2025 ᠤᠨ ᠪᠤᠯᠬᠤ ᠳ᠋ᠤ ᠪᠦᠬᠦ ᠤᠷᠤᠨ ᠤ᠋ 38% ᠶ᠋ᠢᠨ ᠨᠤᠭᠤ ᠭᠠᠵᠠᠷ ᠢ᠋ ᠬᠠᠮᠠᠭᠠᠯᠠᠯᠲᠠ ᠵᠢᠨ ᠰᠢᠰᠲ᠋ᠧᠮ ᠳ᠋ᠤ ᠤᠷᠤᠭᠤᠯᠤᠨ᠎ᠠ — ᠨᠤᠭᠤ ᠭᠠᠵᠠᠷ ᠎ᠤᠨ ᠥᠵᠡᠰᠬᠥᠯᠡᠩ ᠨᠤᠮᠢᠨ ᠤᠶᠠᠨᠭᠭ᠎ᠠ ᠵᠢᠨ ᠲᠠᠭᠤᠷᠢᠰᠭᠤᠯᠠᠩ
2023-08-28 12:33:50
ᠵᠣᠬᠢᠶᠠᠭ᠍ᠴᠢ᠄
ᠡᠷᠳᠡᠨᠢᠬᠤᠸᠠᠷ ᠤᠷᠠᠨ᠎ᠠ
ᠣᠩᠱᠢᠭ᠍ᠰᠠᠨ ᠣᠳᠠᠭ᠎ᠠ᠄
★★★☆☆

ᠳᠡᠯᠡᠬᠡᠢ ᠶ᠋ᠢᠨ ᠪᠦᠮᠪᠤᠷᠴᠡᠭ ᠤ᠋ᠨ 6% ᠶ᠋ᠢᠨ ᠭᠠᠵᠠᠷ ᠢ᠋ ᠯᠡ ᠡᠵᠡᠯᠡᠵᠦ ᠪᠠᠢᠭ᠎ᠠ ᠴᠤ᠌ ᠬᠦᠮᠦᠨ ᠲᠦᠷᠦᠯᠬᠢᠳᠡᠨ ᠤ᠋ ᠮᠡᠳᠡᠵᠤ ᠪᠠᠢᠭ᠎ᠠ 20% ᠶ᠋ᠢᠨ ᠠᠮᠢᠳᠤ ᠪᠤᠳᠠᠰ ᠲᠤ᠌ ᠤᠷᠤᠰᠢᠨ ᠠᠮᠢᠳᠤᠷᠠᠬᠤ ᠤᠷᠴᠢᠨ ᠨᠦᠬᠦᠴᠡᠯ ᠬᠠᠩᠭᠠᠵᠤ᠂ ᠠᠮᠢᠳᠤ ᠪᠤᠳᠠᠰ ᠤ᠋ᠨ ᠤᠯᠠᠨ ᠶᠠᠩᠵᠤᠳᠤ ᠴᠢᠨᠠᠷ ᠢ᠋ ᠬᠠᠮᠠᠭᠠᠯᠠᠬᠤ᠂ ᠤᠰᠤᠨ ᠤ᠋ ᠰᠤᠷᠪᠤᠯᠵᠢ ᠶ᠋ᠢ ᠬᠠᠳᠠᠭᠠᠯᠠᠬᠤ᠂ ᠠᠮᠢ ᠠᠬᠤᠢ ᠶ᠋ᠢ ᠴᠡᠪᠡᠷᠰᠢᠭᠦᠯᠬᠦ ᠳ᠋ᠤ ᠲᠤᠢᠯ ᠤ᠋ᠨ ᠴᠢᠬᠤᠯᠠ ᠦᠢᠯᠡᠳᠦᠯ ᠦᠵᠡᠭᠦᠯᠵᠦ ᠪᠠᠢᠳᠠᠭ ᠶ᠋ᠢᠡᠷ ᠨᠤᠭᠤ ᠭᠠᠵᠠᠷ ᠢ᠋ 《ᠳᠡᠯᠡᠬᠡᠢ ᠪᠦᠮᠪᠦᠷᠴᠡᠭ ᠤ᠋ᠨ ᠬᠠᠷ᠎ᠠ ᠪᠦᠭᠡᠷ᠎ᠠ》 ᠬᠡᠮᠡᠳᠡᠭ ᠪᠢᠯᠡ᠃ ᠨᠤᠭᠤ ᠭᠠᠵᠠᠷ ᠪᠤᠯ ᠴᠢᠬᠤᠯᠠ ᠪᠠᠢᠭᠠᠯᠢ ᠶ᠋ᠢᠨ ᠡᠬᠢ ᠪᠠᠶᠠᠯᠢᠭ ᠪᠠ ᠦᠪᠡᠷᠮᠢᠴᠡ ᠠᠮᠢ ᠠᠬᠤᠢ ᠶ᠋ᠢᠨ ᠰᠢᠰᠲᠧᠮ ᠪᠠᠢᠵᠤ᠂ ᠨᠤᠭᠤ ᠭᠠᠵᠠᠷ ᠢ᠋ ᠬᠠᠮᠠᠭᠠᠯᠠᠬᠤ ᠦᠢᠯᠡᠰ ᠪᠤᠯ ᠬᠦᠮᠦᠨ ᠪᠠᠢᠭᠠᠯᠢ ᠡᠶ᠎ᠠ ᠵᠤᠬᠢᠴᠠᠩᠭᠤᠢ ᠪᠡᠷ ᠬᠠᠮᠳᠤ ᠤᠷᠤᠰᠢᠬᠤ ᠢᠷᠠᠭᠤ ᠲᠤᠤᠯᠢᠰ ᠢ᠋ ᠪᠢᠴᠢᠭᠯᠡᠬᠦ ᠠᠶᠠᠨ ᠮᠦᠨ ᠃


  

ᠠᠯ ᠰᠡᠭᠦᠯ᠂ ᠴᠠᠭᠠᠨ ᠲᠤᠭᠤᠷᠤᠤ᠂ ᠲᠤᠭᠤᠳᠠᠭ᠂ ᠬᠤᠨ ᠭᠠᠯᠠᠭᠤ ᠵᠡᠷᠭᠡ ᠤᠯᠠᠨ ᠵᠦᠢᠯ ᠤ᠋ᠨ ᠰᠢᠪᠠᠭᠤᠳ ᠭᠠᠭᠴᠠ ᠬᠤᠶᠠᠷ ᠶ᠋ᠢᠡᠷ ᠪᠤᠶᠤ ᠰᠦᠷᠦᠭ ᠰᠦᠷᠦᠭ ᠶ᠋ᠢᠡᠷ ᠨᠢᠰᠤᠨ ᠲᠡᠭᠦᠯᠢᠨ ᠰᠠᠭᠤᠵᠤ᠂ ᠬᠦᠬᠡᠷᠦᠭᠦᠨ ᠬᠦᠭᠡᠷᠦᠭᠦᠨ ᠲᠩᠳᠡᠭᠡᠭᠡᠢ ᠨᠤᠭᠦᠳ ᠨᠢ ᠰᠤᠨᠢᠭᠤᠴᠢ ᠨᠢᠳᠤ ᠪᠡᠷ ᠶᠢᠷᠲᠢᠨᠴᠤ ᠶ᠋ᠢ ᠠᠵᠢᠭᠯᠠᠨ ᠡᠬᠡ ᠪᠡᠨ ᠳᠠᠭᠠᠵᠤ ᠤᠰᠤᠨ ᠳ᠋ᠤ ᠱᠤᠩᠪᠠᠨ ᠢᠳᠡᠰᠢ ᠬᠠᠢᠬᠤ ᠪᠤᠶᠤ ᠡᠬᠡ ᠶ᠋ᠢᠨ ᠶ᠋ᠢᠡᠨ ᠬᠤᠢᠨ᠎ᠠ ᠡᠴᠡ ᠨᠢᠭᠡ ᠬᠤᠶᠠᠷ ᠶ᠋ᠢᠡᠷ ᠠᠯᠬᠤᠯᠠᠵᠤ ᠂ ᠬᠠᠶᠠ ᠵᠢᠭᠦᠷ ᠶ᠋ᠢᠡᠨ ᠳᠡᠯᠭᠡᠨ ᠨᠢᠰᠬᠦ ᠰᠠᠨᠠᠭ᠎ᠠ ᠤᠷᠤᠨ᠎ᠠ ᠁

ᠬᠤᠳᠠ ᠡᠴᠡ ᠵᠠᠢᠳᠠᠭᠤ ᠨᠤᠭᠤ ᠭᠠᠵᠠᠷ ᠢ᠋ ᠨᠠᠮ ᠵᠢᠮ ᠠᠵᠢᠭᠯᠠᠨ ᠰᠠᠭᠤᠬᠤ ᠪᠡᠷ ᠡᠨᠡ ᠳᠡᠯᠡᠬᠡᠢ ᠳ᠋ᠤ ᠤᠯᠠᠨ ᠶᠠᠩᠵᠤ ᠶ᠋ᠢᠨ ᠠᠮᠢᠳᠤ ᠪᠤᠳᠠᠰ ᠪᠠᠢᠬᠤ ᠶ᠋ᠢᠨ ᠰᠠᠢᠬᠠᠨ᠂ ᠬᠦᠮᠦᠨ ᠪᠠᠢᠭᠠᠯᠢ ᠡᠶ᠎ᠠ ᠵᠤᠬᠢᠴᠠᠩᠭᠤᠢ ᠪᠡᠷ ᠬᠠᠮᠳᠤ ᠤᠷᠤᠰᠢᠬᠤ ᠶ᠋ᠢᠨ ᠰᠠᠢᠬᠠᠨ ᠢ᠋ ᠦᠪᠡᠷ ᠤ᠋ᠨ ᠡᠷᠬᠡ ᠦᠭᠡᠢ ᠮᠡᠳᠡᠷᠡᠬᠦ ᠪᠤᠯᠤᠨ᠎ᠠ᠃

