ᠤᠯᠤᠰᠤᠨ 《ᠬᠤᠶᠠᠷ ᠬᠠᠯᠬᠠᠪᠴᠢ ᠭᠤᠷᠪᠠᠨ ᠪᠦᠰᠡ》 ᠶ᠋ᠢᠨ ᠠᠮᠢ ᠠᠬᠤᠶᠶ᠋ᠢᠨ ᠠᠮᠤᠷ ᠲᠦᠪᠱᠢᠨᠤ ᠬᠠᠯᠬᠠᠪᠴᠢᠶ᠋ᠢᠨ ᠪᠠᠢᠷᠢᠱᠢᠯᠳᠤ᠂ ᠥᠪᠥᠷ ᠮᠣᠩᠭᠤᠯ 《ᠵᠡᠭᠦᠨ ᠬᠤᠢᠲᠤᠶ᠋ᠢᠨ ᠣᠶ ᠱᠢᠭᠤᠶᠶ᠋ᠢᠨ ᠬᠠᠯᠬᠠᠪᠴᠢ ᠪᠦᠰᠡ》 ᠪᠠ 《ᠤᠮᠠᠷᠠᠲᠤᠶ᠋ᠢᠨ ᠡᠯᠡᠰᠦᠶ᠋ᠢ ᠰᠡᠷᠭᠡᠢᠯᠡᠬᠦ᠌ ᠬᠠᠯᠬᠠᠪᠴᠢ ᠪᠦᠰᠡ》 ᠶ᠋ᠢᠨ ᠭᠤᠤᠯ ᠪᠦᠷᠢᠯᠳᠦᠬᠦᠨ ᠬᠡᠰᠡᠭ ᠪᠤᠯᠵᠤ᠂ ᠤᠮᠠᠷᠠᠲᠤ ᠣᠷᠣᠨᠤ 《ᠤᠰᠤᠨ ᠰᠤᠪᠤᠷᠭ᠎ᠠ》 ᠪᠠ 《ᠣᠶᠶ᠋ᠢᠨ ᠲᠣᠤᠷ》 ᠪᠤᠯᠵᠤ᠂ ᠤᠮᠠᠷᠠᠲᠤᠶ᠋ᠢᠨ ᠭᠤᠷᠪᠠᠨ ᠣᠷᠣᠨ ᠴᠢᠨᠠᠭ᠍ᠰᠢᠯᠠᠪᠠᠯ ᠪᠥᠬᠦ᠌ ᠤᠯᠤᠰᠤᠨ 《ᠡᠯᠡᠰᠦᠶ᠋ᠢ ᠬᠠᠱᠢᠬᠤ ᠬᠡᠷᠡᠮ》 ᠪᠠ 《ᠨᠡᠭᠦᠷᠡᠰᠦᠲᠥ᠋ᠷᠥᠭ᠌ᠴᠢ ᠱᠢᠩᠭᠡᠭᠡᠬᠦ᠌ ᠬᠥᠮᠥᠷᠭᠡ》 ᠪᠣᠯᠤᠭᠰᠠᠨ ᠪᠠᠢᠨ᠎ᠠ᠃
ᠤᠷᠭᠤᠭ᠎ᠠ ᠮᠤᠳᠤ ᠠᠭᠤᠯᠠ ᠵᠢᠨ ᠴᠢᠮᠡᠭ
118.3 ᠲᠦᠮᠡᠨ ᠲᠡᠭᠰᠢ ᠲᠦᠷᠪᠡᠯᠵᠢᠨ ᠺᠢᠯᠤᠮᠸᠲᠷ ᠪᠦᠬᠦᠢ ᠤᠮᠠᠷᠠᠳᠤᠵᠢᠨ ᠡᠭᠡ ᠭᠠᠵᠠᠷ ᠲᠦ᠍ ᠠᠭᠤᠯᠠ ᠬᠠᠩᠭᠠᠢ ᠤᠢ ᠬᠦᠪᠴᠢ ᠪᠡᠷ ᠨᠦᠮᠦᠷᠭᠡᠯᠡᠵᠦ᠂ ᠨᠤᠮᠢᠨ ᠦᠡᠭᠭᠡ ᠪᠠᠷ ᠲᠤᠯᠬᠢᠶᠠᠯᠠᠨᠠ᠃

ᠵᠢᠭᠤᠯᠴᠢᠯᠠᠬᠰᠠᠳ ᠷᠠᠰᠢᠶᠠᠨ ᠦ ᠰᠢᠭᠤᠢᠲᠦ ᠤᠷᠤᠨ ᠵᠢᠡᠷ ᠵᠢᠭᠤᠯᠴᠢᠯᠠᠨ᠎ᠠ
ᠦᠪᠤᠷ ᠮᠤᠡᠭᠭᠤᠯ ᠤᠮᠠᠷᠠᠳᠤᠵᠢᠨ ᠭᠤᠷᠪᠠᠨ ᠤᠷᠤᠨᠢ ᠰᠤᠨᠳᠠᠯᠠᠵᠤ᠂ ᠪᠡᠭᠡᠵᠢᠡᠭ ᠲᠢᠶᠠᠨᠵᠢᠨᠢ ᠨᠦᠮᠦᠷᠢᠯᠡᠵᠤ᠂ ᠪᠦᠬᠦ ᠤᠯᠤᠰᠤᠨ ᠠᠮᠢ ᠠᠬᠤᠢᠵᠢᠨ ᠠᠮᠤᠷ ᠲᠦᠪᠰᠢᠨᠢ ᠬᠠᠮᠠᠭᠠᠯᠠᠬᠤᠳᠤ ᠴᠢᠬᠤᠯᠠ ᠪᠠᠢᠷᠢ ᠰᠠᠭᠤᠷᠢ ᠲᠠᠢ᠂ ᠦᠪᠦᠷ ᠮᠤᠩᠭᠤᠯᠤᠨ ᠦᠨᠳᠦᠰᠦᠳᠡᠨ ᠨᠤᠭᠦᠳᠤᠨ ᠺᠠᠳ᠋ᠷ ᠤᠯᠠᠨ ᠲᠦᠮᠡᠨ ᠠᠮᠢ ᠠᠬᠤᠢ ᠵᠢᠨ ᠪᠤᠯᠪᠠᠰᠤᠨᠤ ᠬᠦᠭᠵᠢᠯᠳᠡ ᠵᠢ ᠲᠡᠷᠢᠬᠦᠨ ᠪᠠᠢᠷᠢᠨᠳᠤ ᠲᠠᠯᠪᠢᠭᠰᠠᠨ ᠡᠴᠡ ᠨᠤᠭᠤᠭᠠᠨ ᠦᠡᠭᠭᠡ ᠦᠪᠤᠷ ᠮᠤᠡᠭᠭᠤᠯᠤᠨ ᠲᠠᠪᠢᠰᠭᠡᠷ ᠦᠡᠭᠭᠡ ᠪᠠ ᠦᠨ᠎ᠠ ᠦᠷᠳᠡᠭ ᠪᠤᠯᠪᠠ᠃
ᠤᠢᠷᠠᠵᠢᠨ ᠵᠢᠯ ᠡᠴᠡ ᠨᠠᠭᠠᠰᠢ᠂ ᠮᠠᠨᠤ ᠤᠷᠤᠨ 《ᠬᠦᠭᠡᠮᠳᠦᠭ ᠨᠤᠭᠤᠭᠠᠨ ᠠᠭᠤᠯᠠ ᠤᠰᠤ ᠪᠤᠯ ᠲᠠᠷᠤᠢ ᠠᠯᠳᠠ ᠮᠦᠡᠭᠬᠦᠨ ᠠᠭᠤᠯᠠ ᠮᠦᠨ》 ᠬᠡᠬᠥ ᠤᠢᠯᠠᠭᠠᠭᠳᠠᠬᠤᠨᠢ ᠪᠠᠳᠤ ᠪᠤᠢ ᠪᠤᠯᠭᠠᠵᠤ᠂ ᠤᠬᠳᠤᠯᠬᠤ ᠪᠠᠨ ᠵᠤᠭᠰᠤᠨ ᠤᠢᠵᠢᠭᠤᠯᠵᠦ᠂ ᠠᠯᠪᠠᠨ ᠵᠢᠷᠦᠮᠤᠨ ᠮᠤᠳᠤ ᠲᠠᠷᠢᠬᠤ ᠠᠵᠢᠯᠯᠠᠭ᠎ᠠ ᠵᠢ ᠡᠬᠦᠷᠢᠳᠡ ᠵᠢᠨ ᠪᠠᠷᠢᠮᠳᠠᠯᠠᠯ ᠪᠤᠯᠭᠠᠨ᠂ ᠠᠮᠢ ᠠᠬᠤᠢ ᠵᠢᠨ ᠪᠦᠲᠦᠭᠡᠨ ᠪᠠᠢᠭᠤᠯᠤᠯᠳᠠ ᠵᠢᠨ ᠢᠨᠵᠸᠨ᠋ᠸᠷᠢᠩᠢ ᠲᠤᠭᠤᠰᠢᠳᠠᠢ ᠭᠡᠷᠡᠭᠵᠢᠭᠦᠯᠦᠭᠰᠡᠨ ᠡᠴᠡ ᠦᠵᠡᠰᠬᠦᠯᠠᠡᠭᠳᠤ ᠰᠠᠢᠬᠠᠨ ᠦᠪᠤᠷ ᠮᠤᠡᠭᠭᠤᠯᠨᠤᠮᠢᠨ ᠨᠤᠭᠤᠭᠠᠨ ᠦᠩᠭᠡ ᠪᠡᠷ ᠡᠬᠡ ᠤᠯᠤᠰᠤᠨ ᠤᠮᠠᠷᠠᠳᠤᠳᠤ ᠰᠦᠨᠳᠡᠷᠯᠡᠨᠠ ᠃ 2020 ᠣᠨ ᠤ᠋ ᠪᠦᠬᠦ ᠣᠷᠣᠨ ᠤ᠋ ᠣᠢ ᠱᠢᠭᠤᠢ ᠵᠢᠨ ᠡᠬᠢ ᠪᠠᠶᠠᠯᠢᠭ ᠤ᠋ᠨ ᠬᠠᠮᠢᠶᠠᠷᠤᠯᠲᠠ ᠵᠢᠨ 《ᠵᠢᠷᠤᠭ》 ᠤ᠋ᠨ ᠰᠢᠨ᠎ᠡ ᠳᠤᠭ᠎ᠠ ᠪᠦᠷᠢᠳᠭᠡᠯ ᠢ᠋ ᠦᠨᠳᠦᠰᠦᠯᠡᠪᠡᠯ᠂ ᠪᠦᠬᠦ ᠣᠷᠣᠨ ᠤ᠋ ᠣᠢ ᠱᠢᠭᠤᠢ ᠵᠢᠨ ᠲᠠᠯᠠᠪᠠᠢ 4.08 ᠳ᠋ᠦᠩᠱᠢᠭᠤᠷ ᠮᠥ᠍ ᠳ᠋ᠤ ᠬᠦᠷᠴᠤ᠂ ᠬᠦᠮᠦᠨ ᠤ᠋ ᠬᠦᠴᠦ ᠪᠡᠷ ᠤᠢᠵᠢᠭᠤᠯᠤᠭᠰᠠᠨ ᠣᠢ ᠰᠢᠭᠤᠢ ᠵᠢᠨ ᠲᠠᠯᠠᠪᠠᠢ 9900 ᠲᠦᠮᠡᠨ ᠮᠥ᠍ ᠪᠠᠢᠵᠤ᠂ ᠣᠢ ᠱᠢᠭᠤᠢ ᠵᠢᠨ ᠬᠠᠳᠠᠭᠠᠯᠠᠭᠳᠠᠴᠠ 16 ᠳ᠋ᠦᠩᠱᠢᠭᠤᠷ ᠪᠣᠰᠤᠭ᠎ᠠ ᠳᠥᠷᠪᠡᠯᠵᠢᠨ ᠮᠧᠲ᠋ᠷ ᠲᠦ᠍ ᠬᠦᠷᠴᠤ᠂ ᠠᠭ᠍ᠯᠠᠭ ᠠᠭᠤᠯᠠᠠᠳᠠᠷ ᠭᠠᠵᠠᠷ ᠤᠢ ᠬᠦᠪᠴᠢ ᠪᠡᠷ ᠬᠤᠴᠢᠭᠳᠠᠯᠠ ᠃
ᠮᠤᠳᠤ ᠲᠠᠷᠢᠬᠤ ᠨᠢ ᠭᠡᠷ ᠤᠷᠤᠨᠵᠢᠡᠨ ᠨᠤᠭᠤᠭᠠᠷᠠᠭᠤᠯᠤᠨ ᠭᠤᠶᠤᠵᠢᠭᠤᠯᠬᠤ ᠦᠢᠯᠡᠳᠤᠯ ᠲᠠᠢ ᠪᠠᠷ ᠪᠠᠷᠠᠬᠤ ᠦᠭᠡᠢ᠂ ᠪᠠᠰᠠ ᠤᠢ ᠬᠦᠪᠴᠢᠵᠢᠨ ᠡᠬᠢ ᠪᠠᠶᠠᠯᠢᠭᠢ ᠨᠡᠮᠡᠭᠳᠡᠬᠦᠯᠬᠦ᠂ ᠤᠰᠤ ᠬᠦᠷᠤᠰᠤᠨᠤ ᠢᠳᠡᠭᠳᠡᠯᠢ ᠰᠠᠷᠭᠡᠢᠯᠡᠨ ᠬᠤᠷᠢᠬᠯᠠᠬᠤ᠂ ᠠᠭᠤᠷ ᠠᠮᠢᠰᠬᠤᠯᠢ ᠵᠤᠬᠢᠴᠠᠭᠤᠯᠬᠤ᠂ ᠠᠵᠤ ᠠᠬᠤᠢᠵᠢᠨ ᠬᠦᠭᠵᠢᠯᠳᠠᠵᠢ ᠠᠬᠢᠭᠤᠯᠬᠤ ᠵᠡᠷᠭᠡ ᠦᠢᠯᠡᠳᠤᠯ ᠲᠠᠢ ᠪᠤᠯᠬᠤᠷ ᠤᠳᠤ ᠴᠠᠭ ᠲᠠᠭᠠᠨ ᠠᠰᠢᠭ ᠲᠠᠢ᠂ ᠦᠷ᠎ᠠ ᠬᠤᠢᠴᠢᠰ ᠲᠠᠭᠠᠠ ᠪᠤᠶᠠᠨ ᠦᠢᠯᠡᠳᠦᠭᠰᠡᠨ ᠠᠤᠭ᠎ᠠ ᠶᠡᠭᠡ ᠢᠨᠵᠸᠨ᠋ᠸᠷᠢᠡᠭ ᠪᠤᠯᠬᠤ ᠶᠤᠮ᠃ ᠵᠦᠪᠭᠡᠨ 2022 ᠤᠨᠳᠤ ᠂ ᠮᠠᠨᠤ ᠤᠷᠤᠨ 474 ᠲᠦᠮᠡᠨ ᠮᠦ᠍ ᠮᠤᠳᠤ ᠲᠠᠷᠢᠵᠤ ᠂ 1716 ᠲᠦᠮᠡᠨ ᠮᠦ᠍ ᠡᠪᠠᠰᠤ ᠲᠠᠷᠢᠵᠤ᠂ ᠤᠯᠤᠰ ᠡᠴᠡ ᠲᠤᠭᠳᠠᠭᠠᠭᠰᠠᠨ ᠤᠨᠤ ᠲᠦᠯᠦᠪᠯᠡᠭᠡᠵᠢᠨ ᠡᠬᠦᠷᠭᠡ ᠪᠠᠨ ᠲᠠᠪᠠᠭᠤᠯᠤᠨ ᠪᠠᠶᠠᠯᠠᠬᠦᠯᠵᠤ᠂ 750 ᠲᠦᠮᠡᠨ ᠮᠦ᠍ ᠡᠯᠡᠰᠤᠵᠢ ᠰᠡᠷᠭᠡᠢᠯᠡᠨ ᠵᠠᠰᠠᠵᠤ᠂ ᠤᠮᠠᠷᠠᠲᠤᠶ᠋ᠢᠨ ᠭᠤᠷᠪᠠᠨ ᠣᠷᠣᠨ ᠴᠢᠨᠠᠭ᠍ᠰᠢᠯᠠᠪᠠᠯ ᠪᠥᠬᠦ᠌ ᠤᠯᠤᠰᠤᠨ 《ᠡᠯᠡᠰᠦᠶ᠋ᠢ ᠬᠠᠱᠢᠬᠤ ᠬᠡᠷᠡᠮ》 ᠪᠠ 《ᠨᠡᠭᠦᠷᠡᠰᠦᠲᠥ᠋ᠷᠥᠭ᠌ᠴᠢ ᠱᠢᠩᠭᠡᠭᠡᠬᠦ᠌ ᠬᠥᠮᠥᠷᠭᠡ》 ᠵᠢᠨ ᠦᠢᠯᠡᠳᠤᠯᠵᠢᠡᠨ ᠦᠷᠬᠦᠯᠵᠢᠯᠡᠨ ᠪᠠᠳᠠᠷᠠᠭᠤᠯᠬᠤ ᠶᠤᠮ᠃
ᠤᠷᠭᠤᠭ᠎ᠠ ᠮᠤᠳᠤ ᠠᠭᠤᠯᠠ ᠵᠢᠨ ᠴᠢᠮᠡᠭ ᠃ ᠮᠠᠨᠤ ᠤᠷᠤᠨ《ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋〈ᠠᠷᠪᠠᠨ ᠲᠦᠷᠪᠡᠳᠦᠭᠡᠷ ᠲᠠᠪᠤᠨ ᠵᠢᠯ〉 ᠤ᠋ᠨ ᠤᠢ ᠰᠢᠭᠤᠢ ᠪᠠ ᠨᠤᠳᠤᠭ ᠪᠡᠯᠴᠢᠭᠡᠷ ᠤ᠋ᠨ ᠬᠠᠮᠠᠭᠠᠯᠠᠯᠳᠠ ᠬᠦᠭᠵᠢᠭᠦᠯᠦᠯᠳᠡ ᠵᠢᠨ ᠲᠦᠯᠦᠪᠵᠢᠭᠦᠯᠭᠡ》 ᠳ᠋ᠡᠭᠡᠨ 2025 ᠣᠨ ᠪᠣᠯᠳᠠᠯ᠎ᠠ᠂ ᠪᠥᠬᠥ᠌ ᠣᠷᠣᠨ ᠤ᠋ ᠣᠶ ᠱᠢᠭᠤᠶ ᠵᠢᠨ ᠪᠦᠷᠬᠦᠴᠡ ᠵᠢᠨ ᠨᠤᠷᠮᠠᠵᠢ 23.5% ᠳ᠋ᠤ ᠬᠦᠷᠭᠡᠵᠦ᠂ ᠤᠢ ᠰᠢᠭᠤᠢ ᠵᠢᠨ ᠬᠠᠳᠠᠭᠠᠯᠠᠭᠳᠠᠴᠠ ᠵᠢ 15.5 ᠳ᠋ᠦᠩᠰᠢᠭᠤᠷ ᠪᠤᠰᠤᠭ᠎ᠠ ᠲᠦᠷᠪᠡᠯᠵᠢᠨ ᠮᠧᠲᠷ ᠲᠦ᠍ ᠬᠦᠷᠭᠡᠵᠤ᠂ ᠨᠤᠲᠤᠭ ᠪᠡᠯᠴᠢᠭᠡᠷ ᠤ᠋ᠨ ᠶᠡᠷᠦᠩᠬᠡᠢᠯᠡᠭ᠌ᠰᠡᠨ ᠤᠷᠭᠤᠮᠠᠯ ᠤ᠋ᠨ ᠬᠤᠴᠢᠯᠭ᠎ᠠ ᠵᠢ 45% ᠳ᠋ᠤ ᠲᠣᠭ᠍ᠲᠠᠪᠤᠷᠢᠵᠢᠭᠤᠯᠤᠨ᠂ ᠡᠯᠡᠰᠦᠷᠬᠡᠭ᠌ᠵᠢᠭ᠌ᠰᠡᠨ ᠭᠠᠵᠠᠷ ᠱᠢᠷᠣᠶ ᠵᠢ ᠵᠠᠰᠠᠬᠤ ᠲᠠᠯᠠᠪᠠᠶ ᠵᠢ 2650 ᠲᠦᠮᠡᠨ ᠮᠥ᠍ ᠱᠢᠨ᠎ᠡ ᠪᠡᠷ ᠨᠡᠮᠡᠭ᠌ᠳᠡᠭᠦᠯᠬᠦ ᠬᠠᠷᠠᠯᠳᠠ ᠲᠤᠭᠳᠠᠭᠠᠪᠠ᠃ ᠡᠨᠡ ᠬᠦ᠌ ᠠᠤᠭ᠎ᠠ ᠬᠠᠷᠠᠯᠳᠠ ᠪᠠᠨ ᠪᠡᠶᠡᠯᠡᠬᠦᠯᠦᠨ᠂ ᠬᠦᠭᠡ ᠤᠬᠳᠠᠷᠭᠤᠢ ᠬᠦᠭᠡᠮᠳᠦᠭ ᠠᠭᠤᠯᠠ ᠴᠡᠡᠭᠭᠡ ᠤᠰᠤ ᠴᠡᠪᠡᠷ ᠠᠭᠠᠷ ᠲᠠᠢ ᠦᠪᠤᠷ ᠮᠤᠡᠭᠭᠤᠯᠵᠢᠡᠨ ᠨᠠᠡᠭ ᠦᠵᠡᠰᠬᠦᠯᠠᠡᠭᠳᠤ ᠰᠠᠢᠬᠠᠨ ᠪᠤᠯᠭᠠᠨ ᠪᠦᠳᠤᠭᠡᠨ ᠪᠠᠢᠭᠤᠯᠵᠤ᠂ ᠡᠭᠡ ᠤᠯᠤᠰᠤᠨ ᠤᠮᠠᠷᠠᠳᠤᠵᠢᠨ ᠲᠦᠮᠡᠨ ᠭᠠᠵᠠᠷᠤᠨ ᠨᠤᠮᠢᠨ ᠨᠤᠭᠤᠭᠠᠨ ᠤᠷᠳᠤ ᠴᠠᠭᠠᠨ ᠭᠡᠷᠡᠮ ᠢ᠋ ᠨᠠᠡᠭ ᠪᠠᠳᠤ ᠴᠤᠭᠴᠠᠯᠠᠬᠤ ᠪᠠᠷ ᠦᠪᠦᠷ ᠮᠤᠩᠭᠤᠯᠴᠤᠳ ᠡᠷᠴᠢ ᠵᠤᠷᠢᠭᠵᠢᠡᠨ ᠬᠦᠪᠴᠢᠯᠡᠨ ᠮᠤᠩᠭᠤᠯ ᠮᠤᠷᠢᠨᠤ ᠵᠤᠷᠢᠭ ᠰᠠᠨᠠᠭ᠎ᠠ ᠪᠠᠷ ᠡᠷᠡᠮᠡᠭᠡᠢᠯᠠᠨ ᠤᠷᠤᠭᠰᠢᠯᠠᠵᠦ ᠪᠠᠢᠨ᠎ᠠ᠃
ᠰᠠᠭᠯᠠᠭᠠᠷ ᠮᠤᠳᠤ ᠨᠢ ᠰᠢᠬᠦᠷᠯᠡᠪᠡᠯ᠂ ᠰᠡᠬᠦᠳᠡᠷ ᠲᠤᠨᠢ ᠠᠮᠠᠷᠠᠬᠤᠳᠤ ᠲᠠᠭᠠᠳᠠᠢ᠃ ᠰᠠᠨᠠᠭᠰᠠᠨ ᠰᠠᠨᠠᠭ᠎ᠠ ᠵᠤᠷᠢᠬᠰᠠᠨ ᠦᠢᠯᠡᠰ ᠪᠡᠶᠡᠯᠡᠪᠡᠯ᠂ ᠮᠠᠷᠭᠠᠰᠢ ᠵᠢᠨ ᠠᠮᠢᠲᠤᠷᠠᠯ ᠨᠠᠩ ᠵᠢᠷᠭᠠᠯᠳᠠᠢ᠃
ᠠᠯᠪᠠᠨ ᠵᠢᠷᠤᠮᠤᠨ ᠮᠤᠳᠤ ᠲᠠᠷᠢᠬᠤ᠂ ᠤᠬᠳᠤᠯᠬᠤ ᠪᠠᠨ ᠵᠤᠭᠰᠤᠵᠦ ᠤᠢᠵᠢᠭᠤᠯᠵᠦ ᠬᠠᠮᠠᠭᠠᠯᠠᠬᠤ᠂ 《ᠤᠮᠠᠷᠠᠳᠤ ᠵᠢᠨ ᠭᠤᠷᠪᠠᠨ ᠤᠷᠤᠨ ᠤ᠋ ᠬᠠᠯᠬᠠᠪᠴᠢ ᠤᠢ》 ᠡᠴᠡ 《ᠤᠢ ᠰᠢᠭᠤᠢ ᠵᠢᠨ ᠲᠠᠷᠤᠭ᠎ᠠ》 ᠵᠢᠨ ᠲᠦᠷᠢᠮᠢ ᠭᠡᠷᠡᠭᠵᠢᠭᠦᠯᠦᠭᠰᠡᠨ ᠬᠦᠷᠳᠡᠯ᠎ᠡ — ᠣᠶ ᠱᠢᠭᠤᠶ ᠵᠢᠨ ᠪᠦᠷᠬᠦᠴᠡ ᠵᠢᠨ ᠨᠤᠷᠮᠠᠵᠢ 23.5% ᠳ᠋ᠤ ᠬᠦᠷᠭᠡᠬᠦ ᠪᠤᠤᠬᠢᠶ᠎ᠠ ᠲᠠᠮᠵᠢᠭᠤᠯᠤᠭᠰᠠᠨ ᠪᠦᠲᠦᠭᠡᠨ ᠪᠠᠢᠭᠤᠯᠤᠯᠳᠠ ᠵᠢᠨ ᠠᠶᠠᠨ
