ᠵᠠᠷᠤᠳ — ᠡᠷᠲᠡᠨᠤ ᠪᠦᠭᠡᠳ ᠤᠳᠬ᠎ᠠ ᠠᠭᠤᠯᠭ᠎ᠠ ᠪᠠᠶᠠᠯᠢᠭ ᠨᠡᠷ᠎ᠡ᠃
ᠵᠠᠷᠤᠳ — ᠦᠷᠭᠡᠨ ᠠᠭᠤᠳᠠᠮ ᠦᠨᠭ ᠰᠢᠮᠡᠯᠢᠭ ᠤᠷᠤᠨ᠃
ᠵᠠᠷᠤᠳ — ᠦᠯᠢᠭᠡᠷᠴᠢ ᠬᠤᠭᠤᠷᠴᠢ ᠵᠢᠨ ᠨᠤᠲᠤᠭ ᠶᠤᠮᠰᠠᠨ᠃
ᠡᠷᠲᠡᠨ ᠡᠴᠡ ᠢᠨᠠᠬᠰᠢ᠂ ᠡᠨᠡ ᠵᠠᠷᠤᠳ ᠨᠤᠲᠤᠭᠲᠤ ᠲᠤᠭ᠎ᠠ ᠲᠤᠮᠰᠢ ᠦᠭᠡᠢ ᠪᠠᠭᠠᠳᠤᠷ ᠢᠳᠡᠳᠡᠨ ᠮᠠᠨᠳᠤᠯᠠᠵᠦ᠂ ᠦᠨᠡᠨᠴᠢ ᠵᠢᠳᠬᠦᠯ ᠬᠠᠷᠠᠮ ᠦᠭᠡᠢ ᠴᠢᠷᠮᠠᠢᠯᠭ᠎ᠠ ᠪᠡᠷ ᠵᠢᠠᠨ ᠨᠤᠳᠤᠭ ᠤᠰᠤ ᠪᠡᠨ ᠪᠦᠳᠦᠭᠡᠨ ᠪᠠᠢᠭᠤᠯᠵᠦ᠂ ᠦᠶ᠎ᠡ ᠦᠶ᠎ᠡ ᠵᠢᠨ ᠬᠦᠮᠦᠰ ᠲᠸ᠋ ᠰᠤᠶᠤᠯ ᠪᠤᠯᠪᠠᠰᠤᠨᠤ ᠭᠠᠢᠬᠠᠮᠰᠢᠭ ᠵᠢᠨᠨ ᠤᠯᠠᠮᠵᠢᠯᠠᠨ ᠳᠡᠯᠭᠡᠷᠡᠬᠦᠯᠦᠭᠰᠡᠭᠡᠷ ᠢᠷᠡᠭᠰᠡᠨ ᠪᠢᠯᠡ᠃
ᠵᠠᠷᠤᠳᠬᠤᠰᠢᠭᠤᠨᠤ ᠲᠡᠤᠭᠡ ᠵᠢᠨ ᠳᠤᠷᠠᠰᠬᠠᠯᠲᠤ ᠵᠦᠢᠯᠡᠰᠢ ᠬᠠᠮᠠᠭᠠᠯᠠᠬᠤ ᠲᠦᠪᠲᠤ ᠬᠦᠷᠪᠡᠯ ᠰᠤᠶᠤᠯ ᠪᠤᠯᠪᠠᠰᠤᠨᠦ ᠭᠡᠭᠡ ᠳᠠᠳᠠᠭᠰᠠᠨ ᠳᠡᠤᠬᠡ ᠠᠶᠠᠷᠬᠠᠨ ᠳᠡᠯᠭᠡᠭᠳᠡᠨ᠎ᠠ᠃ ᠲᠤᠰ ᠲᠦᠪᠤᠨ ᠬᠤᠶᠠᠳᠤᠭᠠᠷ ᠲᠠᠪᠬᠤᠷᠯᠢᠭ ᠳᠡᠬᠢ ᠲᠡᠤᠬᠡ ᠵᠢᠨ ᠳᠤᠷᠠᠰᠬᠠᠯᠲᠤ ᠵᠦᠢᠯᠡᠰᠤᠨ ᠦᠵᠡᠬᠦᠯᠭᠡ ᠵᠢᠨ ᠲᠢᠨᠭᠬᠢᠮ᠂ ᠭᠤᠷᠪᠠᠳᠤᠭᠠᠷ ᠳᠠᠪᠬᠤᠷᠯᠢᠭ ᠳᠡᠬᠢ ᠡᠮᠦᠨ᠎ᠡ ᠪᠤᠯᠠᠬᠲᠤ ᠵᠢᠨ ᠲᠡᠤᠭᠡ ᠵᠢᠨ ᠳᠤᠷᠠᠰᠬᠠᠯᠲᠤ ᠵᠦᠢᠯᠡᠰᠤᠨ ᠦᠵᠡᠬᠦᠯᠭᠡ ᠵᠢᠨ ᠲᠢᠨᠭᠬᠢᠮ ᠪᠤᠯᠤᠨ ᠦᠯᠢᠭᠡᠷᠤᠨ ᠲᠡᠤᠬᠡ ᠵᠢᠨ ᠳᠤᠷᠠᠰᠬᠠᠯᠲᠤ ᠵᠦᠢᠯᠡᠰᠤᠨ ᠦᠵᠡᠬᠦᠯᠭᠡ ᠵᠢᠨ ᠲᠢᠨᠭᠬᠢᠮ ᠳ᠋ᠤ ᠬᠠᠷᠠᠭ᠎ᠠ ᠳᠤᠰᠬᠠᠪᠠᠯ᠂ ᠪᠠᠯᠠᠷ ᠡᠷᠲᠡᠨᠤ ᠪᠤᠯᠪᠠᠰᠤᠨᠤ ᠭᠤᠯᠤᠮᠳᠠ᠂ ᠤᠯᠠᠨ ᠦᠨᠳᠦᠰᠦᠲᠡᠨ ᠠᠭᠤᠰᠤᠯᠴᠠᠨ ᠠᠮᠢᠳᠤᠷᠠᠬᠰᠠᠨ ᠵᠢᠴᠢ ᠤᠳᠤᠷ ᠨᠡᠬᠦᠳᠡᠯ᠂ ᠬᠤᠭᠤᠷ ᠤ᠋ᠨ ᠦᠯᠢᠬᠡᠷ ᠵᠡᠷᠭᠡ ᠦᠪ ᠰᠤᠶᠤᠯ ᠤ᠋ᠨ ᠳᠤᠬᠠᠢ ᠳᠠᠨᠢᠯᠴᠠᠭᠤᠯᠭ᠎ᠠ ᠳ᠋ᠤ ᠰᠤᠨᠢᠷᠬᠠᠯ ᠳᠠᠳᠠᠭᠳᠠᠵᠦ᠂ ᠬᠤᠪᠤᠷ ᠨᠠᠨᠳᠢᠨ ᠬᠠᠭᠤᠴᠢ ᠪᠤᠳᠠᠰ᠂ ᠡᠷᠳᠡᠨ ᠡᠳᠤᠬᠡ ᠵᠢᠨ ᠵᠢᠷᠤᠭ ᠰᠡᠬᠦᠳᠡᠷ᠂ ᠡᠳᠡᠭᠡᠳ ᠬᠠᠴᠢᠨ ᠤᠷᠠᠯᠠᠯ ᠴᠢᠮᠡᠭᠯᠡᠯ ᠵᠡᠷᠭᠡ ᠨᠢ ᠦᠩᠭᠡᠷᠡᠭᠰᠡᠨᠢ ᠦᠬᠦᠯᠡᠵᠦ ᠦᠨᠤᠳᠤᠷᠢ ᠬᠦᠤᠷᠨᠢᠵᠦ ᠪᠠᠢᠭ᠎ᠠ ᠮᠡᠳᠤ!
