᠢᠳ᠎ᠢᠶᠠᠷ ᠭᠤᠯᠢᠷ ᠨᠢᠮᠬᠡᠯᠡᠬᠦ ᠮᠤᠳᠤ ᠪᠡᠷ ᠱᠢᠪᠠᠷ᠎ᠢ
ᠨᠢᠮᠬᠡᠯᠡᠭᠡᠳ ᠢᠳᠡᠭᠡᠨ᠎ᠦ ᠲᠤᠰᠦ ᠲᠦᠷᠬᠢᠭᠰᠡᠨ ᠬᠡᠪᠲᠦ ᠬᠢᠨ᠎ᠡ᠂ ᠳᠠᠷᠠᠭ᠎ᠠ ᠨᠢ ᠵᠢᠵᠢᠭ ᠬᠢᠳᠦᠭᠠᠪᠠᠷ ᠬᠡᠪ᠎ᠦᠨ
ᠬᠦᠪᠡᠭᠡᠨ᠎ᠳᠡᠬᠢ ᠢᠯᠡᠭᠦᠴᠡ ᠱᠢᠪᠠᠷ᠎ᠢ ᠬᠡᠷᠴᠢᠵᠦ ᠬᠠᠶᠠᠨ᠎ᠠ᠃ ᠬᠡᠪ ᠲᠡᠬᠢ ᠰᠢᠪᠠᠷ ᠬᠠᠭᠤᠷᠠᠢ ᠪᠣᠯᠤᠭ᠍ᠰᠠᠨ᠎ᠤ
ᠳᠠᠷᠠᠭ᠎ᠠ ᠭᠠᠷ ᠵᠢᠡᠷ ᠵᠢᠡᠨ ᠳᠡᠭᠡᠷ᠎ᠡ᠎ᠨᠢ ᠤᠰᠤ ᠵᠢ ᠳᠠᠬᠢᠨ ᠳᠠᠪᠲᠠᠨ ᠲᠦᠷᠬᠢᠵᠦ᠍᠂ ᠬᠠᠭᠠᠷᠠᠭᠰᠠᠨ ᠴᠠᠪᠠ᠎ᠶ᠋ᠢ
ᠨᠢ ᠠᠷᠢᠯᠭᠠᠨ᠎ᠠ᠃ ᠡᠴᠦᠰ᠎ᠤᠨ ᠠᠯᠬᠤᠮ ᠪᠣᠯ ᠪᠤᠳᠤᠵᠤ ᠵᠢᠷᠤᠨ᠎ᠠ᠂ ᠡᠨᠡ ᠦᠶ᠎ᠡ᠎ᠳᠤ ᠤᠯᠠᠮᠵᠢᠯᠠᠭ᠍ᠴᠢ ᠵᠢᠨ ᠨᠠᠷᠢᠯᠢᠭ
ᠤᠷ᠎ᠠ ᠡᠷᠳᠡᠮ᠎ᠢ ᠱᠠᠭᠠᠷᠳᠠᠨ᠎ᠠ᠃ ᠴᠤᠭ ᠵᠢᠪᠬᠤᠭ᠎ᠠ᠎ᠶ᠋ᠢ ᠪᠠᠳᠠᠷᠠᠭᠤᠯᠬᠤ᠎ᠳᠤ ᠨᠢᠭᠤᠷ ᠴᠢᠷᠠᠶ᠎ᠶ᠋ᠢᠨ ᠪᠠᠢᠳᠠᠯ
ᠨᠠᠢ᠍ᠮᠠᠨ ᠬᠤᠪᠢ᠎ᠶ᠋ᠢ ᠡᠵᠡᠯᠡᠨ᠎ᠡ᠂ ᠡᠦ ᠸᠸᠨ ᠱᠧᠩ ᠵᠢᠷᠤᠬᠤ᠎ᠶ᠋ᠢᠨ ᠳᠠᠭᠠᠤ᠄ 《ᠤᠷᠢᠳ᠎ᠢᠶᠠᠷ ᠬᠤᠪᠴᠠᠰᠤ᠂ ᠬᠡ ᠵᠢᠷᠤᠭᠠᠰᠤ᠂ ᠭᠡᠵᠢᠭᠡ᠎ᠶ᠋ᠢ ᠵᠢᠷᠤᠨ᠎ᠠ᠂ ᠡᠴᠦᠰ᠎ᠤᠨ ᠬᠠᠮᠤᠭ
ᠬᠦᠴᠢᠷᠲᠡᠶ ᠠᠯᠬᠤᠮ ᠪᠣᠯ ᠬᠥᠮᠥᠰᠭᠡᠨᠢᠳᠤ ᠵᠢ ᠵᠢᠷᠤᠨ᠎ᠠ᠂ ᠵᠢᠭᠠᠬᠠᠨ ᠵᠥᠷᠢᠭᠦᠯᠵᠦ ᠵᠢᠷᠤᠪᠠᠯ ᠬᠥᠮᠦᠨ ᠴᠤᠭ
ᠰᠦᠯᠳᠡ ᠦᠭᠡᠢ ᠪᠣᠯᠴᠢᠬᠠᠨ᠎ᠠ᠂ ᠲᠡᠭᠡᠬᠦ ᠮᠦᠷᠲᠡᠭᠡᠨ ᠡᠮᠦᠨᠡᠬᠢ ᠬᠢᠭᠰᠡᠨ ᠨᠢ ᠪᠦᠷ ᠲᠠᠯᠠᠭᠠᠷ ᠪᠣᠯᠴᠢᠬᠠᠨ᠎ᠠ》 ᠭᠡᠵᠦ ᠲᠠᠨᠢᠯᠴᠠᠭᠤᠯᠤᠨ᠎ᠠ᠂ ᠥᠩᠭᠡᠷᠡᠭ᠌ᠰᠡᠨ᠎ᠳᠦ ᠪᠤᠳᠤᠭ ᠣᠷᠣᠭᠤᠯᠬᠤ᠎ᠳᠤ ᠤᠰᠤᠨ ᠪᠤᠳᠤᠭ
ᠬᠡᠷᠡᠭᠯᠡᠵᠦ ᠪᠠᠢᠭᠰᠠᠨ ᠪᠤᠯᠬᠤᠷ ᠪᠤᠳᠤᠬ ᠤᠨᠠᠬᠤ ᠨᠢ ᠲᠦᠷᠭᠡᠨ ᠪᠥᠭᠡᠳ ᠬᠠᠳᠠᠭᠠᠯᠠᠬᠤ᠎ᠳᠤ ᠬᠦᠴᠢᠷ ᠪᠠᠢᠵᠠᠢ᠂
ᠣᠲᠣ ᠫᠷᠤᠫᠸᠨᠤ ᠪᠤᠳᠤᠭ ᠬᠡᠷᠡᠭ᠌ᠯᠡᠬᠦ ᠪᠤᠯᠤᠭᠰᠠᠨ ᠡᠴᠡ ᠥᠩᠭᠡ ᠨᠢ ᠨᠠᠩ ᠭᠣᠶᠣ ᠪᠣᠯᠵᠣ᠂ ᠬᠠᠳᠠᠭᠠᠯᠠᠬᠤ ᠴᠠᠭ
ᠨᠢ ᠴᠦ᠍ ᠨᠠᠩ ᠣᠷᠳᠣ ᠪᠣᠯᠵᠠᠶ᠃ ᠱᠢᠪᠠᠷ ᠱᠤᠭᠤᠮᠠᠯ ᠣᠷᠴᠢᠨ ᠲᠣᠭᠣᠷᠢᠨ᠎ᠤ ᠴᠢᠭᠢᠭ᠎ᠦᠨ ᠪᠠᠢᠳᠠᠯ᠎ᠳᠤ ᠨᠦᠯᠦᠭᠡᠯᠡᠭᠳᠡᠬᠦ
ᠪᠤᠯᠬᠤᠷ ᠬᠠᠭᠠᠷᠠᠬᠤ ᠪᠠ ᠥᠩᠭᠡ ᠤᠨᠠᠬᠤ᠎ᠠᠴᠠ ᠵᠠᠢᠯᠠᠰᠭᠢᠬᠦ᠌᠎ᠶ᠋ᠢᠨ ᠲᠥᠯᠥᠭᠡ᠂ ᠦ᠋ ᠸᠸᠨ ᠱᠧᠩ ᠱᠠᠪᠢ ᠳ᠋ᠠᠩ
ᠯᠢ ᠶᠢᠩ᠎ᠦᠨ ᠵᠢᠡᠨ ᠰᠡᠩᠬᠡᠷᠡᠭᠦᠯᠦᠯ ᠵᠢᠡᠷ ᠥᠩᠭᠡ᠎ᠶ᠋ᠢ ᠲᠣᠭ᠍ᠲᠠᠪᠤᠷᠢᠵᠢᠭᠤᠯᠬᠤ ᠠᠵᠢᠯ᠎ᠤᠨ ᠭᠤᠭᠴᠤᠭ᠎ᠠ ᠵᠢ
ᠨᠡᠮᠡᠵᠡᠶ᠃ ᠳ᠋ᠠᠩ ᠯᠢ ᠶᠢᠩ ᠪᠣᠯ ᠵᠢᠰᠦ ᠬᠢᠮᠤᠰᠤ ᠭᠣᠶᠣᠯᠠᠭ᠍ᠴᠢ ᠶᠤᠮ᠂ ᠲᠡᠷᠡ ᠬᠢᠮᠤᠰᠤ ᠭᠣᠶᠣᠯᠠᠬᠤ᠎ᠳᠤ ᠬᠡᠷᠡᠭ᠌ᠯᠡᠳᠡᠭ
ᠬᠢᠮᠤᠰᠤᠨ ᠪᠤᠳᠤᠭ᠎ᠤᠨ ᠴᠠᠪᠠᠤ᠎ᠶ᠋ᠢ ᠱᠢᠪᠠᠷᠱᠤᠭᠤᠮᠠᠯ ᠳᠡᠭᠡᠷ᠎ᠡ ᠳᠦᠷᠭᠢᠪᠡᠯ ᠭᠥᠯᠢᠭᠡᠷ ᠪᠤᠯᠬᠤ ᠮᠦᠷᠲᠡᠭᠡᠨ
ᠬᠢᠯᠡᠢᠭᠠᠳ ᠮᠠᠰᠢ ᠭᠣᠶᠣ ᠬᠠᠷᠠᠭ᠍ᠳᠠᠳᠠᠭᠢ ᠤᠯᠵᠤ ᠮᠡᠳᠡᠭᠰᠡᠨ ᠪᠠᠢᠨ᠎ᠠ᠃
ᠡᠦ ᠸᠸᠨ ᠱᠧᠩ᠎ᠦᠨ ᠱᠢᠪᠠᠷ ᠱᠤᠭᠤᠮᠠᠯ᠎ᠤᠨ ᠥᠩᠭᠡ ᠪᠤᠳᠤᠭ ᠨᠢ ᠭᠡᠭᠡᠨ᠂ ᠳᠦᠷᠰᠦ
