ᠠᠵᠠ ᠵᠢᠨ ᠬᠣᠷᠸ᠎ᠠ ᠰᠢᠯᠢᠨᠭᠬᠤᠳᠠ
ᠠᠮᠤᠭᠤᠯᠠᠩ ᠲᠠᠯ᠎ᠠ᠎ᠳᠠᠭᠠᠨ ᠨᠠᠯᠠᠢᠵᠤ
ᠠᠰᠢᠳᠠ ᠵᠢᠨ ᠰᠠᠢᠬᠠᠨ ᠢᠷᠦᠭᠡᠯᠢ ᠪᠡᠯᠭᠡᠳᠡᠨ
ᠠᠮᠢᠯᠠᠯ᠎ᠤᠨ ᠬᠦᠴᠦᠨ᠎ᠢᠶᠡᠷ ᠪᠢᠯᠬᠠᠨ᠎ᠠ
ᠴᠡᠩᠬᠡᠷᠯᠡᠨ ᠬᠠᠷᠠᠭᠳᠠᠬᠤ ᠰᠢᠯᠢᠨ ᠨᠠᠭᠤᠷ
ᠦᠵᠡᠰᠬᠦᠯᠡᠩᠲᠦ ᠬᠤᠳᠠ ᠪᠠᠨ ᠲᠣᠯᠢᠳᠠᠨ
ᠴᠡᠯᠮᠡᠭ ᠲᠡᠭᠷᠢ ᠴᠡᠩᠭᠡᠭ ᠠᠭᠠᠷ
ᠦᠷᠭᠦᠯᠵᠢᠯᠡᠬᠦ ᠬᠥᠭᠵᠢᠯ᠎ᠢ ᠬᠤᠷᠤᠢᠯᠠᠨ᠎ᠠ
《ᠲᠠᠯ᠎ᠠ ᠨᠤᠲᠤᠭ᠎ᠤᠨ ᠬᠡᠷᠡᠯᠳᠦ ᠰᠤᠪᠤᠳ》 ᠬᠡᠮᠡᠨ ᠠᠯᠳᠠᠷᠰᠢᠭ᠍ᠰᠠᠨ ᠰᠢᠯᠢᠨᠭᠬᠤᠳᠠ ᠨᠢ ᠡᠬᠡ ᠤᠯᠤᠰ᠎ᠤᠨ ᠵᠢᠡᠨ ᠤᠮᠠᠷᠠᠲᠤ ᠬᠢᠯᠢ᠎ᠳᠦ ᠪᠠᠢᠷᠢᠰᠢᠵᠤ᠂ ᠰᠢᠯᠢ ᠵᠢᠨ ᠭᠣᠣᠯ ᠠᠢᠮᠠᠭ᠎ᠤᠨ ᠤᠯᠤᠰ ᠲᠦᠷᠦ᠂ ᠠᠵᠤ ᠠᠬᠤᠢ᠂ ᠰᠣᠶᠣᠯ᠎ᠤᠨ ᠲᠥᠪ ᠪᠠᠢᠵᠤ᠂ 15758 ᠲᠡᠭᠰᠢ ᠳᠥᠷᠪᠡᠯᠵᠢᠨ ᠺᠢᠯᠣᠮᠧᠲᠷ ᠨᠤᠲᠤᠭ ᠳᠡᠪᠢᠰᠬᠡᠷ ᠲᠠᠢ᠂ ᠬᠢᠲᠠᠳ᠂ ᠮᠣᠩᠭᠣᠯ᠂ ᠬᠣᠲᠣᠩ ᠵᠡᠷᠭᠡ 17 ᠦᠨᠳᠦᠰᠦᠲᠡᠨ ᠠᠭᠤᠰᠤᠯᠴᠠᠨ ᠰᠠᠭᠤᠷᠢᠰᠢᠭ᠍ᠰᠠᠨ ᠰᠢᠨ᠎ᠡ ᠪᠡᠷ ᠬᠥᠭᠵᠢᠨ ᠮᠠᠨᠳᠤᠭᠰᠠᠨ ᠲᠠᠯ᠎ᠠ ᠨᠤᠲᠤᠭ᠎ᠤᠨ ᠬᠤᠲᠠ ᠪᠣᠯᠬᠤ ᠶᠤᠮ᠃
ᠲᠡᠦᠬᠡᠨ ᠮᠠᠲᠸᠷᠢᠶᠠᠯ᠎ᠢ ᠦᠨᠳᠦᠰᠦᠯᠡᠪᠡᠯ᠂ ᠴᠢᠩ ᠤᠯᠤᠰ᠎ᠤᠨ ᠦᠶ᠎ᠡ᠎ᠳᠤ᠂ ᠲᠠᠷᠤᠢ 1743 ᠣᠨ᠎ᠳᠤ ᠡᠨᠳᠡ ᠪᠡᠢᠰᠡ ᠵᠢᠨ ᠰᠦᠮ᠎ᠡ᠎ᠶᠢ ᠪᠠᠢᠭᠤᠯᠵᠤ᠂ 《ᠪᠡᠢᠰᠡ ᠵᠢᠨ ᠬᠣᠰᠢᠭᠤ》 ᠭᠡᠵᠦ ᠨᠡᠷᠡᠯᠡᠵᠦ ᠪᠠᠢᠭᠰᠠᠨ ᠪᠠ 1953 ᠣᠨ᠎ᠳᠤ ᠨᠡᠷ᠎ᠡ᠎ᠶᠢ ᠨᠢ ᠰᠢᠯᠢᠨᠭᠬᠤᠳᠠ ᠭᠡᠵᠦ ᠥᠭᠡᠷᠡᠴᠢᠯᠡᠨ᠂ ᠪᠠᠷᠠᠭᠤᠨ ᠬᠣᠯᠪᠣᠭᠠᠲᠤ ᠬᠣᠰᠢᠭᠤᠨ᠎ᠳᠤ ᠬᠠᠷᠢᠶᠠᠯᠠᠭᠤᠯᠪᠠ᠃ 1956 ᠣᠨ᠎ᠳᠤ ᠲᠦᠷᠦ ᠵᠢᠨ ᠶᠠᠪᠤᠳᠠᠯ᠎ᠤᠨ ᠬᠣᠷᠢᠶᠠᠨ ᠡᠴᠡ ᠪᠠᠷᠠᠭᠤᠨ ᠬᠣᠯᠪᠣᠭᠠᠲᠤ ᠬᠣᠰᠢᠭᠤ᠎ᠶᠢ ᠬᠦᠴᠦᠨ ᠦᠭᠡᠢ ᠪᠣᠯᠭᠠᠵᠤ᠂ ᠠᠪᠠᠭ᠎ᠠ ᠬᠣᠰᠢᠭᠤ᠎ᠶᠢ ᠰᠡᠷᠭᠦᠭᠡᠨ ᠪᠠᠢᠭᠤᠯᠤᠭᠰᠠᠨ ᠪᠠ ᠰᠢᠯᠢᠨᠭᠬᠤᠳᠠ ᠵᠢᠨ ᠬᠤᠳᠠ ᠵᠢᠨ ᠲᠣᠭᠣᠷᠢᠭ᠋᠎ᠢ ᠠᠪᠠᠭ᠎ᠠ ᠬᠣᠰᠢᠭᠤᠨ᠎ᠳᠤ ᠬᠠᠷᠢᠶᠠᠯᠠᠭᠤᠯᠵᠠᠢ᠃ ᠰᠡᠭᠦᠯᠡᠷ ᠨᠢ 1983 ᠣᠨ ᠪᠣᠯᠬᠤ᠎ᠳᠤ᠂ ᠲᠦᠷᠥ ᠵᠢᠨ ᠶᠠᠪᠤᠳᠠᠯ᠎ᠤᠨ ᠬᠣᠷᠢᠶ᠎ᠠ ᠡᠴᠡ ᠠᠪᠠᠬᠠᠨᠠᠷ ᠬᠣᠰᠢᠭᠤ᠎ᠶᠢ ᠰᠢᠯᠢᠨᠭᠬᠤᠳᠠ ᠪᠣᠯᠭᠠᠨ ᠥᠭᠡᠷᠡᠴᠢᠯᠡᠵᠦ᠂ ᠡᠭᠦᠨ ᠡᠴᠡ ᠡᠬᠢᠯᠡᠨ ᠰᠢᠯᠢᠨᠭᠬᠤᠳᠠ ᠨᠢ ᠬᠥᠭᠵᠢᠨ ᠪᠠᠳᠠᠷᠠᠬᠤ ᠰᠢᠨ᠎ᠡ ᠭᠠᠷᠤᠭ᠎ᠠ ᠪᠠᠨ ᠡᠯᠭᠦᠪᠡ᠃
ᠲᠡᠦᠬᠡ ᠰᠣᠶᠣᠯ᠎ᠤᠨ ᠬᠠᠯᠠᠭᠤᠨ ᠬᠥᠷᠥᠰᠥ
ᠷᠠᠰᠢᠶᠠᠨᠪᠤᠯᠠᠭ ᠪᠠᠯᠭᠠᠰᠤ ᠡᠴᠡ ᠢᠯᠡᠷᠡᠭᠦᠯᠦᠭᠰᠡᠨ 《ᠠᠷᠤ ᠣᠪᠣᠭᠠᠲᠤ ᠬᠠᠳᠠᠨ ᠵᠢᠷᠤᠭ᠎ᠤᠨ ᠰᠦᠷᠦᠭᠵᠢᠯ》 ᠡᠨᠡ ᠬᠦ᠌ ᠬᠠᠯᠠᠭᠤᠨ ᠬᠥᠷᠥᠰᠥᠨ ᠳᠡᠭᠡᠷ᠎ᠡ ᠪᠣᠯᠤᠭᠰᠠᠨ ᠣᠨ ᠵᠢᠯ᠎ᠤᠨ ᠤᠯᠠᠷᠢᠯ ᠬᠤᠪᠢᠰᠤᠯ᠎ᠤᠨ ᠲᠡᠦᠬᠡ᠎ᠶᠢ ᠰᠡᠮᠡᠭᠡᠨ ᠬᠦᠦᠷᠨᠢᠭᠰᠡᠭᠡᠷ ᠪᠠᠢᠳᠠᠭ᠃ ᠡᠨᠡ ᠬᠦ᠌ ᠬᠠᠳᠠᠨ ᠵᠢᠷᠤᠭ᠎ᠤᠨ ᠰᠦᠷᠦᠭᠵᠢᠯ ᠪᠤᠯ ᠰᠢᠯᠢᠨᠭᠬᠤᠳᠠ ᠵᠢᠨ ᠬᠢᠯᠢ ᠳᠣᠲᠣᠷ᠎ᠠ ᠡᠴᠡ ᠢᠯᠡᠷᠡᠭᠦᠯᠦᠭᠰᠡᠨ ᠡᠷᠲᠡᠨ᠎ᠦ ᠨᠡᠭᠦᠳᠡᠯ ᠠᠩᠨᠠᠯ ᠪᠠ ᠠᠮᠢᠳᠤᠷᠠᠯ ᠦᠢᠯᠡᠳᠪᠦᠷᠢᠯᠡᠯ᠎ᠦᠨ ᠪᠠᠢᠳᠠᠯ᠎ᠢ ᠲᠤᠰᠬᠠᠭᠰᠠᠨ ᠳᠣᠯᠣᠳᠠᠭᠢ ᠬᠠᠳᠠᠨ ᠵᠢᠷᠤᠭ᠎ᠤᠨ ᠰᠦᠷᠦᠭᠵᠢᠯ ᠪᠣᠯᠬᠤ ᠶᠤᠮ᠃ ᠲᠤᠰ ᠬᠠᠳᠠᠨ ᠵᠢᠷᠤᠭ᠎ᠤᠨ ᠰᠦᠷᠦᠭᠵᠢᠯ᠎ᠦᠨ ᠬᠡᠪ ᠨᠠᠮᠪᠠ ᠨᠢ ᠥᠪᠡᠷᠮᠢᠴᠡ ᠣᠨᠴᠠᠭᠠᠢ᠂ ᠬᠡᠳᠦᠢᠪᠡᠷ ᠨᠠᠷᠠ ᠰᠠᠯᠬᠢᠨ᠎ᠳᠤ ᠢᠳᠡᠭᠳᠡᠨ ᠰᠢᠷᠠᠭᠳᠠᠭᠰᠠᠨ ᠪᠣᠯᠪᠠᠴᠤ ᠵᠢᠷᠤᠭ ᠳᠦᠷᠰᠦ ᠨᠢ ᠠᠮᠢᠳᠤ ᠳᠦᠷᠰᠦᠯᠢᠭ ᠬᠡᠪ ᠵᠢᠡᠷ ᠵᠢᠡᠨ ᠬᠠᠳᠠᠭᠠᠯᠠᠭᠳᠠᠭᠰᠠᠭᠠᠷ ᠢᠷᠡᠵᠡᠢ᠃ ᠡᠳᠡᠭᠡᠷ ᠬᠠᠳᠠᠨ ᠵᠢᠷᠤᠭ᠎ᠤᠨ ᠢᠯᠡᠷᠡᠭᠦᠯᠦᠯᠲᠡ ᠨᠢ ᠮᠠᠨ᠎ᠤ ᠤᠯᠤᠰ᠎ᠤᠨ ᠤᠮᠠᠷᠠᠲᠤ ᠵᠢᠨ ᠨᠡᠭᠦᠳᠡᠯᠴᠢᠨ ᠦᠨᠳᠦᠰᠦᠲᠡᠨ᠎ᠦ ᠰᠣᠶᠣᠯ᠎ᠢ ᠰᠤᠳᠤᠯᠬᠤ᠎ᠳᠤ ᠮᠠᠰᠢ ᠴᠢᠬᠤᠯᠠ ᠠᠴᠢ ᠬᠣᠯᠪᠣᠭᠳᠠᠯ ᠲᠠᠢ ᠶᠤᠮ᠃