ᠦᠪ ᠰᠤᠶᠤᠯᠤᠨ ᠦᠯᠦᠭᠡᠢ ᠵᠠᠷᠤᠳ
ᠵᠠᠷᠤᠳ ᠬᠤᠰᠢᠭᠤ ᠨᠢ ᠲᠦᠨᠭᠯᠢᠶᠤᠤ ᠬᠤᠲᠠ ᠵᠢᠨ ᠪᠠᠷᠠᠭᠤᠨ ᠬᠤᠢᠲᠤ ᠬᠡᠰᠡᠭ᠂ ᠦᠪᠦᠷ ᠮᠤᠨᠭᠭᠤᠯᠤᠨ ᠦᠨᠳᠦᠷᠯᠢᠭ ᠡᠴᠡ ᠰᠤᠨᠭᠭᠠᠷᠢ ᠮᠦᠷᠡᠨ ᠯᠢᠶᠤᠤᠾᠸ ᠭᠤᠤᠯᠤᠨ ᠲᠠᠯ᠎ᠠ ᠭᠠᠵᠠᠷ ᠲᠡᠢᠰᠢ ᠰᠢᠯᠵᠢᠬᠦ ᠬᠡᠰᠡᠭᠲᠤ ᠪᠠᠢᠷᠢᠯᠠᠵᠤ᠂ ᠤᠮᠠᠷᠠᠲᠤ ᠬᠡᠰᠡᠭᠤᠨ ᠠᠭᠤᠯᠠᠷᠬᠠᠭ ᠭᠠᠵᠠᠷ᠂ ᠳᠤᠮᠳᠠᠳᠤ ᠬᠡᠰᠡᠭᠤᠨ ᠪᠤᠭᠤᠨᠢ ᠨᠢᠷᠤᠭᠤ ᠳᠤᠪᠤᠷᠬᠠᠭ ᠭᠠᠵᠠᠷ᠂ ᠡᠮᠦᠨᠡᠲᠤ ᠬᠡᠰᠡᠭᠤᠨ ᠲᠡᠭᠰᠢ ᠲᠠᠯ᠎ᠠ ᠪᠤᠯᠤᠨ ᠡᠯᠡᠰᠦ ᠮᠠᠨᠭᠬᠠ ᠵᠤ ᠭᠠᠵᠠᠷ ᠨᠡᠢᠯᠡᠭᠡᠳ ᠡᠨᠳᠡᠬᠢ ᠤᠨᠴᠠᠭᠠᠢ ᠭᠠᠵᠠᠷ ᠵᠦᠢ ᠵᠢᠨ ᠤᠷᠴᠢᠨ ᠲᠤᠭᠤᠷᠢᠨᠢ ᠪᠦᠷᠢᠯᠳᠦᠬᠦᠯᠪᠡ᠃
ᠠᠯᠢ ᠡᠷᠲᠡᠨ ᠡᠴᠡ ᠦᠨᠢᠷ ᠪᠠᠶᠠᠯᠢᠭ ᠵᠠᠷᠤᠳ ᠨᠤᠲᠤᠭᠲᠤ ᠴᠦᠭᠡᠨ ᠲᠤᠭᠠᠲᠤ ᠦᠨᠳᠦᠰᠦᠲᠡᠨᠤ ᠨᠡᠬᠦᠳᠡᠯ ᠮᠠᠯᠵᠢᠯ ᠲᠦᠢᠯᠤᠨ ᠬᠦᠭᠵᠢᠶᠡᠨ ᠲᠡᠢ ᠪᠠᠢᠪᠠ᠃ ᠱᠠᠨᠭ᠌ ᠵᠸᠤ ᠡᠴᠡ ᠴᠢᠨ ᠬᠠᠨ ᠬᠦᠷᠬᠦ ᠬᠤᠭᠤᠴᠠᠭᠠᠨᠳᠤ᠂ ᠶᠠᠨ ᠤᠯᠤᠰᠤᠨ ᠤᠷᠳᠤ ᠴᠠᠭᠠᠨ ᠬᠡᠷᠡᠮ ᠡᠴᠡ ᠬᠤᠢᠰᠢᠬᠢ ᠲᠠᠯ᠎ᠠ ᠨᠤᠲᠤᠭ ᠪᠤᠯ ᠳ᠋ᠦᠨᠭᠬᠤ ᠬᠦᠮᠦᠨᠤ ᠮᠠᠯᠵᠢᠯᠤᠨ ᠲᠠᠯᠠᠪᠠᠢ; ᠬᠠᠨ ᠬᠦᠷᠦᠨ ᠡᠴᠡ ᠵᠢᠨ ᠤᠯᠤᠰ ᠪᠤᠯᠲᠠᠯ᠎ᠠ᠂ ᠱᠢᠶᠡᠨᠪᠢ ᠬᠦᠮᠦᠨ ᠨᠤᠲᠤᠬᠰᠢᠨ ᠠᠮᠢᠳᠤᠷᠠᠵᠤ᠂ ᠡᠮᠦᠨᠡᠲᠤ ᠤᠮᠠᠷᠠᠳᠤ ᠲᠦᠷᠦ ᠡᠴᠡ ᠰᠦᠢ ᠲᠠᠨᠭ᠌ᠤᠨ ᠦᠶ᠎ᠡ ᠬᠦᠷᠲᠡᠯ᠎ᠡ ᠬᠢᠳᠠᠨᠴᠤᠳ ᠨᠡᠭᠦᠳᠡᠯᠯᠡᠨ ᠮᠠᠯᠵᠢᠵᠦ᠂ ᠡᠯ᠎ᠡ ᠦᠨᠳᠦᠰᠦᠲᠡᠨ ᠬᠠᠷᠢᠯᠴᠠᠨ ᠨᠡᠢᠯᠡᠯᠳᠦᠨ ᠬᠦᠭᠵᠢᠵᠤ᠂ ᠡᠨᠳᠡᠬᠢ ᠦᠪᠡᠷᠮᠢᠴᠡ ᠡᠷᠲᠡᠨᠤ ᠰᠤᠶᠤᠯᠢ ᠪᠤᠢ ᠪᠤᠯᠭᠠᠵᠠᠢ᠃
ᠯᠢᠶᠤᠤ ᠤᠯᠤᠰ᠂ ᠠᠯᠲᠠᠨ ᠤᠯᠤᠰᠤᠨ ᠦᠶ᠎ᠡ ᠪᠤᠯ ᠤᠮᠠᠷᠠᠲᠤ ᠤᠷᠤᠨᠤ ᠲᠡᠤᠭᠡᠨ ᠳᠡᠭᠡᠷᠡᠬᠢ ᠲᠦᠢᠯᠤᠨ ᠴᠢᠬᠤᠯᠠ ᠴᠠᠭ ᠦᠶ᠎ᠡ ᠮᠦᠨ᠃ ᠲᠤᠬᠠᠢ ᠵᠢᠨ ᠦᠶᠡᠳᠤ ᠬᠤᠶᠠᠷ ᠤᠯᠤᠰᠤᠨ ᠬᠢᠵᠠᠭᠠᠷ ᠳᠤᠳᠤᠷ᠎ᠠ ᠤᠯᠠᠨ ᠠᠢᠯ ᠬᠤᠲᠠ ᠪᠠᠢᠭᠤᠯᠵᠤ᠂ ᠪᠠᠢᠷᠢᠰᠢᠯ ᠨᠢ ᠤᠳᠤᠨ ᠮᠡᠴᠢᠳ ᠲᠦᠭᠡᠭᠰᠡᠨ ᠰᠢᠭ᠌ ᠪᠠᠢᠵᠤ᠂ ᠨᠡᠬᠦᠳᠡᠯ ᠮᠠᠯᠵᠢᠯᠤᠨ ᠠᠮᠢᠳᠤᠷᠠᠯ ᠨᠢ ᠡᠨᠡ ᠭᠠᠵᠠᠷᠢ ᠨᠡᠬᠦᠨ ᠰᠢᠯᠵᠢᠬᠦᠳᠤ ᠡᠷᠭᠡᠪᠰᠢ ᠦᠨᠭᠭᠡᠷᠡᠬᠦ ᠴᠢᠬᠤᠯᠠ ᠵᠠᠮ ᠪᠤᠯᠭᠠᠪᠠ᠃ ᠵᠠᠮ ᠬᠠᠷᠢᠯᠴᠠᠭᠠᠨᠤ ᠱᠤᠭᠤᠮ ᠨᠡᠭᠡᠭᠡᠭᠰᠡᠨ ᠪᠠ ᠵᠤᠭᠤᠰᠤᠨ ᠬᠦᠢᠯᠭᠡᠭᠡᠨ ᠨᠢ ᠲᠠᠸᠠᠷᠤᠨ ᠦᠢᠯᠡᠳᠪᠦᠷᠢᠯᠡᠯᠤᠨ ᠬᠦᠷ ᠬᠦᠭᠵᠢᠶᠡᠨᠲᠡᠢ ᠪᠤᠯᠬᠤ ᠵᠢ ᠠᠬᠢᠭᠤᠯᠵᠤ᠂ ᠵᠡᠰ ᠲᠤᠯᠢ᠂ ᠲᠡᠷᠭᠡ ᠮᠤᠷᠢᠨᠤ ᠡᠳ᠋ᠯᠡᠯ ᠬᠡᠷᠡᠭᠰᠡᠯ᠂ ᠸᠠᠭᠠᠷ ᠱᠠᠭᠠᠵᠠᠨᠭ᠌ ᠵᠡᠷᠭᠡ ᠨᠢ ᠠᠵᠤ ᠠᠬᠤᠢ ᠨᠡᠢᠭᠡᠮᠰᠡᠷᠬᠦᠭᠰᠡᠨ ᠰᠢᠨ᠎ᠡ ᠦᠵᠡᠭᠳᠡᠯᠢ ᠪᠤᠢ ᠪᠤᠯᠭᠠᠵᠠᠢ᠃
ᠮᠢᠨᠭ ᠤᠯᠤᠰ ᠨᠢ ᠶᠤᠸᠠᠨ ᠤᠯᠤᠰᠤᠨ ᠦᠶ᠎ᠡ ᠵᠢᠨ ᠵᠠᠬᠢᠷᠭᠠᠨ ᠮᠤᠵᠢ ᠵᠢᠨ ᠳᠦᠷᠢᠮᠢ ᠬᠦᠴᠦᠨ ᠦᠭᠡᠢ ᠪᠤᠯᠭᠠᠬᠰᠠᠠ ᠦᠶᠡᠳᠤ ᠯᠢᠶᠤᠤᠳᠦ᠋ᠨᠭ ᠴᠡᠷᠢᠭᠤᠨ ᠵᠤᠷᠭᠠᠨ ᠪᠠᠢᠭᠤᠯᠤᠬᠳᠠᠵᠤ᠂ ᠴᠡᠷᠢᠭᠤᠨ ᠵᠤᠷᠭᠠᠨᠤ ᠳᠤᠤᠷ᠎ᠠ ᠨᠢ ᠬᠠᠷᠢᠶ᠎ᠠ ᠰᠠᠬᠢᠬᠴᠢ ᠸᠸᠢ ᠪᠠ ᠬᠠᠷᠢᠶ᠎ᠠ ᠠᠢᠮᠠᠭ ᠭᠠᠷᠭᠠᠪᠠ᠃ ᠵᠠᠷᠤᠳ ᠪᠤᠯ ᠤᠷᠢᠶᠠᠨᠭᠬᠠᠢ ᠵᠢᠨ ᠭᠤᠷᠪᠠᠨ ᠰᠠᠬᠢᠬᠴᠢ ᠸᠸᠢ ᠵᠢᠨ ᠨᠢᠭᠡ ᠪᠤᠯᠬᠤ ᠹᠦ ᠢᠤᠢ ᠸᠸᠢ ᠵᠢᠨ ᠬᠠᠷᠢᠶ᠎ᠠ ᠭᠠᠵᠠᠷ ᠪᠠᠢᠵᠠᠢ᠃ ᠴᠢᠨᠭ ᠤᠯᠤᠰᠤᠨ ᠡᠬᠢᠨᠤ ᠦᠶᠡᠳᠤ ᠵᠠᠷᠤᠳ ᠬᠠᠮᠤᠭᠤᠨ ᠲᠦᠷᠦᠬᠦᠨᠳᠤ ᠴᠢᠨᠭ ᠬᠦᠷᠦᠨᠢ ᠳᠠᠭᠠᠬᠰᠠᠨ ᠮᠤᠨᠭᠭᠤᠯ ᠠᠢᠮᠠᠭ ᠪᠠᠢᠵᠤ᠂ ᠴᠢᠨᠭ ᠬᠦᠷᠦᠨ ᠲᠠᠢ ᠤᠷᠤᠭᠤᠨ ᠬᠠᠷᠢᠴᠠᠭ᠎ᠠ ᠪᠠᠢᠭᠤᠯᠤᠬᠰᠠᠨ ᠡᠴᠡ ᠵᠠᠷᠤᠳᠤᠨ ᠪᠠᠢᠷᠢ ᠰᠠᠭᠤᠷᠢ ᠳᠡᠭᠡᠭᠰᠢᠯᠡᠪᠡ᠃
ᠤᠨᠦ ᠪᠤᠱᠤᠭ᠎ᠠ ᠤᠯᠠᠷᠢᠵᠦ᠂ ᠲᠡᠤᠭᠡ ᠵᠢᠨ ᠬᠦᠷᠲᠤ ᠡᠷᠬᠢᠯᠳᠦᠭᠰᠡᠭᠡᠷ ᠁ ᠦᠨᠦᠳᠦᠷ ᠡᠯᠪᠡᠭ ᠪᠠᠶᠠᠯᠢᠭ ᠲᠡᠤᠭᠡ ᠰᠤᠶᠤᠯᠤᠨ ᠨᠦᠭᠡᠴᠡ ᠲᠠᠢ ᠵᠠᠷᠤᠳ ᠦᠷᠬᠦᠯᠵᠢᠯᠡᠨ ᠰᠢᠨ᠎ᠡ ᠬᠠᠭᠤᠳᠠᠰᠤ ᠪᠠᠨ ᠪᠢᠴᠢᠭᠯᠡᠨ᠎ᠡ᠃ ᠦᠪᠦᠷ ᠮᠤᠨᠭᠭᠤᠯᠤᠨ ᠲᠠᠯ᠎ᠠ ᠨᠤᠲᠤᠭᠤᠨ ᠦᠷᠦᠴᠡᠨᠳᠤ ᠨᠢᠭᠡᠨ ᠦᠯᠢᠭᠡᠷ ᠳᠡᠤᠬᠡ ᠳᠠᠢ ᠨᠤᠲᠤᠭ ᠤᠷᠤᠰᠢᠵᠤ᠂ ᠦᠪ ᠰᠤᠶᠤᠯᠤᠨ ᠭᠠᠢᠬᠠᠮᠰᠢᠭ ᠵᠢᠠᠷ ᠵᠢᠠᠨ ᠬᠦᠮᠦᠨ ᠲᠦᠮᠡᠨᠦ ᠰᠡᠳᠬᠢᠯᠢ ᠤᠮᠳᠠᠯᠠᠭᠰᠠᠭᠠᠷ᠂ ᠡᠨᠡ ᠪᠤᠯ ᠵᠠᠷᠤᠳ!
