2021 ᠣᠨ ᠳ᠋ᠦ ᠬᠡᠪᠴᠢᠶᠡᠵᠢᠯ ᠡᠴᠡ ᠳᠡᠭᠡᠭ᠌ᠰᠢᠬᠢ ᠠᠵᠤ ᠦᠶ᠋ᠯᠡᠳᠪᠦᠷᠢ ᠶ᠋ᠢᠨ ᠨᠡᠮᠡᠭ᠌ᠳᠡᠯ ᠥᠷᠲᠡᠭ ᠤ᠋ᠨ ᠨᠡᠮᠡᠭ᠌ᠳᠡᠯ ᠤ᠋ᠨ ᠬᠤᠷᠳᠤᠴᠠ ᠪᠡᠷ ᠪᠤᠭᠤᠲᠤ ᠬᠣᠲᠠ ᠳ᠋ᠤ ᠲᠦᠷᠦᠬᠦᠯᠡᠵᠤ ᠂ 2022 ᠣᠨ ᠳ᠋ᠤ ᠲᠣᠭ᠍ᠲᠠᠮᠠᠯ ᠬᠥᠷᠥᠩᠭᠡ ᠶ᠋ᠢᠨ ᠪᠠᠯᠠ ᠣᠷᠣᠭᠤᠯᠤᠯᠲᠠ ᠶ᠋ᠢᠨ ᠨᠡᠮᠡᠭ᠌ᠳᠡᠯ ᠤ᠋ᠨ ᠬᠤᠷᠳᠤᠴᠠ ᠪᠡᠷ ᠥᠪᠡᠷᠲᠡᠭᠡᠨ ᠵᠠᠰᠠᠬᠤ ᠣᠷᠣᠨ ᠤ᠋ ᠨᠢᠭᠡᠳᠦᠭᠡᠷ ᠲᠦ᠍ ᠵᠢᠭᠰᠠᠨ᠂ 2023 ᠣᠨ ᠳ᠋ᠤ ᠤᠷᠤᠨ ᠨᠤᠳᠤᠭ ᠤ᠋ᠨ ᠦᠶ᠋ᠯᠡᠳᠪᠦᠷᠢᠯᠡᠯ ᠤ᠋ᠨ ᠶᠡᠷᠦᠩᠬᠡᠶ ᠥᠷᠲᠡᠭ ᠨᠢ ᠠᠩᠬ᠎ᠠ ᠤᠳᠠᠭ᠎ᠠ 100 ᠳ᠋ᠦᠩᠱᠢᠭᠤᠷ ᠲᠥᠭᠥᠷᠢᠭ ᠢ᠋ ᠳᠠᠪᠠᠵᠤ᠂ 2024 ᠣᠨ ᠳ᠋ᠤ ᠬᠡᠪᠴᠢᠶᠡᠵᠢᠯ ᠡᠴᠡ ᠳᠡᠭᠡᠭ᠌ᠰᠢᠬᠢ ᠠᠵᠤ ᠦᠶ᠋ᠯᠡᠳᠪᠦᠷᠢ ᠶ᠋ᠢᠨ ᠦᠶ᠋ᠯᠡᠳᠪᠦᠷᠢᠯᠡᠯ ᠤ᠋ᠨ ᠶᠡᠷᠦᠩᠬᠡᠶ ᠥᠷᠲᠡᠭ ᠨᠢ ᠠᠩᠬ᠎ᠠ ᠤᠳᠠᠭ᠎ᠠ 300 ᠳ᠋ᠦᠩᠱᠢᠭᠤᠷ ᠲᠥᠭᠥᠷᠢᠭ ᠢ᠋ ᠳᠠᠪᠠᠪᠠ ᠁ ᠡᠨᠡ ᠪᠣᠯ ᠶᠣᠣ ᠵᠢᠶᠦ᠋ᠨ ᠵᠢᠶᠧ ᠪᠤᠭᠤᠲᠤ ᠬᠣᠲᠠ ᠶ᠋ᠢᠨ ᠭᠦᠶᠡᠩ ᠱᠢᠶᠠᠨ ᠤ᠋ ᠨᠠᠮ ᠤ᠋ᠨ ᠬᠤᠷᠢᠶ᠎ᠠ ᠶ᠋ᠢᠨ ᠱᠦᠵᠢ ᠶ᠋ᠢᠨ ᠲᠤᠱᠢᠶᠠᠯ ᠢ᠋ ᠡᠭᠦᠷᠭᠡᠯᠡᠭ᠌ᠰᠡᠨ ᠤ᠋ ᠳᠠᠷᠠᠭ᠎ᠠ ᠠᠷᠠᠳ ᠣᠯᠠᠨ ᠳ᠋ᠤ ᠲᠤᠱᠢᠶᠠᠭ᠍ᠰᠠᠨ ᠬᠢᠷᠢ ᠪᠦᠲᠦᠮᠵᠢ ᠶ᠋ᠢᠨ ᠬᠠᠭᠤᠳᠠᠰᠤ ᠪᠣᠯᠤᠨ᠎ᠠ᠃
ᠭᠦᠶᠡᠩ ᠱᠢᠶᠠᠨ ᠳᠠᠯᠠᠨ ᠬᠠᠷ᠎ᠠ ᠠᠭᠤᠯᠠ ᠶ᠋ᠢᠨ ᠠᠷᠤ ᠬᠣᠷᠮᠣᠶ ᠳ᠋ᠤ ᠪᠠᠢᠷᠢᠯᠠᠵᠤ᠂ ᠥᠩᠭᠡᠷᠡᠭ᠌ᠰᠡᠨ ᠳ᠋ᠤ ᠪᠤᠭᠤᠲᠤ ᠬᠣᠲᠠ ᠶ᠋ᠢᠨ ᠴᠣᠷ ᠤ᠋ᠨ ᠭᠠᠭ᠍ᠴᠠ ᠤᠯᠤᠰ ᠤ᠋ᠨ ᠲᠠᠰ ᠤ᠋ᠨ ᠶᠠᠳᠠᠭᠤ ᠬᠦᠴᠢᠷᠳᠡᠯᠲᠡᠶ ᠱᠢᠶᠠᠨ ᠪᠠᠢᠵᠠᠶ᠃ ᠶᠣᠣ ᠵᠢᠶᠦ᠋ᠨ ᠵᠢᠶᠧ 2021 ᠣᠨ ᠤ᠋ 6 ᠰᠠᠷ᠎ᠠ ᠳ᠋ᠤ ᠲᠤᠱᠢᠶᠠᠯ ᠳ᠋ᠤ ᠭᠠᠷᠤᠭ᠍ᠰᠠᠨ ᠡᠴᠡ ᠨᠠᠭᠠᠰᠢ 