ᠠᠷᠤ ᠬᠤᠷᠴᠢᠨ ᠬᠤᠰᠢᠭᠤ ᠤᠯᠠᠨ ᠵᠠᠭᠤᠨ᠎ᠤ ᠲᠡᠤᠬᠡ ᠬᠦᠦᠷᠨᠢᠭᠰᠡᠨ ᠠᠯᠳᠠᠷ ᠬᠦᠨᠳᠤ ᠳᠠᠢ ᠳᠠᠷᠬᠠᠨ ᠨᠤᠲᠤᠭ
2025-11-07 09:47:33
ᠵᠣᠬᠢᠶᠠᠭ᠍ᠴᠢ᠄
ᠴᠢᠬᠢᠷᠠᠭ ᠤᠷᠠᠨᠳᠠᠨ᠎ᠠ ᠪᠦᠷᠢᠨᠪᠠᠶᠠᠷ ᠴᠢᠦ ᠯᠢᠩ
ᠣᠩᠱᠢᠭ᠍ᠰᠠᠨ ᠣᠳᠠᠭ᠎ᠠ᠄
★★★☆☆

ᠰᠡᠬᠦᠢᠨ ᠰᠦᠨᠳᠡᠷᠯᠡᠭᠰᠡᠨ ᠬᠢᠩᠭᠠᠨ ᠳᠠᠪᠠᠭᠠᠨ᠎ᠤ ᠠᠭᠤᠯᠠ ᠨᠢᠷᠤᠭᠤᠳ᠂ ᠰᠢᠷᠭᠢᠰᠢ ᠦᠭᠡᠢ ᠮᠢᠷᠡᠯᠵᠠᠬᠤ ᠦᠯᠵᠡᠢᠮᠦ᠋ᠷᠡᠨ ᠭᠣᠣᠯ᠎ᠤᠨ ᠤᠷᠤᠰᠬᠠᠯ ᠨᠢ ᠠᠷᠤᠭᠴᠢᠨ ᠨᠤᠳᠤᠭ᠎ᠤᠨ ᠣᠯᠠᠨ ᠮᠢᠩᠭᠠᠨ ᠵᠢᠯ᠎ᠦᠨ ᠲᠡᠦᠬᠡ ᠤᠯᠪᠠᠭ᠎ᠠ᠎ᠶᠢ ᠬᠦᠤᠷᠨᠢᠨ᠎ᠠ᠃ ᠠᠷᠤ ᠬᠣᠷᠴᠢᠨ ᠬᠣᠰᠢᠭᠤᠨ᠎ᠤ ᠦᠨᠳᠦᠰᠦ ᠬᠦᠨ ᠰᠣᠶᠣᠯ᠎ᠤᠯᠠᠮᠵᠢᠯᠠᠯ ᠨᠢ ᠦᠨᠳᠦᠰᠦᠲᠡᠨ᠎ᠨᠦᠭᠦᠳ᠎ᠤᠨ ᠬᠠᠮᠲᠤ ᠵᠢᠨ ᠬᠦᠭᠵᠢᠯᠳᠡ ᠵᠢᠨ ᠲᠡᠦᠬᠡᠨ ᠶᠠᠪᠤᠴᠠ᠎ᠶᠢ ᠭᠡᠷᠡᠴᠢᠯᠡᠭᠰᠡᠨ ᠲᠡᠳᠦᠢ ᠦᠭᠡᠢ ᠡᠨᠡ᠎ᠬᠦ ᠭᠡᠷᠡᠯ ᠰᠠᠴᠤᠷᠠᠩᠭᠤᠢ ᠰᠣᠶᠣᠯ ᠢᠷᠭᠡᠨᠰᠢᠯ᠎ᠢ ᠦᠷ᠎ᠡ ᠬᠣᠢᠴᠢᠰ᠎ᠲᠠᠭᠠᠨ ᠤᠯᠠᠮᠵᠢᠯᠠᠨ ᠵᠠᠯᠭᠠᠮᠵᠢᠯᠠᠭᠤᠯᠵᠤ ᠬᠦᠭᠵᠢᠬᠦᠯᠵᠦ ᠶᠠᠪᠤᠨᠠᠮ ᠪᠢᠯᠡ!

ᠠᠷᠤ ᠬᠤᠷᠴᠢᠨ ᠬᠣᠰᠢᠭᠤᠨ᠎ᠤ ᠬᠢᠵᠠᠭᠠᠷ᠎ᠲᠤ ᠡᠷᠲᠡᠨ᠎ᠦ ᠤᠩᠭᠤᠨ ᠬᠠᠭᠤᠴᠢᠳ 400 ᠭᠠᠷᠤᠢ ᠪᠠᠢᠵᠤ᠂ ᠡᠭᠦᠨ᠎ᠳᠦ ᠤᠯᠤᠰ᠎ᠤᠨ ᠳᠡᠰ᠎ᠤᠨ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠬᠠᠮᠠᠭᠠᠯᠠᠯᠲᠠ ᠎ᠶᠢᠨ ᠨᠢᠭᠡᠴᠢ 7 ᠪᠠᠢᠵᠤ᠂  ᠶᠧᠯᠢᠦᠢ ᠢᠦᠢ ᡁᠢ᠎ᠶᠢᠨ ᠲᠥᠷᠥᠯ ᠤᠭᠰᠠᠭ᠎ᠠ᠎ᠶᠢᠨ ᠣᠩᠭᠣᠨ᠂ ᠯᠢᠶᠣᠤ ᠤᠯᠤᠰ᠎ᠤᠨ ᠦᠶ᠎ᠡ᠎ᠶᠢᠨ ᠪᠤᠤᠱᠠᠨ (ᠡᠷᠳᠡᠨᠢ ᠠᠭᠤᠯᠠ)᠎ᠤ ᠬᠠᠨ᠎ᠠ᠎ᠶᠢᠨ ᠵᠢᠷᠤᠭ᠎ᠲᠠᠢ ᠣᠩᠭᠣᠨ ᠨᠢ ᠳᠤᠰ ᠪᠦᠷᠢ ᠪᠦᠬᠥ ᠤᠯᠤᠰ᠎ᠤᠨ ᠠᠷᠪᠠᠨ ᠶᠡᠬᠡ ᠬᠠᠭᠤᠴᠢ ᠰᠤᠳᠤᠯᠤᠯ᠎ᠤᠨ ᠰᠢᠨ᠎ᠡ ᠢᠯᠡᠷᠡᠭᠦᠯᠦᠯᠳᠠ ᠵᠢᠨ᠎ᠨᠢᠭᠡ᠎ᠪᠡᠷ ᠵᠢᠭ᠍ᠰᠠᠭᠠᠭᠳᠠᠵᠤ᠂ ᠪᠦᠬᠦ ᠤᠯᠤᠰ᠎ᠤᠨ ᠲᠡᠦᠬᠡ᠎ᠶᠢᠨ ᠳᠤᠷᠠᠰᠬᠠᠯᠲᠤ ᠵᠦᠢᠯᠡᠰ᠎ᠢ ᠬᠠᠮᠠᠭᠠᠯᠠᠬᠤ ᠴᠢᠬᠤᠯᠠ ᠨᠢᠭᠡᠴᠢ ᠪᠣᠯᠪᠠ᠃ ᠮᠦᠨ᠎ᠴᠦ 《ᠬᠠᠭᠠᠨ ᠣᠷᠳᠣᠨ᠎ᠤ ᠬᠥᠭᠵᠢᠮ》᠂ 《ᠬᠠᠰᠠᠭ ᠲᠡᠷᠭᠡ ᠬᠢᠬᠦ ᠮᠡᠷᠭᠡᠵᠢᠯ》᠂ 《ᠠᠷᠪᠠᠨ ᠰᠤᠮᠤ᠎ᠶᠢᠨ ᠬᠤᠷᠢᠮ》 ᠵᠡᠷᠭᠡ ᠨᠢ ᠤᠯᠤᠰ᠎ᠤᠨ ᠳᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠷᠥᠯ ᠵᠦᠢᠯ᠎ᠳᠦ ᠵᠢᠭ᠍ᠰᠠᠭᠠᠭᠳᠠᠬᠰᠠᠨ ᠪᠠᠢᠳᠠᠭ᠃

ᠲᠡᠤᠬᠡ ᠦᠭᠦᠯᠡᠭᠰᠡᠨ ᠴᠠᠭᠠᠠᠬᠤᠳᠠ ᠵᠢᠨ ᠪᠠᠭᠤᠷᠢ

ᠨᠠᠮᠤᠷ᠎ᠤᠨ ᠬᠤᠩᠭᠤᠷ ᠰᠠᠯᠬᠢᠨ᠎ᠳᠤ ᠠᠭᠤᠯᠠ ᠳᠠᠯ᠎ᠠ ᠤᠶᠠᠰᠴᠤ᠂ ᠭᠠᠳᠠᠷ ᠳᠤᠳᠤᠷ ᠬᠤᠶᠠᠷ ᠳᠠᠪᠬᠤᠷ ᠬᠡᠷᠡᠮ ᠵᠢᠡᠷ ᠬᠦᠷᠢᠶᠡᠯᠡᠭᠳᠡᠨ ᠪᠠᠢᠭᠤᠯᠤᠬᠳᠠᠬᠰᠠᠨ ᠴᠠᠭᠠᠠᠬᠤᠳᠠ ᠵᠢᠨ ᠪᠠᠭᠤᠷᠢ ᠵᠢ ᠠᠯᠤᠰ ᠡᠴᠡ ᠬᠠᠷᠠᠬᠤ᠎ᠳᠤ ᠦᠤᠬᠡ ᠲᠡᠤᠬᠡ ᠵᠢ ᠦᠭᠦᠯᠡᠵᠤ ᠪᠠᠢᠭ᠎ᠠ ᠬᠡᠮᠡᠷᠬᠡᠨ ᠠᠷᠤ ᠬᠤᠷᠴᠢᠨ ᠨᠤᠲᠤᠭ᠎ᠤᠨ ᠲᠡᠨᠢᠭᠡᠷ ᠦᠷᠦᠴᠡᠨ᠎ᠳᠤ ᠠᠭᠤᠯᠠ ᠪᠠᠨ ᠳᠦᠰᠢᠵᠤ᠂ ᠤᠰᠤ ᠪᠡᠨ ᠪᠠᠷᠠᠳᠠᠨ᠂ ᠳᠠᠯ᠎ᠠ ᠵᠢᠨ ᠵᠢᠡᠨ ᠳᠤᠮᠳᠠ ᠨᠠᠮᠪᠠ ᠳᠠᠢ ᠬᠠᠷᠠᠬᠳᠠᠨ᠎ᠠ᠃

