ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤ᠄ ᠮᠢᠩᠭᠠᠨ ᠤᠨ᠎ᠤ ᠲᠡᠤᠬᠡ ᠵᠢᠨ ᠤᠯᠪᠠᠭ᠎ᠠ ᠪᠡᠷ ᠦᠨᠳᠦᠰᠦᠳᠡᠨ᠎ᠤ ᠠᠭᠤᠰᠤᠯᠴᠠᠯ᠎ᠢ ᠢᠯᠡᠷᠡᠬᠦᠯᠤᠨ᠎ᠠ
2025-10-09 09:29:08
ᠵᠣᠬᠢᠶᠠᠭ᠍ᠴᠢ᠄
ᠬᠤᠩ ᠰᠢᠶᠠ ᠪᠠᠶᠠᠷᠴᠡᠩᠬᠡᠯ
ᠣᠩᠱᠢᠭ᠍ᠰᠠᠨ ᠣᠳᠠᠭ᠎ᠠ᠄
★★★☆☆

ᠡᠬᠡ ᠤᠯᠤᠰ᠎ᠤᠨ ᠤᠮᠠᠷᠠᠳᠤ ᠬᠢᠯᠢ ᠳ᠋ᠤ ᠨᠢᠬᠡᠨ ᠦᠵᠡᠰᠬᠦᠯᠡᠩᠳᠤ ᠰᠠᠢᠬᠠᠨ ᠨᠤᠳᠤᠬ ᠪᠠᠢᠳᠠᠬ᠃ ᠲᠡᠷᠡ ᠪᠤᠯ ᠦᠨᠳᠦᠰᠦᠲᠡᠨ᠎ᠦ ᠠᠭᠤᠰᠤᠯᠴᠠᠯ᠂ ᠰᠣᠶᠣᠯ᠎ᠤᠨ ᠰᠣᠯᠢᠯᠴᠠᠭ᠎ᠠ᠂ ᠪᠣᠯᠪᠠᠰᠤᠨ᠎ᠢᠶᠠᠨ ᠬᠠᠷᠢᠯᠴᠠᠨ ᠲᠣᠯᠢᠯᠠᠭ᠍ᠰᠠᠨ ᠲᠡᠦᠬᠡ ᠲᠠᠢ ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤ ᠶᠤᠮ᠃

ᠤᠯᠠᠭ᠎ᠠ ᠥᠷᠲᠡᠭᠡ ᠰᠤᠶᠤᠯ ᠪᠣᠯᠪᠠᠰᠤᠨ᠎ᠢ ᠤᠯᠠᠮᠵᠢᠯᠠᠨ᠎ᠠ

ᠦᠦᠬᠡ ᠲᠡᠦᠬᠡ ᠤᠯᠠᠷᠢᠨ᠂ ᠴᠠᠭ ᠦᠶ᠎ᠡ ᠤᠷᠤᠬᠰᠢᠯᠠᠬᠰᠠᠭᠠᠷ᠃

1927 ᠣᠨ᠎ᠳᠤ᠂ ᠳᠤᠮᠳᠠᠳᠤ ᠰᠧᠸᠳᠧᠨ᠎ᠤ ᠪᠠᠷᠠᠭᠤᠨ ᠬᠣᠢᠲᠤ ᠵᠢᠨ ᠰᠢᠨᠵᠢᠯᠡᠬᠦ ᠤᠬᠠᠭᠠᠨ᠎ᠤ ᠰᠢᠨᠵᠢᠯᠡᠨ ᠪᠠᠢᠴᠠᠭᠠᠬᠤ ᠪᠦᠯᠬᠦᠮ᠎ᠦᠨ ᠪᠦᠷᠢᠯᠳᠦᠭᠦᠨ ᠬᠤᠸᠠᠩ ᠸᠸᠨ ᠪᠢ ᠠᠩᠬ᠎ᠠ ᠤᠳᠠᠭ᠎ᠠ ᠤᠯᠠᠨ ᠰᠦᠮ᠎ᠡ ᠵᠢᠨ ᠡᠷᠲᠡᠨ᠎ᠦ ᠬᠤᠳᠠ᠎ᠶᠢ ᠢᠯᠡᠷᠡᠭᠦᠯᠵᠦ᠂ ᠳᠡᠯᠡᠬᠡᠢ᠎ᠶᠢᠨ ᠡᠯ᠎ᠡ ᠤᠯᠤᠰ᠎ᠤᠨ ᠬᠠᠭᠤᠴᠢ ᠰᠤᠳᠤᠯᠤᠭ᠍ᠴᠢᠳ᠎ᠤᠨ ᠠᠩᠬᠠᠷᠤᠯ᠎ᠢ ᠲᠠᠲᠠᠯ᠎ᠠ — ᠡᠨᠡ ᠪᠤᠯ ᠳᠤᠷᠤᠨᠠᠳᠠᠬᠢᠨ ᠪᠤᠯᠤᠨ ᠦᠷᠦᠨᠡᠳᠠᠬᠢᠨ᠎ᠤ ᠰᠤᠶᠤᠯ᠎ᠤᠨ ᠰᠤᠯᠢᠯᠴᠠᠭ᠎ᠠ᠂ ᠳᠤᠲᠤᠷ᠎ᠠ ᠭᠠᠵᠠᠷ ᠪᠤᠯᠤᠨ ᠬᠢᠯᠢ ᠬᠢᠵᠠᠭᠠᠷ᠎ᠤᠨ ᠠᠭᠤᠰᠤᠯᠴᠠᠯ᠎ᠤᠨ ᠴᠢᠬᠤᠯᠠ ᠴᠤᠩᠬᠤᠪᠴᠢ ᠪᠤᠯᠤᠨ᠎ᠠ᠃

ᠠᠯᠲᠠᠨ ᠤᠯᠤᠰ᠎ᠤᠨ ᠦᠶ᠎ᠡ᠎ᠳᠦ ᠥᠪᠥᠷ ᠮᠣᠩᠭᠣᠯ᠎ᠤᠨ ᠥᠷᠭᠡᠨ ᠠᠭᠤᠳᠠᠮ ᠲᠠᠯ᠎ᠠ ᠨᠤᠲᠤᠭ᠎ᠲᠤ ᠤᠷᠲᠤᠬᠠᠨ ᠭᠡᠭᠴᠢ ᠬᠢᠯᠢ᠎ᠶᠢᠨ ᠬᠠᠮᠠᠭᠠᠯᠠᠯᠳᠠ ᠵᠢᠨ ᠤᠨᠠᠭᠤᠯᠢ ᠪᠠᠢᠭᠤᠯᠵᠠᠢ᠂ ᠲᠡᠭᠦᠨ᠎ᠦ ᠨᠢᠭᠡ ᠬᠡᠰᠡᠭ ᠨᠢ ᠤᠳᠤ᠎ᠶᠢᠨ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ᠎ᠤ ᠡᠮᠦᠨᠡᠲᠦ ᠬᠡᠰᠡᠭ᠎ᠢᠶᠡᠷ ᠥᠩᠭᠡᠷᠡᠳᠡᠭ᠃ ᠲᠤᠬᠠᠢ᠎ᠶᠢᠨ ᠦᠶ᠎ᠡ᠎ᠳᠦ᠂ ᠣᠩᠭᠣᠳ ᠠᠢᠮᠠᠭ ᠠᠯᠲᠠᠨ ᠤᠯᠤᠰ᠎ᠤᠨ ᠬᠠᠷᠢᠶ᠎ᠠ ᠠᠢᠮᠠᠭ ᠪᠣᠯᠤᠭᠰᠠᠨ᠎ᠤ ᠬᠤᠪᠢ᠎ᠳᠤ ᠬᠢᠯᠢ᠎ᠶᠢᠨ ᠬᠠᠮᠠᠭᠠᠯᠠᠯᠳᠠ ᠵᠢᠨ ᠤᠨᠠᠭᠤᠯᠢ ᠵᠢ ᠰᠠᠬᠢᠵᠤ ᠪᠠᠢᠪᠠ᠃ ᠠᠯᠲᠠᠨ ᠤᠯᠤᠰ᠎ᠤᠨ ᠰᠡᠭᠦᠯᠴᠢ᠎ᠪᠡᠷ ᠮᠣᠩᠭᠣᠯ ᠠᠢᠮᠠᠭ ᠪᠣᠯᠣᠨ ᠣᠩᠭᠣᠳ ᠠᠢᠮᠠᠭ 《ᠠᠨᠳᠠ》 ᠪᠠᠷᠢᠯᠳᠤᠵᠤ᠂ ᠬᠤᠵᠢᠮ ᠨᠢ ᠲᠡᠳᠡᠨ᠎ᠤ ᠰᠠᠭᠤᠵᠤ ᠪᠠᠢᠭᠰᠠᠨ ᠴᠠᠢᠵᠠ᠎ᠶᠢ 《ᠠᠨᠳᠠ ᠴᠠᠢᠵᠠ》 ᠭᠡᠳᠡᠭ ᠪᠤᠯᠪᠠ᠂ ᠳᠠᠷᠤᠢ ᠣᠳᠣ᠌᠎ᠶᠢᠨ ᠠᠨᠳᠠ ᠴᠠᠢᠵᠠ᠎ᠶᠢᠨ ᠡᠷᠲᠡᠨ᠎ᠦ ᠬᠣᠲᠠ ᠪᠣᠯᠣᠨ᠎ᠠ᠃