《ᠮᠠᠯ ᠠᠵᠤ ᠠᠬᠤᠶ ᠲᠠᠷᠢᠶᠠᠯᠠᠩ ᠶ᠋ᠢᠡᠷ ᠱᠢᠶᠠᠨ ᠵᠢᠡᠨ ᠲᠣᠭ᠍ᠲᠠᠪᠤᠷᠢᠵᠢᠭᠤᠯᠬᠤ᠂ ᠠᠵᠤ ᠦᠶ᠋ᠯᠡᠳᠪᠦᠷᠢ ᠪᠡᠷ ᠱᠢᠶᠠᠨ ᠵᠢᠡᠨ ᠪᠠᠶᠠᠵᠢᠭᠤᠯᠬᠤ᠂ ᠬᠤᠳᠠᠯᠳᠤᠭ᠎ᠠ ᠪᠠᠷ ᠱᠢᠶᠠᠨ ᠵᠢᠡᠨ ᠠᠮᠢᠳᠤᠯᠢᠭ᠍ᠵᠢᠭᠤᠯᠬᠤ᠂ ᠠᠮᠢ ᠠᠬᠤᠶ ᠶ᠋ᠢᠨ ᠵᠢᠭᠤᠯᠴᠢᠯᠠᠯ ᠶ᠋ᠢᠡᠷ ᠱᠢᠶᠠᠨ ᠵᠢᠡᠨ ᠮᠠᠨᠳᠤᠭᠤᠯᠬᠤ》 ᠬᠥᠭ᠌ᠵᠢᠯᠲᠡ ᠶ᠋ᠢᠨ ᠰᠡᠳᠭᠢᠴᠡ ᠵᠢ ᠳᠤᠷᠠᠳᠪᠠ᠃
《ᠮᠠᠨ ᠤ᠋ ᠱᠢᠶᠠᠨ ᠳᠡᠭᠡᠷᠡᠬᠢ ᠵᠢ ᠵᠠᠯᠭᠠᠮᠵᠢᠯᠠᠨ ᠳᠣᠷᠣᠭ᠍ᠰᠢ ᠤᠯᠠᠮᠵᠢᠯᠠᠬᠤ ᠵᠠᠩᠭᠢᠯᠠᠭ᠎ᠠ ᠶ᠋ᠢᠨ ᠭᠣᠭ᠍ᠴᠣᠭᠠ ᠳ᠋ᠤ ᠤᠷᠤᠰᠢᠵᠤ᠂ ᠠᠮᠤᠷ ᠲᠦᠪᠱᠢᠨ ᠲᠣᠭ᠍ᠲᠠᠭᠤᠨ ᠪᠠᠢᠬᠤ ᠪᠣᠯ ᠠᠯᠢᠪᠠ ᠠᠵᠢᠯ ᠢ᠋ ᠰᠠᠢᠲᠤᠷ ᠬᠢᠬᠦ᠌ ᠶ᠋ᠢᠨ ᠤᠷᠢᠲᠠᠯ ᠮᠥᠨ᠂ ᠲᠣᠭ᠍ᠲᠠᠭᠤᠨ ᠪᠠᠢᠯᠭᠠᠬᠤ ᠳ᠋ᠤ ᠺᠠᠳ᠋ᠷ ᠤ᠋ᠨ ᠬᠡᠪ ᠪᠤᠯᠪᠠᠰᠤᠷᠠᠯ ᠪᠠ ᠴᠢᠳᠠᠪᠤᠷᠢ ᠳ᠋ᠤ ᠲᠦᠱᠢᠭ᠌ᠯᠡᠨᠠ᠃ ᠡᠭᠦᠨ ᠳ᠋ᠤ ᠡᠷᠬᠡᠪᠰᠢ ᠵᠠᠬᠢᠳᠠᠯ ᠰᠤᠷᠪᠤᠯᠵᠢᠯᠠᠯ ᠤ᠋ᠨ ᠠᠵᠢᠯ ᠢ᠋ ᠰᠠᠢᠲᠤᠷ ᠬᠢᠬᠦ᠌ ᠪᠡᠷ ᠳᠠᠮᠵᠢᠨ ᠱᠢᠶᠠᠨ ᠤ᠋ ᠬᠡᠪᠴᠢᠶᠡᠨ ᠤ᠋ ᠨᠡᠢᠭᠡᠮ ᠤ᠋ᠨ ᠲᠣᠭ᠍ᠲᠠᠭᠤᠨ ᠣᠷᠴᠢᠨ ᠢ᠋ ᠪᠤᠢ ᠪᠣᠯᠭᠠᠬᠤ ᠶ᠋ᠢᠨ ᠬᠠᠮᠲᠤ ᠵᠠᠬᠢᠳᠠᠯ ᠰᠤᠷᠪᠤᠯᠵᠢᠯᠠᠯ ᠤ᠋ᠨ ᠠᠵᠢᠯ ᠶ᠋ᠢᠡᠷ ᠭᠠᠷᠳᠠᠴᠠ ᠪᠣᠯᠭᠠᠨ ᠺᠠᠳ᠋ᠷᠴᠤᠳ ᠤ᠋ᠨ ᠪᠣᠳᠠᠲᠠᠢ ᠵᠢ ᠡᠷᠬᠢᠮᠯᠡᠬᠦ᠌ ᠰᠤᠷᠲᠠᠯ ᠢ᠋ ᠳᠠᠪᠲᠠᠨ ᠪᠣᠯᠪᠠᠰᠤᠷᠠᠭᠤᠯᠬᠤ ᠴᠢᠬᠤᠯᠠᠳᠠᠢ》 ᠭᠡᠵᠦ ᠶᠣᠣ ᠵᠢᠶᠦ᠋ᠨ ᠵᠢᠶᠧ ᠰᠤᠷᠪᠤᠯᠵᠢᠯᠠᠭ᠍ᠴᠢ ᠳ᠋ᠤ ᠬᠡᠯᠡᠨ᠎ᠠ᠃
