ᠰᠠᠶ᠎ᠠ ᠲᠦᠮᠡᠨ ᠪᠤᠭᠤᠷᠤᠯ᠎ᠤᠨ ᠳᠤᠮᠤᠭ᠂ ᠰᠠᠯᠬᠢᠨᠦ ᠠᠶ᠎ᠠ ᠪᠡᠷ ᠬᠤᠢᠯᠠᠷᠠᠭᠠᠳ ᠪᠠᠢᠨ᠎ᠠ᠂ ᠰᠤᠶᠤᠯᠳᠤ ᠨᠤᠳᠤᠭ᠎ᠤᠨ ᠦᠯᠢᠭᠡᠷ ᠳᠡᠤᠬᠡ᠂ ᠰᠠᠪᠠ ᠶᠢᠷᠳᠢᠨᠴᠤ ᠳ᠋ᠤ ᠦᠨᠢᠳᠡ ᠮᠦᠩᠭᠡᠷᠡᠨᠠ᠃
ᠪᠠᠭᠠᠷᠢᠨ ᠨᠤᠳᠤᠭ᠎ᠤᠨ 《ᠠᠮᠢᠳᠤ ᠴᠢᠯᠠᠭᠤᠵᠢᠮᠠᠯ》 ᠬᠡᠮᠡᠭᠳᠡᠭᠰᠡᠨ ᠪᠠᠭᠠᠷᠢᠨ ᠪᠠᠷᠠᠭᠤᠨ ᠬᠣᠰᠢᠭᠤᠨ᠎ᠤ ᠮᠦᠽᠧᠢ ᠪᠡᠷ ᠡᠷᠬᠢᠴᠡᠭᠡᠳ ᠭᠠᠷᠬᠤ ᠳ᠋ᠤ ᠦᠩᠭᠡᠷᠡᠭᠰᠡᠨ ᠤᠴᠢᠷ ᠡᠷᠳᠡᠨᠦ ᠦᠢᠯᠡ ᠦᠨᠤᠬᠡᠨ ᠪᠤᠯᠤᠭᠰᠠᠨ ᠮᠡᠳᠤ ᠰᠠᠨᠠᠭᠳᠠᠨ᠎ᠠ᠃
ᠠᠯᠢ ᠡᠷᠲᠡᠨ᠎ᠡᠴᠡ ᠠᠪᠤᠭᠠᠳ ᠪᠠᠭᠠᠷᠢᠨ ᠪᠠᠷᠠᠭᠤᠨ ᠬᠣᠰᠢᠭᠤ ᠪᠤᠯ ᠣᠯᠠᠨ ᠦᠨᠳᠦᠰᠦᠲᠡᠨ ᠲᠥᠪᠯᠡᠷᠡᠨ ᠰᠠᠭᠤᠷᠢᠰᠢᠭ᠍ᠰᠠᠨ ᠭᠠᠵᠠᠷ ᠤᠷᠤᠨ ᠪᠠᠢᠵᠦ᠂ ᠡᠨᠳᠡᠬᠢ ᠵᠢᠨ ᠰᠦᠷᠯᠢᠭ ᠰᠠᠢᠬᠠᠨ ᠪᠠᠢᠭᠠᠯᠢ᠎ᠶᠢᠨ ᠥᠩᠭᠡ ᠦᠵᠡᠮᠵᠢ ᠨᠢ ᠭᠦᠨ ᠵᠤᠵᠠᠭᠠᠨ ᠬᠥᠮᠥᠨ ᠠᠷᠠᠳ᠎ᠤᠨ ᠵᠢᠠᠨ ᠰᠣᠶᠣᠯ ᠢᠷᠭᠡᠨᠰᠢᠯ ᠲᠠᠢ ᠠᠭᠤᠰᠤᠯᠴᠠᠨ ᠨᠢᠭᠡᠳᠴᠤ᠂ ᠬᠤᠩᠱᠠᠨ ᠰᠤᠶᠤᠯ᠎ᠤᠨ ᠪᠠᠯᠠᠷ ᠡᠷᠳᠡᠨᠦ ᠤᠢ ᠤᠬᠠᠭᠠᠨ᠂ ᠬᠦᠭᠵᠢᠨ ᠴᠡᠴᠡᠭᠯᠡᠭᠰᠡᠨ ᠯᠢᠶᠤᠤ ᠵᠢᠨ ᠦᠶ᠎ᠠ ᠵᠢᠨ ᠳᠠᠩᠰᠤᠭ ᠮᠦᠴᠡ᠂ ᠬᠦᠮᠦᠨ᠎ᠦ ᠶᠢᠷᠳᠢᠨᠴᠤ ᠵᠢ ᠠᠪᠤᠷᠠᠨ ᠳᠡᠩᠭᠡᠷᠡᠬᠦᠯᠦᠭᠰᠡᠨ ᠪᠤᠭᠳᠠ ᠭᠡᠰᠡᠷ᠎ᠤᠨ ᠳᠤᠤᠯᠢ ᠤᠯᠠᠮᠵᠢᠯᠠᠭᠳᠠᠨ ᠳᠠᠭᠤᠯᠠᠭᠳᠠᠵᠦ᠂ ᠤᠮᠠᠷᠠᠳᠤ ᠬᠢᠯᠢ ᠵᠢᠨ ᠰᠤᠶᠤᠯ᠎ᠤᠨ ᠠᠭᠤᠳᠠᠮᠴᠢ ᠪᠠᠭᠳᠠᠭᠠᠮᠵᠢ᠂ ᠤᠬᠠᠭᠠᠨᠴᠢ ᠭᠠᠢᠬᠠᠮᠰᠢᠭ᠎ᠢ ᠳᠠᠶᠠᠭᠠᠷ ᠲᠸ᠋ ᠮᠡᠳᠡᠷᠡᠬᠦᠯᠦᠭᠰᠡᠨ ᠪᠠᠢᠨ᠎ᠠ᠃
ᠦᠪ ᠰᠣᠶᠣᠯ᠎ᠤᠨ ᠤᠴᠢ ᠬᠢᠯᠪᠠᠭ᠎ᠠ ᠦᠶ᠎ᠠ ᠦᠶ᠎ᠠ ᠵᠢᠨ ᠪᠠᠳᠤ ᠰᠠᠬᠢᠶ᠎ᠠ
ᠨᠠᠷᠠᠰᠤ᠎ᠲᠠᠢ ᠭᠠᠴᠠᠭ᠎ᠠ᠎ᠶᠢᠨ ᠵᠡᠭᠦᠨ ᠡᠮᠦᠨ᠎ᠡ᠂ ᠴᠠᠭᠠᠨᠮᠦ᠋ᠷᠡᠨ ᠭᠣᠣᠯ᠎ᠤᠨ ᠪᠠᠷᠠᠭᠤᠨ ᠳᠠᠨᠵᠢᠨ᠎ᠳᠦ ᠳ᠋ᠠᠪᠠᠨ ᠪᠠᠯᠭᠠᠰᠤᠨ ᠳ᠋ᠡᠬᠢ ᠨᠠᠷᠠᠰᠤᠲᠠᠢᠶᠢᠨ ᠪᠠᠭᠤᠷᠢ ᠨᠠᠮᠤᠭᠤᠬᠠᠨ ᠰᠦᠭᠯᠡᠢᠨᠠ᠃ ᠣᠨ ᠰᠠᠷ᠎ᠠ᠎ᠶᠢᠨ ᠤᠷᠴᠢᠯᠳᠠ ᠳᠠᠪᠲᠠᠯᠲᠠ᠎ᠶᠢ ᠥᠩᠭᠡᠷᠡᠭᠡᠭᠰᠡᠨ ᠴᠸ᠋ ᠳᠤᠰ ᠪᠠᠭᠤᠷᠢ ᠵᠢᠨ ᠭᠠᠵᠠᠷ ᠳᠡᠭᠡᠷᠡᠬᠢ ᠡᠷᠲᠡᠨ᠎ᠦ ᠭᠡᠷ ᠪᠠᠢᠰᠢᠩ᠂ ᠨᠦᠬᠡᠨ ᠭᠡᠷ᠎ᠦᠨ ᠪᠣᠷᠣ᠌ ᠲᠥᠯᠥᠪ ᠨᠢ ᠮᠥᠨ ᠯᠡ ᠲᠣᠪ ᠲᠣᠳᠣᠷᠬᠠᠢ ᠬᠠᠷᠠᠭᠳᠠᠵᠤ᠂ ᠠᠯᠤᠰ᠎ᠤᠨ ᠠᠯᠤᠰ ᠳᠡᠬᠢ ᠥᠯᠢᠭᠡᠷ ᠳᠡᠤᠬᠡ ᠵᠢ ᠠᠮᠳᠠᠷᠬᠠᠨ ᠶᠠᠷᠢᠵᠤ ᠪᠠᠢᠭ᠎ᠠ ᠮᠡᠳᠤ!
