ᠤᠯᠠᠷᠢᠯ ᠬᠡᠮᠡᠭ᠌ᠴᠢ
2025-12-17 11:00:36
ᠵᠣᠬᠢᠶᠠᠭ᠍ᠴᠢ᠄
ᠮᠦ᠍᠊·ᠰᠣᠶᠣᠯᠴᠡᠴᠡᠭ
ᠣᠩᠱᠢᠭ᠍ᠰᠠᠨ ᠣᠳᠠᠭ᠎ᠠ᠄
★★★☆☆

1

ᠪᠤᠷᠭᠠᠰᠦ ᠭᠥᠯᠥᠭᠡᠯᠡᠨ ᠨᠤᠭᠤᠭᠠᠨ᠎ᠢᠶᠠᠷ ᠪᠣᠢᠲᠤᠭ᠍ᠯᠠᠵᠤ

ᠨᠠᠪᠴᠢ᠎ᠪᠠᠷ ᠭᠤᠯᠬᠢᠬᠤ᠎ᠶ᠋ᠢ

ᠬᠠᠪᠤᠷ ᠭᠡᠳᠡᠭ

ᠲᠠᠭᠠᠨ᠎ᠠ᠎ᠶ᠋ᠢᠨ ᠲᠣᠯᠣᠭᠠᠢ ᠴᠠᠭᠠᠨ᠎ᠢᠶᠠᠷ ᠵᠠᠮᠪᠠᠭᠠᠯᠠᠵᠤ

ᠲᠠᠯ᠎ᠠ᠎ᠶ᠋ᠢᠨ ᠬᠥᠷᠦᠰᠦ᠎ᠶ᠋ᠢ ᠲᠠᠢᠳᠭᠣᠷᠠᠭᠤᠯᠬᠤ᠎ᠶ᠋ᠢ

ᠵᠤᠨ ᠭᠡᠳᠡᠭ

ᠮᠤᠳᠤᠳ ᠱᠢᠷᠠᠯᠠᠨ ᠵᠢᠮᠢᠰ᠎ᠢᠶᠠᠷ ᠥᠨᠳᠡᠭᠡᠯᠡᠵᠤ

ᠨᠠᠪᠴᠢ᠎ᠪᠠᠨ ᠰᠠᠯᠬᠢᠨ᠎ᠳᠤ ᠪᠤᠯᠢᠶᠠᠭ᠍ᠳᠠᠬᠤ᠎ᠶ᠋ᠢ

ᠨᠠᠮᠤᠷ ᠭᠡᠳᠡᠭ

ᠴᠢᠷᠭ᠎ᠠ᠎ᠶ᠋ᠢᠨ ᠳᠡᠭᠡᠰᠦ ᠴᠠᠩ ᠬᠦᠦᠷᠭᠡ᠎ᠪᠠᠷ ᠰᠣᠷᠮᠣᠣᠰᠣᠯᠠᠵᠤ

ᠡᠳᠦᠷ ᠪᠣᠭᠤᠨᠢᠳᠦᠨ ᠰᠦᠨᠢ ᠤᠷᠳᠤᠰᠭᠤ᠎ᠶ᠋ᠢ

ᠡᠪᠦᠯ ᠭᠡᠳᠡᠭ

2

ᠬᠡᠯᠡᠭᠡᠢ ᠰᠠᠯᠬᠢᠨ᠎ᠤ ᠬᠥᠯ ᠬᠦᠨᠳᠦᠷᠴᠦ᠍

ᠤᠤᠯᠭ᠎ᠠ ᠠᠯᠲᠠᠨ ᠶᠣᠣᠯᠠᠬᠤ᠎ᠶ᠋ᠢ

ᠬᠠᠪᠤᠷ ᠭᠡᠳᠡᠭ

ᠲᠣᠩᠭᠠᠯᠠᠭ ᠤᠰᠤᠨ᠎ᠤ ᠨᠢᠭᠤᠷ ᠲᠣᠭ᠍ᠲᠠᠵᠤ

ᠰᠠᠷᠠ ᠨᠢᠴᠦᠭᠦᠯᠡᠨ ᠵᠢᠷᠭᠠᠬᠤ᠎ᠶ᠋ᠢ

