ᠪᠠᠷᠠᠭᠤᠨ ᠣᠷᠣᠨ ᠤ᠋ ᠲᠥᠯᠥᠪᠯᠡᠭᠡ ᠳ᠋ᠤ ᠨᠠᠮᠠᠷᠢᠯᠡᠭᠰᠡᠨ ᠵᠠᠯᠠᠭᠤ ᠨᠠᠰᠤᠨ᠎ᠤ ᠦᠯᠢᠭᠡᠷ᠎ᠢ ᠬᠦᠤᠷᠨᠢᠨ᠎ᠠ — ᠶᠠᠷᠢᠶᠠᠲᠤ ᠵᠦᠴᠦᠭᠡ 《ᠲᠩᠷᠢ ᠵᠢᠨ ᠬᠢᠵᠠᠭᠠᠷ᠎ᠲᠡᠬᠢ ᠲᠠᠯ᠎ᠠ ᠨᠤᠲᠤᠭ》 ᠰᠠᠢᠨ ᠳᠤᠷ᠎ᠠ ᠵᠢᠨ ᠡᠷᠴᠢ ᠬᠦᠴᠦᠨ ᠢ᠋ ᠳᠠᠮᠵᠢᠭᠤᠯᠪᠠ
2025-03-30 10:57:21
ᠵᠣᠬᠢᠶᠠᠭ᠍ᠴᠢ᠄
ᠰᠦᠨ ᠯᠢᠦ
ᠣᠩᠱᠢᠭ᠍ᠰᠠᠨ ᠣᠳᠠᠭ᠎ᠠ᠄
★★★☆☆

3 ᠰᠠᠷ᠎ᠠ ᠵᠢᠨ 26  ᠤ᠋ ᠡᠳᠦᠷ᠂ ᠥᠪᠥᠷ ᠮᠣᠩᠭᠣᠯ ᠤ᠋ᠨ ᠱᠢᠯᠢ ᠵᠢᠨ ᠭᠤᠤᠯ ᠠᠢᠮᠠᠭ ᠤ᠋ᠨ 《ᠲᠩᠷᠢ ᠵᠢᠨ ᠬᠢᠵᠠᠭᠠᠷ᠎ᠲᠡᠬᠢ ᠲᠠᠯ᠎ᠠ ᠨᠤᠲᠤᠭ》 ᠬᠡᠮᠡᠬᠦ ᠰᠠᠢᠬᠠᠨ ᠠᠯᠳᠠᠷ ᠲᠠᠶ ᠤᠯᠠᠭᠠᠶ ᠳ᠋ᠦ ᠬᠦᠷᠬᠦᠯᠠᠷ᠂ ᠠᠭᠠᠷ ᠤ᠋ᠨ ᠳᠤᠯᠠᠭᠠᠨ ᠨᠢ ᠲᠡᠭ᠎ᠡᠴᠡ ᠳᠣᠷᠣᠭ᠍ᠰᠢ 11 ᠭᠷᠠᠳᠦ᠋ᠰ ᠲᠦ᠍ ᠬᠦᠷᠴᠤ᠂ ᠲᠠᠷᠠᠴᠢᠯᠠᠨ ᠴᠠᠰᠤ ᠪᠣᠷᠣᠭᠠᠨ ᠬᠤᠯᠢᠯᠳᠤᠨ ᠤᠷᠤᠵᠦ᠂  ᠡᠨᠡ ᠨᠤᠳᠤᠭ ᠲᠣ᠌ ᠬᠠᠪᠤᠷ ᠬᠠᠷᠠᠬᠠᠨ ᠰᠠᠭᠠᠳᠠᠭᠠᠳᠤᠢ ᠪᠠᠢᠯ᠎ᠠ᠃ ᠠᠵᠢᠯ ᠡᠴᠡ ᠪᠠᠭᠤᠬᠤ ᠴᠠᠭ ᠪᠣᠯᠬᠤ ᠳ᠋ᠦ᠂ ᠮᠠᠰᠢ ᠣᠯᠠᠨ ᠵᠠᠯᠠᠭᠤᠴᠤᠳ ᠰᠤᠷᠭᠠᠭᠤᠯᠢ᠂ ᠵᠠᠰᠠᠭ ᠤ᠋ᠨ ᠣᠷᠳᠣᠨ ᠤ᠋ ᠠᠯᠪᠠᠨ ᠠᠰᠠᠷ᠂ ᠡᠷᠡᠭᠦᠯ ᠬᠠᠮᠠᠭᠠᠯᠠᠯ ᠤ᠋ᠨ ᠬᠣᠷᠢᠶ᠎ᠠ ᠡᠴᠡ ᠭᠠᠷᠴᠤ᠌ ᠢᠷᠡᠵᠡᠭᠡᠵᠤ ᠪᠠᠢᠯ᠎ᠠ᠂  ᠲᠡᠳᠡᠨ ᠤ᠋  ᠤᠯᠠᠡᠭᠬᠢ ᠨᠢ ᠰᠠᠢᠨ ᠲᠤᠷ᠎ᠠ ᠡᠴᠡ ᠪᠠᠨ ᠪᠠᠷᠠᠭᠤᠨ ᠣᠷᠣᠨ ᠳ᠋ᠤ ᠦᠢᠯᠡᠴᠢᠯᠡᠬᠦ ᠲᠥᠯᠥᠪᠯᠡᠭᠡ ᠵᠢᠨ ᠰᠠᠢᠨ ᠳᠤᠷᠠᠴᠤᠤᠨ ᠪᠤᠯᠬᠤ ᠠᠵᠢ᠃ ᠦᠶ᠎ᠡ ᠦᠶ᠎ᠡ ᠵᠢᠨ ᠰᠠᠢᠨ ᠲᠤᠷ᠎ᠠ ᠡᠴᠡ ᠪᠠᠨ ᠪᠠᠷᠠᠭᠤᠨ ᠣᠷᠣᠨ ᠳ᠋ᠤ ᠦᠢᠯᠡᠴᠢᠯᠡᠬᠦ ᠲᠥᠯᠥᠪᠯᠡᠭᠡ ᠵᠢᠨ ᠰᠠᠢᠨ ᠳᠤᠷᠠᠴᠤᠳ ᠤ᠋ᠨ ᠳᠡᠮᠵᠢᠯᠭᠡ ᠪᠡᠷ ᠤᠯᠠᠭᠠᠶ ᠬᠥᠭ᠌ᠵᠢᠯᠲᠡ ᠵᠢᠨ ᠠᠮᠢᠵᠢᠷᠠᠯ ᠤ᠋ᠨ ᠬᠦᠴᠦᠨ ᠵᠢᠡᠷ ᠪᠢᠯᠬᠠᠮ᠎ᠠ ᠪᠠᠢᠯ᠎ᠠ᠃

ᠣᠲᠣ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠱᠢᠭᠤᠳ ᠬᠠᠷᠢᠶ᠎ᠠ ᠤᠯᠠᠭᠠᠨᠮᠥ᠋ᠴᠢᠷ ᠤ᠋ᠨ  ᠪᠦᠯᠬᠦᠮ ᠤ᠋ᠨ  ᠳᠡᠳ᠋ ᠳᠠᠷᠤᠭ᠎ᠠ ᠵᠢᠨ ᠲᠤᠰᠢᠶᠠᠯ᠎ᠢ ᠡᠭᠦᠷᠭᠡᠯᠡᠵᠦ ᠪᠠᠢᠭ᠎ᠠ ᠴᠢᠶᠣᠤ ᠺᠧ 2016 ᠣᠨ ᠳ᠋ᠦ ᠠᠩᠬ᠎ᠠ ᠤᠳᠠᠭ᠎ᠠ ᠤᠯᠠᠭᠠᠶ ᠳ᠋ᠦ ᠢᠷᠡᠵᠦ  ᠮᠠᠲ᠋ᠧᠷᠢᠶᠠᠯ ᠴᠤᠭ᠍ᠯᠠᠭᠤᠯᠬᠤ ᠶᠠᠪᠤᠴᠠ ᠳ᠋ᠠᠭᠠᠨ  ᠤᠯᠠᠭᠠᠶ ᠬᠠᠮᠢᠶᠠᠷᠤᠯᠲᠠ ᠵᠢᠨ ᠣᠷᠣᠨ ᠤ᠋ ᠰᠣᠶᠣᠯ ᠪᠡᠶ᠎ᠡ ᠵᠢᠨ ᠲᠠᠮᠢᠷ ᠵᠢᠭᠤᠯᠴᠢᠯᠠᠯ ᠷᠠᠳᠢᠣ᠋ ᠲᠧᠯᠸᠢᠰ ᠤ᠋ᠨ ᠲᠣᠪᠴᠢᠶ᠎ᠠ ᠳ᠋ᠦ ᠠᠵᠢᠯᠯᠠᠵᠤ ᠪᠠᠢᠭ᠎ᠠ ᠪᠤᠤ ᠬᠠᠨ ᠲᠠᠢ ᠲᠠᠨᠢᠯᠴᠠᠵᠠᠢ᠃ ᠬᠢᠷᠢᠨ ᠮᠤᠵᠢ ᠡᠴᠡ ᠢᠷᠡᠭ᠌ᠰᠡᠨ ᠡᠨᠡ ᠬᠡᠦᠬᠡᠨ ᠶᠡᠬᠡ ᠰᠤᠷᠭᠠᠭᠤᠯᠢ᠎ᠪᠠᠨ ᠲᠡᠭᠦᠰᠦᠭ᠌ᠰᠡᠨ ᠤ᠋ ᠳᠠᠷᠠᠭ᠎ᠠ ᠤᠶᠤᠲᠠᠳ ᠤ᠋ᠨ  ᠰᠠᠢᠨ ᠳᠤᠷ᠎ᠠ ᠡᠴᠡ ᠪᠡᠨ ᠪᠠᠷᠠᠭᠤᠨ ᠣᠷᠣᠨ ᠳ᠋ᠦ  ᠦᠢᠯᠡᠴᠢᠯᠡᠬᠦ ᠲᠥᠯᠥᠪᠯᠡᠭᠡ᠎ᠳ᠋ᠤ ᠪᠠᠭᠳᠠᠭᠳᠠᠨ ᠤᠯᠠᠭᠠᠶ ᠳ᠋ᠦ ᠢᠷᠡᠵᠦ᠍᠂ ᠦᠢᠯᠡᠴᠢᠯᠡᠬᠦ᠌ ᠬᠤᠭᠤᠴᠠᠭ᠎ᠠ ᠨᠢ ᠲᠦᠬᠦᠷᠦᠭᠰᠡᠨ ᠤ᠋ ᠳᠠᠷᠠᠭ᠎ᠠ ᠤᠯᠠᠭᠠᠶ ᠳ᠋ᠦ ᠦᠯᠡᠳᠡᠨ ᠠᠵᠢᠯᠯᠠᠵᠠᠢ᠃

《 ᠪᠤᠤ ᠬᠠᠨ ᠵᠢᠡᠷ ᠳᠠᠮᠵᠢᠨ᠂ ᠪᠢ ᠰᠠᠢᠨ ᠲᠤᠷ᠎ᠠ ᠡᠴᠡ ᠪᠠᠨ ᠪᠠᠷᠠᠭᠤᠨ ᠣᠷᠣᠨ ᠳ᠋ᠤ ᠦᠢᠯᠡᠴᠢᠯᠡᠬᠦ ᠲᠥᠯᠥᠪᠯᠡᠭᠡ ᠵᠢᠨ ᠰᠠᠢᠨ ᠲᠤᠷᠠᠴᠤᠳ ᠡᠨᠡ ᠬᠦ᠌ ᠬᠠᠮᠳᠦ ᠨᠡᠢᠳᠡ ᠵᠢ ᠣᠢᠯᠠᠭᠠᠪᠠ᠃ ᠣᠯᠠᠨ ᠤ᠋ ᠣᠯᠵᠤ ᠦᠵᠡᠬᠦ᠌ ᠦᠭᠡᠢ ᠭᠠᠵᠠᠷ ᠡᠨᠡ ᠨᠢᠭᠡ ᠪᠦᠯᠦᠭ ᠬᠥᠮᠦᠨ ᠮᠠᠨ ᠤ᠋ ᠨᠤᠲᠤᠭ ᠤᠰᠤᠨ ᠤ᠋ ᠲᠦᠯᠦᠭᠡ ᠭᠠᠯ ᠵᠠᠯᠠᠭᠤ ᠨᠠᠰᠤ ᠪᠡᠨ ᠡᠷᠭᠦᠭᠰᠡᠭᠡᠷ ᠢᠷᠡᠵᠠᠢ᠂ ᠡᠭᠦᠨ ᠢ᠋ ᠬᠠᠷᠠᠭᠠᠳ  ᠪᠢ ᠲᠤᠩ ᠰᠡᠳᠭᠢᠯ ᠬᠥᠳᠡᠯᠵᠦ᠍᠂ ᠲᠡᠳᠡᠨ ᠤ᠋ ᠦᠯᠢᠭᠡᠷ ᠢ᠋ ᠨᠠᠩ ᠣᠯᠠᠨ ᠬᠥᠮᠦᠰ ᠲᠣ᠌ ᠮᠡᠳᠡᠬᠦᠯᠬᠦ ᠴᠢᠬᠤᠯᠠᠲᠠᠢ᠂ ᠲᠡᠳᠡᠨ ᠵᠢᠡᠷ ᠰᠠᠳᠤᠪᠯᠡᠵᠦ ᠨᠢᠭᠡ ᠪᠦᠯᠦᠭ ᠶᠠᠷᠢᠶᠠᠲᠤ ᠵᠦᠴᠦᠭᠡ ᠵᠣᠬᠢᠶᠠᠬᠤ ᠪᠤᠳᠤᠯ ᠲᠠᠢ ᠪᠤᠯᠤᠭᠰᠠᠨ》 ᠭᠡᠵᠦ᠍ ᠴᠢᠶᠣᠤ ᠺᠸ ᠬᠡᠯᠡᠨ᠎ᠠ᠃

ᠲᠤᠬᠠᠶ ᠵᠢᠨ ᠦᠶ᠎ᠡ ᠳ᠋ᠦ  ᠱᠢᠯᠢ ᠵᠢᠨ ᠭᠤᠤᠯ ᠠᠢᠮᠠᠭ ᠤ᠋ᠨ ᠤᠯᠠᠭᠠᠨᠮᠥ᠋ᠴᠢᠷ ᠤ᠋ᠨ ᠳᠠᠷᠤᠭ᠎ᠠ ᠪᠠᠢᠭ᠍ᠰᠠᠨ ᠮᠸᠩ ᠢᠦᠶ ᠵᠧᠨ  ᠴᠢᠶᠣᠤ ᠺᠧ ᠵᠢᠨ ᠵᠣᠬᠢᠶᠠᠨ ᠪᠦᠲᠦᠭᠡᠬᠦ᠌ ᠲᠥᠯᠥᠪᠯᠡᠭᠡ ᠵᠢ ᠮᠡᠳᠡᠭ᠌ᠰᠡᠨ ᠤ᠋ ᠳᠠᠷᠠᠭ᠎ᠠ᠂ ᠲᠡᠭᠦᠨ᠎ᠲᠡᠶ ᠬᠠᠮᠲᠤᠷᠠᠨ ᠠᠵᠢᠯᠯᠠᠬᠤ ᠪᠡᠷ ᠲᠣᠭ᠍ᠲᠠᠵᠠᠢ᠃ 《ᠬᠡᠳᠦᠢᠪᠡᠷ ᠲᠣᠭ᠍ᠯᠠᠯᠲᠠ ᠵᠢᠨ ᠭᠠᠵᠠᠷ ᠨᠢ ᠲᠠᠯ᠎ᠠ ᠨᠤᠲᠤᠭ ᠡᠴᠡ ᠵᠦᠴᠦᠭᠡ ᠵᠢᠨ ᠲᠢᠶᠠᠲ᠋ᠠᠷ ᠪᠣᠯᠤᠭ᠍ᠰᠠᠨ ᠪᠣᠯᠪᠠᠴᠤ᠌ ᠤᠯᠠᠭᠠᠨᠮᠥ᠋ᠴᠢᠷ ᠤ᠋ᠨ ᠲᠣᠭ᠍ᠯᠠᠯᠲᠠ ᠨᠢ ᠶᠠᠷᠤ ᠨᠢ ᠠᠷᠠᠳ ᠲᠦᠮᠡᠨ ᠤ᠋ ᠳᠤᠮᠳᠠ ᠣᠴᠢᠳᠠᠭ》 ᠭᠡᠵᠦ᠍ ᠮᠸᠩ ᠢᠦᠢ ᠵᠧᠨ ᠬᠡᠯᠡᠨ᠎ᠠ᠃