ᠠᠯᠲᠠᠨ ᠤᠯᠤᠰ ᠮᠦᠬᠦᠵᠦ ᠶᠤᠸᠠᠨ ᠤᠯᠤᠰ ᠮᠠᠨᠳᠤᠵᠤ᠂ ᠣᠩᠭᠣᠳ ᠠᠢᠮᠠᠭ 《ᠬᠠᠷ᠎ᠠ ᠤᠰᠤ ᠵᠢᠨ ᠰᠢᠨ᠎ᠡ ᠬᠣᠲᠠ》 ᠵᠢ ᠰᠢᠨ᠎ᠡ ᠪᠡᠷ ᠪᠠᠢᠭᠤᠯᠪᠠ᠂ ᠡᠨᠡ ᠨᠢ ᠳᠠᠷᠤᠢ ᠤᠯᠠᠨ ᠰᠦᠮ᠎ᠡ ᠵᠢᠨ ᠡᠷᠲᠡᠨ᠎ᠤ ᠬᠤᠲᠠ ᠪᠤᠯᠤᠨ᠎ᠠ᠃ ᠣᠩᠭᠣᠳ ᠠᠢᠮᠠᠭ᠎ᠤᠨ ᠲᠦᠷᠦᠭᠦᠦ 《ᠵᠣᠣ ᠸᠠᠩ》 ᠡᠷᠭᠦᠮᠵᠢᠯᠡᠭᠳᠡᠭᠰᠡᠨ᠎ᠡᠴᠡ ᠠᠪᠤᠭᠠᠳ ᠶᠤᠸᠠᠨ ᠤᠯᠤᠰ᠎ᠤᠨ ᠰᠡᠭᠦᠯᠴᠢ ᠪᠣᠯᠲᠠᠯ᠎ᠠ ᠳᠣᠯᠣᠭᠠᠨ ᠦᠶ᠎ᠡ᠎ᠶᠢᠨ ᠣᠩᠭᠣᠳ ᠠᠢᠮᠠᠭ᠎ᠤᠨ ᠲᠦᠷᠦᠬᠦᠴᠦᠳ ᠪᠦᠷ ᠡᠨᠳᠡ ᠰᠠᠭᠤᠵᠤ ᠪᠠᠢᠪᠠ᠃

《ᠶᠤᠸᠠᠨ ᠤᠯᠤᠰ᠎ᠤᠨ ᠦᠶ᠎ᠡ᠎ᠳᠦ ᠤᠯᠠᠨ ᠰᠦᠮ᠎ᠡ ᠵᠢᠨ ᠡᠷᠲᠡᠨ᠎ᠦ ᠬᠤᠳᠠ ᠪᠣᠯ ᠲᠠᠯ᠎ᠠ ᠨᠤᠲᠤᠭ᠎ᠤᠨ ᠲᠣᠷᠭᠠᠨ ᠵᠠᠮ᠎ᠤᠨ ᠴᠢᠬᠤᠯᠠ ᠵᠠᠮ ᠬᠠᠷᠢᠯᠴᠠᠭᠠᠨ᠎ᠤ ᠬᠦᠢᠰᠦ ᠦᠷᠳᠡᠬᠡ ᠪᠠᠢᠵᠤ᠂ ᠭᠣᠪᠢ᠎ᠶᠢᠨ ᠠᠷᠤ ᠵᠢᠨ ᠠᠮᠤ ᠪᠤᠳᠠᠭ᠎ᠠ᠂ ᠴᠠᠢ᠂ ᠲᠣᠷᠭ᠎ᠠ ᠳᠤᠷᠳᠤᠩ᠂ ᠱᠠᠭᠠᠵᠠᠩ ᠡᠳ᠋ᠯᠡᠯ ᠪᠦᠷ ᠡᠭᠦᠨ᠎ᠢᠶᠡᠷ ᠳᠠᠮᠵᠢᠳᠠᠭ ᠪᠠᠢᠵᠠᠢ᠃ ᠬᠣᠲᠠ᠎ᠶᠢᠨ ᠳᠣᠲᠣᠷ᠎ᠠ ᠬᠤᠳᠠᠯᠳᠤᠭᠠᠴᠢᠳ ᠬᠤᠷᠠᠨ ᠴᠤᠭᠯᠠᠷᠠᠵᠤ᠂ ᠠᠵᠤ ᠠᠬᠤᠢ ᠬᠥᠭᠵᠢᠵᠦ᠂ ᠲᠠᠯ᠎ᠠ ᠨᠤᠲᠤᠭ ᠲᠸ᠋ ᠶᠤᠸᠠᠨ᠎ᠤ ᠳᠡᠭᠡᠳᠦ ᠨᠡᠢᠰᠯᠡᠯ᠎ᠦᠨ ᠳᠠᠷᠠᠭ᠎ᠠ ᠯᠠ ᠣᠷᠣᠬᠤ ᠬᠣᠶᠠᠳᠤᠭᠠᠷ ᠶᠡᠬᠡ ᠬᠣᠲᠠ ᠪᠤᠯᠵᠠᠢ》 ᠭᠡᠵᠦ ᠨᠠᠶᠠᠨ ᠲᠠᠪᠤᠲᠠᠢ ᠪᠤᠭᠤᠷᠤᠯ ᠨᠠᠰᠤᠳᠠᠨ ᠮᠥᠩᠬᠡᠳᠡᠯᠭᠡᠷ ᠭᠤᠸᠠᠢ ᠶᠠᠷᠢᠨ᠎ᠠ᠃

ᠲᠡᠷᠡ 50 ᠭᠠᠷᠤᠢ ᠵᠢᠯ᠎ᠦᠨ ᠡᠮᠦᠨ᠎ᠡ ᠤᠯᠤᠰ᠎ᠤᠨ ᠳᠣᠲᠣᠭᠠᠳᠤ ᠭᠠᠳᠠᠭᠠᠳᠤ᠎ᠶᠢᠨ ᠬᠠᠭᠤᠴᠢ ᠰᠤᠳᠤᠯᠤᠯ᠎ᠤᠨ ᠲᠤᠰᠬᠠᠢ ᠮᠡᠷᠭᠡᠵᠢᠯᠲᠡᠨ᠎ᠲᠠᠢ ᠬᠠᠮᠲᠤ ᠤᠯᠠᠨ ᠰᠦᠮ᠎ᠡ ᠵᠢᠨ ᠡᠷᠲᠡᠨ᠎ᠦ ᠬᠤᠳᠠ᠎ᠳᠤ ᠬᠠᠭᠤᠴᠢ ᠰᠤᠳᠤᠯᠤᠯ᠎ᠤᠨ ᠠᠵᠢᠯ ᠥᠷᠨᠢᠭᠦᠯᠵᠦ᠂ ᠡᠷᠲᠡᠨ᠎ᠦ ᠬᠤᠳᠠ ᠵᠢ ᠦᠯᠡᠳᠡᠭᠡᠯ ᠦᠭᠡᠢ ᠶᠠᠪᠤᠭᠰᠠᠨ ᠪᠠᠢᠨ᠎ᠠ᠃ ᠡᠳᠦᠭᠡ᠂ ᠨᠠᠰᠤᠲᠠᠨ᠎ᠤ ᠬᠦᠷᠭᠡᠨ ᠰᠣᠶᠣᠯᠲᠤ ᠶᠠᠭ ᠡᠷᠲᠡᠨ᠎ᠦ ᠬᠣᠲᠠ᠎ᠶᠢ ᠬᠠᠮᠠᠭᠠᠯᠠᠬᠤ ᠠᠵᠢᠯ᠎ᠢ ᠪᠦᠬᠦ ᠬᠦᠴᠦᠨ᠎ᠢᠶᠡᠷ᠎ᠢᠶᠡᠨ ᠠᠬᠢᠭᠤᠯᠵᠤ ᠪᠤᠢ᠃ ᠣᠮᠪᠣᠯᠣ᠌ ᠥᠬᠢᠨ ᠪᠦᠦ ᠯᠢ ᠨᠢ ᠲᠥᠪ᠎ᠦᠨ ᠦᠨᠳᠦᠰᠦᠲᠡᠨ᠎ᠦ ᠶᠡᠬᠡ ᠰᠤᠷᠭᠠᠭᠤᠯᠢ᠎ᠳᠤ ᠰᠤᠷᠤᠯᠴᠠᠵᠤ᠂ ᠰᠢᠨ᠎ᠡ ᠴᠠᠭ ᠦᠶ᠎ᠡ ᠵᠢᠨ ᠵᠠᠯᠠᠭᠤᠴᠤᠳ᠎ᠤᠨ ᠬᠠᠷᠠᠭᠠᠰᠤ ᠡᠴᠡ ᠤᠯᠠᠨ ᠰᠦᠮ᠎ᠡ ᠵᠢᠨ ᠡᠷᠲᠡᠨ᠎ᠦ ᠬᠤᠳᠠ᠎ᠶᠢᠨ ᠬᠠᠭᠤᠴᠢ ᠰᠤᠳᠤᠯᠤᠯ᠎ᠤᠨ ᠲᠤᠬᠠᠢ ᠥᠭᠦᠯᠡᠯ ᠪᠢᠴᠢᠵᠦ ᠪᠠᠢᠨ᠎ᠠ᠃