ᠤᠢ᠍ᠢᠷᠠ ᠶ᠋ᠢᠨ 4 ᠵᠢᠯ ᠤ᠋ᠨ ᠲᠤᠷᠰᠢ᠂ ᠲᠡᠷᠡ ᠪᠦᠬᠦ᠌ ᠱᠢᠶᠠᠨ ᠤ᠋ ᠺᠠᠳ᠋ᠷ ᠶ᠋ᠢᠡᠨ ᠳᠠᠭᠠᠭᠤᠯᠤᠨ ᠮᠣᠩᠭᠣᠯ ᠮᠤᠷᠢᠨ ᠤ᠋ ᠵᠣᠷᠢᠭ ᠰᠠᠨᠠᠭ᠎ᠠ ᠵᠢ ᠪᠠᠳᠠᠷᠠᠭᠤᠯᠵᠤ᠂ ᠬᠠᠷᠠᠯᠲᠠ ᠪᠠᠨ ᠪᠠᠲᠤ ᠡᠵᠡᠮᠳᠡᠨ ᠬᠦᠴᠢᠷ ᠠᠰᠠᠭᠤᠳᠠᠯ ᠢ᠋ ᠱᠢᠢᠳᠪᠦᠷᠢᠯᠡᠵᠦ᠍᠂ 300 ᠭᠠᠷᠤᠢ ᠬᠤᠪᠢ ᠵᠠᠬᠢᠳᠠᠯ ᠰᠤᠷᠪᠤᠯᠵᠢᠯᠠᠯ ᠤ᠋ᠨ ᠳᠠᠷᠤᠭ᠍ᠳᠠᠮᠠᠯ ᠬᠡᠷᠡᠭ ᠢ᠋ ᠪᠦᠬᠦᠨ ᠢ᠋ ᠱᠢᠢᠳᠪᠦᠷᠢᠯᠡᠪᠡ᠃ ᠵᠠᠬᠢᠳᠠᠯ ᠰᠤᠷᠪᠤᠯᠵᠢᠯᠠᠯ ᠵᠡᠷᠭᠡ 21 ᠰᠠᠯᠠᠭ᠎ᠠ ᠮᠥᠴᠢᠷ ᠢ᠋ ᠨᠡᠢᠯᠡᠭᠦᠯᠤᠨ ᠱᠢᠶᠠᠨ ᠤ᠋ ᠶᠡᠷᠦᠩᠬᠡᠢᠯᠡᠨ ᠵᠠᠰᠠᠬᠤ ᠲᠥᠪ ᠲᠦ᠍ ᠤᠷᠤᠭᠤᠯᠵᠤ ᠰᠠᠭᠤᠯᠭᠠᠨ᠂ ᠤᠯᠠᠨ ᠲᠦᠮᠡᠨ ᠤ᠋ 1300 ᠭᠠᠷᠤᠢ ᠬᠤᠪᠢ ᠵᠥᠷᠢᠴᠡᠯ ᠵᠠᠭᠤᠷᠠᠯᠳᠤᠭᠠᠨ ᠢ᠋ ᠨᠢᠭᠡ ᠦᠷᠲᠡᠭᠡᠴᠢᠯᠡᠭᠰᠡᠨ ᠬᠡᠯᠪᠡᠷᠢ ᠪᠡᠷ ᠬᠦᠯᠢᠶᠡᠨ ᠠᠪᠴᠤ᠌ ᠱᠢᠢᠳᠪᠦᠷᠢᠯᠡᠵᠡᠢ᠃ ᠢᠯᠠᠩᠭᠤᠶ᠎ᠠ ᠥᠯᠥ᠍ ᠬᠥᠳᠡᠯᠬᠦ᠌ ᠬᠥᠷᠥᠩᠭᠡ ᠶ᠋ᠢᠨ ᠦᠨᠡᠮᠯᠡᠯ ᠠᠪᠬᠤ ᠳ᠋ᠤ ᠬᠦᠴᠢᠷᠲᠡᠶ ᠪᠠᠢᠬᠤ ᠠᠰᠠᠭᠤᠳᠠᠯ ᠳ᠋ᠦ ᠴᠢᠭᠯᠡᠭᠦᠯᠦᠨ᠂ ᠲᠡᠷᠡ ᠪᠡᠷ ᠬᠡᠷ ᠭᠠᠵᠠᠷ ᠤ᠋ᠨ ᠬᠥᠷᠥᠩᠭᠡ ᠶ᠋ᠢᠨ ᠠᠵᠤ ᠠᠬᠤᠢᠯᠠᠯ ᠳ᠋ᠤ ᠬᠦᠷᠴᠦ᠍ ᠪᠠᠢᠴᠠᠭᠠᠨ ᠰᠤᠳᠤᠯᠤᠯᠲᠠ ᠬᠢᠵᠦ᠍᠂ ᠲᠤᠰᠭᠠᠶ ᠰᠡᠳᠦᠪᠲᠦ ᠬᠤᠷᠠᠯ ᠬᠢᠵᠤ ᠭᠦᠨᠵᠡᠭᠡᠶ ᠰᠤᠳᠤᠯᠤᠨ᠂ ᠵᠠᠰᠠᠭ ᠤ᠋ᠨ ᠣᠷᠳᠣᠨ ᠤ᠋ ᠢᠲᠡᠭᠡᠮᠵᠢ ᠪᠡᠷ ᠪᠠᠲᠤᠯᠠᠨ ᠳᠠᠭᠠᠭᠠᠬᠤ᠂ ᠣᠷᠣᠯᠠᠨ ᠬᠠᠮᠢᠶᠠᠷᠬᠤ ᠲᠠᠪᠴᠠᠩ ᠪᠠᠢᠭᠤᠯᠬᠤ᠂ ᠳᠡᠭᠡᠳᠦ ᠱᠠᠲᠤᠨ ᠤ᠋ ᠲᠥᠷᠥ ᠶ᠋ᠢᠨ ᠪᠣᠳᠣᠯᠭ᠎ᠠ ᠵᠢ ᠰᠠᠢᠲᠤᠷ ᠬᠡᠷᠡᠭ᠌ᠯᠡᠬᠦ᠌ ᠂ ᠠᠵᠤ ᠠᠬᠤᠢᠯᠠᠯ ᠤ᠋ᠨ ᠡᠭᠦᠷᠭᠡ ᠬᠠᠷᠢᠭᠤᠴᠠᠯᠭ᠎ᠠ ᠪᠠᠨ ᠭᠦᠶ᠋ᠴᠡᠳᠭᠡᠬᠦ᠌ ᠵᠢ ᠱᠠᠯᠠᠪᠳᠠᠭᠤᠯᠬᠤ᠂ ᠬᠠᠤᠯᠢ ᠴᠠᠭᠠᠵᠠ ᠶ᠋ᠢᠨ ᠨᠡᠢᠲᠡ ᠶ᠋ᠢᠨ ᠠᠰᠠᠷᠠᠮᠵᠢ ᠶ᠋ᠢᠨ ᠲᠤᠰᠠᠯᠠᠮᠵᠢ ᠦᠵᠡᠭᠦᠯᠬᠦ᠌ 《ᠲᠠᠪᠤᠨ ᠨᠢᠭᠡ ᠪᠦᠯᠦᠭ》 ᠤ᠋ᠨ ᠬᠦᠴᠦᠲᠡᠶ ᠠᠷᠭ᠎ᠠ ᠬᠡᠮᠵᠢᠶ᠎ᠡ ᠪᠡᠷ ᠳᠠᠮᠵᠢᠨ ᠪᠥᠬᠥ᠌ ᠱᠢᠶᠠᠨ ᠤ᠋ 1.6 ᠲᠦᠮᠡᠨ ᠡᠷᠦᠬᠡ ᠶ᠋ᠢᠨ ᠲᠡᠦᠬᠡᠨ ᠡᠴᠡ ᠦᠯᠡᠳᠡᠭ᠌ᠳᠡᠵᠦ᠍ ᠢᠷᠡᠭ᠌ᠰᠡᠨ ᠦᠮᠴᠢᠯᠡᠯ ᠤ᠋ᠨ ᠡᠷᠬᠡ ᠶ᠋ᠢᠨ ᠦᠨᠡᠮᠯᠡᠯ ᠠᠪᠬᠤ ᠳ᠋ᠤ ᠬᠦᠴᠢᠷᠲᠡᠶ ᠠᠰᠠᠭᠤᠳᠠᠯ ᠢ᠋ ᠲᠤᠢᠯᠪᠤᠷᠢᠲᠠᠶ ᠱᠢᠶ᠋ᠳᠪᠦᠷᠢᠯᠡᠪᠡ᠃
ᠭᠦᠶᠡᠩ ᠱᠢᠶᠠᠨ ᠤ᠋ ᠨᠠᠮ ᠤ᠋ᠨ ᠬᠤᠷᠢᠶ᠎ᠠ ᠶ᠋ᠢᠨ ᠱᠦᠵᠢ ᠶ᠋ᠢᠨ ᠲᠤᠱᠢᠶᠠᠯ ᠢ᠋ ᠡᠭᠦᠷᠭᠡᠯᠡᠭ᠌ᠰᠡᠨ 4 ᠵᠢᠯ ᠱᠢᠬᠠᠮ ᠤ᠋ᠨ ᠬᠤᠭᠤᠴᠠᠭᠠᠨ ᠳ᠋ᠦ ᠲᠡᠷᠡ ᠠᠵᠠ ᠲᠣᠬᠢᠶᠠᠯ ᠢ᠋ ᠠᠳᠬᠤᠨ ᠬᠥᠭ᠌ᠵᠢᠯᠲᠡ ᠵᠢ ᠶᠡᠬᠡ ᠪᠡᠷ ᠠᠳᠭᠤᠵᠤ᠂ ᠪᠦᠬᠦ᠌ ᠱᠢᠶᠠᠨ ᠤ᠋ ᠺᠠᠳ᠋ᠷ ᠤᠯᠠᠨ ᠲᠦᠮᠡᠨ ᠶ᠋ᠢᠡᠨ ᠳᠠᠭᠠᠭᠤᠯᠤᠨ ᠴᠥᠭᠡᠨ ᠪᠤᠰᠤ ᠶᠡᠬᠡ ᠶᠠᠪᠤᠳᠠᠯ᠂ ᠬᠦᠴᠢᠷ ᠶᠠᠪᠤᠳᠠᠯ ᠢ᠋ ᠪᠦᠲᠦᠭᠡᠵᠡᠢ ᠃
ᠬᠤᠨᠴᠢᠷ ᠤ᠋ᠨ ᠤᠨᠴᠠᠯᠢᠬ᠍ᠳᠤ ᠠᠵᠤ ᠦᠢᠯᠡᠰ ᠤ᠋ᠨ ᠪᠦᠲᠦᠭᠡᠭᠳᠡᠭᠦᠨ ᠨᠢ ᠴᠢᠨᠠᠷ ᠰᠠᠢᠲᠠᠢ ᠪᠤᠯᠪᠠᠴᠦ ᠦᠷᠳᠡᠭ ᠨᠢ ᠳᠣᠣᠷ᠎ᠠ ᠪᠠᠢᠭ᠎ᠠ ᠬᠦᠴᠢᠷᠳᠡᠯ ᠳ᠋ᠦ ᠴᠢᠭᠯᠡᠭᠦᠯᠦᠨ᠂ ᠲᠡᠷᠡ ᠪᠡᠷ ᠤᠯᠠᠨ ᠤᠳᠠᠭ᠎ᠠ ᠪᠡᠭᠡᠵᠢᠩ ᠳ᠋ᠤ ᠬᠦᠷᠴᠦ ᠬᠣᠯᠪᠣᠭ᠍ᠳᠠᠯ ᠪᠦᠬᠦᠢ ᠰᠠᠯᠠᠭ᠎ᠠ ᠮᠥᠴᠢᠷ ᠲᠡᠶ ᠵᠣᠬᠢᠴᠠᠭᠤᠯᠵᠤ ᠂ ᠬᠦᠶᠡᠩ ᠤ᠋ᠨ ᠬᠤᠨᠴᠢᠷ ᠢ᠋ ᠤᠯᠤᠰ ᠤ᠋ᠨ《ᠡᠮ ᠪᠠ ᠢᠳᠡᠭᠡᠨ ᠤ᠋ ᠬᠤᠤᠰ ᠬᠡᠷᠡᠭᠴᠡᠭᠡᠲᠦ ᠵᠤᠢᠯᠡᠰ》 ᠤ᠋ᠨ ᠭᠠᠷᠴᠠᠭ ᠲᠦ᠍ ᠣᠷᠣᠭᠤᠯᠬᠤ ᠵᠢ ᠠᠬᠢᠭᠤᠯᠤᠨ᠂ ᠠᠵᠤ ᠦᠢᠯᠡᠰᠵᠢᠬᠦᠯᠬᠦ ᠬᠥᠭ᠌ᠵᠢᠯᠲᠡ ᠶ᠋ᠢᠨ ᠪᠣᠭᠣᠮᠢ ᠶ᠋ᠢᠨ ᠠᠰᠠᠭᠤᠳᠠᠯ ᠢ᠋ ᠱᠢᠢᠳᠪᠦᠷᠢᠯᠡᠵᠠᠢ᠃ ᠬᠦᠶᠠᠡᠭ ᠰᠢᠶᠠᠨ ᠤ᠋ ᠬᠤᠨᠴᠢᠷ ᠤ᠋ᠨ ᠭᠠᠷᠤᠯᠲᠠ ᠪᠦᠬᠦ᠌ ᠤᠯᠤᠰ ᠤ᠋ᠨ 20% ᠵᠢ ᠡᠵᠡᠯᠡᠵᠦ᠍᠂ ᠤᠳᠤᠬᠠᠨ ᠳ᠋ᠦ ᠡᠮ ᠤ᠋ᠨ ᠵᠦᠢᠯ᠂ ᠠᠷᠢᠬᠢᠨ ᠤ᠋ ᠵᠦᠢᠯ᠂ ᠢᠳᠡᠭᠡᠨ ᠤ᠋ ᠵᠦᠢᠯ᠂ ᠴᠠᠢ ᠶ᠋ᠢᠨ ᠵᠦᠢᠯ᠂ ᠦᠨᠦᠷᠲᠦ ᠡᠳ᠋᠂ ᠭᠣᠶᠣᠯᠠᠯ ᠤ᠋ᠨ ᠡᠳ᠋᠂ ᠡᠷᠡᠭᠦᠯᠵᠢᠯ ᠤ᠋ᠨ ᠡᠳ᠋ ᠵᠡᠷᠭᠡ 7 ᠱᠢᠷᠢᠰ 100 ᠭᠠᠷᠤᠢ ᠵᠦᠢᠯ ᠤ᠋ᠨ ᠲᠠᠩ ᠪᠦᠲᠦᠭᠡᠭᠳᠡᠭᠦᠨ ᠢ᠋ ᠵᠠᠬ᠎ᠠ ᠳᠡᠯᠭᠡᠭᠦᠷ ᠲᠦ᠍ ᠣᠷᠣᠭᠤᠯᠵᠤ᠂ ᠦᠢᠯᠡᠳᠬᠦᠨ ᠤ᠋ ᠦᠷᠳᠡᠭ ᠨᠢ ᠱᠢᠨ᠎ᠡ ᠪᠡᠷ 5 ᠳ᠋ᠦᠩᠱᠢᠭᠤᠷ ᠲᠥᠭᠥᠷᠢᠭ ᠨᠡᠮᠡᠭ᠌ᠳᠡᠬᠡᠳ 10 ᠳ᠋ᠦᠩᠱᠢᠭᠤᠷ ᠲᠥᠭᠥᠷᠢᠭ ᠢ᠋ ᠳᠠᠪᠠᠪᠠ᠃ ᠭᠦᠶᠡᠩ ᠱᠢᠶᠠᠨ ᠪᠥᠬᠥ᠌ ᠤᠯᠤᠰ ᠤ᠋ᠨ ᠡᠮ ᠪᠠ ᠢᠳᠡᠭᠡᠨ ᠤ᠋ ᠬᠤᠤᠰ ᠭᠡᠷᠡᠭᠴᠡᠭᠡᠲᠦ ᠵᠤᠢᠯᠡᠰ ᠤ᠋ᠨ ᠱᠢᠨ᠎ᠡ ᠵᠢ ᠡᠭᠦᠳᠬᠦ᠌ ᠬᠥᠭ᠌ᠵᠢᠯᠲᠡ ᠶ᠋ᠢᠨ ᠵᠢᠱ᠌ᠢᠶ᠎ᠡ ᠦᠵᠡᠭᠦᠯᠬᠦ᠌ ᠱᠢᠶᠠᠨ ᠶ᠋ᠢᠡᠷ ᠦᠨᠡᠯᠡᠭ᠌ᠳᠡᠪᠡ ᠃
ᠠᠵᠤ ᠦᠢᠯᠡᠳᠪᠦᠷᠢ ᠶ᠋ᠢᠨ ᠲᠠᠯ᠎ᠠ ᠪᠡᠷ ᠲᠡᠮᠦᠷ ᠬᠦᠩᠭᠡᠨᠴᠠᠭᠠᠨ ᠶ᠋ᠢᠡᠷ ᠭᠤᠤᠯᠯᠠᠵᠤ᠂ ᠠᠵᠤ ᠦᠢᠯᠡᠰ ᠤ᠋ᠨ ᠬᠦᠭᠵᠢᠯᠲᠡ ᠶ᠋ᠢᠨ ᠲᠦᠪᠰᠢᠨ ᠳᠤᠤᠷ᠎ᠠ᠂ ᠬᠥᠳᠡᠯᠭᠡᠬᠦ᠌ ᠬᠦᠴᠦᠨ ᠬᠦᠷᠦᠯᠴᠡᠬᠦ᠌ ᠦᠭᠡᠢ ᠪᠠᠢᠬᠤ ᠪᠠᠢᠳᠠᠯ ᠳ᠋ᠦ ᠴᠢᠭᠯᠡᠭᠦᠯᠦᠨ᠂ ᠲᠡᠷᠡ ᠪᠡᠷ 《 ᠤᠯᠠᠨ ᠡᠱᠢᠵᠢᠨ ᠬᠦᠭᠵᠢᠬᠦ ᠠᠭᠤᠰᠤᠯᠴᠠᠨ ᠬᠥᠭ᠌ᠵᠢᠬᠦ᠌ 》 ᠤᠢ᠍ᠢᠯᠠᠭᠠᠭ᠍ᠳᠠᠬᠤᠨ ᠢ᠋ ᠳᠤᠷᠠᠳᠴᠤ᠌᠂ ᠪᠤᠯᠤᠳ ᠲᠡᠮᠦᠷ᠂ ᠬᠦᠩᠭᠡᠨᠴᠠᠭᠠᠨ᠂ ᠮᠠᠭ᠍ᠨᠢ᠂ ᠮᠠᠩᠭᠠᠨ᠂ ᠵᠡᠰ᠂ ᠨᠢᠺᠸᠯ᠂ ᠯᠢᠲ᠋ᠷ ᠵᠡᠷᠭᠡ ᠲᠡᠮᠦᠷᠯᠢᠭ ᠱᠢᠨ᠎ᠡ ᠮᠠᠲ᠋ᠧᠷᠢᠶᠠᠯ ᠤ᠋ᠨ ᠠᠵᠤ ᠦᠢᠯᠡᠰ ᠢ᠋ ᠲᠦᠪᠯᠡᠷᠡᠭᠦᠯᠦᠨ ᠬᠦᠭᠵᠢᠭᠦᠯᠵᠦ᠂ ᠲᠠᠯᠠᠰᠲᠤ ᠴᠠᠬᠢᠭᠤᠷ ᠭᠡᠷᠡᠯᠴᠢ ᠴᠡᠨᠡᠭ᠂ ᠰᠠᠯᠬᠢᠨ ᠬᠦᠴᠦᠨ ᠤ᠋ ᠴᠠᠬᠢᠯᠭᠠᠨ ᠤ᠋ ᠲᠣᠨᠣᠭ᠍ᠯᠠᠯ᠂ ᠤᠰᠤᠲᠥ᠋ᠷᠥᠭ᠌ᠴᠢᠲᠦ ᠡᠨᠧᠷᠭᠢ ᠨᠥᠭᠡᠴᠡ ᠡᠨᠧᠷᠭᠢ ᠵᠡᠷᠭᠡ ᠪᠣᠬᠢᠷᠲᠤᠯ ᠦᠭᠡᠢ ᠱᠢᠨ᠎ᠡ ᠡᠨᠧᠷᠭᠢ ᠶ᠋ᠢᠨ ᠠᠵᠤ ᠦᠢᠯᠡᠰ ᠤ᠋ᠨ ᠬᠦᠭᠵᠢᠯᠳᠡ ᠵᠢ ᠪᠠᠢᠳᠠᠯ ᠳ᠋ᠤᠨᠢ ᠲᠤᠬᠢᠷᠠᠭᠤᠯᠤᠨ ᠬᠦᠳᠦᠯᠦᠨ ᠵᠢᠯᠣᠭᠣᠳᠴᠤ᠌᠂ ᠪᠤᠳᠤᠯᠲᠠ ᠶ᠋ᠢᠨ ᠬᠦᠴᠦᠨ᠂ ᠴᠢᠫ ᠵᠡᠷᠭᠡ ᠱᠢᠨ᠎ᠡ ᠴᠢᠨᠠᠷ ᠤ᠋ᠨ ᠦᠢᠯᠡᠳᠪᠦᠷᠢᠯᠡᠯ ᠤ᠋ᠨ ᠬᠦᠴᠦᠨ ᠤ᠋ ᠠᠵᠤ ᠦᠢᠯᠡᠰ ᠤ᠋ᠨ ᠬᠦᠭᠵᠢᠯᠲᠡ ᠳ᠋ᠦ ᠬᠦᠴᠦᠨ ᠤᠯᠭᠤᠭᠰᠠᠨ ᠶᠤᠮ᠃
ᠲᠡᠷᠡ ᠤᠮᠠᠷᠠᠲᠤ ᠸᠧᠶ ᠤᠯᠤᠰ ᠤ᠋ᠨ ᠬᠤᠸᠠᠢ ᠱᠦᠸᠸ ᠪᠠᠯᠭᠠᠰᠤ ᠶ᠋ᠢᠨ ᠡᠷᠲᠡᠨ ᠤ᠋ ᠬᠣᠲᠠ ᠶ᠋ᠢᠨ ᠮᠦᠽᠧᠶ ᠵᠢᠨ ᠪᠠᠢᠭᠤᠯᠤᠯᠳᠠ ᠵᠢ ᠠᠬᠢᠭᠤᠯᠵᠤ᠂ ᠪᠥᠬᠥ᠌ ᠤᠯᠤᠰ ᠤ᠋ᠨ ᠠᠩᠬᠠᠳᠠᠭ᠍ᠴᠢ ᠴᠢᠨ ᠤᠯᠤᠰ ᠤ᠋ᠨ ᠣᠷᠳᠣ ᠴᠠᠭᠠᠨ ᠬᠡᠷᠡᠮ ᠤ᠋ᠨ ᠤᠯᠤᠰ ᠤ᠋ᠨ ᠰᠣᠶᠣᠯ ᠤ᠋ᠨ ᠴᠡᠴᠡᠷᠯᠢᠭ ᠢ᠋ ᠪᠠᠢᠭᠤᠯᠤᠨ᠂ ᠪᠤᠭᠤᠲᠤ ᠬᠤᠲᠠ ᠶ᠋ᠢᠨ ᠰᠣᠶᠣᠯ ᠵᠢᠭᠤᠯᠴᠢᠯᠠᠯ ᠤ᠋ᠨ ᠱᠢᠨ᠎ᠡ ᠭᠠᠵᠠᠷ ᠵᠦᠢ ᠶ᠋ᠢᠨ ᠢᠯᠡᠷᠬᠡᠢᠯᠡᠯ᠂ ᠤᠮᠠᠷᠠᠲᠤ ᠬᠢᠯᠢ ᠶ᠋ᠢᠨ ᠰᠣᠶᠣᠯ ᠤ᠋ᠨ ᠱᠢᠨ᠎ᠡ ᠨᠡᠷ᠎ᠡ ᠶ᠋ᠢᠨ ᠬᠠᠭᠤᠳᠠᠰᠤ ᠪᠣᠯᠵᠣ᠂ ᠬᠦᠶᠡᠩ ᠰᠢᠶᠠᠨ《ᠳᠤᠮᠳᠠᠳᠤ ᠤᠯᠤᠰ ᠤ᠋ᠨ ᠬᠠᠮᠤᠭ ᠤ᠋ᠨ ᠭᠣᠶᠣ ᠬᠥᠳᠡᠭᠡ ᠲᠣᠰᠭᠣᠨ ᠤ᠋ ᠵᠢᠭᠤᠯᠴᠢᠯᠠᠯ ᠤ᠋ᠨ ᠨᠠᠷᠠᠲᠤ ᠱᠢᠶᠠᠨ》 ᠶ᠋ᠢᠡᠷ ᠦᠨᠡᠯᠡᠭ᠌ᠳᠡᠪᠡ᠃ 2024 ᠣᠨ ᠳ᠋ᠤ ᠪᠥᠬᠥ᠌ ᠱᠢᠶᠠᠨ ᠶ᠋ᠢᠡᠷ ᠶ᠋ᠢᠡᠨ 105 ᠲᠦᠮᠡᠨ ᠵᠢᠭᠤᠯᠴᠢᠯᠠᠭᠴᠢ ᠵᠢ ᠭᠥᠯᠢᠶᠡᠨ ᠠᠪᠴᠤ᠌ ᠂ ᠲᠠᠬᠡᠷ᠎ᠠ ᠵᠢᠯ ᠤ᠋ᠨ ᠬᠢ ᠡᠴᠡ ᠪᠠᠨ 59.5% ᠪᠡᠷ ᠨᠡᠮᠡᠭ᠌ᠳᠡᠪᠡ᠃
ᠶᠣᠣ ᠵᠢᠶᠦ᠋ᠨ ᠵᠢᠶᠧ ᠶᠡᠷᠤ ᠨᠢ ᠠᠷᠠᠳ ᠲᠦᠮᠡᠨ ᠳ᠋ᠤ ᠦᠨᠡᠨᠴᠢ ᠪᠣᠷᠣᠭ᠍ᠵᠢᠭᠤᠨ ᠵᠢᠡᠷ ᠬᠠᠨᠳᠤᠳᠠᠭ ᠶᠤᠮ ᠃ ᠭᠦᠶᠡᠩ ᠳ᠋ᠤ ᠢᠷᠡᠵᠦ᠍ ᠠᠵᠢᠯᠯᠠᠭ᠍ᠰᠠᠨ ᠤ᠋ ᠳᠠᠷᠠᠭ᠎ᠠ᠂ ᠲᠡᠷᠡ ᠮᠠᠰᠢ ᠣᠯᠠᠨ ᠬᠡᠷ ᠤ᠋ᠨ ᠠᠬᠠᠮᠠᠳ ᠬᠡᠦᠬᠡᠳ ᠲᠡᠬᠡᠨ ᠨᠠᠩ ᠰᠠᠢᠨ ᠰᠤᠷᠭᠠᠨ ᠬᠥᠮᠦᠵᠢᠯ ᠬᠦᠷᠲᠡᠭᠡᠬᠦ ᠶ᠋ᠢᠨ ᠲᠥᠯᠥᠭᠡ ᠠᠷᠭ᠎ᠠ ᠪᠤᠰᠤ ᠬᠡᠷ ᠡᠷᠦᠬᠡ ᠪᠡᠨ ᠬᠠᠶᠠᠵᠤ᠂ ᠭᠠᠵᠠᠷ ᠪᠣᠯᠭᠠᠨ ᠡᠴᠡ ᠰᠤᠷᠭᠠᠭᠤᠯᠢ ᠰᠣᠩᠭᠣᠵᠤ ᠪᠠᠢᠬᠤ ᠵᠢ ᠬᠠᠷᠠᠭᠠᠳ ᠰᠡᠳᠭᠢᠯ ᠲᠦᠪᠡᠭᠳᠡᠪᠡ᠃ ᠲᠡᠷᠡ ᠪᠡᠷ ᠬᠡᠦᠬᠡᠳ ᠢ᠋ ᠦᠯᠡᠳᠡᠭᠡᠪᠡᠯ ᠳᠠᠷᠤᠢ ᠭᠦᠶᠡᠩ ᠤ᠋ᠨ ᠢᠷᠡᠭᠡᠳᠦᠢ ᠵᠢ ᠦᠯᠡᠳᠡᠭᠡᠭ᠌ᠰᠡᠨ ᠤᠴᠢᠷ ᠪᠤᠯᠬᠤ ᠵᠢ ᠭᠦᠨ ᠣᠢᠯᠠᠭᠠᠵᠤ᠂ ᠤᠯᠠᠨ ᠲᠦᠮᠡᠨ ᠳ᠋ᠤ ᠲᠠᠭᠠᠱᠢᠶᠠᠭ᠍ᠳᠠᠭ᠍ᠰᠠᠨ ᠰᠤᠷᠭᠠᠨ ᠬᠥᠮᠦᠵᠢᠯ ᠢ᠋ ᠰᠠᠢᠲᠤᠷ ᠡᠷᠬᠢᠯᠡᠨ᠎ᠡ ᠭᠡᠵᠦ ᠵᠣᠷᠢᠭ ᠱᠢᠭᠤᠳᠴᠠᠢ᠃ ᠡᠬᠦᠨ ᠤ᠋ ᠲᠦᠯᠦᠬᠡ ᠲᠡᠷᠡ ᠰᠤᠷᠭᠠᠨ ᠬᠥᠮᠦᠵᠢᠯ ᠤ᠋ᠨ ᠥᠭᠡᠷᠡᠴᠢᠯᠡᠯᠲᠡ ᠵᠢ ᠶᠡᠬᠡ ᠪᠡᠷ ᠠᠬᠢᠭᠤᠯᠵᠤ᠂ 3 ᠵᠢᠯ ᠳ᠋ᠤ ᠳᠡᠭᠡᠳᠦ ᠱᠠᠲᠤᠨ ᠤ᠋ ᠲᠤᠰᠭᠠᠶ ᠵᠦᠶ᠋ᠯ ᠤ᠋ᠨ ᠪᠠᠯᠠ ᠮᠥᠩᠭᠥ ᠵᠢ ᠨᠡᠢᠲᠡ 6000 ᠲᠦᠮᠡᠨ ᠲᠥᠭᠥᠷᠢᠭ ᠣᠯᠵᠤ᠂ 314 ᠵᠠᠯᠠᠭᠤ ᠪᠠᠭ᠍ᠰᠢ ᠵᠢ ᠤᠷᠢᠨ ᠬᠡᠷᠡᠭ᠌ᠯᠡᠵᠦ᠍᠂ ᠡᠮᠦᠨ᠎ᠡ 10 ᠵᠢᠯ ᠤ᠋ᠨ ᠨᠡᠢᠲᠡ ᠲᠤᠭ᠎ᠠ ᠵᠢ ᠳᠠᠪᠠᠪᠠ᠃ ᠶᠡᠬᠡ ᠲᠡᠭᠡᠳᠦ ᠰᠤᠷᠭᠠᠭᠤᠯᠢ ᠶ᠋ᠢᠨ ᠰᠣᠷᠣᠭ᠍ᠴᠢ ᠡᠯᠰᠡᠬᠦ᠌ ᠨᠢᠭᠡᠲᠦᠯᠲᠡᠢ ᠱᠢᠯᠭᠠᠯᠲᠠ ᠪᠡᠷ ᠳᠠᠮᠵᠢᠨ ᠶᠡᠬᠡ ᠰᠤᠷᠭᠠᠭᠤᠯᠢ ᠶ᠋ᠢᠨ ᠵᠢᠩᠬᠢᠨᠢ ᠠᠩᠭᠢ ᠳ᠋ᠦ ᠰᠢᠯᠭᠠᠭᠤᠯᠤᠨ ᠤᠷᠤᠬᠤ ᠨᠣᠷᠮ᠎ᠠ ᠵᠢ 80% ᠣᠷᠴᠢᠮ ᠪᠤᠯᠭᠠᠨ ᠲᠠᠬᠡᠭᠰᠢᠯᠡᠬᠦᠯᠪᠠ᠃ ᠣᠯᠠᠨ ᠲᠦᠮᠡᠨ ᠤ᠋ ᠭᠦᠶᠡᠩ ᠤ᠋ᠨ ᠰᠤᠷᠭᠠᠨ ᠬᠥᠮᠦᠵᠢᠯ ᠳ᠋ᠡᠬᠢ ᠬᠠᠨᠤᠮᠵᠢ ᠶ᠋ᠢᠨ ᠬᠡᠮᠵᠢᠶ᠎ᠡ 3 ᠵᠢᠯ ᠤ᠋ᠨ ᠡᠮᠦᠨᠡᠬᠢ 73% ᠪᠠᠢᠭ᠍ᠰᠠᠨ ᠡᠴᠡ ᠪᠠᠨ 95% ᠪᠤᠯᠵᠤ ᠳᠡᠭᠡᠭ᠌ᠰᠢᠯᠡᠯᠠ᠃