ᠭᠤᠷᠪᠠᠨ ᠵᠢᠯ ᠤ᠋ᠨ ᠵᠣᠬᠢᠶᠠᠨ ᠪᠦᠲᠦᠭᠡᠯᠭᠡ᠎ᠪᠡᠷ ᠳᠠᠮᠵᠢᠨ᠂ ᠶᠠᠷᠢᠶᠠᠲᠤ ᠵᠦᠴᠦᠭᠡ 《ᠲᠩᠷᠢ ᠵᠢᠨ ᠬᠢᠵᠠᠭᠠᠷ ᠲᠡᠬᠢ ᠲᠠᠯ᠎ᠠ ᠨᠤᠲᠤᠭ》ᠵᠦᠴᠦᠭᠡ ᠵᠢᠨ ᠵᠤᠬᠢᠶᠠᠯ ᠨᠢ ᠬᠡᠯᠪᠡᠷᠢᠵᠢᠪᠡ᠃ ᠲᠣᠰ ᠵᠦᠴᠦᠭᠡ ᠨᠢ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠳ᠋ᠦ ᠢᠷᠡᠭᠰᠡᠨ ᠰᠠᠢᠨ ᠲᠤᠷ᠎ᠠ ᠡᠴᠡ ᠪᠠᠨ ᠪᠠᠷᠠᠭᠤᠨ ᠣᠷᠣᠨ ᠳ᠋ᠤ ᠦᠢᠯᠡᠴᠢᠯᠡᠬᠦ ᠲᠥᠯᠥᠪᠯᠡᠭᠡ ᠵᠢᠨ ᠰᠠᠢᠨ ᠳᠤᠷᠠᠴᠤᠳ ᠲᠸ᠋ ᠠᠩᠬᠠᠷᠤᠯ ᠵᠢᠡᠨ ᠲᠥᠪᠯᠡᠷᠡᠭᠦᠯᠵᠦ᠍᠂ ᠲᠠᠳᠠᠨ᠎ᠦ ᠶᠡᠬᠡ ᠬᠣᠲᠠ ᠵᠢᠨ ᠳᠠᠪᠠᠭᠤᠯᠢᠭ ᠨᠥᠬᠥᠴᠡᠯ ᠵᠢᠡᠨ ᠲᠠᠶᠠᠭ᠍ᠳᠠᠵᠤ᠂ ᠤᠯᠠᠭᠠᠶ ᠵᠢᠨ ᠲᠠᠯ᠎ᠠ ᠨᠤᠲᠤᠭ ᠲᠣ᠌ ᠢᠷᠡᠵᠤ ᠨᠤᠳᠤᠭᠰᠢᠬᠰᠠᠨ ᠥᠯᠢᠭᠡᠷ ᠢ᠋ ᠬᠦᠤᠷᠨᠢᠵᠠᠢ᠃

ᠦᠯᠢᠭᠡᠷ᠎ᠲᠦ᠂ ᠵᠤᠤ ᠵᠢᠶᠤᠤ ᠶᠦᠨ᠂ ᠭᠤᠤ ᠸᠸᠨ ᠲᠢᠶᠠᠨ᠂ ᠲᠠᠩ ᠲᠠᠩ ᠵᠡᠷᠭᠡ ᠰᠠᠢ᠌ᠨ ᠲᠤᠷᠠᠴᠤᠳ ᠤᠷᠬᠢᠯᠤᠮ᠎ᠠ ᠬᠠᠯᠠᠭᠤᠨ ᠰᠡᠳᠭᠢᠯ ᠡᠪᠦᠷᠯᠡᠨ ᠲᠠᠯ᠎ᠠ ᠨᠤᠲᠤᠭ ᠤ᠋ᠨ ᠦᠷᠦᠴᠡᠨ ᠳ᠋ᠦ ᠬᠦᠷᠴᠦ᠂ ᠤᠯᠠᠭᠠᠢ  ᠨᠤᠲᠤᠭ ᠤ᠋ᠨ ᠬᠡᠦᠬᠡᠳ᠎ᠤᠨ 《ᠱᠢᠨ᠎ᠡ ᠪᠠᠭ᠍ᠰᠢ》 ᠪᠣᠯᠪᠠ᠃ ᠡᠳᠡᠭᠡᠷ ᠱᠢᠨ᠎ᠡ ᠢᠷᠡᠭ᠌ᠰᠡᠨ ᠪᠠᠭ᠍ᠰᠢ᠎ᠨᠠᠷ ᠬᠡᠦᠬᠡᠳ᠎ᠲᠸ᠋  ᠮᠡᠳᠡᠯᠭᠡ ᠤᠯᠠᠮᠵᠢᠯᠠᠬᠤ᠎ᠵᠢᠨ ᠲᠠᠭᠠᠤ ᠲᠠᠯ᠎ᠠ ᠨᠤᠲᠤᠭ ᠡᠴᠡ ᠭᠠᠳᠠᠨᠠᠬᠢ ᠦᠯᠢᠭᠡᠷ ᠢ᠋ ᠬᠦᠤᠷᠨᠢᠵᠤ ᠦᠭᠳᠡᠭ᠃ ᠲᠡᠳᠡᠨ ᠤ᠋ ᠴᠢᠷᠮᠠᠢᠯᠭ᠎ᠠ ᠪᠡᠷ᠂ ᠬᠡᠦᠬᠡᠳ  ᠤ᠋ᠨ ᠬᠢᠷᠢ ᠪᠦᠲᠦᠮᠵᠢ ᠴᠤ᠌ ᠡᠳᠦᠷ ᠢᠷᠡᠬᠦᠶ᠎ᠡ ᠲᠡᠭᠡᠭᠰᠢᠯᠡᠵᠤ᠂  ᠬᠡᠦᠬᠡᠳ ᠤ᠋ᠨ ᠬᠢᠵᠠᠭᠠᠯᠠᠰᠢ ᠦᠭᠡᠢ ᠰᠠᠢᠨ ᠰᠠᠢᠬᠠᠨ ᠢᠷᠡᠭᠡᠳᠦᠢ ᠵᠢᠨ ᠬᠦᠰᠡᠯ ᠲᠠᠮᠠᠤᠯᠤᠯ ᠢ᠋ ᠬᠦᠪᠦᠷᠡᠬᠦᠯᠪᠡ᠃