ᠪᠦᠲᠦᠭᠡᠯᠲᠡ ᠨᠢ ᠪᠣᠷᠣᠭ᠍ᠵᠢᠭᠤᠨ ᠪᠠᠢᠵᠤ᠂ ᠤᠷᠤᠨ ᠨᠤᠲᠤᠭ᠎ᠤᠨ ᠤᠨᠴᠠᠯᠢᠬ ᠵᠢᠡᠷ ᠥᠳᠭᠡᠨ ᠪᠠᠢᠳᠠᠭ᠃ 《ᠱᠢᠪᠠᠷ ᠱᠤᠭᠤᠮᠠᠯ ᠬᠢᠬᠦ᠎ᠳᠤ ᠨᠤᠲᠤᠭ᠎ᠤᠨ ᠱᠢᠪᠠᠷ᠎ᠢ ᠬᠡᠷᠡᠭ᠌ᠯᠡᠳᠡᠭ᠂ ᠪᠠᠰᠠ ᠠᠷᠠᠳ᠎ᠤᠨ
ᠵᠠᠩ ᠦᠢᠯᠡ ᠪᠠ ᠠᠮᠢᠳᠤᠷᠠᠯ᠎ᠲᠠᠶ ᠤᠢᠷᠠᠳᠤᠭᠤᠯᠵᠤ ᠵᠤᠬᠢᠶᠠᠭᠰᠠᠨ ᠪᠣᠯᠬᠣᠷ ᠪᠤᠷᠤᠭᠵᠢᠭᠤᠨ ᠪᠤᠯᠵᠤ᠂ ᠦᠪᠡᠷᠮᠢᠴᠡ
ᠣᠨᠴᠠᠯᠢᠭ᠎ᠨᠢ ᠨᠡᠩ ᠢᠯᠡᠷᠭᠡᠢ ᠪᠠᠢᠳᠠᠭ》 ᠭᠡᠵᠤ ᠡᠦ ᠸᠸᠨ ᠱᠸᠩ ᠶᠠᠷᠢᠵᠤ
ᠪᠠᠢᠯ᠎ᠠ᠃

300 ᠭᠠᠷᠤᠢ ᠵᠢᠯ ᠤᠨ ᠲᠡᠤᠭᠡ ᠲᠠᠢ ᠰᠢᠪᠡᠷ ᠱᠤᠭᠤᠮᠠᠯ
ᠤᠨ ᠭᠡᠪ

ᠡᠤ ᠸᠸᠨ ᠱᠸᠨᠭ ᠤᠨ ᠰᠢᠪᠡᠷ ᠱᠤᠭᠤᠮᠠᠯ᠎ᠤᠨ ᠪᠥᠳᠤᠭᠡᠯ

ᠳ᠋ᠠᠩ ᠯᠢ ᠶᠢᠩ᠎ᠤᠨ ᠪᠥᠳᠤᠭᠡᠯ 《ᠯᠠᠩ ᠶᠠ ᠱᠠᠨ ᠠᠭᠤᠯᠠᠨ᠎ᠤ ᠲᠠᠪᠤᠨ ᠪᠠᠭᠠᠲᠤᠷ 》

ᠡᠤ ᠸᠸᠨ ᠱᠸᠨᠭ ᠤᠨ ᠪᠥᠳᠤᠭᠡᠭᠰᠡᠨ ᠰᠢᠪᠡᠷ ᠱᠤᠭᠤᠮᠠᠯ
ᠤᠯᠠᠮᠵᠢᠯᠠᠯ ᠪᠠ ᠴᠠᠭ ᠦᠶ᠎ᠡ᠎ᠶ᠋ᠢ ᠵᠣᠯᠭᠠᠭᠤᠯᠤᠭᠰᠠᠨ ᠰᠢᠪᠠᠷ ᠱᠤᠭᠤᠮᠠᠯ
《ᠦ᠋ ᠪᠠᠭ᠍ᠰᠢ ᠪᠣᠯ ᠮᠠᠨ᠎ᠤ ᠲᠣᠰᠭᠣᠨ᠎ᠤ ᠴᠢᠳᠠᠪᠤᠷᠢᠲᠠᠨ ᠰᠢᠦ᠂ ᠵᠢᠷᠬᠢᠶ᠎ᠡ ᠵᠢ ᠨᠠᠳᠠ ᠡᠴᠡ
ᠰᠠᠢᠨ ᠨᠠᠭᠠᠳᠤᠨ᠎ᠠ᠃ ᠲᠣᠰᠭᠣᠨ᠎ᠤ ᠬᠡᠨ᠎ᠦ ᠬᠢ ᠨᠢ ᠴᠠᠬᠢᠯᠭᠠᠨ ᠵᠠᠯᠭᠠᠬᠤ᠂ ᠰᠦᠯᠵᠢᠶ᠎ᠡ ᠨᠡᠪᠲᠡᠷᠡᠭᠦᠯᠬᠦ ᠠᠵᠢᠯ
ᠪᠠᠢᠪᠠᠯ ᠪᠦᠷ ᠲᠡᠭᠦᠨ᠎ᠢ ᠡᠷᠢᠬᠦ᠌ ᠳᠤᠷᠠᠲᠠᠶ》 ᠭᠡᠵᠦ ᠡᠦ ᠸᠸᠨ ᠱᠧᠩ᠎ᠦᠨ
ᠱᠠᠪᠢ ᠳ᠋ᠠᠩ ᠯᠢ ᠶᠢᠩ ᠪᠠᠭ᠍ᠰᠢ ᠪᠠᠨ ᠱᠣᠭ᠍ᠯᠠᠨ ᠶᠠᠷᠢᠵᠤ ᠪᠠᠢᠯ᠎ᠠ᠃
1980 ᠣᠨ᠎ᠳᠤ ᠲᠦᠷᠦᠭᠰᠡᠨ ᠳ᠋ᠠᠩ ᠯᠢ ᠶᠢᠩ 3 ᠵᠢᠯ᠎ᠦᠨ ᠡᠮᠦᠨ᠎ᠡ ᠨᠡᠢᠲᠡ᠎ᠶ᠋ᠢᠨ
ᠠᠰᠠᠷᠠᠮᠵᠢ᠎ᠶ᠋ᠢᠨ ᠠᠵᠢᠯᠯᠠᠭ᠎ᠠ ᠳᠡᠭᠡᠷ᠎ᠡ ᠡᠦ ᠸᠸᠨ ᠱᠧᠩ᠎ᠲᠡᠶ ᠲᠠᠨᠢᠯᠴᠠᠵᠠᠢ᠂ ᠬᠣᠶᠠᠭᠤᠯᠠ ᠱᠢᠪᠠᠷ ᠱᠤᠭᠤᠮᠠᠯ᠎ᠤᠨ
ᠲᠤᠬᠠᠢ ᠰᠠᠨᠠᠭ᠎ᠠ ᠤᠨᠤᠭ᠎ᠠ ᠨᠢ ᠨᠠᠢᠯᠠᠭᠡᠳ ᠬᠠᠭᠤᠴᠢᠨ ᠨᠠᠢᠵᠨ ᠰᠢᠬ ᠬᠠᠯᠠᠭᠤᠨ ᠰᠠᠨᠠᠭᠳᠠᠵᠠᠢ᠃ ᠳ᠋ᠠᠩ ᠯᠢ ᠶᠢᠩ
ᠡᠦ ᠸᠸᠨ ᠱᠧᠩ᠎ᠦᠨ ᠪᠡᠶ᠎ᠡ ᠵᠡᠮᠳᠡᠭ ᠪᠣᠯᠪᠠᠴᠤ᠌ ᠰᠢᠨᠳᠠᠰᠤ ᠬᠠᠲᠠᠭᠤ᠂ ᠬᠦᠴᠦᠷᠬᠡᠭ᠌ᠵᠢᠬᠦ᠌᠎ᠪᠡᠷ ᠬᠦᠴᠦᠯᠡᠨ ᠴᠢᠷᠮᠠᠢᠬᠤ
ᠵᠠᠩ ᠴᠢᠨᠠᠷ᠎ᠢ ᠨᠢ ᠬᠦᠨᠳᠦᠳᠭᠡᠨ᠂ ᠡᠦ ᠸᠸᠨ ᠱᠧᠩ᠎ᠳᠤ ᠱᠠᠪᠢ ᠤᠷᠤᠵᠠᠢ᠃ ᠲᠡᠷᠡ ᠵᠠᠪ ᠴᠢᠯᠥᠭᠡ ᠭᠠᠷᠬᠤ ᠪᠦᠷᠢ
ᠬᠥᠬᠡᠬᠣᠲᠠ᠎ᠠᠴᠠ ᠲᠤᠰᠭᠠᠢᠯᠠᠨ ᠮᠠᠱᠢᠨ ᠵᠢᠯᠣᠭᠣᠳᠴᠤ᠌ ᠤᠴᠢᠭᠠᠳ ᠡᠦ ᠸᠸᠨ ᠱᠧᠩ᠎ᠲᠡᠶ ᠱᠢᠪᠠᠷ ᠱᠤᠭᠤᠮᠠᠯ᠎ᠤᠨ ᠲᠤᠬᠠᠢ
ᠰᠢᠨ᠎ᠡ ᠰᠢᠨ᠎ᠡ ᠤᠷ᠎ᠠ ᠮᠡᠷᠭᠡᠵᠢᠯ᠂ ᠪᠤᠳᠤᠯ ᠰᠠᠨᠠᠯ᠎ᠢᠶᠠᠨ ᠰᠣᠯᠢᠯᠴᠠᠳᠠᠭ ᠪᠠᠢᠯ᠎ᠠ᠃
3 ᠵᠢᠯ᠎ᠦᠨ ᠲᠤᠷᠰᠢ᠂ ᠲᠡᠳᠡ ᠬᠣᠶᠠᠭᠤᠯᠠ ᠤᠯᠠᠮᠵᠢᠯᠠᠯᠲᠤ ᠱᠢᠪᠠᠷᠱᠤᠭᠤᠮᠠᠯᠤᠨ
ᠤᠷ᠎ᠠ ᠮᠡᠷᠭᠡᠵᠢᠯ᠎ᠢ ᠱᠢᠨ᠎ᠡ ᠴᠠᠭ ᠦᠶ᠎ᠡ᠎ᠲᠡᠶ ᠵᠣᠯᠭᠠᠭᠤᠯᠵᠤ᠂ ᠥᠪᠥᠷ ᠮᠣᠩᠭᠣᠯ᠎ᠢ ᠮᠠᠭ᠍ᠲᠠᠨ ᠳᠠᠭᠤᠯᠠᠭ᠍ᠰᠠᠨ᠂
ᠱᠢᠨ᠎ᠡ ᠴᠠᠭ ᠦᠶ᠎ᠡ᠎ᠶ᠋ᠢ ᠮᠠᠭ᠍ᠲᠠᠨ ᠳᠠᠭᠤᠯᠠᠭ᠍ᠰᠠᠨ ᠮᠠᠰᠢ ᠤᠯᠠᠨ ᠪᠦᠲᠦᠭᠡᠯ ᠵᠣᠬᠢᠶᠠᠨ ᠪᠦᠲᠦᠭᠡᠪᠡ᠃ ᠦ᠋ ᠸᠸᠨ
ᠱᠧᠩ ᠪᠣᠯᠤᠨ ᠳ᠋ᠠᠩ ᠯᠢ ᠶᠢᠩ᠎ᠦᠨ ᠬᠠᠮᠲᠤᠷᠠᠨ ᠵᠣᠬᠢᠶᠠᠨ ᠪᠦᠲᠦᠭᠡᠭ᠌ᠰᠡᠨ ᠲᠠᠯ᠎ᠠ ᠨᠤᠲᠤᠭ᠎ᠤᠨ ᠰᠡᠳᠦᠪᠲᠦ ᠪᠦᠲᠦᠭᠡᠯ
ᠳᠤᠲᠤᠷ᠎ᠠ ᠰᠥᠭᠥᠳᠦᠨ ᠬᠦᠬᠦᠬᠦ ᠬᠤᠷᠠᠭ᠎ᠠ ᠂ ᠬᠦᠳᠡᠭᠡ ᠨᠤᠳᠤᠭ᠎ᠤᠨ ᠬᠣᠲᠠᠴᠢ ᠨᠣᠬᠠᠢ ᠂ ᠮᠣᠷᠢ ᠤᠰᠤᠯᠠᠵᠤ ᠪᠠᠢᠭ᠎ᠠ
ᠮᠣᠩᠭᠣᠯ ᠬᠡᠦᠬᠡᠨ ᠁ ᠵᠡᠷᠭᠡ ᠪᠤᠢ᠃ ᠳᠤᠮᠳᠠᠳᠤ ᠤᠯᠤᠰ᠎ᠤᠨ ᠡᠪ ᠬᠠᠮᠲᠤ ᠨᠠᠮ ᠪᠠᠢᠭᠤᠯᠤᠭ᠍ᠳᠠᠭ᠍ᠰᠠᠨ 100 ᠵᠢᠯ᠎ᠦᠨ
ᠤᠢ᠎ᠶ᠋ᠢ ᠪᠡᠯᠭᠡᠯᠡᠬᠦ᠌᠎ᠶ᠋ᠢᠨ ᠲᠥᠯᠥᠭᠡ ᠳ᠋ᠠᠩ ᠯᠢ ᠶᠢᠩ 《 ᠯᠠᠩ ᠶᠠ ᠱᠠᠨ ᠠᠭᠤᠯᠠᠨ᠎ᠤ
ᠲᠠᠪᠤᠨ ᠪᠠᠭᠠᠲᠤᠷ》 ᠢ᠋ ᠵᠣᠬᠢᠶᠠᠨ
ᠪᠦᠲᠦᠭᠡᠵᠦ᠍ ᠂ ᠱᠢᠪᠠᠷ ᠱᠤᠭᠤᠮᠠᠯ᠎ᠤᠨ ᠨᠠᠷᠢᠨ ᠵᠦᠢᠯᠡᠰ ᠵᠢᠡᠷ ᠲᠠᠪᠤᠨ ᠪᠠᠭᠠᠲᠤᠷ᠎ᠤᠨ ᠡᠷᠡᠰ ᠪᠠᠲᠤ ᠤᠶᠠᠷᠠᠭᠤᠨ
ᠵᠢᠪᠬᠤᠯᠠᠩᠲᠤ ᠪᠠᠢᠳᠠᠯ᠎ᠢ ᠲᠤᠰᠬᠠᠨ᠂ ᠦᠵᠡᠭ᠌ᠴᠢᠳ ᠲᠦ᠍ ᠲᠡᠷᠡᠬᠦ᠌ ᠲᠠᠷᠢ᠎ᠶ᠋ᠢᠨ ᠤᠳᠤᠭ᠎ᠠ ᠲᠤᠨᠤᠷᠠᠭ᠍ᠰᠠᠨ ᠴᠠᠭ
ᠦᠶ᠎ᠡ᠎ᠳᠦ ᠬᠦᠷᠦᠭᠰᠡᠨ ᠬᠡᠮᠡᠷ ᠰᠠᠨᠠᠭᠳᠠᠭᠤᠯᠤᠨ᠎ᠠ᠃ 2020 ᠣᠨ᠎ᠳᠤ ᠂ ᠦ᠋ ᠸᠸᠨ ᠱᠧᠩ ᠪᠣᠯᠤᠨ ᠳ᠋ᠠᠩ ᠯᠢ ᠶᠢᠩ
ᠬᠤᠶᠠᠭᠤᠯᠠ ᠬᠢᠵᠢᠭ᠎ᠲᠡᠶ ᠲᠡᠮᠡᠴᠡᠭᠰᠡᠨ ᠰᠡᠳᠦᠪ ᠵᠢᠡᠷ《ᠬᠢᠵᠢᠭ᠎ᠢ ᠰᠡᠷᠭᠡᠢᠯᠡᠬᠦ᠌
ᠦᠷᠳᠡᠭᠡ》 ᠭᠡᠬᠦ ᠪᠦᠲᠦᠭᠡᠯ᠎ᠢ ᠬᠠᠮᠲᠤ᠎ᠪᠠᠷ ᠪᠡᠶᠡᠯᠡᠭᠦᠯᠪᠡ᠂ ᠲᠤᠰ ᠪᠦᠲᠦᠭᠡᠯ
ᠨᠢ ᠠᠵᠢᠯᠲᠠᠳ ᠡᠴᠡ ᠶᠠᠭ ᠭᠤᠷᠪᠠᠨ ᠬᠦᠷᠳᠦᠲᠦ ᠲᠡᠷᠭᠡᠨ᠎ᠦ ᠵᠢᠯᠣᠭᠣᠴᠢ᠎ᠶ᠋ᠢᠨ ᠪᠡᠶ᠎ᠡ᠎ᠶ᠋ᠢᠨ ᠳᠤᠯᠠᠭᠠᠨ᠎ᠢ ᠬᠡᠮᠵᠢᠵᠦ᠍᠂