ᠮᠠᠨ ᠤ᠋ ᠤᠷᠤᠨ ᠪᠤᠯ ᠨᠤᠭᠤ ᠭᠠᠵᠠᠷ ᠤ᠋ᠨ ᠡᠬᠢ ᠪᠠᠶᠠᠯᠢᠭ ᠤ᠋ᠨ ᠲᠤᠮᠤ ᠤᠷᠤᠨ ᠪᠠᠢᠵᠤ᠂ ᠨᠤᠭᠤ ᠭᠠᠵᠠᠷ ᠤ᠋ᠨ ᠶᠡᠷᠦᠩᠬᠡᠢ ᠲᠠᠯᠠᠪᠠᠢ 484.79 ᠲᠦᠮᠡᠨ ᠾᠧᠺᠲ᠋ᠠᠷ ᠪᠠᠢᠵᠤ᠂ ᠪᠦᠬᠦ ᠤᠯᠤᠰ ᠲᠤ᠌ ᠭᠤᠷᠪᠠᠳᠤᠭᠠᠷ ᠲᠤ᠌ ᠵᠢᠭᠰᠠᠨ᠎ᠠ᠃ ᠮᠠᠨ ᠤ᠋ ᠤᠷᠤᠨ ᠤ᠋ ᠡᠯ᠎ᠠ ᠭᠠᠵᠠᠷ ᠲᠤ᠌ ᠴᠦᠮ ᠨᠤᠭᠤ ᠭᠠᠵᠠᠷ ᠪᠠᠢᠪᠠᠴᠤ᠂ ᠶᠡᠷᠦᠩᠬᠡᠢ ᠳᠡᠭᠡᠷ᠎ᠠ ᠪᠡᠨ ᠵᠡᠭᠦᠨ ᠪᠡᠶ᠎ᠠ ᠶ᠋ᠢᠨ ᠭᠠᠵᠠᠷ ᠤᠷᠤᠨ ᠤ᠋ ᠨᠤᠭᠤ ᠭᠠᠵᠠᠷ ᠨᠢ ᠪᠠᠷᠠᠭᠤᠨ ᠪᠡᠶ᠎ᠠ ᠶ᠋ᠢᠨ ᠭᠠᠵᠠᠷ ᠤᠷᠤᠨ ᠤ᠋ ᠬᠢ ᠡᠴᠡ ᠠᠷᠪᠢᠨ᠂ ᠳᠤᠮᠳᠠ ᠪᠡᠶ᠎ᠠ ᠪᠠ ᠡᠮᠦᠨ᠎ᠠ ᠪᠡᠶ᠎ᠠ ᠶ᠋ᠢᠨ ᠭᠠᠵᠠᠷ ᠤᠷᠤᠨ ᠤ᠋ ᠨᠤᠭᠤ ᠭᠠᠵᠠᠷ ᠨᠢ ᠬᠤᠢᠳᠤ ᠪᠡᠶ᠎ᠠ ᠶ᠋ᠢᠨ ᠭᠠᠵᠠᠷ ᠤᠷᠤᠨ ᠤ᠋ ᠬᠢ ᠡᠴᠡ ᠠᠷᠪᠢᠨ ᠪᠠᠢᠬᠤ ᠤᠨᠴᠠᠯᠢᠭ ᠲᠠᠢ᠃ ᠤᠳᠤ ᠪᠦᠬᠦ ᠤᠷᠤᠨ ᠳ᠋ᠤ ᠨᠤᠭᠤ ᠭᠠᠵᠠᠷ ᠶ᠋ᠢᠡᠷ ᠬᠠᠮᠠᠭᠠᠯᠠᠬᠤ ᠡᠳᠡᠭᠡᠳ ᠪᠤᠯᠭᠠᠭᠰᠠᠨ 83 ᠪᠠᠢᠭᠠᠯᠢ ᠶ᠋ᠢᠨ ᠬᠠᠮᠠᠭᠠᠯᠠᠯᠳᠠ ᠶ᠋ᠢᠨ ᠤᠷᠤᠨ᠂ 55 ᠤᠯᠤᠰ ᠤ᠋ᠨ ᠨᠤᠭᠤ ᠭᠠᠵᠠᠷ ᠤ᠋ᠨ ᠴᠡᠴᠡᠷᠯᠢᠭ᠂ 8 ᠦᠪᠡᠷᠳᠡᠭᠡᠨ ᠵᠠᠰᠠᠬᠤ ᠤᠷᠤᠨ ᠤ᠋ ᠨᠤᠭᠤ ᠭᠠᠵᠠᠷ ᠤ᠋ᠨ ᠴᠡᠴᠡᠷᠯᠢᠭ᠂ 4 ᠳᠡᠯᠡᠬᠡᠢ ᠨᠡᠢᠳᠡ ᠶ᠋ᠢᠨ ᠴᠢᠬᠤᠯᠠ ᠨᠤᠭᠤ ᠭᠠᠵᠠᠷ᠂ 59 ᠦᠪᠡᠷᠳᠡᠭᠡᠨ ᠵᠠᠰᠠᠬᠤ ᠤᠷᠤᠨ ᠤ᠋ ᠴᠢᠬᠤᠯᠠ ᠨᠤᠭᠤ ᠭᠠᠵᠠᠷ ᠂ ᠳᠡᠯᠡᠬᠡᠢ ᠨᠡᠢᠳᠡ ᠶ᠋ᠢᠨ ᠨᠤᠭᠤ ᠭᠠᠵᠠᠷ ᠤ᠋ᠨ ᠬᠤᠳᠠ ᠪᠡᠷ ᠡᠷᠡᠮᠡᠯᠵᠡᠯᠡᠵᠦ ᠪᠠᠢᠭ᠎ᠠ ᠬᠤᠳᠠ 1 ᠪᠠᠢᠵᠤ᠂ ᠨᠤᠭᠤ ᠭᠠᠵᠠᠷ ᠤ᠋ᠨ ᠪᠠᠢᠭᠠᠯᠢ ᠶ᠋ᠢᠨ ᠬᠠᠮᠠᠭᠠᠯᠠᠯᠳᠠ ᠶ᠋ᠢᠨ ᠤᠷᠤᠨ ᠪᠠ ᠨᠤᠭᠤ ᠭᠠᠵᠠᠷ ᠤ᠋ᠨ ᠴᠡᠴᠡᠷᠯᠢᠭ ᠶ᠋ᠢᠡᠷ ᠭᠤᠤᠯ ᠬᠠᠮᠠᠭᠠᠯᠠᠬᠤ ᠬᠡᠯᠪᠡᠷᠢ ᠪᠤᠯᠭᠠᠭᠰᠠᠨ᠂ ᠪᠤᠰᠤᠳ ᠬᠠᠮᠠᠭᠠᠯᠠᠬᠤ ᠬᠡᠯᠪᠡᠷᠢ ᠪᠡᠷ ᠨᠦᠬᠦᠪᠤᠷᠢ ᠪᠤᠯᠭᠠᠭᠰᠠᠨ ᠨᠤᠭᠤ ᠭᠠᠵᠠᠷ ᠢ᠋ ᠬᠠᠮᠠᠭᠠᠯᠠᠬᠤ ᠰᠢᠰᠲᠧᠮ ᠢ᠋ ᠦᠨᠳᠦᠰᠦᠨ ᠳ᠋ᠡᠭᠡᠨ ᠪᠦᠷᠢᠯᠳᠦᠭᠦᠯᠪᠠ᠃


ᠬᠠᠤᠯᠢ ᠪᠡᠷ ᠬᠠᠮᠠᠭᠠᠯᠠᠨ᠎ᠠ᠄ ᠠᠩᠬᠠᠨ ᠤ᠋ ᠳᠦᠷᠢᠮ ᠡᠴᠡ ᠠᠩᠬᠠᠨ ᠤ᠋ ᠬᠠᠤᠯᠢ ᠬᠦᠷᠳᠡᠯ᠎ᠠ


2007 ᠤᠨ ᠳ᠋ᠤ ᠦᠪᠡᠷᠳᠡᠭᠡᠨ ᠵᠠᠰᠠᠬᠤ ᠤᠷᠤᠨ ᠤ᠋ ᠠᠷᠠᠳ ᠤ᠋ᠨ ᠲᠦᠯᠦᠭᠡᠯᠡᠭᠴᠢᠳ ᠤ᠋ᠨ ᠶᠡᠬᠡ ᠬᠤᠷᠠᠯ ᠤ᠋ᠨ ᠪᠠᠢᠩᠭᠤ ᠶ᠋ᠢᠨ ᠬᠤᠷᠢᠶᠠᠨ ᠤ᠋ ᠬᠤᠷᠠᠯ ᠡᠴᠡ 《ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠨᠤᠭᠤ ᠭᠠᠵᠠᠷ ᠢ᠋ ᠬᠠᠮᠠᠭᠠᠯᠠᠬᠤ ᠳᠦᠷᠢᠮ》 ᠢ᠋ ᠪᠠᠳᠤᠯᠠᠨ ᠬᠡᠷᠡᠭᠵᠢᠭᠦᠯᠵᠦ᠂ 2018 ᠤᠨ ᠳ᠋ᠤ ᠵᠠᠰᠠᠪᠤᠷᠢ ᠤᠷᠤᠭᠤᠯᠵᠠᠢ᠃ ᠡᠨᠡ ᠪᠤᠯ ᠮᠠᠨ ᠤ᠋ ᠤᠷᠤᠨ ᠤ᠋ ᠨᠤᠭᠤ ᠭᠠᠵᠠᠷ ᠢ᠋ ᠬᠠᠮᠠᠭᠠᠯᠠᠬᠤ ᠲᠤᠬᠠᠢ ᠠᠩᠬᠠᠨ ᠤ᠋ ᠳᠦᠷᠢᠮ ᠪᠠᠢᠵᠤ᠂ ᠤᠷᠳᠤ ᠬᠤᠭᠤᠴᠠᠭᠠᠨ ᠤ᠋ ᠲᠤᠷᠰᠢ ᠪᠦᠬᠦ ᠤᠷᠤᠨ ᠤ᠋ ᠨᠤᠭᠤ ᠭᠠᠵᠠᠷ ᠢ᠋ ᠬᠠᠮᠠᠭᠠᠯᠠᠬᠤ ᠦᠢᠯᠡᠰ ᠤ᠋ᠨ ᠦᠨᠳᠦᠰᠦᠨ ᠵᠢᠷᠦᠮᠯᠠᠯ ᠪᠤᠯᠤᠭᠰᠠᠭᠠᠷ ᠢᠷᠡᠪᠡ᠃

2021 ᠤᠨ ᠤ᠋ 12 ᠰᠠᠷ᠎ᠠ᠎ᠳᠤ᠂ ᠨᠤᠭᠤ ᠭᠠᠵᠠᠷ ᠤ᠋ᠨ ᠬᠠᠮᠠᠭᠠᠯᠠᠯᠳᠠ ᠶ᠋ᠢ ᠴᠢᠩᠭᠠᠳᠬᠠᠵᠤ᠂ ᠨᠤᠭᠤ ᠭᠠᠵᠠᠷ ᠤ᠋ᠨ ᠠᠮᠢ ᠠᠬᠤᠢ ᠶ᠋ᠢᠨ ᠴᠢᠳᠠᠮᠵᠢ ᠵᠢᠴᠢ ᠠᠮᠢᠳᠤ ᠪᠤᠳᠠᠰ ᠤ᠋ᠨ ᠤᠯᠠᠨ ᠶᠠᠩᠵᠤᠳᠤ ᠴᠢᠨᠠᠷ ᠢ᠋ ᠬᠠᠮᠠᠭᠠᠯᠠᠨ᠂ ᠠᠮᠢ ᠠᠬᠤᠢ ᠶ᠋ᠢᠨ ᠠᠮᠦᠷ ᠲᠦᠪᠰᠢᠨ ᠢ᠋ ᠪᠠᠳᠤᠯᠠᠵᠤ᠂ ᠠᠮᠢ ᠠᠬᠤᠢ ᠶ᠋ᠢᠨ ᠪᠤᠯᠪᠠᠰᠤᠨ ᠤ᠋ ᠪᠠᠢᠭᠤᠯᠤᠯᠳᠠ ᠶ᠋ᠢ ᠠᠬᠢᠭᠤᠯᠤᠨ᠂ ᠬᠦᠮᠦᠨ ᠪᠠᠢᠭᠠᠯᠢ ᠡᠶ᠎ᠠ ᠵᠤᠬᠢᠴᠠᠩᠭᠤᠢ ᠪᠡᠷ ᠬᠠᠮᠳᠤ ᠤᠷᠤᠰᠢᠬᠤ ᠶ᠋ᠢ ᠪᠡᠶᠡᠯᠡᠭᠦᠯᠬᠦ ᠪᠡᠷ ᠵᠤᠷᠢᠯᠳᠠ ᠪᠤᠯᠭᠠᠭᠰᠠᠨ 《ᠪᠦᠬᠦᠳᠡ ᠨᠠᠢᠷᠠᠮᠳᠠᠬᠤ ᠳᠤᠮᠳᠠᠳᠤ ᠠᠷᠠᠳ ᠤᠯᠤᠰ ᠤ᠋ᠨ ᠨᠤᠭᠤ ᠭᠠᠵᠠᠷ ᠢ᠋ ᠬᠠᠮᠠᠭᠠᠯᠠᠬᠤ ᠬᠠᠤᠯᠢ》 ᠪᠦᠬᠦ ᠤᠯᠤᠰ ᠤ᠋ᠨ ᠠᠷᠠᠳ ᠤ᠋ᠨ ᠲᠦᠯᠦᠭᠡᠯᠡᠭᠴᠢᠳ ᠤ᠋ᠨ ᠶᠡᠬᠡ ᠬᠤᠷᠠᠯ ᠤ᠋ᠨ ᠪᠠᠢᠩᠭᠤ ᠶ᠋ᠢᠨ ᠬᠤᠷᠢᠶᠠᠨ ᠤ᠋ ᠬᠤᠷᠠᠯ ᠶ᠋ᠢᠡᠷ ᠪᠠᠳᠤᠯᠠᠭᠳᠠᠵᠤ ᠂ 2022 ᠤᠨ ᠤ᠋ 6 ᠰᠠᠷ᠎ᠠ ᠶ᠋ᠢᠨ 1 ᠡᠴᠡ ᠡᠬᠢᠯᠡᠵᠦ ᠬᠡᠷᠡᠭᠵᠢᠭᠦᠯᠪᠡ᠃ ᠡᠨᠡ ᠪᠤᠯ ᠮᠠᠨ ᠤ᠋ ᠤᠯᠤᠰ ᠤ᠋ᠨ ᠨᠤᠭᠤ ᠭᠠᠵᠠᠷ ᠤ᠋ᠨ ᠬᠠᠮᠠᠭᠠᠯᠠᠯᠳᠠ ᠶ᠋ᠢᠨ ᠲᠤᠬᠠᠢ ᠠᠩᠬᠠᠳᠠᠭᠴᠢ ᠲᠤᠰᠬᠠᠢ ᠬᠠᠤᠯᠢ ᠪᠠᠢᠵᠤ᠂ ᠪᠦᠬᠦ ᠤᠯᠤᠰ ᠲᠡᠷᠡᠴᠢᠯᠡᠨ ᠮᠠᠨ ᠤ᠋ ᠤᠷᠤᠨ ᠤ᠋ ᠨᠤᠭᠤ ᠭᠠᠵᠠᠷ ᠤ᠋ᠨ ᠬᠠᠮᠠᠭᠠᠯᠠᠯᠳᠠ ᠳ᠋ᠤ ᠶᠡᠷᠦᠩᠬᠡᠢ ᠵᠢᠷᠦᠮᠯᠠᠯ ᠬᠠᠩᠭᠠᠪᠠ᠃