ᠴᠠᠭᠠᠠᠬᠤᠳᠠ ᠵᠢᠨ ᠪᠠᠭᠤᠷᠢ ᠨᠢ ᠠᠷᠤ ᠬᠤᠷᠴᠢᠨ ᠬᠤᠰᠢᠭᠤᠨ᠎ᠤ ᠬᠠᠨᠰᠦ᠋ᠮ᠎ᠡ ᠰᠤᠮᠤ ᠵᠢᠨ ᠠᠪᠠᠭ᠎ᠠ ᠬᠠᠷ᠎ᠠ ᠠᠭᠤᠯᠠᠨ᠎ᠤ ᠡᠮᠦᠨ᠎ᠡ ᠪᠠᠢᠷᠢᠰᠢᠵᠤ᠂ ᠠᠷᠠᠳ᠎ᠤᠨ ᠤᠯᠠᠮᠵᠢᠯᠠᠯ ᠶᠠᠷᠢᠶ᠎ᠠ ᠪᠠ ᠵᠠᠷᠢᠮ ᠡᠷᠳᠡᠮᠳᠡᠨ ᠮᠡᠷᠭᠡᠳ᠎ᠤᠨ ᠰᠤᠳᠤᠯᠤᠯ ᠵᠢᠡᠷ ᠪᠤᠯ ᠯᠢᠭᠳᠡᠨ ᠬᠤᠳᠤᠬᠳᠤ ᠡᠨᠳᠡ ᠨᠡᠢᠰᠯᠡᠵᠤ ᠦᠩᠭᠡᠷᠡᠭᠰᠡᠨ ᠠᠵᠢ᠃

ᠴᠠᠭᠠᠠᠬᠤᠳᠠ ᠵᠢᠨ ᠪᠠᠭᠤᠷᠢ ᠵᠢᠨ ᠭᠠᠳᠠᠷ ᠬᠤᠲᠠ᠎ᠶᠢᠨ ᠠᠷᠤ ᠬᠡᠷᠡᠮ ᠨᠢ ᠵᠡᠭᠦᠨᠰᠢ ᠪᠠᠷᠠᠭᠤᠨᠰᠢ 948 ᠮᠧᠲᠷ᠂ ᠪᠠᠷᠠᠭᠤᠨ ᠬᠡᠷᠡᠮ ᠨᠢ ᠤᠷᠤᠭ᠍ᠰᠢ ᠬᠣᠢᠰᠢ 581 ᠮᠧᠲᠷ᠂ ᠵᠡᠭᠦᠨ ᠬᠡᠷᠡᠮ ᠨᠢ ᠤᠷᠤᠭ᠍ᠰᠢ ᠬᠣᠢᠰᠢ 595 ᠮᠧᠲᠷ ᠪᠠᠢᠳᠠᠭ᠃ ᠵᠡᠭᠦᠨ ᠪᠠᠷᠠᠭᠤᠨ ᠬᠡᠷᠡᠮ᠎ᠦᠨ ᠡᠮᠦᠨ᠎ᠡ ᠬᠣᠶᠠᠷ ᠦᠵᠦᠭᠦᠷ ᠨᠢ ᠠᠭᠤᠢᠲᠤ ᠬᠠᠳᠠ ᠪᠣᠯᠣᠨ ᠪᠤᠬ᠎ᠠ ᠬᠠᠳᠠ᠎ᠪᠠᠷ ᠳᠠᠭᠠᠷᠢᠵᠤ᠂ ᠬᠣᠶᠠᠷ ᠬᠠᠲᠠᠨ᠎ᠤ ᠮᠥᠷᠭᠥᠴᠡᠭ᠎ᠦᠨ ᠳᠤᠮᠳᠠ ᠬᠣᠶᠠᠷ ᠡᠭᠦᠳᠡ ᠪᠠᠢᠷᠢᠰᠢᠭᠤᠯᠵᠠᠢ᠃ ᠬᠣᠶᠠᠷ ᠬᠠᠳᠠ᠎ᠶᠢᠨ ᠶᠡᠬᠡ ᠪᠠᠭ᠎ᠠ ᠥᠨᠳᠥᠷ ᠪᠣᠭᠣᠨᠢ ᠨᠢ ᠶᠡᠬᠡ ᠲᠥᠯᠥᠪ ᠠᠳᠠᠯᠢᠬᠠᠨ ᠪᠠᠢᠵᠤ᠂ ᠳᠤᠮᠳᠠ᠎ᠪᠠᠨ 400 ᠭᠠᠷᠤᠢ ᠮᠧᠲᠷ ᠵᠠᠢ᠎ᠲᠠᠢ ᠪᠣᠯᠪᠠᠴᠤ ᠳᠡᠭᠡᠷᠡᠬᠢ ᠴᠢᠯᠠᠭᠤ ᠨᠢ ᠬᠠᠷᠢᠨ ᠠᠰ ᠣᠨᠳᠣᠣ ᠪᠠᠢᠵᠤ᠂ ᠪᠤᠬ᠎ᠠ ᠬᠠᠳᠠ᠎ᠶᠢᠨ ᠴᠢᠯᠠᠭᠤ ᠨᠢ ᠵᠢᠵᠢᠭ ᠰᠡᠢᠷᠡᠭ ᠪᠠᠢᠬᠤ᠎ᠳᠤ ᠠᠭᠤᠢᠲᠤ ᠬᠠᠲᠠ᠎ᠶᠢᠨ ᠴᠢᠯᠠᠭᠤ ᠨᠢ ᠬᠠᠷᠢᠨ ᠲᠣᠮᠣ᠌ ᠪᠣᠷᠵᠢᠨ  ᠴᠢᠯᠠᠭᠤ ᠪᠠᠢᠯ᠎ᠠ᠃

ᠴᠠᠭᠠᠠᠬᠤᠳᠠ᠎ᠶᠢᠨ ᠭᠠᠳᠠᠷ ᠬᠣᠲᠠ᠎ᠶᠢᠨ ᠬᠡᠷᠡᠮ ᠨᠢ ᠨᠢᠭᠡᠨᠲᠡ ᠨᠤᠷᠠᠵᠤ᠂ ᠰᠢᠷᠣᠢ᠎ᠶᠢᠨ ᠳᠠᠯᠠᠩ ᠯᠠ ᠦᠯᠡᠳᠡᠵᠦ ᠪᠣᠶ᠃ ᠬᠡᠷᠡᠮ᠎ᠦᠨ ᠭᠠᠳᠠᠭᠤᠷ ᠨᠢ ᠬᠤᠲᠠ ᠬᠠᠮᠠᠭᠠᠯᠠᠬᠤ ᠤᠨᠠᠭᠤᠯᠢ ᠪᠠᠢᠭᠰᠠᠨ ᠨᠢ ᠬᠣᠩᠬᠤᠯ ᠪᠤᠯᠵᠠᠢ᠃ ᠭᠠᠳᠠᠷ ᠬᠤᠲᠠ᠎ᠶᠢᠨ ᠪᠦᠬᠦ ᠲᠠᠯᠠᠪᠠᠢ ᠨᠢ 69 ᠲᠦᠮᠡᠨ ᠲᠡᠭᠰᠢ ᠳᠥᠷᠪᠡᠯᠵᠢᠨ ᠮᠧᠲᠷ ᠪᠠᠢᠳᠠᠭ᠃

ᠴᠠᠭᠠᠨᠬᠣᠲᠠ᠎ᠶᠢᠨ ᠳᠣᠲᠣᠷ ᠬᠤᠲᠠ᠎ᠶᠢᠨ ᠬᠡᠷᠡᠮ ᠨᠢ ᠳᠥᠷᠪᠡᠯᠵᠢᠨ ᠬᠡᠯᠪᠡᠷᠢᠲᠡᠢ᠃ ᠠᠷᠤ ᠲᠠᠯ᠎ᠠ᠎ᠪᠠᠷ᠎ᠢᠶᠠᠨ ᠵᠡᠭᠦᠨᠰᠢ ᠪᠠᠷᠠᠭᠤᠨᠰᠢ 246 ᠮᠧᠲᠷ᠂ ᠪᠠᠷᠠᠭᠤᠨ ᠲᠠᠯ᠎ᠠ ᠨᠢ ᠡᠮᠦᠨᠡᠰᠢ ᠬᠣᠢᠰᠢ 247.76 ᠮᠧᠲᠷ᠂ ᠵᠡᠭᠦᠨ ᠲᠠᠯ᠎ᠠ ᠨᠢ ᠡᠮᠦᠨᠡᠰᠢ ᠬᠣᠢᠰᠢ 245 ᠮᠧᠲᠷ᠂ ᠡᠮᠦᠨ᠎ᠡ ᠲᠠᠯ᠎ᠠ ᠨᠢ ᠵᠡᠭᠦᠨᠰᠢ ᠪᠠᠷᠠᠭᠤᠨᠰᠢ 242.34 ᠮᠧᠲᠷ ᠪᠠᠢᠵᠤ᠂ ᠶᠡᠷᠦᠩᠬᠡᠢ ᠲᠠᠯᠠᠪᠠᠢ ᠨᠢ 6 ᠲᠦᠮᠡᠨ ᠲᠡᠭᠰᠢ ᠳᠥᠷᠪᠡᠯᠵᠢᠨ ᠮᠧᠲᠷ ᠪᠠᠢᠳᠠᠭ᠃ ᠡᠭᠦᠨ᠎ᠢ ᠪᠠᠰᠠ ᠬᠠᠭᠠᠨ᠎ᠤ ᠣᠷᠳᠣᠨ ᠪᠤᠶᠤ ᠪᠣᠷᠣ᠌ ᠬᠤᠲᠠ ᠭᠡᠳᠡᠭ᠃ ᠡᠢᠮᠦ᠎ᠡᠴᠡ ᠬᠣᠲᠠ᠎ᠶᠢᠨ ᠬᠡᠷᠡᠮ᠎ᠢ ᠨᠢ ᠪᠠᠰᠠ ᠪᠣᠷᠣ᠌ ᠬᠡᠷᠡᠮ ᠭᠡᠳᠡᠭ᠃ ᠬᠠᠭᠠᠨ᠎ᠤ ᠬᠣᠲᠠᠨ᠎ᠳᠤ ᠨᠢᠭᠡ ᠯᠡ ᠡᠮᠦᠨ᠎ᠡ ᠡᠭᠦᠳᠡ᠎ᠲᠠᠢ᠂ ᠴᠣᠯᠴᠣᠩ᠎ᠤᠨ ᠠᠮᠠᠰᠠᠷ᠎ᠢ ᠨᠢ ᠵᠡᠭᠦᠨᠰᠢ ᠬᠠᠷᠠᠭᠤᠯᠵᠠᠢ᠃