ᠪᠠᠭᠤᠷᠢ ᠵᠢᠨ ᠠᠭᠤᠳᠠᠯᠤᠨ ᠮᠠᠯᠲᠠᠬᠤ ᠠᠵᠢᠯ᠎ᠳᠤ ᠣᠷᠣᠯᠴᠠᠭᠰᠠᠨ ᠴᠣᠭᠲᠤ ᠡᠨᠡ ᠵᠢᠯ 70 ᠨᠠᠰᠦ ᠵᠢ ᠵᠤᠭᠤᠭᠯᠠᠪᠠ᠃ 《1980 ᠣᠨ᠎ᠳᠤ ᠡᠨᠡᠬᠦ ᠪᠠᠭᠤᠷᠢ᠎ᠶᠢ ᠠᠩᠬ᠎ᠠ ᠢᠯᠡᠷᠡᠭᠦᠯᠵᠡᠢ᠃ ᠬᠠᠭᠤᠴᠢ ᠰᠤᠳᠤᠯᠤᠯ᠎ᠤᠨ ᠠᠵᠢᠯᠲᠠᠳ ᠬᠦᠷᠡᠩ ᠸᠠᠭᠠᠷ᠎ᠤᠨ ᠬᠡ ᠤᠭᠠᠯᠵᠠ᠎ᠲᠠᠢ ᠪᠣᠷᠲᠣᠭᠣ᠌ ᠬᠡᠯᠪᠡᠷᠢ᠎ᠶᠢᠨ ᠯᠣᠩᠬᠣ᠌᠂ ᠰᠢᠪᠠᠷᠯᠢᠭ᠋ ᠤᠯᠠᠭᠠᠨ ᠸᠠᠭᠠᠷ᠎ᠤᠨ ᠰᠠᠪᠠ᠂ ᠥᠩᠭᠡᠲᠦ ᠸᠠᠭᠠᠷ᠎ᠤᠨ ᠰᠠᠪᠠ᠎ᠶᠢᠨ ᠦᠯᠡᠳᠡᠭᠳᠡᠯ ᠵᠢᠴᠢ ᠴᠢᠯᠠᠭᠤ᠂ ᠰᠦᠬᠡ᠂ ᠡᠭᠦᠯᠡᠨ ᠬᠡᠯᠪᠡᠷᠢ᠎ᠳᠤ ᠬᠠᠰ ᠵᠡᠭᠦᠯᠲᠡ ᠵᠡᠷᠭᠡ᠎ᠶᠢ ᠦᠨᠳᠦᠰᠦᠯᠡᠵᠦ᠂ ᠡᠨᠳᠡᠬᠢ ᠨᠢ ᠰᠢᠨ᠎ᠡ ᠴᠢᠯᠠᠭᠤᠨ ᠵᠡᠪᠰᠡᠭ᠎ᠦᠨ ᠦᠶ᠎ᠡ᠎ᠶᠢᠨ ᠬᠤᠩᠱᠠᠨ ᠰᠣᠶᠣᠯ᠎ᠤᠨ ᠦᠯᠡᠳᠡᠭᠳᠡᠯ ᠪᠣᠯᠬᠤ᠎ᠶᠢ ᠮᠠᠭᠠᠳᠯᠠᠭᠰᠠᠨ ᠶᠤᠮ》 ᠭᠡᠵᠦ ᠳᠡᠷᠡ ᠬᠡᠯᠡᠪᠡ᠃
ᠡᠳᠦᠭᠡ ᠳᠤᠰ ᠦᠯᠡᠳᠡᠭᠳᠡᠯ ᠨᠢ ᠪᠠᠭᠠᠷᠢᠨ ᠪᠠᠷᠠᠭᠤᠨ ᠬᠣᠰᠢᠭᠤᠨ᠎ᠤ ᠮᠦᠽᠧᠢ᠎ᠳᠦ ᠬᠠᠳᠠᠭᠠᠯᠠᠭᠳᠠᠵᠦ᠂ ᠡᠭᠦᠨᠳ᠋ᠤ ᠰᠥᠭᠥᠳᠴᠦ ᠪᠠᠢᠭ᠎ᠠ ᠴᠢᠯᠠᠭᠤᠨ ᠬᠥᠮᠥᠨ ᠪᠠ ᠬᠠᠰᠤᠨ ᠭᠠᠬᠠᠢ ᠯᠣᠣ ᠨᠢ ᠬᠥᠮᠥᠰ᠎ᠢ ᠨᠡᠩ ᠭᠠᠢᠬᠠᠰᠢᠷᠠᠭᠤᠯᠬᠤ ᠪᠤᠯᠪᠠ᠃
ᠮᠦᠽᠧᠢ᠎ᠳᠦ ᠣᠷᠣᠬᠤ᠎ᠳᠤ ᠨᠠᠷᠠᠰᠤ᠎ᠲᠠᠢ ᠵᠢᠨ ᠪᠠᠭᠤᠷᠢ᠎ᠠᠴᠠ ᠣᠯᠳᠠᠭᠰᠠᠨ ᠲᠡᠦᠬᠡ᠎ᠶᠢᠨ ᠳᠤᠷᠠᠰᠬᠠᠯᠲᠤ ᠵᠦᠢᠯᠡᠰ ᠦᠪᠡᠷ᠎ᠤᠨ ᠡᠷᠭᠡ ᠦᠭᠡᠢ ᠠᠩᠬᠠᠷᠤᠯ᠎ᠢ ᠲᠠᠲᠠᠵᠤ᠂ ᠤᠷᠢᠳᠡᠬᠢ ᠬᠥᠮᠥᠰ ᠮᠠᠨᠢ ᠤᠶᠤᠨ ᠤᠬᠠᠭᠠᠨ᠂ ᠬᠥᠳᠡᠯᠮᠦᠷᠢ ᠳᠡᠮᠡᠴᠡᠯ ᠵᠢᠠᠷ ᠵᠢᠠᠨᠶᠠᠩᠵᠦ ᠪᠦᠷᠢ ᠵᠢᠨ ᠪᠠᠭᠠᠵᠢ ᠬᠡᠷᠡᠭᠰᠡᠯ᠎ᠢ ᠡᠭᠦᠳᠦᠨ ᠪᠦᠲᠦᠭᠡᠵᠦ᠂ ᠪᠤᠯᠪᠠᠰᠤᠨ ᠨᠡᠢᠭᠡᠮ᠎ᠤᠨ ᠭᠡᠷᠡᠯ ᠭᠡᠭᠡ ᠡᠨᠳᠡ ᠡᠴᠡ ᠬᠠᠶᠠᠭᠠᠷᠠᠵᠦ ᠡᠬᠢᠯᠡᠭᠰᠡᠨ᠎ᠢ ᠮᠡᠳᠡᠷᠡᠬᠦ ᠪᠤᠯᠤᠨ᠎ᠠ᠃
ᠰᠥᠭᠥᠳᠴᠦ ᠪᠠᠢᠭ᠎ᠠ ᠴᠢᠯᠠᠭᠤᠨ ᠬᠥᠮᠥᠨ᠎ᠦ ᠲᠣᠯᠣᠭᠠᠢ ᠵᠢᠨ ᠬᠡᠰᠡᠭ ᠨᠢ ᠵᠢᠰᠢᠬᠦᠯᠵᠢᠨ ᠬᠡᠯᠪᠡᠷᠢᠲᠡᠢ᠂ ᠨᠢᠳᠦ ᠪᠤᠯᠤᠨ ᠬᠥᠮᠥᠰᠬᠡ ᠵᠢᠨ ᠬᠡᠰᠡᠭ ᠨᠢ ᠠᠳᠤᠷᠢᠭᠰᠠᠨ ᠮᠠᠶᠢᠭ ᠳᠠᠢ ᠪᠠᠢᠵᠦ᠂ ᠬᠢᠳᠠᠳ ᠦᠰᠦᠭ᠎ᠤᠨ 《八》 ᠬᠡᠯᠪᠡᠷᠢ ᠵᠢ ᠬᠦᠳᠦᠢᠨ ᠪᠦᠷᠢᠯᠳᠤᠬᠦᠯᠵᠡᠢ᠃ ᠬᠠᠮᠠᠷ᠎ᠤᠨ ᠦᠵᠦᠭᠦᠷ ᠨᠢ ᠨᠡᠯᠢᠶᠡᠳ ᠲᠣᠮᠣ᠌᠂ ᠡᠷᠡᠦ ᠵᠢᠨ ᠬᠡᠰᠡᠭ ᠨᠢ ᠡᠮᠦᠨᠡᠰᠢ᠎ᠪᠡᠨ ᠪᠠᠭ᠎ᠠ ᠰᠤᠨᠵᠤ᠂ ᠬᠣᠶᠠᠷ ᠭᠠᠷ᠎ᠢᠶᠠᠨ ᠴᠡᠭᠡᠵᠢᠨ ᠡᠮᠦᠨ᠎ᠡ᠎ᠪᠡᠨ ᠮᠤᠷᠤᠢᠯᠭᠠᠨ ᠠᠯᠠᠭ᠎ᠠ ᠪᠡᠨ ᠨᠡᠢᠯᠡᠬᠦᠯᠵᠦ᠂ ᠬᠣᠶᠠᠷ ᠬᠥᠯ ᠵᠢᠠᠷ ᠵᠢᠠᠨ ᠡᠪᠤᠳᠦᠭᠯᠡᠨ ᠰᠥᠭᠥᠳᠴᠦ᠂ ᠶᠠᠭ ᠯᠠ ᠪᠠᠯᠠᠷ ᠡᠷᠲᠡᠨ᠎ᠦ ᠶᠣᠰᠣᠯᠠᠯ᠎ᠤᠨ ᠬᠣᠷᠣᠮ ᠢ ᠰᠡᠢᠯᠪᠤᠷᠢᠯᠡᠵᠦ ᠭᠠᠷᠭᠠᠭᠰᠠᠨ ᠮᠡᠲᠦ ᠪᠠᠢᠳᠠᠭ᠃