1.png


ᠡᠷᠭᠦᠨ᠎ᠠ ᠵᠢᠨ ᠨᠤᠭᠤ ᠭᠠᠵᠠᠷ ᠎ᠤᠨ ᠨᠠᠮᠤᠷ ᠎ᠤᠨ ᠦᠵᠡᠮᠵᠢ

(ᠰᠢᠨᠬᠤᠸᠠ ᠬᠤᠷᠢᠶᠠᠨ᠎ᠦ ᠭᠡᠷᠡᠯ ᠵᠢᠷᠤᠭ)


ᠡᠨᠡ ᠬᠤᠭᠤᠷᠤᠨᠳᠤ ᠤᠯᠤᠰ ᠤ᠋ᠨ ᠳᠠᠪᠬᠤᠷᠭ᠎ᠠ ᠡᠴᠡ 《ᠨᠤᠭᠤ ᠭᠠᠵᠠᠷ ᠤ᠋ᠨ ᠬᠠᠮᠠᠭᠠᠯᠠᠯᠳᠠ ᠬᠠᠮᠢᠶᠠᠷᠤᠯᠳᠠ ᠶ᠋ᠢᠨ ᠳᠤᠭᠳᠠᠭᠠᠯ》 《ᠤᠯᠤᠰ ᠤ᠋ᠨ ᠨᠤᠭᠤ ᠭᠠᠵᠠᠷ ᠤ᠋ᠨ ᠴᠡᠴᠡᠷᠯᠢᠭ ᠤ᠋ᠨ ᠬᠠᠮᠢᠶᠠᠷᠤᠯᠳᠠ ᠶ᠋ᠢᠨ ᠠᠷᠭ᠎ᠠ (ᠲᠤᠷᠰᠢᠨ ᠬᠡᠷᠡᠭᠵᠢᠭᠦᠯᠬᠦ)》᠂ 《ᠬᠠᠳᠤᠨ ᠭᠤᠤᠯ ᠤ᠋ᠨ ᠨᠤᠭᠤ ᠭᠠᠵᠠᠷ ᠤ᠋ᠨ ᠬᠠᠮᠠᠭᠠᠯᠠᠯᠳᠠ ᠶ᠋ᠢᠨ ᠳᠦᠷᠢᠮ》 ᠵᠡᠷᠭᠡ ᠶ᠋ᠢ ᠳᠤᠭᠳᠠᠭᠠᠨ ᠬᠡᠷᠡᠭᠵᠢᠭᠦᠯᠵᠦ᠂ ᠦᠪᠡᠷᠳᠡᠭᠡᠨ ᠵᠠᠰᠠᠬᠤ ᠤᠷᠤᠨ ᠤ᠋ ᠳᠠᠪᠬᠤᠷᠭ᠎ᠠ ᠡᠴᠡ 《ᠦᠪᠦᠷ ᠮᠤᠩᠭᠤᠯ ᠤ᠋ᠨ ᠨᠤᠭᠤ ᠭᠠᠵᠠᠷ ᠢ᠋ ᠬᠠᠮᠠᠭᠠᠯᠠᠨ ᠰᠡᠷᠭᠦᠭᠡᠬᠦ ᠳᠦᠷᠢᠮ ᠤ᠋ᠨ ᠬᠡᠷᠡᠭᠵᠢᠭᠦᠯᠬᠦ ᠲᠦᠰᠦᠯ》᠂ 《ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠨᠤᠭᠤ ᠭᠠᠵᠠᠷ ᠤ᠋ᠨ ᠴᠡᠴᠡᠷᠯᠢᠭ ᠤ᠋ᠨ ᠬᠠᠮᠢᠶᠠᠷᠤᠯᠳᠠ ᠶ᠋ᠢᠨ ᠠᠷᠭ᠎ᠠ》᠂ 《ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠨᠤᠭᠤ ᠭᠠᠵᠠᠷ ᠤ᠋ᠨ ᠨᠡᠷᠡᠰ ᠤ᠋ᠨ ᠬᠠᠮᠢᠶᠠᠷᠤᠯᠳᠠ ᠶ᠋ᠢᠨ ᠠᠷᠭ᠎ᠠ》 ᠵᠡᠷᠭᠡ ᠶ᠋ᠢ ᠳᠤᠭᠳᠠᠭᠠᠵᠤ ᠬᠡᠷᠡᠭᠵᠢᠭᠦᠯᠦᠨ᠂ ᠪᠦᠬᠦ ᠤᠷᠤᠨ ᠤ᠋ ᠡᠯ᠎ᠠ ᠠᠢᠮᠠᠭ ᠬᠤᠳᠠ ᠶ᠋ᠢᠨ ᠬᠢᠨ ᠪᠠᠰᠠ ᠲᠤᠰ ᠲᠤᠰ ᠤ᠋ᠨ ᠪᠠᠢᠳᠠᠯ ᠶ᠋ᠢᠡᠨ ᠦᠨᠳᠦᠰᠦᠯᠡᠨ ᠨᠤᠭᠤ ᠭᠠᠵᠠᠷ ᠢ᠋ ᠬᠠᠮᠠᠭᠠᠯᠠᠬᠤ ᠳᠦᠷᠢᠮ ᠢ᠋ ᠳᠤᠭᠳᠠᠭᠠᠵᠤ ᠬᠡᠷᠡᠭᠵᠢᠭᠦᠯᠦᠭᠰᠡᠨ ᠪᠠᠢᠨ᠎ᠠ᠃

ᠨᠤᠭᠤ ᠭᠠᠵᠠᠷ ᠭᠡᠵᠦ ᠲᠤᠰᠬᠠᠢ ᠨᠠᠷ᠎ᠠ ᠵᠢᠭᠠᠭᠰᠠᠨ ᠬᠠᠤᠯᠢ ᠳᠦᠷᠢᠮ ᠡᠴᠡ ᠭᠠᠳᠠᠨ᠎ᠠ ᠂ ᠮᠠᠨ ᠤ᠋ ᠤᠷᠤᠨ ᠤ᠋ 《ᠤᠰᠤ ᠬᠦᠷᠦᠰᠦ ᠶ᠋ᠢ ᠬᠠᠮᠠᠭᠠᠯᠠᠬᠤ ᠳᠦᠷᠢᠮ》᠂ 《ᠤᠢ ᠰᠢᠭᠤᠢ ᠶ᠋ᠢᠨ ᠳᠠᠷᠤᠭ᠎ᠠ ᠶ᠋ᠢᠨ ᠳᠦᠷᠢᠮ》᠂ 《ᠭᠤᠤᠯ ᠮᠦᠷᠡᠨ ᠤ᠋ ᠳᠠᠷᠤᠭ᠎ᠠ ᠶ᠋ᠢᠨ ᠳᠦᠷᠢᠮ》 ᠵᠢᠴᠢ ᠡᠯ᠎ᠠ ᠪᠠᠢᠭᠠᠯᠢ ᠶ᠋ᠢᠨ ᠬᠠᠮᠠᠭᠠᠯᠠᠯᠳᠠ ᠶ᠋ᠢᠨ ᠤᠷᠤᠨ ᠤ᠋ ᠳᠦᠷᠢᠮ᠎ᠳᠤ ᠪᠠᠰᠠ ᠨᠤᠭᠤ ᠭᠠᠵᠠᠷ ᠢ᠋ ᠬᠠᠮᠠᠭᠠᠯᠠᠬᠤ ᠲᠤᠬᠠᠢ ᠲᠤᠳᠤᠷᠬᠠᠢ ᠳᠤᠭᠳᠠᠭᠠᠯ ᠪᠠᠢᠳᠠᠭ᠃ ᠤᠢᠷ᠎ᠠ ᠶ᠋ᠢᠨ ᠡᠳᠦᠷ ᠨᠡᠢᠲᠡᠯᠡᠭᠰᠡᠨ 《ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ ᠮᠠᠨ ᠤ᠋ ᠤᠯᠤᠰ ᠤ᠋ᠨ ᠤᠮᠠᠷᠠᠳᠦ ᠶ᠋ᠢᠨ ᠠᠮᠢ ᠠᠬᠤᠢ ᠶ᠋ᠢᠨ ᠠᠮᠦᠷ ᠲᠦᠪᠰᠢᠨ ᠤ᠋ ᠴᠢᠬᠤᠯᠠ ᠬᠠᠯᠬᠠᠪᠴᠢ ᠶ᠋ᠢ ᠪᠦᠲᠦᠭᠡᠨ ᠪᠠᠢᠭᠤᠯᠬᠤ ᠶ᠋ᠢ ᠠᠬᠢᠭᠤᠯᠬᠤ ᠳᠦᠷᠢᠮ》 ᠳ᠋ᠤ ᠴᠦ᠍ ᠨᠤᠭᠤ ᠭᠠᠵᠠᠷ ᠢ᠋ ᠬᠠᠮᠠᠭᠠᠯᠠᠬᠤ ᠲᠤᠬᠠᠢ ᠲᠤᠰᠬᠠᠢ ᠳᠤᠭᠳᠠᠭᠠᠯ ᠭᠠᠷᠭᠠᠵᠠᠢ᠃

ᠡᠳᠡᠭᠡᠷ ᠬᠠᠤᠯᠢ ᠳᠦᠷᠢᠮ ᠨᠢ ᠮᠠᠨ ᠤ᠋ ᠤᠷᠤᠨ ᠤ᠋ ᠨᠤᠭᠤ ᠭᠠᠵᠠᠷ ᠤ᠋ᠨ ᠬᠠᠮᠠᠭᠠᠯᠠᠯᠳᠠ ᠶ᠋ᠢ ᠬᠠᠤᠯᠢᠵᠢᠭᠰᠠᠨ ᠳᠦᠷᠢᠮᠵᠢᠭᠰᠡᠨ ᠵᠠᠮ ᠳ᠋ᠤ ᠤᠷᠤᠭᠤᠯᠤᠭᠰᠠᠨ ᠪᠠᠢᠨ᠎ᠠ᠃