1634 ᠣᠨ᠎ᠳᠤ᠂ ᠯᠢᠭᠳᠡᠨ ᠬᠤᠲᠤᠭᠲᠤ ᠬᠣᠢᠲᠤ ᠠᠯᠲᠠᠨ ᠤᠯᠤᠰ᠎ᠤᠨ ᠬᠣᠩ᠎ᠲᠠᠢᠵᠢ᠎ᠳᠦ ᠳᠡᠢᠯᠦᠭᠳᠡᠭᠰᠡᠨ᠎ᠦ ᠬᠤᠢᠨ᠎ᠠ ᠬᠠᠭᠠᠨ᠎ᠤ ᠬᠤᠲᠠ ᠨᠢ ᠴᠦ᠍ ᠭᠠᠯ᠎ᠳᠤ ᠠᠪᠲᠠᠭᠳᠠᠵᠠᠢ᠃ ᠭᠡᠪᠡᠴᠦ ᠬᠥᠬᠡ ᠲᠣᠭᠣᠰᠬ᠎ᠠ᠎ᠪᠠᠷ ᠭᠠᠳᠠᠷᠯᠠᠭᠰᠠᠨ ᠬᠤᠲᠠ᠎ᠶᠢᠨ ᠬᠡᠷᠡᠮ ᠨᠢ ᠪᠦᠷᠢᠨ ᠪᠦᠲᠦᠨ ᠦᠯᠡᠳᠡᠵᠡᠢ᠃ 1674 ᠤᠨ᠎ᠳᠤ ᠠᠷᠤ ᠬᠤᠷᠴᠢᠨ ᠬᠤᠰᠢᠭᠤᠨ᠎ᠤ ᠤᠳᠤ ᠵᠢᠨ ᠬᠠᠨᠰᠦ᠋ᠮ᠎ᠡ ᠵᠢ ᠪᠠᠢᠭᠤᠯᠬᠤ᠎ᠳᠤ ᠴᠠᠭᠠᠠᠬᠤᠳᠠ ᠵᠢᠨ ᠴᠢᠯᠠᠭᠤ ᠪᠠ ᠬᠡᠷᠡᠮ᠎ᠤᠨ ᠳᠤᠭᠤᠰᠬ᠎ᠠ ᠵᠡᠷᠭᠡ᠎ᠶᠢ ᠨᠢ ᠨᠡᠭᠦᠯᠭᠡᠵᠦ ᠬᠡᠷᠡᠭᠯᠡᠭᠰᠡᠨ ᠪᠠᠢᠨ᠎ᠠ᠃ ᠴᠣᠯᠴᠣᠩ᠎ᠢᠶᠠᠷ ᠶᠠᠭᠤᠮ᠎ᠠ ᠵᠥᠭᠡᠭᠡᠬᠦ᠎ᠳᠦ ᠳᠥᠭᠥᠮ ᠦᠭᠡᠢ ᠪᠣᠯᠬᠣᠷ ᠬᠤᠲᠠ᠎ᠶᠢᠨ ᠵᠡᠭᠦᠨ ᠬᠡᠷᠡᠮ᠎ᠢ ᠰᠡᠲᠡᠯᠦᠭᠰᠡᠨ ᠨᠢ ᠣᠳᠣ᠌᠎ᠶᠢᠨ ᠴᠠᠭᠠᠨᠬᠣᠲᠠ᠎ᠶᠢᠨ ᠪᠣᠷᠣ᠌ ᠬᠡᠷᠡᠮ᠎ᠦᠨ ᠵᠡᠭᠦᠨ ᠡᠭᠦᠳᠡ ᠨᠢ ᠪᠢᠯᠡ᠃

ᠡᠭᠦᠨ᠎ᠡᠴᠡ ᠬᠣᠵᠢᠮ᠎ᠤᠨ ᠭᠤᠷᠪᠠᠨ ᠵᠠᠭᠤ ᠢᠯᠡᠭᠦᠦ ᠵᠢᠯ᠎ᠦᠳ᠎ᠲᠦ᠂ ᠴᠠᠭᠠᠨᠬᠣᠲᠠ᠎ᠶᠢᠨ ᠣᠷᠴᠢᠮ ᠪᠠᠷᠤᠭ ᠬᠥᠮᠥᠨ ᠠᠮᠢᠲᠠᠨ ᠪᠠᠢᠭᠰᠠᠨ ᠦᠭᠡᠢ᠃

ᠬᠣᠷᠢᠳᠤᠭᠠᠷ ᠵᠠᠭᠤᠨ᠎ᠤ ᠵᠢᠷᠠᠭᠠᠳ ᠣᠨ᠎ᠤ ᠦᠶ᠎ᠡ᠎ᠳᠦ᠂ ᠡᠨᠡ ᠬᠠᠪᠢ ᠨᠢ ᠬᠠᠨᠰᠦ᠋ᠮ᠎ᠠ ᠰᠤᠮᠤ᠎ᠶᠢᠨ ᠬᠠᠮᠢᠶ᠎ᠠ ᠪᠦᠬᠦᠢ ᠠᠢᠯ᠎ᠤᠨ ᠮᠠᠯ᠎ᠤᠨ ᠣᠲᠣᠷ ᠪᠤᠶᠤ ᠡᠪᠡᠰᠤ ᠪᠣᠷᠳᠣᠭᠠᠨ᠎ᠦ ᠰᠠᠭᠤᠷᠢᠨ ᠪᠠᠢᠪᠠ᠃ 1970 ᠣᠨ᠎ᠳᠤ᠂ ᠬᠠᠨᠰᠦ᠋ᠮ᠎ᠡ ᠣᠷᠴᠢᠮ᠎ᠤᠨ ᠨᠢᠭᠡ ᠪᠦᠯᠦᠭ ᠠᠢᠯ ᠴᠠᠭᠠᠨᠬᠣᠲᠠ᠎ᠶᠢᠨ ᠪᠠᠷᠠᠭᠤᠨᠲᠠᠢ ᠨᠡᠭᠦᠨ ᠢᠷᠡᠵᠦ᠂ ᠮᠥᠨ ᠴᠠᠭᠠᠨᠬᠣᠲᠠ ᠭᠡᠰᠡᠨ ᠨᠡᠷ᠎ᠡ ᠠᠪᠴᠠᠢ᠃ ᠳᠤᠬᠠᠢ ᠵᠢᠨ ᠦᠶ᠎ᠡ᠎ᠳᠦ ᠬᠠᠭᠠᠨ᠎ᠤ ᠬᠤᠲᠠ᠎ᠶᠢᠨ ᠳᠣᠲᠣᠷ᠎ᠠ ᠪᠠᠯᠠᠷ ᠮᠤᠳᠤ᠂ ᠡᠪᠡᠰᠦ ᠤᠷᠭᠤᠮᠠᠯ ᠢᠭ᠍ᠴᠤᠷᠠᠵᠤ᠂ ᠪᠣᠷᠣ᠌ ᠬᠡᠷᠡᠮ᠎ᠦᠨ ᠣᠷᠣᠢ ᠨᠢ ᠪᠠᠷᠤᠭ ᠳᠥᠷᠪᠡᠨ ᠮᠧᠲᠷ ᠥᠷᠭᠡᠨ ᠦᠯᠡᠳᠡᠵᠦ᠂ ᠳᠡᠭᠡᠭᠦᠷ ᠨᠢ ᠮᠣᠷᠢ᠎ᠪᠠᠷ ᠶᠠᠪᠤᠬᠤ᠎ᠳᠤ ᠠᠵᠢᠭ᠋ ᠴᠤ᠌ ᠦᠭᠡᠢ ᠪᠠᠢᠵᠠᠢ᠃

2006 ᠣᠨ᠎ᠤ 5 ᠰᠠᠷ᠎ᠠ᠎ᠳᠤ᠂ ᠴᠠᠭᠠᠨᠬᠣᠲᠠ᠎ᠶᠢᠨ ᠪᠠᠭᠤᠷᠢ ᠨᠢ ᠵᠢᠷᠭᠤᠳᠤᠭᠠᠷ ᠪᠦᠯᠦᠭ᠎ᠤᠨ ᠪᠦᠬᠦ ᠤᠯᠤᠰ᠎ᠤᠨ ᠲᠡᠦᠬᠡ ᠵᠢᠨ ᠳᠤᠷᠠᠰᠬᠠᠯᠲᠤ ᠵᠤᠢᠯᠡᠰ᠎ᠤᠨ ᠭᠣᠣᠯᠳᠠᠯᠭ᠎ᠠ᠎ᠲᠠᠢ ᠬᠠᠮᠠᠭᠠᠯᠠᠬᠤ ᠨᠢᠭᠡᠴᠢ ᠪᠣᠯᠪᠠ᠃