ᠪᠣᠯᠪᠠᠰᠤᠨ ᠬᠦᠷᠦᠨ᠎ᠤ ᠦᠷ᠎ᠦᠨ ᠲᠤᠶᠠᠭ᠎ᠠ ᠬᠠᠶᠠᠭᠠᠷᠠᠭᠰᠠᠨ ᠡᠨᠡᠬᠦ ᠨᠤᠳᠤᠭ ᠤᠰᠤ᠎ᠨᠢ ᠰᠠᠬᠢᠨ ᠬᠠᠮᠠᠭᠠᠯᠠᠵᠤ᠂ ᠭᠡᠷᠡᠯ ᠰᠠᠴᠤᠷᠠᠩᠭᠤᠢ ᠬᠤᠩᠱᠠᠨ ᠰᠣᠶᠣᠯ᠎ᠢ ᠤᠯᠠᠮᠵᠢᠯᠠᠨ ᠵᠠᠯᠭᠠᠮᠵᠢᠯᠠᠬᠤ ᠨᠢ ᠦᠶ᠎ᠡ᠎ᠶᠢᠨ ᠦᠶ᠎ᠡ᠎ᠶᠢᠨ ᠬᠥᠮᠥᠰ᠎ᠦᠨ ᠡᠭᠦᠷᠭᠡ ᠬᠠᠷᠢᠭᠤᠴᠠᠯᠭ᠎ᠠ ᠪᠠᠢᠵᠦ ᠳᠠᠭᠠᠷᠠᠨ᠎ᠠ᠃
1987 ᠣᠨ᠎ᠳᠤ᠂ 22 ᠨᠠᠰᠤᠲᠠᠢ ᠵᠠᠯᠠᠭᠤ ᠦᠯᠵᠡᠢ᠍ᠢᠳᠡᠯᠭᠡᠷ ᠡᠨᠡᠬᠦ ᠭᠦᠨ ᠨᠢᠭᠤᠴᠠᠬᠠᠢ ᠰᠤᠶᠤᠯ ᠪᠤᠯᠪᠠᠰᠤᠨᠦ ᠶᠢᠷᠳᠢᠨᠴᠤ ᠳ᠋ᠤ ᠬᠦᠰᠡᠯ ᠮᠦᠷᠤᠭᠡᠳᠤᠯ ᠵᠢᠠᠨ ᠵᠢᠷᠤᠭᠯᠠᠵᠦ ᠡᠬᠢᠯᠡᠵᠡᠢ᠃ ᠸᠠᠭᠠᠷ᠎ᠤᠨ ᠢᠯᠡᠳᠡᠰᠤᠰᠠᠪᠠ ᠬᠡᠷᠡᠭᠰᠡᠯ᠎ᠤᠨ ᠣᠨ ᠵᠢᠯ᠎ᠢ ᠢᠯᠭᠠᠨ ᠲᠠᠨᠢᠵᠤ᠂ ᠳᠡᠤᠬᠡ ᠵᠢᠨ ᠳᠤᠷᠠᠰᠬᠠᠯᠳᠤ ᠵᠤᠢᠯᠡᠰ ᠪᠠᠭᠤᠷᠢ᠎ᠶᠢᠨ ᠲᠠᠷᠬᠠᠯᠲᠠ᠎ᠶᠢᠨ ᠪᠠᠢᠳᠠᠯ᠎ᠢ ᠨᠢᠮᠪᠠᠢ ᠳᠤᠩᠭᠠᠬᠤ ᠭᠡᠬᠦᠴᠢᠯᠡᠨ ᠦᠯᠵᠡᠢᠳᠡᠯᠭᠡᠷ ᠤᠷᠬᠢᠯᠤᠮ᠎ᠠ ᠬᠠᠯᠠᠭᠤᠨ ᠰᠡᠳᠬᠢᠯᠭᠡ ᠪᠡᠷ ᠠᠵᠢᠯᠯᠠᠨ ᠡᠬᠢᠯᠡᠵᠦ᠂ ᠨᠢᠭᠤᠴᠠᠬᠠᠢ ᠶᠢᠷᠳᠢᠨᠴᠤ ᠵᠢᠨ ᠤᠨᠢᠰᠤ ᠵᠢ ᠨᠡᠭᠡᠭᠡᠭᠰᠡᠨ ᠴᠠᠭ ᠮᠦᠴᠡ ᠪᠡᠨ ᠡᠷᠬᠢᠴᠡᠬᠦᠯᠦᠨ ᠪᠤᠳᠤᠬᠤ ᠳ᠋ᠤ ᠦᠩᠭᠡᠷᠡᠭᠰᠡᠨ᠎ᠦ ᠭᠠᠯ ᠵᠠᠯᠠᠭᠤ ᠨᠠᠰᠤᠨ ᠳ᠋ᠡᠭᠠᠨ ᠡᠷᠬᠢᠭᠡᠳ ᠪᠤᠴᠠᠭᠰᠠᠨ ᠮᠡᠲᠦ ᠰᠠᠨᠠᠭᠳᠠᠨ᠎ᠠ᠃ 《ᠦᠪᠡᠷ᠎ᠤᠨ ᠪᠡᠶ᠎ᠠ ᠮᠠᠨᠢ ᠡᠷᠡᠬᠦᠯ ᠳᠡᠩᠭᠡᠯᠡᠬᠦᠨ ᠪᠠᠢᠳᠠᠭ ᠲᠸ᠋ ᠯᠡ ᠬᠦᠷᠪᠡᠯ᠂ ᠡᠨᠡᠬᠦ ᠦᠢᠯᠡᠰ᠎ᠤᠨ ᠲᠦᠯᠦᠭᠡ ᠠᠯᠢᠪᠠ ᠪᠡᠨ ᠵᠤᠷᠢᠭᠤᠯᠵᠦ᠂ ᠰᠣᠶᠣᠯᠪᠤᠯᠪᠠᠰᠤᠨᠦ ᠣᠴᠢ᠎ᠶᠢ ᠦᠶ᠎ᠡ᠎ᠶᠢᠨ ᠦᠶ᠎ᠡ᠎ᠳᠦ ᠤᠯᠠᠮᠵᠢᠯᠡᠨᠠ》 ᠭᠡᠵᠦ ᠳᠡᠷᠡ ᠰᠡᠳᠬᠢᠯ ᠳᠤᠭᠳᠤᠯᠤᠨ ᠶᠠᠷᠢᠵᠦ ᠪᠠᠢᠯ᠎ᠠ᠃
ᠯᠢᠶᠣᠤ ᠬᠦᠷᠦᠨᠦ ᠡᠭᠡᠰᠢᠭᠯᠡᠯ ᠨᠠᠷᠮᠠᠢ ᠲᠦᠮᠡᠨ᠎ᠦ ᠪᠠᠬᠠᠷᠬᠠᠯ
ᠪᠠᠭᠠᠷᠢᠨ ᠨᠤᠳᠤᠭ᠎ᠤᠨ ᠬᠤᠢᠳᠤ ᠬᠢᠵᠠᠭᠠᠷ ᠳᠡᠬᠢ ᠰᠠᠢᠬᠠᠨ ᠬᠠᠨᠦ ᠠᠷᠤ ᠬᠤᠷᠮᠤᠢ ᠳ᠋ᠤ᠂ ᠡᠷᠳᠡᠨᠦ ᠯᠢᠶᠤᠤ ᠤᠯᠤᠰ᠎ᠤᠨ ᠴᠢᠩᠵᠸᠤ ᠬᠤᠳᠠ ᠵᠢᠨ ᠪᠠᠭᠤᠷᠢ ᠳᠤᠳᠤᠷ᠎ᠠ ᠦᠵᠡᠮᠵᠢᠳᠤ ᠮᠦᠩᠬᠦᠨ ᠰᠤᠪᠤᠷᠭ᠎ᠠ ᠤᠭᠳᠠᠷᠭᠤᠢ ᠵᠢᠨ ᠴᠡᠭᠡᠯ ᠳ᠋ᠤ ᠰᠦᠨᠳᠡᠷᠯᠡᠭᠡᠳ ᠦᠩᠭᠡᠳᠤ ᠠᠯᠳᠠᠨ ᠭᠠᠨᠵᠢᠷ᠎ᠠ ᠨᠢ ᠮᠠᠨᠳᠤᠬᠤ ᠨᠠᠷᠠᠨᠦ ᠰᠠᠴᠤᠷᠠᠭ ᠲᠸ᠋ ᠰᠢᠵᠢᠷᠳᠤᠨ ᠬᠢᠯᠠᠯᠵᠠᠨ᠎ᠠ᠃ ᠡᠨᠡ ᠪᠤᠯ ᠡᠷᠳᠡᠨ ᠡᠴᠡ ᠠᠯᠳᠠᠷ ᠳᠠᠢ᠂ ᠡᠳᠤᠬᠡ ᠳ᠋ᠤᠷ ᠰᠤᠳᠤᠯᠤᠭᠤᠰᠢᠳᠠᠢ ᠳᠡᠤᠬᠡ ᠵᠢᠨ ᠳᠤᠷᠠᠰᠬᠠᠯᠳᠤ ᠭᠤᠴᠤ ᠪᠠᠷᠢᠯᠭ᠎ᠠ 《ᠵᠢᠨᠵᠢ ᠵᠢᠨ ᠴᠠᠭᠠᠨ ᠰᠤᠪᠤᠷᠭ᠎ᠠ》 ᠪᠤᠯᠤᠨ᠎ᠠ᠃ ᠳᠡᠷᠡ ᠨᠢ ᠮᠦᠨ ᠴᠸ᠋ ᠭᠤᠷᠪᠠᠳᠤᠭᠠᠷ ᠪᠦᠯᠦᠭ᠎ᠦᠨ ᠪᠦᠬᠦ ᠤᠯᠤᠰ᠎ᠤᠨ ᠭᠣᠣᠯᠳᠠᠯᠭ᠎ᠠ᠎ᠲᠠᠢ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠬᠠᠮᠠᠭᠠᠯᠠᠯᠲᠠ᠎ᠶᠢᠨ ᠨᠢᠭᠡᠴᠢ ᠪᠤᠯᠬᠤ ᠶᠤᠮ᠃
《ᠵᠢᠨᠵᠢ ᠵᠢᠨ ᠴᠠᠭᠠᠨ ᠰᠤᠪᠤᠷᠭ᠎ᠠ》 ᠨᠢ 2.5 ᠮᠸᠲᠷ ᠦᠨᠳᠤᠷ ᠲᠦᠷᠪᠡᠯᠵᠢᠨ ᠳᠠᠪᠴᠠᠩ᠂ 1.9 ᠮᠸᠲᠷ ᠦᠨᠳᠤᠷ ᠨᠠᠢ᠍ᠮᠠᠯᠵᠢᠨ ᠰᠠᠭᠤᠷᠢ ᠵᠢᠨ ᠳᠡᠭᠡᠷ᠎ᠠ ᠳᠤᠯᠤᠭᠠᠨ ᠳᠠᠪᠬᠤᠷ ᠠᠷᠪᠠᠨ ᠭᠤᠷᠪᠠᠨ ᠦᠶ᠎ᠠ ᠳᠠᠢ ᠳᠠᠭᠳᠤ ᠵᠢᠨ ᠬᠡᠯᠪᠡᠷᠢ ᠪᠡᠷ ᠪᠤᠰᠬᠠᠭᠳᠠᠵᠦ᠂ ᠦᠨᠳᠤᠷ ᠵᠢᠠᠷ ᠵᠢᠠᠨ 73.27 ᠮᠸᠲᠷ ᠪᠠᠢᠳᠠᠭ᠃
《ᠵᠢᠨᠵᠢ ᠵᠢᠨ ᠴᠠᠭᠠᠨ ᠰᠤᠪᠤᠷᠭ᠎ᠠ》 ᠵᠢᠨ ᠦᠵᠡᠬᠦᠯᠭᠡ ᠵᠢᠨ ᠳᠢᠩᠬᠢᠮ ᠳ᠋ᠤ ᠠᠯᠬᠤᠨ ᠤᠷᠤᠬᠤ ᠳ᠋ᠤ ᠮᠠᠨᠳᠤᠯ ᠪᠠᠭᠤᠷᠠᠯ᠎ᠤᠨ ᠢᠮ ᠳᠠᠮᠠᠭ᠎ᠠ ᠵᠢ ᠬᠦᠤᠷᠨᠢᠵᠦ ᠪᠠᠢᠭ᠎ᠠ ᠬᠡᠮᠡᠷ ᠳᠡᠤᠬᠡ ᠵᠢᠨ ᠬᠠᠭᠤᠳᠠᠰᠤ ᠠᠶᠠᠷᠬᠠᠨ ᠨᠡᠭᠡᠭᠡᠭᠳᠡᠨᠠ᠃
《ᠵᠢᠨᠵᠢ ᠵᠢᠨ ᠴᠠᠭᠠᠨ ᠰᠤᠪᠤᠷᠭ᠎ᠠ》 ᠵᠢ ᠯᠢᠶᠣᠤ ᠤᠯᠤᠰ᠎ᠤᠨ ᠴᠥᠩ ᠢ ᠶᠢᠨ ᠠᠷᠪᠠᠨ ᠵᠢᠷᠭᠤᠳᠤᠭᠠᠷ ᠣᠨ (1047 ᠣᠨ) ᠳ᠋ᠤ ᠡᠬᠢᠯᠡᠨ ᠪᠠᠢᠭᠤᠯᠵᠤ᠂ ᠭᠤᠷᠪᠡᠨ ᠵᠢᠯ ᠭᠠᠷᠤᠢ ᠵᠢᠨ ᠴᠠᠭ ᠵᠠᠷᠤᠴᠠᠭᠤᠯᠤᠨ ᠪᠠᠷᠢᠯᠭ᠎ᠠ ᠳᠠᠭᠤᠰᠤᠭᠰᠠᠨ ᠭᠡᠳᠡᠭ᠃ 《ᠵᠢᠨᠵᠢ ᠵᠢᠨ ᠴᠠᠭᠠᠨ ᠰᠤᠪᠤᠷᠭ᠎ᠠ》 ᠨᠢ ᠳᠤᠮᠤᠭ ᠪᠠ ᠦᠨᠡᠨ᠎ᠦ ᠬᠤᠭᠤᠷᠤᠨᠳᠤ ᠬᠠᠭᠤᠴᠢᠯᠠᠭᠳᠠᠵᠦ᠂ ᠪᠦᠳᠦᠭᠡᠭᠳᠡᠭᠰᠡᠨ ᠡᠴᠡ ᠢᠨᠠᠭᠰᠢ ᠭᠤᠷᠪᠠ ᠤᠳᠠᠭ᠎ᠠ ᠡᠪᠳᠡᠯᠡᠭᠡ ᠬᠤᠬᠢᠷᠠᠯ ᠳ᠋ᠤ ᠤᠴᠠᠷᠠᠵᠦ᠂ ᠤᠷᠢᠳ ᠬᠤᠵᠢᠳ ᠳᠠᠪᠤ ᠤᠳᠠᠭ᠎ᠠ ᠠᠳᠠᠯᠢ ᠪᠤᠰᠤ ᠬᠡᠪᠴᠢᠶ᠎ᠠ ᠪᠡᠷ ᠵᠠᠰᠠᠨ ᠰᠡᠯᠪᠢᠭᠳᠠᠵᠦ᠂ ᠰᠤᠨᠢᠭᠤᠴᠢ ᠬᠦᠮᠦᠰ᠎ᠤᠨ ᠪᠠᠬ᠎ᠠ ᠵᠢ ᠳᠠᠳᠠᠨ ᠰᠤᠳᠤᠯᠤᠭᠠᠴᠢ ᠨᠠᠷ᠎ᠤᠨ ᠤᠷᠮ᠎ᠠ ᠵᠢ ᠬᠦᠭᠵᠢᠭᠡᠨ᠎ᠠ ᠪᠢᠯᠡ᠃
1989 ᠣᠨ᠎ᠳᠤ᠂ ᠤᠯᠤᠰ᠎ᠤᠨ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠲᠣᠪᠴᠢᠶ᠎ᠠ᠎ᠠᠴᠠ ᠴᠢᠩᠵᠧᠦ᠎ᠶᠢᠨ ᠴᠠᠭᠠᠨ ᠰᠤᠪᠤᠷᠭ᠎ᠠ᠎ᠶᠢ ᠰᠡᠯᠪᠢᠨ ᠵᠠᠰᠠᠬᠤ ᠶᠠᠪᠤᠴᠠ᠎ᠳᠤ ᠬᠠᠭᠤᠴᠢ ᠰᠤᠳᠤᠯᠤᠭ᠍ᠴᠢ ᠨᠠᠷ ᠲᠣᠷᠭᠠᠨ ᠨᠡᠬᠡᠮᠡᠯ᠂ ᠱᠠᠭᠠᠵᠠᠩ ᠰᠠᠪᠠ᠂ ᠮᠥᠩᠭᠥᠨ ᠡᠳ᠋ᠯᠡᠯ᠂ ᠰᠢᠷᠳᠡᠮᠡᠯ ᠪᠤᠳᠠᠰ᠂ ᠬᠣᠪᠣᠷ ᠴᠤᠬᠠᠭ ᠡᠮ᠎ᠦᠨ ᠮᠠᠲᠧᠷᠢᠶᠠᠯ ᠵᠡᠷᠭᠡ ᠶᠡᠬᠡ ᠬᠡᠮᠵᠢᠶᠡᠨ᠎ᠦ ᠬᠣᠪᠣᠷ ᠨᠠᠨᠳᠢᠨ ᠯᠢᠶᠣᠤ ᠤᠯᠤᠰ᠎ᠤᠨ ᠦᠶ᠎ᠡ᠎ᠶᠢᠨ ᠲᠡᠦᠬᠡ᠎ᠶᠢᠨ ᠳᠤᠷᠠᠰᠬᠠᠯᠲᠤ ᠵᠦᠢᠯᠡᠰ᠎ᠢ ᠢᠯᠡᠷᠡᠭᠦᠯᠵᠦ᠂ ᠯᠢᠶᠣᠤ ᠤᠯᠤᠰ᠎ᠤᠨ ᠦᠶ᠎ᠡ᠎ᠶᠢᠨ ᠬᠠᠭᠤᠴᠢ ᠰᠤᠳᠤᠯᠤᠯ᠎ᠳᠤ ᠬᠣᠪᠣᠷ ᠨᠠᠨᠳᠢᠨ ᠮᠠᠲᠧᠷᠢᠶᠠᠯ᠎ᠢ ᠬᠠᠩᠭᠠᠵᠤ᠂ ᠨᠡᠩ ᠴᠤ᠌ ᠰᠤᠪᠤᠷᠭ᠎ᠠ᠎ᠶᠢᠨ ᠭᠦᠳᠦᠭᠦᠷ ᠰᠡᠢᠯᠦᠮᠡᠯ᠎ᠦᠨ ᠤᠷᠠᠯᠢᠭ ᠨᠢ 《ᠯᠢᠶᠣᠤ ᠤᠯᠤᠰ᠎ᠤᠨ ᠦᠶ᠎ᠡ᠎ᠶᠢᠨ ᠰᠤᠪᠤᠷᠭ᠎ᠠ ᠬᠡᠢᠳ᠎ᠦᠨ ᠤᠷᠠᠯᠢᠭ᠋᠎ᠤᠨ ᠰᠣᠳᠣᠨ ᠪᠦᠲᠦᠭᠡᠯ》᠎ᠤᠨ ᠲᠦᠪᠰᠢᠨ ᠪᠠ 《ᠬᠢᠳᠠᠨᠴᠤᠳ᠎ᠤᠨ ᠪᠠᠷᠢᠯᠭ᠎ᠠ》 ᠵᠢᠨ ᠮᠡᠷᠭᠡᠵᠢᠯ ᠬᠢᠷᠢ ᠵᠡᠷᠭᠡ ᠦᠨᠳᠤᠷ ᠲᠦᠪᠰᠢᠨ ᠳ᠋ᠤ ᠬᠦᠷᠦᠭᠰᠡᠨ ᠭᠡᠳᠡᠭ᠎ᠢ ᠬᠦᠢᠴᠡᠳ ᠬᠠᠷᠠᠭᠤᠯᠪᠠ᠃
《ᠵᠢᠨᠵᠢ ᠵᠢᠨ ᠴᠠᠭᠠᠨ ᠰᠤᠪᠤᠷᠭ᠎ᠠ》 ᠡᠴᠡ ᠬᠤᠢᠨ᠎ᠠ ᠭᠤᠴᠢᠨ ᠭᠠᠵᠠᠷ᠎ᠤᠨ ᠦᠵᠦᠬᠦᠷ ᠲᠸ᠋ ᠯᠢᠶᠤᠤ ᠤᠯᠤᠰ᠎ᠤᠨ ᠬᠦᠭᠵᠢᠯ ᠮᠠᠨᠳᠤᠯ᠎ᠤᠨ ᠤᠷᠬᠢᠯ᠎ᠤᠨ ᠬᠤᠭᠤᠴᠠᠭᠠᠨ ᠳ᠋ᠡᠬᠢ ᠱᠧᠩᠽᠦ᠋ᠩ ᠬᠠᠭᠠᠨ ᠶᠦᠩ ᠴᠢᠩ᠂ ᠰᠢᠩᠽᠥ᠋ᠩ ᠬᠠᠭᠠᠨ ᠶᠦᠩ ᠰᠢᠩ᠂ ᠳ᠋ᠣᠣᠽᠦ᠋ᠩ ᠬᠠᠭᠠᠨ ᠶᠦᠩ ᠹᠦ ᠵᠢᠨ ᠤᠩᠭᠤᠨ ᠪᠤᠯᠠᠰᠢᠯᠠᠭᠳᠠᠵᠦ᠂ ᠭᠤᠷᠪᠠᠭᠤᠯᠠ ᠵᠢ ᠬᠠᠮᠳᠤ ᠳ᠋ᠤᠨᠢ ᠴᠢᠩ ᠯᠢᠩ ᠤᠩᠭᠤᠨ ᠭᠡᠳᠡᠭ᠃
ᠡᠨᠡ ᠭᠤᠷᠪᠠᠨ ᠡᠵᠡᠨ ᠬᠠᠭᠠᠨ ᠯᠢᠶᠣᠤ ᠬᠦᠷᠦᠨ᠎ᠢ ᠳᠠᠭᠠᠭᠤᠯᠤᠨ ᠭᠡᠷᠡᠯ ᠰᠠᠴᠤᠷᠠᠩᠭᠤᠢ ᠵᠠᠮ᠎ᠢᠶᠠᠷ ᠵᠠᠮᠨᠠᠵᠤ ᠪᠠᠢᠭᠰᠠᠨ ᠨᠢ ᠦᠨᠤᠬᠡᠨ ᠪᠤᠯᠤᠭᠰᠠᠨ ᠤᠴᠢᠷ ᠮᠡᠳᠤ᠂ ᠤᠳᠤ ᠲᠡᠳᠡ ᠡᠨᠡᠬᠦ ᠳᠤᠷᠭᠠᠨ ᠬᠦᠷᠦᠰᠦᠨ ᠳᠡᠭᠡᠷ᠎ᠠ ᠭᠦᠨ ᠨᠣᠢᠷᠰᠤᠵᠤ᠂ 《ᠵᠢᠨᠵᠢ ᠵᠢᠨ ᠴᠠᠭᠠᠨ ᠰᠤᠪᠤᠷᠭ᠎ᠠ》 ᠨᠢ ᠶᠠᠭ ᠯᠠ ᠦᠨᠡᠨᠴᠢ ᠰᠢᠳᠤᠷᠭᠤ ᠬᠠᠮᠠᠭᠠᠯᠠᠭ᠍ᠴᠢ ᠰᠢᠭ᠋᠎ᠢᠶᠡᠷ ᠥᠩᠭᠡᠷᠡᠭᠰᠡᠨ᠎ᠦ ᠬᠥᠭᠵᠢᠯ ᠪᠠᠳᠠᠷᠠᠯ᠎ᠤᠨ ᠭᠡᠷᠡᠴᠢ ᠪᠤᠯᠵᠦ ᠰᠦᠨᠳᠡᠷᠯᠡᠨ᠎ᠠ᠃
ᠵᠠᠭᠤᠨ ᠵᠠᠭᠤᠨ ᠳ᠋ᠤ ᠳᠠᠭᠤᠷᠢᠰᠬᠤ 《ᠭᠡᠰᠡᠷ》 ᠰᠤᠶᠤᠯ᠎ᠤᠨ ᠤᠯᠠᠮᠵᠢᠯᠠᠯ