ᠡᠴᠢᠨ᠎ᠡ ᠨᠢᠭᠤᠴᠠᠭᠠᠢ ᠵᠠᠷᠤᠳ
ᠵᠠᠷᠤᠳ ᠨᠤᠳᠤᠭᠤᠨ ᠦᠩᠭᠡᠷᠡᠭᠰᠡᠨᠦ ᠡᠷᠢᠯ ᠳ᠋ᠤ ᠮᠤᠷᠳᠠᠶ᠎ᠠ ᠬᠡᠮᠡᠪᠡᠰᠦ᠂ ᠡᠮᠦᠨ᠎ᠡ ᠪᠤᠯᠠᠬᠲᠤ ᠵᠢᠨ ᠮᠦᠽᠸᠢ ᠪᠡᠷ ᠳᠤᠭᠤᠷᠢᠨ ᠵᠤᠭᠠᠯᠠᠬᠤ ᠤᠴᠢᠷᠳᠠᠢ᠃
ᠬᠤᠷᠢᠳᠤᠭᠠᠷ ᠵᠠᠭᠤᠨᠤ ᠶᠡᠷᠡᠭᠡᠳ ᠤᠨᠳᠤ᠂ ᠵᠠᠷᠤᠳ ᠬᠤᠰᠢᠭᠤᠨᠤ ᠡᠮᠦᠨ᠎ᠡ ᠬᠡᠰᠡᠭᠲᠤ ᠨᠢᠭᠡ ᠤᠳᠠᠭᠠᠨᠤ ᠶᠡᠬᠡ ᠬᠡᠪᠴᠢᠶᠡᠨᠤ ᠠᠳᠠᠷ ᠬᠠᠭᠠᠯᠪᠤᠷᠢᠯᠠᠯᠲᠠᠳᠤ ᠬᠡᠳᠦᠨ ᠮᠢᠨᠭᠭᠠᠨ ᠵᠢᠯᠤᠨ ᠡᠮᠦᠨᠡᠬᠢ ᠡᠮᠦᠨ᠎ᠡ ᠪᠤᠯᠠᠬᠲᠤ ᠵᠢᠨ ᠪᠠᠭᠤᠷᠢ ᠵᠢᠴᠢ ᠤᠨᠭᠭᠤᠨᠢ ᠢᠯᠡᠷᠡᠬᠦᠯᠵᠡᠢ᠃ ᠡᠨᠡ ᠬᠦ ᠢᠯᠡᠷᠡᠬᠦᠯᠦᠯᠲᠡ ᠡᠴᠡ ᠬᠡᠳᠦᠨ ᠮᠢᠨᠭᠭᠠᠨ ᠵᠢᠯᠤᠨ ᠡᠮᠦᠨᠡᠬᠢ ᠬᠤᠷᠴᠢᠨᠤ ᠲᠠᠯ᠎ᠠ ᠨᠤᠲᠤᠭ ᠲᠡᠬᠢ ᠤᠯᠠᠨ ᠡᠰᠢᠲᠤ ᠰᠤᠶᠤᠯᠢ ᠤᠯᠵᠤ ᠮᠡᠳᠡᠷᠡᠨ᠎ᠠ᠃
ᠡᠮᠦᠨ᠎ᠡ ᠪᠤᠯᠠᠭ᠍ᠲᠤ ᠲᠣᠰᠭᠣᠨ ᠤ᠋ ᠡᠷᠲᠡᠨ ᠤ᠋ ᠪᠠᠭᠤᠷᠢ ᠪᠣᠯ ᠤᠳᠤ ᠡᠴᠡ 5000 — 4500 ᠵᠢᠯ ᠤ᠋ᠨ ᠡᠮᠦᠨᠡᠬᠢ ᠱᠢᠨ᠎ᠡ ᠴᠢᠯᠠᠭᠤᠨ ᠵᠡᠪᠰᠡᠭ ᠤ᠋ᠨ ᠰᠡᠭᠦᠯᠴᠢ ᠶ᠋ᠢᠨ ᠦᠶ᠎ᠡ ᠶ᠋ᠢᠨ ᠪᠠᠭᠤᠷᠢ ᠪᠣᠯᠤᠨ᠎ᠠ᠂ ᠵᠠᠷᠤᠳ ᠬᠣᠱᠢᠭᠤᠨ ᠤ᠋ ᠡᠮᠦᠨ᠎ᠡ ᠪᠤᠯᠠᠭ᠍ᠲᠤ ᠲᠣᠰᠭᠣᠨ ᠡᠴᠡ ᠢᠯᠡᠷᠡᠭᠦᠯᠦᠭ᠌ᠰᠡᠨ ᠪᠤᠯᠬᠤᠷ ᠢᠩᠭᠢᠵᠦ᠍ ᠨᠡᠷᠡᠯᠡᠭ᠌ᠳᠡᠵᠠᠢ᠃ ᠳᠤᠬᠠᠢ ᠵᠢᠨ ᠦᠶ᠎ᠡ ᠶ᠋ᠢᠨ ᠬᠦᠮᠦᠰ ᠠᠩ ᠬᠦᠷᠦᠭᠡ ᠠᠨᠭᠨᠠᠵᠤ᠂ ᠤᠷᠭᠤᠮᠠᠯ ᠵᠢᠮᠢᠰ ᠲᠡᠭᠦᠵᠦ᠍᠂ ᠦᠪᠡᠷᠤᠨ ᠤᠶᠤᠨ ᠤᠬᠠᠭᠠᠨ ᠪᠠ ᠬᠦᠴᠦ ᠬᠦᠳᠡᠯᠮᠦᠷᠢ ᠪᠡᠷ ᠵᠢᠨᠨ ᠬᠤᠷᠴᠢᠨᠤ ᠲᠠᠯ᠎ᠠ ᠨᠤᠲᠤᠭᠲᠤ ᠠᠵᠤ ᠲᠦᠷᠦᠨ ᠠᠮᠢᠳᠤᠷᠠᠵᠤ᠂ ᠨᠡᠯᠢᠶᠡᠳ ᠥᠨᠳᠥᠷ ᠲᠦᠪᠱᠢᠨ ᠪᠦᠬᠦᠢ ᠴᠢᠯᠠᠭᠤᠨ ᠵᠡᠪᠰᠡᠭ᠂ ᠸᠠᠭᠠᠷ ᠰᠠᠪᠠ᠂ ᠬᠠᠰ ᠡᠳ᠋ᠯᠡᠯ ᠬᠢᠬᠦ᠌ ᠮᠡᠷᠭᠡᠵᠢᠯ ᠢ᠋ ᠡᠵᠡᠮᠱᠢᠭ᠌ᠰᠡᠨ ᠪᠠᠢᠨ᠎ᠠ᠃ ᠡᠮᠦᠨ᠎ᠡ ᠪᠤᠯᠠᠭ᠍ᠲᠤ ᠶ᠋ᠢᠨ ᠮᠦᠽᠧᠶ ᠳ᠋ᠦ ᠬᠠᠳᠠᠭᠠᠯᠠᠵᠤ ᠪᠠᠢᠭ᠎ᠠ ᠴᠢᠯᠠᠭᠤᠨ ᠰᠦᠬᠡ᠂ ᠡᠷᠭᠡᠲᠤ ᠲᠠᠶᠠᠭ᠂ ᠶᠠᠰᠤᠨ ᠵᠡᠭᠦᠦ᠂ ᠸᠠᠭᠠᠷ ᠳᠡᠪᠦᠷ᠎ᠡ ᠵᠡᠷᠭᠡ ᠠᠮᠢᠳᠤᠷᠠᠯ ᠤ᠋ᠨ ᠬᠡᠷᠡᠭ᠌ᠰᠡᠯ᠂ ᠨᠠᠷᠢᠯᠢᠭ ᠬᠢᠴᠠ ᠲᠠᠢ ᠬᠠᠰ ᠡᠳ᠋ᠯᠡᠯ ᠪᠠ ᠬᠢᠰᠤᠭ᠎ᠠ ᠶ᠋ᠢᠨ ᠵᠠᠰᠠᠯ ᠴᠢᠮᠡᠭ᠌ᠯᠡᠯ ᠨᠢ ᠪᠠᠯᠠᠷ ᠡᠷᠲᠡᠨᠤ ᠦᠶ᠎ᠡ ᠵᠢᠨ ᠬᠦᠮᠦᠨ ᠲᠦᠷᠦᠯᠬᠢᠲᠡᠨᠤ ᠪᠤᠯᠪᠠᠰᠤᠨᠤ ᠤᠯᠠ ᠮᠦᠷᠢ ᠭᠡᠷᠡᠴᠢᠯᠡᠵᠤ᠂ ᠬᠥᠮᠦᠰ ᠲᠦ᠍ ᠡᠨᠡ ᠨᠤᠲᠤᠭ ᠤ᠋ᠨ ᠤᠷᠢᠳᠤᠰ ᠤ᠋ᠨ ᠣᠶᠤᠨ ᠤᠬᠠᠭᠠᠨ ᠪᠠ ᠪᠦᠲᠦᠭᠡᠯᠴᠢ ᠴᠢᠳᠠᠪᠤᠷᠢ ᠵᠢ ᠦᠵᠡᠭᠦᠯᠦᠭᠰᠡᠨ ᠪᠠᠢᠨ᠎ᠠ᠃
ᠤᠢᠯᠠᠭᠠᠭᠰᠠᠨ ᠵᠢᠠᠷ᠂ ᠡᠮᠦᠨ᠎ᠡ ᠪᠤᠯᠠᠭ᠍ᠲᠤ ᠲᠣᠰᠭᠣᠨ ᠤ᠋ ᠡᠷᠲᠡᠨ ᠤ᠋ ᠪᠠᠭᠤᠷᠢ ᠡᠴᠡ ᠢᠯᠡᠷᠡᠭᠦᠯᠦᠭ᠌ᠰᠡᠨ ᠣᠯᠠᠨ ᠡᠱᠢᠲᠦ ᠰᠣᠶᠣᠯ ᠤ᠋ᠨ ᠦᠵᠡᠭ᠌ᠳᠡᠯ ᠨᠢ ᠵᠠᠷᠤᠳ ᠬᠣᠱᠢᠭᠤᠨ ᠤ᠋ ᠣᠨᠴᠠᠭᠠᠶ ᠭᠠᠵᠠᠷ ᠵᠦᠶ ᠶ᠋ᠢᠨ ᠨᠥᠬᠥᠴᠡᠯ ᠪᠠ ᠪᠠᠢᠭᠠᠯᠢ ᠶ᠋ᠢᠨ ᠣᠷᠴᠢᠨ ᠲᠣᠭᠣᠷᠢᠨ ᠲᠠᠶ ᠬᠣᠯᠪᠣᠭ᠎ᠠ ᠲᠠᠶ ᠪᠠᠢᠵᠤ ᠮᠡᠳᠡᠬᠦ ᠪᠦᠭᠡᠳ ᠡᠨᠡ ᠭᠠᠵᠠᠷ ᠨᠢ ᠪᠠᠯᠠᠷ ᠡᠷᠲᠡᠨ ᠤ᠋ ᠦᠶ᠎ᠡ ᠳ᠋ᠦ ᠳᠠᠷᠤᠶ ᠵᠠᠮ ᠬᠠᠷᠢᠯᠴᠠᠭᠠᠨ ᠤ᠋ ᠴᠢᠬᠤᠯᠠ ᠬᠦᠢᠰᠦ ᠪᠠᠢᠭᠰᠠᠨ ᠮᠠᠭᠠᠳ᠃ ᠡᠮᠦᠨ᠎ᠡ ᠪᠤᠯᠠᠭ᠍ᠲᠤ ᠵᠢᠨ ᠪᠠᠭᠤᠷᠢ ᠶ᠋ᠢᠨ ᠣᠨ ᠵᠢᠯ ᠨᠢ ᠲᠣᠳᠣᠷᠬᠠᠢ᠂ ᠦᠷᠬᠦᠯᠵᠢᠯᠡᠭᠰᠡᠨ ᠴᠠᠭ ᠨᠢ ᠤᠷᠳᠤ ᠪᠠᠢᠵᠦ᠂ ᠬᠡᠳᠦᠨ ᠵᠦᠢᠯ ᠤ᠋ᠨ ᠰᠣᠶᠣᠯ ᠤ᠋ᠨ ᠠᠭᠤᠰᠤᠯᠴᠠᠨ ᠬᠦᠭᠵᠢᠭᠰᠡᠨ ᠳᠠᠢ ᠬᠤᠯᠪᠤᠭ᠎ᠠ ᠳᠠᠢ ᠪᠠᠢᠪᠠ᠃
ᠡᠮᠦᠨ᠎ᠡ ᠪᠤᠯᠠᠭ᠍ᠲᠤ ᠶ᠋ᠢᠨ ᠪᠠᠯᠠᠷ ᠡᠷᠲᠡᠨ ᠤ᠋ ᠰᠣᠶᠣᠯ ᠤ᠋ᠨ ᠪᠠᠭᠤᠷᠢ ᠪᠣᠯ ᠪᠠᠷᠠᠭᠤᠨ ᠯᠢᠶᠣᠤᠾᠧ ᠭᠣᠣᠯ ᠤ᠋ᠨ ᠪᠣᠯᠪᠠᠰᠤᠨ ᠤ᠋ ᠡᠬᠢ ᠰᠤᠷᠪᠤᠯᠵᠢ ᠶ᠋ᠢᠨ ᠨᠢᠭᠡ ᠪᠤᠯᠤᠨ᠎ᠠ᠃ ᠡᠨᠡ ᠨᠢ ᠯᠢᠶᠣᠤᠾᠧ ᠭᠣᠣᠯ ᠤ᠋ᠨ ᠰᠠᠪᠠ ᠭᠠᠵᠠᠷ ᠪᠤᠯ ᠳᠤᠮᠳᠠᠳᠤ ᠶ᠋ᠢᠨ ᠦᠨᠳᠦᠰᠦᠲᠡᠨ ᠤ᠋ ᠡᠭᠦᠰᠦᠯ ᠤ᠋ᠨ ᠭᠠᠵᠠᠷ ᠮᠥᠨ ᠭᠡᠰᠡᠨ ᠨᠤᠲᠠᠯᠠᠯᠲᠠ ᠵᠢ ᠬᠡᠷᠡᠴᠢᠯᠡᠵᠡᠢ᠃ 2006 ᠣᠨ ᠡᠴᠡ 2008 ᠣᠨ ᠪᠣᠯᠲᠠᠯ᠎ᠠ ᠡᠮᠦᠨ᠎ᠡ ᠪᠤᠯᠠᠭ᠍ᠲᠤ ᠶ᠋ᠢᠨ ᠰᠤᠶᠤᠯᠤᠨ ᠪᠠᠭᠤᠷᠢ ᠨᠢ 《ᠳᠤᠮᠳᠠᠳᠤ ᠤᠯᠤᠰ ᠤ᠋ᠨ ᠠᠷᠪᠠᠨ ᠶᠡᠬᠡ ᠬᠠᠭᠤᠴᠢ ᠰᠤᠳᠤᠯᠤᠯ ᠤ᠋ᠨ ᠱᠢᠨ᠎ᠡ ᠢᠯᠡᠷᠡᠭᠦᠯᠦᠯᠲᠡ》 ᠪᠡᠷ ᠨᠡᠷ᠎ᠡ ᠳᠤᠷᠠᠳᠤᠭ᠍ᠳᠠᠵᠦ᠂ 2008 