ᠲᠦᠯᠦᠪᠵᠢᠭᠦᠯᠭᠡ ᠲᠠᠢ ᠬᠠᠮᠠᠭᠠᠯᠠᠨ᠎ᠠ ᠄ ᠪᠦᠬᠦ ᠤᠷᠤᠨ ᠤ᠋ 38% ᠶ᠋ᠢᠨ ᠨᠤᠭᠤ ᠭᠠᠵᠠᠷ ᠢ᠋ ᠬᠠᠮᠠᠭᠠᠯᠠᠯᠲᠠ ᠵᠢᠨ ᠰᠢᠰᠲ᠋ᠧᠮ ᠳ᠋ᠤ ᠤᠷᠤᠭᠤᠯᠤᠨ᠎ᠠ


2017 ᠤᠨ ᠤ᠋ ᠦᠶᠡᠰ ᠲᠤ᠌ ᠮᠠᠨ ᠤ᠋ ᠤᠷᠤᠨ ᠨᠤᠭᠤ ᠭᠠᠵᠠᠷ ᠶ᠋ᠢᠡᠷ ᠬᠠᠮᠠᠭᠠᠯᠠᠬᠤ ᠡᠳᠡᠭᠡᠳ ᠪᠤᠯᠭᠠᠭᠰᠠᠨ 83 ᠪᠠᠢᠭᠠᠯᠢ ᠶ᠋ᠢᠨ ᠬᠠᠮᠠᠭᠠᠯᠠᠯᠳᠠ ᠶ᠋ᠢᠨ ᠤᠷᠤᠨ ᠢ᠋ ᠪᠠᠢᠭᠤᠯᠵᠤ᠂ 133 ᠲᠦᠮᠡᠨ ᠾᠧᠺᠲ᠋ᠠᠷ ᠨᠤᠭᠤ ᠭᠠᠵᠠᠷ ᠢ᠋ ᠬᠠᠮᠠᠭᠠᠯᠠᠯᠳᠠ ᠳ᠋ᠤ ᠤᠷᠤᠭᠤᠯᠤᠨ᠂ ᠨᠤᠭᠤ ᠭᠠᠵᠠᠷ ᠢ᠋ ᠬᠠᠮᠠᠭᠠᠯᠠᠨ ᠬᠠᠮᠢᠶᠠᠷᠬᠤ ᠰᠢᠰᠲᠧᠮ ᠢ᠋ ᠠᠩᠬ᠎ᠠ ᠠᠯᠬᠤᠮ ᠪᠦᠷᠢᠯᠳᠦᠭᠦᠯᠪᠠ᠃ 2018 ᠤᠨ ᠤ᠋ ᠰᠡᠭᠦᠯᠴᠢ ᠪᠤᠯᠬᠤ ᠳ᠋ᠤ ᠪᠦᠬᠦ ᠤᠷᠤᠨ ᠤ᠋ ᠨᠤᠭᠤ ᠭᠠᠵᠠᠷ ᠤ᠋ᠨ ᠲᠠᠯᠠᠪᠠᠢ 9000 ᠲᠦᠮᠡᠨ ᠮᠤ᠌ ᠶ᠋ᠢ ᠳᠠᠪᠠᠵᠤ᠂ ᠪᠦᠬᠦ ᠤᠷᠤᠨ ᠤ᠋ ᠨᠤᠭᠤ ᠭᠠᠵᠠᠷ ᠤ᠋ᠨ ᠠᠮᠢ ᠠᠬᠤᠢ ᠶ᠋ᠢᠨ ᠴᠢᠳᠠᠮᠵᠢ ᠢᠯᠡᠳᠳᠡ ᠰᠡᠷᠭᠦᠨ ᠰᠠᠢᠵᠢᠷᠠᠪᠠ᠃

ᠡᠭᠦᠨ ᠡᠴᠡ ᠰᠡᠭᠦᠯᠡᠷᠬᠢ ᠨᠢᠭᠡ ᠬᠡᠰᠡᠭ ᠬᠤᠭᠤᠴᠠᠭᠠᠨ ᠳ᠋ᠤ 《ᠨᠤᠭᠤ ᠭᠠᠵᠠᠷ ᠤ᠋ᠨ ᠲᠠᠯᠠᠪᠠᠢ ᠶ᠋ᠢ 9000 ᠲᠦᠮᠡᠨ ᠮᠤ᠌ ᠡᠴᠡ ᠪᠠᠭᠤᠷᠠᠭᠤᠯᠬᠤ ᠦᠭᠡᠢ》 ᠭᠡᠬᠦ ᠦᠭᠡ ᠦᠪᠡᠷᠳᠡᠭᠡᠨ ᠵᠠᠰᠠᠬᠤ ᠤᠷᠤᠨ ᠤ᠋ ᠪᠢᠴᠢᠭ ᠮᠠᠲᠧᠷᠢᠶᠠᠯ ᠳ᠋ᠤ ᠤᠯᠠᠨᠳᠠ ᠢᠯᠡᠷᠡᠪᠡ᠃ ᠭᠡᠪᠡᠴᠤ 2021 ᠤᠨ ᠤ᠋ ᠦᠪᠡᠷᠳᠡᠭᠡᠨ ᠵᠠᠰᠠᠬᠤ ᠤᠷᠤᠨ ᠤ᠋ ᠭᠤᠷᠪᠠᠳᠤᠭᠠᠷ ᠤᠳᠠᠭᠠᠨ ᠤ᠋ ᠤᠯᠤᠰ ᠤ᠋ᠨ ᠭᠠᠵᠠᠷ ᠰᠢᠷᠤᠢ ᠶ᠋ᠢᠨ ᠬᠤᠪᠢᠷᠠᠯᠳᠠ ᠶ᠋ᠢᠨ ᠪᠠᠢᠳᠠᠯ ᠤ᠋ᠨ ᠲᠤᠬᠠᠢ ᠪᠠᠢᠴᠠᠭᠠᠯᠳᠠ ᠶ᠋ᠢᠨ ᠲᠤᠭ᠎ᠠ ᠪᠠᠷᠢᠮᠳᠠ ᠳ᠋ᠤ ᠬᠠᠷᠠᠭᠤᠯᠤᠭᠰᠠᠨ ᠶ᠋ᠢᠡᠷ᠂ ᠮᠠᠨ ᠤ᠋ ᠤᠷᠤᠨ ᠤ᠋ ᠨᠤᠭᠤ ᠭᠠᠵᠠᠷ ᠤ᠋ᠨ ᠲᠠᠯᠠᠪᠠᠢ ᠨᠢ 484.79 ᠲᠦᠮᠡᠨ ᠾᠧᠺᠲ᠋ᠠᠷ ᠪᠠᠢᠵᠤ᠂ 9000 ᠲᠦᠮᠡᠨ ᠮᠣ᠌ ᠬᠦᠷᠬᠦ ᠦᠭᠡᠢ ᠪᠤᠯᠪᠠ᠃ ᠡᠨᠡ ᠨᠢ ᠨᠢᠭᠡ ᠬᠡᠮᠵᠢᠶᠠᠨ᠎ᠠ ᠨᠤᠭᠤ ᠭᠠᠵᠠᠷ ᠤ᠋ᠨ ᠬᠠᠮᠠᠭᠠᠯᠠᠯᠳᠠ ᠶ᠋ᠢᠨ ᠪᠡᠷᠬᠡ ᠬᠠᠳᠠᠭᠤᠵᠢᠯᠳᠤ ᠴᠢᠨᠠᠷ ᠢ᠋ ᠬᠠᠷᠠᠭᠤᠯᠵᠠᠢ᠃

2021 ᠤᠨ ᠤ᠋ 11 ᠰᠠᠷ᠎ᠠ ᠳ᠋ᠤ ᠂ ᠦᠪᠡᠷᠳᠡᠭᠡᠨ ᠵᠠᠰᠠᠬᠤ ᠤᠷᠤᠨ ᠤ᠋ ᠤᠢ ᠰᠢᠭᠤᠢ ᠪᠠ ᠨᠤᠳᠤᠭ ᠪᠡᠯᠴᠢᠭᠡᠷ ᠤ᠋ᠨ ᠲᠤᠪᠴᠢᠶ᠎ᠠ ᠡᠴᠡ《ᠦᠪᠦᠷ ᠮᠤᠩᠭᠤᠯ ᠤ᠋ᠨ ᠦᠪᠡᠷᠳᠡᠭᠡᠨ ᠵᠠᠰᠠᠬᠤ ᠤᠷᠤᠨ ᠤ᠋ 〈ᠠᠷᠪᠡᠨ ᠳᠦᠷᠪᠡᠳᠦᠭᠡᠷ ᠳᠠᠪᠤᠨ ᠵᠢᠯ〉 ᠤ᠋ᠨ ᠤᠢ ᠰᠢᠭᠤᠢ ᠪᠠ ᠨᠤᠳᠤᠭ ᠪᠡᠯᠴᠢᠭᠡᠷ ᠢ᠋ ᠬᠠᠮᠠᠭᠠᠯᠠᠨ ᠬᠦᠭᠵᠢᠭᠦᠯᠬᠦ ᠲᠦᠯᠦᠪᠵᠢᠭᠦᠯᠭᠡ》 ᠶ᠋ᠢ ᠨᠡᠢᠳᠡᠯᠡᠪᠡ᠃ ᠲᠦᠯᠦᠪᠵᠢᠭᠦᠯᠭᠡ ᠳ᠋ᠤ᠂ ᠮᠠᠨ ᠤ᠋ ᠤᠷᠤᠨ ᠤ᠋ ᠨᠤᠭᠤ ᠭᠠᠵᠠᠷ ᠤ᠋ᠨ ᠬᠠᠮᠠᠭᠠᠯᠠᠯᠳᠠ ᠶ᠋ᠢᠨ ᠶᠡᠷᠦᠩᠬᠡᠢ ᠬᠠᠷᠠᠯᠳᠠ᠂ ᠪᠤᠳᠠᠳᠠᠢ ᠬᠠᠷᠠᠯᠳᠠ᠂ ᠭᠤᠤᠯᠳᠠᠯᠭ᠎ᠠ ᠲᠠᠢ ᠡᠭᠦᠷᠭᠡ᠂ ᠴᠢᠬᠤᠯᠠ ᠶᠡᠬᠡ ᠢᠨᠵᠧᠨᠧᠷᠢᠩ ᠪᠠ ᠲᠦᠷᠦᠯ ᠵᠦᠢᠯ ᠵᠡᠷᠭᠡ ᠶ᠋ᠢ ᠲᠤᠳᠤᠷᠬᠠᠢᠯᠠᠪᠠ᠃

ᠶᠡᠷᠦᠩᠬᠡᠢ ᠬᠠᠷᠠᠯᠳᠠ᠄ ᠨᠤᠭᠤ ᠭᠠᠵᠠᠷ ᠢ᠋ ᠬᠠᠮᠠᠭᠠᠯᠬᠠᠤ ᠪᠠ ᠰᠡᠷᠭᠦᠭᠡᠬᠦ ᠠᠵᠢᠯ ᠠᠩᠬ᠎ᠠ ᠠᠯᠬᠤᠮ ᠤ᠋ᠨ ᠦᠷ᠎ᠠ ᠪᠦᠲᠦᠮᠵᠢ ᠤᠯᠵᠤ᠂ ᠨᠤᠭᠤ ᠭᠠᠵᠠᠷ ᠤ᠋ᠨ ᠠᠮᠢ ᠠᠬᠤᠢ ᠶ᠋ᠢᠨ ᠴᠢᠳᠠᠮᠵᠢ ᠶ᠋ᠢ ᠤᠯᠠᠮ ᠨᠢᠭᠡ ᠠᠯᠬᠤᠮ ᠴᠢᠩᠭᠠᠳᠬᠠᠨ᠎ᠠ᠃