《ᠳᠡᠯᠡᠭᠡᠢ ᠵᠢᠨ ᠪᠦᠮᠪᠦᠷᠴᠡᠭ ᠤ᠋ᠨ ᠠᠭᠤᠰᠬᠢ》 ᠬᠡᠮᠡᠭᠳᠡᠳᠡᠭ ᠤᠢ ᠰᠢᠭᠤᠢ ᠪᠤᠯ ᠡᠭᠡ ᠬᠠᠭᠤᠷᠠᠢ ᠵᠢᠨ ᠠᠮᠢ ᠠᠬᠤᠢ ᠵᠢᠨ ᠰᠢᠰᠲᠧᠮ ᠤ᠋ᠨ ᠭᠤᠤᠯ ᠴᠤᠭᠴᠠ ᠮᠦᠨ᠃ ᠮᠠᠨᠤ ᠤᠷᠤᠨᠳᠤ ᠵᠡᠭᠦᠨᠡᠴᠡ ᠪᠠᠷᠠᠭᠤᠨᠱᠢ ᠶᠡᠬᠡ ᠬᠢᠩᠭᠠᠨ ᠳᠠᠪᠠᠭ᠎ᠠ ᠵᠢᠨ ᠪᠠᠯᠠᠷᠯᠢᠭ ᠤᠢᠳᠤ ᠣᠷᠣᠨ ᠪᠠ ᠠᠯᠠᠱᠠ ᠠᠭᠤᠯᠠ ᠵᠡᠷᠭᠡ 11 ᠬᠡᠰᠡᠭ ᠡᠭᠦᠰᠤᠮᠡᠯ ᠰᠢᠭᠤᠢᠳᠤ ᠣᠷᠣᠨ ᠵᠢᠴᠢ ᠤᠷᠲᠤ ᠬᠤᠭᠤᠴᠠᠭ᠎ᠠ ᠪᠠᠷ ᠬᠦᠮᠦᠨ ᠤ᠋ ᠬᠦᠴᠦ ᠪᠡᠷ ᠤᠢᠵᠢᠭᠤᠯᠤᠭᠰᠠᠨ ᠰᠢᠭᠤᠢᠳᠤ ᠣᠷᠣᠨ ᠪᠤᠢ᠃ ᠮᠠᠨ ᠤ᠋ ᠤᠷᠤᠨ ᠤᠯᠤᠰ ᠤ᠋ᠨ ᠭᠤᠤᠯᠳᠠᠯᠭ᠎ᠠ ᠳᠠᠢ ᠠᠮᠢ ᠠᠬᠤᠢ ᠵᠢᠨ ᠴᠢᠳᠠᠮᠵᠢᠳᠤ ᠤᠷᠤᠨ᠂ ᠠᠮᠢ ᠠᠬᠤᠢ ᠵᠢᠨ ᠬᠠᠮᠠᠭᠠᠯᠠᠯᠳᠠ ᠵᠢᠨ ᠤᠯᠠᠭᠠᠨ ᠱᠤᠭᠤᠮ᠂ ᠪᠠᠢᠭᠠᠯᠢ ᠵᠢᠨ ᠬᠠᠮᠠᠭᠠᠯᠠᠯᠳᠠ ᠵᠢᠨ ᠤᠷᠤᠨ ᠵᠡᠷᠭᠡ ᠪᠡᠷ ᠭᠤᠤᠯᠳᠠᠯᠭ᠎ᠠ ᠪᠤᠯᠭᠠᠵᠤ᠂ ᠴᠢᠬᠤᠯᠠ ᠠᠮᠢ ᠠᠬᠤᠢ ᠵᠢᠨ ᠰᠢᠰᠲ᠋ᠧᠮ ᠢ᠋ ᠬᠠᠮᠠᠭᠠᠯᠠᠬᠤ ᠪᠠ ᠵᠠᠰᠠᠨ ᠰᠡᠷᠭᠦᠭᠡᠭᠦ ᠴᠢᠬᠤᠯᠠ ᠶᠡᠭᠡ ᠢᠨᠵᠧᠨᠧᠷᠢᠩ ᠢ᠋ ᠲᠦᠷᠭᠡᠳᠭᠡᠨ ᠬᠡᠷᠡᠭᠵᠢᠭᠦᠯᠦᠭᠰᠡᠨ ᠵᠢᠡᠷ ᠣᠢ ᠱᠢᠭᠤᠢ ᠵᠢᠨ ᠠᠮᠢ ᠠᠬᠤᠢ ᠵᠢ ᠦᠷᠭᠦᠯᠵᠢᠯᠡᠨ ᠰᠠᠢᠵᠢᠷᠠᠭᠤᠯᠵᠤ᠂ ᠣᠢ ᠱᠢᠭᠤᠢ ᠵᠢᠨ ᠶᠠᠰᠤ ᠴᠢᠨᠠᠷ ᠲᠣᠭᠲᠠᠭᠤᠨ ᠵᠢᠠᠷ ᠳᠡᠭᠡᠭᠱᠢᠯᠡᠭᠦᠯᠬᠦ ᠵᠢ ᠠᠬᠢᠭᠤᠯᠪᠡ᠃ ᠤᠳᠤᠬᠠᠨ ᠪᠤᠯᠳᠠᠯ᠎ᠠ ᠪᠦᠬᠦ ᠣᠷᠣᠨ ᠤ᠋ ᠣᠢ ᠱᠢᠭᠤᠢ ᠵᠢᠨ ᠪᠦᠷᠬᠦᠴᠡ ᠵᠢᠨ ᠨᠣᠷᠮ᠎ᠠ 23% ᠳ᠋ᠤ᠌ ᠬᠦᠷᠴᠦ ᠪᠤᠢ᠃
ᠰᠢᠨ᠎ᠡ ᠡᠬᠢᠯᠡᠯᠳᠡ —
63 ᠵᠢᠯ ᠮᠤᠳᠤ ᠣᠭᠲᠣᠯᠤᠭᠰᠠᠨ ᠲᠡᠦᠬᠡ ᠵᠢ ᠡᠴᠦᠰᠯᠡᠬᠦᠯᠵᠦ᠂
ᠤᠢᠵᠢᠭᠤᠯᠵᠦ ᠬᠠᠮᠠᠭᠠᠯᠠᠬᠤ ᠰᠢᠨ᠎ᠡ ᠠᠶᠠᠨᠢ ᠡᠬᠢᠯᠡᠬᠦᠯᠪᠡ
2015 ᠣᠨ ᠤ᠋ 4 ᠰᠠᠷ᠎ᠠ ᠵᠢᠨ 1ᠦ᠌ ᠡᠳᠦᠷᠡᠴᠡ ᠡᠬᠢᠯᠡᠨ᠂ 63 ᠵᠢᠯ ᠤ᠋ᠨ ᠮᠣᠳᠣᠨ ᠮᠠᠲ᠋ᠧᠷᠢᠶᠠᠯ ᠣᠭᠲᠣᠯᠤᠭᠰᠠᠨ ᠲᠡᠦᠬᠡ ᠲᠡᠢ ᠥᠪᠥᠷ ᠮᠣᠩᠭᠣᠯ ᠤ᠋ᠨ ᠶᠡᠬᠡ ᠬᠢᠩᠭᠠᠨ ᠳᠠᠪᠠᠭ᠎ᠠ ᠵᠢᠨ ᠰᠢᠭᠤᠢᠳᠤ ᠣᠷᠣᠨ ᠳ᠋ᠤ᠌ ᠪᠠᠢᠭᠠᠯᠢᠯᠢᠭ ᠣᠢ ᠵᠢ ᠠᠷᠠᠯᠵᠢᠶᠠᠨ ᠤ᠋ ᠴᠢᠨᠠᠷᠲᠠᠢ ᠪᠠᠷ ᠣᠭᠲᠣᠯᠬᠤ ᠵᠢ ᠪᠦᠬᠦ ᠲᠠᠯ᠎ᠠ ᠪᠠᠷ ᠵᠤᠭᠰᠤᠭᠠᠵᠠᠢ᠃
ᠪᠦᠷᠢᠳᠭᠡᠯ ᠢ᠋ ᠦᠨᠳᠦᠰᠦᠯᠡᠪᠡᠯ᠂ ᠮᠠᠨᠤ ᠤᠷᠤᠨ ᠶᠡᠬᠡ ᠬᠢᠩᠭᠠᠨ ᠳᠠᠪᠠᠭ᠎ᠠ ᠵᠢᠨ ᠰᠢᠭᠤᠢᠳᠤ ᠣᠷᠣᠨ ᠢ᠋ ᠨᠡᠭᠡᠭᠡᠨ ᠬᠥᠭᠵᠢᠭᠦᠯᠵᠦ ᠪᠦᠲᠦᠭᠡᠨ ᠪᠠᠢᠭᠤᠯᠤᠭᠰᠠᠨ ᠡᠴᠡ 2015 ᠣᠨ ᠳ᠋ᠤ᠌ ᠤᠢ ᠮᠣᠳᠣ ᠣᠭᠲᠣᠯᠬᠤ ᠵᠢ ᠵᠣᠭᠰᠣᠭᠠᠬᠤ ᠪᠤᠯᠳᠠᠯ᠎ᠠ᠂ ᠮᠠᠨᠤ ᠤᠷᠤᠨᠤ ᠶᠡᠬᠡ ᠬᠢᠩᠭᠠᠨ ᠳᠠᠪᠠᠭ᠎ᠠ ᠵᠢᠨ ᠰᠢᠭᠤᠢᠳᠤ ᠣᠷᠣᠨ ᠤᠯᠤᠰ ᠲᠤ᠌ ᠨᠡᠢᠲᠡ 2 ᠳ᠋ᠦᠩᠱᠢᠭᠤᠷ ᠭᠠᠷᠤᠢ ᠪᠣᠰᠤᠭ᠎ᠠ ᠳᠥᠷᠪᠡᠯᠵᠢᠨ ᠮᠸᠲᠷ ᠲᠠᠸᠠᠷ ᠤ᠋ᠨ ᠮᠤᠳᠤᠨ ᠮᠠᠲ᠋ᠧᠷᠢᠶᠠᠯ ᠪᠣᠯᠤᠨ ᠣᠢ ᠱᠢᠭᠤᠢ ᠵᠢᠨ ᠲᠤᠰᠠᠯᠠᠬᠤ ᠪᠦᠲᠦᠭᠡᠭᠳᠡᠬᠦᠨ ᠬᠠᠩᠭᠠᠵᠤ᠂ 200 ᠭᠠᠷᠤᠢ ᠳ᠋ᠦᠩᠱᠢᠭᠤᠷ ᠲᠥᠭᠥᠷᠢᠭ ᠤ᠋ᠨ ᠭᠠᠢᠯᠢ ᠲᠤᠱᠢᠶᠠᠵᠤ᠂ ᠤᠯᠤᠰ ᠤ᠋ᠨ ᠠᠳᠠᠯᠢ ᠬᠤᠭᠤᠴᠠᠭᠠᠨ ᠤ᠋ ᠪᠡᠯᠡ ᠣᠷᠣᠭᠤᠯᠤᠯᠲᠠ ᠵᠢᠨ 4 ᠳᠠᠬᠢᠨ ᠳ᠋ᠤ ᠬᠦᠷᠴᠦ᠂ ᠤᠯᠤᠰ ᠤ᠋ᠨ ᠠᠵᠤ ᠠᠬᠤᠢ ᠵᠢᠨ ᠪᠦᠲᠦᠭᠡᠨ ᠪᠠᠢᠭᠤᠯᠤᠯᠲᠠ ᠵᠢ ᠬᠦᠴᠦᠲᠡᠢ ᠳᠡᠮᠵᠢᠪᠡ᠃ ᠪᠠᠰᠠ ᠬᠥᠮᠦᠨᠦ᠌ ᠬᠦᠴᠦ ᠪᠡᠷ 2000 ᠭᠠᠷᠤᠢ ᠲᠦᠮᠡᠨ ᠮᠥ᠍ ᠣᠢᠵᠢᠭᠤᠯᠤᠯᠳᠠ ᠬᠢᠵᠦ᠂ 《ᠵᠠᠭᠤᠨ ᠲᠦᠮᠡᠨ ᠮᠥ᠍ ᠵᠢᠨ ᠬᠦᠮᠦᠨ ᠤ᠋ ᠬᠦᠴᠦ ᠪᠡᠷ ᠤᠢᠵᠢᠭᠤᠯᠤᠭᠰᠠᠨ ᠣᠢ》 ᠵᠢᠨ ᠬᠦᠳᠦᠷ᠂ ᠷᠠᠰᠢᠶᠠᠨ ᠬᠣᠶᠠᠷ ᠰᠠᠭᠤᠷᠢᠨ ᠢ᠋ ᠪᠦᠳᠦᠭᠡᠨ ᠪᠠᠢᠭᠤᠯᠪᠠ᠃

ᠤᠢ ᠮᠤᠳᠤ ᠤᠭᠳᠤᠯᠬᠤ ᠵᠢ ᠵᠤᠭᠰᠤᠭᠠᠭᠰᠠᠨ ᠤ᠋ ᠳᠠᠷᠠᠭ᠎ᠠ᠂ ᠶᠡᠭᠡ ᠬᠢᠩᠭᠠᠨ ᠳᠠᠪᠠᠭ᠎ᠠ ᠵᠢᠨ ᠰᠢᠭᠤᠢᠳᠤ ᠤᠷᠤᠨ ᠳ᠋ᠤ ᠤᠭᠳᠤᠯᠤᠭᠰᠠᠨ ᠤᠢ ᠮᠤᠳᠤ ᠵᠢ ᠰᠡᠷᠭᠦᠭᠡᠭᠦ ᠠᠵᠢᠯᠯᠠᠭ᠎ᠠ ᠦᠷᠨᠢᠭᠦᠯᠬᠦ᠂ ᠰᠠᠭᠤᠭᠠᠯᠢ ᠠᠷᠠᠳ ᠢ᠋ ᠨᠡᠭᠦᠯᠭᠡᠨ ᠰᠢᠯᠵᠢᠭᠦᠯᠬᠦ ᠠᠮᠢ ᠠᠬᠤᠢ ᠵᠢᠨ ᠢᠨᠵᠧᠨᠧᠷᠢᠩ ᠢ᠋ ᠬᠡᠷᠡᠭᠵᠢᠭᠦᠯᠬᠦ᠂ ᠣᠢ ᠱᠢᠭᠤᠢ ᠵᠢᠨ ᠡᠬᠢ ᠪᠠᠶᠠᠯᠢᠭ ᠤ᠋ᠨ ᠬᠢᠨᠠᠯᠲᠠ ᠬᠠᠮᠢᠶᠠᠷᠤᠯᠲᠠ ᠵᠢᠨ ᠱᠢᠰᠲ᠋ᠧᠮ ᠢ᠋ ᠲᠡᠭᠦᠯᠳᠡᠷᠵᠢᠭᠦᠯᠬᠦ ᠁ ᠵᠡᠷᠭᠡ ᠠᠯᠢ ᠣᠯᠠᠨ ᠠᠷᠭ᠎ᠠ ᠪᠤᠳᠤᠯᠭ᠎ᠠ ᠠᠷᠭ᠎ᠠ ᠬᠡᠮᠵᠢᠢ᠎ᠡ ᠪᠡᠷ ᠠᠮᠢ ᠠᠬᠤᠢ ᠵᠢᠨ ᠠᠮᠤᠷ ᠲᠦᠪᠱᠢᠨᠦ᠌ ᠬᠠᠯᠬᠠᠪᠴᠢ ᠵᠢ ᠪᠡᠬᠢᠵᠢᠭᠦᠯᠵᠡᠢ᠃ ᠨᠢᠳᠤᠨᠤᠨ ᠪᠤᠯᠳᠠᠯ᠎ᠠ᠂ ᠨᠡᠢᠲᠡ 2901.9 ᠲᠦᠮᠡᠨ ᠮᠥ᠍ ᠣᠢ ᠱᠢᠭᠤᠢ ᠵᠢ ᠠᠷᠠᠴᠢᠯᠠᠨ ᠪᠣᠢᠵᠢᠭᠤᠯᠵᠤ᠂ ᠬᠥᠮᠦᠨᠦ᠌ ᠬᠦᠴᠦ ᠪᠡᠷ 18.06 ᠲᠦᠮᠡᠨ ᠮᠥ᠍ ᠣᠢᠵᠢᠭᠤᠯᠵᠤ᠂ 16.83 ᠲᠦᠮᠡᠨ ᠮᠥ᠍ ᠤᠷᠭᠤᠮᠠᠯ ᠤ᠋ᠨ ᠬᠤᠴᠢᠯᠭ᠎ᠠ ᠵᠢ ᠰᠡᠷᠭᠦᠭᠡᠨ᠂ 25.51 ᠲᠦᠮᠡᠨ ᠮᠥ᠍ ᠲᠠᠷᠢᠶᠠᠯᠠᠬᠤ ᠵᠢ ᠵᠣᠭᠰᠣᠭᠠᠵᠤ ᠣᠢ ᠱᠢᠭᠤᠢ ᠵᠢ ᠰᠡᠷᠭᠦᠭᠡᠪᠡ᠃ ᠮᠠᠨ ᠤ᠋ ᠣᠷᠣᠨ ᠤ᠋ 57% ᠵᠢᠨ ᠪᠠᠢᠭᠠᠯᠢᠯᠢᠭ ᠣᠢ᠂ 64%ᠵᠢᠨ ᠣᠢ ᠱᠢᠭᠤᠢ ᠨᠢ ᠶᠡᠬᠡ ᠬᠢᠩᠭᠠᠨ ᠳᠠᠪᠠᠭ᠎ᠠ ᠵᠢᠨ ᠤᠢᠳᠤ ᠣᠷᠣᠨ ᠳ᠋ᠤ᠌ ᠲᠦᠪᠯᠡᠷᠡᠵᠤ᠂ ᠠᠮᠢ ᠠᠬᠤᠢ ᠵᠢᠨ ᠴᠢᠳᠠᠮᠵᠢ ᠵᠢᠨ ᠴᠢᠬᠤᠯᠠ ᠴᠢᠨᠠᠷ ᠨᠢ ᠢᠯᠡᠳᠳᠡ ᠪᠠᠢᠯ᠎ᠠ᠃
ᠰᠢᠨ᠎ᠡ ᠲᠦᠷᠢᠮ —
30895 ᠤᠢ ᠰᠢᠭᠤᠢ ᠵᠢᠨ ᠳᠠᠷᠤᠭ᠎ᠠ ᠵᠢ ᠳᠤᠬᠢᠷᠠᠭᠤᠯᠵᠤ᠂
9 ᠬᠠᠷᠢᠭᠤᠴᠠᠯᠭ᠎ᠠ ᠵᠢᠨ ᠤᠷᠤᠨ ᠢ᠋ ᠬᠤᠪᠢᠶᠠᠷᠢᠯᠠᠨ ᠳᠤᠭᠳᠠᠭᠠᠵᠠᠢ
ᠠᠷᠭ᠎ᠠ ᠪᠤᠳᠤᠯᠭ᠎ᠠ ᠲᠦᠷᠢᠮ ᠳᠤᠭᠳᠠᠭᠠᠯ ᠨᠢ ᠤᠢ ᠰᠢᠭᠤᠢ ᠵᠢᠨ ᠠᠮᠢ ᠠᠬᠤᠢ ᠵᠢᠨ ᠦᠷᠭᠦᠯᠵᠢᠯᠡᠭᠦ ᠬᠦᠭᠵᠢᠯᠳᠡ ᠵᠢᠨ ᠪᠠᠳᠤᠯᠠᠭ᠎ᠠ ᠪᠤᠯᠳᠠᠭ᠃ 2021 ᠤᠨ ᠡᠴᠡ ᠤᠢ ᠰᠢᠭᠤᠢ ᠵᠢᠨ ᠳᠠᠷᠤᠭ᠎ᠠ ᠵᠢᠨ ᠲᠦᠷᠢᠮ ᠤ᠋ᠨ ᠠᠵᠢᠯ ᠢ᠋ ᠪᠦᠬᠦ ᠳᠠᠯ᠎ᠠ ᠪᠡᠷ ᠬᠡᠷᠡᠭᠵᠢᠭᠦᠯᠦᠭᠰᠡᠨ ᠡᠴᠡ ᠨᠠᠭᠠᠰᠢ᠂ ᠪᠦᠬᠦ ᠤᠷᠤᠨ ᠤ᠋ ᠬᠡᠪᠴᠢᠶᠡᠨ ᠳ᠋ᠤ ᠨᠠᠮ ᠵᠠᠰᠠᠭ ᠠᠳᠠᠯᠢ ᠬᠠᠷᠢᠭᠤᠴᠠᠯᠭ᠎ᠠ ᠳᠠᠢ 《ᠬᠤᠤᠰ ᠤᠢ ᠰᠢᠭᠤᠢ ᠵᠢᠨ ᠳᠠᠷᠤᠭ᠎ᠠ》 ᠵᠢᠨ ᠠᠵᠢᠯ ᠤ᠋ᠨ ᠳᠤᠭᠳᠠᠴᠠ ᠪᠠ ᠦᠪᠡᠷᠳᠡᠭᠡᠨ ᠵᠠᠰᠠᠬᠤ ᠤᠷᠤᠨ᠂ ᠠᠢᠮᠠᠭ ᠬᠤᠳᠠ᠂ ᠬᠤᠰᠢᠭᠤ ᠰᠢᠶᠠᠨ᠂ ᠰᠤᠮᠤ ᠰᠢᠶᠠᠩ ᠪᠠᠯᠭᠠᠰᠤ᠂ ᠭᠠᠴᠠᠭ᠎ᠠ ᠳᠤᠰᠬᠤᠨ ᠵᠡᠷᠭᠡ ᠳᠠᠪᠤᠨ ᠱᠠᠳᠤᠨ ᠤ᠋ ᠤᠢ ᠰᠢᠭᠤᠢ ᠵᠢᠨ ᠳᠠᠷᠤᠭ᠎ᠠ ᠵᠢᠨ ᠰᠢᠰᠲᠧᠮ ᠢ᠋ ᠪᠠᠢᠭᠤᠯᠤᠨ᠂ ᠤᠳᠤᠬᠠᠨ ᠪᠤᠯᠳᠠᠯ᠎ᠠ 30895 ᠤᠢ ᠰᠢᠭᠤᠢ ᠵᠢᠨ ᠳᠠᠷᠤᠭ᠎ᠠ ᠵᠢ ᠳᠤᠬᠢᠷᠠᠭᠤᠯᠵᠤ᠂ 9 ᠬᠠᠷᠢᠭᠤᠴᠠᠯᠭ᠎ᠠ ᠵᠢᠨ ᠤᠷᠤᠨ ᠢ᠋ ᠬᠤᠪᠢᠶᠠᠷᠢᠯᠠᠨ ᠳᠤᠭᠳᠠᠭᠠᠵᠤ᠂ ᠤᠢ ᠰᠢᠭᠤᠢ ᠵᠢᠨ ᠡᠬᠢ ᠪᠠᠶᠠᠯᠢᠭ ᠢ᠋ ᠬᠠᠮᠠᠭᠠᠯᠠᠨ ᠬᠦᠭᠵᠢᠭᠦᠯᠬᠦ ᠳ᠋ᠤ ᠨᠠᠮ ᠵᠠᠰᠠᠭ ᠤ᠋ᠨ ᠡᠯ᠎ᠡ ᠰᠠᠯᠠᠭ᠎ᠠ ᠮᠦᠴᠢᠷ ᠤ᠋ᠨ ᠬᠠᠮᠳᠤ ᠪᠡᠷ ᠠᠳᠬᠤᠵᠤ ᠵᠡᠷᠭᠡ ᠪᠡᠷ ᠬᠠᠮᠢᠶᠠᠷᠬᠤ ᠵᠢ ᠪᠡᠶᠡᠯᠡᠭᠦᠯᠪᠡ ᠃
ᠮᠠᠨ ᠤ᠋ ᠤᠷᠤᠨ ᠤᠰᠤ ᠪᠡᠷ ᠨᠤᠭᠤᠭᠠᠷᠠᠭᠤᠯᠤᠯᠳᠠ ᠵᠢ ᠳᠤᠭᠳᠠᠭᠠᠵᠤ᠂ ᠤᠨᠤᠴᠠᠳᠠᠢ ᠪᠡᠷ ᠵᠠᠰᠠᠯᠳᠠ ᠬᠢᠵᠤ᠂ ᠪᠦᠳᠦᠭᠡᠨ ᠪᠠᠢᠭᠤᠯᠤᠯᠳᠠ ᠵᠢᠨ ᠡᠭᠦᠷᠭᠡ ᠵᠢ 《ᠰᠢᠶᠠᠨ ᠳ᠋ᠤ ᠰᠢᠭᠤᠳ ᠨᠠᠢᠳᠠᠪᠤᠷᠢᠵᠢᠭᠤᠯᠵᠤ᠂ ᠵᠢᠷᠤᠭ ᠲᠦᠯᠦᠪᠯᠡᠭᠡ ᠬᠢᠵᠤ ᠪᠤᠳᠠᠳᠠᠢᠵᠢᠭᠤᠯᠵᠤ》᠂ ᠦᠪᠡᠷᠳᠡᠭᠡᠨ ᠵᠠᠰᠠᠬᠤ ᠤᠷᠤᠨ ᠤ᠋ 《ᠮᠠᠨ ᠤ᠋ ᠤᠯᠤᠰ ᠤ᠋ᠨ ᠤᠮᠠᠷᠠᠳᠤ ᠵᠢᠨ ᠴᠢᠬᠤᠯᠠ ᠠᠮᠢ ᠠᠬᠤᠢ ᠵᠢᠨ ᠠᠮᠤᠷ ᠲᠦᠪᠰᠢᠨ ᠤ᠋ ᠬᠠᠯᠬᠠᠪᠴᠢ ᠵᠢ ᠪᠠᠢᠭᠤᠯᠬᠤ ᠲᠦᠯᠦᠪᠵᠢᠭᠦᠯᠭᠡ》᠂《〈ᠠᠷᠪᠠᠨ ᠲᠦᠷᠪᠡᠳᠦᠭᠡᠷ ᠳᠠᠪᠤᠨ ᠵᠢᠯ〉 ᠤ᠋ᠨ ᠲᠦᠯᠦᠪᠵᠢᠬᠦᠯᠭᠡ ᠵᠢᠨ ᠬᠤᠭᠤᠴᠠᠭᠠᠨ ᠤ᠋ ᠤᠢ ᠰᠢᠭᠤᠢ ᠪᠠ ᠨᠤᠳᠤᠭ ᠪᠡᠯᠴᠢᠭᠡᠷ ᠤ᠋ᠨ ᠬᠠᠮᠠᠭᠠᠯᠠᠯᠳᠠ ᠬᠦᠭᠵᠢᠭᠦᠯᠦᠯᠳᠡ ᠵᠢᠨ ᠲᠦᠯᠦᠪᠵᠢᠭᠦᠯᠭᠡ》 ᠵᠢᠴᠢ 《ᠰᠢᠨᠵᠢᠯᠡᠭᠦ ᠤᠬᠠᠭᠠᠨᠴᠢ ᠪᠡᠷ ᠨᠤᠭᠤᠭᠠᠷᠠᠭᠤᠯᠬᠤ ᠳᠤᠬᠠᠢ ᠬᠡᠷᠡᠭᠵᠢᠭᠦᠯᠬᠦ ᠰᠠᠨᠠᠯ》 ᠢ᠋ ᠨᠠᠢᠷᠠᠭᠤᠯᠤᠭᠰᠠᠨ ᠪᠠ ᠳᠠᠷᠤᠮᠠᠯᠯᠠᠨ ᠳᠠᠷᠬᠠᠭᠠᠵᠤ᠂ ᠤᠯᠤᠰ ᠤ᠋ᠨ ᠨᠤᠳᠤᠭ ᠳᠡᠪᠢᠰᠭᠡᠷ ᠤ᠋ᠨ ᠨᠤᠭᠤᠭᠠᠷᠠᠭᠤᠯᠤᠯᠳᠠ ᠵᠢᠨ ᠭᠤᠤᠯᠳᠠᠯᠭ᠎ᠠ ᠵᠢ 《ᠨᠢᠭᠡ ᠱᠤᠭᠤᠮ ᠨᠢᠭᠡ ᠳᠤᠭᠤᠷᠢᠭ ᠬᠤᠶᠠᠷ ᠪᠦᠰᠡ》 ᠳ᠋ᠤ ᠲᠦᠪᠯᠡᠷᠡᠭᠦᠯᠵᠠᠢ᠃ ᠬᠤᠶᠠᠷ ᠵᠢᠯ ᠳ᠋ᠤ ᠳᠤᠷᠰᠢ᠂ ᠪᠦᠬᠦ ᠤᠷᠤᠨ ᠤᠢᠵᠢᠭᠤᠯᠤᠯᠳᠠ᠂ ᠡᠪᠡᠰᠤ ᠳᠠᠷᠢᠭᠰᠠᠨ᠂ ᠡᠯᠡᠰᠦᠷᠭᠡᠭᠵᠢᠯ ᠢ᠋ ᠰᠡᠷᠭᠡᠢᠯᠡᠨ ᠡᠯᠡᠰᠤ ᠵᠢ ᠵᠠᠰᠠᠬᠰᠠᠨ ᠳᠠᠯᠠᠪᠠᠢ ᠳᠤᠰᠪᠤᠷᠢ 912 ᠲᠦᠮᠡᠨ ᠮᠦ᠍᠂ 3382.8 ᠲᠦᠮᠡᠨ ᠮᠦ᠍᠂ 1280.3 ᠲᠦᠮᠡᠨ ᠮᠦ᠍ ᠳ᠋ᠤ ᠬᠦᠷᠴᠦ᠂ᠤᠯᠤᠰ ᠤ᠋ᠨ ᠨᠤᠳᠤᠭ ᠲᠡᠪᠢᠰᠭᠡᠷ ᠤ᠋ᠨ ᠨᠤᠭᠤᠭᠠᠷᠠᠭᠤᠯᠤᠯᠳᠠ ᠵᠢ ᠬᠡᠪᠴᠢᠶᠡᠵᠢᠬᠦᠯᠬᠦ ᠡᠴᠡ ᠨᠠᠷᠢᠯᠢᠭᠵᠢᠭᠤᠯᠬᠤ ᠳᠡᠢᠰᠢ᠂ ᠳᠤᠭ᠎ᠠ ᠬᠡᠮᠵᠢᠶ᠎ᠡ ᠵᠢᠨ ᠬᠡᠯᠪᠡᠷᠢ ᠡᠴᠡ ᠶᠠᠰᠤ ᠴᠢᠨᠠᠷ ᠤ᠋ᠨ ᠬᠡᠯᠪᠡᠷᠢ ᠳᠡᠢᠰᠢ ᠬᠤᠪᠢᠷᠠᠭᠤᠯᠬᠤ᠂ ᠨᠤᠭᠤᠭᠠᠷᠠᠭᠤᠯᠬᠤ ᠡᠴᠡ ᠭᠤᠶᠤᠵᠢᠭᠤᠯᠬᠤ ᠪᠠᠶᠠᠯᠢᠭᠵᠢᠭᠤᠯᠬᠤ ᠳᠡᠢᠰᠢ ᠬᠤᠪᠢᠷᠠᠭᠤᠯᠪᠠ᠃
