ᠠᠮᠢ ᠵᠢᠨ ᠤᠷᠤᠰᠢᠬᠤᠢ ᠠᠷᠢᠭᠤᠨ ᠠᠭᠠᠷ ᠡᠴᠡ ᠰᠠᠯᠵᠦ ᠦᠯᠦ ᠪᠤᠯᠤᠨ᠎ᠠ᠃ ᠦᠵᠡᠰᠭᠦᠯᠡᠩᠳᠤ ᠰᠠᠢᠬᠠᠨ ᠪᠦᠮᠪᠦᠷᠴᠡᠭ ᠲᠡᠯᠡᠬᠡᠢ ᠴᠦ᠍ ᠠᠳᠠᠯᠢᠬᠠᠨ ᠠᠷᠢᠭᠤᠨ ᠠᠭᠠᠷ᠂ ᠨᠤᠭᠤᠭᠠᠨ ᠠᠮᠢᠰᠬᠤᠭ᠎ᠠ ᠱᠠᠭᠠᠷᠳᠠᠭᠳᠠᠨ᠎ᠠ᠃ ᠡᠨᠡ ᠨᠤᠭᠤᠭᠠᠨ ᠠᠮᠢᠰᠬᠤᠭ᠎ᠠ ᠨᠤᠭᠤ ᠭᠠᠵᠠᠷᠤᠨ ᠬᠢ ᠪᠤᠯᠬᠤᠷ ᠨᠤᠭᠤ ᠭᠠᠵᠠᠷᠢ ᠪᠢᠳᠠ 《ᠲᠡᠯᠡᠬᠡᠢ ᠵᠢᠨ ᠪᠦᠮᠪᠦᠷᠴᠡᠭᠤᠨ ᠬᠠᠷ᠎ᠠ ᠪᠦᠭᠡᠷ᠎ᠡ 》᠂ 《ᠠᠮᠢᠳᠤ ᠪᠤᠳᠠᠰᠤᠨ ᠭᠸᠨᠤ ᠬᠦᠮᠦᠷᠭᠡ》 ᠭᠡᠳᠡᠭ ᠪᠦᠭᠡᠳ ᠤᠢ ᠰᠢᠭᠤᠢ᠂ ᠲᠠᠯᠠᠢ ᠲᠠᠩᠬᠢᠰ ᠲᠠᠢ ᠬᠠᠮᠳᠤᠳᠤᠨᠢ ᠲᠡᠯᠡᠬᠡᠢ ᠵᠢᠨ ᠪᠦᠮᠪᠦᠷᠴᠡᠭᠤᠨ ᠭᠤᠷᠪᠠᠨ ᠶᠡᠭᠡ ᠠᠮᠢ ᠠᠬᠤᠢ ᠵᠢᠨ ᠰᠢᠰᠲ᠋ᠸᠮ ᠭᠡᠳᠡᠭ᠃
ᠤᠯᠠᠷᠢᠯᠤᠨ ᠦᠩᠭᠡ ᠪᠡᠷ ᠨᠡᠬᠦᠳᠡᠯᠯᠡᠳᠡᠭ ᠤᠰᠤᠨᠤ ᠰᠢᠪᠠᠭᠤᠳ᠂ ᠤᠢ ᠬᠦᠪᠴᠢᠳᠤ ᠰᠦᠯᠵᠢᠯᠳᠦᠳᠡᠭ ᠠᠷᠢᠶᠠᠳᠠᠨ ᠬᠦᠷᠦᠭᠡᠰᠦ᠂ ᠭᠤᠤᠯ ᠮᠦᠷᠡᠨᠳᠤ ᠢᠷᠠᠭᠠᠯᠠᠳᠠᠭ ᠵᠢᠭᠠᠰᠤ ᠵᠢᠷᠠᠭᠠᠬᠠᠢ ᠬᠦᠷᠳᠡᠯ᠎ᠡ ᠪᠦᠷ 《ᠨᠤᠭᠤ ᠭᠠᠵᠠᠷ》 ᠭᠡᠬᠦ ᠡᠨᠡ ᠬᠦ᠌ 《ᠲᠤᠯᠠᠭᠠᠨ ᠦᠯᠦᠭᠡᠢ》 ᠳ᠋ᠦ ᠪᠦᠪᠡᠢᠯᠡᠭᠳᠡᠨ᠂ ᠪᠦᠲᠦᠨ ᠪᠦᠮᠪᠦᠷᠴᠡᠭ ᠵᠢᠡᠨ ᠴᠢᠮᠡᠨ᠂ ᠪᠦᠬᠦ ᠬᠦᠮᠦᠨ ᠲᠦᠷᠦᠯᠬᠢᠳᠡᠨᠳᠤ ᠬᠠᠨᠢᠰᠠᠵᠦ᠂ ᠡᠶ᠎ᠡ ᠨᠠᠢᠷᠳᠠᠢ ᠤᠷᠤᠰᠢᠵᠦ ᠪᠠᠢᠨᠠᠮ᠃ ᠬᠦᠮᠦᠨ ᠲᠦᠷᠦᠯᠬᠢᠳᠡᠨ ᠨᠤᠭᠤ ᠭᠠᠵᠠᠷᠤᠨ ᠦᠢᠯᠡᠳᠦᠯᠢ ᠤᠷᠤᠢᠳᠠᠵᠦ ᠲᠠᠨᠢᠬᠰᠠᠨ ᠪᠤᠯᠪᠠᠴᠤ᠂ ᠨᠤᠭᠤ ᠭᠠᠵᠠᠷ ᠵᠢᠡᠨ ᠬᠠᠢᠷᠠᠯᠠᠨ ᠬᠠᠮᠠᠭᠠᠯᠠᠬᠤ ᠪᠠᠷ ᠬᠠᠮᠳᠤ ᠪᠠᠷ ᠴᠢᠷᠮᠠᠢᠵᠦ ᠪᠠᠢᠭ᠎ᠠ ᠨᠢ ᠦᠨᠡᠨ᠃ 1997 ᠤᠨ ᠡᠴᠡ ᠡᠬᠢᠯᠡᠨ᠂ ᠵᠢᠯ ᠪᠦᠷᠢ ᠵᠢᠨ 2 ᠰᠠᠷ᠎ᠠ ᠵᠢᠨ 2ᠢ᠋ 《ᠲᠡᠯᠡᠬᠡᠢ ᠵᠢᠨ ᠨᠤᠭᠤ ᠭᠠᠵᠠᠷᠤᠨ ᠡᠳᠦᠷ》 ᠵᠢᠡᠷ ᠲᠤᠭᠳᠠᠭᠠᠪᠠ᠃ ᠡᠨᠡ ᠨᠢᠭᠡᠯᠡ ᠡᠳᠦᠷ ᠲᠦ᠍ ᠪᠢᠰᠢ᠂ ᠡᠳᠦᠷ ᠪᠦᠷᠢ ᠨᠤᠭᠤ ᠭᠠᠵᠠᠷ ᠵᠢᠡᠨ ᠬᠠᠮᠠᠭᠠᠯᠠᠬᠤ ᠪᠡᠷ ᠴᠢᠷᠮᠠᠢᠵᠦ ᠪᠠᠢᠭ᠎ᠠ ᠨᠢ ᠤᠯᠵᠠᠭᠤᠷᠬᠠᠯ᠃
ᠮᠠᠨᠤ ᠤᠯᠤᠰ ᠲᠡᠯᠡᠬᠡᠢ ᠵᠢᠨ ᠨᠤᠭᠤ ᠭᠠᠵᠠᠷᠤᠨ ᠨᠡᠢᠳᠡ ᠵᠢᠨ ᠭᠡᠷᠡᠳᠤ ᠤᠷᠤᠭᠠᠳ ᠤᠳᠤ ᠭᠤᠴᠢ ᠭᠠᠷᠤᠢ ᠵᠢᠯ ᠪᠤᠯᠵᠦ ᠪᠤᠢ᠃ ᠡᠨᠡ ᠭᠤᠴᠢ ᠭᠠᠷᠤᠢ ᠵᠢᠯᠤᠨ ᠲᠤᠷᠰᠢ᠂ ᠤᠨᠴᠠᠭᠠᠢᠯᠠᠨ᠂ ᠨᠠᠮᠤᠨ ᠠᠷᠪᠠᠨ ᠨᠠᠢ᠍ᠮᠠᠳᠤᠭᠠᠷ ᠶᠡᠭᠡ ᠬᠤᠷᠠᠯ ᠡᠴᠡ ᠨᠠᠭᠠᠰᠢ᠂ ᠮᠠᠨᠤ ᠤᠷᠤᠨ ᠠᠮᠢ ᠠᠬᠤᠢ ᠵᠢᠨ ᠪᠤᠯᠪᠠᠰᠤᠨᠤ ᠪᠦᠲᠦᠭᠡᠨ ᠪᠠᠢᠭᠤᠯᠤᠯᠳᠠ ᠵᠢ ᠶᠡᠭᠡ ᠪᠠᠷ ᠠᠬᠢᠭᠤᠯᠵᠦ᠂ ᠨᠤᠭᠤ ᠭᠠᠵᠠᠷᠤᠨ ᠬᠠᠮᠠᠭᠠᠯᠠᠯᠳᠠ ᠰᠡᠷᠭᠦᠭᠡᠯᠳᠡ ᠵᠢ ᠴᠢᠩᠭᠠᠳᠬᠠᠬᠰᠠᠨ ᠵᠢᠡᠷ᠂ ᠨᠤᠭᠤ ᠭᠠᠵᠠᠷᠤᠨ ᠠᠮᠢ ᠠᠬᠤᠢ ᠦᠷᠬᠦᠯᠵᠢᠯᠡᠨ ᠢᠯᠡᠳᠳᠡ ᠰᠠᠢᠵᠢᠷᠠᠵᠦ᠂ ᠠᠮᠢᠳᠤ ᠪᠤᠳᠠᠰᠤᠨ ᠤᠯᠠᠨ ᠶᠠᠩᠵᠤᠳᠤ ᠴᠢᠨᠠᠷ ᠡᠳᠦᠷ ᠢᠷᠡᠬᠦ ᠲᠤᠳᠤᠮ ᠡᠯᠪᠡᠭ ᠪᠠᠶᠠᠯᠢᠬ ᠪᠤᠯᠪᠠ᠃
ᠦᠪᠡᠷᠳᠡᠭᠡᠨ ᠵᠠᠰᠠᠬᠤ ᠤᠷᠤᠨᠤ ᠭᠤᠷᠪᠠᠳᠤᠭᠠᠷ ᠤᠳᠠᠭᠠᠨᠤ ᠤᠯᠤᠰᠤᠨ ᠭᠠᠵᠠᠷ ᠰᠢᠷᠤᠢ ᠵᠢᠨ ᠪᠠᠢᠴᠠᠭᠠᠯᠳᠠ ᠵᠢᠨ ᠮᠡᠳᠡᠬᠦᠯᠦᠯᠳᠡ ᠵᠢᠨ ᠦᠷᠡᠳ᠋ᠦᠩᠢ ᠦᠨᠳᠦᠰᠦᠯᠡᠪᠡᠯ᠂ ᠪᠦᠬᠦ ᠤᠷᠤᠨᠤ ᠨᠤᠭᠤ ᠭᠠᠵᠠᠷᠤᠨ ᠲᠠᠯᠠᠪᠠᠢ 484.79 ᠲᠦᠮᠡᠨ ᠾᠸᠺᠲ᠋ᠠᠷ ᠪᠤᠢ᠃ ᠡᠬᠦᠨᠳᠤ᠂ ᠤᠢ ᠰᠢᠭᠤᠢ ᠵᠢᠨ ᠨᠠᠮᠤᠭ ᠭᠠᠵᠠᠷ 70.17 ᠲᠦᠮᠡᠨ ᠾᠸᠺᠲ᠋ᠠᠷ᠂ 18.42%ᠢ ᠡᠵᠡᠯᠡᠨ᠎ᠡ; ᠪᠤᠳᠠᠯᠢᠬ ᠤᠷᠭᠤᠮᠠᠯ ᠲᠠᠢ ᠨᠠᠮᠤᠭ ᠭᠠᠵᠠᠷ 21.48 ᠲᠦᠮᠡᠨ ᠾᠸᠺᠲ᠋ᠠᠷ᠂ 5.64% ᠶᠢ ᠡᠵᠡᠯᠡᠨ᠎ᠡ; ᠨᠠᠮᠤᠭᠳᠤ ᠪᠡᠯᠴᠢᠭᠡᠷ 183.66 ᠲᠦᠮᠡᠨ ᠾᠸᠺᠲ᠋ᠠᠷ᠂ 48.21%ᠶᠢ ᠡᠵᠡᠯᠡᠨ᠎ᠡ; ᠲᠤᠳᠤᠭᠠᠳᠤ ᠬᠠᠭᠤᠷᠠᠢ ᠵᠢᠨ ᠭᠤᠤᠯᠤᠨ ᠰᠠᠢᠷᠭᠠᠯ 93.81ᠲᠦᠮᠡᠨ ᠾᠸᠺᠲ᠋ᠠᠷ᠂ 24.63%ᠶᠢ ᠡᠵᠡᠯᠡᠨ᠎ᠡ; ᠨᠠᠮᠤᠭ ᠭᠠᠵᠠᠷ 11.82ᠲᠦᠮᠡᠨ ᠾᠸᠺᠲ᠋ᠠᠷ᠂ 3.10% ᠶᠢ ᠡᠵᠡᠯᠡᠨ᠎ᠡ᠃ ᠮᠠᠨᠤ ᠤᠷᠤᠨᠤ ᠨᠤᠭᠤ ᠭᠠᠵᠠᠷᠵᠢᠡᠷ ᠬᠠᠮᠠᠭᠠᠯᠠᠬᠤ ᠡᠳᠡᠭᠡᠳ ᠵᠢᠡᠨ ᠪᠤᠯᠭᠠᠭᠰᠠᠨ ᠪᠠᠢᠭᠠᠯᠢ ᠵᠢᠨ ᠬᠠᠮᠠᠭᠠᠯᠠᠯᠳᠠ ᠵᠢᠨ ᠤᠷᠤᠨ 83 ᠪᠤᠢ (ᠤᠯᠤᠰᠤᠨ ᠲᠡᠰᠤᠨ 18᠂ ᠦᠪᠡᠷᠳᠡᠭᠡᠨ ᠵᠠᠰᠠᠬᠤ ᠤᠷᠤᠨᠤ ᠲᠡᠰᠤᠨ 29᠂ ᠠᠢᠮᠠᠬ ᠬᠤᠳᠠ ᠬᠤᠰᠢᠭᠤ ᠰᠢᠶᠠᠨᠤ ᠲᠡᠰᠤᠨ 36)᠂ ᠤᠯᠤᠰᠤᠨ ᠨᠤᠭᠤ ᠭᠠᠵᠠᠷᠤᠨ ᠴᠡᠴᠡᠷᠯᠢᠭ 55᠂ ᠦᠪᠡᠷᠳᠡᠭᠡᠨ ᠵᠠᠰᠠᠬᠤ ᠤᠷᠤᠨᠤ ᠨᠤᠭᠤ ᠭᠠᠵᠠᠷᠤᠨ ᠴᠡᠴᠡᠷᠯᠢᠭ 8᠂ ᠤᠯᠠᠨ ᠤᠯᠤᠰᠤᠨ ᠴᠢᠬᠤᠯᠠ ᠨᠤᠭᠤ ᠭᠠᠵᠠᠷᠤᠨ ᠴᠡᠴᠡᠷᠯᠢᠭ ᠵᠢᠡᠷ ᠪᠠᠳᠤᠯᠠᠨ ᠲᠤᠭᠳᠠᠭᠠᠭᠳᠠᠭᠰᠠᠨ ᠨᠤᠭᠤ ᠭᠠᠵᠠᠷ 4᠂ ᠦᠪᠡᠷᠳᠡᠭᠡᠨ ᠵᠠᠰᠠᠬᠤ ᠤᠷᠤᠨᠤ ᠴᠢᠬᠤᠯᠠ ᠨᠤᠭᠤ ᠭᠠᠵᠠᠷᠤᠨ ᠴᠡᠴᠡᠷᠯᠢᠭ 47 ᠪᠤᠢ᠃
ᠡᠭᠡ ᠲᠡᠯᠡᠬᠡᠢ ᠪᠡᠨ ᠦᠵᠡᠰᠬᠦᠯᠡᠩᠳᠤ ᠰᠠᠢᠬᠠᠨ ᠵᠢᠡᠷ ᠨᠢ ᠪᠠᠢᠯᠭᠠᠵᠦ᠂ ᠦᠷ᠎ᠡ ᠬᠤᠢᠴᠢᠰ ᠲᠠᠭᠠᠨ ᠦᠪᠯᠡᠨ ᠦᠯᠡᠳᠡᠭᠡᠵᠦ᠂ ᠦᠨᠢ ᠮᠦᠩᠭᠡᠳᠡ ᠬᠠᠮᠳᠤᠳᠠᠭᠠᠨ ᠵᠢᠷᠭᠠᠬᠤ ᠵᠢᠨ ᠲᠦᠯᠦᠭᠡ ᠪᠢᠳᠡ ᠨᠡᠩ ᠬᠦᠴᠦᠯᠡᠨ ᠴᠢᠷᠮᠠᠢᠵᠦ᠂ ᠪᠦᠲᠦᠨ ᠪᠦᠮᠪᠦᠷᠴᠡᠭᠤᠨ ᠵᠢᠡᠨ ᠠᠮᠢᠵᠢᠷᠠᠯᠤᠨ ᠨᠤᠭᠤᠭᠠᠨ ᠠᠮᠢᠰᠬᠤᠭ᠎ᠠ ᠪᠤᠯᠤᠭᠰᠠᠨ ᠨᠤᠭᠤ ᠭᠠᠵᠠᠷ ᠵᠢᠡᠨ ᠬᠠᠢᠷᠠᠯᠠᠨ ᠬᠠᠮᠠᠭᠠᠯᠠᠵᠠᠭᠠᠶ᠎ᠠ!