ᠡᠷᠲᠡᠨ᠎ᠦ ᠬᠤᠳᠠ ᠵᠢᠨ ᠵᠡᠭᠦᠨ ᠡᠴᠡ ᠪᠠᠷᠠᠭᠤᠨᠰᠢ ᠶᠠᠪᠤᠪᠠᠯ ᠡᠸᠦ᠋ᠷᠦᠫᠡ ᠲᠢᠪ᠎ᠦᠨ ᠬᠡᠪ ᠨᠠᠮᠪᠠ᠎ᠪᠦᠬᠦᠢ ᠦᠯᠡᠳᠡᠭᠳᠡᠯ ᠲᠣᠭᠣᠰᠬ᠎ᠠ᠂ ᠬᠡᠷᠡᠯ ᠰᠠᠴᠤᠷᠠᠭᠰᠠᠨ ᠰᠢᠯ ᠸᠠᠭᠠᠷ ᠨᠢ ᠬᠥᠮᠥᠰ᠎ᠲᠦ ᠡᠨᠡ ᠬᠦ᠌ ᠬᠤᠳᠠ᠎ᠶᠢᠨ ᠥᠩᠭᠡᠷᠡᠭᠰᠡᠨ᠎ᠦ ᠲᠠᠩᠰᠤᠭ ᠰᠠᠢᠬᠠᠨ᠎ᠢ ᠮᠡᠳᠡᠷᠡᠬᠦᠯᠦᠨ᠎ᠡ᠃

ᠪᠣᠯᠪᠠᠰᠤᠨ ᠨᠢ ᠰᠣᠯᠢᠯᠴᠠᠭ᠎ᠠ᠎ᠪᠠᠷ ᠳᠠᠮᠵᠢᠨ ᠥᠩᠭᠡ ᠢᠯᠭᠠᠷᠠᠵᠤ᠂ ᠬᠠᠷᠢᠯᠴᠠᠨ ᠲᠣᠯᠢᠯᠠᠬᠤ᠎ᠪᠠᠷ ᠳᠠᠮᠵᠢᠨ ᠪᠠᠶᠠᠯᠢᠭ᠍ᠵᠢᠨ᠎ᠠ᠃ ᠥᠨᠥᠳᠥᠷ᠂ 《ᠨᠢᠭᠡ ᠪᠦᠰᠡ ᠨᠢᠭᠡ ᠵᠠᠮ》᠎ᠤ᠋ᠨ ᠭᠦᠨᠵᠡᠭᠡᠢᠷᠡᠨ ᠬᠥᠭᠵᠢᠬᠦ᠎ᠶᠢ ᠳᠠᠭᠠᠯᠳᠤᠨ ᠨᠡᠭᠡᠭᠡᠯᠲᠡᠲᠡᠢ ᠪᠠᠭᠲᠠᠭᠠᠮᠵᠢᠲᠠᠢ ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤ ᠪᠣᠯᠣᠨ ᠮᠣᠩᠭᠣᠯ ᠤᠯᠤᠰ᠂ ᠤᠷᠤᠰ ᠯᠤᠭ᠎ᠠ᠎ᠶᠢᠨ ᠶᠠᠪᠤᠯᠴᠠᠭ᠎ᠠ ᠶᠠᠪᠤᠬᠤ ᠳᠤᠳᠤᠮ ᠣᠯᠠᠰᠢᠷᠠᠵᠤ᠂ ᠵᠢᠯ ᠪᠦᠷᠢ᠎ᠶᠢᠨ ᠨᠠᠭᠠᠳᠤᠮ᠎ᠤᠨ ᠬᠤᠷᠠᠯ ᠨᠢ ᠴᠥᠮ ᠲᠦᠷᠪᠡᠨ ᠵᠦᠭ ᠨᠠᠢ᠍ᠮᠠᠨ ᠵᠤᠪᠬᠢᠰ᠎ᠦᠨ ᠵᠣᠴᠢᠳ᠎ᠢ  ᠲᠠᠳᠠᠬᠤ ᠦᠪᠡᠳᠡᠭᠰᠢ ᠴᠤᠭᠯᠠᠭᠠᠨ ᠪᠣᠯᠵᠠᠢ᠃

ᠳᠠᠷᠬᠠᠨ ᠮᠤᠤᠮᠢᠩᠭᠠᠨ ᠬᠣᠯᠪᠣᠭᠠᠲᠤ ᠬᠣᠰᠢᠭᠤᠨ᠎ᠤ ᠮᠠᠨᠳᠤᠯ ᠪᠣᠭᠣᠮᠲᠠ ᠨᠢ 《ᠬᠥᠬᠡᠬᠣᠲᠠ ᠪᠤᠭᠤᠲᠤ ᠣᠷᠳᠣᠰ ᠢᠷᠭᠠᠢ》 ᠵᠢᠨ ᠠᠵᠤ ᠠᠬᠤᠢ᠎ᠶᠢᠨ ᠲᠣᠭᠣᠷᠢᠭ᠋᠎ᠤᠨ ᠴᠣᠷ᠎ᠤᠨ ᠭᠠᠭᠴᠠ ᠬᠠᠭᠤᠷᠠᠢ ᠵᠠᠮ᠎ᠤᠨ ᠪᠣᠭᠣᠮᠲᠠ ᠪᠣᠯᠤᠭᠰᠠᠨ᠎ᠤ ᠬᠤᠪᠢ᠎ᠳᠤ᠂ ᠮᠣᠩᠭᠣᠯ ᠤᠯᠤᠰ᠎ᠲᠤ ᠬᠠᠨᠳᠤᠵᠤ ᠠᠽᠢᠶ᠎ᠠ ᠡᠸᠦ᠋ᠷᠦᠫᠡ᠎ᠶᠢᠨ ᠡᠬᠡ ᠬᠠᠭᠤᠷᠠᠢ᠎ᠶᠢ ᠬᠣᠯᠪᠣᠭᠰᠠᠨ ᠥᠪᠡᠷᠲᠡᠭᠡᠨ ᠵᠠᠰᠠᠬᠤ ᠣᠷᠣᠨ᠎ᠤ ᠤᠮᠠᠷᠠᠰᠢ ᠨᠡᠭᠡᠭᠡᠯᠲᠡ ᠬᠢᠬᠦ ᠴᠢᠬᠤᠯᠠ ᠪᠠᠢᠯᠳᠤᠬᠤ ᠪᠣᠳᠣᠯᠭ᠎ᠠ᠎ᠶᠢᠨ ᠲᠤᠯᠭᠠᠭᠤᠷᠢᠯᠠᠯ ᠪᠠᠢᠵᠤ᠂ ᠪᠦᠬᠦ ᠤᠯᠤᠰ᠎ᠤᠨ ᠬᠢᠯᠢ ᠬᠢᠵᠠᠭᠠᠷ᠎ᠤᠨ ᠰᠣᠶᠣᠯ ᠵᠢᠭᠤᠯᠴᠢᠯᠠᠯ᠂ ᠳᠤᠮᠳᠠᠳᠤ ᠮᠣᠩᠭᠣᠯ ᠤᠷᠤᠰ᠎ᠤᠨ ᠠᠵᠤ ᠠᠬᠤᠢ᠎ᠶᠢᠨ ᠬᠣᠩᠭᠢᠯ᠎ᠤᠨ ᠬᠡᠷᠡᠯᠳᠦ ᠰᠤᠪᠤᠳ ᠪᠣᠯᠪᠠ᠃