ᠤᠵᠠᠭᠤᠷ ᠡᠷᠳᠡᠨ᠎ᠤ ᠲᠡᠤᠬᠡ ᠵᠢ ᠦᠭᠦᠯᠡᠭᠰᠡᠨ ᠴᠠᠭᠠᠠᠬᠤᠳᠠ ᠵᠢᠨ ᠪᠠᠭᠤᠷᠢ ᠤᠯᠠᠨ ᠵᠠᠭᠤᠨ ᠵᠢᠯ᠎ᠤᠨ ᠴᠠᠭ ᠬᠤᠭᠤᠴᠠᠭ᠎ᠠ᠂ ᠨᠡᠢᠭᠡᠮ ᠠᠬᠤᠢ ᠵᠢᠨ ᠰᠢᠨᠡᠴᠢᠯᠡᠯᠳᠡ ᠬᠦᠭᠵᠢᠯᠳᠡ᠂ ᠦᠶ᠎ᠡ  ᠦᠶ᠎ᠡ ᠵᠢᠨ ᠬᠦᠮᠦᠰ᠎ᠤᠨ ᠠᠮᠢᠳᠤᠷᠠᠯ ᠤᠢᠯᠡᠳᠪᠤᠷᠢᠯᠠᠯ᠎ᠤᠨ ᠬᠤᠪᠢᠷᠠᠯᠳᠠ ᠵᠢ ᠳᠠᠮᠵᠢᠨ ᠳᠡᠷᠳᠡᠭᠡ ᠡᠴᠡ ᠦᠨᠤ᠎ᠳᠤ ᠬᠦᠷᠦᠭᠰᠡᠨ  ᠨᠢ ᠨᠤᠲᠤᠭ᠎ᠤᠨ ᠤᠯᠠᠨ ᠲᠦᠮᠡᠨ᠎ᠤ ᠢᠷᠡᠭᠡᠳᠤᠢ ᠪᠡᠨ ᠨᠡᠩ ᠰᠠᠢᠨ ᠰᠠᠢᠬᠠᠨ ᠴᠤᠬᠴᠠᠯᠠᠨ ᠪᠠᠢᠭᠤᠯᠵᠤ᠂ ᠵᠤᠯ ᠵᠢᠷᠭᠠᠯᠳᠤ ᠠᠮᠢᠳᠤᠷᠠᠯ᠎ᠤᠨ ᠵᠢᠷᠤᠭ ᠵᠢᠡᠷ ᠨᠤᠲᠤᠭ᠎ᠤᠨ ᠬᠦᠷᠦᠰᠦ ᠪᠡᠨ ᠴᠢᠮᠡᠬᠦ ᠢᠳᠡᠬᠡᠯ ᠵᠤᠷᠢᠭ᠎ᠢ ᠬᠦᠪᠴᠢᠯᠡᠭᠰᠡᠭᠡᠷ ᠪᠢᠯᠡ!

ᠲᠦᠷᠦ ᠵᠢᠨ ᠬᠠᠮᠠᠭᠠᠯᠠᠯᠳᠠ ᠳᠠᠢ 《 ᠵᠢᠷᠤᠭᠲᠤ ᠣᠩᠭᠣᠨ》

1994 ᠣᠨ᠎ᠤ 6 ᠰᠠᠷ᠎ᠠ᠎ᠳᠤ᠂ ᠠᠷᠤ ᠬᠣᠷᠴᠢᠨ ᠬᠣᠰᠢᠭᠤᠨ᠎ᠤ ᠤᠤᠯ᠎ᠤᠨ ᠵᠡᠭᠦᠨ ᠰᠢᠪᠠᠷᠲᠠᠢ ᠰᠢᠶᠠᠩ᠎ᠤᠨ ᠪᠦᠷᠬᠦᠭᠡᠰᠦᠲᠡᠢ ᠬᠠᠨ ᠠᠭᠤᠯᠠᠨ᠎ᠦ ᠡᠩᠭᠡᠷ ᠡᠴᠡ ᠡᠷᠲᠡᠨ᠎ᠦ ᠬᠣᠶᠠᠷ ᠣᠩᠭᠣᠨ᠎ᠢ ᠢᠯᠡᠷᠡᠭᠦᠯᠪᠡ᠃ ᠬᠠᠭᠤᠴᠢ ᠰᠤᠳᠤᠯᠤᠯ᠎ᠤᠨ ᠡᠷᠳᠡᠮᠲᠡᠨ ᠰᠤᠳᠤᠯᠤᠭ᠍ᠴᠢ᠎ᠵᠢᠨ ᠨᠤᠲᠠᠯᠠᠭᠰᠠᠨ ᠵᠢᠠᠷ᠂ ᠡᠳᠡᠭᠡᠷ ᠨᠢ ᠯᠢᠶᠣᠤ ᠤᠯᠤᠰ᠎ᠤᠨ ᠡᠬᠢᠨ᠎ᠦ ᠦᠶ᠎ᠡ᠎ᠶᠢᠨ ᠣᠩᠭᠣᠨ ᠪᠠᠢᠵᠤ᠂ ᠪᠠᠢᠷᠢᠰᠢᠯ ᠨᠢ ᠪᠤᠤᠱᠠᠨ ᠲᠣᠰᠬᠣᠨ᠎ᠤ ᠪᠠᠷᠠᠭᠤᠨᠲᠠᠢ ᠪᠠᠢᠬᠰᠠᠨ ᠪᠣᠯᠬᠣᠷ ᠬᠣᠵᠢᠮ ᠨᠢ 《ᠪᠤᠤᠱᠠᠨ᠎ᠤ ᠬᠠᠨ᠎ᠠ᠎ᠶᠢᠨ ᠵᠢᠷᠤᠭᠲᠤ ᠣᠩᠭᠣᠨ》 ᠬᠡᠮᠡᠨ ᠨᠡᠷᠡᠢᠳᠴᠡᠢ᠃

ᠳᠤᠰ ᠬᠣᠶᠠᠷ ᠣᠩᠭᠣᠨ᠎ᠨᠢ ᠭᠠᠵᠠᠷ᠎ᠤᠨ ᠭᠠᠳᠠᠷᠭᠤ ᠳᠡᠭᠡᠷ᠎ᠡ ᠪᠠᠰᠠ ᠣᠩᠭᠣᠨ᠎ᠤ ᠬᠦᠷᠢᠶᠡᠯᠡᠩ᠎ᠲᠠᠢ ᠪᠠᠢᠵᠤ᠂ ᠵᠢᠭᠠᠬᠠᠨ ᠵᠡᠭᠦᠨ ᠡᠮᠦᠨ᠎ᠡ ᠵᠦᠭ᠎ᠲᠦ ᠬᠠᠨᠳᠤᠬᠰᠠᠨ ᠤᠷᠳᠤ ᠳᠦᠷᠪᠡᠯᠵᠢᠨ ᠬᠡᠯᠪᠡᠷᠢᠳᠠᠢ ᠪᠠᠢᠪᠠ᠃ ᠬᠦᠷᠢᠶᠡᠯᠡᠩ᠎ᠦᠨ ᠬᠡᠷᠡᠮ᠎ᠢ ᠰᠢᠷᠣᠢ᠎ᠪᠠᠷ ᠨᠦᠳᠦᠨ ᠪᠠᠷᠢᠵᠤ᠂ ᠵᠡᠭᠦᠨᠰᠢ ᠪᠠᠷᠠᠭᠤᠨᠰᠢ 200 ᠮᠧᠲᠷ᠂ ᠡᠮᠦᠨ᠎ᠡ ᠬᠣᠢᠰᠢ 170 ᠮᠧᠲᠷ᠂ ᠬᠡᠷᠡᠮ᠎ᠦᠨ ᠰᠠᠭᠤᠷᠢ ᠨᠢ 7 ᠮᠧᠲᠷ ᠣᠷᠴᠢᠮ ᠪᠠᠢᠵᠤ᠂ ᠪᠠᠭᠤᠷᠢ ᠨᠢ 1 — 2 ᠮᠧᠲᠷ ᠥᠨᠳᠥᠷ ᠪᠠᠢᠪᠠ᠃ ᠨᠦᠳᠦᠭᠰᠡᠨ ᠰᠢᠷᠣᠢ᠎ᠶᠢᠨ ᠵᠤᠵᠠᠭᠠᠨ ᠨᠢ 20 — 40 ᠰᠠᠨᠲ᠋ᠢᠮᠧᠲᠷ᠎ᠦᠨ ᠬᠣᠭᠣᠷᠣᠨᠳᠤ ᠪᠠᠢᠳᠠᠭ᠃ ᠬᠦᠷᠢᠶᠡᠯᠡᠩ᠎ᠦᠨ ᠡᠮᠦᠨ᠎ᠡ ᠪᠣᠯᠣᠨ ᠵᠡᠭᠦᠨ ᠲᠠᠯ᠎ᠠ ᠳ᠋ᠤᠨᠢ ᠡᠭᠦᠳᠡ ᠳᠠᠢ ᠪᠠᠢᠵᠤ᠂ ᠭᠠᠳᠠᠭᠤᠷ ᠨᠢ ᠪᠦᠷ ᠴᠣᠯᠴᠣᠩ᠎ᠲᠠᠢ᠃ ᠲᠡᠭᠦᠨ᠎ᠦ ᠪᠠᠭᠤᠷᠢ ᠨᠢ ᠪᠠᠰᠠ 2 ᠮᠧᠲᠷ ᠣᠷᠴᠢᠮ ᠪᠠᠢᠳᠠᠭ᠃