ᠵᠣᠨ ᠭᠡᠳᠡᠭ

ᠴᠡᠴᠡᠭ᠎ᠤᠨ ᠳᠡᠯᠪᠢᠨ᠎ᠤ ᠬᠤᠪᠳᠤᠭ᠎ᠨᠢ ᠬᠥᠳᠡᠯᠵᠤ

ᠱᠢᠭᠦᠳᠡᠷᠢ᠎ᠪᠠᠨ ᠡᠮᠬᠦᠨ ᠠᠯᠢᠶᠠᠷᠬᠠᠬᠤ᠎ᠶ᠋ᠢ

ᠨᠠᠮᠤᠷ ᠭᠡᠳᠡᠭ

ᠡᠭᠦᠯᠡᠰ᠎ᠤᠨ ᠬᠤᠷᠮᠣᠢ᠎ᠠᠴᠠ ᠤᠩᠭᠠᠷᠢᠯ ᠤᠨᠠᠵᠤ

ᠴᠠᠰᠦᠨ ᠲᠠᠯᠠᠰᠲᠦ ᠨᠠᠮᠢᠷᠠᠨ ᠪᠦᠵᠢᠬᠦ ᠶ᠋ᠢ

ᠡᠪᠦᠯ ᠭᠡᠳᠡᠭ

3

ᠬᠠᠳᠤᠨ ᠬᠠᠷᠢᠶᠠᠴᠠᠢ᠎ᠶ᠋ᠢᠨ ᠠᠮᠠ ᠱᠢᠪᠠᠷᠳᠠᠵᠤ

ᠠᠭᠠᠷ᠎ᠲᠤ ᠲᠡᠭ ᠬᠡᠯᠬᠢᠨ ᠲᠣᠭ᠍ᠯᠠᠬᠤ᠎ᠶ᠋ᠢ

ᠬᠠᠪᠤᠷ ᠭᠡᠳᠡᠭ

ᠠᠯᠠᠭ ᠡᠷᠪᠡᠭᠡᠢ ᠰᠣᠯᠣᠩᠭ᠎ᠠ᠎ᠳᠤ ᠬᠠᠭᠤᠷᠲᠠᠵᠤ

ᠴᠡᠴᠡᠭ᠎ᠢᠶᠠᠨ ᠣᠷᠬᠢᠨ ᠬᠡᠶᠤᠷᠡᠬᠦ᠌᠎ᠶ᠋ᠢ

ᠵᠣᠨ ᠭᠡᠳᠡᠭ

ᠬᠢᠷᠠᠭᠤ᠎ᠶ᠋ᠢᠨ ᠳᠠᠭᠠᠷᠢᠯᠲᠠ᠎ᠳᠤ ᠨᠠᠭᠤᠷ ᠬᠠᠢᠷᠰᠦᠳᠡᠵᠤ

ᠬᠠᠵᠠᠭᠤ ᠡᠷᠭᠢ᠎ᠶ᠋ᠢᠨ ᠡᠪᠡᠰᠦ ᠲᠣᠯᠣᠭᠠᠢ ᠤᠨᠵᠢᠭᠤᠯᠬᠤ᠎ᠶ᠋ᠢ

ᠨᠠᠮᠤᠷ ᠭᠡᠳᠡᠭ

ᠠᠭᠤᠯᠠᠰ᠎ᠤᠨ ᠲᠣᠯᠣᠭᠠᠢ ᠬᠦᠢᠲᠡᠨ᠎ᠳᠤ ᠴᠠᠷᠴᠠᠵᠤ

ᠤᠷᠤᠰᠭᠠᠯ ᠮᠥᠷᠡᠨ ᠮᠥᠰᠥᠨ ᠳᠡᠪᠡᠯ ᠨᠥᠮᠥᠷᠬᠦ᠌᠎ᠶ᠋ᠢ

ᠡᠪᠦᠯ ᠭᠡᠳᠡᠭ

4

ᠶᠢᠰᠦ᠎ᠶ᠋ᠢᠨ ᠬᠦᠢᠲᠡᠨ᠎ᠤ ᠠᠭᠤᠷ᠎ᠨᠢ ᠲᠠᠢᠪᠦᠰᠢᠷᠠᠵᠤ