ᠰᠢᠨ᠎ᠡ ᠠᠷᠭ᠎ᠠ ᠪᠤᠳᠤᠯᠭ᠎ᠠ —
29 ᠤᠯᠤᠰᠤᠨ ᠲᠡᠰᠤᠨ ᠪᠠᠢᠭᠠᠯᠢ ᠵᠢᠨ ᠬᠠᠮᠠᠭᠠᠯᠠᠯᠳᠠ ᠵᠢᠨ ᠤᠷᠤᠨ᠂
64 ᠤᠷᠤᠨᠤ ᠲᠡᠰᠤᠨ ᠪᠠᠢᠭᠠᠯᠢ ᠵᠢᠨ ᠬᠠᠮᠠᠭᠠᠯᠠᠯᠳᠠ ᠵᠢᠨ ᠤᠷᠤᠨ ᠪᠤᠢ
ᠤᠯᠤᠰ ᠤ᠋ᠨ ᠳᠡᠰ ᠤ᠋ᠨ ᠪᠠᠢᠭᠠᠯᠢ ᠵᠢᠨ ᠬᠠᠮᠠᠭᠠᠯᠠᠯᠳᠠ ᠵᠢᠨ ᠤᠷᠤᠨ ᠪᠤᠯ ᠮᠠᠨ ᠤ᠋ ᠤᠯᠤᠰ ᠤ᠋ᠨ ᠤᠮᠠᠷᠠᠲᠤ ᠵᠢᠨ ᠴᠢᠬᠤᠯᠠ ᠠᠮᠢ ᠠᠬᠤᠶ ᠵᠢᠨ ᠠᠮᠤᠷ ᠲᠦᠪᠱᠢᠨᠦ ᠬᠠᠯᠬᠠᠪᠴᠢ ᠵᠢ ᠪᠠᠲᠤ ᠴᠣᠭ᠍ᠴᠠᠯᠠᠬᠤ ᠳᠤᠮᠳᠠ ᠴᠢᠬᠤᠯᠠ ᠦᠢᠯᠡᠳᠦᠯ ᠪᠠ ᠴᠢᠳᠠᠮᠵᠢ ᠪᠠᠨ ᠪᠠᠳᠠᠷᠠᠭᠤᠯᠵᠤ ᠪᠠᠢᠳᠠᠭ᠃
ᠮᠠᠨ ᠤ᠋ ᠤᠯᠤᠰ ᠤ᠋ᠨ ᠪᠠᠷᠠᠭᠤᠨ ᠬᠣᠢᠲᠤ ᠣᠷᠣᠨ ᠤ᠋ ᠴᠢᠬᠤᠯᠠ ᠠᠮᠢ ᠠᠬᠤᠢᠶ᠋ᠢᠨ ᠬᠠᠯᠬᠠᠪᠴᠢ ᠪᠣᠯᠤᠭᠰᠠᠨ ᠤ᠋ ᠬᠤᠪᠢ ᠳ᠋ᠤ᠌᠂ ᠠᠯᠠᠱᠠ ᠠᠭᠤᠯᠠᠶ᠋ᠢᠨ ᠠᠮᠢ ᠠᠬᠤᠢ ᠣᠷᠴᠢᠨ ᠳᠤᠭᠤᠷᠢᠨ ᠨᠢ ᠬᠠᠲᠤᠨ ᠭᠣᠣᠯ᠂ ᠨᠢᠩᠱᠢᠶᠠᠶ᠋ᠢᠨ ᠲᠠᠯ᠎ᠠ ᠭᠠᠵᠠᠷ᠂ ᠪᠣᠷᠣᠲᠣᠬᠣᠶ ᠵᠢᠨ ᠲᠠᠯ᠎ᠠ ᠭᠠᠵᠠᠷ ᠵᠢᠴᠢ ᠪᠠᠷᠠᠭᠤᠨ ᠬᠣᠢᠲᠤ ᠣᠷᠣᠨ᠂ ᠤᠮᠠᠷᠠᠲᠤ ᠣᠷᠣᠨ ᠤ᠋ ᠠᠮᠢ ᠠᠬᠤᠢᠶ᠋ᠢᠨ ᠠᠮᠤᠷ ᠲᠦᠪᠱᠢᠨ ᠢ᠋ ᠱᠢᠭᠤᠳ ᠨᠥᠯᠥᠭᠡᠯᠡᠳᠡᠭ᠃ ᠳᠤᠰ ᠬᠠᠮᠠᠭᠠᠯᠠᠯᠲᠠᠶ᠋ᠢᠨ ᠣᠷᠣᠨ ᠳ᠋ᠤ᠂ ᠪᠡᠯᠴᠢᠭᠡᠷᠯᠡᠭᠦᠯᠬᠦᠶ᠋ᠢ ᠴᠠᠭᠠᠵᠠᠯᠠᠬᠤ ᠲᠥᠷᠥ᠎ᠶ᠋ᠢᠨ ᠪᠣᠳᠣᠯᠭᠠᠶ᠋ᠢ ᠪᠦᠬᠦ ᠲᠠᠯ᠎ᠠ ᠪᠠᠷ ᠬᠡᠷᠡᠭᠵᠢᠭᠦᠯᠬᠦ᠂ ᠠᠮᠢ ᠠᠬᠤᠢᠶ᠋ᠢ ᠰᠡᠷᠭᠦᠭᠡᠬᠦ᠂ ᠣᠢ ᠱᠢᠭᠤᠢᠶ᠋ᠢᠨ ᠭᠠᠯ ᠲᠤᠢᠮᠠᠷᠤᠨ ᠰᠡᠷᠭᠡᠢᠯᠡᠯᠲᠡᠶ᠋ᠢ ᠴᠢᠩᠭᠠᠳᠭᠠᠬᠤ᠂ ᠱᠢᠨᠵᠢᠯᠡᠬᠦ ᠤᠬᠠᠭᠠᠨ ᠤ᠋ ᠰᠤᠳᠤᠯᠭᠠᠨ ᠤ᠋ ᠬᠢᠨᠠᠨ ᠬᠡᠮᠵᠢᠯᠲᠡ ᠬᠢᠨᠠᠯᠲᠠ ᠬᠠᠮᠢᠶᠠᠷᠤᠯᠲᠠᠶ᠋ᠢ ᠴᠢᠩᠭᠠᠳᠭᠠᠬᠤ ᠵᠡᠷᠭᠡ ᠣᠯᠠᠨ ᠵᠦᠢᠯ ᠤ᠋ᠨ ᠠᠷᠭ᠎ᠠ ᠬᠡᠮᠵᠢᠶ᠎ᠡ ᠪᠡᠷ ᠳᠠᠮᠵᠢᠨ᠂ ᠠᠮᠢ ᠠᠬᠤᠢᠶ᠋ᠢᠨ ᠬᠠᠮᠠᠭᠠᠯᠠᠯᠲᠠ ᠢᠯᠡᠳᠲᠡ ᠦᠷ᠎ᠡ ᠪᠦᠲᠦᠮᠵᠢ ᠤᠯᠪᠠ᠃ 2016 ᠣᠨ ᠡᠴᠡ ᠡᠬᠢᠯᠡᠨ᠂ ᠭᠤᠷᠪᠠᠨ ᠵᠢᠯ ᠤ᠋ᠨ ᠳᠣᠲᠣᠷ᠎ᠠ ᠬᠠᠷᠢᠶ᠎ᠠ ᠣᠷᠣᠨ ᠤ᠋ ᠪᠠᠨ 57 ᠨᠡᠭᠦᠷᠡᠰᠦ ᠤᠬᠢᠶᠠᠬᠤ ᠦᠢᠯᠡᠳᠪᠦᠷᠢᠶ᠋ᠢ ᠪᠦᠬᠦᠨ ᠢ᠋ ᠨᠤᠷᠠᠭᠠᠵᠤ᠂ ᠲᠡᠦᠬᠡᠨᠡᠴᠡ ᠦᠯᠡᠳᠡᠭᠳᠡᠵᠦ ᠢᠷᠡᠭᠰᠡᠨ 67 ᠨᠡᠭᠦᠷᠡᠰᠤᠨ ᠬᠤᠳᠳᠤᠭ ᠢ᠋ ᠡᠭᠦᠷᠢᠳᠡ ᠪᠢᠲᠡᠭᠦᠮᠵᠢᠯᠡᠵᠦ᠂ ᠠᠭᠤᠷᠬᠠᠢᠶ᠋ᠢᠨ ᠣᠷᠣᠨ ᠤ᠋ ᠱᠢᠭᠠᠷᠤᠶ᠋ᠢᠨ ᠲᠠᠪᠴᠠᠩ ᠢ᠋ 1150 ᠲᠦᠮᠡᠨ ᠲᠡᠭᠱᠢ ᠳᠥᠷᠪᠡᠯᠵᠢᠨ ᠮᠸᠲᠷ ᠵᠠᠰᠠᠨ ᠴᠡᠭᠴᠡᠯᠡᠪᠠ᠃ ᠣᠳᠣᠬᠠᠨ ᠳ᠋ᠤ᠌᠂ ᠠᠯᠠᠱᠨ ᠠᠭᠤᠯᠠᠶ᠋ᠢᠨ ᠤᠯᠤᠰ ᠤ᠋ᠨ ᠳᠡᠰ ᠤ᠋ᠨ ᠪᠠᠢᠭᠠᠯᠢᠶ᠋ᠢᠨ ᠬᠠᠮᠠᠭᠠᠯᠠᠯᠲᠠᠶ᠋ᠢᠨ ᠣᠷᠣᠨ ᠤ᠋ ᠣᠢ ᠱᠢᠭᠤᠢᠶ᠋ᠢᠨ ᠲᠠᠯᠠᠪᠠᠢ 58.2 ᠲᠦᠮᠡᠨ ᠮᠥ᠍ ᠳ᠋ᠤ ᠬᠦᠷᠴᠦ᠂ ᠣᠢ ᠱᠢᠭᠤᠢᠶ᠋ᠢᠨ ᠪᠦᠷᠬᠦᠴᠡᠶ᠋ᠢᠨ ᠨᠣᠷᠮ᠎ᠠ 57.3% ᠳ᠋ᠤ ᠬᠦᠷᠴᠠᠢ᠃
《ᠬᠦᠬᠡᠮᠳᠦᠭ ᠨᠤᠭᠤᠭᠠᠨ ᠠᠭᠤᠯᠠ ᠤᠰᠤ ᠪᠤᠯ ᠲᠠᠷᠤᠢ ᠠᠯᠳᠠ ᠮᠦᠩᠭᠦᠨ ᠠᠭᠤᠯᠠ ᠮᠦᠨ》 ᠭᠡᠬᠦ ᠤᠢᠯᠠᠭᠠᠭᠳᠠᠬᠤᠨᠢ ᠮᠠᠨ ᠤ᠋ ᠤᠷᠤᠨ ᠤᠯᠠᠨ ᠵᠢᠯ ᠤᠨ ᠳᠤᠷᠰᠢ ᠦᠢᠯᠡᠳᠦᠯᠭᠡᠵᠢᠭᠦᠯᠦᠭᠰᠡᠭᠡᠷ ᠢᠷᠡᠵᠡᠢ᠃ ᠪᠡᠭᠡᠵᠢᠩ ᠲᠢᠶᠠᠨᠵᠢᠨ ᠤ᠋ ᠰᠠᠯᠬᠢ ᠡᠯᠡᠰᠤᠨ ᠤ᠋ ᠡᠬᠢ ᠵᠢ ᠵᠠᠰᠠᠬᠤ ᠴᠢᠬᠤᠯᠠ ᠨᠢᠭᠡ ᠭᠤᠭᠴᠤᠭ᠎ᠠ ᠪᠤᠯᠤᠭᠰᠠᠨ ᠤ᠋ ᠬᠤᠪᠢ ᠳ᠋ᠤ᠂ ᠤᠯᠠᠭᠠᠨᠬᠠᠳᠠ ᠬᠤᠳᠠ ᠵᠢᠨ ᠬᠠᠷᠠᠴᠢᠨ ᠬᠤᠰᠢᠭᠤᠨ ᠤ᠋ ᠮᠠ ᠠᠨ ᠱᠠᠨ ᠤᠢ ᠰᠢᠭᠤᠢ ᠵᠢᠨ ᠳᠠᠯᠠᠪᠠᠢ ᠵᠢᠨ ᠤᠢ ᠰᠢᠭᠤᠢ ᠵᠢᠨ ᠪᠦᠷᠭᠦᠴᠡ 98.7% ᠳ᠋ᠤ᠌ ᠬᠦᠷᠴᠠᠢ ; ᠳᠠᠯᠠᠨ ᠬᠠᠷ᠎ᠠ ᠠᠭᠤᠯᠠ ᠵᠢᠨ ᠤᠯᠤᠰ ᠤ᠋ᠨ ᠳᠡᠰ ᠤ᠋ᠨ ᠪᠠᠢᠭᠠᠯᠢ ᠵᠢᠨ ᠬᠠᠮᠠᠭᠠᠯᠠᠯᠳᠠ ᠵᠢᠨ ᠤᠷᠤᠨᠤ ᠡᠯ᠎ᠡ ᠲᠦᠷᠦᠯ ᠤ᠋ᠨ ᠠᠮᠢ ᠠᠬᠤᠢ ᠵᠢ ᠵᠠᠰᠠᠨ ᠰᠡᠷᠭᠦᠭᠡᠭᠦ ᠳᠠᠯᠠᠪᠠᠢ ᠵᠢ 80929.443 ᠾᠧᠺᠲ᠋ᠠᠷ ᠪᠠᠶᠡᠯᠡᠭᠦᠯᠵᠤ᠂ ᠠᠮᠢ ᠠᠬᠤᠢ ᠵᠢᠨ ᠰᠢᠰᠲ᠋ᠧᠮ ᠤ᠋ᠨ ᠦᠪᠡᠷ ᠢ᠋ ᠪᠠᠨ ᠰᠡᠷᠭᠦᠭᠡᠭᠦ ᠴᠢᠳᠠᠪᠤᠷᠢ ᠵᠢ ᠪᠦᠳᠦᠮᠵᠢᠳᠠᠢ ᠪᠡᠷ ᠳᠡᠭᠡᠭᠰᠢᠯᠡᠭᠦᠯᠪᠠ᠃