ᠬᠦᠷᠢᠶᠡᠯᠡᠩ ᠳᠣᠲᠣᠷ᠎ᠠ ᠵᠡᠭᠦᠨ ᠪᠠᠷᠠᠭᠤᠨ᠎ᠢᠶᠠᠷ ᠵᠡᠷᠭᠡᠴᠡᠭᠰᠡᠨ ᠬᠣᠶᠠᠷ ᠣᠩᠭᠣᠨ᠎ᠲᠠᠢ᠃ ᠬᠠᠭᠤᠴᠢ ᠰᠤᠳᠤᠯᠤᠯ᠎ᠤᠨ ᠬᠥᠮᠥᠰ ᠲᠤᠰ ᠪᠦᠷᠢ 1 ᠨᠣᠮᠧᠷᠲᠤ ᠪᠠ 2 ᠨᠣᠮᠧᠷᠲᠤ ᠣᠩᠭᠣᠨ᠎ᠭᠡᠵᠤ ᠨᠡᠷᠡᠢᠳᠴᠡᠢ᠃ 1 ᠨᠣᠮᠧᠷᠲᠤ ᠣᠩᠭᠣᠨ᠎ᠤ ᠡᠭᠦᠳᠡ ᠨᠢ ᠡᠮᠦᠨᠡᠰᠢ ᠬᠠᠷᠠᠵᠤ᠂ ᠭᠠᠳᠠᠨ᠎ᠠ ᠨᠢ ᠵᠢᠭᠠᠬᠠᠨ ᠲᠠᠯᠠᠪᠤᠷ᠎ᠲᠠᠢ᠂ ᠵᠡᠭᠦᠨ ᠪᠠᠷᠠᠭᠤᠨ ᠪᠠ ᠬᠣᠢᠲᠤ ᠲᠠᠯ᠎ᠠ ᠳ᠋ᠤᠨᠢ ᠪᠦᠷ ᠬᠥᠬᠡ ᠥᠩᠭᠡ᠎ᠶᠢᠨ ᠲᠣᠭᠣᠰᠬ᠎ᠠ ᠸᠠᠭᠠᠷ᠎ᠢᠶᠠᠷ ᠪᠠᠷᠢᠭ᠍ᠰᠠᠨ ᠭᠡᠷ᠎ᠦᠨ ᠰᠠᠷᠠᠪᠴᠢ᠎ᠲᠠᠢ᠂ ᠠᠩᠬ᠎ᠠ ᠦᠵᠡᠬᠦ᠎ᠳᠦ ᠳᠥᠷᠪᠡᠯᠵᠢᠨ ᠬᠦᠷᠢᠶ᠎ᠡ᠎ᠲᠠᠢ ᠪᠠᠢᠰᠢᠩ ᠭᠡᠷ ᠰᠢᠭ ᠪᠠᠢᠳᠠᠭ᠃ ᠭᠡᠪᠡᠴᠦ ᠬᠣᠢᠲᠤ ᠲᠠᠯ᠎ᠠ ᠨᠢ ᠣᠩᠭᠣᠨ᠎ᠤ ᠭᠡᠷ᠎ᠲᠦ ᠣᠷᠣᠬᠤ ᠡᠭᠦᠳᠡ ᠪᠥᠭᠡᠳ ᠵᠡᠭᠦᠨ ᠪᠠᠷᠠᠭᠤᠨ ᠲᠠᠯ᠎ᠠ ᠨᠢ ᠴᠢᠮᠡᠭᠯᠡᠯ ᠪᠠᠷᠢᠯᠭ᠎ᠠ ᠶᠤᠮ᠃

ᠡᠨᠡ᠎ᠬᠦ ᠡᠭᠦᠳᠡ᠎ᠪᠡᠷ ᠳᠤᠳᠤᠬᠰᠢ ᠬᠣᠩᠭᠢᠯ᠎ᠢᠶᠠᠷ ᠶᠠᠪᠤᠵᠤ᠂ ᠣᠩᠭᠣᠨ᠎ᠤ ᠭᠡᠷ᠎ᠦᠨ ᠡᠭᠦᠳᠡᠨ᠎ᠳᠦ ᠬᠦᠷᠳᠡᠭ᠃ ᠲᠡᠭᠦᠨ᠎ᠦ ᠬᠦᠷᠢᠶ᠎ᠡ᠎ᠶᠢᠨ  ᠳᠣᠲᠣᠭᠤ ᠪᠣᠯᠣᠨ ᠬᠠᠲᠠᠪᠴᠢ᠎ᠶᠢ ᠪᠦᠷ ᠪᠦᠬᠦᠯᠢ ᠴᠢᠯᠠᠭᠤ᠎ᠪᠠᠷ ᠬᠢᠵᠦ᠂ ᠳᠡᠭᠡᠷ᠎ᠡ ᠨᠢ ᠪᠦᠬᠦᠯᠢ ᠴᠢᠯᠠᠭᠤ᠎ᠶᠢᠨ ᠬᠣᠶᠠᠷ ᠬᠠᠭᠠᠯᠭ᠎ᠠ ᠲᠠᠭᠠᠷᠠᠭᠤᠯᠵᠠᠶ᠃ ᠡᠨᠡ᠎ᠬᠦ ᠭᠡᠷ᠎ᠢ ᠵᠤᠤᠪᠠᠩ ᠬᠡᠯᠪᠡᠷᠢᠲᠡᠢ ᠪᠠᠷᠢᠵᠤ᠂ ᠵᠡᠭᠦᠨᠰᠢ ᠪᠠᠷᠠᠭᠤᠨᠰᠢ 5.42 ᠮᠧᠲᠷ ᠥᠷᠭᠡᠨ᠂ ᠡᠮᠦᠨᠡᠰᠢ ᠬᠣᠢᠰᠢ 5.84 ᠮᠧᠲᠷ ᠤᠷᠲᠤ ᠪᠠᠢᠳᠠᠭ᠃ ᠭᠡᠷ᠎ᠦᠨ ᠬᠥᠮᠥᠭᠡᠷ ᠣᠷᠣᠢ᠎ᠶᠢᠨ ᠥᠨᠳᠥᠷ ᠨᠢ 5.3 ᠮᠧᠲᠷ᠂ ᠳᠡᠭᠡᠷ᠎ᠡ ᠨᠢ ᠮᠣᠩᠭᠣᠯ ᠭᠡᠷ᠎ᠦᠨ ᠤᠨᠢ᠎ᠶᠢ ᠵᠢᠷᠤᠵᠠᠢ᠃

ᠭᠡᠷ᠎ᠦᠨ ᠭᠣᠣᠯ ᠳᠤᠮᠳᠠ᠎ᠠᠴᠠ ᠵᠢᠭᠠᠬᠠᠨ ᠬᠣᠢᠰᠢ ᠭᠠᠵᠠᠷ᠎ᠲᠦ ᠪᠠᠰᠠ ᠨᠢᠭᠡᠨ ᠳᠥᠷᠪᠡᠯᠵᠢᠨ ᠴᠢᠯᠠᠭᠤᠨ ᠭᠡᠷ᠎ᠪᠤᠢ᠂ ᠳᠥᠷᠪᠡᠨ ᠬᠠᠨ᠎ᠠ ᠪᠣᠯᠣᠨ ᠳᠡᠭᠡᠪᠦᠷ᠎ᠢ ᠨᠢ ᠪᠦᠷ ᠲᠣᠮᠣ᠌ ᠴᠢᠯᠠᠭᠤᠨ ᠬᠠᠪᠲᠠᠰᠤ᠎ᠪᠠᠷ ᠬᠢᠵᠡᠢ᠃ ᠴᠢᠯᠠᠭᠤᠨ ᠭᠡᠷ ᠨᠢ ᠵᠡᠭᠦᠨᠰᠢ ᠪᠠᠷᠠᠭᠤᠨᠰᠢ 3.16 ᠮᠧᠲᠷ ᠥᠷᠭᠡᠨ᠂ ᠡᠮᠦᠨᠡᠰᠢ ᠬᠣᠢᠰᠢ 3.7 ᠮᠧᠲᠷ᠂ ᠬᠠᠨ᠎ᠠ᠎ᠶᠢᠨ ᠥᠨᠳᠥᠷ ᠨᠢ 2.36 ᠮᠧᠲᠷ ᠪᠠᠢᠵᠤ᠂ ᠡᠭᠦᠳᠡ ᠨᠢ ᠶᠡᠬᠡ ᠭᠡᠷ᠎ᠦᠨ ᠬᠠᠭᠠᠯᠭ᠎ᠠ ᠪᠣᠯᠣᠨ ᠬᠣᠩᠭᠢᠯ᠎ᠲᠠᠢ ᠠᠰᠯᠠᠵᠠᠢ᠃ ᠡᠨᠡ᠎ᠬᠦ  ᠴᠢᠯᠠᠭᠤᠨ ᠭᠡᠷ᠎ᠲᠦ ᠣᠩᠭᠣᠨ᠎ᠤ ᠡᠵᠡᠨ᠎ᠦ ᠠᠪᠰᠠ ᠵᠡᠷᠭᠡ ᠶᠠᠭᠤᠮ᠎ᠠ ᠪᠠᠢᠬᠰᠠᠨ ᠪᠤᠯᠪᠠᠴᠤ ᠣᠷᠣ᠌ ᠦᠭᠡᠢ ᠪᠣᠯᠲᠠᠯ᠎ᠠ ᠬᠤᠯᠠᠭᠠᠢᠯᠠᠭᠳᠠᠵᠠᠢ᠃ ᠡᠨᠡ᠎ᠬᠦ ᠴᠢᠯᠠᠭᠤᠨ ᠭᠡᠷ᠎ᠦᠨ ᠬᠣᠢᠲᠤ ᠬᠠᠨ᠎ᠠ ᠳᠡᠭᠡᠷ᠎ᠡ ᠨᠢ ᠳᠥᠷᠪᠡᠯᠵᠢᠨ ᠬᠠᠨᠵᠤᠨ ᠰᠢᠷᠡᠭᠡ ᠵᠠᠰᠠᠵᠤ᠂ ᠳᠡᠭᠡᠷ᠎ᠡ ᠨᠢ ᠵᠢᠷᠭᠤᠭᠠᠨ ᠫᠢᠯᠠ᠂ ᠭᠤᠷᠪᠠᠨ ᠴᠣᠮᠣ᠌ ᠪᠣᠯᠣᠨ ᠴᠡᠴᠡᠭ᠎ᠦᠨ ᠳᠥᠷᠪᠡᠨ ᠲᠠᠯᠪᠢ᠎ᠶᠢᠨ ᠬᠡᠯᠪᠡᠷᠢᠲᠡᠢ ᠬᠣᠶᠠᠷ ᠠᠶᠠᠭ᠎ᠠ᠎ᠶᠢ ᠲᠠᠯᠪᠢᠭ᠍ᠰᠠᠨ᠎ᠢᠶᠠᠷ ᠵᠢᠷᠤᠵᠠᠢ᠃ ᠪᠤᠤᠱᠠᠨ ᠲᠣᠰᠬᠣᠨ᠎ᠤ ᠵᠠᠷᠢᠮ ᠬᠥᠮᠥᠨ ᠠᠩᠬ᠎ᠠ ᠡᠭᠦᠨ᠎ᠢ ᠦᠵᠡᠵᠦ᠂ ᠠᠶᠠᠭ᠎ᠠ ᠰᠠᠪᠠ᠎ᠶᠢ ᠨᠢ ᠦᠨᠡᠨ ᠶᠠᠭᠤᠮ᠎ᠠ ᠭᠡᠵᠦ ᠬᠣᠭᠣᠰᠤᠨ ᠰᠢᠭᠦᠷᠡᠬᠦ᠎ᠳᠡᠭᠡᠨ ᠭᠠᠷ᠎ᠢᠶᠠᠨ ᠬᠠᠨ᠎ᠠ ᠳᠡᠭᠡᠷ᠎ᠡ ᠬᠦᠷᠦᠯᠴᠡᠭᠦᠯᠦᠨ ᠡᠪᠡᠳᠬᠡᠭᠰᠡᠨ ᠭᠡᠳᠡᠭ᠃