ᠬᠢᠵᠢᠭ᠎ᠦᠨ ᠪᠠᠢᠳᠠᠯ᠎ᠢ ᠰᠡᠷᠭᠡᠢᠯᠡᠨ ᠡᠵᠡᠮᠳᠡᠬᠦ᠌ ᠠᠵᠢᠯ᠎ᠤᠨ ᠡᠮᠬᠢ ᠴᠡᠭ᠌ᠴᠡ᠎ᠲᠡᠶ ᠶᠠᠪᠤᠭᠳᠠᠵᠤ ᠪᠠᠢᠭ᠎ᠠ ᠪᠠᠢᠳᠠᠯ᠎ᠢ
ᠨᠢᠳᠦᠨ᠎ᠳᠤ ᠦᠵᠡᠭᠳᠡᠲᠡᠯᠡ ᠠᠮᠢᠳᠤᠯᠢᠬ ᠲᠤᠰᠬᠠᠭᠰᠠᠨ ᠪᠠᠢᠯ᠎ᠠ᠃ 《ᠡᠨᠡ
ᠪᠦᠲᠦᠭᠡᠯ ᠪᠣᠯ ᠪᠠᠭ᠍ᠰᠢ ᠪᠢᠳᠡ ᠬᠣᠶᠠᠷ᠎ᠤᠨ ᠦᠵᠡᠵᠦ᠍ ᠬᠠᠷᠠᠭ᠍ᠰᠠᠨ ᠵᠢᠡᠨ ᠦᠨᠳᠦᠰᠦᠯᠡᠨ ᠵᠤᠬᠢᠶᠠᠵᠠᠢ᠂ ᠯᠠᠪᠯᠠᠯᠲᠠ
ᠪᠤᠯᠭᠠᠮᠠᠷ ᠵᠢᠷᠤᠭ ᠭᠡᠵᠦ ᠠᠯᠠᠭ᠎ᠠ᠃ ᠬᠠᠷᠠᠭᠠᠴᠢ ᠳ᠋ᠠ᠂ ᠪᠠᠭ᠍ᠰᠢ᠎ᠶ᠋ᠢᠨ ᠲᠥᠯᠥᠪᠯᠡᠵᠤ ᠵᠤᠬᠢᠶᠠᠭᠰᠠᠨ ᠭᠤᠷᠪᠠᠨ
ᠬᠦᠷᠳᠦᠲᠦ ᠲᠡᠷᠭᠡ ᠶᠠᠪᠤᠵᠤ ᠴᠦ᠍ ᠳᠡᠢᠯᠦᠨ᠎ᠡ᠂ ᠮᠤᠷᠤᠢᠵᠤ ᠴᠤ᠌ ᠳᠡᠢᠯᠦᠨ᠎ᠡ᠂ ᠬᠦᠷᠳᠦ᠂ ᠪᠠᠷᠢᠭᠤᠯ᠎ᠢ ᠨᠢ ᠪᠠᠰᠠ
ᠡᠷᠭᠢᠭᠦᠯᠵᠦ᠍ ᠳᠡᠢᠯᠦᠨ᠎ᠡ ᠰᠢᠦ》ᠭᠡᠵᠦ ᠳ᠋ᠠᠩ ᠯᠢ ᠶᠢᠩ ᠬᠡᠦᠬᠡᠳ᠎ᠢᠶᠡᠨ
ᠬᠠᠷᠠᠵᠤ ᠪᠠᠢᠬᠤ ᠱᠢᠬ ᠡᠨᠡ ᠬᠦ᠌ ᠱᠢᠪᠠᠷ ᠱᠤᠭᠤᠮᠠᠯ᠎ᠢ ᠦᠵᠡᠭᠡᠳ ᠶᠠᠷᠢᠨ᠎ᠠ᠃
ᠡᠦ ᠸᠸᠨ ᠱᠧᠩ ᠵᠠᠯᠭᠠᠭᠠᠳ᠄ 《ᠱᠢᠪᠠᠷ ᠱᠤᠭᠤᠮᠠᠯ᠎ᠤᠨ
ᠤᠷᠠᠯᠢᠭ᠎ᠢ ᠤᠯᠠᠮᠵᠢᠯᠠᠬᠤ᠎ᠳᠤ ᠬᠣᠶᠠᠷ ᠲᠠᠯ᠎ᠠ ᠪᠠᠢᠨ᠎ᠠ᠂ ᠨᠢᠭᠡ ᠨᠢ ᠣᠳᠣ᠎ᠶ᠋ᠢᠨ ᠭᠠᠷ ᠤᠷᠠᠯᠠᠯ᠎ᠢ ᠢᠯᠡᠷᠡᠭᠦᠯᠦᠨ᠎ᠡ᠂
ᠨᠥᠭᠥᠭᠡ ᠨᠢ ᠴᠠᠭ ᠦᠶ᠎ᠡ᠎ᠲᠡᠶ ᠵᠡᠷᠭᠡ᠎ᠪᠡᠷ ᠱᠢᠨ᠎ᠡ ᠪᠦᠲᠦᠭᠡᠯ ᠵᠤᠬᠢᠶᠠᠨ᠎ᠠ᠃ ᠤᠯᠠᠮᠵᠢᠯᠠᠬᠤ᠎ᠶ᠋ᠢ ᠯᠠ ᠪᠤᠳᠤᠭᠠᠳ
ᠱᠢᠨ᠎ᠡ᠎ᠶ᠋ᠢ ᠡᠭᠦᠳᠬᠦ᠌ ᠦᠭᠡᠢ ᠪᠣᠯ ᠪᠣᠯᠬᠤ ᠦᠭᠡᠢ᠃ ᠣᠲᠣ ᠵᠢᠨ ᠬᠥᠮᠦᠰ᠎ᠦᠨ ᠭᠠᠷ ᠤᠷᠠᠯᠠᠯ᠎ᠤᠨ ᠪᠦᠲᠦᠭᠡᠯ᠎ᠤᠨ
ᠲᠤᠬᠠᠢ ᠱᠠᠭᠠᠷᠳᠠᠯᠭ᠎ᠠ ᠥᠨᠳᠥᠷ᠂ ᠤᠯᠠᠨ᠎ᠳᠤ ᠳᠠᠭᠠᠰᠢᠶᠠᠭᠳᠠᠭᠰᠠᠨ ᠪᠦᠲᠦᠭᠡᠯ ᠵᠣᠬᠢᠶᠠᠪᠠᠯ ᠰᠠᠶᠢ ᠱᠢᠪᠠᠷ ᠱᠤᠭᠤᠮᠠᠯ᠎ᠤᠨ
ᠰᠣᠶᠣᠯ᠎ᠢ ᠨᠠᠩ ᠤᠳᠠᠭᠠᠨ ᠨᠡᠩ ᠬᠣᠯᠠ ᠳᠠᠮᠵᠢᠭᠤᠯᠵᠤ ᠴᠢᠳᠠᠨ᠎ᠠ》 ᠭᠡᠵᠦ
ᠦᠵᠡᠯᠲᠡ ᠲᠠᠨᠢᠯᠲᠠ ᠪᠠᠨ ᠶᠠᠷᠢᠵᠤ ᠪᠠᠢᠯ᠎ᠠ᠃
ᠡᠦ ᠸᠧᠨ ᠱᠧᠩ ᠪᠣᠯᠤᠨ ᠳ᠋ᠠᠩ ᠯᠢ ᠶᠢᠩ ᠬᠤᠶᠠᠭᠤᠯᠠ ᠪᠠᠰᠠ ᠦᠪᠡᠷ᠎ᠤᠨ ᠣᠬᠣᠷ
ᠸᠢᠳᠢᠣ᠋᠎ᠶᠢᠨ ᠳᠠᠪᠴᠠᠩ ᠭᠠᠷᠭᠠᠵᠤ ᠂ ᠪᠦᠲᠦᠭᠡᠯ᠎ᠤᠳ ᠵᠢᠡᠨ ᠳᠡᠯᠭᠡᠨ ᠦᠵᠡᠭᠦᠯᠵᠦ᠍᠂ ᠴᠥᠭᠡᠨ ᠪᠤᠰᠤ ᠪᠠᠬᠠᠲᠠᠳ᠎ᠤᠨ
ᠠᠩᠬᠠᠷᠤᠯ᠎ᠢ ᠲᠠᠲᠠᠭᠰᠠᠨ ᠪᠠᠢᠨ᠎ᠠ᠃ ᠬᠥᠬᠡᠬᠣᠲᠠ ᠪᠣᠭᠣᠮᠲᠠ᠎ᠶᠢᠨ ᠠᠵᠢᠯ᠎ᠠᠴᠠ᠎ᠪᠠᠨ ᠳᠠᠷᠬᠠᠯᠠᠭᠳᠠᠭᠰᠠᠨ ᠠᠵᠢᠯ᠎ᠠᠴᠠ᠎ᠪᠠᠨ
ᠠᠮᠠᠷᠠᠬᠰᠠᠨ ᠺᠠᠳ᠋ᠷ᠎ᠤᠨ ᠠᠯᠪᠠᠨ ᠬᠡᠷ᠎ᠦᠨ ᠠᠵᠢᠯᠲᠠᠨ ᠸᠠᠩ ᠬᠣᠩ ᠲᠤᠤ ᠡᠦ ᠸᠸᠨ ᠱᠧᠩ ᠪᠣᠯᠤᠨ ᠳ᠋ᠠᠩ ᠯᠢ ᠶᠢᠩ᠎ᠤᠨ
ᠰᠢᠪᠠᠷ ᠱᠤᠭᠤᠮᠠᠯ᠎ᠤᠨ ᠪᠦᠲᠦᠭᠡᠯ᠎ᠦᠨ ᠸᠢᠳᠢᠣ᠋᠎ᠶᠢ ᠦᠵᠡᠭᠡᠳ᠄ 《ᠡᠦ ᠤᠪᠤᠭᠲᠤ᠎ᠶᠢᠨ
ᠰᠢᠪᠠᠷ ᠱᠤᠭᠤᠮᠠᠯ᠎ᠤᠨ ᠤᠷ᠎ᠠ ᠮᠡᠷᠭᠡᠵᠢᠯ᠎ᠨᠢ ᠨᠠᠷᠢᠯᠢᠭ᠂ ᠤᠷᠠᠯᠢᠭ᠎ᠤᠨ ᠦᠨ᠎ᠡ ᠥᠷᠲᠡᠭ ᠨᠢ ᠦᠨᠳᠦᠷ᠂ ᠡᠢᠮᠦᠷᠬᠦᠦ
ᠪᠦᠲᠦᠭᠡᠯ᠎ᠢ ᠰᠦᠯᠵᠢᠶ᠎ᠡ᠎ᠪᠡᠷ ᠳᠠᠮᠵᠢᠭᠤᠯᠬᠤ᠎ᠨᠢ ᠪᠠᠰᠠ ᠰᠣᠶᠣᠯ᠎ᠤᠨ ᠠᠭᠤᠰᠤᠯᠴᠠᠨ ᠬᠥᠭᠵᠢᠬᠦ᠌᠎ᠳᠦ ᠬᠤᠪᠢ ᠨᠡᠮᠡᠷᠢ
ᠦᠵᠡᠭᠦᠯᠵᠡᠶ》 ᠭᠡᠵᠦ ᠮᠠᠭᠲᠠᠵᠤ ᠪᠠᠢᠪᠠ᠃
ᠰᠤᠷᠪᠤᠯᠵᠢᠯᠠᠭ᠎ᠠ ᠲᠡᠭᠦᠰᠭᠦ᠌ ᠦᠶ᠎ᠡ᠎ᠳᠦ ᠦ᠋ ᠸᠸᠨ ᠱᠧᠩ ᠤᠲᠠᠰᠤ ᠲᠤᠰᠤᠭᠠᠳ
ᠶᠠᠭᠠᠷᠠᠤ ᠂ ᠨᠢᠭᠡ ᠪᠦᠯᠦᠭ ᠪᠠᠭ᠎ᠠ ᠰᠤᠷᠭᠠᠭᠤᠯᠢ᠎ᠶᠢᠨ ᠰᠤᠷᠤᠭᠴᠢᠳ ᠭᠠᠷᠠᠭ᠎ᠤᠨ ᠰᠡᠭᠦᠯᠴᠢ᠎ᠪᠡᠷ ᠦ᠋ ᠤᠪᠤᠭᠲᠤ᠎ᠶᠢᠨ
ᠱᠢᠪᠠᠷ ᠱᠤᠭᠤᠮᠠᠯ᠎ᠢ ᠲᠣᠭᠣᠷᠢᠨ ᠦᠵᠡᠵᠦ᠍᠂ ᠳᠤᠷ᠎ᠠ ᠰᠣᠨᠢᠷᠬᠠᠯ᠎ᠤᠨ ᠬᠢᠴᠢᠶᠡᠯ ᠪᠣᠯᠭᠠᠨ ᠰᠤᠷᠤᠯᠴᠠᠵᠤ ᠪᠤᠯᠬᠤ
ᠡᠰᠡᠬᠦ᠌᠎ᠶᠢ ᠦᠵᠡᠬᠦ ᠰᠠᠨᠠᠭ᠎ᠠ ᠲᠠᠢ ᠭᠡᠨ᠎ᠡ᠃ ᠡᠦ ᠸᠧᠨ ᠱᠧᠩ᠄《ᠢᠷᠡᠬᠦ᠌ ᠳᠤᠷᠠᠲᠠᠢ
ᠪᠠᠢᠬᠤ ᠴᠢᠨᠢ ᠰᠠᠢᠨ ᠤᠴᠢᠷ ᠡ᠂ ᠮᠢᠨᠤ ᠪᠡᠯᠡᠳᠭᠡᠬᠦ᠌ᠴᠢᠬᠤᠯᠠ ᠲᠠᠢ ᠵᠦᠢᠯ ᠪᠠᠢᠪᠠᠯ ᠡᠷᠡᠭᠡ ᠦᠭᠡᠢ ᠬᠡᠯᠡᠭᠡᠷᠡᠢ》 ᠭᠡᠵᠦ ᠪᠠᠶᠠᠷᠲᠠᠢᠶᠠᠷᠢᠵᠤ ᠪᠠᠢᠯ᠎ᠠ᠃
《ᠪᠢ ᠦᠵᠡᠭᠦᠯᠭᠡ ᠵᠢᠨ ᠲᠠᠯᠪᠢᠭᠤᠷ ᠬᠤᠳᠠᠯᠳᠤᠨ ᠠᠪᠤᠭᠠᠳ᠂ ᠲᠣᠰᠭᠣᠨ᠎ᠳᠤ ᠰᠢᠪᠠᠷ
ᠱᠤᠭᠤᠮᠠᠯ᠎ᠤᠨ ᠦᠵᠡᠭᠦᠯᠭᠡ᠎ᠶᠢᠨ ᠣᠷᠳᠣᠨ ᠪᠠᠢᠭᠤᠯᠵᠤ᠂ ᠤᠯᠠᠨ᠎ᠳᠤ ᠡᠪᠦᠭᠡ ᠳᠡᠭᠡᠳᠦᠰ᠎ᠦᠨ ᠦᠯᠡᠳᠡᠭᠡᠭᠰᠡᠨ ᠲᠠᠷᠢᠶᠠᠯᠠᠩ᠎ᠤᠨ
ᠪᠣᠯᠪᠠᠰᠤᠨ᠎ᠢ ᠤᠯᠠᠮᠵᠢᠯᠠᠨ᠂ ᠨᠡᠩ ᠤᠯᠠᠨ ᠦᠷ᠎ᠡ ᠬᠣᠢᠴᠢᠰ᠎ᠲᠤ ᠡᠪᠦᠭᠡ ᠳᠡᠭᠡᠳᠦᠰ᠎ᠦᠨ ᠠᠮᠢᠳᠤᠷᠠᠯ᠎ᠢ ᠮᠡᠳᠡᠭᠦᠯᠬᠦ
ᠪᠡᠷ ᠪᠡᠯᠡᠳᠭᠡᠵᠦ᠍ ᠪᠠᠢᠨ᠎ᠠ》 ᠭᠡᠵᠦ ᠶᠠᠷᠢᠬᠤ᠎ᠳᠤ ᠡᠦ ᠸᠸᠨ ᠱᠧᠩ᠎ᠦᠨ
ᠨᠢᠳᠤᠨ᠎ᠳᠤ ᠡᠷᠡᠰ ᠵᠤᠷᠢᠬ᠂ ᠲᠡᠭᠦᠯᠳᠡᠷ ᠣᠮᠣᠭ ᠬᠠᠷᠠᠭᠳᠠᠨ᠂ ᠬᠦᠰᠡᠯ ᠵᠢᠡᠨ ᠵᠤᠷᠢᠨ ᠲᠡᠮᠡᠦᠯᠬᠦ ᠪᠠᠭᠠᠴᠤᠳ ᠰᠢᠬ
ᠪᠠᠢᠯ᠎ᠠ᠃