ᠣᠨ ᠳ᠋ᠦ 《2007 — 2008 ᠣᠨ ᠤ᠋ ᠳᠤᠮᠳᠠᠳᠤ ᠤᠯᠤᠰ ᠤ᠋ᠨ ᠬᠡᠭᠡᠷ᠎ᠡ ᠶ᠋ᠢᠨ ᠬᠠᠭᠤᠴᠢ ᠰᠤᠳᠤᠯᠤᠯ ᠤ᠋ᠨ ᠶᠠᠷᠢᠶᠠᠨ ᠤ᠋ ᠲᠠᠪᠴᠠᠩ》 ᠤ᠋ᠨ ᠵᠢᠷᠭᠤᠭᠠᠨ ᠶᠡᠬᠡ ᠬᠠᠭᠤᠴᠢ ᠰᠤᠳᠤᠯᠤᠯ ᠤ᠋ᠨ ᠱᠢᠨ᠎ᠡ ᠢᠯᠡᠷᠡᠭᠦᠯᠦᠯᠲᠡ ᠳ᠋ᠦ ᠨᠡᠷ᠎ᠡ ᠳᠤᠷᠠᠳᠤᠭ᠍ᠳᠠᠭᠰᠠᠨ ᠪᠠᠢᠨ᠎ᠠ᠃
ᠬᠡᠳᠦᠨ ᠮᠢᠨᠭᠭᠠᠨ ᠵᠢᠯᠤᠨ ᠲᠤᠷᠰᠢ᠂ ᠡᠮᠦᠨ᠎ᠡ ᠪᠤᠯᠠᠬᠲᠤ ᠵᠢᠨ ᠡᠷᠲᠡᠨᠤ ᠬᠦᠮᠦᠰ ᠤᠶᠤᠨ ᠪᠢᠯᠢᠭ ᠰᠡᠴᠡᠨ ᠤᠬᠠᠭᠠᠨ ᠵᠢᠨᠷ ᠵᠢᠨᠨ ᠬᠤᠢᠳᠤᠬᠢ ᠵᠢᠨ ᠬᠦᠮᠦᠰ ᠲᠸ᠋ ᠦᠯᠡᠳᠡᠭᠡᠭᠰᠡᠨ ᠦᠪ ᠬᠦᠷᠦᠨᠭᠭᠡ ᠨᠢ ᠬᠦᠮᠦᠨ ᠲᠦᠷᠦᠯᠬᠢᠲᠡᠡᠤ ᠪᠤᠯᠪᠠᠰᠤᠨᠤ ᠶᠠᠪᠤᠴᠠ ᠵᠢ ᠲᠡᠮᠲᠡᠭᠯᠡᠭᠰᠡᠨ ᠬᠤᠪᠤᠷ ᠡᠷᠳᠡᠨᠢ ᠮᠦᠨ᠂ ᠡᠬᠦᠨ ᠡᠴᠡ ᠪᠢᠳᠡ ᠪᠠᠯᠠᠷ ᠡᠷᠲᠡᠨᠤ ᠬᠠᠳᠠᠭᠤ ᠪᠡᠷᠭᠡ ᠠᠮᠢᠳᠤᠷᠠᠯᠤᠨ ᠵᠢᠷᠤᠬᠯᠠᠯ ᠪᠠ ᠦᠨᠢ ᠡᠷᠲᠡᠨᠤ ᠭᠡᠷᠡᠯ ᠰᠠᠴᠤᠷᠠᠨᠭᠭᠤᠢ ᠲᠡᠤᠭᠡ ᠰᠤᠶᠤᠯᠢ ᠤᠯᠵᠤ ᠬᠠᠷᠠᠬᠤ ᠪᠤᠯᠤᠨ᠎ᠠ᠃
ᠦᠯᠢᠭᠡᠷᠴᠢ ᠬᠤᠭᠤᠷᠴᠢ ᠵᠢᠨ ᠨᠤᠳᠤᠭ ᠵᠠᠷᠤᠳ
ᠵᠠᠷᠤᠳ ᠬᠣᠱᠢᠭᠤ ᠪᠣᠯ ᠪᠦᠬᠦ᠌ ᠤᠯᠤᠰ ᠲᠦ᠍ ᠠᠯᠳᠠᠷᠱᠢᠭ᠍ᠰᠠᠨ 《ᠳᠤᠮᠳᠠᠳᠤ ᠤᠯᠤᠰ ᠤ᠋ᠨ ᠬᠤᠭᠤᠷ ᠤ᠋ᠨ ᠦᠯᠢᠭᠡᠷ ᠤ᠋ᠨ ᠨᠤᠲᠤᠭ》 ᠮᠦᠨ᠃ ᠡᠨᠡᠬᠦ ᠭᠠᠢᠬᠠᠮᠰᠢᠬᠲᠤ ᠨᠤᠲᠤᠭ ᠤᠰᠤᠨ ᠳ᠋ᠤ 《ᠬᠤᠭᠤᠷᠤᠨ ᠦᠯᠢᠭᠡᠷ》 ᠭᠡᠮᠡᠬᠦ ᠦᠨᠳᠦᠰᠦᠲᠡᠨᠤ ᠰᠤᠳᠤᠨ ᠰᠤᠶᠤᠯ ᠤᠷᠠᠯᠢᠭ ᠪᠤᠢ ᠪᠤᠯᠵᠤ᠂ ᠫᠠᠵᠠᠢ᠂ ᠮᠤᠤᠠᠦ᠋ᠬᠢᠨ ᠮᠡᠲᠤ ᠳᠡᠯᠡᠬᠡᠢ ᠳ᠋ᠠᠬᠢᠨᠳᠤ ᠠᠯᠳᠠᠷᠲᠠᠢ ᠳᠠᠭᠤᠷᠢᠯᠢᠭᠤᠨ ᠳᠠᠷᠬᠠᠨ ᠴᠤᠯᠭᠤᠷᠠᠵᠤ᠂ ᠴᠤᠢᠪᠠᠨᠭ᠌᠂ ᠵᠠᠭᠠᠨ᠎ᠠ᠂ ᠳᠤᠷᠵᠢ᠂ ᠰᠠᠷᠠᠠᠮᠠᠠᠳᠤᠯᠠ᠂ ᠴᠤᠢᠵᠢᠺᠠᠸᠠ ᠵᠡᠷᠭᠡ ᠤᠯᠠᠨ ᠠᠷᠪᠢᠨ ᠠᠷᠠᠳᠤᠨ ᠤᠷᠠᠯᠢᠬᠴᠢᠳ ᠬᠦᠮᠦᠵᠢᠭᠳᠡᠭᠰᠡᠨ ᠪᠢᠯᠡ᠃ ᠳᠡᠭᠡᠷ᠎ᠡ ᠵᠠᠭᠤᠨᠤ ᠲᠠᠪᠢ ᠵᠢᠷᠠᠭᠠᠳ ᠤᠨᠳᠤ ᠫᠠᠵᠠᠢ᠂ ᠮᠤᠤᠠᠦ᠋ᠬᠢᠨ᠂ ᠷᠠᠰᠢᠠᠤᠳᠽᠠᠷ ᠵᠡᠷᠭᠡ ᠬᠡᠳᠦᠨ ᠦᠶ᠎ᠡ ᠵᠢᠨ ᠤᠷᠠᠯᠢᠬᠴᠢᠳ ᠲᠡᠷᠢᠬᠦᠯᠡᠭᠴᠢ ᠮᠠᠤ ᠽᠸ ᠳ᠋ᠦᠨᠭ᠂ ᠵᠸᠤ ᠡᠸᠨ ᠯᠠᠢ ᠶᠡᠷᠦᠨᠭᠭᠡᠢ ᠰᠠᠢᠳ ᠵᠡᠷᠭᠡ ᠲᠦᠷᠦ ᠬᠦᠷᠦᠨᠤ ᠤᠳᠤᠷᠢᠳᠤᠯᠭ᠎ᠠ ᠵᠢᠨ ᠬᠠᠯᠠᠭᠤᠨ ᠠᠭᠤᠯᠵᠠᠯᠲᠠ ᠵᠢ ᠬᠦᠯᠢᠶᠡᠨ ᠠᠪᠴᠤ ᠦᠨᠭᠭᠡᠷᠡᠵᠡᠢ᠃