ᠳᠤᠳᠤᠷᠠᠭᠤᠯᠵᠤ ᠶᠠᠷᠢᠪᠠᠯ᠂ ᠡᠨᠡ᠎ᠬᠦ ᠴᠢᠯᠠᠭᠤᠨ ᠭᠡᠷ᠎ᠦᠨ ᠭᠠᠳᠠᠷ ᠬᠠᠨ᠎ᠠ᠎ᠶᠢᠨ ᠲᠣᠭᠣᠷᠢᠨ᠎ᠳᠤ ᠪᠦᠷ ᠪᠤᠳᠤᠭᠲᠤ ᠬᠠᠨ᠎ᠠ᠎ᠶᠢᠨ ᠵᠢᠷᠤᠭ ᠵᠢᠷᠤᠵᠠᠢ᠃ ᠡᠭᠦᠨ᠎ᠳᠦ ᠵᠠᠷᠢᠮ ᠨᠢ ᠤᠳᠠᠭᠠᠨ ᠵᠢᠯ᠎ᠦᠨ ᠴᠢᠭᠢᠭ ᠤᠰᠤ᠎ᠠᠴᠠ ᠬᠣᠭᠵᠢᠷᠠᠨ ᠤᠨᠠᠵᠤ᠂ ᠵᠠᠷᠢᠮ ᠨᠢ ᠨᠡᠯᠢᠶᠡᠳ ᠪᠦᠷᠢᠨ ᠪᠦᠲᠦᠨ ᠵᠢᠨᠷ ᠵᠢᠨᠨ ᠦᠯᠡᠳᠡᠵᠠᠢ᠃ ᠵᠢᠷᠤᠭ ᠳᠡᠭᠡᠷᠡᠬᠢ ᠡᠷᠡᠭᠲᠡᠢ ᠡᠮᠡᠭᠲᠡᠢ ᠬᠥᠮᠥᠨ ᠨᠢ ᠦᠨᠡᠨ ᠬᠥᠮᠥᠨ᠎ᠦ ᠬᠢᠷᠢ ᠥᠨᠳᠥᠷ ᠪᠠᠢᠵᠤ᠂ ᠨᠤᠬᠳᠤᠯᠠᠵᠤ ᠬᠠᠵᠠᠭᠠᠷᠯᠠᠨ ᠡᠮᠡᠭᠡᠯ ᠲᠣᠬᠣᠭᠰᠠᠨ ᠠᠭᠲᠠ ᠬᠥᠯᠥᠭ ᠪᠣᠯᠣᠨ ᠢᠮᠠᠭ᠎ᠠ᠂ ᠨᠣᠬᠠᠢ᠎ᠶᠢ ᠴᠤ᠌ ᠵᠢᠷᠤᠵᠠᠢ᠃ ᠡᠭᠦᠨ᠎ᠳᠦ ᠡᠮᠡᠭᠡᠯ᠎ᠢ ᠬᠥᠮᠥᠯᠳᠥᠷᠭᠡ ᠬᠤᠳᠠᠷᠭ᠎ᠠ᠎ᠲᠠᠢ ᠵᠢᠷᠤᠵᠤ᠂ ᠡᠮᠦᠨ᠎ᠡ ᠪᠦᠭᠦᠷᠭᠡᠨ᠎ᠦ ᠦᠵᠦᠭᠦᠷ ᠳᠣᠣᠷ᠎ᠠ᠎ᠠᠴᠠ ᠲᠦᠷᠦᠭᠡ ᠳᠡᠭᠦᠵᠢᠯᠡᠵᠦ᠂ ᠬᠠᠪᠲᠠᠭᠠᠯ᠎ᠤᠨ ᠬᠣᠢᠲᠤ ᠦᠵᠦᠭᠦᠷ᠎ᠲᠦ ᠵᠢᠷᠭᠤᠭᠠᠨ ᠭᠠᠨᠵᠤᠭ᠎ᠠ ᠤᠨᠵᠢᠢᠯᠭᠠᠵᠠᠢ᠃

ᠴᠢᠯᠠᠭᠤᠨ ᠭᠡᠷ᠎ᠦᠨ ᠵᠡᠭᠦᠨ ᠬᠠᠨ᠎ᠠ᠎ᠶᠢᠨ ᠭᠠᠳᠠᠨ᠎ᠠ 《ᠦᠨᠡᠨ᠎ᠢ ᠳᠠᠭᠠᠭᠰᠠᠨ ᠵᠢᠷᠤᠭ》 ᠲᠠᠢ᠃ ᠬᠠᠨ ᠤᠯᠤᠰ᠎ᠤᠨ ᠦ᠋ ᠳᠢ ᠬᠠᠭᠠᠨ ᠯᠢᠦ ᠴᠧ ᠯᠦ᠍ᠭᠡ ᠰᠢ ᠸᠠᠩ ᠮᠦ᠍ ᠰᠠᠬᠢᠭᠤᠯᠰᠤᠨ ᠭᠤᠷᠪᠠᠨ ᠳᠠᠭᠢᠨᠢ ᠳᠠᠭᠠᠭᠤᠯᠤᠨ ᠠᠭᠤᠯᠵᠠᠬᠤ᠎ᠪᠠᠷ ᠢᠷᠡᠭᠰᠡᠨ ᠠᠭᠤᠯᠭ᠎ᠠ᠎ᠶᠢ ᠢᠯᠡᠳᠬᠡᠵᠡᠢ᠃ ᠡᠭᠦᠨ᠎ᠳᠦ ᠯᠢᠦ ᠴᠧ ᠶᠡᠬᠡ ᠬᠡᠪᠢᠰ ᠳᠡᠭᠡᠷ᠎ᠡ ᠰᠠᠭᠤᠵᠤ᠂ ᠨᠥᠭᠥᠭᠡ ᠳᠥᠷᠪᠡᠨ ᠰᠠᠬᠢᠭᠤᠯᠰᠤᠨ ᠪᠣᠯᠣᠨ ᠳᠠᠭᠢᠨᠢ ᠨᠠᠷ ᠡᠭᠦᠯᠡ ᠬᠥᠯᠭᠡᠯᠡᠨ ᠪᠠᠭᠤᠵᠤ ᠪᠠᠢᠨ᠎ᠠ᠃ ᠵᠢᠷᠤᠭ᠎ᠤᠨ ᠠᠷᠤ ᠦᠵᠡᠭᠳᠡᠯ᠎ᠳᠦ ᠬᠤᠯᠤᠰᠤ᠂ ᠮᠣᠳᠣ᠌ ᠵᠡᠷᠭᠡ ᠤᠷᠭᠤᠮᠠᠯ ᠦᠵᠡᠭᠳᠡᠨ᠎ᠡ᠃

2 ᠨᠣᠮᠧᠷᠲᠤ ᠣᠩᠭᠣᠨ᠎ᠤ ᠡᠭᠦᠳᠡ ᠨᠢ ᠵᠡᠭᠦᠨᠰᠢ ᠬᠠᠨᠳᠤᠵᠤ᠂ ᠬᠠᠭᠠᠯᠭᠠᠨ᠎ᠤ ᠰᠠᠷᠠᠪᠴᠢ᠎ᠶᠢᠨ ᠳᠣᠣᠷ᠎ᠠ ᠬᠣᠶᠠᠷ ᠴᠢᠯᠠᠭᠤᠨ ᠬᠠᠭᠠᠯᠭ᠎ᠠ ᠲᠠᠭᠠᠷᠠᠭᠤᠯᠵᠤ᠂ ᠳᠣᠲᠣᠭ᠍ᠰᠢ ᠣᠩᠭᠣᠨ᠎ᠤ ᠭᠡᠷ᠎ᠲᠦ ᠣᠷᠣᠳᠠᠭ᠃ ᠡᠨᠡ᠎ᠬᠦ ᠭᠡᠷ ᠨᠢ ᠳᠥᠷᠪᠡᠯᠵᠢᠨ ᠬᠡᠯᠪᠡᠷᠢᠲᠡᠢ᠂ ᠵᠡᠭᠦᠨᠰᠢ ᠪᠠᠷᠠᠭᠤᠨᠰᠢ 4.45 ᠮᠧᠲᠷ ᠥᠷᠭᠡᠨ᠂ ᠡᠮᠦᠨᠡᠰᠢ ᠬᠣᠢᠰᠢ 4.9 ᠮᠧᠲᠷ ᠤᠷᠲᠤ᠂ ᠬᠠᠨ᠎ᠠ᠎ᠶᠢᠨ ᠥᠨᠳᠥᠷ ᠨᠢ 3.8 ᠮᠧᠲᠷ᠂ ᠳᠡᠭᠡᠪᠦᠷ᠎ᠢ ᠨᠢ ᠪᠦᠳᠦᠭᠦᠨ ᠴᠢᠯᠠᠭᠤᠨ ᠬᠠᠪᠲᠠᠰᠤ᠎ᠪᠠᠷ ᠳᠠᠷᠤᠵᠠᠢ᠃ ᠡᠨᠡ᠎ᠬᠦ  ᠭᠡᠷ ᠳᠤᠳᠤᠷ᠎ᠠ ᠪᠠᠰᠠ ᠨᠢᠭᠡ ᠵᠢᠵᠢᠭ ᠭᠡᠷ ᠳᠠᠢ᠂ ᠶᠡᠬᠡ ᠭᠡᠷ᠎ᠤᠨ ᠬᠤᠢᠳᠤ ᠬᠠᠨ᠎ᠠ ᠵᠢ ᠠᠰᠢᠬᠯᠠᠵᠤ᠂ ᠪᠠᠷᠠᠭᠤᠨ᠂ ᠡᠮᠦᠨ᠎ᠡ ᠪᠠ ᠵᠡᠬᠦᠨ ᠬᠠᠨ᠎ᠠ ᠵᠢ ᠨᠢ ᠪᠦᠷ ᠪᠦᠬᠦᠯᠢ ᠴᠢᠯᠠᠭᠤᠨ ᠬᠠᠪᠳᠠᠰᠤ ᠪᠡᠷ ᠬᠢᠵᠤ᠂ ᠵᠡᠬᠦᠨ ᠬᠠᠨ᠎ᠠ ᠵᠢᠨ ᠳᠤᠮᠳᠠ ᠨᠢ ᠬᠤᠶᠠᠷ ᠴᠢᠯᠠᠭᠤᠨ ᠬᠠᠭᠠᠯᠭ᠎ᠠ ᠳᠠᠭᠠᠷᠠᠭᠤᠯᠵᠤ᠂ ᠮᠦᠨ ᠳᠤᠮᠤ ᠴᠢᠯᠠᠭᠤᠨ ᠬᠠᠪᠳᠠᠰᠤ ᠪᠡᠷ ᠳᠡᠭᠡᠪᠤᠷ ᠳᠠᠯᠪᠢᠪᠠ᠃ ᠡᠨᠡ᠎ᠬᠦ ᠴᠢᠯᠠᠭᠤᠨ ᠭᠡᠷ ᠵᠡᠭᠦᠨᠰᠢ ᠪᠠᠷᠠᠭᠤᠨᠰᠢ 3.2 ᠮᠸᠲᠷ᠂ ᠡᠮᠦᠨᠡᠰᠢ ᠬᠤᠢᠰᠢ 2.97 ᠮᠸᠲᠷ᠂ ᠦᠨᠳᠤᠷ ᠨᠢ 2.18 ᠮᠸᠲᠷ ᠪᠠᠢᠳᠠᠭ᠃

