ᠡᠪᠦᠯ
2025-12-17 11:02:11
ᠵᠣᠬᠢᠶᠠᠭ᠍ᠴᠢ᠄
ᠪᠤᠷᠵᠢᠭᠢᠨ ᠬᠤᠪᠢᠰᠭᠠᠯᠳᠤ
ᠣᠩᠱᠢᠭ᠍ᠰᠠᠨ ᠣᠳᠠᠭ᠎ᠠ᠄
★★★☆☆


ᠲᠡᠯᠭᠡᠷᠡᠬᠦ᠌ ᠠᠮᠢᠯᠠᠬᠤ ᠪᠦᠬᠦᠨ᠎ᠤ

ᠲᠡᠭ᠌ᠵᠢᠨ ᠴᠠᠭᠠᠨ ᠠᠶᠠᠯᠭᠤ ᠡᠪᠤᠯ

ᠲᠡᠭᠡᠪᠦᠷ ᠴᠠᠭᠠᠨ ᠭᠡᠷ᠎ᠤᠨ

ᠠᠮᠢᠨ ᠴᠡᠩᠬᠡᠷ ᠤᠳᠤᠭ᠎ᠠ ᠡᠪᠤᠯ

ᠲᠡᠭᠡᠳᠦᠯᠡᠬᠦ᠌ ᠬᠦᠨᠳᠦᠯᠡᠬᠦ᠌ ᠶᠤᠰᠤᠨ᠎ᠤ

ᠪᠡᠯᠭᠡᠳᠡᠯ ᠲᠤᠷᠭᠠᠨ ᠬᠠᠳᠠᠭ ᠡᠪᠤᠯ

ᠲᠡᠯᠡᠬᠡᠢ ᠬᠦᠬᠡᠷᠭᠡᠯᠡᠭ᠌ᠰᠡᠨ ᠮᠤᠩᠭᠤᠯ᠎ᠤᠨ

ᠠᠮᠠᠨ᠎ᠤ ᠠᠷᠢᠭᠤᠨ ᠢᠷᠦᠭᠡᠯ ᠡᠪᠤᠯ




ᠬᠠᠩᠭᠠᠢ ᠠᠭᠤᠳᠠᠮ ᠨᠤᠳᠤᠭ᠎ᠤᠨ

ᠬᠠᠢᠯᠭᠠᠨ ᠴᠠᠢᠯᠭᠠᠨ ᠰᠡᠳᠭᠢᠯ ᠡᠪᠤᠯ

ᠬᠠᠴᠠᠷ ᠤᠯᠢᠶᠠᠷᠬᠠᠭ ᠦᠬᠢᠳ᠎ᠤᠨ

ᠲᠤᠷᠤᠭᠤ᠎ᠪᠠᠷ ᠨᠢᠭᠤᠭ᠍ᠰᠠᠨ ᠲᠤᠷᠠᠯᠠᠯ ᠡᠪᠤᠯ

ᠬᠠᠷᠠᠴᠠ ᠱᠦᠷᠭᠦᠭᠡᠬᠦ᠌ ᠬᠤᠷᠤᠮ᠎ᠤᠨ

ᠵᠢᠷᠦᠭᠡ ᠲᠤᠭ᠍ᠳᠤᠯᠬᠤ ᠠᠢᠵᠠᠮ ᠡᠪᠤᠯ

ᠬᠠᠮ ᠲᠡᠷᠭᠡᠨ᠎ᠤ ᠬᠦᠷᠳᠤ᠎ᠶ᠋ᠢᠨ

ᠱᠠᠷᠭᠢᠵᠦ᠍ ᠲᠤᠷᠠᠢᠬᠤ ᠮᠦᠷ ᠡᠪᠤᠯ




ᠬᠦᠯᠦᠷᠡᠵᠦ᠍ ᠴᠠᠩᠳᠤᠭ᠍ᠰᠠᠨ ᠮᠤᠷᠢᠨ᠎ᠤ

ᠠᠮᠢᠰᠭᠤᠭ᠎ᠠ ᠬᠦᠷᠬᠦ᠌ ᠵᠠᠢ ᠡᠪᠤᠯ

ᠬᠦᠯᠮᠦᠭ ᠪᠤᠭᠤᠭ᠍ᠰᠠᠨ ᠲᠡᠷᠡᠰᠤᠨ᠎ᠤ

ᠰᠠᠯᠬᠢ ᠠᠭᠠᠷᠠᠭ᠍ᠰᠠᠨ ᠨᠦᠮᠦᠷᠢ ᠡᠪᠤᠯ