ᠮᠣᠳᠣᠨ ᠮᠠᠯᠵᠢᠯ᠎ᠤᠨ ᠲᠠᠯᠠᠪᠠᠶ᠎ᠶᠢᠨ ᠯᠢᠶᠣᠤ ᠤᠯᠤᠰ᠎ᠤᠨ ᠣᠩᠭᠤᠨ᠎ᠠᠴᠠ ᠮᠠᠯᠲᠠᠵᠤ ᠭᠠᠷᠭᠠᠭᠰᠠᠨ ᠬᠤᠪᠠ ᠵᠢᠨ ᠬᠡᠯᠬᠢᠶᠡᠲᠦ ᠰᠤᠪᠤᠳ᠂ ᠠᠯᠲᠠ᠎ᠪᠡᠷ ᠥᠩᠭᠡᠯᠡᠭᠰᠡᠨ ᠵᠡᠰ ᠬᠤᠩᠬᠤ ᠵᠡᠷᠭᠡ ᠲᠡᠦᠬᠡ᠎ᠶᠢᠨ ᠳᠤᠷᠠᠰᠬᠠᠯᠲᠤ ᠵᠦᠢᠯᠡᠰ ᠨᠢ ᠦᠨᠳᠦᠰᠦᠲᠡᠨ ᠨᠦ᠍ᠭᠦᠳ᠎ᠦᠨ ᠰᠣᠶᠣᠯ᠎ᠤᠨ ᠠᠭᠤᠰᠤᠯᠴᠠᠯ᠎ᠤᠨ ᠪᠣᠳᠠᠲᠤ ᠢᠮ ᠲᠠᠮᠠᠭ᠎ᠠ ᠪᠣᠯᠵᠤ᠂ ᠰᠢᠯᠢ᠎ᠶᠢᠨ ᠭᠣᠣᠯ ᠠᠢᠮᠠᠭ᠎ᠤᠨ ᠣᠢᠷ᠎ᠠ᠎ᠶᠢᠨ ᠠᠷᠪᠠᠨ ᠵᠢᠯ᠎ᠤᠨ ᠬᠠᠭᠤᠴᠢ ᠰᠤᠳᠤᠯᠤᠯ᠎ᠤᠨ ᠦᠷ᠎ᠡ ᠪᠦᠲᠦᠭᠡᠯ᠎ᠤᠨ ᠦᠵᠡᠰᠭᠦᠯᠡᠩᠳᠤ ᠥᠩᠭᠡ ᠭᠢᠯᠪᠠᠭ᠎ᠠ ᠨᠡᠮᠡᠷᠢᠯᠡᠭᠰᠡᠨ ᠶᠤᠮ᠃
ᠲᠠᠯ᠎ᠠ ᠨᠤᠲᠤᠭ᠎ᠤᠨ ᠭᠦᠨᠳᠤ ᠪᠠᠢᠭ᠎ᠠ ᠪᠠᠶᠠᠨᠰᠢᠯᠢ ᠬᠤᠲᠠ᠎ᠶᠢᠨ ᠪᠠᠭᠤᠷᠢ᠎ᠶᠢᠨ ᠰᠢᠷ᠎ᠠ ᠰᠢᠷᠣᠢ᠎ᠪᠠᠷ ᠪᠠᠷᠢᠭ᠍ᠰᠠᠨ ᠬᠤᠳᠠ᠎ᠶᠢᠨ ᠬᠡᠷᠡᠮ᠂ ᠴᠠᠭᠳᠠᠭᠤᠯ᠎ᠤᠨ ᠠᠰᠠᠷ ᠪᠣᠯᠣᠨ ᠮᠣᠷᠢᠨ ᠬᠡᠯᠪᠡᠷᠢᠲᠦ ᠪᠠᠷᠢᠯᠭ᠎ᠠ᠂ ᠭᠠᠵᠠᠷ ᠳᠡᠭᠡᠷ᠎ᠡ ᠲᠠᠷᠬᠠᠵᠤ ᠪᠠᠢᠭ᠎ᠠ ᠸᠠᠭᠠᠷ ᠱᠠᠭᠠᠵᠠᠩ᠎ᠤᠨ ᠬᠡᠯᠲᠡᠷᠬᠡᠢ ᠪᠣᠯᠣᠨ ᠲᠡᠭᠡᠷᠮ᠎ᠡ᠎ᠶᠢᠨ ᠦᠯᠡᠳᠡᠭᠳᠡᠯ ᠵᠡᠷᠭᠡ ᠨᠢ ᠰᠢᠯᠢᠨᠭᠬᠤᠳᠠ ᠵᠢᠨ ᠯᠢᠶᠤᠤ ᠤᠯᠤᠰ᠎ᠤᠨ ᠴᠡᠷᠢᠭ᠎ᠤᠨ ᠶᠠᠪᠤᠳᠠᠯ᠎ᠤᠨ ᠴᠢᠬᠤᠯᠠ ᠭᠠᠵᠠᠷ ᠪᠠᠢᠭᠰᠠᠨ ᠣᠨᠴᠠ ᠭᠠᠷᠤᠯ᠎ᠢ ᠢᠯᠡᠷᠡᠭᠦᠯᠦᠨ᠂ ᠠᠷᠬᠧᠣᠯᠣᠭᠢ ᠰᠤᠳᠤᠯᠤᠯ᠎ᠤᠨ ᠬᠠᠢᠨ ᠰᠢᠨᠵᠢᠯᠡᠯᠲᠡ᠎ᠳᠤ ᠬᠣᠪᠣᠷ ᠨᠠᠨᠳᠢᠨ ᠮᠠᠲᠸᠷᠢᠶᠠᠯ ᠬᠠᠩᠭᠠᠭᠰᠠᠨ ᠶᠤᠮ᠃
ᠰᠢᠨ᠎ᠡ ᠴᠢᠯᠠᠭᠤᠨ ᠵᠡᠪᠰᠡᠭ᠎ᠤᠨ ᠦᠶ᠎ᠡ᠎ᠶᠢᠨ ᠦᠯᠡᠳᠡᠭᠳᠡᠯ ᠪᠣᠳᠠᠰ ᠡᠴᠡ ᠾᠦᠩᠨᠦ ᠰᠢᠶᠠᠨᠪᠢ᠎ᠶᠢᠨ ᠨᠡᠭᠦᠳᠡᠯ ᠮᠠᠯᠵᠢᠯ᠎ᠤᠨ ᠤᠯᠠ ᠮᠥᠷ ᠬᠦᠷᠲᠡᠯ᠎ᠡ᠂ ᠮᠣᠳᠣᠨ ᠮᠠᠯᠵᠢᠯ᠎ᠤᠨ ᠲᠠᠯᠠᠪᠠᠢ᠎ᠶᠢᠨ ᠡᠷᠲᠡᠨ᠎ᠤ ᠤᠩᠭᠤᠨ᠎ᠤ ᠰᠦᠷᠦᠭᠵᠢᠯ ᠡᠴᠡ ᠴᠢᠩ ᠤᠯᠤᠰ᠎ᠤᠨ ᠦᠶ᠎ᠡ᠎ᠶᠢᠨ ᠪᠡᠢᠰᠡ᠎ᠶᠢᠨ ᠰᠦᠮ᠎ᠡ᠎ᠶᠢᠨ ᠳᠤᠭᠠᠩ ᠬᠦᠷᠲᠡᠯ᠎ᠡ᠂ ᠦᠯᠡᠳᠡᠭᠳᠡᠯ ᠬᠠᠭᠤᠴᠢ ᠪᠤᠳᠠᠰ ᠨᠢᠭᠡᠪᠦᠷᠢ ᠨᠢ ᠴᠥᠮ ᠣᠨ ᠵᠢᠯ᠎ᠦᠨ ᠦᠯᠢᠭᠡᠷ ᠤᠴᠢᠷ᠎ᠢ ᠠᠴᠢᠶᠠᠯᠠᠨ᠂ ᠰᠢᠯᠢᠨᠭᠬᠤᠳᠠ ᠵᠢᠨ ᠭᠦᠨ ᠵᠤᠵᠠᠭᠠᠨ ᠲᠡᠦᠬᠡ ᠰᠣᠶᠣᠯ᠎ᠤᠨ ᠠᠭᠤᠯᠬᠤᠨ᠎ᠢ ᠴᠣᠭᠴᠠᠯᠠᠭᠰᠠᠨ ᠪᠠᠢᠳᠠᠭ᠃
ᠬᠤᠪᠢᠰᠬᠠᠯ᠎ᠤᠨ ᠳᠤᠯᠠᠭᠠᠨ ᠥᠯᠥᠭᠡᠢ
ᠪᠡᠢᠰᠡ ᠵᠢᠨ ᠰᠦᠮ᠎ᠡ ᠨᠢ ᠰᠢᠯᠢᠨᠭᠬᠤᠳᠠᠶᠢᠨ ᠡᠷᠳᠡᠨᠢ ᠲᠣᠯᠣᠭᠠᠢ ᠣᠪᠣᠭᠠᠨᠤ ᠡᠩᠭᠡᠷ᠎ᠲᠦ ᠪᠠᠢᠷᠢᠯᠠᠵᠤ᠂ ᠪᠠᠷᠠᠭᠤᠨ ᠲᠠᠯ᠎ᠠ ᠪᠡᠷ ᠨᠢ ᠰᠢᠯᠢ ᠵᠢᠨ ᠭᠣᠣᠯ ᠡᠮᠦᠨ᠎ᠡ ᠡᠴᠡ ᠤᠮᠠᠷᠠᠰᠢ ᠮᠤᠷᠤᠯᠵᠠᠨ ᠤᠷᠤᠰᠴᠤ ᠪᠠᠢᠳᠠᠭ᠃ ᠬᠢᠲᠠᠳ᠂ ᠮᠣᠩᠭᠣᠯ᠂ ᠮᠠᠨᠵᠤ᠂ ᠲᠥᠪᠡᠳ ᠳᠥᠷᠪᠡᠨ ᠬᠡᠯᠡ ᠪᠡᠷ ᠪᠢᠴᠢᠭᠳᠡᠭᠰᠡᠨ ᠫᠠᠢᠰᠠ ᠢᠯᠡᠷᠬᠡᠢᠯᠡᠯ ᠵᠢᠴᠢ ᠤᠯᠠᠭᠠᠨ ᠬᠡᠷᠡᠮ᠂ ᠬᠥᠬᠡ ᠸᠠᠭᠠᠷ᠎ᠤᠨ ᠣᠷᠣᠢ᠂ ᠣᠯᠠᠨ ᠦᠨᠳᠦᠰᠦᠲᠡᠨ᠎ᠤ ᠡᠯᠧᠮᠧᠨ᠋ᠲ᠎ᠢ ᠠᠭᠤᠯᠤᠭᠰᠠᠨ ᠥᠪᠡᠷᠮᠢᠴᠡ ᠬᠡᠪ ᠨᠠᠮᠪᠠ ᠲᠠᠢ ᠪᠠᠷᠢᠯᠭ᠎ᠠ ᠨᠢ ᠣᠯᠠᠨ ᠡᠰᠢᠲᠦ ᠰᠣᠶᠣᠯ᠎ᠤᠨ ᠭᠦᠨᠵᠡᠭᠡᠢ ᠠᠭᠤᠰᠤᠯᠴᠠᠯ᠎ᠢ ᠶᠠᠭᠠᠬᠢᠬᠤ ᠵᠢᠨ ᠠᠷᠭ᠎ᠠ ᠦᠭᠡᠢ ᠬᠠᠷᠠᠭᠤᠯᠵᠤ᠂ ᠬᠢᠲᠠᠳ᠂ ᠮᠣᠩᠭᠣᠯ᠂ ᠲᠥᠪᠡᠳ ᠦᠨᠳᠦᠰᠦᠳᠡᠨ᠎ᠤ ᠰᠣᠶᠣᠯ᠎ᠤᠨ ᠰᠣᠯᠢᠯᠴᠠᠭ᠎ᠠ ᠬᠥᠭᠵᠢᠯᠲᠡ ᠵᠢᠴᠢ ᠲᠥᠪᠡᠳ᠎ᠦᠨ ᠪᠤᠷᠬᠠᠨ ᠱᠠᠰᠢᠨ᠎ᠤ ᠰᠣᠶᠣᠯ᠎ᠤᠨ ᠤᠯᠠᠮᠵᠢᠯᠠᠯ ᠢ᠋ ᠰᠤᠳᠤᠯᠬᠤ᠎ᠳᠤ ᠴᠢᠬᠤᠯᠠ ᠠᠴᠢ ᠬᠣᠯᠪᠣᠭᠳᠠᠯ ᠲᠠᠢ ᠪᠠᠢᠳᠠᠭ᠃
ᠪᠡᠢᠰᠡ ᠵᠢᠨ ᠰᠦᠮ᠎ᠡ᠎ᠶᠢ ᠴᠢᠩ ᠤᠯᠤᠰ᠎ᠤᠨ ᠲᠡᠭᠷᠢ ᠲᠡᠳᠬᠦᠭᠴᠢ᠎ᠶᠢᠨ ᠨᠠᠢ᠍ᠮᠠᠳᠤᠭᠠᠷ ᠣᠨ (1743 ᠣᠨ) ᠡᠴᠡ ᠡᠬᠢᠯᠡᠨ ᠪᠠᠢᠭᠤᠯᠵᠤ᠂ ᠵᠠᠰᠠᠭ ᠪᠡᠢᠰᠡ ᠨᠣᠶᠠᠨ ᠪᠠᠯᠵᠤᠤᠷᠳᠤᠷᠵᠢ ᠪᠣᠯᠣᠨ ᠨᠢᠭᠡᠳᠦᠭᠡᠷ ᠳᠦᠷᠢ ᠵᠢᠨ ᠭᠡᠭᠡᠨ ᠪᠠᠯᠵᠤᠤᠷᠯᠾᠦ᠋ᠩᠷᠦᠪ ᠬᠠᠮᠲᠤ ᠪᠡᠷ ᠡᠬᠢᠯᠡᠵᠦ ᠪᠠᠢᠭᠤᠯᠤᠭᠰᠠᠨ ᠪᠣᠯᠬᠣᠷ ᠪᠡᠢᠰᠡ ᠵᠢᠨ ᠰᠦᠮ᠎ᠡ ᠭᠡᠵᠦ ᠨᠡᠷᠡᠢᠳᠴᠡᠢ᠃ ᠰᠡᠭᠦᠯᠡᠷ ᠨᠢ ᠲᠤᠯᠤᠭᠠᠨ ᠳᠦᠷᠢ ᠵᠢᠨ ᠭᠡᠭᠡᠨ ᠡᠨᠳᠡ ᠰᠠᠭᠤᠵᠤ ᠥᠩᠭᠡᠷᠡᠭᠰᠡᠨ ᠪᠠ ᠴᠢᠩ ᠤᠯᠤᠰ᠎ᠤᠨ ᠲᠦᠷᠦ ᠬᠡᠷᠡᠯᠳᠦ᠂ ᠪᠠᠳᠠᠷᠠᠭᠤᠯᠲᠤ ᠲᠦᠷᠦ ᠬᠠᠭᠠᠨ᠎ᠤ ᠦᠶ᠎ᠡ᠎ᠳᠦ ᠵᠢᠷᠭᠤᠭ᠎ᠠ ᠤᠳᠠᠭ᠎ᠠ ᠶᠡᠬᠡ ᠬᠡᠪᠴᠢᠶ᠎ᠡ ᠪᠡᠷ ᠥᠷᠭᠡᠳᠬᠡᠨ ᠪᠠᠢᠭᠤᠯᠵᠤ᠂ ᠲᠦᠴᠢ ᠭᠠᠷᠤᠢ ᠵᠢᠯ᠎ᠦᠨ ᠬᠤᠭᠤᠴᠠᠭᠠᠨ᠎ᠳᠤ ᠴᠣᠭ᠍ᠴᠢᠨ ᠳᠤᠭᠠᠩ᠂ ᠴᠣᠢᠷᠣ᠎ᠠ ᠳᠤᠭᠠᠩ᠂ ᠮᠢᠩᠭᠠᠨ ᠳᠤᠭᠠᠩ ᠵᠡᠷᠭᠡ ᠭᠤᠷᠪᠠᠨ ᠳᠤᠭᠠᠩ ᠵᠢᠡᠷ ᠲᠥᠪ ᠪᠣᠯᠭᠠᠭᠰᠠᠨ ᠨᠠᠢ᠍ᠮᠠᠨ ᠭᠣᠣᠯ ᠳᠤᠭᠠᠩ᠂ ᠠᠷᠪᠠᠨ ᠬᠡᠳᠦᠨ ᠵᠢᠵᠢᠭ ᠳᠤᠭᠠᠩ ᠲᠠᠢ ᠬᠢᠲᠠᠳ ᠮᠠᠶᠢᠭ᠋᠎ᠤᠨ ᠲᠣᠮᠣ᠌ ᠬᠡᠯᠪᠡᠷᠢ ᠵᠢᠨ ᠪᠠᠷᠢᠯᠭ᠎ᠠ ᠨᠤᠭᠤᠳ ᠪᠤᠢ ᠪᠣᠯᠤᠭᠰᠠᠨ ᠪᠠᠢᠨ᠎ᠠ᠃
ᠶᠡᠷᠦᠩᠬᠡᠢ ᠲᠠᠯᠠᠪᠠᠢ ᠨᠢ 1.2 ᠲᠡᠭᠰᠢ ᠳᠥᠷᠪᠡᠯᠵᠢᠨ ᠺᠢᠯᠣᠮᠧᠲᠷ᠂ ᠪᠠᠷᠢᠯᠭ᠎ᠠ ᠵᠢᠨ ᠲᠠᠯᠠᠪᠠᠢ ᠨᠢ 2 ᠲᠦᠮᠡᠨ ᠲᠡᠭᠰᠢ ᠳᠥᠷᠪᠡᠯᠵᠢᠨ ᠮᠸᠲᠷ ᠡᠨᠡ ᠬᠦ᠌ ᠡᠷᠲᠡᠨ᠎ᠤ ᠬᠡᠢᠳ ᠨᠢ ᠰᠢᠯᠢᠨᠭᠬᠤᠳᠠ ᠵᠢᠨ ᠡᠭᠦᠰᠦᠯ ᠬᠥᠭᠵᠢᠯ᠎ᠦᠨ ᠲᠡᠮᠳᠡᠭᠯᠡᠭᠴᠢ ᠪᠣᠯᠬᠤ᠎ᠪᠠᠷ ᠪᠠᠷᠠᠬᠤ ᠦᠭᠡᠢ᠂ ᠨᠡᠩ ᠴᠤ᠌ ᠤᠳᠣ᠌ ᠦᠶ᠎ᠡ ᠵᠢᠨ ᠲᠡᠦᠬᠡᠨ ᠳ᠋ᠡᠬᠢ ᠬᠤᠪᠢᠰᠬᠠᠯ᠎ᠤᠨ ᠠᠷᠢᠭᠤᠨ ᠳᠠᠷᠬᠠᠨ ᠣᠷᠣᠨ ᠪᠣᠯᠬᠤ ᠶᠤᠮ᠃ 1946 ᠣᠨ᠎ᠳᠤ ᠰᠢᠯᠢ᠎ᠶᠢᠨ ᠭᠣᠣᠯ ᠠᠢᠮᠠᠭ᠎ᠤᠨ ᠠᠩᠬᠠᠳᠠᠭ᠍ᠴᠢ ᠨᠠᠮ᠎ᠤᠨ ᠡᠭᠦᠷ ᠪᠡᠢᠰᠡ ᠵᠢᠨ ᠰᠦᠮ᠎ᠡ᠎ᠳᠦ ᠮᠡᠨᠳᠦᠯᠡᠪᠡ᠃ ᠡᠨᠳᠡ ᠬᠤᠪᠢᠰᠬᠠᠯᠲᠤ ᠲᠡᠮᠡᠴᠡᠯ ᠦᠷᠨᠢᠨ᠂ ᠮᠣᠷᠢᠲᠤ ᠴᠡᠷᠢᠭ ᠠᠩᠭᠢ ᠵᠣᠬᠢᠶᠠᠨ ᠪᠠᠢᠭᠤᠯᠤᠭᠳᠠᠵᠤ᠂ ᠬᠤᠪᠢᠰᠬᠠᠯ᠎ᠤᠨ ᠬᠠᠲᠠᠭᠤ ᠲᠡᠮᠡᠴᠡᠯ᠎ᠳᠤ ᠰᠢᠯᠢ᠎ᠶᠢᠨ ᠭᠣᠣᠯ᠂ ᠴᠠᠬᠠᠷ᠎ᠤᠨ ᠦᠨᠳᠦᠰᠦᠲᠡᠨ᠎ᠨᠦᠭᠦᠳ᠎ᠤᠨ ᠴᠡᠷᠢᠭ ᠠᠷᠠᠳ ᠨᠡᠶ᠋ᠢᠲᠡ ᠮᠢᠩᠭ᠎ᠠ ᠭᠠᠷᠤᠢ ᠬᠥᠮᠥᠨ ᠪᠠᠭᠠᠲᠤᠷᠯᠢᠭ᠋᠎ᠢᠶᠠᠷ ᠪᠡᠶ᠎ᠡ ᠦᠷᠡᠭᠳᠡᠵᠦ᠂ ᠬᠠᠯᠠᠭᠤᠨ ᠠᠮᠢ ᠪᠦᠯᠢᠶᠡᠨ ᠴᠢᠰᠤ ᠪᠡᠷ ᠵᠢᠡᠨ ᠡᠬᠡ ᠣᠯᠤᠰ᠎ᠢᠶᠡᠨ ᠬᠠᠢᠷᠠᠯᠠᠬᠤ ᠰᠡᠳᠭᠢᠯᠭᠡ ᠪᠠᠨ ᠪᠢᠴᠢᠭᠯᠡᠭᠰᠡᠨ ᠶᠤᠮ᠃ ᠤᠳᠤ ᠪᠣᠯᠬᠤ᠎ᠳᠤ᠂ ᠲᠤᠬᠠᠢ᠎ᠶᠢᠨ ᠦᠶᠡᠰ᠎ᠦᠨ 822 ᠦᠷᠡᠭᠳᠡᠭᠰᠡᠨ ᠪᠠᠭᠠᠲᠤᠷ᠎ᠤᠨ ᠨᠡᠷ᠎ᠡ ᠰᠢᠯᠢᠩᠬᠤᠲᠠ᠎ᠳᠤ ᠪᠠᠢᠷᠢᠯᠠᠭ᠎ᠠ ᠰᠢᠯᠢ᠎ᠶᠢᠨ ᠭᠣᠣᠯ᠂ ᠴᠠᠬᠠᠷ᠎ᠤᠨ ᠬᠤᠪᠢᠰᠬᠠᠯ᠎ᠤᠨ ᠲᠡᠦᠬᠡ᠎ᠶᠢᠨ ᠳᠤᠷᠠᠰᠬᠠᠯ᠎ᠤᠨ ᠣᠷᠳᠣᠨ᠎ᠳᠤ ᠪᠠᠯᠠᠷᠠᠰᠢ ᠦᠭᠡᠢ ᠮᠥᠩᠬᠡ᠎ᠶᠢᠨ ᠭᠡᠷᠡᠯ᠎ᠢᠶᠠᠨ ᠰᠠᠴᠤᠷᠠᠭᠤᠯᠤᠨ ᠲᠡᠮᠳᠡᠭᠯᠡᠭᠳᠡᠭᠰᠡᠭᠡᠷ᠃
ᠤᠯᠠᠮᠵᠢᠯᠠᠯ ᠤᠳᠤᠬᠢᠴᠢᠯᠠᠯᠢ ᠤᠶᠠᠯᠳᠤᠭᠤᠯᠤᠭᠰᠠᠨ ᠨᠠᠭᠠᠳᠤᠮ
ᠡᠨᠡ ᠵᠢᠯ᠎ᠤᠨ 7 ᠰᠠᠷ᠎ᠠ᠎ᠳᠤ᠂ ᠰᠢᠯᠢᠨᠭᠬᠤᠳᠠᠳᠤ ᠶᠠᠪᠤᠭᠳᠠᠭᠰᠠᠨ ᠥᠪᠡᠷᠲᠡᠭᠡᠨ ᠵᠠᠰᠠᠬᠤ ᠣᠷᠣᠨ᠎ᠤ 35 ᠳ᠋ᠤᠭᠠᠷ ᠬᠤᠭᠤᠴᠠᠭᠠᠨ᠎ᠤ ᠲᠠᠯ᠎ᠠ ᠨᠤᠲᠤᠭ᠎ᠤᠨ ᠨᠠᠭᠠᠳᠤᠮ ᠪᠣᠯ ᠤᠯᠠᠮᠵᠢᠯᠠᠯ ᠪᠠ ᠣᠳᠣᠬᠢᠴᠢᠯᠠᠯᠢ ᠪᠦᠷᠢᠮᠦᠰᠦᠨ ᠤᠶᠠᠯᠳᠤᠭᠤᠯᠤᠭᠰᠠᠨ ᠪᠣᠳᠠᠲᠤ ᠦᠯᠢᠭᠡᠷ ᠵᠢᠱ᠌ᠢᠶ᠎ᠡ ᠪᠣᠯᠬᠣ᠌ ᠶᠤᠮ᠃ ᠡᠬᠢᠯᠡᠯᠲᠡ᠎ᠶᠢᠨ ᠶᠣᠰᠣᠯᠠᠯ ᠳᠡᠭᠡᠷ᠎ᠡ᠂ 512 ᠪᠥᠬᠡᠴᠢᠨ᠎ᠢᠶᠠᠷ ᠪᠦᠷᠢᠯᠳᠦᠭᠰᠡᠨ ᠵᠢᠭ᠍ᠰᠠᠭᠠᠯ᠎ᠤᠨ ᠡᠩᠨᠡᠭᠡ ᠰᠦᠷ ᠳᠠᠯᠠᠢᠴᠠᠲᠠᠢ ᠲᠠᠯᠠᠪᠠᠢ᠎ᠳᠤ ᠮᠠᠭᠰᠢᠨ ᠣᠷᠣᠵᠤ᠂ ᠥᠪᠡᠷ ᠥᠪᠡᠷ᠎ᠦᠨ ᠵᠢᠰᠦᠮ ᠵᠢᠡᠷ ᠵᠢᠡᠨ ᠭᠠᠩᠭᠠᠷᠠᠭᠰᠠᠨ 1200 ᠠᠵᠢᠨᠠᠢ ᠬᠦᠯᠦᠭ᠎ᠤᠨ ᠵᠢᠭ᠍ᠰᠠᠭᠠᠯ ᠬᠣᠯᠠ ᠣᠢᠷ᠎ᠠ ᠵᠢᠨ ᠵᠢᠭᠤᠯᠴᠢᠯᠠᠭᠰᠠᠳ᠎ᠤᠨ ᠰᠡᠳᠬᠢᠯ᠎ᠢ ᠳᠣᠭᠳᠣᠯᠤᠭᠤᠯᠤᠨ᠂ ᠮᠣᠷᠢᠨ ᠬᠤᠭᠤᠷ᠎ᠤᠨ ᠡᠭᠡᠰᠢᠭ᠂ ᠤᠷᠳᠤ ᠵᠢᠨ ᠳᠠᠭᠤᠤ ᠵᠢᠨ ᠰᠢᠷᠤᠩᠬᠠᠢ ᠬᠥᠮᠥᠨ ᠠᠷᠠᠳ᠎ᠤᠨ ᠵᠢᠡᠨ ᠤᠷᠮ᠎ᠠ᠎ᠶᠢ ᠬᠥᠭᠵᠢᠭᠡᠨ ᠤᠬᠠᠭᠠᠨ᠎ᠢ ᠰᠠᠷᠠᠭᠤᠯᠵᠢᠭᠤᠯᠵᠤ᠂ ᠬᠥᠳᠡᠯᠭᠡᠬᠦ ᠬᠦᠴᠦᠨ᠎ᠤ ᠰᠢᠬᠦᠷ᠂ ᠬᠥᠩᠭᠡᠨ ᠬᠡᠯᠪᠡᠷᠢ᠎ᠶᠢᠨ ᠨᠢᠰᠬᠡᠯ ᠠᠭᠠᠷ ᠲᠡᠭᠷᠢ᠎ᠳᠦ ᠳᠡᠭᠦᠯᠢᠨ ᠨᠢᠰᠴᠦ᠂ ᠤᠯᠠᠮᠵᠢᠯᠠᠯᠲᠤ ᠨᠠᠭᠠᠳᠤᠮ᠎ᠤᠨ ᠬᠤᠷᠠᠯ᠎ᠳᠤ ᠣᠳᠣᠬᠢᠴᠢ ᠠᠭᠤᠷ ᠠᠮᠢᠰᠬᠤᠯ᠎ᠢ ᠨᠡᠮᠡᠷᠢᠯᠡᠭᠰᠡᠨ ᠶᠤᠮ ᠃
ᠨᠠᠭᠠᠳᠤᠮ᠎ᠤᠨ ᠬᠤᠷᠠᠯ᠎ᠤᠨ ᠲᠠᠯᠠᠪᠠᠢ᠎ᠳᠤ᠂ ᠡᠬᠢᠯᠡᠯᠳᠡ ᠵᠢᠨ ᠲᠤᠭᠯᠠᠯᠳᠠ᠎ᠶᠢ ᠦᠵᠡᠵᠤ ᠰᠣᠨᠢᠷᠬᠠᠭᠰᠠᠨ ᠬᠥᠮᠥᠨ᠎ᠦ ᠲᠣᠭ᠎ᠠ 20 ᠲᠦᠮᠡᠨ ᠬᠥᠮᠥᠨ ᠤᠳᠠᠭ᠎ᠠ᠎ᠳᠤ ᠬᠦᠷᠴᠦ᠂ ᠭᠣᠣᠯ ᠬᠤᠷᠠᠯ᠎ᠤᠨ ᠲᠠᠯᠠᠪᠠᠢ᠎ᠶᠢᠨ ᠡᠵᠡᠩᠨᠡᠯᠲᠡ᠎ᠶᠢᠨ ᠬᠡᠯᠪᠡᠷᠢ ᠪᠠᠢᠳᠠᠯ᠎ᠤᠨ ᠶᠡᠷᠦᠩᠬᠡᠢᠯᠡᠭᠰᠡᠨ ᠣᠷᠣᠯᠭ᠎ᠠ 3000 ᠲᠦᠮᠡᠨ ᠲᠥᠭᠥᠷᠢᠭ᠎ᠢ ᠳᠠᠪᠠᠵᠤ᠂ ᠠᠳᠠᠯᠢ ᠬᠤᠭᠤᠴᠠᠭᠠᠨ᠎ᠤ ᠬᠢ᠎ᠠᠴᠠ 40%᠎ᠪᠠᠷ ᠨᠡᠮᠡᠭᠳᠡᠨ᠂ ᠣᠯᠠᠨ ᠲᠦᠷᠦᠯ᠎ᠦᠨ ᠳᠠᠮᠵᠢᠭᠤᠯᠭ᠎ᠠ ᠵᠢᠨ ᠲᠡᠮᠳᠡᠭᠯᠡᠯ᠎ᠢ ᠡᠭᠦᠳᠬᠦ ᠵᠢᠨ ᠬᠠᠮᠲᠤ᠂ ᠰᠢᠨ᠎ᠡ᠎ᠶᠢ ᠡᠭᠦᠳᠬᠦ ᠡᠵᠡᠩᠨᠡᠯᠲᠡ᠎ᠶᠢᠨ ᠬᠡᠯᠪᠡᠷᠢ ᠪᠡᠷ ᠰᠢᠯᠢ᠎ᠶᠢᠨ ᠭᠣᠣᠯ ᠠᠢᠮᠠᠭ᠎ᠤᠨ ᠪᠥᠬᠦ ᠣᠷᠣᠨ ᠪᠦᠰᠡ᠎ᠶᠢᠨ ᠵᠢᠭᠤᠯᠴᠢᠯᠠᠯ᠎ᠤᠨ ᠠᠵᠤ ᠠᠬᠤᠢ᠎ᠶᠢᠨ ᠥᠷᠨᠢᠩᠭᠦᠢ ᠬᠥᠭᠵᠢᠯᠲᠡ᠎ᠶᠢ ᠳᠠᠶ᠋ᠢᠴᠢᠯᠠᠵᠤ᠂ ᠰᠣᠶᠣᠯ ᠵᠢᠭᠤᠯᠴᠢᠯᠠᠯ᠎ᠤᠨ ᠠᠭᠤᠰᠤᠯᠴᠠᠯ᠎ᠤᠨ ᠥᠨᠳᠥᠷ ᠬᠢᠷᠢ ᠪᠦᠲᠦᠮᠵᠢ᠎ᠶᠢ ᠡᠭᠦᠳᠦᠭᠰᠡᠨ ᠨᠠᠭᠠᠳᠤᠮ ᠪᠣᠯᠤᠭᠰᠠᠨ ᠶᠤᠮ᠃ ᠬᠠᠮᠢᠶ᠎ᠠ ᠪᠦᠬᠦᠢ ᠪᠦᠷᠢᠳᠬᠡᠯ᠎ᠢ ᠦᠨᠳᠦᠰᠦᠯᠡᠪᠡᠯ᠂ ᠨᠠᠭᠠᠳᠤᠮ᠎ᠤᠨ ᠠᠵᠢᠯᠯᠠᠭ᠎ᠠ᠎ᠶᠢᠨ ᠨᠥᠯᠥᠭᠡᠯᠡᠯ᠎ᠢᠶᠠᠷ᠂ 2025 ᠣᠨ᠎ᠤ 7 ᠰᠠᠷ᠎ᠠ᠎ᠳᠤ ᠰᠢᠯᠢᠨᠭᠬᠤᠳᠠ ᠨᠢ ᠤᠯᠤᠰ᠎ᠤᠨ ᠳᠣᠲᠣᠭᠠᠳᠤ᠎ᠶᠢᠨ ᠵᠢᠭᠤᠯᠴᠢᠯᠠᠭᠰᠠᠳ᠎ᠢ ᠨᠡᠶ᠋ᠢᠲᠡ 191.30 ᠲᠦᠮᠡᠨ ᠬᠥᠮᠥᠨ ᠤᠳᠠᠭ᠎ᠠ ᠭᠥᠯᠢᠶᠡᠨ ᠠᠪᠴᠤ᠂ ᠠᠳᠠᠯᠢ ᠬᠤᠭᠤᠴᠠᠭᠠᠨ᠎ᠤ ᠬᠢ᠎ᠠᠴᠠ 270%᠎ᠪᠠᠷ ᠨᠡᠮᠡᠭᠳᠡᠵᠦ᠂ ᠵᠢᠭᠤᠯᠴᠢᠯᠠᠯ᠎ᠤᠨ ᠶᠡᠷᠦᠩᠬᠡᠢ ᠬᠡᠷᠡᠭᠯᠡᠭᠡ ᠨᠡᠶ᠋ᠢᠲᠡ 21.04 ᠳ᠋ᠦᠩᠰᠢᠭᠤᠷ ᠲᠥᠭᠥᠷᠢᠭ᠎ᠲᠤ ᠬᠦᠷᠴᠦ᠂ ᠠᠳᠠᠯᠢ ᠬᠤᠭᠤᠴᠠᠭᠠᠨ᠎ᠤ ᠬᠢ᠎ᠠᠴᠠ 418.2% ᠵᠢᠡᠷ ᠨᠡᠮᠡᠭᠳᠡᠵᠡᠢ᠃ ᠡᠭᠦᠨ᠎ᠳᠤ᠂ 7 ᠰᠠᠷ᠎ᠠ᠎ᠶᠢᠨ 19᠎ᠤ᠋ ᠡᠳᠦᠷ᠎ᠠᠴᠠ 8 ᠰᠠᠷ᠎ᠠ᠎ᠶᠢᠨ 5᠎ᠤ᠋ ᠡᠳᠦᠷ ᠪᠣᠯᠲᠠᠯ᠎ᠠ᠂ ᠰᠢᠯᠢ᠎ᠶᠢᠨ ᠭᠣᠣᠯ᠎ᠤᠨ ᠵᠢᠭᠤᠯᠴᠢᠯᠠᠯ ᠨᠠᠭᠠᠳᠤᠮ᠎ᠤᠨ ᠵᠠᠩ ᠦᠢᠯᠡ᠎ᠶᠢᠨ ᠬᠦᠷᠢᠶᠡᠯᠡᠩ ᠨᠢ ᠵᠢᠭᠤᠯᠴᠢᠯᠠᠭᠰᠠᠳ᠎ᠢ ᠨᠡᠶ᠋ᠢᠲᠡ 29.75 ᠲᠦᠮᠡᠨ ᠬᠥᠮᠥᠨ ᠤᠳᠠᠭ᠎ᠠ ᠬᠦᠯᠢᠶᠡᠨ ᠠᠪᠴᠠᠢ᠃
ᠡᠶ᠋ᠢᠨ ᠬᠦ᠌ ᠰᠢᠯᠢᠨᠭᠬᠤᠳᠠ ᠵᠢᠨ ᠲᠤᠰ ᠬᠤᠭᠤᠴᠠᠭᠠᠨ᠎ᠤ ᠨᠠᠭᠠᠳᠤᠮ᠎ᠤᠨ ᠬᠤᠷᠠᠯ ᠳᠡᠭᠡᠷ᠎ᠡ ᠬᠡᠷᠡᠭᠵᠢᠭᠦᠯᠦᠭᠰᠡᠨ 《ᠭᠣᠣᠯ ᠬᠤᠷᠠᠯ᠎ᠤᠨ ᠲᠠᠯᠠᠪᠠᠶ᠎ᠶᠢᠨ ᠪᠥᠬᠦ ᠣᠷᠣᠨ ᠪᠦᠰᠡ᠎ᠪᠠᠷ᠎ᠢᠶᠠᠨ ᠬᠣᠯᠪᠤᠭᠠᠯᠠᠨ ᠬᠥᠳᠡᠯᠦᠯᠴᠡᠬᠦ》᠂ 《ᠡᠳᠦᠷ᠎ᠤᠨ ᠠᠵᠢᠯᠯᠠᠭ᠎ᠠ + ᠰᠥᠨᠢ ᠵᠢᠨ ᠠᠵᠤ ᠠᠬᠤᠢ》᠂ 《ᠤᠯᠠᠮᠵᠢᠯᠠᠯᠲᠤ ᠨᠠᠭᠠᠳᠤᠮ + ᠣᠳᠣᠬᠢᠴᠢᠯᠠᠭᠰᠠᠨ ᠪᠡᠶᠡᠴᠢ ᠣᠢᠯᠠᠭᠠᠯᠲᠠ》 ᠵᠢᠨ ᠡᠵᠡᠩᠨᠡᠯᠲᠡ ᠵᠢᠨ ᠵᠠᠭᠪᠤᠷ ᠨᠢ ᠮᠠᠨ᠎ᠤ ᠣᠷᠣᠨ᠎ᠤ ᠰᠣᠶᠣᠯ ᠵᠢᠭᠤᠯᠴᠢᠯᠠᠯ᠎ᠤᠨ ᠠᠭᠤᠰᠤᠯᠴᠠᠨ ᠬᠥᠭᠵᠢᠬᠦ᠎ᠳᠦ ᠡᠷᠬᠢᠮ ᠨᠠᠨᠳᠢᠨ ᠲᠤᠷᠰᠢᠯᠭ᠎ᠠ᠎ᠶᠢ ᠬᠠᠩᠭᠠᠭᠰᠠᠨ ᠶᠤᠮ᠃
ᠥᠨᠥᠳᠥᠷ᠂ ᠰᠢᠯᠢᠨᠭᠬᠤᠳᠠ ᠨᠢ ᠮᠣᠩᠭᠣᠯ ᠮᠣᠷᠢᠨ᠎ᠤ ᠵᠣᠷᠢᠭ᠋ ᠰᠠᠨᠠᠭ᠎ᠠ᠎ᠶᠢ ᠪᠠᠳᠠᠷᠠᠭᠤᠯᠤᠨ᠂ ᠥᠨᠢ ᠤᠳᠠᠭᠠᠨ ᠲᠡᠦᠬᠡ ᠰᠣᠶᠣᠯ ᠵᠢᠡᠨ ᠴᠢᠨᠠᠷ ᠰᠠᠢᠲᠠᠢ ᠬᠥᠭᠵᠢᠯᠲᠡ᠎ᠶᠢᠨ ᠬᠦᠴᠦᠷᠬᠡᠭ ᠳᠠᠭᠤᠨ ᠯᠤᠭ᠎ᠠ ᠵᠣᠯᠭᠠᠭᠤᠯᠤᠨ᠂ ᠴᠠᠭ ᠦᠶ᠎ᠡ ᠵᠢᠨ ᠭᠡᠷᠡᠯ ᠰᠠᠴᠤᠷᠠᠩᠭᠤᠢ ᠬᠠᠭᠤᠳᠠᠰᠤ ᠵᠢ ᠪᠢᠴᠢᠭᠯᠡᠭᠰᠡᠭᠡᠷ᠃