ᠡᠭᠦᠷᠢᠳᠡ ᠵᠢᠨ ᠪᠠᠷᠢᠮᠳᠠᠯᠠᠯ —
ᠮᠠᠨ ᠤ᠋ ᠤᠷᠤᠨ ᠤ᠋ ᠪᠠᠷᠤᠭ 3.99 ᠳ᠋ᠦᠩᠰᠢᠭᠤᠷ ᠬᠦᠮᠦᠨ ᠤᠳᠠᠭ᠎ᠠ
ᠠᠯᠪᠠᠨ ᠵᠢᠷᠤᠮ ᠤ᠋ᠨ ᠮᠤᠳᠤ ᠳᠠᠷᠢᠬᠤ ᠠᠵᠢᠯᠯᠠᠭ᠎ᠠ ᠳ᠋ᠤ ᠤᠷᠤᠯᠴᠠᠵᠤ᠂
20.38 ᠳ᠋ᠦᠩᠰᠢᠭᠤᠷ ᠰᠠᠭᠤᠷᠢ ᠮᠤᠳᠤ ᠳᠠᠷᠢᠵᠠᠢ
1981 ᠤᠨ ᠳ᠋ᠤ ᠲᠦᠷᠦ ᠵᠢᠨ ᠶᠠᠪᠤᠳᠠᠯ ᠤ᠋ᠨ ᠬᠤᠷᠢᠶ᠎ᠠ ᠡᠴᠡ 《ᠪᠦᠬᠦ ᠠᠷᠠᠳ ᠤ᠋ᠨ ᠠᠯᠪᠠᠨ ᠵᠢᠷᠤᠮ ᠤ᠋ᠨ ᠮᠤᠳᠤ ᠳᠠᠷᠢᠬᠤ ᠠᠵᠢᠯᠯᠠᠭᠠᠵᠢ ᠦᠷᠨᠢᠭᠦᠯᠬᠦ ᠳᠤᠬᠠᠢ ᠲᠦᠷᠦ ᠵᠢᠨ ᠶᠠᠪᠤᠳᠠᠯ ᠤ᠋ᠨ ᠬᠤᠷᠢᠶᠠᠨ ᠤ᠋ ᠬᠡᠷᠡᠭᠵᠢᠭᠦᠯᠬᠦ ᠠᠷᠭ᠎ᠠ》 ᠵᠢ ᠨᠡᠢᠳᠡᠯᠡᠭᠰᠡᠨ ᠡᠴᠡ ᠨᠠᠭᠠᠰᠢ ᠂ ᠮᠠᠨ ᠤ᠋ ᠤᠷᠤᠨ ᠤ᠋ ᠪᠠᠷᠤᠭ 3.99 ᠳ᠋ᠦᠩᠰᠢᠭᠤᠷ ᠬᠦᠮᠦᠨ ᠤᠳᠠᠭ᠎ᠠ ᠠᠯᠪᠠᠨ ᠵᠢᠷᠤᠮ ᠤ᠋ᠨ ᠮᠤᠳᠤ ᠳᠠᠷᠢᠬᠤ ᠠᠵᠢᠯᠯᠠᠭ᠎ᠠ ᠳ᠋ᠤ ᠤᠷᠤᠯᠴᠠᠵᠤ ᠂ ᠡᠯ᠎ᠡ ᠲᠦᠷᠦᠯ ᠤ᠋ᠨ ᠴᠢᠬᠢ ᠮᠤᠳᠤ ᠵᠢ 20.38 ᠳ᠋ᠦᠩᠰᠢᠭᠤᠷ ᠰᠠᠭᠤᠷᠢ ᠳᠠᠷᠢᠵᠠᠢ᠃
《ᠵᠠᠯᠠᠭᠤᠴᠤᠳ ᠤ᠋ᠨ ᠤᠢ 》᠂ 《ᠡᠮᠡᠭᠳᠡᠢᠴᠤᠳ ᠤ᠋ᠨ ᠤᠢ》᠂ 《ᠬᠥᠳᠡᠯᠮᠦᠷᠢ ᠶ᠋ᠢᠨ ᠵᠢᠱ᠌ᠢᠶᠡᠴᠢ ᠢ᠋ᠢᠨ ᠤᠢ》᠂《ᠤᠨᠭᠰᠢᠭᠴᠢᠳ ᠤ᠋ᠨ ᠤᠢ》 ᠵᠡᠷᠭᠡ ᠳᠤᠷᠠᠰᠭᠠᠯ ᠤ᠋ᠨ ᠤᠢ᠂ ᠠᠯᠪᠠᠨ ᠵᠢᠷᠤᠮ ᠤ᠋ᠨ ᠮᠣᠳᠣ ᠳᠠᠷᠢᠬᠤ ᠰᠠᠭᠤᠷᠢᠨ ᠨᠢᠭᠡᠳ ᠨᠢᠭᠡᠪᠡᠷ ᠰᠦᠨᠳᠡᠷᠯᠡᠨ ᠪᠣᠰᠴᠤ᠌᠂ ᠠᠭ᠍ᠯᠠᠭ ᠠᠭᠤᠯᠠᠬᠦᠷᠦᠰᠤᠳᠤ ᠭᠠᠵᠠᠷ ᠨᠤᠭᠤᠭᠠᠨ ᠦᠨᠭᠬᠡ ᠪᠡᠷ ᠬᠤᠴᠢᠬᠳᠠᠪᠠ᠃
ᠪᠥᠬᠥ᠌ ᠠᠷᠠᠳ ᠤ᠋ᠨ ᠠᠯᠪᠠᠨ ᠵᠢᠷᠤᠮ ᠤ᠋ᠨ ᠮᠣᠳᠣ ᠲᠠᠷᠢᠬᠤ ᠰᠦᠯᠵᠢᠶᠡᠨ ᠳᠡᠭᠡᠷ᠎ᠡ ᠂ ᠮᠠᠨ ᠤ᠋ ᠣᠷᠣᠨᠳᠤ ᠤᠳᠤ ᠶᠠᠭ ᠶᠠᠪᠤᠭ᠍ᠳᠠᠵᠤ ᠪᠠᠢᠭ᠎ᠠ ᠠᠯᠪᠠᠨ ᠵᠢᠷᠤᠮ ᠤ᠋ᠨ ᠮᠣᠳᠣ ᠲᠠᠷᠢᠬᠤ ᠲᠥᠷᠥᠯ ᠵᠦᠶ᠋ᠯ ᠤ᠋ᠨ ᠠᠵᠢᠯᠯᠠᠭ᠎ᠠ ᠨᠡᠢᠲᠡ 19 ᠪᠠᠢᠵᠤ᠂ ᠡᠭᠦᠨᠳᠦ ᠬᠥᠳᠡᠯᠮᠦᠷᠢ ᠶ᠋ᠢᠨ ᠬᠠᠷᠢᠭᠤᠴᠠᠯᠭ᠎ᠠᠪᠠᠨ ᠭᠦᠶ᠋ᠴᠡᠳᠭᠡᠬᠦ᠌ ᠲᠥᠷᠥᠯ ᠵᠦᠶ᠋ᠯ 14᠂ ᠬᠠᠨᠳᠢᠪᠯᠠᠵᠤ ᠬᠠᠷᠢᠭᠤᠴᠠᠯᠭ᠎ᠠᠪᠠᠨ ᠭᠦᠶ᠋ᠴᠡᠳᠭᠡᠬᠦ᠌ ᠲᠥᠷᠥᠯ ᠵᠦᠶ᠋ᠯ 5 ᠪᠠᠢᠨ᠎ᠠ᠃ 《ᠢᠨᠲ᠋ᠸᠷ ᠰᠦᠯᠵᠢᠶ᠎ᠠ + ᠲᠠᠪᠴᠠᠨᠭ᠌》 ᠢ᠋ᠢᠡᠷ ᠲᠠᠮᠵᠢᠨ᠂ ᠤᠯᠤᠰ ᠤ᠋ᠨ ᠲᠡᠰ ᠤ᠋ᠨ ᠠᠯᠪᠠᠨ ᠵᠢᠷᠤᠮ ᠤ᠋ᠨ ᠮᠤᠳᠤ ᠲᠠᠷᠢᠬᠤ 2 ᠰᠠᠭᠤᠷᠢᠨ ᠪᠡ ᠦᠪᠡᠷᠳᠡᠭᠡᠨ ᠵᠠᠰᠠᠬᠤ ᠤᠷᠤᠨ ᠤ᠋ ᠲᠡᠰ ᠤ᠋ᠨ ᠠᠯᠪᠠᠨ ᠵᠢᠷᠤᠮ ᠤ᠋ᠨ ᠮᠤᠳᠤ ᠲᠠᠷᠢᠬᠤ 5 ᠰᠠᠭᠤᠷᠢᠨ ᠢ᠋ ᠪᠠᠢᠭᠤᠯᠪᠠ᠃
ᠪᠦᠷᠢᠳᠭᠡᠯ ᠢ᠋ ᠦᠨᠳᠦᠰᠦᠯᠡᠪᠡᠯ᠂ 2018 ᠣᠨᠠᠴᠠ ᠨᠠᠭᠠᠰᠢ᠂ ᠪᠦᠬᠦ᠌ ᠣᠷᠣᠨ ᠳ᠋ᠤ ᠨᠡᠢ᠌ᠳᠡ 4813 ᠲᠦᠮᠡᠨ ᠬᠥᠮᠦᠨ ᠤᠳᠠᠭ᠎ᠠ ᠠᠯᠪᠠᠨ ᠵᠢᠷᠤᠮ ᠤ᠋ᠨ ᠮᠣᠳᠣ ᠲᠠᠷᠢᠬᠤ ᠠᠵᠢᠯᠯᠠᠭ᠎ᠠ ᠳ᠋ᠤ ᠤᠷᠤᠯᠴᠠᠨ᠂ ᠨᠡᠢ᠌ᠳᠡ 2 ᠳ᠋ᠦᠩᠱᠢᠭᠤᠷ ᠭᠠᠷᠤᠢ ᠰᠠᠭᠤᠷᠢ ᠮᠣᠳᠣ ᠲᠠᠷᠢᠵᠤ᠂ ᠠᠮᠢ ᠠᠬᠤᠢ ᠵᠢᠨ ᠪᠦᠳᠦᠭᠡᠨ ᠪᠠᠢᠭᠤᠯᠤᠯᠲᠠ ᠵᠢᠨ ᠦᠷᠭᠦᠯᠵᠢᠯᠡᠨ ᠡᠷᠡᠭᠦᠯ ᠵᠢᠡᠷ ᠬᠥᠭ᠌ᠵᠢᠬᠦ᠌ ᠪᠠ ᠠᠮᠢ ᠠᠬᠤᠢ ᠣᠷᠴᠢᠨ ᠲᠣᠭᠣᠷᠢᠨ ᠤ᠋ ᠪᠠᠢᠳᠠᠯ ᠤ᠋ᠨ ᠦᠷᠭᠦᠯᠵᠢᠯᠡᠨ ᠰᠠᠢᠵᠢᠷᠠᠬᠤ ᠶ᠋ᠢ ᠬᠦᠴᠦᠲᠡᠢ ᠠᠬᠢᠭᠤᠯᠪᠠ᠃ ᠡᠨᠡ ᠵᠢᠯ᠂ ᠪᠦᠬᠦ᠌ ᠣᠷᠣᠨ ᠵᠢᠡᠷ ᠵᠢᠡᠨ 300 ᠲᠦᠮᠡᠨ ᠮᠤ᠌ ᠡᠴᠡ ᠲᠡᠭᠡᠭᠰᠢ ᠮᠤᠳᠤ ᠲᠠᠷᠢᠵᠤ ᠤᠢᠵᠢᠭᠤᠯᠤᠨ᠂ 3000 ᠲᠦᠮᠡᠨ ᠰᠠᠭᠤᠷᠢ ᠡᠴᠡ ᠲᠡᠭᠡᠭᠰᠢ ᠠᠯᠪᠠᠨ ᠵᠢᠷᠤᠮ ᠤ᠋ᠨ ᠮᠣᠳᠣ ᠳᠠᠷᠢᠬᠤ ᠶ᠋ᠢ ᠪᠡᠶᠡᠯᠡᠭᠦᠯᠬᠦ ᠪᠡᠷ ᠲᠦᠯᠦᠪᠯᠡᠵᠤ ᠪᠤᠢ᠃