ᠡᠨᠡ ᠵᠦᠴᠦᠭᠡ ᠵᠥᠪᠬᠡᠨ ᠨᠢᠭᠡ ᠪᠦᠯᠦᠭ ᠰᠠᠢᠨ ᠲᠤᠷ᠎ᠠ ᠡᠴᠠ ᠪᠠᠨ ᠪᠠᠷᠠᠭᠤᠨ ᠣᠷᠣᠨ ᠳ᠋ᠤ ᠦᠢᠯᠡᠴᠢᠯᠡᠬᠦ ᠲᠥᠯᠥᠪᠯᠡᠭᠡ ᠵᠢᠨ ᠰᠠᠢᠨ ᠳᠤᠷᠠᠴᠤᠳ ᠤ᠋ᠨ ᠬᠤᠷᠢᠶᠠᠩᠭᠤᠢ ᠳᠦᠷᠰᠦ ᠲᠡᠳᠦᠢ ᠶᠤᠮ ᠃ ᠥᠪᠥᠷ ᠮᠣᠩᠭᠣᠯ ᠤ᠋ᠨ ᠵᠠᠯᠠᠭᠤᠴᠤᠳ ᠤ᠋ᠨ ᠰᠠᠢᠨ ᠲᠤᠷᠠᠴᠤᠳ ᠤ᠋ᠨ ᠨᠡᠢᠭᠡᠮᠯᠢᠭ ᠤ᠋ᠨ ᠨᠠᠷᠢᠨ ᠪᠢᠴᠢᠭ ᠤ᠋ᠨ ᠳᠠᠷᠤᠭ᠎ᠠ ᠶᠠᠩ ᠭᠦᠸᠧ ᠴᠢ ᠄ 《ᠥᠪᠥᠷ ᠮᠣᠩᠭᠣᠯ ᠪᠠᠷᠠᠭᠤᠨ ᠣᠷᠣᠨ ᠤ᠋ ᠲᠥᠯᠥᠪᠯᠡᠭᠡ ᠵᠢ ᠬᠡᠷᠡᠭ᠌ᠵᠢᠭᠦᠯᠦᠭ᠌ᠰᠡᠨ᠎ᠡᠴᠡ ᠨᠠᠭᠠᠰᠢ᠂ ᠨᠡᠢᠲᠡ 16831 ᠣᠶᠤᠲᠠᠨ ᠰᠠᠢᠨ ᠲᠤᠷᠠᠴᠤᠳ ᠮᠠᠨ ᠤ᠋ ᠣᠷᠣᠨ ᠤ᠋ ᠦᠨᠳᠦᠰᠦᠨ ᠱᠠᠲᠤᠨ ᠤ᠋ ᠨᠢᠭᠡᠴᠢ ᠳ᠋ᠦ ᠬᠦᠷᠴᠦ᠍ ᠶᠠᠳᠠᠭᠤ ᠡᠴᠡ ᠠᠩᠭᠢᠵᠢᠷᠠᠭᠤᠯᠬᠤ ᠪᠤᠭᠤᠮᠳᠠ ᠱᠢᠪᠲᠤᠯᠬᠤ ᠲᠠᠢᠯᠠᠯᠳᠤᠭᠠᠨ᠂ ᠰᠠᠭᠤᠷᠢ ᠰᠤᠷᠭᠠᠨ ᠬᠥᠮᠦᠵᠢᠯ᠂ ᠡᠮ ᠡᠮᠨᠡᠯᠭᠡ ᠡᠷᠡᠭᠦᠯ ᠬᠠᠮᠠᠭᠠᠯᠠᠯ᠂ ᠤᠯᠤᠰ ᠵᠢᠡᠨ ᠬᠠᠮᠠᠭᠠᠯᠠᠵᠤ ᠬᠢᠯᠢ ᠬᠢᠵᠠᠭᠠᠷ ᠵᠢᠡᠨ ᠬᠠᠮᠠᠭᠠᠯᠠᠬᠤ᠂ ᠠᠮᠢ ᠠᠬᠤᠶ ᠣᠷᠴᠢᠨ ᠲᠣᠭᠣᠷᠢᠨ ᠢ᠋ ᠬᠠᠮᠠᠭᠠᠯᠠᠬᠤ ᠵᠡᠷᠭᠡ ᠬᠦᠷᠢᠶᠡᠨ᠎ᠳᠡᠬᠢ ᠰᠠᠢᠨ ᠳᠤᠷ᠎ᠠ᠎ᠵᠢᠨ ᠦᠶ᠋ᠯᠡᠴᠢᠯᠡᠭᠡ ᠥᠷᠨᠢᠭᠦᠯᠵᠦ᠍᠂ ᠦᠶ᠋ᠯᠡᠴᠢᠯᠡᠭᠡᠨ ᠤ᠋ ᠬᠤᠭᠤᠴᠠᠭ᠎ᠠ ᠨᠢ ᠳᠦᠬᠦᠷᠦᠭᠰᠡᠨ ᠤ᠋ ᠳᠠᠷᠠᠭ᠎ᠠ 6000 ᠭᠠᠷᠤᠶ ᠨᠢ ᠥᠪᠥᠷ ᠮᠣᠩᠭᠣᠯ ᠳ᠋ᠦ ᠨᠤᠲᠤᠭ᠍ᠰᠢᠬᠤ ᠰᠤᠩᠭᠤᠯᠳᠠ ᠬᠢᠪᠡ᠃ ᠡᠨᠡ ᠬᠦ᠌ ᠶᠠᠪᠤᠴᠠ ᠳ᠋ᠦ ᠴᠥᠭᠡᠨ ᠪᠤᠰᠤ ᠮᠠᠭ᠍ᠲᠠᠨ ᠳᠠᠭᠤᠯᠠᠭᠤᠱᠢᠲᠠᠶ ᠥᠯᠢᠭᠡᠷ ᠴᠣᠯᠭᠣᠷᠠᠨ ᠭᠠᠷᠴᠤ᠌᠂ ᠡᠲᠡᠭᠡᠷ ᠥᠯᠢᠭᠡᠷ ᠢ᠋ ᠶᠠᠷᠢᠶᠠᠲᠤ ᠵᠦᠴᠦᠭᠡ ᠵᠢᠨ ᠬᠡᠯᠪᠡᠷᠢ᠎ᠪᠡᠷ ᠲᠠᠢᠰᠠᠨ ᠳ᠋ᠦ ᠭᠠᠷᠭᠠᠵᠤ᠂ ᠢᠯᠠᠩᠭᠤᠶ᠎ᠠ ᠤᠯᠠᠭᠠᠨᠮᠥ᠋ᠴᠢᠷ ᠤ᠋ᠨ ᠡᠢᠮᠦᠷᠬᠦ᠌ 〈ᠰᠠᠢᠨ ᠳᠤᠷ᠎ᠠ ᠵᠢᠨ ᠵᠣᠷᠢᠭ ᠰᠠᠨᠠᠭ᠎ᠠ ᠪᠡᠷ ᠪᠠᠶᠠᠯᠢᠭ〉 ᠤᠳᠭ᠎ᠠ ᠤᠷᠠᠯᠢᠭ ᠤ᠋ᠨ ᠬᠡᠯᠪᠡᠷᠢ᠎ᠪᠡᠷ ᠢᠯᠡᠷᠡᠭᠦᠯᠦᠭ᠌ᠰᠡᠨ ᠨᠢ ᠮᠠᠰᠢ ᠶᠡᠬᠡ ᠠᠴᠢ ᠬᠣᠯᠪᠣᠭ᠍ᠳᠠᠯ ᠲᠠᠢ ᠶᠤᠮ》 ᠭᠡᠯ᠎ᠠ᠃

2020 ᠣᠨ ᠳ᠋ᠦ  ᠱᠢᠯᠢ ᠵᠢᠨ ᠭᠤᠤᠯ ᠠᠢᠮᠠᠭ ᠤ᠋ᠨ ᠤᠯᠠᠭᠠᠨᠮᠥ᠋ᠴᠢᠷ ᠶᠠᠷᠢᠶᠠᠲᠤ ᠵᠦᠴᠦᠭᠡ 《ᠲᠩᠷᠢ ᠵᠢᠨ ᠬᠢᠵᠠᠭᠠᠷ ᠲᠡᠬᠢ ᠲᠠᠯ᠎ᠠ ᠨᠤᠲᠤᠭ》 ᠢ᠋ ᠵᠤᠬᠢᠶᠠᠨ ᠪᠦᠲᠦᠭᠡᠬᠦ ᠪᠡᠷ ᠲᠦᠯᠦᠪᠯᠡᠵᠦ ᠡᠬᠢᠯᠡᠵᠠᠢ᠃ ᠲᠤᠬᠠᠢ ᠵᠢᠨ ᠦᠶ᠎ᠡ ᠳ᠋ᠦ ᠱᠢᠯᠢ ᠵᠢᠨ ᠭᠣᠣᠯ ᠠᠢᠮᠠᠭ ᠤ᠋ᠨ ᠤᠯᠠᠭᠠᠨᠮᠥ᠋ᠴᠢᠷ ᠤ᠋ᠨ ᠪᠦᠯᠬᠦᠮ ᠳ᠋ᠦ ᠰᠢ ᠵᠦᠴᠦᠭᠡ ᠵᠢᠨ ᠲᠤᠭᠯᠠᠯᠳᠠ ᠵᠢ ᠰᠤᠷᠤᠭᠰᠠᠨ ᠬᠥᠮᠦᠨ ᠨᠢᠭᠡ ᠴᠦ᠍ ᠪᠠᠢᠭᠰᠠᠨ ᠦᠭᠡᠢ᠂ ᠣᠯᠠᠩᠬᠢ ᠲᠣᠭ᠍ᠯᠠᠭ᠍ᠴᠢ᠎ᠵᠢᠨ  ᠶᠠᠷᠢᠶᠠᠳᠦ ᠵᠦᠴᠦᠭᠡ ᠵᠢᠨ ᠲᠤᠬᠠᠢ ᠲᠠᠨᠢᠯᠲᠠ ᠮᠠᠰᠢ ᠲᠤᠳᠠᠮᠠᠭ ᠪᠠᠢᠪᠠ᠃

ᠬᠠᠮᠤᠭ᠎ᠤᠨ ᠰᠠᠬᠦᠯ᠎ᠳᠤ ᠰᠢ ᠵᠦᠴᠦᠭᠡ ᠵᠢᠨ ᠲᠤᠰᠬᠠᠢ ᠮᠡᠷᠭᠡᠵᠢᠯ ᠤ᠋ᠨ ᠪᠤᠰᠦ 13 ᠤᠯᠠᠭᠠᠨᠮᠥ᠋ᠴᠢᠷ ᠤ᠋ᠨ  ᠭᠡᠱᠢᠭᠦᠨ ᠡᠨᠡ ᠬᠦ᠌ ᠡᠭᠦᠷᠭᠡ ᠵᠢ ᠬᠦᠯᠢᠶᠡᠨ ᠠᠪᠴᠦ ᠂ ᠶᠡᠬᠡ ᠬᠡᠮᠵᠢᠶᠡᠨ ᠤ᠋ ᠵᠦᠴᠦᠭᠡ ᠵᠢᠨ ᠦᠭᠡ᠂ ᠶᠠᠷᠢᠶᠠᠲᠤ ᠵᠦᠴᠦᠭᠡ ᠵᠢᠨ ᠥᠪᠡᠷᠮᠢᠴᠡ ᠲᠣᠭ᠍ᠯᠠᠯᠲᠠ ᠵᠢᠨ ᠠᠷᠭ᠎ᠠ ᠬᠡᠯᠪᠡᠷᠢ᠂ ᠵᠦᠴᠦᠭᠡ ᠵᠢᠨ ᠦᠢᠯᠡ ᠶᠠᠪᠤᠳᠠᠯ ᠤ᠋ᠨ ᠨᠠᠷᠢᠨ ᠵᠦᠢᠯᠡᠰ ᠤ᠋ᠨ ᠲᠠᠯ᠎ᠠ ᠪᠡᠷ ᠲᠣᠭ᠍ᠯᠠᠬᠤ ᠵᠢᠨ ᠳᠠᠭᠠᠤ ᠰᠤᠷᠤᠯᠴᠠᠵᠤ᠂ ᠮᠠᠰᠢ ᠤᠯᠠᠨ ᠬᠦᠴᠢᠷ ᠠᠰᠠᠭᠤᠳᠠᠯ ᠢ᠋ ᠢᠯᠠᠨ ᠳᠠᠪᠠᠵᠤ᠂  2022 ᠣᠨ ᠤ᠋ 8 ᠰᠠᠷ᠎ᠠ ᠵᠢᠨ 20 ᠤ᠋ ᠡᠳᠦᠷ ᠶᠠᠷᠢᠶᠠᠲᠤ ᠵᠦᠴᠦᠭᠡ 《ᠲᠩᠷᠢ ᠵᠢᠨ ᠬᠢᠵᠠᠭᠠᠷ ᠲᠡᠬᠢ ᠲᠠᠯ᠎ᠠ ᠨᠤᠲᠤᠭ》 ᠢ᠋ ᠠᠩᠬ᠎ᠠ ᠤᠳᠠᠭ᠎ᠠ ᠱᠢᠯᠢᠩᠬᠣᠲᠠ ᠳ᠋ᠦ ᠲᠠᠢᠰᠠᠨ ᠳ᠋ᠦ ᠭᠠᠷᠭᠠᠵᠦ ᠲᠣᠭ᠍ᠯᠠᠪᠠ᠃

2023 ᠣᠨ ᠳ᠋ᠦ ᠤᠶᠤᠲᠠᠳ ᠤ᠋ᠨ ᠰᠠᠢᠨ ᠲᠤᠷ᠎ᠠ ᠡᠴᠡ ᠪᠠᠨ ᠪᠠᠷᠠᠭᠤᠨ ᠣᠷᠣᠨ ᠳ᠋ᠦ ᠦᠢᠯᠡᠴᠢᠯᠡᠬᠦ  ᠲᠥᠯᠥᠪᠯᠡᠭᠡ ᠵᠢ ᠬᠡᠷᠡᠭ᠌ᠵᠢᠭᠦᠯᠦᠭ᠌ᠰᠡᠨ 20 ᠵᠢᠯ ᠤ᠋ᠨ ᠣᠶ ᠪᠤᠯᠵᠦ ᠂ ᠳᠣᠯᠣᠳᠤᠭᠠᠷ ᠬᠤᠭᠤᠴᠠᠭᠠᠨ ᠤ᠋ ᠳᠤᠮᠳᠠᠳᠤ ᠤᠯᠤᠰ ᠤ᠋ᠨ ᠵᠠᠯᠠᠭᠤᠴᠤᠳ ᠤ᠋ᠨ ᠰᠠᠢᠨ ᠳᠤᠷ᠎ᠠ ᠵᠢᠨ ᠦᠶ᠋ᠯᠡᠴᠢᠯᠡᠭᠡᠨ ᠤ᠋ ᠲᠥᠷᠥᠯ ᠵᠦᠶ᠋ᠯ ᠤ᠋ᠨ ᠤᠷᠤᠯᠳᠤᠭᠠᠨ ᠵᠢᠴᠢ ᠰᠠᠢᠨ ᠳᠤᠷ᠎ᠠ ᠵᠢᠨ ᠦᠶ᠋ᠯᠡᠴᠢᠯᠡᠭᠡᠨ ᠤ᠋ ᠰᠣᠯᠢᠯᠴᠠᠭᠠᠨ ᠤ᠋ ᠴᠤᠭᠯᠠᠭᠠᠨ ᠤ᠋ 2023 ᠣᠨ ᠤ᠋ ᠲᠥᠪᠯᠡᠷᠡᠩᠭᠦᠶ ᠠᠵᠢᠯᠯᠠᠭ᠎ᠠ ᠵᠢᠨ ᠬᠤᠭᠤᠴᠠᠭᠠᠨ ᠳ᠋ᠦ ᠶᠠᠷᠢᠶᠠᠳᠦ ᠵᠦᠴᠦᠭᠡ 《ᠲᠩᠷᠢ ᠵᠢᠨ ᠬᠢᠵᠠᠭᠠᠷ ᠲᠡᠬᠢ ᠲᠠᠯ᠎ᠠ ᠨᠤᠲᠤᠭ》 ᠢ᠋ ᠲᠤᠭᠯᠠᠪᠠ᠂ ᠡᠨᠡ ᠬᠦ᠌ ᠶᠠᠷᠢᠶᠠᠲᠤ ᠵᠦᠴᠦᠭᠡ 2700 ᠭᠠᠷᠤᠶ ᠺᠢᠯᠣᠮᠧᠲ᠋ᠷ ᠠᠯᠤᠰᠯᠠᠭᠰᠠᠨ ᠭᠤᠸᠠᠩᠳᠦ᠋ᠩ ᠤ᠋ᠨ ᠱᠠᠨᠲ᠋ᠧᠦ᠍ ᠳ᠋ᠦ ᠲᠤᠭᠯᠠᠭᠠᠳ ᠮᠠᠰᠢ ᠤᠯᠠᠨ ᠵᠠᠯᠠᠭᠤᠴᠤᠳ᠎ᠤ᠋ᠨ ᠡᠷᠴᠢ ᠵᠤᠷᠢᠭ᠎ᠢ ᠬᠦᠪᠴᠢᠯᠡᠭᠰᠡᠨ ᠪᠠᠢᠨ᠎ᠠ ᠃