ᠪᠤᠳᠠᠳᠠᠢ ᠬᠠᠷᠠᠯᠳᠠ᠄ 2025 ᠤᠨ ᠪᠤᠯᠬᠤ ᠳ᠋ᠤ ᠪᠦᠬᠦ ᠤᠷᠤᠨ ᠤ᠋ 38% ᠶ᠋ᠢᠨ ᠨᠤᠭᠤ ᠭᠠᠵᠠᠷ ᠢ᠋ ᠬᠠᠮᠠᠭᠠᠯᠠᠯᠲᠠ ᠵᠢᠨ  ᠰᠢᠰᠲ᠋ᠧᠮ ᠳ᠋ᠤ ᠤᠷᠤᠭᠤᠯᠤᠨ᠎ᠠ᠃

ᠭᠤᠤᠯᠳᠠᠯᠭ᠎ᠠ ᠲᠠᠢ ᠡᠭᠦᠷᠭᠡ᠄ ᠪᠠᠢᠭᠠᠯᠢ ᠶ᠋ᠢᠨ ᠨᠤᠭᠤ ᠭᠠᠵᠠᠷ ᠢ᠋ ᠪᠦᠬᠦ ᠲᠠᠯ᠎ᠠ ᠪᠡᠷ ᠬᠠᠮᠠᠭᠠᠯᠠᠨ᠎ᠠ; ᠤᠯᠤᠰ ᠤ᠋ᠨ ᠴᠢᠬᠤᠯᠠ ᠨᠤᠭᠤ ᠭᠠᠵᠠᠷ ᠢ᠋ ᠬᠠᠮᠠᠭᠠᠯᠠᠨ ᠰᠡᠷᠭᠦᠭᠡᠬᠦ ᠡᠷᠴᠢᠮ ᠢ᠋ ᠴᠢᠩᠭᠠᠷᠠᠭᠤᠯᠤᠨ᠎ᠠ; ᠬᠠᠳᠤᠨ ᠭᠤᠤᠯ ᠤ᠋ᠨ ᠰᠠᠪᠠ ᠭᠠᠵᠠᠷ᠂ 《ᠭᠤᠷᠪᠠᠨ ᠨᠠᠭᠤᠷ》 (ᠬᠦᠯᠦᠨ ᠨᠠᠭᠤᠷ᠂ ᠤᠯᠠᠭᠠᠨᠰᠤᠬᠠᠢ᠂ ᠳᠠᠭ᠎ᠠ ᠶ᠋ᠢᠨ ᠨᠠᠭᠤᠷ) ᠵᠢᠴᠢ ᠴᠠᠭᠠᠨᠨᠠᠭᠤᠷ ᠵᠡᠷᠭᠡ ᠴᠢᠬᠤᠯᠠ ᠨᠤᠭᠤ ᠭᠠᠵᠠᠷ ᠤ᠋ᠨ ᠠᠮᠢ ᠠᠬᠤᠢ ᠶ᠋ᠢᠨ ᠶᠡᠷᠦᠩᠬᠡᠢᠯᠡᠭᠰᠡᠨ ᠵᠠᠰᠠᠯᠳᠠ ᠶ᠋ᠢ ᠦᠷᠭᠦᠯᠵᠢᠯᠡᠨ ᠠᠬᠢᠭᠤᠯᠤᠨ᠎ᠠ᠃

ᠬᠡᠷᠡᠭᠵᠢᠭᠦᠯᠬᠦ ᠴᠢᠬᠤᠯᠠ ᠶᠡᠬᠡ ᠢᠨᠵᠧᠨᠧᠷᠢᠩ ᠪᠠ ᠲᠦᠷᠦᠯ ᠵᠦᠢᠯ ᠤ᠋ᠳ᠄ ᠬᠠᠳᠤᠨ ᠭᠤᠤᠯ ᠤ᠋ᠨ ᠴᠢᠬᠤᠯᠠ ᠠᠮᠢ ᠠᠬᠤᠢ ᠶ᠋ᠢᠨ ᠤᠷᠤᠨ ᠤ᠋ ᠠᠮᠢ ᠠᠬᠤᠢ ᠶ᠋ᠢ ᠬᠠᠮᠠᠭᠠᠯᠠᠬᠤ ᠪᠠ ᠰᠡᠷᠭᠦᠭᠡᠬᠦ ᠢᠨᠵᠧᠨᠧᠷᠢᠩ; ᠶᠡᠬᠡ ᠬᠢᠩᠭᠠᠨ ᠳᠠᠪᠠᠭᠠᠨ ᠤ᠋ ᠰᠢᠭᠤᠢᠳᠤ ᠤᠷᠤᠨ ᠤ᠋ ᠠᠮᠢ ᠠᠬᠤᠢ ᠶ᠋ᠢ ᠬᠠᠮᠠᠭᠠᠯᠠᠬᠤ ᠪᠠ ᠰᠡᠷᠭᠦᠭᠡᠬᠦ ᠢᠨᠵᠧᠨᠧᠷᠢᠩ; ᠨᠤᠭᠤ ᠭᠠᠵᠠᠷ ᠪᠠ ᠭᠡᠬᠡᠷ᠎ᠠ ᠶ᠋ᠢᠨ ᠠᠮᠢᠳᠠᠨ ᠤᠷᠭᠤᠮᠠᠯ ᠢ᠋ ᠬᠠᠮᠠᠭᠠᠯᠠᠬᠤ ᠢᠨᠵᠧᠨᠧᠷᠢᠩ ᠵᠡᠷᠭᠡ᠃


ᠭᠤᠤᠯᠳᠠᠯᠭ᠎ᠠ ᠲᠠᠢ ᠬᠠᠮᠠᠭᠠᠯᠠᠨ᠎ᠠ ᠄ ᠬᠦᠯᠦᠨ ᠨᠠᠭᠤᠷ·ᠤᠯᠠᠭᠠᠨᠰᠤᠬᠠᠢ·ᠳᠠᠭ᠎ᠠ ᠶ᠋ᠢᠨ ᠨᠠᠭᠤᠷ


ᠶᠡᠷᠦᠩᠬᠡᠢ ᠱᠦᠵᠢ ᠰᠢ ᠵᠢᠨ ᠫᠢᠩ 《ᠬᠦᠯᠦᠨ ᠨᠠᠭᠤᠷ᠂ ᠤᠯᠠᠭᠠᠨᠰᠤᠬᠠᠢ᠂ ᠳᠠᠭ᠎ᠠ ᠶ᠋ᠢᠨ ᠨᠠᠭᠤᠷ》 ᠤ᠋ᠨ ᠠᠮᠢ ᠠᠬᠤᠢ ᠶ᠋ᠢᠨ ᠵᠠᠰᠠᠯᠳᠠ ᠶ᠋ᠢᠨ ᠲᠤᠬᠠᠢ ᠤᠯᠠᠨᠳᠠ ᠴᠢᠬᠤᠯᠠ ᠵᠢᠭᠠᠪᠤᠷᠢ ᠦᠭᠭᠦᠭᠰᠡᠨ ᠶ᠋ᠢᠡᠷ᠂ 《ᠬᠦᠯᠦᠨ ᠨᠠᠭᠤᠷ᠂ ᠤᠯᠠᠭᠠᠨᠰᠤᠬᠠᠢ᠂ ᠳᠠᠭ᠎ᠠ ᠶ᠋ᠢᠨ ᠨᠠᠭᠤᠷ》 ᠤ᠋ᠨ ᠠᠮᠢ ᠠᠬᠤᠢ ᠶ᠋ᠢ ᠶᠡᠷᠦᠩᠬᠡᠢᠯᠡᠨ ᠵᠠᠰᠠᠬᠤ ᠨᠢ ᠮᠠᠨ ᠤ᠋ ᠤᠷᠤᠨ ᠤ᠋ ᠨᠤᠭᠤ ᠭᠠᠵᠠᠷ ᠢ᠋ ᠬᠠᠮᠠᠭᠠᠯᠠᠨ ᠰᠡᠷᠭᠦᠭᠡᠬᠦ ᠠᠵᠢᠯ ᠤ᠋ᠨ ᠭᠤᠤᠯᠳᠠᠯᠭ᠎ᠠ ᠶ᠋ᠢᠨ ᠭᠤᠤᠯᠳᠠᠯᠭ᠎ᠠ ᠪᠤᠯᠵᠠᠢ᠃