ᠠᠤᠭ᠎ᠠ ᠠᠮᠵᠢᠯᠳᠠ —
ᠪᠦᠬᠦ ᠣᠷᠣᠨ ᠤ᠋ ᠣᠢ ᠱᠢᠭᠤᠢ ᠵᠢᠨ ᠲᠠᠯᠠᠪᠠᠢ 4.08 ᠳ᠋ᠦᠩᠱᠢᠭᠤᠷ
ᠮᠥ᠍ ᠪᠠᠢᠵᠤ᠂ ᠪᠦᠬᠦ ᠤᠯᠤᠰ ᠲᠤ᠌ ᠲᠦᠷᠦᠭᠦᠯᠡᠵᠤ ᠪᠤᠢ
ᠨᠠᠮᠤᠨ ᠠᠷᠪᠠᠨ ᠨᠠᠢ᠍ᠮᠠᠳᠤᠭᠠᠷ ᠶᠡᠭᠡ ᠬᠤᠷᠠᠯ ᠡᠴᠡ ᠨᠠᠭᠠᠰᠢ᠂ ᠮᠠᠨ ᠤ᠋ ᠤᠷᠤᠨ ᠠᠮᠢ ᠠᠬᠤᠢ ᠢ᠋ᠢᠨ ᠪᠠᠢᠭᠤᠯᠤᠯᠳᠡ ᠢ᠋ᠢᠨ ᠲᠤᠳᠤᠭᠠᠳᠤ ᠵᠢᠮ᠎ᠠ ᠶᠤᠰᠤ ᠢ᠋ᠢ ᠵᠢᠷᠤᠮᠯᠡᠵᠤ᠂ ᠪᠠᠢᠭᠠᠯᠢᠯᠢᠭ ᠤᠢ ᠢ᠋ᠢᠨ ᠡᠬᠢ ᠪᠠᠶᠠᠯᠢᠭ ᠤ᠋ᠨ ᠬᠠᠮᠠᠭᠠᠯᠠᠯᠳᠡ᠂ ᠪᠡᠬᠡᠵᠢᠨᠭ᠌ ᠲᠢᠶᠠᠨᠵᠢᠨ ᠤ᠋ ᠡᠷᠬᠢᠨ ᠲᠤᠭᠤᠷᠢᠨ ᠤ᠋ ᠰᠠᠯᠬᠢ ᠡᠯᠡᠰᠦᠨ ᠤ᠋ ᠡᠬᠢ ᠢ᠋ᠢ ᠵᠠᠰᠠᠬᠤ᠂ ᠤᠮᠠᠷᠠᠳᠤ ᠢ᠋ᠢᠨ ᠭᠤᠷᠪᠡᠨ ᠤᠷᠤᠨ ᠤ᠋ ᠬᠠᠯᠬᠠᠪᠴᠢ ᠤᠢ ᠢ᠋ᠢ ᠤᠢᠵᠢᠭᠤᠯᠬᠤ᠂ ᠲᠠᠷᠢᠶᠠᠯᠠᠬᠤ ᠢ᠋ᠢ ᠵᠤᠭᠰᠤᠭᠠᠨ ᠤᠢᠵᠢᠭᠤᠯᠬᠤ ᠵᠡᠷᠭᠡ ᠤᠯᠤᠰ ᠤ᠋ᠨ ᠭᠤᠤᠯᠳᠠᠯᠭ᠎ᠠ ᠲᠠᠢ ᠠᠮᠢ ᠠᠬᠤᠢ ᠢ᠋ᠢᠨ ᠪᠦᠳᠦᠭᠡᠨ ᠪᠠᠢᠭᠤᠯᠤᠯᠳᠡ ᠢ᠋ᠢᠨ ᠢᠨᠵᠸᠨ᠋ᠸᠷᠢᠨᠭ ᠢ᠋ ᠬᠡᠷᠡᠭᠵᠢᠬᠦᠯᠦᠭᠰᠡᠭᠡᠷ ᠢᠷᠡᠯ᠎ᠡ᠃
ᠤᠮᠠᠷᠠᠲᠤᠶ᠋ᠢᠨ ᠭᠤᠷᠪᠠᠨ ᠣᠷᠣᠨ ᠤ᠋ ᠬᠠᠯᠬᠠᠪᠴᠢ ᠣᠢ ᠵᠢᠨ ᠶᠡᠷᠦᠩᠬᠡᠢ ᠲᠥᠯᠥᠪᠵᠢᠭᠦᠯᠭᠡ ᠶᠣᠰᠣᠭᠠᠷ᠂ ᠮᠠᠨᠤ ᠤᠷᠤᠨᠤ ᠪᠦᠲᠦᠭᠡᠨ ᠪᠠᠢᠭᠤᠯᠤᠯᠲᠠ ᠵᠢᠨ ᠡᠭᠦᠷᠭᠡ 1.67 ᠳ᠋ᠦᠩᠱᠢᠭᠤᠷ ᠮᠥ᠍ ᠪᠠᠢᠵᠤ᠂ ᠪᠦᠬᠦ ᠤᠯᠤᠰ ᠤ᠋ᠨ ᠤᠮᠠᠷᠠᠲᠤᠶ᠋ᠢᠨ ᠭᠤᠷᠪᠠᠨ ᠣᠷᠣᠨ ᠤ᠋ ᠢᠨᠵᠧᠨᠧᠷᠢᠩ ᠤ᠋ᠨ ᠪᠦᠲᠦᠭᠡᠨ ᠪᠠᠢᠭᠤᠯᠤᠯᠲᠠ ᠵᠢᠨ ᠶᠡᠷᠦᠩᠬᠡᠢ ᠡᠭᠦᠷᠭᠡ ᠵᠢᠨ 31% ᠵᠢ ᠡᠵᠡᠯᠡᠵᠦ᠂ ᠤᠮᠠᠷᠠᠲᠤᠶ᠋ᠢᠨ ᠭᠤᠷᠪᠠᠨ ᠣᠷᠣᠨ ᠤ᠋ 13 ᠮᠣᠵᠢ ᠦᠪᠡᠷᠳᠡᠭᠡᠨ ᠵᠠᠰᠠᠬᠤ ᠣᠷᠣᠨ ᠤ᠋ ᠳᠣᠲᠣᠷ᠎ᠠ ᠲᠦᠷᠦᠭᠦᠯᠡᠵᠤ᠂ ᠮᠠᠨ ᠤ᠋ ᠣᠷᠣᠨ ᠤ᠋ ᠬᠠᠷᠢᠶᠠᠨ ᠳ᠋ᠠᠬᠢ 86 ᠬᠣᠱᠢᠭᠤ ᠱᠢᠶᠠᠨ ᠳ᠋ᠤ᠌ ᠬᠣᠯᠪᠣᠭᠳᠠᠵᠠᠢ᠃
ᠮᠠᠨ ᠤ᠋ ᠣᠷᠣᠨ ᠤ᠋ ᠡᠯ᠎ᠡ ᠱᠠᠲᠤᠨ ᠤ᠋ ᠣᠢ ᠱᠢᠭᠤᠢ ᠪᠠ ᠨᠤᠳᠤᠭ ᠳᠡᠪᠢᠰᠭᠡᠷ ᠤ᠋ᠨ ᠰᠠᠯᠠᠭ᠎ᠠ ᠮᠥᠴᠢᠷ ᠤ᠋ᠨ ᠬᠢᠨ ᠱ᠋ᠢ ᠵᠢᠨ ᠫᠢᠩ ᠤ᠋ᠨ ᠠᠮᠢ ᠠᠬᠤᠢ ᠵᠢᠨ ᠪᠣᠯᠪᠠᠰᠤᠨ ᠤ᠋ ᠦᠵᠡᠯ ᠰᠠᠨᠠᠭ᠎ᠠ ᠵᠢ ᠲᠤᠭᠤᠰᠢᠯᠠᠭᠤᠯᠤᠨ ᠨᠠᠢᠳᠠᠪᠤᠷᠢᠵᠢᠭᠤᠯᠵᠤ᠂ ᠤᠮᠠᠷᠠᠲᠤᠶ᠋ᠢᠨ ᠭᠤᠷᠪᠠᠨ ᠣᠷᠣᠨ ᠤ᠋ ᠬᠠᠯᠬᠠᠪᠴᠢ ᠤᠢ ᠵᠢᠨ ᠠᠮᠢ ᠠᠬᠤᠢ ᠵᠢᠨ ᠪᠦᠳᠦᠭᠡᠨ ᠪᠠᠢᠭᠤᠯᠤᠯᠳᠠ ᠵᠢᠨ ᠢᠨᠵᠧᠨᠧᠷᠢᠩ ᠢ᠋ ᠰᠢᠰᠲᠧᠮ ᠳᠠᠢ ᠠᠬᠢᠭᠤᠯᠵᠤ᠂ ᠲᠥᠷᠥ ᠵᠢᠨ ᠪᠣᠳᠣᠯᠭ᠎ᠠ ᠠᠷᠭ᠎ᠠ ᠬᠡᠮᠵᠢᠶ᠎ᠡ ᠵᠢ ᠨᠠᠢᠳᠠᠪᠤᠷᠢᠵᠢᠭᠤᠯᠤᠨ᠂ ᠠᠭᠯᠠᠭ ᠠᠭᠤᠯᠠ ᠵᠢ ᠣᠢᠵᠢᠭᠤᠯᠬᠤ᠂ ᠲᠠᠷᠢᠶᠠᠯᠠᠬᠤ ᠵᠢ ᠵᠣᠭᠰᠣᠭᠠᠵᠤ ᠣᠢ ᠱᠢᠭᠤᠢ ᠡᠪᠡᠰᠦ ᠪᠡᠯᠴᠢᠭᠡᠷ ᠢ᠋ ᠰᠡᠷᠭᠦᠭᠡᠬᠦ᠂ ᠡᠯᠡᠰᠦᠷᠬᠡᠭᠵᠢᠭᠰᠡᠨ ᠭᠠᠵᠠᠷ ᠨᠤᠳᠤᠭ ᠢ᠋ ᠪᠢᠲᠡᠭᠦᠮᠵᠢᠯᠡᠨ ᠬᠠᠮᠠᠭᠠᠯᠠᠬᠤ ᠵᠡᠷᠭᠡ ᠵᠢ ᠲᠦᠭᠡᠮᠡᠯ ᠬᠡᠷᠡᠭᠵᠢᠭᠦᠯᠪᠡ᠃ ᠠᠮᠢ ᠠᠬᠤᠢ ᠵᠢᠨ ᠬᠠᠮᠠᠭᠠᠯᠠᠯᠲᠠ ᠵᠢᠨ ᠤᠯᠠᠭᠠᠨ ᠱᠤᠭᠤᠮ ᠢ᠋ ᠴᠢᠩᠭ᠎ᠠ ᠰᠠᠬᠢᠵᠤ᠂ ᠣᠢ ᠱᠢᠭᠤᠢ᠂ ᠡᠯᠡᠰᠦᠷᠬᠡᠭ ᠣᠷᠣᠨ ᠢ᠋ ᠤᠢᠵᠢᠭᠤᠯᠬᠤ ᠬᠠᠮᠢᠶᠠᠷᠤᠯᠲᠠ ᠬᠠᠮᠠᠭᠠᠯᠠᠯᠲᠠ ᠵᠢ ᠴᠢᠩᠭᠠᠳᠭᠠᠵᠤ᠂ ᠬᠠᠳᠠᠭᠠᠯᠠᠬᠤ ᠨᠣᠷᠮ᠎ᠠ ᠪᠠ ᠣᠢᠵᠢᠭᠤᠯᠬᠤ ᠨᠣᠷᠮ᠎ᠠ ᠵᠢ ᠬᠦᠴᠦᠯᠡᠨ ᠳᠡᠭᠡᠭᠱᠢᠯᠡᠭᠦᠯᠵᠦ᠂ ᠢᠨᠵᠧᠨᠧᠷᠢᠩ ᠤ᠋ᠨ ᠪᠦᠲᠦᠭᠡᠨ ᠪᠠᠢᠭᠤᠯᠤᠯᠲᠠ ᠵᠢᠨ ᠦᠷ᠎ᠡ ᠪᠦᠲᠦᠭᠡᠯ ᠢ᠋ ᠦᠷᠭᠦᠯᠵᠢᠯᠡᠨ ᠪᠡᠬᠢᠵᠢᠭᠦᠯᠪᠡ᠃ ᠲᠦᠭ ᠲᠦᠮᠡᠨ ᠠᠷᠠᠳ ᠣᠯᠠᠨ ᠤ᠋ ᠪᠤᠤᠬᠢᠢᠠ ᠳᠠᠮᠵᠢᠭᠤᠯᠤᠨ ᠴᠢᠷᠮᠠᠢᠬᠤ ᠪᠠᠷ ᠳᠠᠮᠵᠢᠭᠠᠳ᠂ ᠡᠬᠡ ᠤᠯᠤᠰ ᠤ᠋ᠨ ᠤᠮᠠᠷᠠᠲᠤ ᠬᠢᠯᠢ ᠳ᠋ᠦ᠍ ᠰᠠᠯᠬᠢ ᠱᠢᠭᠤᠷᠭᠠ ᠵᠢ ᠬᠣᠷᠢᠭᠯᠠᠬᠤ᠂ ᠬᠥᠷᠥᠰᠥ ᠱᠢᠷᠣᠢ ᠵᠢ ᠬᠠᠮᠠᠭᠠᠯᠠᠬᠤ᠂ ᠲᠠᠷᠢᠶᠠᠯᠠᠩ ᠢ᠋ ᠬᠠᠮᠠᠭᠠᠯᠠᠨ ᠮᠠᠯ ᠠᠵᠤ ᠠᠬᠤᠢ ᠵᠢ ᠠᠬᠢᠭᠤᠯᠬᠤ ᠨᠣᠮᠢᠨ ᠨᠣᠭᠣᠭᠠᠨ ᠤᠷᠲᠤ ᠴᠠᠭᠠᠨ ᠬᠡᠷᠡᠮ ᠢ᠋ ᠴᠣᠭᠴᠠᠯᠠᠨ ᠪᠠᠢᠭᠤᠯᠵᠠᠢ᠃