ᠭᠦᠶᠡᠩ ᠤ᠋ᠨ ᠡᠮᠴᠢᠯᠡᠭᠡᠨ ᠨᠢ ᠣᠯᠠᠨ ᠲᠦᠮᠡᠨ ᠳ᠋ᠤ ᠦᠶ᠋ᠯᠡᠴᠢᠯᠡᠬᠦ᠌ ᠲᠠᠯ᠎ᠠ ᠪᠠᠷ ᠪᠠᠰᠠ ᠮᠠᠰᠢ ᠶᠡᠬᠡ ᠵᠥᠷᠢᠶ᠎ᠡ ᠲᠡᠶ ᠪᠠᠢᠬᠤ ᠵᠢ ᠲᠡᠷᠡ ᠲᠣᠳᠣᠷᠬᠠᠶ ᠮᠡᠳᠡᠵᠦ᠍᠂ ᠪᠥᠬᠥ᠌ ᠬᠣᠲᠠ ᠶ᠋ᠢᠨ ᠬᠡᠪᠴᠢᠶᠡᠨ ᠳ᠋ᠤ ᠱᠢᠶᠠᠨ ᠤ᠋ ᠱᠠᠲᠤᠨ ᠤ᠋ ᠠᠯᠪᠠᠨ ᠡᠴᠡ ᠪᠠᠢᠭᠤᠯᠤᠭ᠍ᠰᠠᠨ ᠡᠮᠨᠡᠯᠭᠡ ᠶ᠋ᠢᠨ ᠬᠣᠷᠢᠶᠠᠨ ᠤ᠋ ᠳᠠᠷᠤᠭ᠎ᠠ ᠵᠢ ᠢᠯᠡ ᠪᠡᠷ ᠤᠷᠢᠨ ᠭᠡᠷᠡᠭᠯᠠᠵᠤ᠂ ᠱᠢᠶᠠᠨ ᠤ᠋ ᠬᠡᠪᠴᠢᠶᠡᠨ ᠤ᠋ ᠡᠮᠴᠢᠯᠡᠭᠡᠨ ᠤ᠋ ᠪᠠᠢᠭᠤᠯᠤᠮᠵᠢ ᠳ᠋ᠤ ᠤᠨᠴᠠᠯᠢᠬ᠍ᠳᠤ ᠡᠷᠡᠭᠦᠯᠵᠢᠯ ᠰᠤᠪᠢᠯᠠᠯᠲᠠ ᠶ᠋ᠢᠨ ᠲᠤᠰᠭᠠᠶ ᠰᠠᠯᠠᠭ᠎ᠠ ᠪᠠᠢᠭᠤᠯᠵᠤ᠂ ᠡᠮᠴᠢᠯᠡᠭᠡᠨ ᠤ᠋ ᠦᠶ᠋ᠯᠡᠴᠢᠯᠡᠭᠡᠨ ᠤ᠋ ᠲᠦᠪᠱᠢᠨ ᠢ᠋ ᠳᠡᠭᠡᠭ᠌ᠰᠢᠯᠡᠭᠦᠯᠵᠦ᠍᠂ ᠱᠢᠶᠠᠨ ᠤ᠋ ᠬᠡᠪᠴᠢᠶᠡᠨ ᠳ᠋ᠤ ᠡᠪᠡᠳᠴᠢᠨ ᠦᠵᠡᠭᠦᠯᠬᠦ᠌ ᠨᠣᠷᠮ᠎ᠠ ᠵᠢ ᠵᠠᠭᠤᠨ ᠤ᠋ ᠬᠠᠷᠢᠴᠠᠯ ᠵᠢᠡᠷ 30 ᠬᠤᠪᠢ ᠳᠡᠭᠡᠭ᠌ᠰᠢᠯᠡᠭᠦᠯᠪᠡ᠃
᠁
《ᠠᠮᠵᠢᠯᠲᠠ ᠪᠦᠲᠦᠮᠵᠢ ᠪᠣᠯ ᠥᠩᠭᠡᠷᠡᠭ᠌ᠰᠡᠨ ᠤ᠋ ᠬᠢ ᠶᠤᠮ᠂ ᠪᠢ ᠢᠮᠠᠭ᠍ᠲᠠ ᠪᠣᠳᠠᠲᠠᠶ ᠵᠢ ᠡᠷᠬᠢᠮᠯᠡᠨ ᠪᠣᠳᠠᠲᠠᠶ ᠳ᠋ᠦ ᠨᠠᠢᠳᠠᠪᠤᠷᠢᠵᠢᠭᠤᠯᠬᠤ ᠠᠵᠢᠯ ᠤ᠋ᠨ ᠰᠤᠷᠲᠠᠯ ᠢ᠋ ᠪᠠᠷᠢᠮᠲᠠᠯᠠᠵᠤ᠂ ᠪᠣᠳᠠᠲᠠᠶ ᠠᠳᠭᠤᠨ ᠱᠢᠨ᠎ᠡ ᠵᠢ ᠡᠭᠦᠳᠬᠦ᠌ ᠠᠵᠢᠯ ᠤ᠋ᠨ ᠣᠪᠣᠷ ᠢ᠋ ᠪᠣᠶ ᠪᠣᠯᠭᠠᠨ᠂ ᠦᠨᠡᠨ ᠡᠴᠡ ᠵᠥᠪ ᠢ᠋ ᠡᠷᠢᠭ᠌ᠰᠡᠨ ᠰᠠᠭᠤᠷᠢᠨ ᠳᠡᠭᠡᠷ᠎ᠡ ᠪᠦᠲᠦᠭᠡᠯᠴᠢ ᠴᠢᠨᠠᠷᠲᠠᠶ ᠪᠠᠷ ᠠᠵᠢᠯ ᠶ᠋ᠢᠡᠨ ᠥᠷᠨᠢᠭᠦᠯᠵᠦ᠍᠂ ᠥᠪᠡᠷᠲᠡᠭᠡᠨ ᠵᠠᠰᠠᠬᠤ ᠣᠷᠣᠨ ᠤ᠋ ᠱᠢᠨ᠎ᠡ ᠵᠠᠮ ᠨᠡᠬᠡᠬᠡᠨ ᠳᠤᠮᠳᠠ ᠲᠦᠪᠰᠢᠨ ᠳ᠋ᠤ ᠤᠷᠤᠬᠤ᠂ ᠪᠤᠭᠤᠲᠤ ᠬᠣᠲᠠ ᠶ᠋ᠢᠨ ᠳᠠᠬᠢᠨᠲᠠ ᠲᠡᠦᠬᠡ ᠶ᠋ᠢᠨ ᠬᠠᠮᠤᠭ ᠤ᠋ᠨ ᠥᠨᠳᠥᠷ ᠲᠦᠪᠱᠢᠨ ᠳ᠋ᠤ ᠬᠦᠷᠬᠦ ᠳ᠋ᠤ ᠬᠦᠴᠦᠨ ᠴᠢᠳᠠᠯ ᠶ᠋ᠢᠡᠨ ᠡᠷᠭᠦᠨ᠎ᠡ 》 ᠭᠡᠵᠦ᠍ ᠶᠣᠣ ᠵᠢᠶᠦ᠋ᠨ ᠵᠢᠶᠧ ᠰᠤᠷᠪᠤᠯᠵᠢᠯᠠᠭ᠍ᠴᠢ ᠳ᠋ᠤ ᠬᠡᠯᠡᠨ᠎ᠡ᠃