ᠬᠦᠯᠦᠨ ᠨᠠᠭᠤᠷ ᠪᠤᠯ ᠮᠠᠨ ᠤ᠋ ᠤᠯᠤᠰ ᠤ᠋ᠨ ᠳᠦᠷᠪᠡᠨ ᠶᠡᠬᠡ ᠴᠡᠩᠬᠡᠭ ᠨᠠᠭᠤᠷ ᠤ᠋ᠨ ᠨᠢᠭᠡ᠂ ᠮᠠᠨ ᠤ᠋ ᠤᠷᠤᠨ ᠤ᠋ ᠬᠠᠮᠤᠭ ᠤ᠋ᠨ ᠲᠤᠮᠤ ᠨᠠᠭᠤᠷ ᠪᠠᠢᠵᠤ᠂ ᠲᠠᠯ᠎ᠠ ᠨᠤᠳᠤᠭ ᠤ᠋ᠨ ᠠᠭᠤᠷ ᠠᠮᠢᠰᠬᠤᠯ ᠢ᠋ ᠵᠤᠬᠢᠴᠠᠭᠤᠯᠬᠤ᠂ ᠤᠰᠤᠨ ᠤ᠋ ᠰᠤᠷᠪᠤᠯᠵᠢ ᠶ᠋ᠢ ᠬᠠᠳᠠᠭᠠᠯᠠᠬᠤ᠂ ᠴᠦᠯᠯᠡᠷᠬᠡᠭᠵᠢᠯ ᠢ᠋ ᠰᠡᠷᠭᠡᠢᠯᠡᠬᠦ ᠵᠢᠴᠢ ᠡᠷᠬᠢᠨ ᠲᠤᠭᠤᠷᠢᠨ ᠤ᠋ ᠨᠤᠲᠤᠭ ᠪᠡᠯᠴᠢᠭᠡᠷ ᠤ᠋ᠨ ᠠᠮᠢ ᠠᠬᠤᠢ ᠶ᠋ᠢᠨ ᠲᠡᠩᠴᠡᠭᠦᠷᠢ ᠶ᠋ᠢ ᠪᠠᠳᠤᠯᠠᠬᠤ ᠵᠡᠷᠭᠡ ᠲᠠᠯ᠎ᠠ ᠪᠡᠷ ᠮᠠᠰᠢ ᠴᠢᠬᠤᠯᠠ ᠦᠢᠯᠡᠳᠦᠯ ᠦᠵᠡᠭᠦᠯᠵᠦ ᠪᠠᠢᠳᠠᠭ᠃ ᠬᠦᠯᠦᠨ ᠨᠠᠭᠤᠷ ᠵᠢᠴᠢ ᠲᠡᠭᠦᠨ ᠤ᠋ ᠡᠷᠬᠢᠨ ᠲᠤᠭᠤᠷᠢᠨ ᠤ᠋ ᠤᠰᠤᠨ ᠤ᠋ ᠰᠢᠰᠲᠧᠮ 2002 ᠤᠨ ᠳ᠋ᠤ ᠳᠡᠯᠡᠬᠡᠢ ᠨᠡᠢᠳᠡ ᠶ᠋ᠢᠨ ᠴᠢᠬᠤᠯᠠ ᠨᠤᠭᠤ ᠭᠠᠵᠠᠷ ᠲᠤ᠌ ᠪᠦᠷᠢᠳᠭᠡᠭᠳᠡᠵᠠᠢ᠃ ᠭᠡᠪᠡᠴᠤ 2002 ᠤᠨ ᠡᠴᠡ 2012 ᠤᠨ ᠪᠤᠯᠳᠠᠯᠠᠬᠢ ᠠᠷᠪᠠᠨ ᠵᠢᠯ ᠤ᠋ᠨ ᠬᠤᠭᠤᠷᠤᠨᠳᠤ᠂ ᠭᠠᠩ ᠬᠠᠭᠰᠠᠷᠠᠭᠠᠨ ᠵᠡᠷᠭᠡ ᠤᠯᠠᠨ ᠵᠦᠢᠯ ᠤ᠋ᠨ ᠰᠢᠯᠳᠠᠭᠠᠨ ᠡᠴᠡ ᠪᠤᠯᠵᠤ ᠬᠦᠯᠦᠨ ᠨᠠᠭᠤᠷ ᠤ᠋ᠨ ᠤᠰᠤᠨ ᠤ᠋ ᠲᠦᠪᠰᠢᠨ ᠲᠠᠰᠤᠷᠠᠯᠳᠠ ᠦᠭᠡᠢ ᠪᠠᠭᠤᠷᠠᠵᠤ᠂ ᠨᠠᠭᠤᠷ ᠤ᠋ᠨ ᠡᠷᠬᠢᠨ ᠲᠤᠭᠤᠷᠢᠨ ᠤ᠋ ᠨᠤᠭᠤ ᠭᠠᠵᠠᠷ ᠪᠠᠭᠠᠰᠤᠭᠰᠠᠨ ᠪᠦᠭᠡᠳ ᠤᠰᠤᠨ ᠤ᠋ ᠴᠢᠨᠠᠷ ᠮᠠᠰᠢ ᠲᠦᠷᠭᠡᠨ ᠮᠠᠭᠤᠳᠠᠵᠤ᠂ ᠵᠢᠭᠠᠰᠤᠨ ᠤ᠋ ᠦᠢᠯᠡᠰ ᠤ᠋ᠨ ᠡᠬᠢ ᠪᠠᠶᠠᠯᠢᠭ ᠬᠤᠭᠤᠰᠤᠷᠠᠬᠤ ᠬᠠᠨᠳᠤᠰᠢ ᠢᠯᠡᠷᠡᠨ ᠂ ᠬᠡᠭᠡᠷ᠎ᠠ ᠶ᠋ᠢᠨ ᠠᠮᠢᠳᠠᠨ ᠤ᠋ ᠲᠦᠷᠦᠯ ᠵᠦᠢᠯ ᠶᠡᠬᠡ ᠪᠡᠷ ᠪᠠᠭᠠᠰᠴᠠᠢ᠃ ᠡᠨᠡ ᠨᠢ ᠤᠯᠤᠰ ᠪᠠ ᠦᠪᠡᠷᠳᠡᠭᠡᠨ ᠵᠠᠰᠠᠬᠤ ᠤᠷᠤᠨ ᠤ᠋ ᠠᠩᠬᠠᠷᠤᠯ ᠳ᠋ᠤ ᠬᠦᠷᠴᠤ᠂ ᠶᠡᠷᠦᠩᠬᠡᠢ ᠱᠦᠵᠢ ᠰᠢ ᠵᠢᠨ ᠫᠢᠩ ᠬᠦᠯᠦᠨ ᠨᠠᠭᠤᠷ ᠤ᠋ᠨ ᠠᠮᠢ ᠠᠬᠤᠢ ᠶ᠋ᠢᠨ ᠵᠠᠰᠠᠯᠳᠠ ᠪᠠ ᠬᠠᠮᠠᠭᠠᠯᠠᠯᠳᠠ ᠶ᠋ᠢᠨ ᠲᠤᠬᠠᠢ ᠤᠯᠠᠨᠳᠠ ᠴᠢᠬᠤᠯᠠ ᠵᠢᠭᠠᠪᠤᠷᠢ ᠦᠭᠭᠦᠭᠰᠡᠨ ᠪᠠᠢᠯ᠎ᠠ᠃ ᠬᠦᠯᠦᠨ ᠨᠠᠭᠤᠷ ᠢ᠋ ᠬᠠᠮᠠᠭᠠᠯᠠᠬᠤ ᠨᠢ ᠳᠠᠷᠤᠢ ᠬᠦᠯᠦᠨ ᠪᠤᠢᠷ ᠤ᠋ᠨ ᠲᠠᠯ᠎ᠠ ᠨᠤᠳᠤᠭ ᠢ᠋ ᠬᠠᠮᠠᠭᠠᠯᠠᠵᠤ ᠪᠠᠢᠭ᠎ᠠ ᠲᠠᠢ ᠠᠳᠠᠯᠢ ᠲᠤᠯᠠ ᠦᠪᠡᠷᠳᠡᠭᠡᠨ ᠵᠠᠰᠠᠬᠤ ᠤᠷᠤᠨ ᠤ᠋ ᠵᠠᠰᠠᠭ ᠤ᠋ᠨ ᠤᠷᠳᠤᠨ ᠡᠴᠡ 2013 ᠤᠨ ᠳ᠋ᠤ 20 ᠳ᠋ᠦᠩᠰᠢᠭᠤᠷ ᠲᠦᠭᠦᠷᠢᠭ ᠤ᠋ᠨ ᠪᠡᠯᠡ ᠮᠦᠩᠬᠦ ᠭᠠᠷᠭᠠᠨ ᠬᠦᠯᠦᠨ ᠨᠠᠭᠤᠷ ᠢ᠋ ᠶᠡᠷᠦᠩᠬᠡᠢᠯᠡᠨ ᠵᠠᠰᠠᠬᠤ ᠢᠨᠵᠧᠨᠧᠷᠢᠩ ᠢ᠋ ᠡᠬᠢᠯᠡᠭᠦᠯᠵᠤ᠂ ᠨᠠᠭᠤᠷ ᠢ᠋ ᠯᠡ ᠵᠠᠰᠠᠵᠤ ᠪᠠᠢᠭᠰᠠᠨ ᠡᠴᠡ ᠪᠡᠨ ᠪᠦᠬᠦᠢᠯᠡ ᠰᠠᠪᠠ ᠭᠠᠵᠠᠷ ᠢ᠋ ᠰᠢᠰᠲᠧᠮ ᠲᠠᠢ ᠵᠠᠰᠠᠬᠤ ᠠᠷᠭ᠎ᠠ ᠠᠪᠴᠤ᠂ ᠠᠮᠢ ᠠᠬᠤᠢ ᠶ᠋ᠢᠨ ᠤᠰᠤ ᠨᠦᠬᠦᠪᠤᠷᠢᠯᠡᠬᠦ ᠢᠨᠵᠧᠨᠧᠷᠢᠩ ᠵᠡᠷᠭᠡ ᠶ᠋ᠢ ᠬᠡᠷᠡᠭᠵᠢᠭᠦᠯᠦᠭᠰᠡᠨ ᠶ᠋ᠢᠡᠷ᠂ ᠤᠳᠤ ᠬᠦᠯᠦᠨ ᠨᠠᠭᠤᠷ ᠤ᠋ᠨ ᠶᠡᠷᠦᠩᠬᠡᠢ ᠲᠠᠯᠠᠪᠠᠢ ᠨᠢ 2339 ᠳᠡᠭᠰᠢ ᠳᠦᠷᠪᠡᠯᠵᠢᠨ ᠺᠢᠯᠤᠮᠧᠲᠷ ᠪᠤᠯᠵᠤ᠂ ᠤᠰᠤᠨ ᠤ᠋ ᠲᠦᠪᠰᠢᠨ ᠨᠢ 545.5 ᠮᠧᠲᠷ ᠲᠤ᠌ ᠲᠤᠯᠵᠤ᠂ ᠤᠰᠤᠨ ᠤ᠋ ᠴᠢᠨᠠᠷ ᠪᠠ ᠡᠷᠬᠢᠨ ᠲᠤᠭᠤᠷᠢᠨ ᠤ᠋ ᠨᠤᠭᠤ ᠭᠠᠵᠠᠷ ᠤ᠋ᠨ ᠠᠮᠢ ᠠᠬᠤᠢ ᠶ᠋ᠢᠨ ᠤᠷᠴᠢᠨ ᠨᠦᠬᠦᠴᠡᠯ ᠴᠦᠮ ᠢᠯᠡᠳᠳᠡ ᠰᠠᠢᠵᠢᠷᠠᠪᠠ᠃ ᠲᠤᠭ᠎ᠠ ᠪᠠᠷᠢᠮᠳᠠ ᠳ᠋ᠤ ᠬᠠᠷᠠᠭᠤᠯᠤᠭᠰᠠᠨ ᠶ᠋ᠢᠡᠷ᠂ 2013 ᠤᠨ ᠡᠴᠡ ᠨᠠᠭᠠᠰᠢ ᠬᠦᠯᠦᠨ ᠨᠠᠭᠤᠷ ᠤ᠋ᠨ ᠪᠠᠢᠭᠠᠯᠢ ᠶ᠋ᠢᠨ ᠬᠠᠮᠠᠭᠠᠯᠠᠯᠳᠠ ᠶ᠋ᠢᠨ ᠤᠷᠤᠨ ᠤ᠋ ᠰᠢᠪᠠᠭᠤᠨ ᠤ᠋ ᠲᠦᠷᠦᠯ 333 ᠵᠦᠢᠯ ᠪᠠᠢᠭᠰᠠᠨ ᠡᠴᠡ 345 ᠵᠦᠢᠯ ᠪᠤᠯᠵᠤ᠂ ᠵᠢᠭᠠᠰᠤᠨ ᠤ᠋ ᠲᠦᠷᠦᠯ 32 ᠵᠦᠢᠯ ᠪᠠᠢᠭᠰᠠᠨ ᠡᠴᠡ 39 ᠵᠦᠢᠯ ᠪᠤᠯᠤᠨ ᠨᠡᠮᠡᠭᠳᠡᠵᠦ᠂ ᠬᠦᠬᠦᠳᠡᠨ ᠠᠮᠢᠳᠠᠨ ᠤ᠋ ᠲᠦᠷᠦᠯ 35 ᠵᠦᠢᠯ ᠪᠠᠢᠭᠰᠠᠨ ᠡᠴᠡ 38 ᠵᠦᠢᠯ ᠪᠤᠯᠵᠤ ᠨᠡᠮᠡᠭᠳᠡᠵᠠᠢ᠃