ᠡᠷᠳᠡᠨ᠎ᠤ ᠬᠠᠳᠠᠨ ᠵᠢᠷᠤᠬ ᠦᠦᠬᠡ ᠲᠡᠦᠭᠡ ᠵᠢ ᠬᠦᠦᠷᠨᠢᠨ᠎ᠠ

《ᠥᠪᠥᠷ ᠮᠣᠩᠭᠣᠯ᠎ᠤᠨ ᠡᠷᠲᠡᠨ᠎ᠦ ᠬᠠᠲᠠᠨ ᠵᠢᠷᠤᠭ᠎ᠤᠨ ᠲᠠᠷᠬᠠᠯᠲᠠ ᠬᠠᠮᠤᠭ ᠎ᠤᠨ ᠢᠯᠡᠭᠦᠦ ᠲᠦᠪᠯᠡᠷᠡᠭᠰᠡᠨ ᠭᠠᠵᠠᠷ ᠣᠷᠣᠨ᠎ᠤ ᠨᠢᠭᠡ ᠪᠣᠯᠤᠭ᠍ᠰᠠᠨ᠎ᠤ ᠬᠤᠪᠢ᠎ᠳᠤ ᠳᠠᠷᠬᠠᠨ ᠮᠤᠸ᠋ᠮᠢᠩᠭᠠᠨ᠎ᠤ ᠲᠠᠯ᠎ᠠ ᠨᠤᠲᠤᠭ᠎ᠤᠨ ᠬᠠᠲᠠᠨ ᠵᠢᠷᠤᠭ᠎ᠤᠨ ᠬᠠᠳᠠᠭᠠᠯᠠᠭ᠍ᠳᠠᠴᠠ 3000 ᠭᠠᠷᠤᠶ ᠪᠠᠢᠵᠤ᠂ ᠭᠤᠤᠯᠳᠠᠭᠤ ᠣᠯᠠᠨ ᠣᠪᠣᠭ᠎ᠠ᠎ᠶ᠋ᠢᠨ ᠬᠠᠲᠠᠨ ᠵᠢᠷᠤᠭ᠎ᠤᠨ ᠣᠷᠣᠨ ᠪᠦᠰᠡ᠂ ᠴᠢᠶᠠᠩ ᠫᠠᠨ ᠬᠦᠷᠢᠶ᠎ᠡ ᠵᠢᠨ ᠬᠠᠲᠠᠨ ᠵᠢᠷᠤᠭ᠎ᠤᠨ ᠣᠷᠣᠨ ᠪᠦᠰᠡ ᠪᠠ ᠯᠠᠮᠠ᠎ᠶ᠋ᠢᠨ ᠰᠦᠮ᠎ᠡ᠎ᠶ᠋ᠢᠨ ᠬᠠᠲᠠᠨ ᠵᠢᠷᠤᠭ᠎ᠤᠨ ᠣᠷᠣᠨ ᠪᠦᠰᠡ᠎ᠳᠦ ᠲᠠᠷᠬᠠᠵᠤ ᠪᠠᠢᠨ᠎ᠠ᠃ ᠡᠲᠡᠭᠡᠷ ᠬᠠᠲᠠᠨ ᠵᠢᠷᠤᠭ᠎ᠤᠨ ᠰᠡᠳᠦᠪᠯᠡᠬᠦᠨ ᠨᠢ ᠥᠷᠭᠡᠨ ᠳᠡᠯᠭᠡᠷ᠂ ᠠᠭᠤᠯᠭ᠎ᠠ ᠨᠢ ᠪᠠᠶᠠᠯᠢᠭ᠂ ᠬᠥᠮᠦᠨ ᠠᠮᠢᠲᠠᠨ᠂ ᠣᠷᠣᠨ ᠰᠠᠭᠤᠴᠠ᠂ ᠲᠡᠷᠭᠡ ᠬᠥᠰᠭᠡ ᠵᠡᠷᠭᠡ᠎ᠶ᠋ᠢ ᠬᠠᠮᠤᠷᠴᠤ᠂ ᠤᠮᠠᠷᠠᠲᠤ ᠬᠢᠯᠢ᠎ᠶ᠋ᠢᠨ ᠰᠣᠶᠣᠯ᠎ᠤᠨ ᠪᠠᠯᠠᠷ ᠡᠷᠲᠡᠨ᠎ᠦ ᠲᠡᠦᠬᠡ᠎ᠶ᠋ᠢᠨ ᠬᠠᠮᠤᠭ᠎ᠤᠨ ᠰᠠᠢᠨ ᠬᠡᠷᠡᠴᠢᠯᠡᠯ ᠪᠤᠯᠵᠠᠢ》 ᠭᠡᠵᠦ᠍ ᠳᠠᠷᠬᠠᠨ ᠮᠤᠸ᠋ᠮᠢᠩᠭᠠᠨ ᠬᠣᠯᠪᠣᠭᠠᠲᠤ ᠬᠣᠱᠢᠭᠤᠨ᠎ᠤ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠬᠠᠮᠠᠭᠠᠯᠠᠯᠲᠠ᠎ᠶ᠋ᠢᠨ ᠲᠥᠪ᠎ᠦᠨ ᠡᠷᠬᠢᠯᠡᠭ᠌ᠴᠢ ᠴᠢᠶᠣᠤ ᡁᠢ ᠵᠢᠶᠧ ᠬᠡᠯᠡᠪᠡ᠃

ᠠᠯᠢ ᠡᠷᠳᠡ ᠳᠥᠷᠪᠡ ᠲᠠᠪᠤᠨ ᠮᠢᠩᠭᠠᠨ ᠵᠢᠯ᠎ᠦᠨ ᠡᠮᠦᠨᠡᠬᠢ ᠱᠢᠨ᠎ᠡ ᠴᠢᠯᠠᠭᠤᠨ ᠵᠡᠪᠰᠡᠭ᠎ᠦᠨ ᠦᠶ᠎ᠡ᠎ᠳᠦ ᠲᠠᠷᠬᠠᠨ ᠮᠤᠤᠮᠢᠩᠭᠠᠨ ᠳ᠋ᠤ ᠨᠢᠬᠡᠨᠳᠡ ᠬᠥᠮᠦᠨ ᠲᠥᠷᠥᠯᠬᠢᠲᠡᠨ ᠣᠷᠣᠱᠢᠨ ᠠᠮᠢᠳᠤᠷᠠᠵᠤ ᠪᠠᠢᠵᠠᠶ᠃ ᠡᠭᠦᠨ᠎ᠡᠴᠡ ᠬᠣᠢᠰᠢ᠂ ᠱᠢᠶᠡᠨ ᠶᠦᠨ᠂ ᠷᠸᠦ ᠷᠠᠨ᠂ ᠾᠦᠩᠨᠦ᠍᠂ ᠱᠢᠶᠡᠨᠪᠢ᠂ ᠲᠦᠷᠦᠭ᠂ ᠬᠢᠳᠠᠨ᠂ ᠵᠦᠷᠴᠢᠨ᠂ ᠮᠣᠩᠭᠣᠯ ᠵᠡᠷᠭᠡ ᠤᠮᠠᠷᠠᠲᠤ᠎ᠶ᠋ᠢᠨ ᠨᠡᠬᠦᠳᠡᠯᠴᠢᠨ ᠠᠢᠮᠠᠭ᠎ᠤᠳ ᠡᠨᠳᠡ ᠠᠩ ᠠᠩᠨᠠᠨ᠂ ᠦᠷᠡᠵᠢᠨ ᠲᠥᠯᠵᠢᠵᠦ᠍᠂ ᠭᠡᠷᠡᠯ ᠰᠠᠴᠤᠷᠠᠩᠭᠤᠶ ᠲᠠᠯ᠎ᠠ ᠨᠤᠲᠤᠭ᠎ᠤᠨ ᠰᠣᠶᠣᠯ᠎ᠢ ᠡᠭᠦᠳᠦᠨ ᠪᠦᠲᠦᠭᠡᠵᠡᠢ᠃

ᠪᠠᠲᠤᠬᠠᠭᠠᠯᠭ᠎ᠠ ᠪᠠᠯᠭᠠᠰᠤ᠎ᠠᠴᠠ 40 ᠺᠢᠯᠣᠮᠧᠲ᠋ᠷ ᠵᠠᠢᠲᠠᠶ ᠪᠠᠢᠭ᠎ᠠ ᠯᠠᠮᠠ᠎ᠶ᠋ᠢᠨ ᠰᠦᠮ᠎ᠡ᠎ᠶ᠋ᠢᠨ ᠬᠠᠲᠠᠨ ᠵᠢᠷᠤᠭ᠎ᠤᠨ ᠣᠷᠣᠨ ᠳ᠋ᠤ ᠬᠠᠷ᠎ᠠ ᠪᠤᠶᠤ ᠴᠠᠢᠪᠤᠷ ᠥᠩᠭᠡᠲᠡᠶ ᠴᠢᠯᠠᠭᠤᠨ ᠳᠡᠭᠡᠷ᠎ᠡ ᠰᠡᠢᠯᠦᠭᠰᠡᠨ 18 ᠬᠥᠮᠦᠨ᠎ᠦ ᠨᠢᠭᠤᠷ ᠳᠦᠷᠰᠦ ᠨᠢ ᠠᠮᠧᠷᠢᠺᠠ᠎ᠶ᠋ᠢᠨ ᠪᠠᠷᠠᠭᠤᠨ ᠲᠡᠯᠡᠶ᠎ᠶ᠋ᠢᠨ ᠡᠷᠭᠢ ᠵᠢᠴᠢ ᠮᠠᠨ᠎ᠤ ᠤᠯᠤᠰ᠎ᠤᠨ ᠤᠯᠤᠰ᠎ᠤᠨ ᠳᠣᠲᠣᠭᠠᠳᠤ᠎ᠶ᠋ᠢᠨ ᠪᠤᠰᠤᠳ ᠭᠠᠵᠠᠷ ᠣᠷᠣᠨ᠎ᠠᠴᠠ ᠢᠯᠡᠷᠡᠬᠦᠯᠦᠭᠰᠡᠨ ᠬᠠᠲᠠᠨ ᠵᠢᠷᠤᠭ ᠲᠠᠶ ᠡᠭᠡᠭᠡ ᠠᠳᠠᠯᠢᠬᠠᠨ ᠪᠠᠢᠵᠤ᠂ ᠳᠠᠭᠠᠯᠳᠤᠭᠤᠯᠤᠨ ᠵᠢᠷᠤᠭᠰᠠᠨ ᠪᠤᠭᠤ᠂ ᠬᠣᠨᠢ᠂ ᠪᠠᠷᠰ ᠵᠡᠷᠭᠡ ᠠᠮᠢᠲᠠᠨ ᠨᠢ ᠬᠣᠵᠢᠮ᠎ᠤᠨ ᠬᠥᠮᠦᠰ᠎ᠲᠦ ᠡᠷᠲᠡᠨ᠎ᠦ ᠤᠮᠠᠷᠠᠲᠤ᠎ᠶ᠋ᠢᠨ ᠴᠥᠭᠡᠨ ᠲᠣᠭᠠᠲᠤ ᠦᠨᠳᠦᠰᠦᠲᠡᠨ᠎ᠦ ᠠᠮᠢᠳᠤᠷᠠᠯ᠎ᠤᠨ ᠵᠠᠩ ᠳᠠᠳᠭᠠᠯ᠎ᠢ ᠰᠤᠳᠤᠯᠤᠨ ᠣᠢᠯᠠᠭᠠᠬᠤ᠎ᠳᠤ ᠴᠢᠬᠤᠯᠠ ᠮᠠᠲ᠋ᠧᠷᠢᠶᠠᠯ ᠬᠠᠩᠭᠠᠭ᠍ᠰᠠᠨ ᠪᠠᠢᠨ᠎ᠠ᠃