ᠮᠥᠰᠦ ᠬᠠᠷᠬᠢᠯᠳᠤᠨ ᠰᠦᠩ ᠬᠠᠯᠢᠶ᠎ᠠ ᠤᠷᠤᠰᠭᠤ᠎ᠶ᠋ᠢ

ᠬᠠᠪᠤᠷ ᠭᠡᠳᠡᠭ

ᠬᠡᠯᠪᠡᠷᠢ ᠦᠭᠡᠢ ᠤᠰᠤ ᠳᠠᠯᠠᠪᠴᠢ ᠤᠷᠭᠤᠵᠤ

ᠨᠠᠷᠠ ᠥᠨᠥᠰᠭᠦ ᠬᠡᠵᠤ ᠨᠢᠰᠭᠦ᠎ᠶ᠋ᠢ

ᠵᠣᠨ ᠭᠡᠳᠡᠭ

ᠨᠡᠭᠦᠳᠡᠯ᠎ᠤᠨ ᠱᠢᠪᠠᠭᠤ ᠨᠤᠳᠤᠭ᠎ᠲᠠᠭᠠᠨ ᠬᠤᠷᠭᠤᠳᠠᠵᠤ

ᠲᠡᠭ᠌ᠷᠢ ᠴᠣᠭᠤᠯᠵᠤ ᠵᠠᠯᠠᠯᠠᠨ ᠤᠳᠭᠤ᠎ᠶ᠋ᠢ

ᠨᠠᠮᠤᠷ ᠭᠡᠳᠡᠭ

ᠬᠡᠷᠡᠯ ᠬᠠᠷᠠᠩᠭᠤᠢ ᠬᠡᠮᠬᠡᠯᠢᠯᠴᠡᠨ ᠡᠭᠡᠯᠵᠢᠯᠡᠵᠤ

ᠠᠮᠢᠲᠠᠳ ᠢᠴᠡᠭᠡᠯᠡᠵᠤ ᠨᠤᠢᠷ᠎ᠢᠶᠠᠨ ᠠᠪᠬᠤ᠎ᠶ᠋ᠢ

ᠡᠪᠦᠯ ᠭᠡᠳᠡᠭ

5

ᠬᠥᠭ᠌ᠯᠡᠷᠡᠭ᠌ᠰᠡᠨ ᠢᠮᠠᠭᠠᠳ᠎ᠤᠨ ᠨᠣᠣᠯᠣᠭᠤᠷ ᠬᠥᠨᠳᠡᠭ᠌ᠳᠡᠵᠦ᠍

ᠲᠣᠷᠭᠠᠨ ᠴᠠᠮᠴᠠ ᠪᠠᠨ ᠡᠮᠦᠰᠭᠦ᠎ᠶ᠋ᠢ

ᠬᠠᠪᠤᠷ ᠭᠡᠳᠡᠭ

ᠠᠳᠣᠭᠤᠳ ᠲᠣᠯᠣᠭᠠᠢ ᠵᠥᠷᠢᠭᠦᠯᠡᠨ ᠳᠡᠯ ᠡᠮᠬᠦᠯᠴᠡᠵᠤ

ᠬᠤᠮᠣᠯ᠎ᠤᠨ ᠥᠨᠥᠷ ᠬᠤᠭᠤᠯᠠᠢ ᠠᠷᠭᠠᠬᠤ᠎ᠶ᠋ᠢ

ᠵᠣᠨ ᠭᠡᠳᠡᠭ

ᠬᠤᠨᠢᠳ ᠡᠷᠭᠢ ᠰᠡᠭᠦᠳᠡᠷᠯᠡᠨ ᠲᠣᠯᠣᠭᠠᠢ ᠪᠦᠬᠦᠢᠯᠴᠡᠵᠤ

ᠰᠦ ᠥᠳᠭᠡᠷᠡᠨ ᠥᠷᠦᠮ᠎ᠡ ᠵᠤᠵᠠᠭᠠᠷᠠᠬᠤ᠎ᠶ᠋ᠢ

ᠨᠡᠮᠤᠷ ᠭᠡᠳᠡᠭ

