ᠮᠠᠨ᠎ᠤ ᠣᠷᠣᠨ᠎ᠤ ᠪᠠᠢᠭᠠᠯᠢ᠎ᠶ᠋ᠢᠨ ᠡᠬᠢ ᠪᠠᠶᠠᠯᠢᠭ᠎ᠤᠨ ᠬᠦᠷᠢᠶᠡᠨ᠎ᠳᠡᠬᠢ 《 ᠬᠣᠶᠠᠷ ᠢ᠋ ᠰᠢᠯᠢᠳᠡᠭᠵᠢᠬᠦᠯᠬᠦ 》 ᠲᠤᠰᠭᠠᠶ ᠠᠵᠢᠯᠯᠠᠭ᠎ᠠ ᠢᠯᠡᠳᠳᠡ ᠦᠷ᠎ᠡ ᠪᠦᠲᠦᠮᠵᠢ ᠤᠯᠵᠠᠢ
2023-01-30 19:29:27
ᠵᠣᠬᠢᠶᠠᠭ᠍ᠴᠢ᠄
​ᠦᠷᠴᠠᠢᠬᠤ
ᠣᠩᠱᠢᠭ᠍ᠰᠠᠨ ᠣᠳᠠᠭ᠎ᠠ᠄
★★★☆☆

ᠥᠪᠡᠷᠲᠡᠭᠡᠨ ᠵᠠᠰᠠᠬᠤ ᠣᠷᠣᠨ᠎ᠤ ᠪᠠᠢᠭᠠᠯᠢ᠎ᠶ᠋ᠢᠨ ᠡᠬᠢ  ᠪᠠᠶᠠᠯᠢᠭ᠎ᠤᠨ ᠲᠢᠩᠬᠢᠮ᠎ᠤᠨ ᠬᠢᠨ ᠥᠪᠡᠷᠲᠡᠭᠡᠨ ᠵᠠᠰᠠᠬᠤ ᠣᠷᠣᠨ᠎ᠤ 《ᠬᠣᠶᠠᠷ᠎ᠢ ᠱᠢᠯᠢᠳᠡᠭ᠌ᠵᠢᠭᠦᠯᠬᠦ᠌ 》 ᠲᠤᠰᠭᠠᠶ ᠠᠵᠢᠯᠯᠠᠭ᠎ᠠ᠎ᠶ᠋ᠢᠨ ᠪᠠᠢᠷᠢᠯᠠᠭᠤᠯᠤᠯᠲᠠ ᠲᠣᠬᠢᠷᠠᠭᠤᠯᠤᠯᠲᠠ᠎ᠶ᠋ᠢ ᠬᠢᠨᠠᠮᠠᠭᠠᠶ ᠲᠤᠭᠤᠰᠢᠯᠠᠭᠤᠯᠤᠨ ᠨᠠᠢᠳᠠᠪᠤᠷᠢᠵᠢᠭᠤᠯᠵᠤ ᠂ ᠭᠠᠵᠠᠷ ᠱᠢᠷᠣᠶ᠎ᠶ᠋ᠢ ᠬᠢᠨᠠᠨ ᠵᠥᠪᠱᠢᠶᠡᠷᠡᠬᠦ᠌᠂ ᠠᠭᠤᠷᠬᠠᠶ᠎ᠶ᠋ᠢᠨ ᠭᠠᠷᠤᠯᠲᠠ᠎ᠶ᠋ᠢ ᠬᠢᠨᠠᠨ ᠵᠥᠪᠱᠢᠶᠡᠷᠡᠬᠦ᠌ ᠂ ᠬᠡᠮᠵᠢᠨ ᠵᠢᠷᠤᠬᠤ ᠦᠶ᠋ᠯᠡᠴᠢᠯᠡᠭᠡ ᠂ ᠥᠯᠥ᠍ ᠬᠥᠳᠡᠯᠬᠦ᠌ ᠬᠥᠷᠥᠩᠭᠡ᠎ᠶ᠋ᠢ ᠳᠡᠩᠰᠡᠯᠡᠨ ᠲᠡᠮᠳᠡᠭ᠌ᠯᠡᠬᠦ᠌ ᠵᠡᠷᠭᠡ᠎ᠳᠦ ᠴᠢᠭ᠌ᠯᠡᠭᠦᠯᠦᠨ ᠠᠵᠤ ᠠᠬᠤᠶ᠎ᠶ᠋ᠢᠨ ᠭᠤᠤᠯ ᠴᠣᠭ᠍ᠴᠠ ᠪᠣᠯᠤᠨ ᠠᠷᠠᠳ ᠣᠯᠠᠨ᠎ᠤ 4 ᠶᠡᠬᠡ 《ᠦᠢᠯᠡᠴᠢᠯᠡᠭᠡ ᠵᠢᠨ ᠬᠡᠰᠡᠭ 》 ᠎ᠲᠤ᠌ ᠱᠢᠭᠤᠳ ᠬᠠᠨᠳᠤᠭᠤᠯᠤᠨ᠂ ᠶᠠᠪᠤᠴᠠ ᠵᠢ ᠱᠢᠯᠢᠳᠡᠭ᠌ᠵᠢᠭᠦᠯᠵᠦ᠍᠂ ᠠᠷᠠᠳ᠎ᠲᠤ ᠲᠥᠬᠥᠮ ᠦᠵᠡᠭᠦᠯᠦᠨ ᠠᠵᠤ ᠠᠬᠤᠢᠯᠠᠯ᠎ᠳᠤ ᠠᠱᠢᠭ ᠬᠦᠷᠲᠡᠭᠡᠨ᠂ ᠶᠠᠰᠤ ᠴᠢᠨᠠᠷ᠎ᠢ ᠳᠡᠭᠡᠭ᠌ᠰᠢᠯᠡᠭᠦᠯᠦᠨ ᠦᠷ᠎ᠡ ᠠᠱᠢᠭ᠎ᠢ ᠨᠡᠮᠡᠭ᠌ᠳᠡᠭᠦᠯᠵᠦ᠍ ᠂ ᠵᠠᠰᠠᠭ᠎ᠤᠨ ᠶᠠᠪᠤᠳᠠᠯ᠎ᠤᠨ ᠬᠦᠴᠦᠨ ᠴᠢᠳᠠᠪᠤᠷᠢ᠎ᠶ᠋ᠢᠨ ᠠᠵᠢᠯᠯᠠᠭᠠᠨ ᠤ᠋ ᠡᠮᠵᠡᠭ ᠴᠡᠭ ᠂ ᠲᠦᠭ᠌ᠵᠢᠷᠡᠯ᠎ᠦᠨ ᠴᠡᠭ᠎ᠢ ᠦᠨᠡᠨ ᠬᠦ᠌ ᠨᠡᠪᠲᠡᠷᠡᠭᠦᠯᠪᠡ ᠃ ᠣᠳᠣᠬᠠᠨ᠎ᠳᠤ ᠂ ᠮᠠᠨ᠎ᠤ ᠣᠷᠣᠨ᠎ᠤ ᠪᠠᠢᠭᠠᠯᠢ᠎ᠶ᠋ᠢᠨ ᠡᠬᠢ  ᠪᠠᠶᠠᠯᠢᠭ᠎ᠤᠨ  ᠬᠦᠷᠢᠶᠡᠨ᠎ᠳᠡᠬᠢ 《ᠬᠣᠶᠠᠷ ᠢ᠋  ᠰᠢᠯᠢᠳᠡᠭᠵᠢᠬᠦᠯᠬᠦ》 ᠲᠤᠰᠭᠠᠶ ᠠᠵᠢᠯᠯᠠᠭ᠎ᠠ ᠨᠢᠭᠡᠨᠲᠡ 4 ᠲᠥᠷᠥᠯ᠎ᠦᠨ ᠦᠷ᠎ᠡ ᠪᠦᠲᠦᠭᠡᠯ ᠤᠯᠪᠠ᠃

ᠬᠢᠨᠠᠨ ᠵᠥᠪᠱᠢᠶᠡᠷᠡᠬᠦ᠌ ᠵᠦᠶ᠋ᠯᠡᠰ᠎ᠢ ᠪᠥᠬᠥ᠌ ᠲᠠᠯ᠎ᠠ᠎ᠪᠠᠷ ᠳᠣᠷᠣᠭ᠍ᠰᠢ ᠪᠠᠭᠤᠯᠭᠠᠬᠤ ᠲᠠᠯ᠎ᠠ᠎ᠪᠠᠷ ᠂ ᠵᠠᠰᠠᠭ ᠵᠠᠬᠢᠷᠭᠠᠨ᠎ᠤ ᠡᠷᠬᠡ ᠣᠯᠭᠣᠬᠤ᠂ ᠱᠢᠭᠤᠳ ᠳᠣᠷᠣᠭ᠍ᠰᠢ ᠪᠠᠭᠤᠯᠭᠠᠬᠤ ᠂ ᠨᠠᠢᠳᠠᠨ ᠬᠡᠷᠡᠭ᠌ᠵᠢᠭᠦᠯᠬᠦ᠌ ᠠᠷᠭ᠎ᠠ ᠮᠠᠶᠢᠭ᠎ᠢᠶᠠᠷ ᠳᠠᠮᠵᠢᠭᠤᠯᠤᠨ᠂ ᠡᠷᠬᠡ᠎ᠶ᠋ᠢ ᠬᠠᠰᠤᠵᠤ ᠡᠷᠬᠡ᠎ᠶ᠋ᠢ ᠳᠣᠷᠣᠭ᠍ᠰᠢ ᠪᠠᠭᠤᠯᠭᠠᠭ᠍ᠰᠠᠨ᠎ᠨᠢ ᠨᠡᠢᠲᠡ 26 ᠵᠦᠶ᠋ᠯ ᠪᠤᠢ᠃ ᠠᠵᠢᠯ ᠶᠠᠪᠤᠳᠠᠯ ᠭᠦᠶ᠋ᠴᠡᠳᠭᠡᠬᠦ᠌ ᠴᠢᠬᠤᠯᠠ ᠨᠥᠬᠥᠴᠡᠯ᠎ᠢ  ᠪᠥᠬᠥ᠌ ᠲᠠᠯ᠎ᠠ᠎ᠪᠠᠷ ᠴᠣᠮᠬᠠᠳᠭᠠᠬᠤ ᠲᠠᠯ᠎ᠠ᠎ᠪᠠᠷ᠂ ᠲᠣᠭ᠎ᠠ ᠪᠠᠷᠢᠮᠲᠠ᠎ᠶ᠋ᠢ ᠬᠠᠮᠲᠤᠪᠠᠷ ᠡᠳ᠋ᠯᠡᠬᠦ ᠂ ᠴᠢᠬᠤᠯᠠ ᠨᠥᠬᠥᠴᠡᠯ᠎ᠢ ᠨᠡᠢᠯᠡᠭᠦᠯᠬᠦ᠌ ᠂ ᠦᠨᠡᠮᠯᠡᠯ᠎ᠢ ᠬᠠᠰᠤᠵᠤ ᠠᠷᠠᠳ᠎ᠲᠤ ᠲᠥᠬᠥᠮ ᠦᠵᠡᠭᠦᠯᠬᠦ᠌ ᠵᠠᠷᠴᠢᠮ ᠶᠣᠰᠣᠭᠠᠷ᠂ ᠴᠢᠬᠤᠯᠠ ᠮᠠᠲ᠋ᠧᠷᠢᠶᠠᠯ᠎ᠤᠨ ᠵᠦᠶ᠋ᠯᠡᠰ᠎ᠢ ᠨᠡᠢᠲᠡ 35 ᠵᠦᠶ᠋ᠯ ᠴᠣᠮᠬᠠᠳᠭᠠᠵᠤ᠂ ᠴᠢᠬᠤᠯᠠ ᠨᠥᠬᠥᠴᠡᠯ᠎ᠢ 101 ᠵᠦᠶ᠋ᠯ ᠴᠣᠮᠬᠠᠳᠭᠠᠵᠤ᠂ ᠡᠭᠦᠨ᠎ᠳᠦ ᠳᠣᠲᠣᠭᠠᠳᠤ᠎ᠶ᠋ᠢᠨ ᠵᠦᠶ᠋ᠯᠡᠰ᠎ᠢ 4 ᠵᠦᠶ᠋ᠯ ᠴᠣᠮᠬᠠᠳᠭᠠᠵᠤ ᠂ ᠴᠢᠬᠤᠯᠠ ᠨᠥᠬᠥᠴᠡᠯ᠎ᠢ ᠨᠡᠢᠲᠡ 16 ᠵᠦᠶ᠋ᠯ ᠴᠣᠮᠬᠠᠳᠭᠠᠵᠤ ᠂ ᠳᠤᠮᠳᠠᠴᠢ ᠴᠣᠮᠬᠠᠳᠭᠠᠬᠤ ᠬᠠᠷᠢᠴᠠᠯ᠎ᠢ 43.2% ᠎ᠲᠤ ᠬᠦᠷᠦᠭᠦᠯᠵᠠᠢ; ᠭᠠᠳᠠᠭᠠᠳᠤ ᠶᠠᠪᠤᠳᠠᠯ 31 ᠵᠦᠶ᠋ᠯ ᠂ ᠦᠨᠡᠮᠯᠡᠯ᠎ᠢ ᠬᠠᠰᠤᠵᠤ ᠠᠷᠠᠳ᠎ᠲᠤ  ᠲᠥᠬᠥᠮ ᠦᠵᠡᠭᠦᠯᠬᠦ᠌ ᠂ ᠡᠯᠧᠺᠲ᠋ᠷᠣᠨ ᠦᠨᠡᠮᠯᠡᠯ᠎ᠢ  ᠬᠠᠤᠯᠢ ᠶᠣᠰᠣᠭᠠᠷ  ᠢᠯᠭᠠᠷᠠᠭᠤᠯᠤᠨ ᠳᠢᠭ᠌ᠯᠡᠬᠦ᠌ ᠂ ᠳᠡᠯᠭᠡᠷᠡᠭᠦᠯᠬᠦ ᠂ ᠳᠣᠲᠣᠭᠠᠳᠤ᠎ᠶ᠋ᠢᠨ ᠳ᠋ᠠᠢᠲ᠋ᠠ᠎ᠶ᠋ᠢ ᠬᠠᠮᠲᠤ᠎ᠪᠠᠷ ᠡᠳ᠋ᠯᠡᠬᠦ᠌ ᠵᠡᠷᠭᠡ ᠠᠷᠭ᠎ᠠ ᠮᠠᠶᠢᠭ᠎ᠢᠶᠠᠷ  ᠳᠠᠮᠵᠢᠭᠤᠯᠤᠨ ᠨᠡᠢᠲᠡ 85 ᠴᠢᠬᠤᠯᠠ ᠮᠠᠲ᠋ᠧᠷᠢᠶᠠᠯ᠎ᠢ ᠬᠠᠰᠤᠪᠠ᠃

ᠬᠢᠨᠠᠨ ᠵᠥᠪᠱᠢᠶᠡᠷᠡᠬᠦ᠌ ᠶᠠᠪᠤᠴᠠ ᠵᠢ  ᠪᠥᠬᠥ᠌  ᠲᠠᠯ᠎ᠠ᠎ᠪᠠᠷ  ᠱᠢᠯᠢᠳᠡᠭ᠌ᠵᠢᠭᠦᠯᠬᠦ᠌  ᠲᠠᠯ᠎ᠠ᠎ᠪᠠᠷ ᠂ ᠪᠠᠢᠭᠠᠯᠢ᠎ᠶ᠋ᠢᠨ ᠡᠬᠢ ᠪᠠᠶᠠᠯᠢᠭ᠎ᠤᠨ 《ᠨᠢᠭᠡ ᠬᠠᠭᠤᠳᠠᠰᠤ ᠵᠢᠷᠤᠭ》 ᠤ᠋ᠨ ᠰᠠᠭᠤᠷᠢ ᠲᠣᠭ᠎ᠠ ᠪᠠᠷᠢᠮᠲᠠ᠎ᠶ᠋ᠢ ᠭᠦᠶ᠋ᠴᠡᠳ ᠬᠡᠷᠡᠭ᠌ᠯᠡᠨ᠂ ᠬᠢᠨᠠᠨ ᠵᠥᠪᠱᠢᠶᠡᠷᠡᠬᠦ᠌ ᠱᠢᠰᠲ᠋ᠧᠮ᠎ᠦᠨ ᠳ᠋ᠠᠢᠲ᠋ᠠ᠎ᠪᠠᠷ ᠲᠦᠱᠢᠭ ᠪᠣᠯᠭᠠᠵᠤ᠂ ᠬᠢᠨᠠᠨ ᠵᠥᠪᠱᠢᠶᠡᠷᠡᠬᠦ᠌ ᠭᠣᠭ᠍ᠴᠣᠭ᠎ᠠ᠎ᠶ᠋ᠢ ᠨᠡᠢᠲᠡ 36 ᠵᠦᠶ᠋ᠯ ᠪᠠᠭᠠᠰᠭᠠᠵᠤ ᠂ ᠭᠣᠭ᠍ᠴᠣᠭ᠎ᠠ᠎ᠶ᠋ᠢ ᠱᠢᠯᠢᠳᠡᠭ᠌ᠵᠢᠭᠦᠯᠦᠨ ᠶᠠᠪᠤᠴᠠ ᠵᠢ 50 ᠵᠦᠶ᠋ᠯ ᠴᠤᠮᠬᠠᠳᠬᠠᠵᠠᠢ᠃ ᠬᠢᠨᠠᠨ ᠵᠥᠪᠱᠢᠶᠡᠷᠡᠬᠦ᠌ ᠴᠠᠭ᠎ᠤᠨ ᠬᠢᠵᠠᠭᠠᠷ᠎ᠢ ᠪᠥᠬᠥ᠌ ᠲᠠᠯ᠎ᠠ᠎ᠪᠠᠷ ᠪᠣᠭᠣᠨᠢᠰᠭᠠᠬᠤ ᠲᠠᠯ᠎ᠠ᠎ᠪᠠᠷ ᠂ ᠬᠠᠤᠯᠢ᠎ᠪᠠᠷ ᠲᠣᠭ᠍ᠲᠠᠭᠠᠭ᠍ᠰᠠᠨ ᠴᠠᠭ᠎ᠤᠨ ᠬᠢᠵᠠᠭᠠᠷ᠎ᠤᠨ ᠳᠣᠲᠣᠷ᠎ᠠ ᠬᠢᠨᠠᠨ ᠵᠥᠪᠱᠢᠶᠡᠷᠡᠬᠦ᠌ ᠴᠠᠭ᠎ᠤᠨ ᠬᠢᠵᠠᠭᠠᠷ᠎ᠢ ᠬᠠᠮᠤᠭ᠎ᠤᠨ ᠶᠡᠬᠡ ᠬᠡᠮᠵᠢᠶ᠎ᠡ᠎ᠪᠡᠷ ᠪᠣᠭᠣᠨᠢᠰᠭᠠᠬᠤ ᠵᠠᠷᠴᠢᠮ ᠶᠣᠰᠣᠭᠠᠷ᠂ ᠬᠢᠨᠠᠨ ᠵᠥᠪᠱᠢᠶᠡᠷᠡᠬᠦ᠌ ᠴᠠᠭ᠎ᠤᠨ ᠬᠢᠵᠠᠭᠠᠷ᠎ᠢ ᠨᠡᠢᠲᠡ 40 ᠲᠦᠷᠦᠯ ᠪᠣᠭᠣᠨᠢᠰᠭᠠᠵᠤ᠂ ᠭᠦᠶ᠋ᠴᠡᠳᠭᠡᠬᠦ᠌ ᠴᠠᠭ᠎ᠤᠨ ᠬᠢᠵᠠᠭᠠᠷ᠎ᠢ  ᠨᠡᠢᠲᠡ 744 ᠠᠵᠢᠯᠯᠠᠬᠤ  ᠡᠳᠦᠷ  ᠪᠣᠭᠣᠨᠢᠰᠭᠠᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠴᠠᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠰᠢᠨ᠎ᠡ ᠰᠡᠳᠬᠢᠭᠳᠡᠯ ᠪᠢᠴᠢᠬᠦ᠄
ᠬᠠᠮᠤᠭ᠎ᠤᠨ ᠰᠢᠨ᠎ᠡ ᠸᠢᠳᠢᠤ᠋
ᠬᠠᠮᠤᠭ᠎ᠤᠨ ᠰᠢᠨ᠎ᠡ ᠵᠢᠷᠤᠭ

2008-2018 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635372

ᠢᠮᠧᠯ᠄tn@mgyxw.net   蒙ICP备10000005号