ᠡᠨᠡ᠎ᠬᠦ ᠴᠢᠯᠠᠭᠤᠨ ᠭᠡᠷ᠎ᠲᠦ ᠪᠠᠢᠭᠰᠠᠨ ᠠᠪᠰᠠ ᠵᠡᠷᠭᠡ ᠣᠩᠭᠣᠨ᠎ᠤ ᠶᠠᠭᠤᠮ᠎ᠠ ᠨᠢ ᠮᠥᠨ ᠬᠤᠯᠠᠭᠠᠢᠯᠠᠭᠳᠠᠵᠤ᠂ ᠶᠠᠭᠤ ᠴᠤ᠌ ᠦᠭᠡᠢ ᠬᠤᠭᠤᠰᠤᠨ ᠪᠣᠯᠵᠠᠢ᠃ ᠬᠠᠭᠤᠴᠢ ᠰᠤᠳᠤᠯᠤᠯ᠎ᠤᠨ ᠬᠤᠪᠢ᠎ᠳᠤ᠂ ᠬᠠᠷᠢᠨ ᠲᠡᠭᠦᠨ᠎ᠦ ᠳᠡᠭᠡᠪᠦᠷ ᠪᠤᠯᠤᠨ ᠬᠠᠨ᠎ᠠ᠎ᠶᠢᠨ ᠳᠣᠲᠣᠨ᠎ᠠ ᠭᠠᠳᠠᠨ᠎ᠠ ᠵᠢᠷᠤᠭᠰᠠᠨ ᠪᠤᠳᠤᠭᠲᠤ ᠬᠠᠨ᠎ᠠ᠎ᠶᠢᠨ ᠵᠢᠷᠤᠭ ᠨᠢ ᠮᠠᠰᠢ ᠶᠡᠬᠡ ᠦᠨ᠎ᠡ ᠴᠠᠨ᠎ᠠ᠎ᠲᠠᠢ ᠪᠠᠢᠵᠤ᠂ ᠬᠡᠳᠤᠢᠪᠡᠷ ᠴᠢᠭᠢᠭ ᠤᠰᠤᠨ᠎ᠠᠴᠠ ᠪᠣᠯᠵᠤ ᠵᠠᠷᠢᠮ ᠭᠠᠵᠠᠷ᠎ᠤᠨ ᠵᠢᠷᠤᠭ ᠨᠢ ᠬᠣᠭᠵᠢᠷᠠᠵᠤ᠂ ᠲᠣᠳᠣᠷᠬᠠᠢ ᠦᠵᠡᠭᠳᠡᠬᠦ ᠦᠭᠡᠢ ᠪᠤᠯᠤᠬᠰᠠᠨ ᠪᠤᠯᠪᠠᠴᠤ ᠵᠠᠷᠢᠮ ᠭᠠᠵᠠᠷ᠎ᠤᠨ ᠵᠢᠷᠤᠭ ᠨᠢ ᠨᠡᠯᠢᠶᠡᠳ ᠪᠦᠷᠢᠨ᠎ᠢᠶᠡᠷ᠎ᠢᠶᠡᠨ ᠪᠠᠢᠬᠰᠠᠨ ᠨᠢ ᠮᠦᠨ᠎ᠴᠦ ᠮᠠᠰᠢ ᠶᠡᠬᠡ ᠰᠤᠳᠤᠯᠭᠠᠨ᠎ᠤ ᠦᠷᠳᠡᠭ ᠳᠠᠢ ᠪᠠᠢᠯ᠎ᠠ᠃

ᠴᠢᠯᠠᠭᠤᠨ ᠭᠡᠷ ᠲᠡᠬᠢ 《ᠬᠡᠮᠡᠷᠯᠢᠭ ᠢᠯᠡᠭᠡᠭᠰᠡᠨ ᠵᠢᠷᠤᠭ》᠎ᠲᠤ᠌᠂ ᠵᠢᠷᠭᠤᠭᠠᠨ ᠪᠦᠰᠡᠭᠦᠢ ᠨᠢᠭᠡᠨ ᠤᠯᠠᠭᠠᠴᠢ᠎ᠳᠤ ᠢᠯᠡᠭᠡᠬᠦ ᠶᠠᠭᠤᠮ᠎ᠠ᠎ᠪᠠᠨ ᠲᠤᠰᠢᠶᠠᠵᠤ ᠪᠠᠢᠬᠤ᠎ᠪᠠᠷ ᠵᠢᠷᠤᠵᠠᠢ᠃ ᠠᠷᠤ ᠦᠵᠡᠭᠳᠡᠯ ᠳ᠋ᠦ᠍ᠨᠢ ᠬᠤᠯᠤᠰᠤ᠂ ᠭᠠᠳᠠᠯᠢ᠂ ᠨᠠᠷᠠᠰᠤ ᠪᠣᠯᠣᠨ ᠬᠢᠯᠭᠠᠰᠤᠲᠤ ᠮᠣᠳᠣ᠌ ᠣᠷᠭᠤᠵᠤ ᠪᠤᠢ᠃ 《ᠨᠣᠮ ᠤᠩᠰᠢᠬᠤ ᠵᠢᠷᠤᠭ》 ᠲᠤ᠌᠂ ᠳᠠᠩ ᠤᠯᠤᠰ᠎ᠤᠨ ᠰᠢᠤᠸᠠᠨᠽᠦ᠋ᠩ ᠬᠠᠭᠠᠨ᠎ᠤ ᠦᠶ᠎ᠡ᠎ᠶᠢᠨ ᠶᠠᠩ ᠢᠦᠢ ᠬᠤᠸᠠᠨ᠎ᠠᠴᠠ ᠪᠤᠷᠬᠠᠨ᠎ᠤ ᠰᠤᠳᠤᠷ᠎ᠢ ᠰᠢᠷᠡᠭᠡᠨ ᠳᠡᠭᠡᠷ᠎ᠡ ᠳᠡᠯᠭᠡᠵᠦ᠂ ᠥᠪᠡᠷ ᠲᠡᠭᠡᠨ ᠲᠦᠰᠢᠯᠭᠡᠲᠦ ᠰᠠᠨᠳᠠᠯᠢ ᠳᠡᠭᠡᠷ᠎ᠡ ᠰᠠᠭᠤᠵᠤ᠂ ᠰᠤᠳᠤᠷ᠎ᠢ ᠨᠠᠷᠢᠪᠴᠢᠯᠠᠨ ᠦᠵᠡᠵᠦ  ᠪᠠᠢᠬᠤ᠎ᠪᠠᠷ ᠵᠢᠷᠤᠵᠠᠢ᠃ ᠰᠢᠷᠡᠭᠡᠨ ᠳᠡᠭᠡᠷ᠎ᠡ ᠨᠢ ᠪᠠᠰᠠ ᠨᠢᠭᠡ ᠤᠷᠳᠤ ᠰᠡᠭᠦᠯ᠎ᠲᠠᠢ ᠴᠠᠭᠠᠨ ᠰᠢᠪᠠᠭᠤ ᠡᠵᠡᠨ᠎ᠢᠶᠡᠨ ᠬᠠᠷᠠᠨ ᠰᠠᠭᠤᠨ᠎ᠠ᠃ ᠶᠠᠩ ᠢᠦᠢ ᠬᠤᠸᠠᠨ᠎ᠤ ᠬᠣᠢᠨ᠎ᠠ ᠬᠣᠶᠠᠷ ᠪᠦᠰᠡᠭᠦᠢ ᠵᠣᠭᠰᠣᠵᠤ᠂ ᠨᠢᠭᠡ ᠨᠢ ᠳᠡᠪᠢᠭᠦᠷ ᠠᠳᠬᠤᠵᠤ᠂ ᠨᠥᠭᠥᠭᠡ ᠨᠢᠭᠡ ᠨᠢ ᠠᠶᠠᠭ᠎ᠠ᠎ᠲᠠᠢ ᠶᠠᠭᠤᠮ᠎ᠠ ᠪᠠᠷᠢᠵᠠᠢ᠃ ᠶᠠᠩ ᠢᠦᠢ ᠬᠤᠸᠠᠨ᠎ᠤ ᠪᠠᠷᠠᠭᠤᠨ ᠲᠠᠯ᠎ᠠ᠎ᠳᠤ ᠪᠠᠰᠠ ᠬᠣᠶᠠᠷ ᠡᠮᠡᠭᠲᠡᠢ᠂ ᠬᠣᠶᠠᠷ ᠡᠷᠡᠭᠲᠡᠢ ᠬᠣᠢᠨ᠎ᠠ ᠬᠣᠢᠨ᠎ᠠ᠎ᠠᠴᠠ᠎ᠪᠠᠨ ᠵᠣᠭᠰᠣᠵᠤ᠂ ᠬᠣᠶᠠᠷ ᠡᠷᠡᠭᠲᠡᠢ᠎ᠶᠢᠨ ᠮᠠᠯᠠᠭᠠᠢ ᠨᠢ ᠨᠠᠷᠢᠨ ᠤᠷᠳᠤ ᠤᠨᠵᠢᠯᠭ᠎ᠠ᠎ᠲᠠᠢ ᠪᠠᠢᠵᠤ᠂ ᠶᠠᠮᠠᠷ ᠨᠢᠭᠡᠨ ᠵᠡᠷᠭᠡ᠎ᠶᠢᠨ ᠲᠦᠰᠢᠮᠡᠯ ᠮᠠᠶᠢᠭ᠍ᠲᠠᠢ ᠪᠠᠢᠪᠠ᠃ ᠲᠤᠰ ᠵᠢᠷᠤᠭ᠎ᠲᠤ ᠪᠠᠰᠠ ᠤᠨᠵᠢᠭᠢᠷ ᠤᠳᠠ᠂ ᠬᠤᠯᠤᠰᠤ ᠪᠣᠯᠣᠨ ᠭᠠᠳᠠᠯᠢ ᠵᠡᠷᠭᠡ᠎ᠶᠢ ᠵᠢᠷᠤᠵᠠᠢ᠃