ᠳᠠᠭ᠎ᠠ ᠶ᠋ᠢᠨ ᠨᠠᠭᠤᠷ ᠤ᠋ᠨ ᠨᠤᠭᠤ ᠭᠠᠵᠠᠷ ᠪᠤᠯ ᠦᠪᠡᠷᠳᠡᠭᠡᠨ ᠵᠠᠰᠠᠬᠤ ᠤᠷᠤᠨ ᠤ᠋ ᠳᠡᠰ ᠤ᠋ᠨ ᠪᠠᠢᠭᠠᠯᠢ ᠶ᠋ᠢᠨ ᠬᠠᠮᠠᠭᠠᠯᠠᠯᠳᠠ ᠶ᠋ᠢᠨ ᠤᠷᠤᠨ᠂ 《ᠳᠤᠮᠳᠠᠳᠤ ᠤᠯᠤᠰ ᠤ᠋ᠨ ᠨᠤᠭᠤ ᠭᠠᠵᠠᠷ ᠢ᠋ ᠬᠠᠮᠠᠭᠠᠯᠠᠬᠤ ᠠᠵᠢᠯᠯᠠᠭᠠᠨ᠎ᠤ ᠲᠦᠯᠦᠪᠯᠡᠭᠡ》 ᠶ᠋ᠢᠨ ᠤᠯᠤᠰ ᠤ᠋ᠨ ᠴᠢᠬᠤᠯᠠ ᠨᠤᠭᠤ ᠭᠠᠵᠠᠷ ᠤ᠋ᠨ ᠨᠢᠭᠡ ᠪᠤᠯᠤᠨ᠎ᠠ᠃ ᠳᠠᠭ᠎ᠠ ᠶ᠋ᠢᠨ ᠨᠠᠭᠤᠷ ᠤ᠋ᠨ ᠤᠰᠤ ᠨᠢ ᠪᠠᠢᠭᠠᠯᠢ ᠶ᠋ᠢᠨ ᠳᠤᠨᠳᠠᠰᠤ ᠪᠠ ᠭᠠᠵᠠᠷ ᠳᠤᠤᠷᠠᠬᠢ ᠤᠰᠤᠨ ᠤ᠋ ᠨᠡᠪᠴᠢᠯᠳᠡ ᠡᠴᠡ ᠢᠷᠡᠳᠡᠭ ᠪᠤᠯᠬᠤᠷ᠂ ᠬᠤᠷ᠎ᠠ ᠳᠤᠨᠳᠠᠰᠤ ᠪᠠᠭᠠᠰᠤᠭᠰᠠᠨ᠂ ᠡᠷᠬᠢᠨ ᠲᠤᠭᠤᠷᠢᠨ ᠤ᠋ ᠤᠰᠤᠨ ᠤ᠋ ᠬᠡᠷᠡᠭᠯᠡᠭᠡ ᠨᠡᠮᠡᠭᠳᠡᠭᠰᠡᠨ ᠵᠡᠷᠭᠡ ᠤᠯᠠᠨ ᠵᠦᠢᠯ ᠤ᠋ᠨ ᠰᠢᠯᠳᠠᠭᠠᠨ ᠡᠴᠡ ᠪᠤᠯᠵᠤ᠂ ᠳᠡᠭᠡᠷ᠎ᠠ ᠵᠠᠭᠤᠨ ᠳ᠋ᠤ 200 ᠲᠡᠭᠰᠢ ᠳᠦᠷᠪᠡᠯᠵᠢᠨ ᠺᠢᠯᠤᠮᠧᠲ᠋ᠷ ᠤ᠋ᠨ ᠲᠠᠯᠠᠪᠠᠢ ᠲᠠᠢ ᠪᠠᠢᠭᠰᠠᠨ ᠨᠠᠭᠤᠷ ᠨᠢ ᠤᠢᠷ᠎ᠠ ᠶ᠋ᠢᠨ ᠵᠢᠯ ᠳ᠋ᠤ 50 ᠲᠡᠭᠰᠢ ᠳᠦᠷᠪᠡᠯᠵᠢᠨ ᠺᠢᠯᠤᠮᠧᠲ᠋ᠷ ᠴᠤ᠌ ᠬᠦᠷᠬᠦ ᠦᠭᠡᠢ ᠪᠠᠢᠳᠠᠯ ᠭᠠᠷᠴᠤ᠂ ᠠᠮᠢ ᠠᠬᠤᠢ ᠶ᠋ᠢ ᠨᠢ ᠵᠠᠰᠠᠨ ᠰᠡᠷᠭᠦᠭᠡᠬᠦ ᠠᠵᠢᠯ ᠮᠠᠰᠢ ᠪᠠᠴᠢᠮ ᠲᠤᠯᠭᠠᠮ ᠪᠤᠯᠤᠭᠰᠠᠨ ᠶ᠋ᠢᠡᠷ ᠂ 2016 ᠤᠨ ᠳ᠋ᠤ ᠤᠯᠠᠭᠠᠨᠴᠠᠪ ᠬᠤᠳᠠ 《ᠳᠠᠭ᠎ᠠ ᠶ᠋ᠢᠨ ᠨᠠᠭᠤᠷ ᠤ᠋ᠨ ᠤᠰᠤᠨ ᠤ᠋ ᠠᠮᠢ ᠠᠬᠤᠢ ᠶ᠋ᠢ ᠬᠠᠮᠠᠭᠠᠯᠠᠬᠤ ᠲᠦᠯᠦᠪᠵᠢᠭᠦᠯᠭᠡ》 ᠳᠤᠭᠳᠠᠭᠠᠨ᠂《ᠬᠤᠶᠠᠷ ᠢ᠋ ᠠᠷᠪᠢᠯᠠᠵᠤ᠂ ᠬᠤᠶᠠᠷ ᠢ᠋ ᠨᠦᠬᠦᠪᠤᠷᠢᠯᠡᠨ᠂ ᠬᠤᠶᠠᠷ ᠢ᠋ ᠰᠡᠷᠭᠦᠭᠡᠬᠦ》 ᠵᠡᠷᠭᠡ ᠪᠦᠲᠦᠮᠵᠢᠳᠠᠢ ᠠᠷᠭ᠎ᠠ ᠠᠪᠴᠠᠯ ᠠᠪᠴᠤ ᠢᠳᠡᠪᠬᠢᠳᠠᠢ ᠪᠡᠷ ᠵᠠᠰᠠᠨ ᠰᠡᠷᠭᠦᠭᠡᠵᠠᠢ᠃ ᠤᠳᠤᠬᠠᠨ ᠳ᠋ᠤ ᠳᠠᠭ᠎ᠠ ᠶ᠋ᠢᠨ ᠨᠠᠭᠤᠷ ᠤ᠋ᠨ ᠲᠠᠯᠠᠪᠠᠢ ᠨᠢ 165 ᠲᠡᠭᠰᠢ ᠳᠦᠷᠪᠡᠯᠵᠢᠨ ᠺᠢᠯᠤᠮᠧᠲ᠋ᠷ ᠪᠤᠯᠤᠨ ᠦᠷᠭᠡᠵᠢᠵᠦ᠂ ᠨᠠᠭᠤᠷ ᠤ᠋ᠨ ᠡᠷᠬᠢᠨ ᠲᠤᠭᠤᠷᠢᠨ ᠤ᠋ ᠨᠤᠭᠤ ᠭᠠᠵᠠᠷ 2.7 ᠲᠦᠮᠡᠨ ᠾᠧᠺᠲ᠋ᠠᠷ ᠲᠤ᠌ ᠬᠦᠷᠴᠤ᠂ ᠰᠠᠪᠠ ᠭᠠᠵᠠᠷ ᠤ᠋ᠨ ᠳᠣᠲᠣᠷᠠᠬᠢ ᠤᠷᠭᠤᠮᠠᠯ ᠤ᠋ᠨ ᠪᠦᠷᠬᠦᠴᠡ ᠨᠢ 70% ᠳ᠋ᠤ ᠬᠦᠷᠴᠤ᠂ ᠱᠢᠪᠠᠭᠤᠨ ᠤ᠋ ᠲᠥᠷᠥᠯ ᠨᠢ 68 ᠵᠦᠶ᠋ᠯ ᠪᠠᠢᠭ᠍ᠰᠠᠨ ᠡᠴᠡ ᠪᠡᠨ ᠨᠡᠮᠡᠭ᠌ᠳᠡᠭᠡᠳ 91 ᠵᠦᠶ᠋ᠯ ᠪᠣᠯᠪᠠ᠃ 2020 ᠣᠨ ᠳ᠋ᠤ᠂ ᠤᠯᠤᠰ ᠤ᠋ᠨ ᠨᠢᠭᠡᠳᠦᠭᠡᠷ ᠳᠡᠰ ᠤ᠋ᠨ ᠬᠠᠮᠠᠭᠠᠯᠠᠯᠲᠠ ᠵᠢᠨ ᠠᠮᠢᠲᠠᠨ ᠪᠤᠯᠬᠤ ᠲᠣᠭᠣᠳᠠᠭ ᠰᠢᠪᠠᠭᠤ ᠠᠩᠬ᠎ᠠ ᠤᠳᠠᠭ᠎ᠠ ᠳᠠᠭ᠎ᠠ ᠵᠢᠨ ᠨᠠᠭᠤᠷ ᠤ᠋ᠨ ᠬᠠᠮᠠᠭᠠᠯᠠᠯᠲᠠ ᠵᠢᠨ ᠣᠷᠣᠨ ᠳ᠋ᠤ ᠢᠯᠡᠷᠡᠵᠦ᠍᠂ 2023 ᠣᠨ ᠤ᠋ ᠬᠠᠪᠤᠷ ᠪᠣᠯᠬᠤ ᠳ᠋ᠤ ᠨᠢᠭᠡᠨᠲᠡ 40 ᠭᠠᠷᠤᠶ ᠪᠣᠯᠵᠣ ᠨᠡᠮᠡᠭᠳᠡᠭᠰᠡᠨ ᠪᠠᠢᠨ᠎ᠠ᠃