ᠬᠤᠭᠤᠷ ᠤ᠋ᠨ ᠦᠯᠢᠭᠡᠷ ᠨᠢ ᠰᠦᠩ ᠤᠯᠤᠰ᠂ ᠶᠤᠸᠠᠨ ᠤᠯᠤᠰ ᠤ᠋ᠨ ᠦᠶ᠎ᠡ ᠳ᠋ᠦ ᠡᠭᠦᠰᠴᠦ᠍᠂ ᠴᠢᠩ ᠤᠯᠤᠰ ᠤ᠋ᠨ ᠰᠡᠭᠦᠯᠴᠢ ᠢᠷᠭᠡᠨ ᠤᠯᠤᠰ ᠤ᠋ᠨ ᠡᠬᠢ ᠪᠡᠷ ᠬᠥᠭ᠌ᠵᠢᠭ᠌ᠰᠡᠨ ᠶᠤᠮ᠃ ᠬᠠᠮᠤᠭᠤᠨ ᠠᠨᠭᠬᠠᠨᠳᠠᠭᠠᠨ ᠳᠤᠮᠤᠭ ᠦᠯᠢᠭᠡᠷ ᠵᠢᠨᠷ ᠰᠡᠳᠦᠪᠯᠡᠵᠤ ᠶᠠᠷᠢᠳᠠᠭ ᠪᠠᠢᠵᠠᠢ᠃ ᠴᠢᠨᠭ ᠤᠯᠤᠰᠤᠨ ᠨᠠᠢᠷᠠᠯᠲᠤ ᠲᠦᠷᠦ ᠵᠢᠨ ᠦᠶᠡᠳᠤ᠂ ᠾᠸᠪᠸᠢ᠂ ᠱᠠᠨᠳᠦ᠋ᠨᠭ ᠮᠤᠵᠢᠳᠤ ᠤᠨ ᠳᠠᠷᠠᠭᠠᠯᠠᠨ ᠭᠠᠨᠭ᠌ ᠬᠠᠬᠰᠠᠷᠠᠭᠠᠨ ᠪᠤᠯᠵᠤ᠂ ᠠᠷᠠᠳ ᠢᠷᠭᠡᠳ ᠠᠮᠢᠳᠤᠷᠠᠬᠤ ᠵᠢᠨ ᠠᠷᠭ᠎ᠠ ᠦᠭᠡᠢ ᠪᠤᠯᠵᠤ᠂ ᠴᠢᠨᠭ ᠤᠯᠤᠰᠤᠨ ᠵᠠᠰᠠᠭᠤᠨ ᠤᠷᠳᠤᠨ ᠡᠴᠡ ᠠᠷᠭ᠎ᠠ ᠪᠤᠰᠤ ᠵᠤᠰᠤᠲᠤ ᠵᠢᠨ ᠮᠤᠨᠭᠭᠤᠯ ᠬᠤᠰᠢᠭᠤᠨ ᠡᠴᠡ ᠭᠠᠵᠠᠷ ᠵᠢᠭᠡᠯᠡᠵᠤ᠂ ᠬᠠᠳᠤᠨ ᠭᠤᠤᠯᠤᠨ ᠰᠠᠪᠠ ᠭᠠᠵᠠᠷ ᠳᠡᠬᠢ ᠬᠢᠲᠠᠳ ᠢᠷᠭᠡᠨᠢ ᠪᠤᠭᠤᠮᠳᠠ ᠡᠴᠡ ᠵᠡᠬᠦᠨᠳᠡᠬᠢ ᠮᠤᠨᠭᠭᠤᠯ ᠬᠤᠰᠢᠭᠤᠳᠲᠤ ᠨᠡᠬᠦᠯᠭᠡᠨ ᠠᠪᠴᠢᠷᠠᠬᠰᠠᠨ ᠡᠴᠡ ᠬᠠᠲᠤᠨ ᠭᠤᠤᠯᠤᠨ ᠰᠤᠶᠤᠯ ᠪᠤᠯᠤᠨ ᠮᠤᠨᠭᠭᠤᠯ ᠬᠢᠲᠠᠳ ᠰᠤᠶᠤᠯᠤᠨ ᠠᠭᠤᠰᠤᠯᠴᠠᠯᠢ ᠠᠬᠢᠭᠤᠯᠪᠠ᠃ ᠲᠤᠬᠠᠢ ᠵᠢᠨ ᠦᠶᠡᠳᠤ ᠵᠢᠨᠭ ᠶᠦ᠋ᠨ ᠬᠡᠨᠭᠭᠡᠷᠭᠡ᠂ ᠶᠠᠪᠠᠭᠠᠨ ᠦᠯᠢᠭᠡᠷ᠂ ᠯᠢᠶᠠᠨ ᠬᠤᠸᠠ ᠯᠦᠸᠸ ᠵᠡᠷᠭᠡ ᠳᠠᠭᠤᠷᠢᠯᠢᠭᠤᠨ ᠬᠡᠯᠪᠡᠷᠢ ᠲᠠᠯ᠎ᠠ ᠨᠤᠲᠤᠭᠲᠤ ᠳᠠᠮᠵᠢᠬᠳᠠᠨ ᠢᠷᠡᠵᠤ᠂ ᠴᠤᠭᠤᠷᠳᠠᠵᠤ ᠬᠠᠢᠯᠠᠳᠠᠭ ᠲᠤᠤᠯᠢ ᠲᠠᠢ ᠬᠠᠷᠢᠯᠴᠠᠨ ᠠᠭᠤᠰᠤᠯᠴᠠᠬᠰᠠᠨ ᠡᠴᠡ ᠲᠠᠯ᠎ᠠ ᠨᠤᠲᠤᠭᠤᠨ ᠦᠪᠡᠷᠮᠢᠴᠡ ᠤᠨᠴᠠᠯᠢᠭ ᠪᠦᠬᠦᠢ ᠳᠠᠭᠤᠷᠢᠯᠢᠭᠤᠨ ᠬᠡᠯᠪᠡᠷᠢ ᠪᠤᠯᠤᠨ ᠪᠦᠷᠢᠯᠳᠦᠵᠡᠢ᠂ ᠳᠠᠷᠤᠢ ᠤᠳᠤ ᠵᠢᠨ ᠬᠤᠭᠤᠷᠤᠨ ᠦᠯᠢᠭᠡᠷ ᠪᠤᠢ ᠪᠤᠯᠤᠬᠰᠠᠨ ᠪᠠᠢᠨ᠎ᠠ᠃
