— ᠶᠢᠰᠦᠳᠦᠭᠡᠷ ᠬᠤᠭᠤᠴᠠᠭᠠᠨ ᠤ᠋ ᠪᠥᠬᠥ᠌ ᠤᠯᠤᠰ ᠤ᠋ᠨ ᠶᠣᠰᠣ ᠰᠤᠷᠲᠠᠬᠤᠨ ᠤ᠋ ᠵᠢᠱ᠌ᠢᠶᠡᠴᠢ ᠪᠠᠭᠠᠲᠤᠷ ᠤ᠋ᠨ ᠦᠢᠯᠡ ᠠᠵᠢᠯᠯᠠᠭᠠᠵᠢ ᠳᠡᠮᠳᠡᠭᠯᠡᠪᠡ
《ᠭᠠᠯ ᠤᠰᠤᠨ ᠤ᠋ ᠳᠤᠮᠳᠠ᠂ ᠬᠠᠯᠠᠭᠤᠨ ᠬᠦᠢᠳᠡᠨ ᠤ᠋ ᠳᠤᠮᠳᠠ ᠭᠠᠯ ᠤᠨᠳᠠᠷᠠᠭᠠᠬᠤ ᠨᠢᠭᠡᠳᠦᠭᠡᠷ ᠹᠷᠤᠨᠲ ᠲᠣ᠌ ᠠᠷᠠᠳ ᠲᠦᠮᠡᠨ ᠤ᠋ ᠠᠮᠢ ᠨᠠᠰᠦ ᠡᠳ᠋ ᠬᠦᠷᠦᠩᠭᠡ ᠵᠢ ᠠᠪᠤᠷᠠᠨ ᠬᠠᠮᠠᠭᠠᠯᠠᠬᠤ ᠪᠡᠷ ᠲᠡᠮᠡᠴᠡᠬᠦ ᠪᠤᠯ ᠮᠢᠨᠦ᠍ ᠠᠵᠢᠯ! ᠬᠣᠭᠣᠯᠠᠪᠠᠨ ᠬᠠᠭᠠᠰ ᠳᠤᠳᠠᠭᠤ ᠢᠳᠡᠵᠦ᠂ ᠪᠡᠶ᠎ᠡ ᠪᠡᠨ ᠬᠠᠭᠠᠰ ᠳᠤᠳᠠᠭᠤ ᠤᠬᠢᠶᠠᠨ᠂ ᠵᠡᠬᠦᠳᠦ ᠨᠤᠢᠷᠤᠨ ᠲᠤᠮᠳᠠ ᠡᠴᠡ ᠪᠠᠨ ᠵᠠᠷᠯᠢᠭ ᠬᠦᠯᠢᠶᠡᠨ ᠠᠯᠠᠪᠬᠢᠨ ᠮᠤᠷᠳᠠᠬᠤ ᠪᠣᠯ ᠮᠢᠨᠦ᠍ ᠠᠮᠢᠳᠤᠷᠠᠯ!ᠦᠭᠰᠦᠵᠦ ᠤᠷᠤᠭᠤᠳᠠᠬᠤ ᠡᠳᠦᠷ ᠬᠤᠨᠤᠭ ᠤ᠋ᠨ ᠬᠠᠭᠠᠰ ᠢ᠋ ᠨᠢ ᠪᠣᠯᠪᠠᠰᠤᠷᠠᠯ ᠤ᠋ᠨ ᠲᠠᠯᠠᠪᠠᠢ᠂ ᠬᠠᠭᠠᠰ ᠢ᠋ ᠨᠢ ᠭᠠᠯ ᠤᠨᠳᠠᠷᠠᠭᠠᠬᠤ ᠲᠠᠯᠠᠪᠠᠢ ᠳ᠋ᠦ ᠦᠩᠭᠡᠷᠡᠬᠦᠯᠵᠦ᠂ ᠦᠬᠦᠵᠦ ᠰᠡᠬᠡᠬᠦ ᠵᠢᠨ ᠰᠢᠯᠭᠠᠯᠳᠠ ᠵᠢ ᠦᠩᠭᠡᠷᠡᠭᠡᠨ ᠭᠠᠪᠰᠢᠭᠠᠢᠯᠠᠨ ᠠᠵᠢᠯᠯᠠᠬᠤ ᠪᠣᠯ ᠮᠠᠨ ᠤ᠋ ᠭᠠᠯ ᠰᠡᠷᠬᠡᠢᠯᠡᠵᠦ ᠭᠠᠯ ᠤᠨᠳᠠᠷᠠᠭᠠᠬᠤ ᠵᠢᠯᠣᠭᠣᠳᠣᠭ᠍ᠴᠢ ᠪᠠᠢᠯᠳᠤᠭ᠍ᠴᠢᠳ ᠤ᠋ᠨ ᠴᠤᠭ ᠵᠢᠪᠬᠤᠭ᠎ᠠ!》