ᠲᠠᠷᠬᠠᠨ ᠮᠤᠤᠮᠢᠩᠭᠠᠨ ᠬᠤᠯᠪᠤᠭᠠᠳᠤ ᠬᠤᠰᠢᠭᠤᠨ᠎ᠤ ᠮᠠᠨᠳᠤᠯ ᠬᠢᠯᠢ᠎ᠶ᠋ᠢᠨ ᠱᠤᠭᠤᠮ ᠲᠠᠭᠠᠤ ᠵᠢᠨ ᠤᠯᠠᠨ ᠤᠪᠤᠭ᠎ᠠ᠎ᠶ᠋ᠢᠨ ᠬᠠᠳᠠᠨ ᠵᠢᠷᠤᠭ᠎ᠤᠨ ᠤᠷᠤᠨ ᠳ᠋ᠤ ᠨᠡᠷᠡ ᠵᠦᠭ ᠬᠠᠨᠳᠤᠭ᠍ᠰᠠᠨ ᠴᠢᠯᠠᠭᠤᠨ ᠳᠡᠭᠡᠷ᠎ᠡ 5.1 ᠮᠸᠲᠷ ᠤᠷᠳᠤ᠂ 3.4 ᠮᠸᠲᠷ ᠥᠷᠭᠡᠨ 《ᠲᠠᠯ᠎ᠠ ᠨᠤᠲᠤᠭ᠎ᠤᠨ ᠰᠠᠭᠤᠷᠢᠱᠢᠯ᠎ᠤᠨ ᠵᠢᠷᠤᠭ》 ᠪᠤᠢ᠃ ᠡᠨᠡᠬᠦ ᠬᠠᠳᠠᠨ ᠵᠢᠷᠤᠭ ᠲᠸ᠋ ᠮᠣᠩᠭᠣᠯ ᠭᠡᠷ ᠮᠠᠶᠢᠭ᠎ᠤᠨ ᠪᠠᠷᠢᠯᠭ᠎ᠠ ᠲᠣᠳᠣᠷᠬᠠᠶ ᠢᠯᠡᠷᠡᠵᠦ᠍᠂ ᠨᠢᠭᠡᠨ ᠪᠠᠷᠢᠯᠭ᠎ᠠ᠎ᠶ᠋ᠢᠨ ᠳᠣᠲᠣᠷ᠎ᠠ ᠨᠢ ᠨᠢᠭᠡ ᠬᠥᠮᠦᠨ ᠬᠡᠳᠡ ᠳᠡᠭᠡᠷ᠎ᠡ ᠰᠠᠭᠤᠵᠤ᠂ ᠬᠠᠵᠠᠭᠤ᠎ᠳᠤᠨᠢ ᠲᠠᠤᠯᠠᠢ᠎ᠶ᠋ᠢᠨ ᠲᠣᠯᠣᠭᠠᠶ᠎ᠲᠠᠶ ᠲᠡᠷᠢᠬᠦᠳᠡᠨ ᠰᠠᠪᠠ ᠡᠷᠭᠦᠨ ᠰᠥᠭᠥᠳᠴᠦ᠍᠂ ᠨᠥᠭᠥᠭᠡ ᠨᠢᠭᠡ ᠪᠠᠷᠢᠯᠭ᠎ᠠ᠎ᠶ᠋ᠢᠨ ᠬᠣᠶᠠᠷ ᠲᠠᠯ᠎ᠠ᠎ᠳᠤᠨᠢ ᠲᠤᠰ ᠲᠤᠰ ᠨᠢᠭᠡᠨ ᠲᠡᠬᠦᠯᠢᠨ ᠨᠢᠰᠴᠤ ᠪᠠᠢᠭ᠎ᠠ ᠬᠥᠮᠦᠨ᠎ᠦ ᠳᠦᠷᠰᠦ᠎ᠶ᠋ᠢ ᠰᠡᠢᠯᠵᠡᠢ᠃ ᠡᠳᠡᠭᠡᠷ ᠵᠢᠷᠤᠭ ᠳᠦᠷᠰᠦ ᠨᠢ ᠬᠠᠨ ᠤᠯᠤᠰ᠎ᠤᠨ ᠦᠶ᠎ᠡ᠎ᠳᠦ ᠳᠡᠯᠭᠡᠷᠡᠵᠦ᠍ ᠪᠠᠢᠭ᠍ᠰᠠᠨ ᠳᠣᠮᠣᠭ ᠶᠠᠷᠢᠶᠠᠨ᠎ᠤ ᠨᠥᠯᠥᠭᠡ᠎ᠵᠢ ᠬᠦᠷᠳᠡᠭᠰᠡᠨ ᠨᠢ ᠢᠯᠡᠷᠭᠡᠢ ᠪᠠᠢᠵᠤ᠂ ᠡᠯ᠎ᠡ ᠦᠨᠳᠦᠰᠦᠲᠡᠨ᠎ᠦ ᠰᠣᠶᠣᠯ᠎ᠤᠨ ᠰᠣᠯᠢᠯᠴᠠᠭ᠎ᠠ᠎ᠶ᠋ᠢ ᠲᠤᠰᠭᠠᠭ᠍ᠰᠠᠨ ᠪᠠᠢᠨ᠎ᠠ᠃

ᠮᠠᠨᠳᠤᠯ ᠪᠠᠯᠭᠠᠰᠤᠨ ᠡᠴᠡ ᠪᠠᠷᠠᠭᠤᠨ ᠡᠮᠦᠨᠡᠰᠢ 68 ᠺᠢᠯᠣᠮᠧᠲ᠋ᠷ ᠵᠠᠢᠳᠠᠢ ᠪᠠᠢᠭ᠎ᠠ ᠮᠢᠩᠭᠠᠳᠤ ᠪᠠᠯᠭᠠᠰᠤ ᠵᠢᠨ ᠴᠢᠶᠠᠩ ᠫᠠᠨ ᠬᠦᠷᠢᠶ᠎ᠡ ᠵᠢᠨ ᠬᠠᠳᠠᠨ ᠵᠢᠷᠤᠭ᠎ᠤᠨ ᠤᠷᠤᠨ ᠳ᠋ᠤ ᠪᠤᠢ 《ᠠᠳᠤᠭᠤᠨ ᠎ᠤ ᠵᠢᠷᠤᠭ》 ᠲᠸ᠋᠂ ᠠᠳᠤᠭᠤᠴᠢᠳ ᠪᠠᠷᠠᠭᠤᠨ ᠳᠣᠣᠷ᠎ᠠ ᠲᠠᠯ᠎ᠠ᠎ᠳᠤᠨᠢ ᠵᠣᠭ᠍ᠰᠣᠵᠤ᠂ ᠬᠡᠳᠦᠨ ᠠᠷᠪᠠᠨ ᠠᠳᠤᠭᠤ ᠲᠠᠭᠠᠳᠠᠢ ᠪᠡᠯᠴᠢᠨ᠎ᠡ᠃ ᠡᠨᠡ ᠬᠦ᠌ ᠬᠠᠲᠠᠨ ᠵᠢᠷᠤᠭ ᠨᠢ ᠨᠡᠭᠦᠳᠡᠯᠴᠢᠨ ᠦᠨᠳᠦᠰᠦᠲᠡᠨ᠎ᠦ ᠦᠶ᠋ᠯᠡᠳᠪᠦᠷᠢᠯᠡᠯ ᠠᠮᠢᠳᠤᠷᠠᠯ᠎ᠢ᠋ ᠰᠤᠳᠤᠯᠬᠤ᠎ᠳᠤ ᠬᠣᠪᠣᠷ ᠨᠠᠨᠳᠢᠨ ᠮᠠᠲ᠋ᠧᠷᠢᠶᠠᠯ ᠬᠠᠩᠭᠠᠪᠠ᠃

ᠳᠠᠷᠬᠠᠨ ᠮᠤᠸ᠋ᠮᠢᠩᠭᠠᠨ ᠬᠣᠯᠪᠣᠭᠠᠲᠤ ᠬᠣᠱᠢᠭᠤᠨ᠎ᠤ ᠮᠦᠽᠧᠶ᠎ᠶ᠋ᠢᠨ ᠬᠠᠲᠠᠨ ᠵᠢᠷᠤᠭ᠎ᠤᠨ ᠦᠵᠡᠭᠦᠯᠭᠡ᠎ᠶ᠋ᠢᠨ ᠲᠢᠩᠬᠢᠮ᠎ᠳᠦ ᠤᠷᠤᠪᠠᠯ᠂ ᠬᠠᠭᠤᠴᠢᠨ ᠴᠢᠯᠠᠭᠤᠨ ᠵᠡᠪᠰᠡᠭ᠎ᠦᠨ ᠦᠶ᠎ᠡ᠎ᠶ᠋ᠢᠨ ᠰᠡᠭᠦᠯᠴᠢ᠎ᠶ᠋ᠢᠨ ᠬᠤᠭᠤᠴᠠᠭ᠎ᠠ᠂ ᠱᠢᠨ᠎ᠡ ᠴᠢᠯᠠᠭᠤᠨ ᠵᠡᠪᠰᠡᠭ᠎ᠦᠨ ᠦᠶ᠎ᠡ᠂ ᠬᠦᠷᠡᠯ ᠵᠡᠪᠰᠡᠭ᠎ᠦᠨ ᠦᠶ᠎ᠡ᠂ ᠴᠦᠨ ᠴᠢᠦ ᠪᠠᠢᠯᠳᠤᠭᠠᠨᠲᠤ ᠤᠯᠤᠰ ᠴᠢᠨ ᠤᠯᠤᠰ ᠬᠠᠨ ᠤᠯᠤᠰ᠎ᠤᠨ ᠦᠶ᠎ᠡ᠂ ᠮᠢᠩ ᠴᠢᠩ᠎ᠦᠨ ᠦᠶ᠎ᠡ ᠬᠡᠬᠦᠴᠢᠯᠡᠨ 10 ᠱᠠᠲᠤ ᠦᠶ᠎ᠡ᠎ᠶ᠋ᠢᠨ ᠬᠠᠲᠠᠨ ᠵᠢᠷᠤᠭ᠎ᠢ ᠳᠡᠯᠭᠡᠨ ᠦᠵᠡᠭᠦᠯᠵᠦ᠍᠂ ᠲᠠᠯ᠎ᠠ ᠨᠤᠲᠤᠭ᠎ᠤᠨ ᠰᠣᠶᠣᠯ᠎ᠤᠨ ᠭᠠᠢᠬᠠᠮᠰᠢᠭ᠎ᠢ ᠭᠠᠢᠬᠠᠭᠤᠯᠤᠨ᠎ᠠ᠃

《ᠪᠠᠭᠠᠳᠤᠷᠯᠢᠬ ᠲᠠᠷᠬᠠᠨ ᠮᠤᠤᠮᠢᠩᠭᠠᠨ》 ᠤ᠋ ᠠᠯᠳᠠᠷ ᠠᠯᠤᠰ ᠲᠦ᠍ ᠴᠤᠤᠷᠢᠶᠠᠳᠤᠨ᠎ᠠ

ᠠᠢᠪᠡᠭ᠎ᠠ ᠭᠣᠣᠯ᠎ᠤᠨ ᠡᠮᠦᠨᠡᠬᠢ ᠬᠡᠦᠬᠡᠨ ᠠᠭᠤᠯᠠᠨ ᠳᠡᠭᠡᠷ᠎ᠡ ᠪᠦᠬᠦ᠌ ᠤᠯᠤᠰ᠎ᠤᠨ ᠠᠷᠠᠳ᠎ᠤᠨ ᠲᠥᠯᠥᠭᠡᠯᠡᠭ᠌ᠴᠢᠳ᠎ᠦᠨ ᠶᠡᠬᠡ ᠬᠤᠷᠠᠯ᠎ᠤᠨ ᠪᠠᠢᠩᠭᠤ᠎ᠶ᠋ᠢᠨ ᠬᠣᠷᠢᠶ᠎ᠠ ᠵᠢᠨ ᠤᠤᠯ᠎ᠤᠨ ᠳᠡᠳ᠋ ᠬᠤᠷᠢᠶᠠᠨ ᠳᠠᠷᠤᠭ᠎ᠠ ᠪᠦᠬᠡ᠎ᠶ᠋ᠢᠨ ᠪᠢᠴᠢᠭ᠌ᠰᠡᠨ 《ᠪᠠᠲᠤᠬᠠᠭᠠᠯᠭ᠎ᠠ᠎ᠶ᠋ᠢᠨ ᠶᠠᠫᠣᠨ᠎ᠢ ᠡᠰᠡᠷᠭᠦᠴᠡᠬᠦ᠌ ᠵᠡᠪᠰᠡᠭ᠌ᠲᠦ ᠪᠣᠰᠣᠯᠭ᠎ᠠ᠎ᠶ᠋ᠢᠨ ᠳᠤᠷᠠᠰᠭᠠᠯ᠎ᠤᠨ ᠬᠥᠱᠢᠢ᠎ᠡ》 ᠭᠡᠬᠦ᠌ ᠠᠯᠳᠠᠨ ᠦᠰᠦᠭ ᠨᠡᠷᠡᠨ᠎ᠦ ᠭᠡᠷᠡᠯ᠎ᠳᠦ ᠬᠢᠯᠠᠯᠵᠠᠨ᠎ᠠ᠃

ᠪᠠᠲᠤᠬᠠᠭᠠᠯᠭ᠎ᠠ᠎ᠶ᠋ᠢᠨ ᠶᠠᠫᠣᠨ᠎ᠢ ᠡᠰᠡᠷᠭᠦᠴᠡᠬᠦ᠌ ᠵᠡᠪᠰᠡᠭ᠌ᠲᠦ ᠪᠣᠰᠣᠯᠭ᠎ᠠ᠎ᠶ᠋ᠢᠨ ᠳᠤᠷᠠᠰᠭᠠᠯ᠎ᠤᠨ ᠣᠷᠳᠣᠨ᠎ᠳᠤ ᠬᠥᠮᠦᠨ ᠬᠠᠷ᠎ᠠ ᠬᠤᠷᠠᠨ ᠴᠤᠭ᠍ᠯᠠᠷᠠᠵᠤ ᠦᠤᠭᠡ ᠲᠡᠦᠭᠡ ᠵᠢ ᠡᠷᠬᠢᠴᠡᠬᠦᠯᠦᠨ᠎ᠡ᠃

《ᠥᠪᠡᠷᠲᠡᠭᠡᠨ ᠵᠠᠰᠠᠬᠤ ᠣᠷᠣᠨ᠎ᠤ ᠤᠯᠤᠰ᠎ᠢᠶᠠᠨ ᠬᠠᠢᠷᠠᠯᠠᠬᠤ ᠦᠵᠡᠯ᠎ᠦᠨ ᠬᠥᠮᠦᠵᠢᠯ᠎ᠦᠨ ᠰᠠᠭᠤᠷᠢᠨ ᠪᠠ ᠪᠤᠭᠤᠲᠤ ᠬᠣᠲᠠ᠎ᠶ᠋ᠢᠨ ᠨᠠᠮᠴᠢ ᠴᠢᠨᠠᠷ᠎ᠤᠨ ᠬᠥᠮᠦᠵᠢᠯ᠎ᠦᠨ ᠰᠠᠭᠤᠷᠢᠨ ᠪᠣᠯᠤᠭ᠍ᠰᠠᠨ᠎ᠤ ᠬᠤᠪᠢ᠎ᠳᠤ ᠡᠨᠳᠡ ᠵᠢᠯ ᠪᠦᠷᠢ ᠪᠥᠬᠥ᠌ ᠤᠯᠤᠰ᠎ᠤᠨ ᠡᠯ᠎ᠡ ᠭᠠᠵᠠᠷ᠎ᠠᠴᠠ 2 ᠲᠦᠮᠡ ᠭᠠᠷᠤᠶ ᠬᠥᠮᠦᠨ ᠢᠷᠡᠵᠦ᠂ ᠦᠷᠡᠭ᠌ᠳᠡᠭ᠌ᠰᠡᠨ ᠪᠠᠭᠠᠲᠤᠷᠴᠤᠳ᠎ᠢᠶᠠᠨ ᠰᠠᠨᠠᠭᠠᠯᠵᠠᠵᠤ᠂ ᠤᠯᠤᠰ᠎ᠢᠶᠠᠨ ᠬᠠᠢᠷᠠᠯᠠᠬᠤ ᠦᠵᠡᠯ᠎ᠦᠨ ᠬᠥᠮᠦᠵᠢᠯ ᠭᠥᠷᠳᠡᠵᠦ᠍ ᠪᠠᠢᠨ᠎ᠠ》 ᠭᠡᠵᠦ᠍ ᠳᠠᠷᠬᠠᠨ ᠮᠤᠸ᠋ᠮᠢᠩᠭᠠᠨ ᠬᠣᠯᠪᠣᠭᠠᠲᠤ ᠬᠣᠱᠢᠭᠤᠨ᠎ᠤ ᠴᠡᠷᠢᠭ᠎ᠡᠴᠡ ᠬᠠᠯᠠᠭ᠍ᠳᠠᠭ᠍ᠰᠠᠳ᠎ᠤᠨ ᠦᠶ᠋ᠯᠡᠴᠢᠯᠡᠭᠡᠨ᠎ᠦ ᠲᠥᠪ᠎ᠦᠨ ᠡᠷᠬᠢᠯᠡᠭ᠌ᠴᠢ ᠵᠠᠩ ᠶᠤᠸᠠᠨ ᠹᠸᠩ ᠬᠡᠯᠡᠪᠡ᠃

