ᠮᠤᠲ᠋ᠤᠷ ᠵᠠᠢᠳᠠᠯᠠᠭᠠᠳ ᠭᠠᠷᠤᠭ᠍ᠰᠠᠨ ᠳ᠋ᠠᠮᠪᠠ ᠭᠤᠸᠠᠢ ᠡᠳᠦᠢ ᠲᠡᠳᠦᠢ ᠤᠳᠠᠭᠠᠳ ᠪᠠᠶᠠᠷᠲᠠᠢ᠎ᠨᠢ ᠠᠷᠭ᠎ᠠ ᠦᠭᠡᠢ ᠪᠤᠴᠠᠭᠠᠳ ᠢᠷᠡᠪᠡ᠃
— ᠠᠪᠤ ᠡ᠂ ᠬᠠᠮᠢᠭ᠎ᠠ ᠶᠠᠪᠤᠭ᠍ᠰᠠᠨ ᠪᠤᠢ? ᠭᠡᠵᠤ ᠨᠤᠮ ᠤᠷᠪᠠᠭᠤᠯᠤᠭᠠᠳ ᠰᠠᠭᠤᠵᠤ ᠪᠠᠢᠭ᠍ᠰᠠᠨ ᠬᠦᠦ ᠲᠤᠯᠢ᠎ᠨᠢ ᠠᠰᠠᠭᠤᠨ᠎ᠠ᠃
— ᠪᠠᠯᠴᠢᠭᠡᠷ᠎ᠢᠶᠠᠨ ᠨᠢᠭᠡ ᠡᠷᠬᠢᠭᠡᠳ ᠢᠷᠡᠭ᠌ᠰᠡᠨ᠂ ᠰᠠᠢᠬᠠᠨ ᠪᠠᠢᠨ᠎ᠠ ᠡ ᠭᠡᠵᠤ ᠳ᠋ᠠᠮᠪᠠ ᠭᠤᠸᠠᠢ ᠱᠢᠷᠡᠭᠡᠨ ᠳᠠᠭᠡᠷ᠎ᠡ ᠲᠠᠯᠪᠢᠭᠠᠰᠤᠳᠠᠢ ᠠᠶᠠᠭ᠎ᠠ᠎ᠲᠠᠢ ᠴᠠᠢ᠎ᠠᠴᠠ ᠤᠤᠭᠤᠴᠢᠯᠠᠭ᠍ᠰᠠᠨᠢᠶᠠᠨ ᠶᠠᠷᠢᠨ᠎ᠠ᠃
ᠶᠠᠭᠤᠨᠢ ᠰᠠᠢᠬᠠᠨ ᠭᠡᠵᠤ ᠳ᠋ᠧ᠂ ᠪᠢ ᠪᠠᠰᠠ ᠲᠦᠷᠦᠬᠦᠦ ᠬᠤᠶᠠᠷ ᠡᠳᠦᠷ ᠲᠡᠷᠡᠬᠦᠷ ᠬᠦᠷᠦᠭ᠌ᠰᠡᠨ᠂ ᠡᠪᠡᠰᠤ ᠤᠷᠭᠤᠬᠤ ᠴᠠᠭ ᠴᠦ᠍ ᠪᠤᠯᠤᠭ᠎ᠠ ᠦᠭᠡᠢ ᠪᠠᠢᠬᠤ᠎ᠳᠤ᠂ ᠨᠢᠳᠦᠨᠤᠨ ᠨᠠᠮᠤᠷ ᠪᠤᠷᠤᠭᠠᠨ ᠶᠡᠭᠡ ᠴᠢᠨᠢ ᠪᠤᠯᠠᠭ᠎ᠤᠨ ᠨᠠᠭᠤᠷ ᠮᠢᠨᠢ ᠳᠠᠷᠭᠤᠨ ᠬᠦᠯᠳᠡᠭᠡᠳ᠂ ᠬᠠᠷᠢᠨ ᠲᠠᠱᠢᠵᠦ᠍ ᠨᠠᠭᠠᠳᠬᠤ᠎ᠳᠤ ᠰᠠᠢᠬᠠᠨ᠂ ᠡᠨᠡ ᠵᠢᠯᠨᠡᠬᠦᠳᠡᠯᠤᠨ ᠱᠢᠪᠠᠭᠤᠳ ᠤᠯᠠᠨ ᠴᠤᠭ᠍ᠯᠠᠬᠤ ᠪᠠᠢᠬ᠎ᠠ ᠡ᠂ ᠲᠡᠭᠡᠪᠡᠯ ᠰᠠᠶᠢ ᠭᠤᠶᠤ ᠪᠤᠯᠤᠨ᠎ᠠ᠃