ᠤᠯᠠᠭᠠᠨᠰᠤᠬᠠᠢ ᠪᠤᠯ ᠬᠠᠳᠤᠨ ᠭᠤᠤᠯ ᠤ᠋ᠨ ᠰᠠᠪᠠ ᠭᠠᠵᠠᠷ ᠤ᠋ᠨ ᠬᠠᠮᠤᠭ ᠤ᠋ᠨ ᠶᠡᠬᠡ ᠨᠠᠭᠤᠷ ᠴᠦᠬᠦᠷᠦᠮ ᠤ᠋ᠨ ᠨᠤᠭᠤ ᠭᠠᠵᠠᠷ ᠪᠠᠢᠵᠤ᠂ ᠬᠠᠳᠤᠨ ᠭᠤᠤᠯ ᠤ᠋ᠨ ᠤᠰᠤᠨ ᠤ᠋ ᠬᠡᠮᠵᠢᠶ᠎ᠠ ᠶ᠋ᠢ ᠵᠤᠬᠢᠴᠠᠭᠤᠯᠬᠤ᠂ ᠤᠰᠤ ᠶ᠋ᠢ ᠴᠡᠪᠡᠷᠰᠢᠭᠦᠯᠬᠦ᠂ ᠦᠶᠡᠷ ᠤᠰᠤᠳᠤᠯ ᠢ᠋ ᠰᠡᠷᠭᠡᠢᠯᠡᠬᠦ ᠵᠡᠷᠭᠡ ᠴᠢᠬᠤᠯᠠ ᠦᠢᠯᠡᠳᠦᠯ ᠦᠵᠡᠭᠦᠯᠵᠦ᠂ ᠮᠠᠨ ᠤ᠋ ᠤᠯᠤᠰ ᠤ᠋ᠨ ᠤᠮᠠᠷᠠᠳᠦ ᠶ᠋ᠢᠨ ᠠᠯᠢ ᠤᠯᠠᠨ ᠠᠮᠢ ᠠᠬᠤᠢ ᠶ᠋ᠢᠨ ᠴᠢᠳᠠᠮᠵᠢ ᠶ᠋ᠢᠨ ᠤᠷᠤᠨ ᠤ᠋ ᠠᠭᠤᠯᠵᠠᠷ ᠲᠤ᠌ ᠤᠷᠤᠰᠢᠨ᠂ ᠪᠡᠭᠡᠵᠢᠩ ᠲᠢᠶᠠᠨᠵᠢᠨ ᠤ᠋ ᠰᠠᠯᠬᠢ ᠡᠯᠡᠰᠦᠨ ᠤ᠋ ᠡᠬᠢ ᠶ᠋ᠢ ᠡᠵᠡᠮᠳᠡᠬᠦ ᠪᠠᠢᠭᠠᠯᠢ ᠶ᠋ᠢᠨ ᠠᠮᠢ ᠠᠬᠤᠢ ᠶ᠋ᠢᠨ ᠬᠠᠯᠬᠠᠪᠴᠢ ᠪᠤᠯᠵᠤ ᠪᠠᠢᠳᠠᠭ᠃ ᠦᠩᠭᠡᠷᠡᠭᠰᠡᠨ ᠨᠢᠭᠡ ᠦᠶ᠎ᠠ ᠳ᠋ᠤ ᠲᠠᠷᠢᠶᠠᠯᠠᠩ ᠤ᠋ᠨ ᠪᠤᠷᠳᠤᠭᠤᠷᠳᠤ ᠤᠰᠤ ᠪᠠ ᠠᠵᠤ ᠦᠢᠯᠡᠳᠪᠤᠷᠢ ᠶ᠋ᠢᠨ ᠪᠤᠬᠢᠷ ᠤᠰᠤ ᠨᠠᠭᠤᠷ ᠲᠤ᠌ ᠤᠷᠤᠰᠤᠨ ᠤᠷᠤᠬᠤ ᠶ᠋ᠢᠨ ᠵᠡᠷᠭᠡ ᠪᠡᠷ ᠠᠮᠢ ᠠᠬᠤᠢ ᠶ᠋ᠢᠨ ᠨᠦᠬᠦᠪᠤᠷᠢ ᠤᠰᠤ ᠬᠦᠷᠦᠯᠴᠡᠬᠦ ᠦᠭᠡᠢ ᠪᠠᠢᠭᠰᠠᠨ ᠶ᠋ᠢᠡᠷ ᠤᠯᠠᠭᠠᠨᠰᠤᠬᠠᠢ ᠶ᠋ᠢᠨ ᠨᠠᠭᠤᠷ ᠤ᠋ᠨ ᠲᠠᠯᠠᠪᠠᠢ ᠨᠢ ᠶᠡᠬᠡ ᠪᠡᠷ ᠪᠠᠭᠠᠰᠤᠭᠰᠠᠨ ᠪᠦᠭᠡᠳ ᠤᠰᠤᠨ ᠤ᠋ ᠴᠢᠨᠠᠷ ᠨᠢ ᠶᠡᠬᠡ ᠪᠡᠷ ᠮᠠᠭᠤᠳᠠᠵᠤ ᠂ ᠵᠠᠷᠢᠮ ᠲᠤᠰᠬᠠᠢ ᠮᠡᠷᠭᠡᠵᠢᠯᠳᠡᠨ ᠤᠯᠠᠭᠠᠨᠰᠤᠬᠠᠢ ᠶ᠋ᠢ 10 ᠡᠴᠡ 20 ᠵᠢᠯ ᠤ᠋ᠨ ᠲᠤᠳᠤᠷ᠎ᠠ ᠰᠢᠷᠬᠢᠬᠦ ᠠᠶᠤᠯ ᠲᠠᠢ ᠭᠡᠵᠦ ᠪᠠᠢᠪᠠ᠃ ᠡᠭᠦᠨ ᠳ᠋ᠤ ᠪᠠᠶᠠᠨᠨᠠᠭᠤᠷ ᠬᠤᠳᠠ ᠶ᠋ᠢᠨ ᠬᠢᠨ ᠤᠯᠠᠭᠠᠨᠰᠤᠬᠠᠢ ᠶ᠋ᠢᠨ ᠪᠤᠬᠢᠷᠳᠤᠯ ᠨᠠᠭᠤᠷ ᠲᠤᠳᠤᠷ᠎ᠠ ᠨᠢ ᠪᠠᠢᠪᠠᠴᠤ ᠂ ᠰᠢᠯᠳᠠᠭᠠᠨ ᠨᠢ ᠭᠠᠳᠠᠨ᠎ᠠ ᠪᠠᠢᠬᠤ ᠶ᠋ᠢ ᠭᠦᠨᠵᠡᠭᠡᠢ ᠲᠠᠨᠢᠵᠤ᠂ 2017 ᠤᠨ ᠳ᠋ᠤ ᠤᠯᠠᠭᠠᠨᠰᠤᠬᠠᠢ ᠳ᠋ᠤ ᠤᠯᠠᠷᠢᠯ ᠤ᠋ᠨ ᠴᠢᠨᠠᠷᠳᠠᠢ ᠵᠢᠭᠠᠰᠤ ᠠᠩᠨᠠᠬᠤ ᠶ᠋ᠢ ᠴᠠᠭᠠᠵᠠᠯᠠᠬᠤ ᠳᠦᠷᠢᠮ ᠢ᠋ ᠬᠡᠷᠡᠭᠵᠢᠭᠦᠯᠤᠨ᠂ 《ᠪᠠᠶᠠᠨᠨᠠᠭᠤᠷ ᠬᠤᠳᠠ ᠶ᠋ᠢᠨ ᠤᠯᠠᠭᠠᠨᠰᠤᠬᠠᠢ ᠶ᠋ᠢᠨ ᠨᠤᠭᠤ ᠭᠠᠵᠠᠷ ᠢ᠋ ᠬᠠᠮᠠᠭᠠᠯᠠᠬᠤ ᠳᠦᠷᠢᠮ》 ᠢ᠋ ᠲᠤᠭᠤᠷᠪᠢᠨ ᠳᠤᠭᠳᠠᠭᠠᠵᠤ ᠂ ᠤᠯᠠᠭᠠᠨᠰᠤᠬᠠᠢ ᠶ᠋ᠢᠨ ᠰᠠᠪᠠ ᠭᠠᠵᠠᠷ ᠤ᠋ᠨ ᠠᠭᠤᠯᠠ ᠤᠰᠤ ᠤᠢ ᠮᠤᠳᠤ ᠭᠠᠵᠠᠷ ᠲᠠᠷᠢᠶ᠎ᠠ ᠨᠠᠭᠤᠷ ᠪᠦᠷᠢᠳᠦ ᠨᠤᠳᠤᠭ ᠪᠡᠯᠴᠢᠭᠡᠷ ᠢ᠋ ᠠᠮᠢ ᠨᠠᠰᠤᠨ ᠤ᠋ ᠬᠠᠮᠳᠤ ᠶ᠋ᠢᠨ ᠴᠤᠭᠴᠠ ᠪᠡᠷ ᠦᠵᠡᠨ᠂ ᠪᠦᠬᠦ ᠰᠠᠪᠠ ᠭᠠᠵᠠᠷ ᠤ᠋ᠨ᠂ ᠪᠦᠬᠦ ᠬᠦᠴᠦᠨ ᠵᠦᠢᠯ ᠤ᠋ᠨ᠂ ᠪᠦᠬᠦ ᠤᠷᠤᠨ ᠪᠦᠰᠡ ᠶ᠋ᠢᠨ ᠶᠡᠷᠦᠩᠬᠡᠢᠯᠡᠭᠰᠡᠨ ᠵᠠᠰᠠᠯᠳᠠ ᠬᠢᠵᠦ᠂ ᠬᠠᠳᠤᠨ ᠭᠤᠤᠯ ᠤ᠋ᠨ ᠤᠰᠤᠯᠠᠯᠳᠠ ᠶ᠋ᠢᠨ ᠤᠷᠤᠨ ᠵᠢᠯ ᠪᠦᠷᠢ ᠤᠯᠠᠭᠠᠨᠰᠤᠬᠠᠢ ᠳ᠋ᠤ 6 ᠳ᠋ᠦᠩᠰᠢᠭᠤᠷ ᠪᠤᠰᠤᠭ᠎ᠠ ᠳᠦᠷᠪᠡᠯᠵᠢᠨ ᠮᠧᠲᠷ ᠤ᠋ᠨ ᠤᠰᠤ ᠨᠦᠬᠦᠪᠤᠷᠢᠯᠡᠭᠰᠡᠨ ᠶ᠋ᠢᠡᠷ ᠤᠯᠠᠭᠠᠨᠰᠤᠬᠠᠢ ᠶ᠋ᠢᠨ ᠠᠮᠢ ᠠᠬᠤᠢ ᠶ᠋ᠢᠨ ᠤᠷᠴᠢᠨ ᠨᠦᠬᠦᠴᠡᠯ ᠢᠯᠡᠳᠳᠡ ᠰᠠᠢᠵᠢᠷᠠᠵᠤ ᠂ ᠠᠮᠢᠳᠤ ᠪᠤᠳᠠᠰ ᠤ᠋ᠨ ᠤᠯᠠᠨ ᠶᠠᠩᠵᠤᠳᠤ ᠴᠢᠨᠠᠷ ᠨᠢ ᠦᠷᠭᠦᠯᠵᠢᠯᠡᠨ ᠰᠡᠷᠭᠦᠵᠦ᠂ 260 ᠭᠠᠷᠤᠢ ᠵᠦᠢᠯ ᠤ᠋ᠨ ᠰᠢᠪᠠᠭᠤ᠂ 20 ᠭᠠᠷᠤᠢ ᠵᠦᠢᠯ ᠤ᠋ᠨ ᠵᠢᠭᠠᠰᠤ ᠤᠷᠤᠩᠨᠠᠬᠤ ᠪᠤᠯᠪᠠ᠃

ᠬᠦᠬᠡᠬᠤᠳᠠ ᠶ᠋ᠢᠨ ᠴᠢᠯᠠᠭᠤᠨ ᠬᠦᠮᠦᠨ ᠤ᠋ ᠲᠤᠬᠤᠢ ᠨᠤᠭᠤ ᠭᠠᠵᠠᠷ ᠶ᠋ᠢᠡᠷ ᠠᠯ ᠰᠡᠭᠦᠯ ᠢᠷᠡᠪᠡ ; ᠤᠯᠤᠰ ᠤ᠋ᠨ ᠨᠢᠭᠡᠳᠦᠭᠡᠷ ᠳᠡᠰ ᠤ᠋ᠨ ᠬᠠᠮᠠᠭᠠᠯᠠᠯᠳᠠ ᠶ᠋ᠢᠨ ᠠᠮᠢᠳᠠᠨ ᠬᠤᠳᠠᠨ ᠰᠢᠪᠠᠭᠤ ᠪᠤᠭᠤᠳᠤ ᠶ᠋ᠢᠨ ᠬᠠᠳᠤᠨ ᠭᠤᠤᠯ ᠤ᠋ᠨ ᠨᠤᠭᠤ ᠭᠠᠵᠠᠷ ᠤ᠋ᠨ ᠴᠡᠴᠡᠷᠯᠢᠭ ᠲᠤ᠌ ᠢᠷᠡᠵᠠᠢ ᠁

ᠤᠢᠷ᠎ᠠ ᠳ᠋ᠤ ᠨᠤᠭᠤ ᠭᠠᠵᠠᠷ ᠤ᠋ᠨ ᠲᠤᠬᠠᠢ ᠤᠯᠠᠨ ᠰᠠᠢᠬᠠᠨ ᠮᠡᠳᠡᠭᠡ ᠳᠠᠮᠵᠢᠭᠳᠠᠨ᠎ᠠ᠃ ᠪᠦᠬᠦ ᠤᠷᠤᠨ᠎ᠤ ᠦᠨᠳᠦᠰᠦᠳᠡᠨ ᠨᠤᠬᠦᠳ᠎ᠤᠨ ᠺᠠᠳ᠋ᠷ ᠤᠯᠠᠨ ᠲᠦᠮᠡᠨ᠎ᠤ ᠬᠠᠮᠳᠤ ᠵᠢᠨ ᠴᠢᠷᠮᠠᠢᠯᠭ᠎ᠠ ᠪᠠ ᠨᠠᠮ᠎ᠤᠨ ᠲᠦᠪ ᠬᠤᠷᠢᠶ᠎ᠠ ᠵᠢᠨ ᠲᠡᠮᠵᠢᠯᠭᠡ ᠪᠡᠷ ᠨᠤᠭᠤ ᠭᠠᠵᠠᠷ ᠢ᠋ ᠪᠦᠲᠦᠮᠵᠢᠳᠡᠢ ᠬᠠᠮᠠᠭᠠᠯᠠᠵᠤ ᠬᠦᠮᠦᠨ ᠪᠠᠢᠭᠠᠯᠢ ᠶ᠋ᠢᠨ ᠡᠶ᠎ᠠ ᠵᠤᠬᠢᠴᠠᠩᠭᠤᠢ ᠪᠡᠷ ᠬᠠᠮᠳᠤ ᠤᠷᠤᠰᠢᠬᠤ ᠶ᠋ᠢ ᠪᠡᠶᠡᠯᠡᠭᠦᠯᠬᠦ ᠶᠠᠪᠤᠳᠠᠯ ᠤᠳᠠᠯ ᠦᠭᠡᠢ ᠪᠡᠶᠡᠯᠡᠭᠳᠡᠬᠦ ᠨᠢ ᠯᠠᠪᠳᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠮᠦᠩᠭᠦᠨᠬᠤᠸᠠᠷ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号