《ᠭᠡᠰᠡᠷ》 ᠪᠣᠯ ᠳᠤᠮᠳᠠᠳᠤ ᠤᠯᠤᠰ᠎ᠤᠨ ᠴᠥᠭᠡᠨ ᠲᠣᠭᠠᠲᠤ ᠦᠨᠳᠦᠰᠦᠲᠡᠨ᠎ᠦ ᠭᠤᠷᠪᠠᠨ ᠲᠣᠮᠣ᠌ ᠲᠤᠤᠯᠢ ᠵᠢᠨ ᠨᠢᠭᠡ ᠨᠢ ᠪᠤᠯᠤᠨ᠎ᠠ᠃ 2006 ᠣᠨ᠎ᠳᠤ 《ᠭᠡᠰᠡᠷ》 ᠨᠢ ᠮᠠᠨ᠎ᠦ ᠤᠯᠤᠰ᠎ᠤᠨ ᠠᠩᠬᠠᠳᠤᠭᠠᠷ ᠤᠳᠠᠭ᠎ᠠ ᠨᠡᠢᠳᠡᠯᠡᠭᠰᠡᠨ ᠤᠯᠤᠰ᠎ᠤᠨ ᠳᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ ᠪᠦᠲᠦᠭᠡᠯ᠎ᠦᠨ ᠨᠡᠷᠡᠰ᠎ᠦᠨ ᠵᠢᠭ᠍ᠰᠠᠭᠠᠯᠲᠠ᠎ᠳᠤ ᠤᠷᠤᠭᠰᠠᠨ ᠵᠢᠠᠷ ᠪᠠᠷᠠᠬᠤ ᠦᠭᠡᠢ᠂ 2009 ᠣᠨ᠎ᠳᠤ ᠣᠯᠠᠨ ᠤᠯᠤᠰ᠎ᠤᠨ ᠬᠣᠯᠪᠣᠭᠠᠲᠤ ᠪᠠᠢᠭᠤᠯᠭ᠎ᠠ᠎ᠶᠢᠨ ᠰᠤᠷᠭᠠᠨ ᠬᠥᠮᠦᠵᠢᠯ ᠰᠢᠨᠵᠢᠯᠡᠬᠦ ᠤᠬᠠᠭᠠᠨ ᠰᠣᠶᠣᠯ᠎ᠤᠨ ᠵᠣᠬᠢᠶᠠᠨ ᠪᠠᠢᠭᠤᠯᠤᠯᠲᠠ᠎ᠡᠴᠡ ᠨᠡᠢᠳᠡᠯᠡᠭᠰᠡᠨ 《ᠬᠥᠮᠥᠨ ᠲᠥᠷᠥᠯᠬᠢᠲᠡᠨ᠎ᠦ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ ᠪᠦᠲᠦᠭᠡᠯ᠎ᠦᠨ ᠨᠡᠷᠡᠰ᠎ᠦᠨ ᠵᠢᠭ᠍ᠰᠠᠭᠠᠯᠲᠠ》 ᠳ᠋ᠤ ᠳᠤᠳᠤᠷᠠᠵᠠᠢ᠃
ᠪᠠᠭᠠᠷᠢᠨ ᠪᠠᠷᠠᠭᠤᠨ ᠬᠣᠰᠢᠭᠤ ᠨᠢ 《ᠭᠡᠰᠡᠷ》 ᠰᠤᠶᠤᠯ᠎ᠤᠨ ᠴᠢᠬᠤᠯᠠ ᠭᠣᠯᠣᠮᠲᠠ ᠪᠣᠯᠤᠭᠰᠠᠨ᠎ᠤ ᠬᠤᠪᠢ᠎ᠳᠤ᠂ 《ᠳᠤᠮᠳᠠᠳᠤ ᠤᠯᠤᠰ᠎ᠤᠨ ᠭᠡᠰᠡᠷ ᠰᠤᠶᠤᠯ᠎ᠦᠨ ᠨᠤᠲᠤᠭ》 ᠬᠡᠮᠡᠭᠳᠡᠵᠦ᠂ ᠮᠠᠨ᠎ᠤ ᠤᠯᠤᠰ᠎ᠤᠨ ᠭᠡᠰᠡᠷ᠎ᠦᠨ ᠲᠤᠤᠯᠢ ᠵᠢᠨ ᠤᠯᠠᠮᠵᠢᠯᠠᠯ ᠵᠢᠠᠷ ᠬᠠᠮᠤᠭ᠎ᠤᠨ ᠬᠥᠭᠵᠢᠶᠡᠨ ᠲᠡᠢ᠂ ᠭᠡᠰᠡᠷ᠎ᠤᠨ ᠳᠤᠬᠠᠢ ᠠᠭᠤᠯᠠ ᠤᠰᠤᠨ᠎ᠦ ᠦᠯᠢᠭᠡᠷ ᠳᠤᠮᠤᠭ ᠬᠠᠮᠤᠭ᠎ᠤᠨ ᠪᠠᠶᠠᠯᠢᠭ᠋᠂ ᠭᠡᠰᠡᠷ᠎ᠦᠨ ᠳᠤᠬᠠᠢ ᠤᠷᠠᠯᠢᠭ᠍ᠴᠢᠨ ᠬᠠᠮᠤᠭ᠎ᠤᠨ ᠲᠥᠪᠯᠡᠷᠡᠩᠭᠦᠢ᠂ ᠭᠡᠰᠡᠷ᠎ᠦᠨ ᠲᠤᠤᠯᠢ ᠵᠢ ᠤᠯᠠᠮᠵᠢᠯᠠᠨ ᠬᠠᠳᠠᠭᠠᠯᠠᠭᠰᠠᠨ ᠵᠢᠠᠷ ᠬᠠᠮᠤᠭ᠎ᠤᠨ ᠪᠦᠷᠢᠨ ᠪᠦᠲᠦᠨ ᠲᠥᠪ ᠣᠷᠣᠨ᠎ᠤ ᠨᠢᠭᠡ ᠨᠢ ᠪᠤᠯᠤᠭᠰᠠᠨ ᠪᠠᠢᠨ᠎ᠠ᠃
ᠭᠡᠰᠡᠷ ᠪᠠᠭᠠᠲᠤᠷ᠎ᠤᠨ ᠦᠯᠢᠭᠡᠷ᠎ᠢ ᠤᠯᠠᠮᠵᠢᠯᠠᠬᠤ᠎ᠶᠢᠨ ᠲᠥᠯᠥᠭᠡ᠂ ᠪᠠᠭᠠᠷᠢᠨ ᠪᠠᠷᠠᠭᠤᠨ ᠬᠤᠰᠢᠭᠤ ᠪᠡᠷ ᠨᠤᠳᠤᠭ ᠳᠠᠢ ᠵᠢᠮᠪᠠᠵᠠᠮᠰᠤ 1983 ᠣᠨ᠎ᠳ᠋ᠤ ᠭᠡᠰᠡᠷ᠎ᠦᠨ ᠦᠯᠢᠭᠡᠷ ᠳᠤᠮᠤᠭᠢ ᠡᠷᠢᠵᠦ ᠴᠤᠭᠯᠠᠭᠤᠯᠬᠤ ᠠᠶᠠᠨ᠎ᠢᠶᠠᠨ ᠡᠬᠢᠯᠡᠭᠦᠯᠪᠡ᠃ ᠬᠦᠳᠡᠭᠡ ᠭᠡᠭᠡᠷ᠎ᠠ ᠴᠸ᠋ ᠪᠤᠯᠤᠭ᠂ ᠬᠦᠮᠦᠨ ᠠᠷᠠᠳ ᠴᠸ᠋ ᠪᠤᠯᠤᠭ᠂ ᠭᠡᠰᠡᠷ᠎ᠤᠨ ᠦᠯᠢᠭᠡᠷ ᠳᠤᠮᠤᠭ ᠳᠠᠢ ᠬᠤᠯᠪᠤᠭᠳᠠᠭᠰᠠᠨ ᠠᠭᠤᠯᠠ ᠬᠠᠢᠷᠬᠠᠨ᠂ ᠤᠰᠤ ᠨᠤᠳᠤᠭ ᠪᠦᠬᠦᠨ ᠵᠢᠠᠷ ᠳᠡᠷᠡ ᠳᠠᠷᠠᠭᠠᠯᠠᠨ ᠶᠠᠪᠤᠵᠦ᠂ ᠠᠯᠳᠠᠷᠳᠤ ᠬᠤᠭᠤᠷᠴᠢ᠂ ᠮᠡᠷᠭᠡᠨ ᠬᠡᠯᠡᠮᠤᠷᠴᠢ᠂ ᠶᠠᠪᠠᠭᠠᠨ ᠦᠯᠢᠭᠡᠷᠴᠢ ᠭᠡᠵᠦ ᠦᠯᠡᠳᠡᠭᠡᠯ ᠦᠭᠡᠢ᠂ ᠬᠡᠯᠡᠭᠰᠡᠨ ᠶᠠᠷᠢᠭᠰᠠᠨ ᠬᠢᠭᠰᠡᠨ ᠵᠤᠬᠢᠶᠠᠭᠰᠠᠨ ᠪᠦᠬᠦᠨ᠎ᠢ ᠨᠢ ᠭᠡᠬᠦᠳᠡᠭ ᠴᠡᠭᠡᠵᠢᠨ ᠳ᠋ᠡᠭᠡᠨ ᠰᠢᠩᠭᠡᠭᠡᠨ ᠠᠪᠴᠤ᠂ ᠪᠢᠯᠢᠭ ᠵᠢᠠᠨ ᠬᠤᠷᠴᠠᠯᠠᠨ ᠳᠡᠷᠢᠬᠢ ᠪᠡᠨ ᠵᠡᠪᠰᠡᠭᠯᠡᠨ᠂ ᠨᠢᠭᠡ ᠮᠡᠳᠡᠬᠦ ᠳ᠋ᠤ ᠭᠡᠰᠡᠷ᠎ᠤᠨ ᠳᠤᠤᠯᠢ ᠨᠢ ᠬᠠᠮᠤᠭ᠎ᠤᠨ ᠠᠩᠬᠠᠨ᠎ᠦ ᠦᠯᠢᠭᠡᠷ ᠳᠤᠮᠤᠭ᠎ᠤᠨ ᠦᠭᠡ ᠶᠠᠷᠢᠶ᠎ᠠ ᠪᠠᠢᠭᠰᠠᠨ ᠡᠴᠡ ᠪᠡᠨ ᠪᠤᠳᠢ ᠪᠤᠳᠢ ᠳᠡᠪᠳᠡᠷ ᠨᠤᠮ ᠬᠦᠷᠳᠡᠯ᠎ᠠ ᠤᠯᠠᠮᠵᠢᠯᠠᠭᠳᠠᠵᠦ᠂ ᠳᠠᠬᠢᠭᠠᠳ ᠤᠳᠤ ᠵᠢᠨ 43 ᠲᠦᠮᠡᠨ ᠮᠦᠷ ᠪᠦᠬᠦᠢ ᠠᠪᠤᠷᠭᠤ ᠳᠤᠮᠤ ᠳᠤᠤᠯᠢ ᠪᠤᠯᠵᠦ ᠬᠡᠪᠯᠡᠭᠳᠡᠭᠰᠡᠨ ᠪᠠᠢᠨ᠎ᠠ᠃ ᠳᠤᠮᠳᠠᠳᠤ ᠤᠯᠤᠰ᠎ᠤᠨ ᠤᠳᠬ᠎ᠠ ᠵᠣᠬᠢᠶᠠᠯ ᠤᠷᠠᠯᠢᠭ᠋᠎ᠤᠨ ᠬᠢᠨ᠎ᠦ ᠬᠣᠯᠪᠣᠭᠠᠲᠤ ᠬᠤᠷᠠᠯ᠎ᠠᠴᠠ ᠮᠦᠨ ᠲᠡᠭᠦᠨ᠎ᠢ ᠳᠤᠮᠳᠠᠳᠤ ᠤᠯᠤᠰ᠎ᠤᠨ ᠠᠷᠠᠳ᠎ᠤᠨ ᠰᠣᠶᠣᠯ᠎ᠤᠨ 《ᠰᠢᠯᠭᠠᠷᠠᠭᠰᠠᠨ ᠤᠯᠠᠮᠵᠢᠯᠠᠭ᠍ᠴᠢ》 ᠪᠡᠷ ᠨᠡᠷᠡᠢᠳᠴᠠᠢ᠃
ᠵᠢᠮᠪᠠᠵᠠᠮᠰᠤ ᠨᠠᠰᠤᠳᠠᠨᠦ ᠭᠡᠰᠡᠷ ᠰᠤᠶᠤᠯ᠎ᠤᠨ ᠤᠯᠠᠮᠵᠢᠯᠠᠯ᠂ ᠤᠨᠴᠠᠭᠠᠢᠯᠠᠨ ᠭᠡᠰᠡᠷ ᠬᠠᠢᠯᠬᠤ ᠡᠨᠡᠬᠦ ᠰᠤᠶᠤᠯ ᠪᠤᠯᠪᠠᠰᠤᠨᠦ ᠤᠯᠠᠮᠵᠢᠯᠠᠯ ᠳ᠋ᠤ ᠦᠵᠡᠬᠦᠯᠦᠭᠰᠡᠨ ᠵᠢᠳᠬᠦᠯ ᠴᠢᠷᠮᠠᠢᠯᠭ᠎ᠠ ᠯᠤᠳᠤ ᠶᠡᠬᠡ ᠶᠤᠮ᠃ ᠭᠡᠳᠤᠢ᠎ᠪᠡᠷ ᠡᠨᠡ ᠵᠢᠯ ᠨᠠᠰᠤᠨ ᠦᠭᠡᠳᠡ ᠪᠤᠯᠤᠭᠰᠠᠨ ᠴᠸ᠋ ᠳᠡᠬᠦᠨ᠎ᠦ ᠦᠯᠡᠮᠵᠢ ᠭᠠᠪᠢᠶ᠎ᠠ ᠦᠨᠢᠳᠡ ᠪᠠᠯᠠᠷᠠᠰᠢ ᠦᠭᠡᠢ ᠳᠡᠮᠳᠡᠭᠯᠡᠨ ᠦᠯᠡᠳᠡᠬᠦ ᠶᠤᠰᠤᠳᠠᠢ᠃
ᠤᠳᠤ ᠪᠠᠭᠠᠷᠢᠨ ᠪᠠᠷᠠᠭᠤᠨ ᠬᠤᠰᠢᠭᠤᠨ ᠳ᠋ᠤ᠂ 《ᠭᠡᠰᠡᠷ》᠎ᠦᠨ ᠤᠯᠤᠰ᠎ᠤᠨ ᠳᠡᠰ᠎ᠤᠨ ᠪᠤᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ ᠴᠢᠨᠠᠷᠲᠠᠢ ᠤᠯᠠᠮᠵᠢᠯᠠᠭ᠍ᠴᠢ 2᠂ ᠥᠪᠡᠷᠲᠡᠭᠡᠨ ᠵᠠᠰᠠᠬᠤ ᠣᠷᠣᠨ᠎ᠤ ᠳᠡᠰ᠎ᠤᠨ ᠲᠦᠯᠦᠭᠡᠯᠡᠬᠦ ᠴᠢᠨᠠᠷᠳᠠᠢ ᠤᠯᠠᠮᠵᠢᠯᠠᠭ᠍ᠴᠢ 4᠂ ᠬᠣᠲᠠ᠎ᠶᠢᠨ ᠳᠡᠰ᠎ᠤᠨ ᠲᠦᠯᠦᠭᠡᠯᠡᠬᠦ ᠴᠢᠨᠠᠷᠳᠠᠢ ᠤᠯᠠᠮᠵᠢᠯᠠᠭ᠍ᠴᠢ 7᠂ ᠬᠣᠰᠢᠭᠤᠨ ᠳᠡᠰ᠎ᠤᠨ ᠲᠦᠯᠦᠭᠡᠯᠡᠬᠦ ᠴᠢᠨᠠᠷᠳᠠᠢ ᠤᠯᠠᠮᠵᠢᠯᠠᠭᠴᠢ 32 ᠪᠠᠢᠵᠦ᠂ ᠭᠡᠰᠡᠷ ᠬᠠᠢᠯᠵᠦ ᠳᠠᠭᠤᠯᠠᠬᠤ ᠤᠷᠠᠯᠢᠭᠴᠢᠨ ᠪᠠ ᠭᠡᠰᠡᠷ᠎ᠤᠨ ᠳᠤᠤᠯᠢ ᠵᠢᠨ ᠪᠠᠬᠠᠳᠠᠳ 500 ᠭᠠᠷᠤᠢ ᠬᠦᠮᠦᠨ ᠪᠤᠯᠵᠦ ᠂ ᠡᠨᠡᠬᠦ ᠠᠪᠤᠷᠭᠤ ᠳᠤᠤᠯᠢ ᠵᠢ ᠤᠯᠠᠮᠵᠢᠯᠠᠨ ᠬᠦᠭᠵᠢᠬᠦᠯᠬᠦ 《ᠠᠮᠢᠳᠤ ᠤᠯᠠᠮᠵᠢᠯᠠᠯ᠎ᠤᠨ ᠡᠩᠨᠡᠭᠡ》 ᠪᠤᠯᠵᠦ ᠪᠦᠷᠢᠯᠳᠦᠭᠰᠡᠨ ᠪᠠᠢᠨ᠎ᠠ᠃
