ᠠᠯᠣᠰ᠎ᠤᠨ ᠣᠭ᠍ᠳᠠᠷᠭᠤᠢ᠎ᠳᠤ ᠲᠣᠭᠤᠷᠣᠣ ᠡᠷᠬᠢᠴᠡᠵᠦ᠍᠂ ᠡᠯᠢᠶ᠎ᠡ ᠢᠰᠭᠡᠷᠴᠦ᠍᠂ ᠠᠮᠣ ᠲᠠᠷᠢᠶ᠎ᠠ ᠦᠷᠡᠯᠡᠨ ᠪᠣᠯᠪᠠᠰᠣᠷᠠᠭ᠍ᠰᠠᠨᠢ ᠮᠡᠳᠡᠭᠡᠯᠡᠨ᠎ᠡ᠃ ᠥᠷᠯᠦᠭᠡ ᠡᠷᠳᠡ᠂ ᠦᠳᠡᠰᠢ ᠪᠦᠷᠦᠢ᠎ᠪᠠᠷ ᠵᠢᠭᠡᠭᠦᠦ ᠲᠠᠳᠠᠨ ᠰᠡᠷᠢᠭᠦᠳᠡᠭᠡᠳ ᠲᠡᠷᠳᠡᠭᠡ ᠠᠭᠤᠯᠠ᠎ᠶ᠋ᠢᠨ ᠪᠠᠯ ᠬᠤᠷᠮᠣᠢ ᠱᠢᠷᠭᠠᠯ ᠥᠩᠭᠡ᠎ᠪᠠᠷ ᠪᠣᠳᠣᠭ᠍ᠰᠢᠵᠣ᠂ ᠣᠮᠠᠷ᠎ᠠ ᠵᠦᠭ᠎ᠤᠨ ᠴᠡᠩᠬᠡᠷ ᠲᠡᠭ᠌ᠷᠢ᠎ᠶ᠋ᠢᠨ ᠲᠣᠭᠤᠣᠷ ᠭᠠᠯᠠᠭᠤᠨ ᠰᠦᠷᠦᠭ ᠨᠠᠮᠢᠯᠵᠠᠩᠬᠠᠨ ᠨᠠᠭᠠᠱᠢᠯᠠᠵᠣ᠂ ᠰᠡᠭᠦᠳᠡᠷ᠎ᠢᠶᠠᠨ ᠲᠡᠷᠭᠡᠳᠡ ᠬᠤᠴᠣᠷᠭᠠᠨ ᠥᠩᠭᠡᠷᠡᠬᠦ᠌᠎ᠨᠢ ᠨᠠᠮᠣᠷ ᠢᠷᠡᠭ᠌ᠰᠡᠨ᠎ᠤ ᠲᠡᠮᠳᠡᠭ ᠲᠣᠬᠢᠶ᠎ᠠ ᠠᠵᠢ᠃
ᠮᠢᠨᠦ᠍ ᠪᠠᠭ᠎ᠠ ᠨᠠᠰᠣᠨ᠎ᠤ ᠨᠠᠮᠣᠷ ᠭᠡᠵᠦ᠍ ᠡᠪᠡᠰᠦ ᠣᠷᠭᠤᠮᠠᠯ ᠪᠣᠯᠪᠠᠰᠣᠷᠠᠵᠣ᠂ ᠦᠷ᠎ᠡ ᠲᠠᠷᠢᠶ᠎ᠠ ᠡᠯᠪᠡᠭ ᠲᠦᠷᠦᠭᠡᠳ ᠶᠣᠰᠣᠳᠠᠢ 《ᠡᠯᠪᠡᠭ ᠬᠤᠷᠢᠶᠠᠯᠳᠠ᠎ᠶ᠋ᠢᠨ ᠠᠯᠳᠠᠨ ᠨᠠᠮᠣᠷ》 ᠪᠣᠯᠵᠣ ᠢᠷᠡᠳᠡᠭ ᠪᠦᠭᠡᠳ ᠲᠠᠪᠣᠨ ᠬᠤᠱᠢᠭᠤ ᠮᠠᠯ ᠦᠨᠢᠷ ᠦᠰᠴᠦ᠍᠂ 《ᠵᠠᠭᠤᠨ ᠡᠬᠡ᠎ᠠᠴᠠ ᠵᠠᠭᠤᠨ ᠲᠦᠯ ᠲᠣᠰᠣᠭ᠍ᠰᠠᠨ》 ᠵᠢᠱ᠌ᠢᠶᠡᠴᠢ ᠰᠠᠢᠴᠣᠣᠯᠢᠶᠠᠨ ᠱᠠᠩᠨᠠᠭ᠍ᠰᠠᠨ ᠨᠠᠭᠠᠳᠣᠮ᠎ᠤᠨ ᠬᠤᠷᠠᠯ᠎ᠤᠨ ᠲᠠᠷᠠᠭᠠᠬᠠᠨ ᠨᠠᠮᠣᠷ ᠪᠣᠯᠳᠠᠭ ᠪᠢᠯᠡ᠃
ᠨᠠᠮᠣᠷ ᠭᠡᠵᠦ᠍ ᠨᠢᠭᠡ ᠵᠢᠯ᠎ᠤᠨ ᠬᠠᠮᠤᠭ ᠶᠠᠭᠠᠷᠠᠯᠲᠠᠢ ᠣᠯᠠᠷᠢᠯ ᠪᠠᠢᠵᠣ᠂ ᠠᠮᠣ ᠬᠦᠨᠡᠰᠦ᠂ ᠡᠪᠡᠰᠦ ᠬᠤᠯᠣᠰᠣ ᠭᠡᠳ ᠬᠦᠮᠦᠨ ᠮᠠᠯ᠎ᠤᠨ ᠡᠪᠣᠯ᠎ᠤᠨ ᠬᠦᠢᠳᠡᠨ᠂ ᠬᠠᠪᠣᠷ᠎ᠤᠨ ᠭᠠᠴᠢᠭᠢ ᠨᠢᠳᠦ ᠴᠠᠪᠴᠢᠯ ᠦᠭᠡᠢ ᠥᠩᠭᠡᠷᠡᠭᠡᠬᠦ᠌ ᠪᠦᠷᠢᠨ ᠪᠡᠯᠡᠳᠭᠡᠯ᠎ᠢᠶᠠᠨ ᠬᠢᠵᠦ᠍ ᠶᠠᠭᠠᠷᠠᠳᠠᠭ᠃ 《ᠡᠨᠡ ᠨᠠᠮᠣᠷ᠎ᠤᠨ ᠱᠢᠷᠣᠢ ᠢᠷᠡᠬᠦ᠌ ᠬᠠᠪᠣᠷ᠎ᠤᠨ ᠠᠯᠳᠠ ᠪᠣᠯᠳᠠᠭ》 ᠶᠣᠰᠣ᠎ᠪᠠᠷ ᠶᠡᠬᠡᠴᠦᠦᠯ ᠪᠠᠭᠠᠴᠣᠣᠯ ᠭᠡᠰᠡᠨ ᠦᠭᠡᠢ ᠣᠯᠳᠠᠬᠤ᠎ᠶ᠋ᠢᠨ ᠬᠢᠷᠢ᠎ᠪᠠᠷ ᠴᠠᠭ᠎ᠢ ᠠᠮᠵᠢᠨ ᠬᠠᠱᠢᠶᠠᠨ᠎ᠳᠠᠭᠠᠨ ᠣᠷᠣᠭᠤᠯᠳᠠᠭ ᠶᠠᠭᠠᠷᠠᠯᠲᠠᠢ᠂ ᠶᠠᠳᠠᠷᠠᠯᠳᠠᠢ᠂ ᠪᠠᠶᠠᠰᠣᠯᠲᠠᠢ ᠡᠳᠦᠷ᠎ᠤᠳ ᠪᠣᠯᠬᠤ ᠶᠤᠮ᠃
ᠨᠠᠯᠠᠭᠠᠷ ᠨᠠᠮᠣᠷ᠎ᠤᠨ ᠨᠠᠢ᠍ᠮᠠᠨ ᠰᠠᠷ᠎ᠠ᠎ᠶ᠋ᠢᠨ ᠲᠣᠮᠳᠠᠴᠢ ᠪᠣᠯᠬᠤ᠎ᠳᠤ ᠵᠠᠮ᠎ᠳᠤ ᠣᠴᠠᠷᠠᠭ᠍ᠰᠠᠨ ᠬᠦᠮᠦᠨ ᠪᠣᠯᠭᠠᠨ ᠠᠮᠣᠷ ᠮᠡᠨᠳᠦ᠍᠎ᠪᠠᠨ ᠠᠰᠠᠭᠤᠯᠴᠠᠬᠤ᠎ᠶ᠋ᠢᠨ ᠲᠠᠭᠠᠣ 《ᠬᠠᠳᠣᠯᠠᠩ᠎ᠳᠠᠭᠠᠨ ᠭᠠᠷᠣᠭ᠍ᠰᠠᠨ ᠤᠤ?》 ᠭᠡᠵᠦ᠍ ᠲᠠᠮᠠᠬᠢ ᠰᠣᠯᠢᠯᠴᠠᠬᠤ᠎ᠶ᠋ᠢᠨ ᠵᠠᠪᠰᠠᠷ ᠵᠣᠭᠤᠭ ᠪᠣᠯᠳᠠᠭ ᠪᠦᠭᠡᠳ ᠬᠤᠷᠱᠢᠶ᠎ᠠ ᠲᠡᠯᠭᠡᠭᠦᠷ᠎ᠤᠨ ᠡᠭᠦᠳᠡ ᠬᠠᠮᠤᠭ ᠬᠦᠯ ᠱᠣᠣᠭᠢᠶᠡᠨ ᠶᠡᠬᠡᠳᠡᠢ᠂ ᠬᠦᠮᠦᠨ ᠣᠯᠠᠨ᠎ᠲᠠᠢ ᠪᠠᠢᠵᠣ᠂ ᠪᠢᠯᠡᠭᠦᠦ ᠰᠠᠨᠳᠣᠣ ᠰᠣᠩᠭᠤᠵᠣ ᠭᠦᠭ᠌ᠵᠢᠯᠳᠠᠢ ᠶᠠᠷᠢᠯᠴᠠᠨ᠎ᠠ᠃ 《ᠡᠨᠡ ᠵᠢᠯ᠎ᠤᠨ ᠬᠠᠳᠣᠯᠠᠩ ᠭᠡᠵᠦ᠍ ᠶᠣᠰᠣᠳᠠᠢ ᠰᠠᠢᠨ ᠣᠷᠭᠤᠵᠠᠢ᠃ ᠬᠡᠦᠬᠡᠳ ᠰᠣᠷᠭᠠᠭᠤᠯᠢ ᠡᠬᠢᠯᠡᠬᠦ᠌᠎ᠠᠴᠠ ᠡᠮᠦᠨ᠎ᠡ ᠡᠷᠳᠡᠭᠡᠨ ᠡᠪᠡᠰᠦᠨ᠎ᠳᠤ ᠭᠠᠷᠬᠤ ᠰᠠᠨᠠᠭ᠎ᠠ᠎ᠲᠠᠢ》 ᠭᠡᠵᠦ᠍ ᠭᠡᠳᠦᠨ ᠰᠠᠨᠳᠣᠣ᠎ᠶ᠋ᠢ ᠡᠭᠡᠯᠵᠢᠯᠡᠨ ᠲᠣᠩᠱᠢᠵᠣ᠂ ᠲᠠᠭᠤ ᠴᠣᠣᠷᠢᠶᠠᠶ᠋ᠢᠨᠢ ᠴᠢᠩᠨᠠᠨ ᠭᠠᠩ ᠰᠠᠢᠳᠠᠢᠶ᠋ᠢᠨᠢ ᠰᠣᠩᠭᠤᠬᠤ᠎ᠨᠢ ᠭᠠᠢᠬᠠᠯᠳᠠᠢ ᠮᠡᠷᠭᠡᠨ ᠰᠠᠨᠠᠭ᠍ᠳᠠᠨ᠎ᠠ᠃
ᠡᠨᠡ ᠦᠶᠡᠰ ᠶᠠᠭᠤ ᠪᠦᠬᠦᠨ᠎ᠳᠤ ᠲᠡᠮ ᠲᠦᠰᠦᠭᠡᠲᠠᠢ ᠠᠢᠯ᠎ᠤᠨ ᠠᠪᠤ᠎ᠶ᠋ᠢᠨ ᠭᠡᠷ ᠵᠦᠭ ᠰᠠᠨᠳᠣᠣ ᠡᠱᠢᠯᠡᠭᠦᠯᠬᠦ᠌ ᠬᠦᠮᠦᠰ ᠡᠳᠦᠷᠵᠢᠨ ᠴᠣᠪᠣᠷᠠᠵᠣ᠂ ᠭᠡᠷ᠎ᠤᠨ ᠰᠡᠭᠦᠳᠡᠷ᠂ ᠬᠡᠷᠡᠮ᠎ᠤᠨ ᠣᠭᠢᠶᠠᠷ ᠶᠠᠪᠠᠭᠠᠨ ᠰᠠᠭᠤᠵᠣ ᠠᠢᠯ᠎ᠤᠨ ᠠᠪᠤ᠎ᠶ᠋ᠢᠨ ᠬᠠᠷᠠᠭᠤᠯ ᠲᠦᠯᠬᠢᠬᠦ᠂ ᠡᠰᠢ ᠵᠠᠯᠠᠬᠤ ᠵᠢᠴᠢ ᠡᠱᠢᠯᠡᠬᠦ᠌ᠶ᠋ᠢ ᠬᠠᠯᠠᠱᠢᠷᠠᠯ ᠦᠭᠡᠢ ᠬᠠᠷᠠᠵᠣ ᠰᠠᠭᠤᠨ ᠵᠣᠭᠤᠭ ᠭᠡᠳᠡᠭ ᠴᠢᠨᠢ ᠬᠠᠪᠣᠷ᠎ᠤᠨ ᠵᠣᠳ᠂ ᠵᠣᠨ᠎ᠤ ᠦᠶᠡᠷ᠂ ᠠᠪᠠ ᠱᠢᠪᠠᠭᠤ᠂ ᠬᠤᠷᠢᠮ ᠨᠠᠢᠷ ᠁ ᠭᠡᠳ ᠥᠷᠭᠡᠨ ᠬᠡᠪᠴᠢᠶᠡᠨ᠎ᠳᠤ ᠶᠠᠷᠢᠭ᠍ᠳᠠᠬᠤ ᠪᠦᠭᠡᠳ ᠬᠠᠶᠠ ᠨᠢᠭᠡ᠎ᠨᠢ ᠠᠯᠣᠰ ᠲᠢᠪ᠎ᠤᠨ ᠲᠠᠢᠨ᠎ᠤ ᠢᠯᠠᠵᠣ ᠢᠯᠠᠭ᠍ᠳᠠᠬᠤ᠎ᠶ᠋ᠢ ᠮᠡᠳᠡᠭ᠌ᠰᠡᠨ ᠶᠣᠮᠱᠢᠭ ᠶᠠᠷᠢᠵᠣ᠂ ᠲᠦᠷᠦ᠍ ᠬᠦᠷᠦᠨ᠎ᠤ᠎ᠪᠠᠨ ᠠᠮᠣᠷ ᠲᠠᠢᠪᠣᠩ᠎ᠳᠤ ᠪᠠᠭ᠍ᠠᠳᠣᠯ ᠲᠦᠷᠦᠬᠦ᠌ ᠪᠦᠭᠡᠳ ᠲᠠᠭᠠᠳᠭᠠᠵᠣ ᠪᠠᠢᠭ᠎ᠠ ᠶᠤᠮᠱᠢᠭ᠋ ᠬᠠᠨᠴᠣᠢ᠎ᠳᠠᠭᠠᠨ ᠵᠠᠯᠪᠠᠷᠢᠨ᠎ᠠ᠃
ᠠᠢᠯ᠎ᠤᠨ ᠠᠪᠤ ᠵᠣᠭᠤᠭ᠎ᠤᠨ ᠲᠣᠮᠳᠠ ᠬᠠᠶᠠ ᠦᠭᠡ ᠲᠦᠷᠦᠪᠡᠴᠦ᠍ ᠪᠠᠢᠨ ᠪᠠᠢᠨ ᠬᠦᠯᠦᠰᠦ᠎ᠪᠠᠨ ᠠᠷᠴᠢᠨ ᠬᠢᠳᠡᠭ᠎ᠢᠶᠠᠨ ᠬᠢᠭᠡᠳ ᠲᠣᠩ ᠶᠠᠭᠠᠷᠠᠣ ᠪᠦᠭᠡᠳ ᠶᠠᠮᠠᠷ ᠴᠦ᠍ ᠬᠦᠴᠦ᠍ ᠬᠦᠯᠦᠰᠣ ᠠᠪᠳᠠᠭ ᠦᠭᠡᠢ᠂ ᠶᠣᠰᠣᠳᠠᠢ 《ᠴᠢᠳᠠᠪᠠᠯ ᠵᠠᠷᠣᠴᠠ᠂ ᠮᠡᠳᠡᠪᠡᠯ ᠬᠡᠷᠡᠴᠢ》 ᠭᠡᠰᠡᠨ ᠱᠢᠭ᠃ ᠬᠠᠶᠠ ᠵᠠᠷᠢᠮ᠎ᠨᠢ ᠱᠢᠯ ᠠᠷᠢᠬᠢ᠎ᠲᠠᠢ ᠢᠷᠡᠳᠡᠭ ᠴᠦ᠍ ᠠᠢᠯ᠎ᠤᠨ ᠠᠪᠤ ᠶᠠᠭᠤᠮᠠᠨ᠎ᠳᠤ ᠪᠣᠳᠣᠳᠠᠭ ᠦᠭᠡᠢ ᠰᠠᠨᠳᠣᠣᠶ᠋ᠢᠨᠢ ᠡᠪ ᠵᠦᠢᠶ᠋ᠢᠨᠢ ᠵᠣᠬᠢᠴᠠᠭᠤᠯᠣᠨ ᠡᠱᠢᠯᠡᠵᠦ᠍ ᠦᠭ᠌ᠭᠦᠭᠡᠳ ᠶᠠᠪᠣᠭᠤᠯᠳᠠᠭ᠃ ᠵᠠᠷᠢᠮ᠎ᠨᠢ ᠲᠠᠯᠠᠨ ᠮᠣᠷᠣᠢ᠎ᠲᠠᠢ᠂ ᠴᠣᠮᠣᠨ ᠴᠢᠨᠡᠭᠡ ᠮᠣᠳᠣ ᠡᠭᠦᠷᠴᠦ᠍ ᠢᠷᠡᠭᠡᠳ ᠬᠠᠭᠠᠰ ᠡᠳᠦᠷ ᠬᠠᠷᠠᠭᠤᠯᠳᠠᠵᠣ᠂ ᠭᠠᠯᠳᠤ ᠱᠢᠷᠠᠵᠣ ᠮᠣᠰᠭᠢᠵᠦ᠍ ᠵᠠᠯᠠᠭᠠᠳ ᠡᠪᠨᠢ ᠲᠠᠭᠠᠷᠠᠬᠤ ᠦᠭᠡᠢ ᠠᠢᠯ᠎ᠤᠨ ᠠᠪᠤ᠎ᠶ᠋ᠢᠨ ᠦᠢᠯᠡ᠎ᠶ᠋ᠢ ᠪᠠᠷᠠᠳᠠᠭ᠃ ᠡᠳᠦᠷᠵᠢᠨ ᠵᠣᠭᠤᠭ ᠱᠢᠳᠡᠵᠦ᠍ ᠰᠠᠭᠤᠭ᠍ᠰᠠᠳ ᠣᠷᠣᠢ ᠪᠣᠯᠬᠤ᠎ᠳᠤ ᠡᠱᠢᠯᠡᠭ᠌ᠰᠡᠨ ᠰᠠᠨᠳᠣᠣ᠎ᠪᠠᠨ ᠮᠥᠷᠦᠯᠡᠨ ᠬᠠᠷᠢᠬᠤ᠎ᠪᠠᠷ ᠪᠣᠯᠬᠤ᠎ᠳᠤ ᠵᠡᠷᠢᠮ᠎ᠤᠨ ᠬᠢᠨᠢ ᠪᠠᠰᠠ ᠪᠣᠯᠤᠭ᠎ᠠ ᠦᠭᠡᠢ ᠲᠣᠯᠠ 《ᠮᠠᠷᠭᠠᠰᠢ ᠢᠷᠡᠶ᠎ᠡ》 ᠭᠡᠳ ᠪᠦᠷ ᠢᠨᠢᠶᠡᠳᠦ ᠬᠠᠨᠢᠶᠠᠳᠣ᠎ᠲᠠᠢ ᠣᠨᠠᠬᠤ ᠨᠠᠷᠠ᠎ᠶ᠋ᠢ ᠡᠭᠦᠷᠴᠦ᠍ ᠭᠡᠷ ᠵᠦᠭ᠎ᠢᠶᠠᠨ ᠪᠣᠴᠠᠬᠤ᠎ᠳᠤ ᠬᠠᠱᠢᠶ᠎ᠠ ᠲᠦᠱᠢᠨ ᠡᠩᠨᠡᠷᠡᠭ᠌ᠰᠡᠨ ᠡᠰᠢ ᠮᠣᠳᠣᠳ᠎ᠤᠨ ᠰᠡᠭᠦᠳᠡᠷ ᠰᠣᠨᠣᠨ ᠣᠷᠳᠣᠰᠣᠨᠠ᠃
ᠬᠤᠷᠠᠭᠠᠨ ᠡᠭᠦᠯᠡᠰ ᠲᠡᠭ᠌ᠷᠢ᠎ᠶ᠋ᠢᠨ ᠨᠠᠭᠠᠨ᠎ᠠ ᠬᠦᠪᠦᠯᠵᠡᠵᠦ᠍᠂ ᠬᠤᠨ᠎ᠤ ᠲᠠᠭᠤᠨ ᠠᠷᠣ ᠭᠠᠵᠠᠷ᠎ᠠᠴᠠ ᠨᠠᠭᠠᠱᠢᠯᠠᠵᠣ᠂ ᠬᠤᠷ᠎ᠠ ᠪᠣᠷᠤᠭ᠎ᠠ ᠬᠤᠯᠠᠳᠠᠵᠣ ᠠᠷᠭ᠎ᠠ ᠦᠭᠡᠢ ᠰᠠᠢᠬᠠᠨ ᠣᠷᠳᠣ ᠨᠠᠮᠣᠷ ᠢᠩᠬᠢᠵᠦ᠍ ᠯᠠ ᠢᠷᠡᠳᠡᠭ᠃ ᠬᠠᠳᠣᠯᠠᠩ᠎ᠳᠤ ᠭᠠᠷᠬᠤ ᠬᠦᠮᠦᠰ ᠥᠷᠯᠦᠭᠡ ᠡᠷᠳᠡᠯᠡᠨ ᠲᠡᠷᠭᠡ ᠣᠨᠤᠭ᠎ᠠ᠂ ᠣᠰᠣ ᠬᠦᠨᠡᠰᠦ᠎ᠪᠠᠨ ᠪᠡᠯᠡᠳᠭᠡᠵᠦ᠍᠂ ᠭᠡᠷ᠎ᠲᠤ ᠬᠤᠴᠣᠷᠬᠤ ᠨᠠᠰᠣᠳᠠᠢ ᠨᠢᠯᠬ᠎ᠠ᠎ᠶ᠋ᠢᠨ᠎ᠢᠶᠠᠨ ᠦᠳᠡ᠎ᠶ᠋ᠢᠨ ᠣᠰᠣ᠂ ᠲᠦᠯᠡᠰᠢ᠂ ᠬᠦᠨᠡᠰᠦᠶ᠋ᠢᠨᠢ ᠪᠡᠯᠡᠬᠡᠨ ᠪᠣᠯᠭᠠᠨ ᠣᠢᠷᠠᠳᠣᠭᠤᠯᠣᠭᠠᠳ ᠬᠠᠳᠣᠯᠠᠩ᠎ᠤᠨ ᠵᠠᠮ᠎ᠢᠶᠠᠨ ᠡᠯᠭᠦᠬᠦ᠌᠎ᠳᠤ ᠬᠠᠶᠠ ᠵᠠᠷᠢᠮ᠎ᠨᠢ ᠰᠠᠨᠳᠣᠣ᠎ᠪᠠᠨ ᠮᠦᠷᠦᠯᠡᠨ ᠣᠰᠣ ᠪᠢᠯᠡᠭᠦᠦ᠍ᠪᠠᠨ ᠲᠠᠭᠦᠵᠢᠯᠠᠨ ᠬᠡᠳᠦᠭᠦᠯᠡ ᠨᠡᠢᠯᠡᠵᠦ᠍ ᠬᠦᠩᠭᠢᠨᠡᠳᠡᠯᠡ ᠶᠠᠷᠢᠯᠳᠣᠭ᠍ᠰᠠᠭᠠᠷ ᠶᠠᠪᠣᠬᠤ᠎ᠨᠢ ᠬᠦᠭ᠌ᠵᠢᠯᠳᠦ ᠨᠠᠮᠣᠷ᠎ᠤᠨ ᠴᠡᠩᠭᠡᠯᠳᠦ ᠥᠷᠯᠦᠭᠡ᠎ᠶ᠋ᠢᠨ ᠪᠣᠳᠣᠭ᠍ᠳᠣ ᠵᠢᠷᠤᠭ ᠮᠡᠳᠦ ᠰᠠᠢᠬᠠᠨ᠃
ᠨᠠᠷᠠ ᠬᠤᠷ᠎ᠠ ᠲᠡᠩᠴᠡᠭ᠌ᠰᠡᠨ ᠨᠠᠢ᠍ᠮᠠᠨ ᠰᠠᠷ᠎ᠠ᠎ᠶ᠋ᠢᠨ ᠰᠡᠭᠦᠯᠴᠢ᠎ᠶ᠋ᠢᠨ ᠡᠳᠦᠷ᠎ᠤᠳ᠎ᠤᠨ ᠲᠡᠭ᠌ᠷᠢ᠎ᠶ᠋ᠢᠨ ᠥᠩᠭᠡ ᠭᠦᠨ ᠴᠡᠩᠬᠡᠷᠯᠡᠭᠡᠳ᠂ ᠦᠶ᠎ᠡ ᠦᠶ᠎ᠡ ᠰᠡᠪᠢᠯᠵᠡᠬᠦ᠌ ᠰᠡᠷᠢᠭᠦᠨ ᠨᠠᠮᠣᠷ᠎ᠤᠨ ᠬᠤᠩᠭᠤᠷ ᠰᠠᠯᠬᠢ ᠬᠠᠴᠠᠷ᠎ᠢ ᠢᠯᠪᠢᠨ᠂ ᠣᠯᠠᠨ ᠶᠠᠩᠵᠣ᠎ᠶ᠋ᠢᠨ ᠡᠪᠡᠰᠦ ᠣᠷᠭᠤᠮᠠᠯ ᠲᠣᠬᠢᠯᠵᠠᠨ᠂ ᠢᠳᠡᠭᠡᠱᠢᠭ ᠥᠳᠭᠡᠨ ᠡᠪᠡᠰᠦ ᠲᠠᠷᠢᠶᠠᠨ᠎ᠤ ᠦᠨᠦᠷ ᠰᠡᠷᠡᠭ᠌ᠳᠡᠵᠦ᠍᠂ ᠬᠦᠮᠦᠨ᠎ᠤ ᠰᠡᠳᠭᠢᠯ᠎ᠳᠤ ᠪᠠᠭᠤᠭ᠍ᠰᠠᠨ ᠱᠠᠭ᠍ᠰᠢᠯᠳᠣ ᠨᠠᠮᠣᠷ ᠬᠠᠷᠠᠭᠠᠨ᠎ᠤ ᠦᠵᠦᠭᠦᠷ ᠦᠶᠡᠯᠵᠡᠬᠦ᠌ᠨᠢ ᠲᠠᠭᠠᠳᠠᠢ᠃
ᠬᠠᠳᠣᠯᠠᠩ᠎ᠤᠨ ᠵᠠᠬ᠎ᠠ᠎ᠪᠠᠷ ᠬᠦᠮᠦᠰ ᠬᠤᠪᠴᠠᠰᠣ ᠬᠤᠨᠠᠷ᠎ᠢᠶᠠᠨ ᠡᠷᠭᠦᠯᠴᠡᠨ ᠴᠠᠭᠠᠳᠣ ᠬᠦᠪᠡᠭᠡᠨ ᠵᠦᠭ ᠲᠣᠬᠢᠶ᠎ᠠ ᠦᠭ᠌ᠴᠦ ᠬᠠᠵᠠᠭᠤ ᠬᠠᠪᠢᠲᠠᠢᠪᠠᠨ ᠵᠠᠭᠠᠭ ᠱᠣᠭᠤᠮ᠎ᠢᠶᠠᠨ ᠭᠠᠷᠭᠠᠨ᠎ᠠ᠃ ᠬᠡᠷᠰᠡᠥ ᠨᠢᠭᠡ᠎ᠶ᠋ᠢᠨ᠎ᠢᠶᠠᠨ ᠮᠠᠯᠠᠭᠠᠢ᠎ᠶ᠋ᠢᠨ ᠲᠣᠬᠢᠯᠭᠠᠪᠠᠷ ᠡᠪᠡᠰᠦᠨ ᠥᠵᠦᠭᠦᠷ ᠵᠠᠩᠬᠢᠳᠭᠤ ᠪᠣᠶᠣ ᠴᠣᠪᠣᠷᠠᠨ ᠠᠯᠬᠤᠬᠤ᠎ᠳᠤ ᠬᠠᠳᠣᠯᠠᠩ ᠬᠡᠪᠱᠢᠷᠡᠵᠦ᠍ ᠵᠠᠭᠠᠭ ᠲᠣᠳᠣᠷᠠᠨ᠎ᠠ᠃ ᠬᠡᠳᠦᠭᠦᠯᠡ ᠨᠡᠢᠯᠡᠵᠦ᠍ ᠰᠠᠭᠤᠭᠠᠳ ᠰᠠᠨᠳᠣᠣ᠎ᠪᠠᠨ ᠢᠷᠯᠡᠬᠦ᠌ ᠲᠠᠭᠤᠨ ᠨᠢᠭᠡᠯᠡ ᠵᠢᠭ᠌ᠳᠡ ᠱᠠᠷᠴᠢᠬᠢᠨᠠᠬᠤ ᠪᠦᠭᠡᠳ ᠲᠣᠷᠭᠠᠨ ᠢᠷ ᠲᠡᠭᠡᠭᠦᠷ ᠬᠢᠮᠣᠰᠣ ᠲᠣᠭ᠍ᠯᠠᠭᠤᠯᠣᠨ᠂ ᠠᠮᠠ ᠬᠠᠯᠠᠰᠣᠨ ᠵᠣᠭᠤᠭ᠍ᠳᠠᠵᠣ ᠬᠠᠶᠠ ᠬᠠᠳᠠᠭᠠᠨᠠᠨ ᠢᠨᠢᠶᠡᠯᠴᠡᠬᠦ᠌ᠳᠤ ᠡᠪᠡᠰᠦᠨ ᠲᠠᠯᠳᠠ᠎ᠠᠴᠠ ᠵᠢᠷᠬᠢᠭ᠌ᠰᠡᠨ ᠪᠣᠯᠵᠣᠮᠣᠷ ᠦᠷᠭᠦᠨ ᠨᠢᠰᠦᠯᠴᠡᠨ᠎ᠡ᠃ ᠪᠣᠯᠪᠠᠰᠣᠷᠠᠭ᠍ᠰᠠᠨ ᠡᠪᠡᠰᠦᠨ᠎ᠤ ᠪᠠᠯ ᠭᠤᠳᠣᠯ᠎ᠤᠨ ᠣᠯᠠ ᠵᠣᠯᠤᠭ᠂ ᠰᠠᠨᠳᠣᠣ᠎ᠶ᠋ᠢᠨ ᠱᠢᠨᠡᠬᠡᠨ ᠡᠱᠢᠨᠳᠤ ᠲᠠᠭ᠍ᠰᠢᠷᠠᠨ ᠪᠠᠯᠱᠢᠨᠡ᠃ ᠪᠠᠭᠠᠴᠣᠳ ᠬᠡᠦᠬᠡᠳ ᠨᠠᠭᠠᠨ᠎ᠠ ᠴᠠᠭᠠᠨ᠎ᠠ᠎ᠠᠴᠠ ᠲᠠᠭᠤ ᠠᠪᠣᠯᠴᠠᠨ ᠡᠪᠡᠰᠦᠨ ᠵᠠᠬ᠎ᠠ᠎ᠪᠠᠷ ᠪᠣᠯᠳᠠᠯᠵᠠᠬᠤᠳᠤ ᠶᠡᠭᠡᠴᠣᠣᠯ᠎ᠨᠢ 《ᠪᠠᠭ᠍ᠠᠨ ᠬᠤᠯᠠ ᠪᠠᠢ!ᠢᠷᠳᠡᠨ ᠮᠦᠷᠳᠡᠨᠤ ᠲᠡᠭᠡᠭᠦᠷ ᠠᠯᠠᠮᠠᠯᠠᠳᠠᠭ ᠦᠭᠡᠢ ᠶᠤᠮ ᠱᠢᠣ!》᠂ 《ᠬᠠᠳᠣᠯᠠᠩ ᠲᠣᠳᠣᠷ᠎ᠠ ᠪᠢᠳᠡᠬᠡᠢ ᠣᠷᠣ! ᠡᠪᠡᠰᠦ᠎ᠶ᠋ᠢ᠎ᠨᠢ ᠪᠦᠷ ᠰᠣᠯᠢᠴᠢᠬᠠᠨᠠ ᠱᠢᠥ!》 ᠭᠡᠵᠦ᠍ ᠲᠠᠯ᠎ᠠ ᠲᠠᠯ᠎ᠠ᠎ᠠᠴᠠ᠎ᠨᠢ ᠰᠠᠨᠠᠭᠤᠯᠣᠨ᠎ᠠ᠃