ᠥᠨᠥᠳᠦᠷ ᠤ᠋ᠨ ᠥᠪᠥᠷ ᠮᠣᠩᠭᠣᠯ ᠮᠠᠨ ᠤ᠋ ᠤᠯᠤᠰ ᠤ᠋ᠨ ᠤᠮᠠᠷᠠᠲᠤ ᠣᠷᠣᠨ ᠳ᠋ᠦ᠍ ᠰᠠᠯᠬᠢ ᠡᠯᠡᠰᠦᠨᠦ 《ᠬᠠᠮᠠᠭᠠᠯᠠᠯᠲᠠ ᠵᠢᠨ ᠬᠦᠷᠮ᠎ᠠ》 ᠭᠡᠳᠦᠷᠡᠭᠦᠯᠦᠭᠰᠡᠨ ᠵᠢᠡᠷ ᠪᠠᠷᠠᠬᠤ ᠦᠭᠡᠢ ᠪᠠᠰᠠ ᠪᠦᠬᠦ᠌ ᠤᠯᠤᠰ ᠤ᠋ᠨ ᠠᠷᠠᠳ ᠲᠦᠮᠡᠨ ᠳ᠋ᠦ᠍ ᠲᠡᠰ ᠡᠴᠡ ᠳᠠᠪᠠᠭ᠍ᠰᠠᠨ 《ᠨᠡᠭᠦᠷᠡᠰᠦᠳᠦ᠋ᠷᠦᠭᠴᠢ ᠵᠢᠨ ᠬᠥᠮᠥᠷᠭᠡ》 ᠪᠣᠯᠤᠨ ᠴᠡᠪᠡᠷ 《ᠬᠦᠴᠢᠯᠲᠥ᠋ᠷᠥᠭ᠌ᠴᠢ ᠵᠢᠨ ᠪᠠᠭᠠᠷ》 ᠢ᠋ ᠪᠠᠢᠭᠤᠯᠵᠤ᠂ ᠪᠡᠭᠡᠵᠢᠩ ᠲᠢᠶᠠᠨᠵᠢᠨ ᠤ᠋ 《ᠰᠠᠯᠬᠢ ᠡᠯᠡᠰᠦᠨᠦ ᠡᠬᠢ》 ᠪᠠᠢᠬᠰᠠᠨ ᠡᠴᠡ ᠪᠠᠨ ᠨᠡᠢᠰᠯᠡᠯ ᠤ᠋ᠨ 《ᠠᠷᠤᠵᠢᠨ ᠴᠡᠴᠡᠷᠯᠢᠭ》 ᠪᠤᠯᠵᠤ ᠬᠤᠪᠢᠷᠠᠯ᠎ᠠ᠃
ᠠᠯᠤᠰᠤᠨ ᠬᠠᠷᠠᠯᠳᠠ—
2025 ᠣᠨ ᠪᠣᠯᠳᠠᠯ᠎ᠠ᠂ ᠪᠥᠬᠥ᠌ ᠣᠷᠣᠨ ᠤ᠋ ᠣᠶ ᠱᠢᠭᠤᠶ ᠵᠢᠨ
ᠪᠦᠷᠬᠦᠴᠡ ᠵᠢᠨ ᠨᠤᠷᠮᠠᠵᠢ 23.5% ᠳ᠋ᠤ ᠬᠦᠷᠭᠡᠨ᠎ᠡ
ᠨᠠᠮ ᠤ᠋ᠨ ᠬᠣᠷᠢᠳᠤᠭᠠᠷ ᠶᠡᠬᠡ ᠬᠤᠷᠠᠯ ᠤ᠋ᠨ ᠢᠯᠡᠳᠭᠡᠯ ᠳ᠋ᠦ᠍ ᠠᠮᠢ ᠠᠬᠤᠢ ᠵᠢᠨ ᠪᠣᠯᠪᠠᠰᠤᠨ ᠤ᠋ ᠪᠠᠢᠭᠤᠯᠤᠯᠲᠠ ᠵᠢ ᠠᠬᠢᠭᠤᠯᠬᠤ ᠳ᠋ᠦ᠍ ᠨᠡᠩ ᠥᠨᠳᠥᠷ ᠱᠢᠨ᠎ᠡ ᠱᠠᠭᠠᠷᠳᠠᠯᠭ᠎ᠠ ᠳᠤᠷᠠᠳᠪᠠ᠃ ᠱᠢᠨ᠎ᠡ ᠠᠶᠠᠨ ᠤ᠋ ᠤᠷᠤᠬᠰᠢᠯᠠᠯᠳᠠ ᠵᠢᠨ ᠪᠦᠷᠢᠶ᠎ᠡ ᠨᠢᠭᠡᠨᠲᠡ ᠬᠠᠩᠭᠢᠨᠠᠵᠦ᠂ ᠥᠪᠥᠷ ᠮᠣᠩᠭᠣᠯ ᠤ᠋ᠨ ᠡᠯ᠎ᠡ ᠱᠠᠲᠤ ᠡᠯ᠎ᠡ ᠭᠠᠵᠠᠷ ᠤ᠋ᠨ ᠬᠢᠨ ᠨᠠᠮ ᠤ᠋ᠨ ᠬᠣᠷᠢᠳᠤᠭᠠᠷ ᠶᠡᠬᠡ ᠬᠤᠷᠠᠯ ᠤ᠋ᠨ ᠵᠣᠷᠢᠭ ᠰᠠᠨᠠᠭ᠎ᠠ ᠵᠢ ᠬᠢᠨᠠᠮᠠᠭᠠᠶ ᠲᠤᠭᠤᠱᠢᠯᠠᠭᠤᠯᠤᠨ ᠨᠠᠢᠳᠠᠪᠤᠷᠢᠵᠢᠭᠤᠯᠵᠤ᠂ ᠥᠪᠥᠷ ᠮᠣᠩᠭᠣᠯ ᠤ᠋ᠨ ᠡᠨᠡ ᠬᠦ᠌ ᠬᠦᠬᠡᠮᠳᠦᠭ ᠨᠤᠭᠤᠭᠠᠨ᠂ ᠬᠦᠬᠡ ᠴᠡᠩᠬᠡᠷ᠂ ᠪᠤᠬᠢᠷᠳᠤᠯ ᠦᠬᠡᠢ ᠴᠡᠪᠡᠷ ᠢ᠋ ᠪᠥᠬᠥ᠌ ᠬᠦᠴᠦᠨ ᠵᠢᠡᠷ ᠵᠢᠡᠨ ᠰᠠᠢᠲᠤᠷ ᠰᠠᠬᠢᠨ ᠬᠠᠮᠠᠭᠠᠯᠠᠵᠤ᠂ ᠱᠢᠨ᠎ᠡ ᠴᠠᠭ ᠦᠶ᠎ᠡ ᠵᠢᠨ ᠥᠪᠥᠷ ᠮᠣᠩᠭᠣᠯ ᠤ᠋ᠨ ᠠᠮᠢ ᠠᠬᠤᠶ ᠵᠢᠨ ᠪᠣᠯᠪᠠᠰᠤᠨ ᠤ᠋ ᠪᠠᠢᠭᠤᠯᠤᠯᠲᠠ ᠵᠢᠨ ᠱᠢᠨ᠎ᠡ ᠬᠡᠷᠡᠯ ᠰᠠᠴᠤᠷᠠᠩᠭᠤᠶ ᠠᠮᠵᠢᠯᠲᠠ ᠪᠦᠲᠦᠮᠵᠢ ᠵᠢ ᠦᠷᠭᠦᠯᠵᠢᠯᠡᠨ ᠪᠢᠴᠢᠭ᠌ᠯᠡᠵᠤ ᠪᠠᠢᠨ᠎ᠠ᠃
2020 ᠣᠨ ᠤ᠋ ᠪᠦᠬᠦ ᠣᠷᠣᠨ ᠤ᠋ ᠣᠢ ᠱᠢᠭᠤᠢ ᠵᠢᠨ ᠡᠬᠢ ᠪᠠᠶᠠᠯᠢᠭ ᠤ᠋ᠨ ᠬᠠᠮᠢᠶᠠᠷᠤᠯᠲᠠ ᠵᠢᠨ 《ᠵᠢᠷᠤᠭ》 ᠤ᠋ᠨ ᠰᠢᠨ᠎ᠡ ᠳᠤᠭ᠎ᠠ ᠪᠦᠷᠢᠳᠭᠡᠯ ᠢ᠋ ᠦᠨᠳᠦᠰᠦᠯᠡᠪᠡᠯ᠂ ᠪᠦᠬᠦ ᠣᠷᠣᠨ ᠤ᠋ ᠣᠢ ᠱᠢᠭᠤᠢ ᠵᠢᠨ ᠲᠠᠯᠠᠪᠠᠢ 4.08 ᠳ᠋ᠦᠩᠱᠢᠭᠤᠷ ᠮᠥ᠍ ᠪᠠᠢᠵᠤ᠂ ᠪᠦᠬᠦ ᠤᠯᠤᠰ ᠲᠤ᠌ ᠲᠦᠷᠦᠭᠦᠯᠡᠵᠤ ᠪᠤᠢ; ᠬᠦᠮᠦᠨ ᠤ᠋ ᠬᠦᠴᠦ ᠪᠡᠷ ᠤᠢᠵᠢᠭᠤᠯᠤᠭᠰᠠᠨ ᠣᠢ ᠰᠢᠭᠤᠢ ᠵᠢᠨ ᠲᠠᠯᠠᠪᠠᠢ 9900 ᠲᠦᠮᠡᠨ ᠮᠥ᠍ ᠪᠠᠢᠵᠤ᠂ ᠪᠦᠬᠦ ᠤᠯᠤᠰ ᠤ᠋ᠨ ᠭᠤᠷᠪᠠᠳᠤᠭᠠᠷ ᠲᠤ᠌ ᠲᠤᠳᠤᠷᠠᠪᠠ; ᠣᠢ ᠱᠢᠭᠤᠢ ᠵᠢᠨ ᠬᠠᠳᠠᠭᠠᠯᠠᠭᠳᠠᠴᠠ ᠨᠢ 16 ᠳ᠋ᠦᠩᠱᠢᠭᠤᠷ ᠪᠣᠰᠤᠭ᠎ᠠ ᠳᠥᠷᠪᠡᠯᠵᠢᠨ ᠮᠧᠲ᠋ᠷ ᠪᠠᠢᠵᠤ᠂ ᠪᠦᠬᠦ ᠤᠯᠤᠰ ᠤ᠋ᠨ ᠲᠠᠪᠤᠳᠤᠭᠠᠷ ᠲᠤ᠌ ᠵᠢᠬᠰᠠᠭᠠᠭᠳᠠᠪᠠ᠃
《ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ 〈ᠠᠷᠪᠠᠨ ᠲᠦᠷᠪᠡᠳᠦᠭᠡᠷ ᠲᠠᠪᠤᠨ ᠵᠢᠯ〉 ᠤ᠋ᠨ ᠤᠢ ᠰᠢᠭᠤᠢ ᠪᠠ ᠨᠤᠳᠤᠭ ᠪᠡᠯᠴᠢᠭᠡᠷ ᠤ᠋ᠨ ᠬᠠᠮᠠᠭᠠᠯᠠᠯᠳᠠ ᠬᠦᠭᠵᠢᠭᠦᠯᠦᠯᠳᠡ ᠵᠢᠨ ᠲᠦᠯᠦᠪᠵᠢᠭᠦᠯᠭᠡ》 ᠳ᠋ᠤ 2025 ᠣᠨ ᠪᠣᠯᠳᠠᠯ᠎ᠠ᠂ ᠪᠥᠬᠥ᠌ ᠣᠷᠣᠨ ᠤ᠋ ᠣᠶ ᠱᠢᠭᠤᠶ ᠵᠢᠨ ᠪᠦᠷᠬᠦᠴᠡ ᠵᠢᠨ ᠨᠤᠷᠮᠠᠵᠢ 23.5% ᠳ᠋ᠤ ᠬᠦᠷᠭᠡᠵᠦ᠂ ᠤᠢ ᠰᠢᠭᠤᠢ ᠵᠢᠨ ᠬᠠᠳᠠᠭᠠᠯᠠᠭᠳᠠᠴᠠ ᠵᠢ 15.5 ᠳ᠋ᠦᠩᠰᠢᠭᠤᠷ ᠪᠤᠰᠤᠭ᠎ᠠ ᠲᠦᠷᠪᠡᠯᠵᠢᠨ ᠮᠧᠲᠷ ᠲᠦ᠍ ᠬᠦᠷᠭᠡᠵᠤ ᠂ ᠨᠤᠲᠤᠭ ᠪᠡᠯᠴᠢᠭᠡᠷ ᠤ᠋ᠨ ᠶᠡᠷᠦᠩᠬᠡᠢᠯᠡᠭ᠌ᠰᠡᠨ ᠤᠷᠭᠤᠮᠠᠯ ᠤ᠋ᠨ ᠬᠤᠴᠢᠯᠭ᠎ᠠ ᠵᠢ 45% ᠳ᠋ᠤ ᠲᠣᠭ᠍ᠲᠠᠪᠤᠷᠢᠵᠢᠭᠤᠯᠤᠨ᠂ ᠡᠯᠡᠰᠦᠷᠬᠡᠭ᠌ᠵᠢᠭ᠌ᠰᠡᠨ ᠭᠠᠵᠠᠷ ᠱᠢᠷᠣᠶ ᠵᠢ ᠵᠠᠰᠠᠬᠤ ᠲᠠᠯᠠᠪᠠᠶ ᠵᠢ 2650 ᠲᠦᠮᠡᠨ ᠮᠥ᠍ ᠱᠢᠨ᠎ᠡ ᠪᠡᠷ ᠨᠡᠮᠡᠭ᠌ᠳᠡᠭᠦᠯᠬᠦ ᠪᠡᠷ ᠡᠷᠡᠮᠡᠬᠡᠢᠯᠡᠨ ᠴᠢᠷᠮᠠᠢᠵᠦ ᠪᠤᠢ᠃