《ᠲᠤᠰ ᠵᠦᠴᠦᠭᠡ ᠳ᠋ᠦ  ᠰᠠᠢ᠌ᠨ ᠲᠤᠷᠠᠴᠤᠳ ᠪᠦᠷᠢ ᠵᠢᠨ ᠳᠦᠷᠢ ᠵᠢ  ᠮᠢᠬ᠎ᠠ ᠴᠢᠰᠦ ᠲᠠᠢ ᠠᠮᠢᠳᠤᠯᠢᠭ ᠱᠤᠭᠤᠵᠠᠢ᠂ ᠪᠢ ᠵᠦᠪᠬᠡᠨ ᠲᠡᠳᠡᠨ ᠤ᠋ ᠦᠯᠢᠭᠡᠷ᠂ ᠳᠡᠳᠡᠨ ᠳ᠋ᠦ ᠲᠤᠯᠭᠠᠷᠠᠭᠰᠠᠨ ᠰᠤᠩᠭᠤᠯᠳᠠ ᠵᠢ ᠲᠠᠢᠰᠠᠨ ᠳ᠋ᠦ 〈ᠨᠡᠬᠦᠯᠭᠡᠨ ᠠᠪᠴᠢᠷᠠᠭᠰᠠᠨ〉 ᠲᠡᠳᠦᠢ ᠶᠤᠮ᠃  ᠪᠣᠳᠠᠲᠤ ᠠᠮᠢᠳᠤᠷᠠᠯ ᠳᠤᠮᠳᠠ ᠴᠤ᠌ ᠠᠳᠠᠯᠢᠬᠠᠨ᠂ ᠡᠳᠡᠭᠡᠷ ᠰᠠᠢᠨ ᠳᠤᠷᠠᠴᠤᠳ ᠶᠠᠮᠠᠷ ᠰᠤᠩᠭᠤᠯᠳᠠ ᠬᠢᠭᠰᠡᠨ ᠴᠤ᠌᠂ ᠲᠡᠳᠡᠨ ᠤ᠋ ᠦᠯᠢᠭᠡᠷ ᠢ᠋ ᠨᠡᠢᠭᠡᠮ ᠲᠠᠶᠠᠭᠠᠷ ᠲᠦ᠍ ᠳᠡᠯᠭᠡᠨ ᠦᠵᠡᠬᠦᠯᠬᠦ ᠶᠣᠰᠣᠲᠠᠶ᠃  ᠶᠠᠭ ᠯᠠ 〈ᠲᠩᠷᠢ ᠵᠢᠨ ᠬᠢᠵᠠᠭᠠᠷ ᠲᠡᠬᠢ ᠲᠠᠯ᠎ᠠ ᠨᠤᠲᠤᠭ〉 ᠭᠡᠬᠦ᠌ ᠵᠦᠴᠦᠭᠡ ᠵᠢᠨ ᠦᠭᠡ ᠱᠢᠭ᠂ ᠡᠳᠡᠭᠡᠷ ᠰᠠᠢᠨ ᠳᠤᠷᠠᠴᠤᠳ ᠥᠪᠡᠷ ᠤ᠋ᠨ ᠨᠤᠲᠤᠭ᠎ᠲᠠᠭᠠᠨ ᠪᠤᠴᠠᠭ᠍ᠰᠠᠨ ᠴᠤ᠌ ᠲᠡᠷᠡ᠂ ᠡᠰᠡᠬᠦᠯ᠎ᠡ ᠪᠡᠭᠡᠵᠢᠩ ᠱᠠᠩᠬᠠᠶ ᠭᠤᠸᠠᠩᠵᠧᠦ ᠮᠡᠲᠦ᠍ ᠵᠢᠨ ᠲᠣᠮᠣ ᠬᠣᠲᠠ ᠳ᠋ᠦ ᠣᠴᠢᠭ᠍ᠰᠠᠨ ᠴᠤ᠌ ᠲᠡᠷᠡ᠂ ᠲᠡᠳᠡᠨ ᠤ᠋ ᠠᠮᠢᠳᠤᠷᠠᠯ ᠳ᠋ᠤ ᠲᠠᠯ᠎ᠠ ᠨᠤᠳᠤᠭ ᠤ᠋ᠨ ᠲᠤᠬᠠᠢ ᠳᠤᠷᠠᠳᠬᠠᠯ  ᠡᠭᠦᠷᠢᠳᠡ ᠬᠠᠳᠠᠡᠭᠰᠢᠬᠤ ᠶᠤᠮ》 ᠭᠡᠵᠦ ᠴᠢᠶᠣᠤ ᠺᠧ ᠬᠡᠯᠡᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号