1936 ᠣᠨ᠎ᠤ 2 ᠰᠠᠷ᠎ᠠ᠎ᠶ᠋ᠢᠨ 21 ᠎ᠤ᠋ ᠦᠳᠠᠰᠢ᠂ ᠳᠤᠮᠳᠠᠳᠤ ᠤᠯᠤᠰ᠎ᠤᠨ ᠡᠪ ᠬᠠᠮᠲᠤ ᠨᠠᠮ᠎ᠤᠨ ᠪᠠᠷᠠᠭᠤᠨ ᠮᠣᠩᠭᠣᠯ᠎ᠤᠨ ᠠᠵᠢᠯ᠎ᠤᠨ ᠬᠣᠷᠢᠶ᠎ᠠ ᠵᠢᠨ ᠱᠦᠵᠢ ᠤᠯᠠᠭᠠᠨᠬᠦᠦ᠍᠎ᠶ᠋ᠢᠨ ᠨᠠᠷᠢᠨ ᠨᠢᠮᠪᠠᠢ ᠤᠬᠠᠭᠠᠯᠠᠭ᠎ᠠ᠎ᠪᠠᠷ ᠶᠦᠨ ᠵᠶ᠋ᠢ ᠱᠢᠶᠠᠨ᠂ ᠵᠦ᠍ ᠱ᠌ᠢ ᠹᠦ᠋᠂ ᠶᠦᠨ ᠸᠧᠢ᠎ᠨᠡᠷ᠎ᠦᠨ ᠳᠠᠭᠠᠭᠤᠯᠤᠭ᠍ᠰᠠᠨ ᠮᠣᠩᠭᠣᠯ ᠭᠠᠵᠠᠷ᠎ᠤᠨ ᠥᠪᠡᠷᠲᠡᠭᠡᠨ ᠵᠠᠰᠠᠬᠤ ᠵᠠᠰᠠᠭ᠎ᠤᠨ ᠶᠠᠪᠤᠳᠠᠯ᠎ᠤᠨ ᠬᠣᠷᠢᠶ᠎ᠠ ᠵᠢᠨ ᠠᠮᠤᠷ᠎ᠢ ᠬᠠᠮᠠᠭᠠᠯᠠᠬᠤ ᠠᠩᠭᠢ᠎ᠶ᠋ᠢᠨ ᠮᠢᠩᠭ᠎ᠠ ᠭᠠᠷᠤᠢ ᠤᠯᠤᠰ ᠵᠢᠡᠨ ᠬᠠᠢᠷᠠᠯᠠᠬᠤ ᠳᠠᠷᠤᠭ᠎ᠠ ᠪᠠᠢᠯᠳᠤᠭ᠍ᠴᠢᠳ ᠵᠢᠷᠭᠤᠭᠠᠨ ᠵᠠᠮ ᠬᠤᠪᠢᠶᠠᠨ ᠵᠡᠷᠭᠡ᠎ᠪᠡᠷ ᠬᠥᠳᠡᠯᠦᠯᠴᠡᠵᠦ᠍᠂ ᠶᠠᠫᠤᠨ ᠲᠦᠷᠢᠮᠡᠭᠡᠢᠯᠡᠭᠴᠢᠳ᠎ᠤᠨ ᠪᠠᠢᠴᠠᠭᠠᠬᠤ ᠭᠠᠵᠠᠷ᠎ᠢ ᠬᠡᠨᠡᠳᠡᠬᠦᠯᠦᠨ ᠲᠠᠭᠠᠷᠢᠵᠤ᠂ ᠴᠡᠷᠢᠭ᠎ᠦᠨ ᠵᠡᠪᠰᠡᠭ᠎ᠦᠨ ᠬᠥᠮᠥᠷᠭᠡ᠎ᠶ᠋ᠢ ᠪᠤᠯᠢᠶᠠᠨ ᠠᠪᠴᠤ᠌᠂ ᠬᠣᠷᠢᠭᠤᠯ᠎ᠤᠨ ᠭᠠᠵᠠᠷ᠎ᠢ ᠨᠡᠭᠡᠭᠡᠵᠦ᠍᠂ ᠷᠠᠳᠢᠣ᠋ ᠬᠤᠷᠢᠶ᠎ᠠ᠎ᠶ᠋ᠢ ᠡᠪᠳᠡᠵᠦ᠍᠂ ᠺᠠᠳ᠋ᠷ᠎ᠤᠨ ᠪᠣᠯᠪᠠᠰᠤᠷᠠᠯ᠎ᠤᠨ ᠠᠩᠭᠢ᠎ᠶ᠋ᠢ ᠳᠠᠭᠠᠷᠢᠨ ᠡᠵᠡᠯᠡᠪᠠ᠃ ᠬᠣᠶᠠᠷ ᠴᠠᠭ ᠭᠠᠷᠤᠢ ᠱᠢᠷᠦᠭᠦᠨ ᠪᠠᠢᠯᠳᠤᠭᠠᠳ ᠶᠠᠫᠣᠨ᠎ᠤ ᠲᠦᠷᠢᠮᠡᠬᠡᠢᠯᠡᠭ᠌ᠴᠢᠳ ᠲᠸ᠋ ᠬᠦᠨᠳᠦ ᠴᠣᠬᠢᠯᠲᠠ ᠥᠭ᠌ᠴᠦ᠂ ᠶᠠᠫᠣᠨ᠎ᠤ ᠥᠪᠥᠷ ᠮᠣᠩᠭᠣᠯ ᠣᠷᠣᠨ᠎ᠢ ᠲᠦᠷᠢᠮᠡᠬᠡᠢᠯᠡᠬᠦ᠌ ᠲᠥᠯᠥᠪᠯᠡᠭᠡ᠎ᠶ᠋ᠢ ᠤᠳᠠᠭᠠᠱᠢᠷᠠᠭᠤᠯᠵᠤ᠂ ᠳᠤᠮᠳᠠᠳᠤ ᠤᠯᠤᠰ᠎ᠤᠨ ᠠᠷᠠᠳ ᠲᠦᠮᠡᠨ᠎ᠦ ᠶᠠᠫᠣᠨ᠎ᠢ ᠡᠰᠡᠷᠭᠦᠴᠡᠬᠦ᠌ ᠲᠠᠢ᠌ᠨ᠎ᠦ ᠲᠡᠦᠬᠡᠨ ᠳᠡᠭᠡᠷ᠎ᠡ ᠭᠡᠷᠡᠯ ᠰᠠᠴᠤᠷᠠᠩᠭᠤᠢ ᠬᠠᠭᠤᠳᠠᠰᠤ᠎ᠶ᠋ᠢ ᠪᠢᠴᠢᠭ᠌ᠯᠡᠭ᠌ᠰᠡᠨ ᠪᠠᠢᠨ᠎ᠠ᠃

1964 ᠣᠨ᠎ᠤ 2 ᠰᠠᠷ᠎ᠠ᠎ᠶ᠋ᠢᠨ 9 ᠎ᠤ᠋ ᠡᠳᠦᠷ᠂ ᠱᠢᠨᠡᠪᠤᠯᠠᠭ ᠰᠤᠮᠤ ᠵᠢᠨ 11 ᠨᠠᠰᠤᠳᠠᠢ ᠯᠥᠩ ᠮᠧᠶ ᠪᠣᠯᠤᠨ 8 ᠨᠠᠰᠤᠳᠠᠢ ᠢᠦᠢ ᠷᠦᠩ ᠰᠠᠢ᠌ᠨ ᠳᠤᠷ᠎ᠠ᠎ᠠᠴᠠ᠎ᠪᠠᠨ ᠦᠢᠯᠡᠳᠪᠦᠷᠢᠯᠡᠯ᠎ᠦᠨ ᠪᠠᠷᠢᠭᠠᠳᠠ᠎ᠳᠤ ᠬᠤᠨᠢ ᠬᠠᠷᠢᠭᠤᠯᠵᠤ ᠥᠭ᠌ᠪᠡ᠃ ᠲᠤᠰ ᠡᠳᠦᠷ᠎ᠦᠨ ᠦᠳᠡ᠎ᠶ᠋ᠢᠨ ᠦᠶ᠎ᠡ᠎ᠪᠡᠷ ᠴᠠᠰᠤᠨ ᠱᠢᠭᠤᠷᠭ᠎ᠠ ᠪᠤᠯᠵᠤ᠂ ᠲᠠᠯ᠎ᠠ ᠨᠤᠲᠤᠭ᠎ᠲᠸ᠋ ᠮᠠᠰᠢ ᠶᠡᠭᠡ ᠰᠦᠷᠳᠡᠬᠦᠯᠦᠯ ᠪᠤᠯᠵᠠᠢ᠃ ᠡᠭᠡᠴᠢ ᠳᠡᠭᠦᠦ ᠬᠣᠶᠠᠭᠤᠯᠠ ᠠᠮᠢ ᠪᠠᠶ᠎ᠠ ᠪᠠᠨ ᠴᠦᠯᠡᠵᠦ ᠬᠠᠮᠲᠤ᠎ᠶ᠋ᠢᠨ ᠬᠣᠨᠢᠨ ᠰᠦᠷᠦᠭ᠎ᠢ ᠬᠠᠮᠠᠭᠠᠯᠠᠬᠤ ᠵᠢᠨ ᠲᠦᠯᠦᠭᠡ ᠴᠠᠰᠤ ᠱᠢᠭᠤᠷᠭ᠎ᠠ ᠲᠠᠢ 20 ᠭᠠᠷᠤᠶ ᠴᠠᠭ ᠲᠡᠮᠡᠴᠡᠵᠡᠶ᠃

ᠨᠢᠭᠡᠨ ᠦᠶ᠎ᠡ ᠲᠠᠯ᠎ᠠ ᠨᠤᠲᠤᠭ᠎ᠤᠨ ᠪᠢᠴᠢᠬᠠᠨ ᠪᠠᠭᠠᠲᠤᠷ ᠡᠭᠡᠴᠢ ᠥᠬᠢᠨ ᠳᠡᠭᠦᠦ᠍᠎ᠶ᠋ᠢᠨ ᠦᠯᠢᠭᠡᠷ᠎ᠢ ᠺᠢᠨᠣ᠋ ᠪᠣᠯᠭᠠᠨ ᠰᠡᠭᠦᠳᠡᠷᠯᠡᠵᠦ᠍᠂ ᠲᠠᠢᠰᠠᠨ᠎ᠳᠤ ᠭᠠᠷᠭᠠᠨ᠂ ᠪᠠᠭ᠎ᠠ ᠰᠤᠷᠭᠠᠭᠤᠯᠢ᠎ᠶ᠋ᠢᠨ ᠬᠢᠴᠢᠶᠡᠯ᠎ᠦᠨ ᠪᠢᠴᠢᠭ᠎ᠲᠦ ᠣᠷᠣᠭᠤᠯᠵᠤ᠂ ᠪᠢᠴᠢᠭ᠎ᠦᠨ ᠬᠡᠷᠡᠭ᠌ᠰᠡᠯ᠎ᠦᠨ ᠬᠠᠢᠷᠴᠠᠭ᠎ᠲᠤ ᠳᠠᠷᠤᠮᠠᠯᠯᠠᠪᠠ ᠁ ᠪᠢᠴᠢᠬᠠᠨ ᠪᠠᠭᠠᠳᠤᠷ ᠡᠭᠡᠴᠢ ᠲᠡᠬᠦᠦ ᠬᠤᠶᠠᠷ᠎ᠤᠨ ᠦᠢᠯᠡ ᠠᠵᠢᠯᠯᠠᠭ᠎ᠠ ᠨᠢ ᠲᠦᠭ ᠲᠦᠮᠡᠨ ᠬᠥᠮᠦᠰ᠎ᠦᠨ ᠰᠡᠳᠭᠢᠯ᠎ᠦᠨ ᠬᠥᠪᠴᠢ᠎ᠶ᠋ᠢ ᠴᠢᠪᠬᠠᠳᠠᠵᠤ᠂ ᠲᠡᠳᠡᠨ᠎ᠦ ᠵᠣᠷᠢᠭ ᠰᠠᠨᠠᠭ᠎ᠠ ᠨᠢ ᠤᠳᠤ ᠪᠣᠯᠲᠠᠯ᠎ᠠ ᠲᠠᠯ᠎ᠠ ᠨᠤᠲᠤᠭ᠎ᠤᠨ ᠬᠦᠮᠦᠰ᠎ᠢ ᠨᠥᠯᠥᠭᠡᠯᠡᠵᠦ᠍᠂ ᠪᠦᠬᠦ᠌ ᠤᠯᠤᠰ᠎ᠤᠨ ᠱᠢᠯᠢᠳᠡᠭ ᠡᠪ ᠬᠠᠮᠲᠤ ᠨᠠᠮ᠎ᠤᠨ ᠭᠡᠱᠢᠭᠦᠨ ᠫᠠᠨ ᡁᠢ ᠷᠦᠩ᠂ ᠪᠦᠬᠦ᠌ ᠤᠯᠤᠰ᠎ᠤᠨ ᠶᠣᠰᠣ ᠰᠤᠷᠲᠠᠬᠤᠨ᠎ᠤ ᠵᠢᠱ᠌ᠢᠶᠡᠴᠢ ᠠᠳᠢᠶ᠎ᠠ ᠵᠡᠷᠭᠡ ᠱᠢᠨ᠎ᠡ ᠴᠠᠭ ᠦᠶ᠎ᠡ᠎ᠶ᠋ᠢᠨ 《ᠳᠠᠷᠬᠠᠨ ᠮᠤᠸ᠋ᠮᠢᠩᠭᠠᠨ᠎ᠤ ᠪᠠᠭᠠᠲᠤᠷ》 ᠢ᠋ ᠬᠦᠮᠦᠵᠢᠬᠦᠯᠪᠠ᠃

2009 ᠣᠨ᠎ᠳᠤ᠂ ᠯᠥᠩ ᠮᠧᠶ᠂ ᠢᠦᠶ ᠷᠦᠩ 《ᠱᠢᠨ᠎ᠡ ᠳᠤᠮᠳᠠᠳᠤ ᠤᠯᠤᠰ ᠪᠠᠢᠭᠤᠯᠤᠭ᠍ᠳᠠᠭ᠍ᠰᠠᠨ᠎ᠠᠴᠠ ᠨᠠᠭᠠᠱᠢᠬᠢ ᠳᠤᠮᠳᠠᠳᠤ ᠤᠯᠤᠰ᠎ᠢ ᠳᠣᠭ᠍ᠳᠣᠯᠤᠭᠤᠯᠤᠭ᠍ᠰᠠᠨ 100 ᠬᠥᠮᠦᠨ》 ᠢ᠋ᠢᠡᠷ ᠦᠨᠡᠯᠡᠭ᠌ᠳᠡᠪᠡ᠃ 2022 ᠣᠨ᠎ᠳᠤ᠂ ᠮᠢᠩᠭᠠᠳᠤ ᠵᠢᠨ ᠲᠠᠯ᠎ᠠ ᠨᠤᠲᠤᠭ᠎ᠢ ᠤᠯᠤᠰ᠎ᠤᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠲᠣᠪᠴᠢᠢ᠎ᠠ᠂ ᠤᠯᠤᠰ᠎ᠤᠨ ᠤᠢ ᠱᠢᠭᠤᠢ ᠪᠠ ᠲᠠᠯ᠎ᠠ ᠨᠤᠲᠤᠭ᠎ᠤᠨ ᠲᠣᠪᠴᠢᠢ᠎ᠠ᠎ᠠᠴᠠ ᠨᠢᠭᠡᠳᠦᠭᠡᠷ ᠪᠦᠯᠦᠭ᠎ᠦᠨ 《ᠬᠤᠪᠢᠰᠭᠠᠯᠲᠤ ᠲᠠᠯ᠎ᠠ ᠨᠤᠲᠤᠭ》 ᠬᠡᠮᠡᠨ ᠨᠡᠷᠡᠢᠳᠪᠡ᠃

ᠮᠣᠩᠭᠣᠯ ᠦᠨᠳᠦᠰᠦᠲᠡᠨ᠎ᠦ ᠳᠠᠷᠬᠠᠨ᠂ ᠮᠤᠤᠮᠢᠩᠭᠠᠨ᠎ᠭᠡᠬᠦ ᠬᠤᠶᠠᠷ ᠠᠢᠮᠠᠭ᠎ᠤᠨ ᠨᠡᠷᠡᠢᠳᠦᠯ ᠡᠴᠡ ᠢᠷᠡᠯᠳᠡ ᠲᠠᠢ ᠳᠠᠷᠬᠠᠨ ᠮᠤᠸ᠋ᠮᠢᠩᠭᠠᠨ ᠬᠤᠯᠪᠤᠭᠠᠳᠤ ᠬᠣᠱᠢᠭᠤ ᠴᠣ᠋ ᠱᠢᠨ᠎ᠡ ᠴᠣᠭ ᠵᠢᠪᠬᠤᠭ᠎ᠠ᠎ᠪᠡᠷ ᠳᠡᠯᠡᠬᠡᠶ ᠳ᠋ᠠᠬᠢᠨ᠎ᠳᠤ ᠥᠪᠡᠷᠮᠢᠴᠡ ᠲᠠᠳᠠᠬᠤ ᠬᠦᠴᠦᠨ ᠵᠢᠡᠨ ᠢᠯᠡᠷᠡᠬᠦᠯᠵᠦ ᠪᠤᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号