ᠡᠨᠡ ᠪᠣᠯ ᠶᠢᠰᠦᠳᠦᠭᠡᠷ ᠬᠤᠭᠤᠴᠠᠭᠠᠨ ᠤ᠋ ᠪᠦᠬᠦ᠌ ᠤᠯᠤᠰ ᠤ᠋ᠨ ᠶᠣᠰᠣ ᠰᠤᠷᠲᠠᠬᠤᠨ ᠤ᠋ ᠵᠢᠱ᠌ᠢᠶᠡᠴᠢ ᠪᠠᠭᠠᠲᠤᠷ ᠤ᠋ᠨ ᠡᠳᠦᠷᠦᠨ ᠲᠡᠮᠳᠡᠭ᠌ᠯᠡᠯᠳᠡᠬᠢ ᠨᠢᠭᠡ ᠪᠠᠳᠠᠭ ᠦᠭᠡ ᠪᠣᠯᠤᠨ᠎ᠠ᠃
ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠬᠥᠬᠡᠬᠣᠲᠠ ᠵᠢᠨ ᠭᠠᠯ ᠰᠡᠷᠭᠡᠢᠯᠡᠵᠦ᠍ ᠭᠠᠯ ᠤᠨᠲᠠᠷᠠᠭᠠᠬᠤ ᠠᠪᠤᠷᠠᠨ ᠲᠤᠰᠠᠯᠠᠬᠤ ᠰᠠᠯᠪᠤᠷᠢ ᠠᠩᠭᠢ ᠳ᠋ᠦ ᠂ ᠬᠥᠬᠡᠬᠣᠲᠠ ᠵᠢᠨ ᠢᠦᠢᠴᠢᠤᠸᠠᠨ ᠲᠣᠭᠣᠷᠢᠭ ᠤ᠋ᠨ ᠡᠮᠦᠨ᠎ᠡ ᠬᠣᠶᠠᠳᠤᠭᠠᠷ ᠲᠣᠭᠣᠷᠢᠯ ᠵᠠᠮ ᠤ᠋ᠨ ᠭᠠᠯ ᠰᠡᠷᠭᠡᠢᠯᠡᠵᠦ᠍ ᠭᠠᠯ ᠤᠨᠲᠠᠷᠠᠭᠠᠬᠤ ᠠᠪᠤᠷᠠᠨ ᠲᠤᠰᠠᠯᠠᠬᠤ ᠥᠷᠲᠡᠭᠡ ᠵᠢᠨ ᠳᠠᠷᠤᠭ᠎ᠠ ᠪᠠᠭᠠᠲᠤᠷ ᠢ᠋ ᠳᠤᠷᠠᠳᠭᠤ ᠳ᠋ᠦ ᠣᠯᠠᠨ ᠵᠢᠡᠷ ᠵᠢᠡᠨ ᠴᠦᠮ ᠡᠷᠡᠬᠡᠶ ᠭᠠᠷᠭᠠᠨ ᠮᠠᠭᠳᠠᠵᠠᠭᠠᠨ᠎ᠠ᠃ 1990 ᠣᠨ ᠳ᠋ᠦ ᠲᠦᠷᠦᠭ᠌ᠰᠡᠨ ᠲᠡᠷᠡ ᠨᠢᠭᠡᠨᠲᠡ 