ᠭᠡᠳᠦᠨ ᠡᠳᠦᠷ᠎ᠠᠴᠠ ᠱᠢᠯᠭᠠᠯᠳᠠ᠎ᠳᠤ ᠤᠷᠤᠯᠴᠠᠬᠤ᠎ᠪᠠᠷ ᠶᠠᠪᠤᠬᠤ ᠭᠡᠵᠤ ᠪᠠᠢᠭ᠎ᠠ ᠬᠦᠦ᠍᠎ᠪᠠᠨ ᠡᠩᠬᠦᠷᠡᠢᠯᠡᠨ ᠠᠵᠢᠭ᠍ᠰᠠᠨᠢᠶᠠᠨ ᠳ᠋ᠠᠮᠪᠠ᠄
— ᠮᠠᠷᠭᠠᠰᠢ᠎ᠠᠴᠠ ᠦᠭᠡᠷ᠎ᠤᠨ ᠰᠦᠷᠦᠭ᠎ᠢ ᠪᠡᠯᠴᠢᠭᠡᠷ᠎ᠲᠤ ᠭᠠᠷᠭᠠᠵᠤ ᠭᠡᠭᠡᠷ᠎ᠡ ᠭᠡᠳᠦ ᠬᠤᠨᠤᠭᠤᠯᠤᠶᠠ᠂ ᠵᠢᠪᠠᠷ ᠰᠠᠯᠬᠢᠨ᠎ᠳᠤ ᠲᠤᠭᠤᠷᠢᠬᠤ᠎ᠨᠢ ᠵᠦᠭᠡᠷ ᠶᠤᠮ ᠭᠡᠬᠦ᠌᠎ᠳᠤ ᠲᠤᠯᠢ᠎ᠶ᠋ᠢᠨ ᠨᠢᠳᠦ᠍᠎ᠨᠢ ᠲᠤᠳᠤᠢᠭᠠᠳ᠄
— ᠶᠠᠭᠠᠬᠢᠬᠤ ᠪᠤᠢ ᠠᠪᠤ ᠡ᠂ ᠪᠡᠯᠴᠢᠭᠡᠷ᠎ᠲᠤ ᠭᠠᠷᠤᠭᠠᠳ ᠶᠠᠭᠤ ᠢᠳᠡᠴᠢᠬᠡᠨ᠎ᠡ ᠪᠤᠢ? ᠨᠢᠭᠡ ᠡᠪᠦᠯ᠎ᠤᠨ ᠨᠢᠮᠪᠠᠢ ᠲᠡᠵᠢᠭᠡᠭ᠌ᠰᠡᠨ ᠪᠦᠷ ᠲᠠᠯᠠᠭᠠᠷ ᠪᠤᠯᠴᠢᠬᠠᠬᠤ ᠦᠭᠡᠢ ᠤᠤ? ᠪᠡᠯᠴᠢᠭᠡᠷ ᠲᠦᠬᠦᠷᠡᠩ ᠮᠤᠷᠢᠨ᠎ᠤ ᠱᠢᠷ᠎ᠠ ᠬᠤᠮᠤᠯ᠎ᠠᠴᠠ ᠦᠭᠡᠷ᠎ᠡ ᠶᠠᠭᠤ ᠴᠦ᠍ ᠦᠭᠡᠢ ᠱᠢᠳᠡ᠂ ᠨᠢᠳᠦᠨᠤᠨ ᠨᠠᠮᠤᠷ ᠬᠤᠢᠳᠤ ᠠᠭᠤᠯᠨ᠎ᠶ᠋ᠢᠨ ᠠᠳᠤᠭᠤᠳ ᠡᠳᠦᠷ ᠡᠳᠦᠷ ᠨᠠᠭᠤᠷ ᠳᠡᠭᠡᠷ᠎ᠡ ᠤᠰᠤ ᠤᠤᠭᠤᠭᠠᠳ᠂ ᠤᠳᠤ ᠬᠠᠭ᠍ᠳᠠ ᠴᠦ᠍ ᠨᠢᠮᠭᠡᠨ ᠪᠤᠯᠴᠢᠬᠠᠭ᠍ᠰᠠᠨ ᠪᠠᠢᠬᠤ ᠦᠭᠡᠢ ᠤᠤ᠂ ᠮᠢᠨᠤ ᠠᠪᠤ᠎ᠨᠢ ᠬᠦᠮᠦᠨ᠎ᠤ ᠠᠳᠤᠭᠤᠳᠢ ᠪᠡᠯᠴᠢᠭᠡᠷ᠎ᠠᠴᠠ᠎ᠪᠠᠨ ᠬᠦᠭᠡᠭᠡᠬᠦ᠌ ᠲᠤᠷ᠎ᠠ ᠦᠭᠡᠢ ᠬᠦᠮᠦᠨ ᠱᠢᠤ᠂ ᠦᠭᠡᠷ᠎ᠢᠶᠠᠨ ᠵᠦᠭᠡᠷ ᠯᠨ ᠨᠦᠭᠡᠴᠡᠯᠡᠭ᠌ᠰᠡᠨ ᠡᠪᠡᠰᠤ ᠪᠤᠷᠳᠤᠭ᠎ᠠ᠎ᠪᠠᠷ᠎ᠢᠶᠠᠨ ᠬᠤᠷᠢᠭᠠᠳ ᠲᠡᠵᠢᠭᠡᠬᠦ᠌᠎ᠪᠠᠨ ᠬᠦᠷᠦᠨ᠎ᠡ ᠤᠤ ᠳ᠋ᠠ ᠭᠡᠨ᠎ᠡ᠃ ᠬᠠᠷᠠᠬᠠᠨ ᠪᠠᠭ᠎ᠠ᠎ᠠᠴᠠ᠎ᠪᠠᠨ ᠮᠠᠯ ᠦᠭᠡᠷᠲᠡᠭᠡᠨ ᠬᠠᠢᠷᠠᠳᠠᠢ ᠡᠭᠡᠨᠡᠭ᠌ᠰᠢᠵᠦ᠍ ᠦᠰᠦᠭ᠌ᠰᠡᠨ ᠲᠤᠯᠢᠶ᠋ᠢᠨᠢᠶᠠᠨ ᠰᠠᠨᠠᠭ᠎ᠠ ᠪᠤᠯᠵᠤ ᠭᠡᠯᠡᠬᠦ᠌ᠶ᠋ᠢ ᠰᠤᠨᠤᠰᠤᠭᠠᠳ ᠳ᠋ᠠᠮᠪᠠ ᠢᠨᠢᠶᠡᠭ᠌ᠰᠡᠨᠢᠶᠠᠨ᠄
— ᠬᠠᠮᠢᠶ᠎ᠠ ᠦᠭᠡᠢ ᠂ ᠭᠡᠳᠦᠨ ᠡᠳᠦᠷ ᠪᠤᠯᠪᠠᠯ ᠮᠢᠨᠤ ᠬᠦᠦ ᠮᠡᠳᠡᠴᠢᠭᠡᠬᠦ᠌ ᠪᠠᠢᠯᠬᠦᠢ ᠭᠡᠵᠤ ᠲᠤᠭ᠍ᠳᠠᠭᠤᠨ ᠭᠡᠯᠡᠨ᠎ᠡ᠃ ᠠᠪᠤ ᠬᠦᠦ ᠬᠤᠶᠠᠷ᠎ᠤᠨ ᠶᠠᠷᠢᠯᠴᠠᠬᠤ᠎ᠶ᠋ᠢ ᠰᠤᠨᠤᠰᠴᠤ᠌ ᠪᠠᠢᠭ᠍ᠰᠠᠨ ᠲᠤᠯᠮ᠎ᠠ ᠭᠡᠳᠦᠨ ᠤᠭ᠍ᠵᠢᠭᠤᠷᠢᠶᠠᠨ ᠤᠭ᠍ᠵᠢᠬᠤ ᠵᠠᠭᠤᠷ᠎ᠠ᠄
— ᠵᠠ᠂ ᠭᠡᠷ᠎ᠤᠨ ᠡᠵᠡᠨ ᠭᠡᠳᠡᠭᠡᠷ ᠬᠠᠷ᠎ᠠ ᠶᠠᠭᠤ ᠭᠡᠯᠡᠪᠡᠯ ᠲᠡᠷᠨ ᠱᠢᠳᠡ᠂ ᠬᠡᠨ ᠦᠭᠡᠷᠡᠴᠢᠯᠡᠵᠦ᠍ ᠲᠡᠢᠯᠦᠨ᠎ᠡ ᠳ᠋ᠧ᠂ ᠲᠡᠭᠡᠪᠡᠴᠤ᠌ ᠬᠦᠭ᠌ᠰᠢᠨ ᠤᠯᠠᠭᠠᠨ ᠠᠯᠠᠭ᠎ᠢᠶᠠᠨ ᠲᠤᠭᠤᠯ᠎ᠲᠠᠢ᠎ᠨᠢ ᠬᠤᠴᠤᠷᠭᠠᠵᠤ ᠠᠪᠤᠶ᠎ᠠ ᠬᠦᠢ᠂ ᠬᠠᠪᠤᠷ᠎ᠤᠨ ᠲᠡᠭ᠌ᠷᠢ ᠬᠠᠭᠠᠰ᠎ᠲᠠᠢ ᠬᠤᠭᠤᠰ᠎ᠲᠠᠢ ᠪᠠᠢᠳᠠᠭ᠂ ᠠᠭᠤᠷ ᠠᠮᠢᠰᠭᠤᠯ ᠶᠠᠭᠠᠬᠢᠬᠤ᠎ᠶ᠋ᠢ ᠬᠡᠨ ᠮᠡᠳᠡᠨ᠎ᠡ ᠭᠡᠵᠤ ᠦᠭᠡ ᠵᠠᠪᠰᠠᠷᠳᠠᠭᠤᠯᠤᠨᠠ᠃