ᠲᠣᠷᠭᠠᠨ ᠢᠷ ᠰᠠᠭᠤᠭ᠍ᠰᠠᠨ ᠭᠠᠩ ᠰᠠᠨᠳᠣᠣ ᠱᠣᠣᠬᠢᠨ᠂ ᠬᠦᠮᠦᠰ᠎ᠤᠨ ᠡᠪ ᠲᠡᠮᠳᠡᠢ ᠱᠢᠯᠪᠢᠭᠦᠷᠳᠡᠯᠳᠤ ᠣᠷᠭᠤᠴᠠ ᠰᠠᠢᠳᠠᠢ ᠬᠠᠳᠣᠯᠠᠩ ᠵᠢᠭ᠌ᠳᠡ ᠰᠠᠢᠬᠠᠨ ᠨᠠᠯᠠᠨ ᠣᠨᠠᠬᠤ᠎ᠳᠤ ᠬᠠᠳᠣᠯᠠᠩᠴᠢᠳᠤᠨ ᠣᠷᠮ᠎ᠠ ᠰᠡᠷᠭᠦᠵᠦ᠍᠂ ᠢᠰᠭᠡᠷᠦᠩᠬᠡᠨ ᠲᠠᠭᠤᠯᠠᠩᠬᠠᠨ ᠣᠷᠣᠯᠳᠣᠨ ᠱᠣᠣᠬᠢᠭᠤᠯᠣᠨᠠ᠃ ᠪᠠᠭᠠᠴᠣᠳ ᠴᠦ᠍ ᠠᠬᠠᠮᠠᠳ᠎ᠠᠴᠠ ᠵᠣᠬᠢᠬᠤ ᠵᠠᠢ᠎ᠳᠤ ᠪᠡᠶ᠎ᠡ᠎ᠳᠡᠭᠡᠨ ᠲᠣᠬᠢᠷᠠᠭ᠍ᠰᠠᠨ ᠪᠣᠭᠤᠨᠢᠬᠠᠨ ᠡᠰᠢ᠎ᠲᠠᠢ ᠰᠠᠨᠳᠣᠣ ᠱᠢᠯᠪᠢᠭᠦᠷᠳᠡᠨ᠂ ᠪᠠᠢᠨ ᠪᠠᠢᠨ ᠭᠠᠵᠠᠷ᠎ᠤᠨ ᠦᠳᠤ ᠬᠠᠳᠭᠤᠪᠠᠴᠣ ᠬᠦᠯᠦᠰᠦ ᠭᠤᠭᠤᠵᠢᠭᠤᠯᠣᠨ ᠠᠵᠢᠯ ᠰᠣᠷᠣᠨ᠎ᠠ᠃ ᠬᠡᠦᠬᠡᠳ ᠭᠡᠵᠦ᠍ ᠠᠵᠢᠯ ᠪᠦᠬᠦᠨ᠎ᠢ ᠠᠬᠠᠮᠠᠳ᠎ᠠᠴᠠ᠎ᠪᠠᠨ ᠰᠣᠷᠳᠠᠭ᠂ ᠴᠢᠳᠠᠯ᠎ᠨᠢ ᠠᠷᠠᠢ ᠬᠦᠷᠬᠦ᠌ ᠦᠭᠡᠢ ᠪᠠᠢᠨ ᠪᠠᠢᠨ ᠠᠮᠠᠷᠠᠨ ᠰᠠᠭᠤᠬᠤ ᠪᠣᠶᠣ ᠵᠡᠷᠭᠡᠯᠡᠳᠡᠭᠡ ᠬᠠᠨᠢᠳᠠᠳ᠎ᠢᠶᠠᠨ ᠡᠷᠢᠭᠡᠳ ᠬᠦᠶᠦᠴᠢᠬᠡᠳᠡᠭ᠂ ᠵᠠᠷᠢᠮ᠎ᠳᠠᠭᠠᠨ ᠬᠤᠪᠴᠠᠰᠣ᠎ᠪᠠᠷ᠎ᠢᠶᠠᠨ ᠨᠢᠭᠤᠷ᠎ᠢᠶᠠᠨ ᠰᠡᠭᠦᠳᠡᠷᠯᠡᠭᠡᠳ ᠣᠨᠳᠠᠴᠢᠬᠠᠳᠠᠭ ᠬᠦᠭᠡᠷᠦᠬᠦᠨ ᠱᠣᠮᠳᠠᠢ ᠠᠮᠢᠳᠠᠳ ᠠᠵᠢ᠃ ᠲᠡᠷᠭᠡᠳᠡ᠎ᠨᠢ ᠭᠠᠵᠠᠷ ᠲᠠᠳᠠᠭ᠍ᠰᠠᠨ ᠲᠠᠣᠯᠠᠢ᠎ᠶ᠋ᠢᠨ ᠵᠣᠣᠬᠠᠨ ᠲᠡᠭᠡᠷ᠎ᠡ ᠴᠠᠢ ᠲᠠᠷᠬᠢᠯᠣᠨ ᠪᠣᠴᠠᠯᠵᠣ᠂ ᠠᠭ᠍ᠰᠢᠭᠤᠨ ᠴᠠᠢ᠎ᠶ᠋ᠢᠨ ᠥᠳᠭᠡᠨ ᠦᠨᠦᠷ ᠬᠤᠯᠠ᠎ᠠᠴᠠ ᠦᠨᠦᠷᠳᠦᠨᠡ᠃
ᠡᠷᠳᠡᠯᠡᠵᠦ᠍ ᠣᠷᠣᠢᠯᠠᠨ ᠠᠷᠪᠠ ᠬᠤᠨᠤᠭ ᠬᠠᠭᠠᠰ ᠰᠠᠷ᠎ᠠ ᠪᠣᠯᠬᠤ᠎ᠳᠤ ᠠᠢᠯ᠎ᠤᠳ᠎ᠤᠨ ᠬᠠᠳᠣᠯᠠᠩ ᠡᠩᠳᠡᠭᠡᠨ ᠣᠨᠠᠭ᠍ᠰᠠᠨ ᠴᠦ᠍ ᠬᠦᠳᠡᠯᠮᠦᠷᠢ ᠴᠦᠬᠡᠨ ᠨᠢᠭᠡ᠎ᠶ᠋ᠢᠨ ᠬᠢᠨᠢ ᠶᠠᠪᠣᠴᠠ ᠮᠠᠭᠤᠳᠠᠢ ᠪᠠᠢᠵᠣ᠂ ᠬᠠᠵᠠᠭᠤ ᠠᠢᠯ᠎ᠠᠴᠠ᠎ᠪᠠᠨ ᠬᠡᠷᠡᠮᠳᠡᠨ ᠬᠤᠴᠣᠷᠴᠣ ᠬᠠᠷᠠᠭ᠍ᠳᠠᠨ᠎ᠠ᠃ ᠶᠠᠮᠠᠷ ᠪᠠᠢᠭ᠍ᠰᠠᠨ ᠴᠦ᠍ ᠬᠤᠷ᠎ᠠ ᠪᠣᠷᠣᠭᠠᠨ ᠦᠭᠡᠢ ᠰᠠᠢᠬᠠᠨ ᠨᠠᠮᠣᠷ ᠣᠷᠳᠣ ᠪᠠᠢᠳᠠᠭ ᠲᠣᠯᠠ ᠬᠤᠵᠢᠭ᠍ᠳᠠᠭ᠍ᠰᠠᠨ ᠨᠢᠭᠡ᠎ᠶ᠋ᠢ᠎ᠪᠠᠨ ᠬᠠᠮᠵᠢᠵᠣ ᠲᠣᠰᠠᠯᠠᠭᠠᠳ ᠬᠡᠳᠦᠬᠡᠨ ᠡᠳᠦᠷ᠎ᠤᠨ ᠵᠦᠷᠢᠶᠡᠨ᠎ᠳᠤ ᠡᠪᠡᠰᠦ᠎ᠪᠠᠨ ᠬᠠᠳᠣᠵᠣ ᠲᠠᠭᠤᠰᠳᠠᠭ ᠠᠢᠯ ᠨᠢᠭᠡ ᠠᠮᠢ ᠨᠢᠭᠡ ᠬᠦᠮᠦᠰ ᠪᠢᠯᠡ᠃
ᠡᠨᠡ ᠦᠶ᠎ᠡ᠎ᠳᠤ ᠬᠠᠳᠣᠯᠠᠩ᠎ᠤᠨ ᠲᠠᠯ᠎ᠠ ᠵᠠᠭᠠᠭ ᠱᠣᠭᠤᠮᠢᠶᠠᠷᠢᠶᠠᠨ ᠢᠯᠭᠠᠷᠠᠵᠣ ᠬᠦᠨᠳᠡᠯᠡᠨ ᠭᠤᠯᠳᠣ ᠣᠪᠣᠭᠠᠷᠠᠨ ᠰᠣᠨᠣᠯᠵᠠᠵᠣ᠂ ᠡᠨᠡ ᠵᠢᠯ᠎ᠤᠨ ᠡᠪᠡᠰᠦᠨ᠎ᠤ ᠣᠷᠭᠤᠴᠠ ᠰᠠᠢᠨ᠂ ᠪᠠᠶᠠᠨ ᠨᠠᠮᠣᠷ ᠪᠣᠯᠣᠭ᠍ᠰᠠᠨ᠎ᠢ ᠮᠡᠳᠡᠭᠡᠯᠡᠨ᠎ᠡ᠃
ᠮᠢᠨᠦ᠍ ᠪᠠᠭ᠎ᠠ ᠨᠠᠰᠣᠨ᠎ᠤ ᠨᠠᠮᠣᠷ ᠭᠡᠵᠦ᠍ ᠶᠣᠰᠣᠳᠠᠢ ᠲᠣᠷᠠᠰᠣᠮᠵᠢ ᠲᠣᠷᠠᠳᠭᠠᠯᠳᠤ ᠥᠴᠦᠭᠡᠳᠦᠷᠬᠡᠨ ᠱᠢᠭ ᠬᠠᠳᠠᠩᠱᠢᠵᠦ᠍᠂ ᠲᠣᠭᠤᠨᠣᠳᠣ᠎ᠶ᠋ᠢᠨ ᠵᠣᠪᠠᠷ ᠡᠭᠦᠯᠡᠨ ᠰᠡᠭᠦᠳᠡᠷ᠎ᠲᠠᠢ ᠣᠷᠣᠯᠳᠣᠨ᠂ ᠨᠡᠭᠦᠳᠡᠯ᠎ᠤᠨ ᠣᠯᠠᠨ ᠱᠢᠪᠠᠭᠤᠳ᠎ᠲᠠᠢ ᠣᠨ ᠣᠨ ᠢᠷᠡᠳᠡᠭ ᠬᠠᠷᠢᠯᠠᠭ᠍ᠰᠠᠨ ᠬᠡᠦᠬᠡᠨ ᠲᠦᠷᠬᠦᠮ᠎ᠢᠶᠠᠨ ᠰᠠᠨᠠᠮᠠᠷ ᠪᠠᠶᠠᠨ ᠲᠠᠩᠰᠤᠭ ᠣᠷᠳᠣ ᠨᠠᠮᠣᠷ᠂ ᠨᠣᠳᠤᠭ᠎ᠤᠨ ᠱᠢᠷ᠎ᠠ ᠵᠠᠮ᠎ᠢᠶᠠᠷ ᠡᠪᠡᠰᠦᠨ ᠲᠡᠭᠡᠱᠢᠨᠤ ᠣᠷᠣᠢ ᠲᠡᠭᠡᠷ᠎ᠡ ᠨᠠᠮᠠᠶ᠋ᠢ ᠥᠯᠦᠭᠡᠢᠳᠡᠨ ᠲᠠᠭᠤᠯᠠᠨ ᠲᠠᠭᠤᠯᠠᠨ ᠪᠣᠴᠠᠳᠠᠭ᠃
ᠰᠠᠨᠠᠭ᠍ᠳᠠᠬᠤᠶ᠋ᠢᠨ ᠡᠷᠬᠡᠨ᠎ᠳᠤ ᠲᠠᠭᠤᠯᠠᠮᠠᠷ ᠵᠢᠯ ᠵᠢᠯ᠎ᠤᠨ ᠨᠠᠮᠣᠷ ᠡ!
ᠰᠠᠷᠠᠪᠴᠢᠯᠠᠨ ᠬᠠᠷᠠᠬᠤ᠎ᠳᠤ ᠬᠠᠷᠠᠭ᠍ᠳᠠᠮᠠᠷ ᠬᠠᠳᠣᠯᠠᠩ᠎ᠤᠨ ᠲᠠᠯ᠎ᠠ ᠡ!