ᠲᠡᠮᠡᠭᠡᠨ ᠵᠢᠩ᠎ᠤᠨ ᠳᠠᠭᠤ ᠵᠢᠩᠬᠢᠨᠡᠵᠤ

ᠪᠤᠤᠷ᠎ᠠ᠎ᠶ᠋ᠢᠨ ᠰᠠᠪᠰᠠᠯᠠᠭ᠎ᠠ ᠦᠷᠬᠦᠯᠵᠢᠯᠡᠬᠦ᠌᠎ᠶ᠋ᠢ

ᠡᠪᠦᠯ ᠭᠡᠳᠡᠭ

6

ᠲᠡᠭ᠌ᠷᠢ᠎ᠶ᠋ᠢᠨ ᠭᠡᠷᠡᠯ᠎ᠳᠤ ᠢᠪᠡᠭᠡᠭ᠌ᠳᠡᠬᠦ᠌ ᠤᠯᠠᠷᠢᠯ

ᠲᠣᠰ ᠲᠣᠰ᠎ᠤᠨ ᠦᠵᠡᠮᠵᠢ᠎ᠲᠠᠢ ᠪᠠᠢᠳᠠᠭ ᠲᠤᠯᠠ

ᠬᠠᠪᠤᠷ ᠵᠣᠨ ᠨᠠᠮᠤᠷ ᠡᠪᠦᠯ ᠭᠡᠳᠡᠭ

ᠭᠠᠵᠠᠷ᠎ᠤᠨ ᠰᠠᠪᠰᠠᠯᠠᠭᠠᠨ᠎ᠳᠤ ᠥᠩᠭᠡᠯᠡᠭ᠌ᠳᠡᠬᠦ᠌ ᠤᠯᠠᠷᠢᠯ

ᠥᠪᠡᠷ ᠥᠪᠡᠷ᠎ᠤᠨ ᠪᠤᠳᠤᠭ᠎ᠲᠠᠢ ᠪᠠᠢᠳᠠᠭ ᠲᠤᠯᠠ

ᠵᠣᠨ ᠨᠠᠮᠤᠷ ᠡᠪᠦᠯ ᠬᠠᠪᠤᠷ ᠭᠡᠳᠡᠭ

ᠪᠦᠮᠪᠦᠷᠴᠡᠭ᠎ᠤᠨ ᠡᠷᠬᠢᠯᠲᠡ᠎ᠳᠤ ᠡᠭᠡᠯᠵᠢᠯᠡᠬᠦ᠌ ᠤᠯᠠᠷᠢᠯ

ᠬᠤᠪᠢ ᠬᠤᠪᠢ᠎ᠶ᠋ᠢᠨ ᠵᠢᠷᠤᠭ᠎ᠲᠠᠢ ᠪᠠᠢᠳᠠᠭ ᠲᠤᠯᠠ

ᠨᠠᠮᠤᠷ ᠡᠪᠦᠯ ᠬᠠᠪᠤᠷ ᠵᠣᠨ ᠭᠡᠳᠡᠭ

ᠤᠷᠤᠨ ᠵᠠᠢ᠎ᠳᠤ ᠤᠷᠴᠢᠬᠤ ᠤᠯᠠᠷᠢᠯ

ᠨᠢᠭᠡ ᠨᠢᠭᠡ᠎ᠶ᠋ᠢ᠎ᠪᠠᠨ ᠬᠥᠭᠡᠭᠡᠵᠤ ᠬᠦᠢᠴᠡᠳᠡᠭ ᠦᠭᠡᠢ ᠲᠤᠯᠠ

ᠡᠪᠦᠯ ᠬᠠᠪᠤᠷ ᠵᠣᠨ ᠨᠠᠮᠤᠷ ᠭᠡᠳᠡᠭ ᠡ

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号