3000 ᠲᠡᠭᠰᠢ ᠳᠥᠷᠪᠡᠯᠵᠢᠨ ᠮᠸᠲᠷ ᠳᠠᠯᠠᠪᠠᠢ ᠪᠦᠬᠦᠢ ᠪᠠᠭᠠᠷᠢᠨ ᠪᠠᠷᠠᠭᠤᠨ ᠬᠤᠰᠢᠭᠤᠨ᠎ᠦ ᠭᠡᠰᠡᠷ᠎ᠦᠨ ᠤᠯᠠᠮᠵᠢᠯᠠᠨ ᠰᠤᠷᠭᠠᠬᠤ ᠲᠦᠪ ᠲᠸ᠋ ᠬᠦᠷᠪᠠᠯ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠦᠵᠡᠭᠦᠯᠭᠡ᠎ᠶᠢᠨ ᠲᠢᠩᠬᠢᠮ᠂ ᠲᠤᠤᠯᠢᠰ᠎ᠤᠨ ᠦᠵᠡᠭᠦᠯᠭᠡ᠎ᠶᠢᠨ ᠲᠢᠩᠬᠢᠮ᠂ ᠳᠠᠭᠤᠷᠢᠯᠢᠭ᠋ ᠤᠷᠠᠯᠢᠭ᠎ᠤᠨ ᠪᠣᠯᠪᠠᠰᠤᠷᠠᠯ᠎ᠤᠨ ᠲᠢᠩᠬᠢᠮ ᠵᠡᠷᠭᠡᠴᠦᠮ ᠪᠦᠷᠢᠯᠳᠤᠵᠦ᠂ 《ᠭᠡᠰᠡᠷ》 ᠰᠤᠶᠤᠯ᠎ᠤᠨ ᠬᠦᠨ ᠶᠢᠷᠳᠢᠨᠴᠤ ᠪᠡᠷ ᠵᠤᠭᠠᠯᠠᠭᠠᠳ ᠤᠷᠤᠭᠰᠠᠨ ᠮᠡᠳᠤ ᠰᠠᠨᠠᠭᠳᠠᠨ᠎ᠠ᠃
ᠪᠠᠭᠠᠷᠢᠨ ᠪᠠᠷᠠᠭᠤᠨ ᠬᠣᠰᠢᠭᠤᠨ᠎ᠤ ᠭᠡᠰᠡᠷ ᠰᠣᠶᠣᠯ᠎ᠤᠨ ᠠᠮᠢ ᠠᠬᠤᠢ᠎ᠶᠢ ᠬᠠᠮᠠᠭᠠᠯᠠᠨ ᠬᠦᠭᠵᠢᠬᠦᠯᠬᠦ ᠲᠦᠪ᠎ᠤᠨ ᠡᠷᠬᠢᠯᠡᠭᠴᠢ ᠬᠠᠷᠠᠪᠠᠷᠰ ᠰᠤᠷᠪᠤᠯᠵᠢᠯᠠᠭᠴᠢ ᠳ᠋ᠤ᠄ 《ᠣᠳᠣᠬᠠᠨ᠎ᠳᠤ᠂ ᠭᠡᠰᠡᠷ᠎ᠤᠨ ᠳᠤᠬᠠᠢ ᠨᠤᠮ ᠳᠡᠪᠳᠡᠷᠢ ᠨᠢᠭᠡᠨᠲᠡ 43 ᠵᠦᠢᠯ᠎ᠦᠨ 290 ᠪᠦᠯᠦᠭ᠂ ᠠᠮᠠᠨ ᠶᠠᠷᠢᠶ᠎ᠠ ᠪᠡᠷ ᠤᠯᠠᠮᠵᠢᠯᠠᠭᠰᠠᠨ ᠭᠡᠰᠡᠷ᠎ᠤᠨ ᠳᠤᠤᠯᠢ ᠵᠢ 360 ᠪᠦᠯᠦᠭ ᠴᠤᠭᠯᠠᠭᠤᠯᠵᠦ᠂ ᠭᠡᠰᠡᠷ᠎ᠤᠨ ᠳᠤᠬᠠᠢ ᠳ᠋ᠠᠢᠲ᠋ᠠ ᠬᠥᠮᠥᠷᠭᠡ᠎ᠶᠢ ᠪᠠᠢᠭᠤᠯᠤᠨ᠂ 52 ᠪᠣᠳᠢ ᠨᠤᠮ ᠳᠡᠪᠳᠡᠷ ᠬᠡᠪᠯᠡᠭᠦᠯᠤᠭᠡᠳ ᠪᠤᠢ》 ᠭᠡᠵᠦ ᠳᠠᠨᠢᠯᠴᠠᠭᠤᠯᠪᠠ᠃
ᠡᠳᠦᠭᠡ ᠰᠢᠨ᠎ᠡ᠎ᠪᠡᠷ ᠵᠣᠬᠢᠶᠠᠨ ᠪᠦᠲᠦᠭᠡᠭᠰᠡᠨ ᠭᠡᠰᠡᠷ᠎ᠦᠨ ᠲᠤᠤᠯᠢ ᠵᠢᠨ ᠵᠢᠷᠤᠭᠲᠤ ᠳᠡᠪᠲᠡᠷ᠂ ᠭᠡᠰᠡᠷ᠎ᠦᠨ ᠭᠣᠣᠯ ᠰᠡᠳᠦᠪᠲᠦ ᠬᠡᠦᠬᠡᠳ᠎ᠦᠨ ᠵᠦᠴᠦᠭᠡ ᠵᠡᠷᠭᠡ ᠤᠳᠬ᠎ᠠ ᠤᠷᠠᠯᠢᠭ᠋᠎ᠤᠨ ᠪᠦᠲᠦᠭᠡᠯ ᠨᠢ ᠤᠯᠠᠮᠵᠢᠯᠠᠯ ᠪᠠ ᠰᠢᠨᠡᠴᠢᠯᠡᠯ᠎ᠤᠨ ᠭᠤᠸ᠎ᠠ ᠰᠠᠢᠬᠠᠨ᠎ᠢ ᠤᠯᠠᠮ ᠨᠢᠭᠡ ᠠᠯᠬᠤᠮ ᠮᠡᠳᠡᠷᠡᠬᠦᠯᠵᠦ᠂ ᠨᠡᠩ ᠤᠯᠠᠨ ᠬᠦᠮᠦᠰ᠎ᠢ ᠥᠷᠭᠡᠨ᠎ᠢᠶᠡᠷ ᠣᠷᠣᠯᠴᠠᠭᠤᠯᠵᠦ ᠪᠠᠢᠨ᠎ᠠ᠃
ᠤᠯᠠᠨ ᠡᠰᠢᠲᠦ ᠰᠤᠶᠤᠯ ᠡᠨᠳᠡ ᠠᠭᠤᠰᠤᠯᠴᠠᠵᠤ᠂ ᠠᠯᠢ ᠡᠷᠲᠡᠨ᠎ᠦ ᠤᠢ ᠤᠬᠠᠭᠠᠨ ᠡᠨᠳᠡ ᠬᠤᠷᠠᠮᠳᠤᠨ ᠳᠤᠩᠭᠠᠯᠠᠭᠰᠢᠨᠠ᠃ ᠡᠨᠡᠬᠦ ᠠᠭᠤᠳᠠᠮ ᠦᠵᠡᠰᠬᠦᠯᠡᠩ ᠨᠤᠲᠤᠭ ᠳᠡᠭᠡᠷᠡᠬᠢ ᠢᠮ ᠳᠠᠮᠠᠭ᠎ᠠ ᠢᠯᠡᠷᠡᠬᠦᠯᠤᠯᠳᠡ ᠬᠠᠢᠯᠳᠠ᠂ ᠤᠳᠬ᠎ᠠ ᠤᠶᠠᠩᠭ᠎ᠠ ᠦᠯᠢᠭᠡᠷ ᠳᠤᠮᠤᠭ᠂ ᠡᠰᠡᠬᠦᠯ᠎ᠠ ᠡᠬᠦᠳᠦᠯᠳᠡ ᠰᠢᠨᠡᠴᠢᠯᠡᠯᠳᠡ ᠳᠡᠷᠡ ᠪᠦᠬᠦᠨ ᠮᠠᠨᠢ ᠡᠨᠡ ᠨᠤᠳᠤᠭ᠎ᠤᠨ ᠦᠩᠭᠡᠷᠡᠭᠰᠡᠨ᠎ᠢ ᠦᠬᠦᠯᠡᠵᠦ ᠦᠨᠤᠳᠤᠷᠢ ᠬᠦᠤᠷᠨᠢᠵᠦ ᠪᠠᠢᠭ᠎ᠠ ᠮᠡᠳᠤ!