— ᠦ ᠂ ᠴᠠᠭ ᠠᠭᠠᠷ᠎ᠤᠨ ᠤᠷᠢᠳᠴᠢᠯᠠᠭ᠍ᠰᠠᠨ ᠮᠡᠳᠡᠭᠡ᠎ᠶ᠋ᠢ ᠦᠵᠡᠭ᠌ᠰᠡᠨ ᠡ᠂ ᠤᠷᠴᠢᠮ᠎ᠤᠨ ᠨᠢᠭᠡ ᠭᠠᠷᠠᠭ ᠲᠠᠮᠡᠢ ᠬᠤᠪᠢᠷᠠᠯᠳᠠ ᠦᠭᠡᠢ᠂ ᠬᠦᠭ᠌ᠰᠢᠨ ᠤᠯᠠᠭᠠᠨ ᠠᠯᠠᠭ ᠴᠦ᠍ ᠴᠠᠷᠢᠭᠤᠲᠠᠢ ᠪᠠᠢᠨ᠎ᠠ ᠡ᠂ ᠠᠵᠢᠭ ᠦᠭᠡᠢ᠂ ᠵᠦᠭᠡᠷ ᠯᠨ ᠰᠦᠷᠦᠭ᠎ᠢᠶᠠᠨ ᠲᠠᠭᠠᠭᠠᠳ ᠶᠠᠪᠤᠭ᠂ ᠬᠤᠴᠤᠷᠪᠠᠯ ᠮᠦᠭᠡᠷᠡᠭᠡᠳ ᠨᠡᠩ ᠰᠦᠢᠳ ᠪᠤᠯᠤᠨ᠎ᠠ᠃
ᠮᠠᠷᠭᠠᠰᠢ᠎ᠨᠢ ᠶᠤᠰᠤᠳᠠᠢ ᠬᠠᠷᠢ᠎ᠳᠤ ᠦᠭ᠌ᠬᠦᠭ᠌ᠰᠡᠨ ᠬᠡᠦᠬᠡᠨ ᠲᠦᠷᠬᠦᠮ᠎ᠢᠶᠠᠨ ᠰᠠᠨᠠᠮᠠᠷ ᠨᠠᠮᠤᠭᠤᠬᠠᠨ ᠲᠤᠩᠭᠠᠯᠠᠭ ᠡᠳᠦᠷ ᠪᠤᠯᠵᠠᠢ᠃ ᠬᠠᠱᠢᠶᠠᠨᠠᠴᠠᠪᠠᠨ ᠲᠠᠯᠪᠢᠭ᠍ᠳᠠᠭ᠍ᠰᠠᠨ ᠦᠭᠡᠷ᠎ᠤᠳ ᠪᠡᠯᠴᠢᠭᠡᠷ ᠵᠦᠭ᠎ᠢᠶᠠᠨ ᠱᠢᠪᠳᠤᠷᠠᠨᠠ᠃ ᠬᠦᠭ᠌ᠰᠢᠨ ᠤᠯᠠᠭᠠᠨ ᠠᠯᠠᠭ ᠦᠨᠢᠶ᠎ᠡ ᠭᠡᠳᠦᠨ ᠲᠤᠭᠤᠯ᠎ᠲᠠᠢ ᠡᠷᠬᠢᠴᠡᠵᠦ᠍ ᠬᠤᠷᠭᠤᠳᠠᠭ᠍ᠰᠠᠨᠢᠶᠠᠨ ᠲᠤᠷᠠᠲᠠᠢ ᠲᠤᠷ᠎ᠠ ᠦᠭᠡᠢ ᠰᠦᠷᠦᠭ᠎ᠤᠨ ᠬᠤᠢᠨ᠎ᠡ᠎ᠠᠴᠠ ᠭᠤᠢᠭᠤᠷᠪᠠ᠃ ᠳ᠋ᠠᠮᠪᠠ ᠤᠰᠤ ᠳᠠᠳᠠᠳᠠᠭ ᠴᠢᠶᠢᠤ ᠮᠠᠱᠢᠨ᠎ᠢᠶᠠᠨ ᠭᠤᠷᠪᠠᠨ ᠬᠦᠷᠳᠦᠳᠦ ᠲᠡᠷᠭᠡᠨ ᠲᠡᠭᠡᠷ᠎ᠡ᠎ᠪᠠᠨ ᠲᠡᠭᠡᠭᠡᠭᠡᠳ ᠬᠤᠢᠨᠡᠠᠴᠠᠨᠢ ᠲᠠᠪᠬᠢᠭᠤᠯᠤᠯᠠ᠃
ᠶᠠᠭᠤ ᠬᠢᠭ᠌ᠰᠡᠨ ᠴᠦ᠍ ᠴᠦᠯ᠎ᠳᠦ ᠮᠦᠯᠳᠦ ᠠᠭᠠᠱᠢᠯᠠᠳᠠᠭ ᠦᠭᠡᠢ ᠯᠠᠪᠳᠠᠭᠤᠨ ᠤᠬᠠᠭᠠᠯᠢᠭ ᠵᠠᠩ᠎ᠲᠠᠢ ᠨᠦᠬᠦᠷ᠎ᠢᠶᠠᠨ ᠤᠢᠯᠠᠭᠠᠳᠠᠭ ᠲᠤᠯᠮ᠎ᠠ ᠦᠭᠡᠷ᠎ᠤᠨ ᠰᠦᠷᠦᠭ᠎ᠤᠨ ᠬᠤᠢᠨ᠎ᠡ᠎ᠠᠴᠠ ᠲᠡᠮᠡᠢ ᠰᠠᠨᠠᠭ᠎ᠠ ᠪᠤᠯᠤᠭ᠍ᠰᠠᠨ ᠴᠦ᠍ ᠦᠭᠡᠢ ᠭᠡᠷ ᠵᠠᠭᠤᠷ᠎ᠠ᠎ᠶ᠋ᠢᠨ ᠠᠵᠢᠯ᠎ᠢᠶᠠᠨ ᠬᠢᠳᠡᠭᠢᠶᠠᠷᠢᠶᠠᠨ ᠬᠢᠨ᠎ᠡ᠂ ᠳ᠋ᠠᠮᠪᠠ ᠡᠳᠦᠷ ᠪᠦᠷᠢ ᠦᠭᠡᠷ᠎ᠢᠶᠠᠨ ᠪᠦᠷᠢᠳᠭᠡᠵᠦ᠍ ᠤᠰᠤᠯᠠᠬᠤ᠎ᠪᠠᠷ ᠶᠠᠪᠤᠳᠠᠭᠢᠶᠠᠷᠢᠶᠠᠨ ᠶᠠᠪᠤᠨ᠎ᠠ᠃
ᠪᠤᠯᠵᠤᠮᠤᠷ ᠱᠤᠯᠤᠭᠠᠨᠠᠵᠤ ᠪᠤᠰᠤᠨ ᠰᠠᠭᠤᠨ ᠲᠡᠷᠪᠡᠭ᠌ᠰᠡᠨ ᠨᠢᠭᠡ ᠦᠷᠯᠦᠭᠡ ᠳ᠋ᠠᠮᠪᠠ ᠴᠠᠢ ᠤᠤᠭᠤᠬᠤ ᠵᠠᠭᠤᠷ᠎ᠠ᠎ᠪᠠᠨ᠄
— ᠲᠡᠭ᠌ᠷᠢ ᠠᠪᠤ᠎ᠶ᠋ᠢᠨ ᠴᠢᠷᠠᠢ ᠴᠦ᠍ ᠦᠭᠡᠷᠡᠭᠡᠨ ᠪᠠᠢᠨ᠎ᠠ ᠳ᠋ᠠ᠂ ᠬᠤᠶᠠᠷ ᠭᠤᠨᠵᠢ ᠲᠤᠭᠤᠯᠯᠠᠬᠤ ᠤᠢᠷᠠᠳᠤᠴᠢᠬᠠᠯᠠ᠂ ᠦᠨᠦᠳᠦᠷ ᠦᠭᠡᠷ᠎ᠢᠶᠠᠨ ᠬᠤᠳᠠᠨ᠎ᠳᠠᠭᠠᠨ ᠠᠪᠴᠢᠷᠠᠶ᠎ᠠ ᠭᠡᠳ ᠲᠤᠯᠢ ᠵᠦᠭ ᠬᠠᠨᠳᠤᠨ᠄
— ᠮᠢᠨᠤ ᠬᠦᠦ ᠠᠪᠤ᠎ᠲᠠᠢ᠎ᠪᠠᠨ ᠶᠠᠪᠤᠬᠤ ᠦᠭᠡᠢ ᠤᠤ ᠭᠡᠪᠡ᠃
ᠡᠨᠡ ᠤᠷᠴᠢᠮ ᠡᠵᠢ᠎ᠨᠢ᠄《ᠬᠢᠴᠢᠶᠡᠯ᠎ᠢᠶᠠᠨ ᠲᠠᠪᠳᠠ ᠡ》 ᠭᠡᠳ ᠬᠠᠮᠢᠭ᠎ᠠ ᠴᠦ᠍ ᠶᠠᠪᠤᠭᠤᠯᠬᠤ ᠦᠭᠡᠢ᠂ ᠶᠠᠭᠤ ᠴᠦ᠍ ᠬᠢᠯᠭᠡᠬᠦ᠌ ᠦᠭᠡᠢ ᠪᠤᠯᠬᠤ᠎ᠪᠠᠷ᠎ᠨᠢ ᠪᠤᠬᠢᠨᠢᠳᠤᠵᠤ ᠪᠠᠢᠭ᠍ᠰᠠᠨ ᠲᠤᠯᠢ 《ᠤᠤᠬᠠᠢ》 ᠭᠡᠮᠡᠨ ᠲᠠᠭᠤ ᠠᠯᠳᠠᠪᠠ᠃ ᠭᠠᠳᠠᠨ᠎ᠠ ᠪᠦᠷᠬᠦᠭ ᠮᠦᠷᠳᠡᠭᠡᠨ ᠵᠡᠬᠦᠨ ᠬᠤᠢᠨ᠎ᠡ᠎ᠠᠴᠠ ᠵᠢᠭᠡᠬᠦᠨ ᠵᠢᠪᠠᠷ ᠦᠯᠢᠶᠡᠨ᠎ᠡ᠃ ᠦᠭᠡᠷ᠎ᠤᠨ ᠰᠦᠷᠦᠭ ᠲᠤᠤᠷ᠎ᠤᠨ ᠠᠮᠠᠰᠠᠷ᠎ᠢ ᠲᠠᠭᠠᠭᠠᠳ ᠪᠦᠭᠡᠮᠨᠡᠷᠡᠨ ᠵᠤᠭ᠍ᠰᠤᠬᠤᠨᠢ ᠬᠤᠯᠨ᠎ᠠᠴᠠ ᠬᠠᠷᠠᠭ᠍ᠳᠠᠯ᠎ᠠ᠃
— ᠠᠳᠤᠭᠤᠰᠤ ᠭᠡᠳᠦᠢ ᠬᠦᠭᠡᠷᠦᠬᠦᠢ ᠪᠤᠢ? ᠭᠡᠷ᠎ᠢᠶᠠᠨ ᠡᠷᠢᠴᠢᠭᠡᠭ᠌ᠰᠡᠨ ᠪᠠᠢᠬ᠎ᠠ ᠭᠡᠵᠤ ᠲᠤᠯᠢ ᠭᠡᠯᠡᠬᠦ᠌ᠳᠤ᠄
— ᠲᠡᠢᠮᠦ᠍ ᠦᠭᠡᠢ ᠶᠠᠭᠠᠬᠢᠬᠤ ᠪᠤᠢ᠂ ᠡᠵᠢ᠎ᠶ᠋ᠢᠨ ᠴᠢᠨᠢ ᠬᠦᠭ᠌ᠰᠢᠨ ᠤᠯᠠᠭᠠᠨ ᠠᠯᠠᠭ ᠦᠨᠢᠶ᠎ᠡ ᠬᠦᠮᠦᠨ᠎ᠤ ᠤᠬᠠᠭᠠᠨ᠎ᠲᠠᠢ ᠠᠮᠢᠳᠠᠨ ᠱᠢᠤ᠂ ᠬᠠᠪᠰᠠᠷᠭ᠎ᠠ ᠱᠢᠭᠤᠷᠭ᠎ᠠ ᠪᠤᠯᠬᠤ᠎ᠶ᠋ᠢ ᠮᠡᠳᠡᠭᠡᠳ ᠰᠦᠷᠦᠭ᠎ᠢᠶᠠᠨ ᠠᠪᠤᠭᠠᠳ ᠬᠤᠳᠠᠨ᠎ᠳᠠᠭᠠᠨ ᠪᠤᠴᠠᠬᠤ ᠭᠡᠵᠤ ᠪᠠᠢᠭ᠎ᠠ᠎ᠨᠢ ᠲᠡᠷᠨ ᠱᠢᠳᠡ ᠭᠡᠵᠤ ᠠᠪᠤ᠎ᠨᠢ ᠲᠠᠢᠪᠤᠭᠤᠬᠠᠨ ᠬᠠᠷᠢᠭᠤᠯᠤᠨ᠎ᠠ᠃ ᠲᠤᠯᠢ ᠲᠡᠷᠭᠡᠨ᠎ᠠᠴᠠ᠎ᠪᠠᠨ ᠪᠠᠭᠤᠭᠠᠳ᠂ ᠵᠠᠪᠳᠤᠵᠤ ᠲᠤᠤᠷ᠎ᠤᠨ ᠠᠮᠠᠰᠠᠷ᠎ᠢᠶᠠᠨ ᠨᠡᠭᠡᠭᠡᠳᠡᠯ᠎ᠡ ᠤᠯᠠᠭᠠᠨ ᠠᠯᠠᠭ ᠦᠨᠢᠶ᠎ᠡ ᠲᠦᠷᠦᠬᠦᠯᠦᠭᠡᠳ ᠬᠤᠳᠠ ᠵᠦᠭ᠎ᠢᠶᠠᠨ ᠴᠤᠪᠤᠷᠠᠯᠳᠤᠯᠠ᠃ ᠭᠡᠳᠦᠨ ᠨᠢᠯᠬ᠎ᠠ ᠲᠤᠭᠤᠯ ᠬᠤᠢᠰᠢ ᠤᠷᠤᠭ᠍ᠰᠢ ᠲᠤᠭᠤᠰᠤ ᠲᠠᠳᠠᠳᠠᠯ᠎ᠠ ᠲᠤᠭ᠍ᠯᠠᠨᠠ᠃
ᠠᠪᠤ ᠬᠦᠦ ᠬᠤᠶᠠᠭᠤᠯᠨ᠎ᠪᠠᠨ ᠬᠤᠳᠳᠤᠭ ᠳᠡᠭᠡᠷ᠎ᠡ᠎ᠪᠠᠨ ᠬᠦᠷᠴᠦ᠍ ᠴᠢᠶᠢᠤ ᠮᠠᠱᠢᠨ᠎ᠢᠶᠠᠨ ᠰᠠᠯᠭᠠᠵᠤ ᠲᠡᠷᠭᠡᠨ ᠳᠡᠭᠡᠷ᠎ᠡ᠎ᠪᠠᠨ ᠲᠡᠭᠡᠭᠡᠭᠡᠳ ᠭᠡᠷ ᠵᠦᠭ᠎ᠢᠶᠠᠨ ᠪᠤᠴᠠᠬᠤ ᠵᠠᠭᠤᠷ᠎ᠠ ᠳ᠋ᠠᠮᠪᠠ᠄
— ᠮᠢᠨᠤ ᠬᠦᠦ ᠦᠨᠦᠬᠢ ᠲᠤᠭᠤ ᠶᠠᠳᠠᠳᠠᠭ ᠱᠢᠷ᠎ᠠ ᠬᠤᠮᠤᠯᠤᠨᠢᠶᠠᠨ ᠲᠤᠬᠠᠢ ᠰᠤᠨᠤᠰᠤᠨ᠎ᠠ ᠤᠤ ᠭᠡᠳ ᠲᠤᠯᠢ ᠵᠦᠭ ᠬᠠᠨᠳᠤᠨ ᠬᠠ ᠬᠠ ᠢᠨᠢᠶᠡᠬᠦ᠌᠎ᠳᠤ ᠲᠤᠯᠢ᠄
— ᠱᠢᠷ᠎ᠠ ᠬᠤᠮᠤᠯ ᠪᠠᠰᠠ ᠶᠠᠮᠠᠷ ᠨᠢᠭᠤᠴᠨ᠎ᠲᠠᠢ ᠪᠤᠯᠴᠢᠬᠠᠪᠠ? ᠭᠡᠵᠤ ᠰᠤᠨᠢᠭᠤᠴᠢᠷᠬᠠᠪᠠ᠃
— ᠠᠳᠤᠭᠤ ᠪᠤᠯ ᠲᠦᠢᠯ᠎ᠤᠨ ᠠᠷᠢᠭᠤᠨ ᠴᠡᠪᠡᠷ ᠠᠮᠢᠳᠠᠨ ᠱᠢᠤ᠂ ᠬᠤᠷᠳᠤᠨ ᠬᠦᠯ᠎ᠲᠠᠢ ᠭᠠᠵᠠᠷᠴᠢ ᠪᠤᠯᠬᠤᠷ ᠡᠪᠡᠰᠤᠨ᠎ᠤ ᠰᠤᠷᠭᠤᠭ᠎ᠢ ᠢᠳᠡᠵᠦ᠍᠂ ᠤᠰᠤᠨ᠎ᠤ ᠲᠤᠩᠭᠠᠯᠠᠭ᠎ᠢ ᠤᠤᠭᠤᠵᠤ ᠶᠠᠪᠤᠨ᠎ᠠ᠃ ᠲᠡᠭᠡᠪᠡᠴᠤ᠌ ᠮᠤᠷᠢ ᠪᠡᠯᠴᠢᠭᠡᠷ ᠪᠠᠷᠠᠳᠠᠭ ᠪᠢᠰᠢ ᠬᠠᠷᠢᠨ ᠡᠪᠡᠰᠤ ᠲᠠᠷᠢᠳᠠᠭ ᠠᠮᠢᠳᠠᠨ ᠱᠢᠤ ᠳ᠋ᠠ᠂ ᠮᠤᠷᠢᠨ᠎ᠤ ᠭᠡᠳᠡᠰᠦ ᠡᠪᠡᠰᠤᠨ᠎ᠤ ᠦᠷ᠎ᠡ᠎ᠶ᠋ᠢ ᠭᠡᠮᠳᠦᠭᠡᠳᠡᠭ ᠦᠭᠡᠢ᠂ ᠲᠡᠢᠮᠦ᠍ᠪᠠᠷᠢᠶᠠᠨ ᠬᠤᠮᠤᠯ ᠲᠤᠳᠤᠷ᠎ᠠ᠎ᠨᠢ ᠡᠪᠡᠰᠤᠨ ᠦᠷ᠎ᠡ ᠲᠡᠷᠨ ᠴᠢᠭ᠎ᠢᠶᠠᠷ᠎ᠢᠶᠠᠨ ᠭᠠᠷᠤᠭᠠᠳ ᠢᠷᠡᠴᠢᠬᠡᠨ᠎ᠡ᠃ ᠦᠨᠦᠬᠢ ᠨᠠᠮᠦᠷ᠎ᠤᠨ ᠱᠢᠷ᠎ᠠ ᠬᠤᠮᠤᠯᠢ ᠬᠠᠪᠤᠷ ᠪᠤᠳᠠ ᠮᠠᠯ ᠢᠳᠡᠪᠡᠯ ᠦᠩ ᠲᠠᠷᠭᠤ ᠠᠪᠬᠤ ᠤᠴᠢᠷᠳᠠᠢ ᠱᠢᠤ ᠬᠡᠦᠬᠡ ᠡ᠂ ᠴᠢ ᠬᠠᠷᠠᠭ᠍ᠰᠠᠨ ᠦᠭᠡᠢ ᠤᠤ᠂ ᠦᠭᠡᠷ᠎ᠤᠨ ᠰᠦᠷᠦᠭ ᠴᠢᠨᠢ ᠬᠤᠷᠢᠵᠤ ᠲᠡᠵᠢᠭᠡᠵᠦ᠍ ᠪᠠᠢᠭ᠍ᠰᠠᠨ᠎ᠠᠴᠠ᠎ᠪᠠᠨ ᠦᠩᠭᠡᠯᠢᠭ ᠪᠠᠢᠬᠤ ᠦᠭᠡᠢ ᠤᠤ᠂ ᠡᠨᠡ ᠵᠢᠯ ᠮᠠᠨ᠎ᠤ ᠪᠡᠯᠴᠢᠭᠡᠷ ᠳᠡᠭᠡᠷ᠎ᠡ ᠴᠢᠨᠤ ᠲᠠᠨᠢᠬᠤ ᠦᠭᠡᠢ ᠡᠪᠡᠰᠤ ᠤᠯᠠᠨ ᠤᠷᠭᠤᠬᠤ ᠪᠠᠢᠬ᠎ᠠ ᠳ᠋ᠠ᠂ ᠲᠡᠷᠨ ᠦᠶ᠎ᠡ᠎ᠳᠤ ᠮᠢᠨᠤ ᠬᠦᠦ ᠡᠨᠡ ᠲᠤᠬᠠᠢ ᠪᠦᠳᠦᠨ ᠬᠠᠷᠢᠭᠤᠯᠳᠠ ᠤᠯᠴᠢᠬᠠᠬᠤ ᠶᠤᠮ ᠡ᠂ ᠡᠭᠡ ᠪᠠᠢᠭᠠᠯᠢ᠎ᠶ᠋ᠢᠨ ᠠᠮᠢᠳᠠᠨ ᠤᠷᠭᠤᠮᠠᠯ᠎ᠤᠨ ᠵᠤᠬᠢᠴᠠᠯ ᠭᠡᠵᠤ ᠡᠢᠮᠦ᠍ ᠰᠠᠢᠬᠠᠨ ᠪᠠᠢᠳᠠᠭ ᠱᠢᠳᠡ ᠭᠡᠵᠤ ᠳ᠋ᠠᠮᠪᠠ ᠤᠴᠢᠷᠯᠠᠨ᠎ᠠ᠃
ᠲᠤᠯᠢ᠄ 《ᠤᠣ᠂ ᠤᠤᠯ᠎ᠨᠢ ᠲᠡᠢᠮᠦ᠍ ᠪᠠᠢᠳᠠᠭ ᠪᠠᠢᠵᠠᠢ》 ᠭᠡᠵᠤ ᠲᠤᠯᠤᠭᠠᠢ᠎ᠪᠠᠨ ᠲᠤᠬᠢᠰᠭᠢᠨ ᠠᠪᠤ ᠵᠦᠭ᠎ᠢᠶᠠᠨ ᠪᠢᠱᠢᠷᠡᠭ᠌ᠰᠡᠨ ᠬᠠᠷᠠᠴᠨ᠎ᠪᠠᠷ ᠬᠠᠷᠠᠨ᠎ᠠ᠃
ᠵᠡᠬᠦᠨ ᠬᠤᠢᠨ᠎ᠡ᠎ᠠᠴᠠ ᠴᠠᠰᠤ ᠬᠠᠶᠠᠯᠠᠵᠤ ᠡᠬᠢᠯᠡᠪᠡ᠃ ᠰᠠᠢᠨ ᠬᠠᠪᠤᠷ ᠴᠠᠰᠤ᠎ᠲᠠᠢ ᠭᠡᠳᠡᠭ᠃ ᠦᠩ ᠵᠢᠯ ᠪᠤᠯᠬᠤ᠎ᠨᠢ ᠡ᠃