ᠬᠤᠭᠤᠷᠤᠨ ᠦᠯᠢᠭᠡᠷ ᠨᠢ ᠡᠷᠲᠡᠨᠤ ᠰᠤᠨᠭᠭᠤᠳᠠᠭ ᠵᠤᠬᠢᠶᠠᠯ 《ᠴᠦᠨ ᠴᠢᠤ ᠪᠠᠢᠯᠳᠤᠭᠠᠨᠲᠤ ᠤᠯᠤᠰ》᠂ 《ᠭᠤᠷᠪᠠᠨ ᠤᠯᠤᠰᠤᠨ ᠦᠯᠢᠭᠡᠷ》᠂ 《ᠰᠠᠬᠢᠭᠤᠯᠰᠤᠨ ᠡᠷᠬᠦᠮᠵᠢᠯᠡᠭᠰᠡᠨ ᠦᠯᠢᠭᠡᠷ》 ᠵᠡᠷᠭᠡ ᠦᠯᠢᠭᠡᠷᠤᠨ ᠨᠤᠮ ᠡᠴᠡ ᠪᠠᠭᠤᠯᠭᠠᠨ ᠤᠷᠴᠢᠭᠤᠯᠤᠬᠰᠠᠨ ᠪᠠᠢᠳᠠᠭ᠂ ᠪᠠᠰᠠ 《ᠭᠡᠰᠡᠷ ᠪᠠᠭᠠᠳᠤᠷ》᠂ 《ᠮᠠᠨᠭᠭᠤᠰᠢ ᠳᠠᠷᠤᠬᠰᠠᠨ ᠦᠯᠢᠭᠡᠷ》 ᠵᠡᠷᠭᠡ ᠪᠠᠭᠠᠳᠤᠷᠯᠢᠭ ᠲᠤᠤᠯᠢ ᠨᠢ ᠳᠤᠮᠳᠠᠳᠤ ᠵᠢᠨ ᠦᠨᠳᠦᠰᠦᠲᠡᠨᠤ ᠰᠤᠶᠤᠯ ᠤᠷᠠᠯᠢᠭᠤᠨ ᠰᠤᠳᠤᠨ ᠦᠪ ᠪᠤᠯᠤᠬᠰᠠᠨ ᠪᠠᠢᠨ᠎ᠠ᠃ 2006 ᠣᠨ ᠳ᠋ᠦ ᠵᠠᠷᠤᠳ ᠬᠣᠱᠢᠭᠤᠨ ᠤ᠋ ᠬᠤᠭᠤᠷ ᠤ᠋ᠨ ᠦᠯᠢᠭᠡᠷ ᠨᠢ ᠤᠯᠤᠰ ᠤ᠋ᠨ ᠲᠡᠰ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠵᠢᠡᠷ ᠪᠦᠷᠢᠳᠬᠡᠭᠳᠡᠪᠡ᠃
ᠵᠠᠷᠤᠳᠤᠨ ᠠᠷᠠᠳ ᠲᠦᠮᠡᠨᠤ ᠤᠮᠤᠬᠰᠢᠯ ᠪᠤᠯᠤᠬᠰᠠᠨ ᠦᠯᠢᠭᠡᠷ ᠤᠷᠠᠯᠢᠭ ᠨᠢ ᠵᠠᠷᠤᠳ ᠬᠤᠰᠢᠭᠤᠨᠤ ᠦᠨᠳᠦᠰᠦᠲᠡᠨᠤ ᠰᠤᠶᠤᠯ ᠤᠷᠠᠯᠢᠭᠤᠨ ᠪᠡᠯᠭᠡ ᠲᠡᠮᠳᠡᠭ ᠪᠤᠯᠬᠤ ᠪᠡᠷ ᠪᠠᠷᠠᠬᠤ ᠦᠭᠡᠢ᠂ ᠮᠤᠨᠭᠭᠤᠯ ᠦᠨᠳᠦᠰᠦᠲᠡᠨᠤ ᠰᠢᠯᠢᠳᠡᠭ ᠰᠤᠶᠤᠯᠢ ᠤᠯᠠᠮᠵᠢᠯᠠᠨ ᠬᠦᠭᠵᠢᠬᠦᠯᠬᠦ ᠴᠢᠬᠤᠯᠠ ᠵᠠᠭᠤᠴᠢ ᠮᠦᠨ᠃ ᠦᠯᠢᠭᠡᠷ ᠤᠷᠠᠯᠢᠭ ᠨᠢ ᠦᠨᠳᠦᠰᠦᠲᠡᠨᠤ ᠰᠤᠶᠤᠯᠤᠨ ᠰᠤᠯᠢᠯᠴᠠᠭ᠎ᠠ᠂ ᠰᠤᠶᠤᠯ ᠤᠷᠠᠯᠢᠭᠤᠨ ᠤᠯᠠᠮᠵᠢᠯᠠᠯ᠂ ᠦᠨᠳᠦᠰᠦᠲᠡᠨᠤ ᠪᠦᠯᠬᠦᠮᠳᠡᠯ ᠨᠢᠬᠲᠠᠷᠠᠯᠢ ᠠᠬᠢᠭᠤᠯᠬᠤᠳᠤ ᠢᠳᠡᠪᠬᠢ ᠦᠢᠯᠡᠳᠦᠯ ᠦᠵᠡᠬᠦᠯᠦᠭᠰᠡᠭᠡᠷ ᠢᠷᠡᠵᠡᠢ᠃
ᠡᠷᠲᠡᠨ ᠡᠴᠡ ᠡᠳᠦᠭᠡ ᠪᠤᠯᠲᠠᠯ᠎ᠠ᠂ ᠵᠠᠷᠤᠳ ᠨᠤᠲᠤᠭᠲᠤ ᠤᠯᠠᠨ ᠦᠨᠳᠦᠰᠦᠲᠡᠨᠤ ᠰᠤᠶᠤᠯ ᠢᠷᠭᠡᠨᠰᠢᠯ ᠨᠡᠢᠯᠡᠨ ᠠᠭᠤᠰᠤᠯᠴᠠᠵᠤ᠂ ᠦᠷᠨᠢᠬᠦᠨ ᠪᠠᠳᠠᠷᠠᠨᠭᠭᠤᠢ ᠲᠡᠤᠭᠡ ᠵᠢᠨ ᠬᠠᠭᠤᠳᠠᠰᠤ ᠵᠢ ᠪᠢᠴᠢᠭᠯᠡᠵᠤ᠂ ᠬᠤᠪᠤᠷ ᠴᠤᠬᠠᠭ ᠰᠤᠶᠤᠯᠤᠨ ᠦᠯᠡᠳᠡᠭᠳᠡᠯᠢ ᠬᠤᠷᠠᠮᠳᠤᠭᠤᠯᠤᠬᠰᠠᠨ ᠪᠠᠢᠨ᠎ᠠ᠂ ᠨᠡᠨᠭ ᠴᠸ᠋ ᠡᠳᠡᠭᠡᠷ ᠨᠢ ᠵᠠᠷᠤᠳ ᠨᠤᠲᠤᠭᠤᠨ ᠰᠤᠶᠤᠯᠪᠤᠯᠪᠠᠰᠤᠨᠦ ᠭᠠᠢᠬᠠᠮᠰᠢᠭᠢ ᠬᠠᠷᠠᠭᠤᠯᠵᠦ᠂ ᠨᠡᠢᠳᠡ ᠳᠠᠶᠠᠭᠠᠷ ᠲᠸ᠋ ᠨᠡᠷ᠎ᠠ ᠠᠯᠳᠠᠷ ᠢᠶᠡᠨ ᠮᠠᠨᠳᠤᠭᠤᠯᠤᠨ᠂ ᠴᠤᠴᠠᠰᠢ ᠦᠭᠡᠢ ᠤᠷᠤᠬᠰᠢᠯᠠᠨ ᠲᠡᠮᠡᠴᠡᠬᠦ ᠤᠶᠤᠨ ᠰᠠᠨᠠᠭᠠᠨᠤ ᠦᠪ ᠬᠦᠷᠦᠩᠭᠡ ᠪᠤᠯᠤᠭᠰᠠᠨ ᠤᠴᠢᠷᠳᠠᠢ!