ᠬᠦᠢᠳᠡᠨ ᠲᠠᠭᠠᠭᠠᠬᠤ ᠲᠡᠰᠪᠦᠷᠢ᠎ᠶ᠋ᠢᠨ

ᠦᠯᠴᠢᠷ ᠰᠠᠭᠤᠭ᠍ᠰᠠᠨ ᠲᠦᠷᠢ ᠡᠪᠤᠯ

ᠬᠦᠳᠦᠯ ᠲᠠᠪᠠᠭ᠍ᠰᠠᠨ ᠵᠠᠮ᠎ᠤᠨ

ᠬᠦᠰᠡᠯ᠎ᠢ ᠬᠦᠢᠴᠡᠭ᠌ᠰᠡᠨ ᠢᠳᠡᠭᠡᠯ ᠡᠪᠤᠯ




ᠬᠠᠨᠠᠨ᠎ᠳᠤ ᠲᠡᠯᠡᠭ᠌ᠰᠡᠨ ᠬᠤᠢᠪᠢᠨ᠎ᠤ

ᠡᠷᠴᠢ᠎ᠶ᠋ᠢ ᠱᠢᠯᠭᠠᠭ᠍ᠰᠠᠨ ᠠᠵᠢᠷᠭ᠎ᠠ ᠡᠪᠤᠯ

ᠬᠠᠶᠠᠭᠠᠨ᠎ᠳᠤ ᠤᠯᠢᠭ᠍ᠰᠠᠨ ᠴᠢᠨ᠋ᠸ᠎ᠠ᠎ᠶ᠋ᠢᠨ

ᠭᠡᠷᠡᠯ ᠬᠠᠷᠪᠤᠭ᠍ᠰᠠᠨ ᠱᠢᠨᠤᠯ ᠡᠪᠤᠯ

ᠬᠤᠳᠠ᠎ᠪᠠᠨ ᠰᠠᠬᠢᠭ᠍ᠰᠠᠨ ᠬᠤᠢᠯᠤᠭ᠎ᠤᠨ

ᠰᠡᠷᠡᠮᠵᠢ ᠠᠯᠳᠠᠬᠤ ᠦᠭᠡᠢ ᠰᠤᠨᠤᠷ ᠡᠪᠤᠯ

ᠬᠠᠩᠭᠠᠢ᠎ᠶ᠋ᠢᠨ ᠰᠡᠷᠮᠡᠭᠦᠬᠡᠨ ᠪᠡᠯᠴᠢᠭᠡᠷ᠎ᠤᠨ

ᠰᠤᠷ ᠬᠠᠶᠠᠯᠠᠭ᠍ᠰᠠᠨ ᠰᠤᠭ᠍ᠰᠤᠷᠤᠭ᠎ᠠ ᠡᠪᠤᠯ




ᠱᠢᠨᠡᠬᠡᠨ ᠰᠦᠭᠡᠭ᠌ᠯᠡᠬᠦ᠌ ᠴᠠᠰᠤᠨ᠎ᠤ

ᠮᠦᠷ ᠬᠠᠢᠭ᠍ᠰᠠᠨ ᠠᠩᠴᠢᠨ ᠡᠪᠤᠯ

ᠱᠢᠯᠢ᠎ᠶ᠋ᠢᠨ ᠬᠤᠯᠵᠢᠨ ᠦᠨᠡᠭᠡᠨ᠎ᠤ

ᠰᠡᠭᠦᠯ᠎ᠤᠨ ᠤᠷᠠᠨ ᠮᠡᠭᠡ ᠡᠪᠤᠯ

ᠱᠢᠵᠢᠷ ᠲᠤᠤᠯᠢᠶᠠᠨᠳᠤ ᠨᠠᠷᠠᠨ᠎ᠤ

ᠤᠷᠭ᠎ᠠ᠎ᠪᠠᠨ ᠬᠡᠮᠵᠢᠭ᠌ᠰᠡᠨ ᠴᠠᠭ ᠡᠪᠤᠯ

ᠰᠦᠮᠪᠦᠷ ᠶᠡᠭᠡ ᠪᠠᠢᠭᠠᠯᠢ᠎ᠶ᠋ᠢᠨ

ᠶᠢᠰᠦ᠎ᠶ᠋ᠢᠨ ᠬᠦᠢᠳᠡᠨ᠎ᠤ ᠱᠢᠪᠱᠢᠶ᠎ᠡ ᠡᠪᠤᠯ


ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号