ᠪᠤᠤᠱᠠᠨ᠎ᠤ 1᠂ 2 ᠨᠣᠮᠧᠷᠲᠤ ᠣᠩᠭᠣᠨ᠎ᠤ ᠬᠠᠨ᠎ᠠ᠎ᠶᠢᠨ ᠵᠢᠷᠤᠭ ᠨᠢ ᠬᠥᠮᠥᠨ᠎ᠢᠶᠡᠷ ᠭᠣᠣᠯ ᠪᠣᠯᠭᠠᠵᠤ᠂ ᠬᠠᠮᠲᠤ ᠳ᠋ᠤᠨᠢ ᠪᠠᠰᠠ ᠤᠷᠭᠤᠮᠠᠯ ᠪᠠ ᠠᠮᠢᠲᠠᠨ᠎ᠢ ᠵᠢᠷᠤᠵᠠᠢ᠃ ᠡᠭᠦᠨ᠎ᠳᠦ᠂ ᠪᠥᠬᠥᠳᠡ 46 ᠬᠥᠮᠥᠨ ᠪᠠᠢᠬᠤ ᠪᠥᠭᠡᠳ ᠡᠷᠡᠭᠲᠡᠢ ᠡᠮᠡᠭᠲᠡᠢ ᠭᠣᠣᠯ ᠪᠠᠭᠠᠲᠤᠷ᠂ ᠵᠠᠷᠤᠴᠠ᠂ ᠮᠣᠷᠢ ᠬᠥᠲᠥᠯᠥᠭᠰᠡᠨ ᠬᠡᠦᠬᠡᠳ᠂ ᠡᠭᠦᠳᠡᠨ ᠬᠠᠷᠠᠭᠤᠯ ᠪᠣᠯᠣᠨ ᠬᠠᠮᠠᠭᠠᠯᠠᠭ᠍ᠴᠢ ᠵᠡᠷᠭᠡ ᠪᠣᠶ᠃ ᠳᠡᠪᠡᠯ ᠡᠮᠦᠰᠴᠦ ᠪᠦᠰᠡ ᠪᠦᠰᠡᠯᠡᠭᠰᠡᠨ ᠨᠢ ᠪᠦᠷ ᠬᠢᠳᠠᠨ ᠬᠥᠮᠥᠨ᠎ᠦ ᠮᠠᠶᠢᠭ᠍ᠲᠠᠢ᠃

ᠳᠡᠭᠡᠬᠦᠯᠡᠷ 《ᠪᠤᠤᠱᠠᠨ᠎ᠤ ᠬᠠᠨ᠎ᠠ᠎ᠶᠢᠨ ᠵᠢᠷᠤᠭᠲᠤ ᠣᠩᠭᠣᠨ》 ᠨᠢ 1994 ᠣᠨ ᠳ᠋ᠤ ᠪᠦᠬᠦ ᠤᠯᠤᠰ᠎ᠤᠨ ᠬᠠᠭᠤᠴᠢ ᠰᠤᠳᠤᠯᠤᠯ᠎ᠤᠨ ᠠᠷᠪᠠᠨ ᠶᠡᠬᠡ ᠢᠯᠡᠷᠡᠭᠦᠯᠦᠯᠲᠡ᠎ᠳᠦ ᠵᠢᠭ᠍ᠰᠠᠭᠠᠭᠳᠠᠬᠰᠠᠨ ᠪᠠᠢᠳᠠᠭ᠃

1996 ᠣᠨ᠎ᠤ 5 ᠰᠠᠷ᠎ᠠ᠎ᠳᠤ᠂ 《ᠪᠤᠤᠱᠠᠨ᠎ᠤ ᠬᠠᠨ᠎ᠠ᠎ᠶᠢᠨ ᠵᠢᠷᠤᠭᠲᠤ ᠣᠩᠭᠣᠨ》 ᠨᠢ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠣᠣᠯᠳᠠᠯᠭ᠎ᠠ᠎ᠲᠠᠢ ᠬᠠᠮᠠᠭᠠᠯᠠᠬᠤ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠨᠢᠭᠡᠴᠢ᠎ᠪᠡᠷ ᠨᠡᠢᠲᠡᠯᠡᠭᠳᠡᠵᠦ᠂ 2001 ᠣᠨ᠎ᠤ 6 ᠰᠠᠷ᠎ᠠ᠎ᠳᠤ ᠪᠦᠬᠦ ᠤᠯᠤᠰ᠎ᠤᠨ ᠭᠣᠣᠯᠳᠠᠯᠭ᠎ᠠ᠎ᠲᠠᠢ ᠬᠠᠮᠠᠭᠠᠯᠠᠬᠤ ᠲᠡᠦᠬᠡ᠎ᠶᠢᠨ ᠳᠤᠷᠠᠰᠬᠠᠯᠲᠤ ᠵᠦᠢᠯᠡᠰ᠎ᠦᠨ ᠨᠢᠭᠡᠴᠢ᠎ᠪᠡᠷ ᠲᠣᠭᠲᠠᠭᠠᠭᠳᠠᠵᠠᠢ᠃

ᠡᠨᠡ᠎ᠬᠦ ᠦᠪ ᠵᠤᠵᠠᠭᠠᠨ ᠨᠤᠲᠤᠭ᠎ᠤᠨ ᠬᠦᠷᠦᠰᠦᠨ᠎ᠳᠤ ᠳᠤᠮᠳᠠᠳᠤ᠎ᠶᠢᠨ ᠦᠨᠳᠦᠰᠦᠲᠡᠨ᠎ᠦ ᠵᠣᠷᠢᠭ᠋ ᠰᠠᠨᠠᠭ᠎ᠠ ᠠᠯᠢ ᠬᠡᠳᠦᠢᠨ ᠦᠨᠳᠦᠰᠦᠲᠡᠨ᠎ᠨᠦᠭᠦᠳ᠎ᠦᠨ ᠠᠷᠠᠳ ᠲᠦᠮᠡᠨ᠎ᠦ ᠵᠢᠷᠦᠬᠡ ᠰᠡᠳᠬᠢᠯ᠎ᠳᠦ ᠭᠦᠨ᠎ᠡ ᠠᠭᠤᠰᠤᠨ ᠰᠢᠩᠭᠡᠭᠰᠡᠨ ᠪᠥᠭᠡᠳ ᠠᠷᠤ ᠬᠣᠷᠴᠢᠨ ᠬᠣᠰᠢᠭᠤᠨ᠎ᠦ ᠦᠨᠳᠦᠰᠦᠲᠡᠨ᠎ᠨᠦᠭᠦᠳ᠎ᠦᠨ ᠠᠷᠠᠳ ᠲᠦᠮᠡᠨ ᠴᠦ᠍ ᠰᠢᠨ᠎ᠡ ᠠᠶᠠᠨ ᠵᠠᠮ᠎ᠳᠠᠭᠠᠨ ᠬᠦᠴᠦᠨ᠎ᠢᠶᠡᠨ ᠪᠤᠵᠠᠭᠠᠢᠷᠠᠭᠤᠯᠵᠤ᠂ ᠪᠦᠯᠬᠦᠮᠳᠡᠯ ᠨᠢᠭ᠍ᠲᠠᠷᠠᠯ᠎ᠦᠨ ᠬᠦᠴᠦ ᠵᠣᠷᠢᠭ᠋᠎ᠢᠶᠠᠨ ᠨᠢᠭᠡᠳᠬᠡᠨ᠂ ᠨᠡᠩ ᠰᠠᠢᠨ ᠰᠠᠢᠬᠠᠨ ᠠᠷᠤ ᠬᠣᠷᠴᠢᠨ᠎ᠢ ᠪᠦᠲᠦᠭᠡᠨ ᠪᠠᠢᠭᠤᠯᠬᠤ᠎ᠳᠤ ᠠᠤᠭ᠎ᠠ ᠡᠷᠬᠢᠮᠰᠦᠭ ᠤᠶᠠᠩᠭ᠎ᠠ ᠢᠷᠠᠭᠤ ᠬᠠᠭᠤᠳᠠᠰᠤ ᠵᠢ ᠪᠢᠴᠢᠭᠯᠡᠬᠦ ᠪᠡᠷ ᠤᠷᠤᠬᠰᠢᠯᠠᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号