4800 ᠭᠠᠷᠤᠢ ᠤᠳᠠᠭᠠᠨ ᠤ᠋ ᠭᠠᠯ ᠰᠡᠷᠭᠡᠢᠯᠡᠵᠦ᠍ ᠭᠠᠯ ᠤᠨᠲᠠᠷᠠᠭᠠᠬᠤ ᠠᠪᠤᠷᠠᠨ ᠲᠤᠰᠠᠯᠠᠯᠲᠠ ᠵᠢᠨ ᠦᠬᠦᠵᠦ᠍ ᠰᠡᠬᠡᠬᠦ᠌ ᠵᠢᠨ ᠱᠢᠯᠭᠠᠯᠲᠠ ᠵᠢ ᠥᠩᠭᠡᠷᠡᠭᠡᠵᠦ᠍ ᠂ 8500 ᠭᠠᠷᠤᠢ ᠬᠠᠱᠢᠭ᠍ᠳᠠᠭ᠍ᠰᠠᠨ ᠤᠯᠠᠨ ᠲᠦᠮᠡᠨ ᠢ᠋ ᠠᠪᠤᠷᠠᠵᠠᠢ᠃
ᠪᠠᠭᠠᠲᠤᠷ ᠪᠣᠯ ᠭᠠᠯ ᠰᠡᠷᠭᠡᠢᠯᠡᠵᠤ ᠭᠠᠯ ᠤᠨᠲᠠᠷᠭᠠᠬᠤ ᠠᠩᠭᠢ ᠵᠢᠨ ᠦᠷᠡᠭ᠌ᠳᠡᠭ᠌ᠰᠡᠨ ᠪᠠᠭᠠᠲᠤᠷ ᠤ᠋ᠨ ᠬᠣᠢᠴᠢᠰ ᠶᠤᠮ᠂ ᠲᠡᠬᠦᠨ ᠢ᠋ ᠤᠢ ᠬᠦᠷᠦᠭᠡᠳᠦᠢ ᠪᠠᠢᠬᠤ ᠳᠤᠨᠢ ᠠᠪᠤ ᠨᠢ ᠠᠶᠤᠯ ᠳ᠋ᠦ ᠤᠴᠠᠷᠠᠭᠰᠠᠨ ᠤᠯᠠᠨ ᠲᠦᠮᠡᠨ ᠢ᠋ ᠠᠪᠤᠷᠠᠬᠤᠵᠢᠨ ᠲᠦᠯᠦᠭᠡ ᠵᠣᠯ ᠪᠤᠰᠤᠪᠠᠷ ᠪᠡᠶ᠎ᠡ ᠦᠷᠡᠭ᠌ᠳᠡᠪᠡ᠂ ᠲᠡᠬᠦᠨ ᠤ᠋ ᠠᠪᠤ ᠵᠢᠨ ᠵᠢᠡᠨ ᠲᠤᠬᠠᠢ ᠳᠤᠷᠠᠰᠤᠮᠵᠢ ᠵᠢᠨ ᠤᠯᠠᠩᠬᠢ ᠨᠢ ᠡᠮᠡᠭᠡ ᠵᠢᠨ ᠬᠢᠨᠢ ᠡᠷᠬᠢᠴᠡᠬᠦᠯᠦᠯ ᠡᠴᠡ ᠢᠷᠡᠯᠳᠡ ᠲᠠᠢ ᠶᠤᠮ᠃ ᠡᠮᠡᠭᠡ ᠨᠢ ᠦᠷᠭᠦᠯᠵᠢ᠄ 《ᠤᠳᠤ ᠵᠢᠨ ᠵᠣᠯ ᠵᠢᠷᠭᠠᠯᠲᠤ ᠠᠮᠢᠳᠤᠷᠠᠯ ᠢ᠋ ᠴᠥᠮ ᠡᠪ ᠬᠠᠮᠲᠤ ᠨᠠᠮ ᠡᠴᠡ ᠣᠯᠭᠣᠭ᠍ᠰᠠᠨ ᠶᠤᠮ᠂ ᠨᠠᠮ ᠤ᠋ᠨ ᠠᠴᠢ ᠵᠢ ᠶᠠᠭᠠᠬᠢᠭ᠍ᠰᠠᠨ ᠴᠤ᠌ ᠬᠥᠰᠡᠷᠳᠡᠭᠦᠯᠵᠦ᠍ ᠪᠣᠯᠬᠤ ᠦᠭᠡᠢ᠃ ᠨᠠᠮᠳᠠᠭᠠᠨ ᠡᠭᠦᠷᠢᠳᠡ ᠲᠠᠯᠠᠷᠬᠠᠵᠤ ᠨᠠᠮ ᠤ᠋ᠨ ᠦᠭᠡ ᠵᠢ ᠰᠣᠨᠣᠰᠴᠤ᠌ ᠨᠠᠮ ᠵᠢᠡᠨ ᠳᠠᠭᠠᠵᠤ ᠶᠠᠪᠤᠨ᠎ᠠ᠂ ᠠᠪᠤᠪᠠᠷ ᠵᠢᠡᠨ ᠳᠠᠭᠤᠷᠢᠶᠠᠯ ᠪᠣᠯᠭᠠᠵᠤ᠂ ᠠᠪᠤ ᠵᠢᠨ ᠵᠢᠡᠨ ᠭᠡᠷᠢᠶᠡᠰ ᠢ᠋ ᠨᠠᠨᠳᠢᠡᠭᠨᠡᠵᠤ᠂ ᠡᠷᠡᠮᠡᠭᠡᠢᠯᠡᠨ ᠠᠵᠢᠯᠯᠠᠵᠤ᠂ ᠤᠷᠢ ᠵᠠᠯᠠᠭᠤᠵᠢᠨ ᠭᠡᠷᠡᠯ ᠭᠢᠯᠪᠠᠭᠠᠪᠠᠨ ᠰᠠᠴᠤᠷᠠᠭᠤᠯᠵᠤ ᠶᠠᠪᠤᠭᠠᠷᠠᠢ》 ᠭᠡᠵᠦ ᠵᠡᠬᠢᠨ ᠰᠤᠷᠭᠠᠳᠠᠭ᠃
ᠪᠠᠭᠠᠲᠤᠷ ᠰᠤᠷᠪᠤᠯᠵᠢᠯᠠᠭ᠍ᠴᠢ ᠳ᠋ᠦ᠂ ᠠᠪᠤᠵᠢᠨ ᠬᠢᠨᠢ ᠲᠡᠭᠦᠨᠳᠦ ᠦᠯᠡᠳᠡᠭᠡᠭᠰᠡᠨ ᠬᠠᠮᠤᠭ ᠤ᠋ᠨ ᠶᠡᠬᠡ 《ᠡᠳ᠋ ᠬᠦᠷᠦᠩᠬᠡ》 ᠪᠤᠯ ᠬᠡᠳᠦᠨ ᠬᠠᠭᠤᠳᠠᠰᠦ ᠰᠢᠷᠠᠯᠠᠭᠰᠠᠨ ᠬᠠᠭᠤᠴᠢᠨ ᠭᠡᠷᠡᠯ ᠵᠢᠷᠤᠭ ᠪᠠ ᠨᠢᠭᠡᠨ ᠳᠡᠪᠲᠡᠷ ᠵᠤᠪ ᠵᠤᠵᠠᠭᠠᠨ ᠡᠳᠦᠷᠦᠨ ᠲᠡᠮᠳᠡᠭ᠌ᠯᠡᠯ ᠪᠣᠯᠤᠨ᠎ᠠ ᠭᠡᠵᠦ ᠬᠡᠯᠡᠨ᠎ᠡ᠃ ᠠᠪᠤ ᠵᠢᠨ ᠬᠢᠨᠢ ᠡᠳᠦᠷᠦᠨ ᠲᠡᠮᠳᠡᠭ᠌ᠯᠡᠯ ᠳᠡᠬᠢ 《ᠠᠷᠠᠳ ᠲᠦᠮᠡᠨᠦ ᠠᠷᠠᠯ ᠤ᠋ᠨ ᠱᠠᠷ ᠪᠤᠯᠵᠤ ᠂ ᠯᠸᠢ ᠹᠸᠩ ᠱᠢᠭ ᠡᠭᠦᠷᠢᠳᠡ ᠠᠷᠠᠳ ᠲᠦᠮᠡᠨᠦ ᠦᠢᠯᠡᠴᠢᠯᠡᠭ᠌ᠴᠢ ᠪᠤᠯᠵᠤ ᠂ ᠨᠠᠮ ᠤ᠋ᠨ ᠦᠢᠯᠡᠰ ᠲᠣ᠌ ᠥᠪᠡᠷᠦᠨ ᠨᠢᠭᠡ ᠨᠠᠰᠤᠪᠠᠨ ᠵᠣᠷᠢᠭᠤᠯᠤᠨ᠎ᠠ》 ᠭᠡᠰᠡᠨ ᠨᠢᠭᠡ ᠪᠠᠳᠠᠭ ᠦᠭᠡ ᠨᠢ ᠲᠡᠭᠦᠨᠦ ᠰᠡᠳᠭᠢᠯᠳᠦ ᠭᠦᠨ ᠬᠠᠳᠠᠩᠱᠢᠵᠠᠢ᠃
ᠭᠠᠯ ᠰᠡᠷᠭᠡᠢᠯᠡᠵᠤ ᠭᠠᠯ ᠤᠨᠲᠠᠷᠠᠭᠠᠬᠤ ᠠᠵᠢᠯ ᠬᠢᠵᠦ ᠪᠠᠢᠭ᠎ᠠ ᠬᠦᠮᠦᠨ ᠵᠢᠩᠬᠢᠨᠢ ᠴᠢᠳᠠᠪᠤᠷᠢ ᠥᠬᠡᠶ ᠪᠣᠯ 《ᠭᠠᠯᠲᠤ ᠠᠭᠤᠯᠠ》 ᠵᠢ ᠳᠠᠪᠠᠵᠤ ᠳᠡᠢᠯᠬᠦ᠌ ᠥᠬᠡᠶ ᠭᠡᠵᠦ᠍ ᠪᠠᠭᠠᠲᠤᠷ ᠦᠷᠭᠦᠯᠵᠢ ᠶᠠᠷᠢᠳᠠᠭ! ᠪᠡᠶ᠎ᠡ ᠪᠢᠯᠳᠠᠷ ᠨᠢ ᠪᠤᠰᠢᠭᠤ ᠱᠠᠯᠠᠮᠠᠭᠠᠢ᠂ ᠬᠦᠳᠡᠷ ᠴᠢᠭᠢᠷᠠᠭ ᠪᠠᠭᠠᠲᠤᠷ ᠢ᠋ ᠬᠠᠷᠠᠪᠠᠯ᠂ ᠲᠡᠭᠦᠨᠦ ᠬᠣᠶᠠᠷ ᠮᠥᠷᠥᠨ ᠳ᠋ᠤᠨᠢ ᠰᠢᠷ᠎ᠠ ᠤᠰᠤ ᠬᠤᠷᠠᠵᠤ᠂ ᠪᠠᠷᠠᠭᠤᠨ ᠮᠥᠷᠥ ᠵᠢᠨ ᠪᠤᠯᠴᠢᠩ ᠨᠢ ᠢᠵᠠᠷᠠᠵᠦ᠂ ᠵᠡᠭᠦᠨ ᠬᠥᠯ ᠨᠢ ᠤᠷᠤᠭᠤᠳᠠᠬᠤ ᠴᠢᠨᠠᠷᠳᠠᠢ ᠳᠦᠷᠰᠦ ᠬᠤᠪᠢᠷᠠᠵᠤ᠂ ᠪᠦᠰᠡᠯᠡᠭᠦᠷ ᠨᠢᠷᠤᠭᠤᠨ ᠤ᠋ ᠰᠡᠭᠡᠷᠦᠨ ᠲᠠᠪᠠᠭ ᠳᠣᠪᠣᠢᠭ᠍ᠰᠠᠨ ᠭᠡᠮᠵᠡᠷᠭᠡ ᠤᠯᠠᠨ ᠰᠢᠷᠬ᠎ᠠ ᠪᠠᠢᠬᠤ ᠵᠢ ᠬᠡᠨ ᠪᠤᠳᠤᠵᠦ ᠤᠯᠬᠤ ᠪᠢᠯᠡ᠂ ᠣᠯᠠᠩᠬᠢ ᠨᠢ ᠤᠷᠲᠤ ᠬᠤᠭᠤᠴᠠᠭᠠᠨ ᠤ᠋ ᠥᠨᠳᠥᠷ ᠬᠦᠴᠦᠯᠡᠴᠡ ᠲᠠᠢ ᠪᠣᠯᠪᠠᠰᠤᠷᠠᠯ ᠡᠴᠡ ᠪᠣᠯᠤᠭ᠍ᠰᠠᠨ ᠶᠤᠮ᠃ ᠠᠵᠢᠯ ᠳ᠋ᠦ ᠤᠷᠤᠭᠰᠠᠨ17 ᠵᠢᠯᠦᠨ ᠲᠤᠷᠰᠢ᠂ ᠪᠠᠭᠠᠲᠤᠷ ᠦᠷᠬᠦᠯᠵᠢ ᠠᠩᠭᠢ ᠵᠢᠨ ᠨᠥᠬᠥᠳᠡᠴᠡᠪᠡᠨ ᠡᠷᠲᠡ ᠨᠢᠭᠡ ᠴᠠᠭ ᠪᠣᠰᠴᠤ᠌᠂ ᠣᠷᠣᠶ ᠨᠢᠭᠡ ᠴᠠᠭ ᠤᠨᠲᠠᠵᠤ᠂ ᠠᠯᠢᠪᠠ ᠠᠱᠢᠭ᠍ᠯᠠᠵᠤ ᠪᠣᠯᠬᠤᠢᠴᠠ ᠴᠠᠭ ᠵᠢᠡᠷ ᠵᠢᠡᠨ ᠪᠣᠯᠪᠠᠰᠤᠷᠠᠳᠠᠭ ᠨᠢ ᠵᠠᠩᠭᠢᠯᠠᠭ᠎ᠠ ᠵᠢᠨ ᠦᠶᠡᠳᠦ ᠴᠡᠭᠡᠵᠢ ᠳᠦᠷᠢᠨ ᠭᠠᠷᠴᠤ᠌᠂ ᠠᠶᠤᠯ ᠲᠦᠭ᠌ᠰᠢᠭᠦᠷᠢᠲᠡᠶ ᠦᠶᠡᠳᠦ ᠣᠯᠠᠨ ᠲᠦᠮᠡᠨ ᠪᠠ ᠳᠠᠢᠴᠢᠨ ᠨᠥᠬᠥᠳᠦᠨ ᠵᠢᠡᠨ ᠠᠮᠤᠷ ᠲᠦᠪᠱᠢᠨ ᠢ᠋ ᠰᠠᠬᠢᠨ ᠬᠠᠮᠠᠭᠠᠯᠠᠬᠤ ᠴᠢᠳᠠᠪᠤᠷᠢᠲᠠᠶ ᠪᠠᠢᠬᠤ ᠵᠢᠨ ᠲᠥᠯᠥᠭᠡ ᠶᠤᠮ᠃
2023 ᠣᠨ ᠤ᠋ 2 ᠰᠠᠷ᠎ᠠ ᠳ᠋ᠦ᠂ ᠪᠠᠭᠠᠲᠤᠷ ᠤ᠋ᠨ ᠪᠠᠢᠭ᠎ᠠ ᠬᠠᠷᠢᠶ᠎ᠠ ᠣᠷᠣᠨ ᠤ᠋ ᠨᠢᠭᠡᠨ ᠬᠦᠢᠳᠡᠨ ᠬᠥᠮᠥᠷᠭᠡᠳᠦ ᠶᠡᠬᠡ ᠭᠠᠯ ᠭᠠᠷᠴᠤ᠌᠂ ᠲᠦᠮᠡ ᠭᠠᠷᠤᠢ ᠪᠣᠰᠣᠭ᠎ᠠ ᠳᠥᠷᠪᠡᠯᠵᠢᠨ ᠮᠸᠲᠷ ᠮᠣᠳᠣᠨ ᠮᠠᠲ᠋ᠧᠷᠢᠶᠠᠯ ᠢ᠋ ᠬᠠᠳᠠᠭᠠᠯᠠᠵᠤ ᠪᠠᠢᠭ᠍ᠰᠠᠨ ᠬᠥᠮᠥᠷᠭᠡᠲᠡᠶ ᠬᠥᠷᠱᠢᠯᠡᠵᠦ᠍ ᠪᠠᠢᠪᠠ᠃ ᠳᠡᠩᠨᠡᠨ ᠪᠠᠢᠴᠠᠭᠠᠬᠤᠪᠠᠷ ᠳᠡᠮᠵᠢᠨ ᠬᠦᠶ᠋ᠲᠡᠨ ᠬᠥᠮᠥᠷᠭᠡᠳᠦ ᠨᠡᠭᠦᠷᠡᠰᠦᠲᠥ᠋ᠷᠥᠭ᠌ᠴᠢ ᠵᠢᠨ ᠳᠠᠪᠬᠤᠷ ᠢᠰᠦᠯᠦᠨ ᠪᠣᠯᠣᠳ ᠯᠣᠩᠬᠣ ᠪᠠ ᠱᠢᠷᠠ ᠲᠣᠰᠣ ᠬᠠᠳᠠᠭᠠᠯᠠᠭ᠍ᠳᠠᠵᠤ ᠪᠠᠢᠬᠤ ᠵᠢ ᠣᠯᠵᠤ ᠮᠡᠳᠡᠵᠡᠶ᠂ ᠪᠠᠭᠠᠲᠤᠷ ᠡᠷᠡᠰ ᠱᠢᠭᠤᠷᠬᠠᠶᠪᠠᠷ ᠵᠠᠷᠯᠢᠭ ᠪᠠᠭᠤᠯᠭᠠᠨ ᠤᠰᠤᠨ ᠫᠤᠤ ᠵᠢᠨ ᠪᠡᠬᠢᠯᠡᠯᠲᠡ ᠪᠠᠢᠷᠢᠯᠠᠭᠤᠯᠵᠤ᠂ ᠨᠢᠭᠡ ᠲᠠᠯᠠᠪᠠᠷ ᠬᠦᠶ᠋ᠲᠡᠨ ᠬᠥᠮᠥᠷᠭᠡᠵᠢᠨ ᠢᠯᠡ ᠭᠠᠯ ᠢ᠋ ᠤᠨᠲᠠᠷᠠᠭᠠᠵᠤ᠂ ᠨᠥᠭᠥᠭᠡ ᠲᠠᠯᠠᠪᠠᠷ ᠭᠠᠯ ᠤ᠋ᠨ ᠦᠷᠪᠢᠰᠦᠨ ᠳᠡᠯᠭᠡᠷᠡᠬᠦ᠌ ᠵᠢ ᠬᠣᠷᠢᠭ᠍ᠯᠠᠪᠠ᠃ ᠬᠦᠢᠲᠡᠨ ᠬᠥᠮᠥᠷᠭᠡ ᠵᠢᠨ ᠪᠣᠯᠣᠳ ᠯᠣᠩᠬᠣ ᠭᠡᠨᠡᠳᠲᠡ ᠳᠡᠯᠪᠡᠷᠡᠵᠦ᠍᠂ ᠬᠡᠷᠡᠮ ᠨᠢ ᠳᠡᠯᠪᠡᠴᠢᠭ᠌ᠳᠡᠭᠡᠳ ᠶᠡᠬᠡ ᠨᠦᠬᠡ ᠭᠠᠷᠪᠠ᠃ ᠪᠠᠭᠠᠲᠤᠷ ᠤᠬᠤᠷᠢᠬᠤ ᠵᠠᠷᠯᠢᠭ ᠪᠠᠭᠤᠯᠭᠠᠭ᠍ᠰᠠᠨ ᠤ᠋ ᠳᠠᠷᠠᠭ᠎ᠠ᠂ ᠭᠠᠭ᠍ᠴᠠᠭᠠᠷ ᠵᠢᠡᠨ ᠤᠰᠤᠨ ᠫᠤᠤ ᠪᠡᠨ ᠪᠤᠰᠬᠠᠵᠦ᠂ ᠦᠷᠬᠦᠯᠵᠢᠯᠡᠨ ᠪᠣᠯᠣᠳ ᠯᠣᠩᠬᠣᠨ ᠤ᠋ ᠬᠠᠯᠠᠭᠤᠨ ᠤ᠋ ᠬᠡᠮᠵᠢᠶ᠎ᠡ ᠵᠢ ᠪᠠᠭᠤᠷᠠᠭᠤᠯᠵᠤ᠂ ᠬᠠᠮᠤᠭᠤᠨ ᠰᠡᠭᠦᠯᠳᠦ ᠭᠠᠯ ᠤ᠋ᠨ ᠲᠠᠯᠠᠪᠠᠢ ᠡᠴᠡ ᠤᠬᠤᠷᠢᠨ ᠭᠠᠷᠪᠠ᠃ ᠭᠠᠯ ᠤ᠋ᠨ ᠪᠠᠢᠳᠠᠯ ᠤᠯᠠᠮ ᠡᠴᠡ ᠤᠯᠠᠮ ᠶᠡᠬᠡᠳᠴᠦ᠍᠂ ᠵᠠᠮ ᠤᠳᠠᠯ ᠥᠬᠡᠶ ᠬᠠᠰᠢᠭᠳᠠᠬᠤ ᠬᠡᠵᠦ ᠪᠠᠢᠯ᠎ᠠ᠂ ᠲᠤᠰᠠᠯᠠᠬᠤ ᠬᠦᠴᠦᠨ 15 ᠮᠢᠨᠦ᠋ᠲᠦᠨ ᠳᠠᠷᠠᠭ᠎ᠠ ᠰᠠᠶᠢ ᠭᠠᠯ ᠤ᠋ᠨ ᠲᠠᠯᠠᠪᠠᠢ ᠳ᠋ᠦ ᠬᠦᠷᠴᠦ᠍ ᠢᠷᠡᠨ᠎ᠡ᠂ ᠡᠨᠡ ᠬᠦ᠌ ᠪᠠᠴᠢᠮ ᠪᠠᠢᠳᠠᠯ ᠤ᠋ᠨ ᠳᠤᠤᠷ᠎ᠠ᠂ ᠪᠠᠭᠠᠲᠤᠷ ᠡᠷᠡᠰ ᠱᠢᠭᠤᠷᠬᠠᠶᠪᠠᠷ᠄ 《ᠪᠢᠳᠡ ᠬᠦᠳᠡᠯᠦᠯᠴᠡᠶᠡ᠂ 10 ᠮᠢᠨᠦ᠋ᠲᠦᠨ ᠳᠣᠲᠣᠷ᠎ᠠ ᠳᠠᠯᠳᠠ ᠬᠡᠮ ᠢ᠋ ᠠᠷᠢᠯᠭᠠᠵᠤ᠂ ᠮᠣᠳᠣᠨ ᠮᠠᠲ᠋ᠧᠷᠢᠶᠠᠯ ᠤ᠋ᠨ ᠬᠥᠮᠥᠷᠭᠡ ᠵᠢ ᠬᠠᠮᠠᠭᠠᠯᠠᠬᠤ ᠵᠢ ᠪᠠᠲᠤᠯᠠᠶ᠎ᠠ!》 ᠭᠡᠵᠦ ᠪᠠᠢᠯᠳᠤᠬᠤ ᠪᠡᠷ ᠭᠤᠶᠤᠴᠢᠯᠠᠵᠠᠢ᠃ ᠵᠢᠯᠣᠭᠣᠳᠭᠤ ᠭᠠᠵᠠᠷ ᠤ᠋ᠨ ᠵᠥᠪᠱᠢᠶᠡᠷᠡᠯ ᠢ᠋ ᠣᠯᠤᠭ᠍ᠰᠠᠨ ᠤ᠋ ᠳᠠᠷᠠᠭ᠎ᠠ᠂ ᠲᠡᠷᠡ 3 ᠪᠣᠭᠣᠮᠲᠠ ᠱᠢᠪᠲᠤᠯᠬᠤ ᠳᠤᠭᠤᠢᠯᠠᠩ ᠢ᠋ ᠳᠠᠭᠠᠭᠤᠯᠤᠨ᠂ ᠨᠢᠭᠡ ᠳᠤᠭᠤᠢᠯᠠᠩ ᠨᠢ ᠭᠠᠯ ᠤ᠋ᠨ ᠪᠠᠢᠳᠠᠯ ᠢ᠋ ᠬᠠᠱᠢᠵᠤ᠂ ᠨᠢᠭᠡ ᠳᠤᠭᠤᠢᠯᠠᠩ ᠨᠢ ᠬᠦᠢᠳᠡᠨ ᠬᠥᠮᠥᠷᠭᠡ ᠵᠢᠨ ᠬᠠᠯᠭᠤᠨ ᠤ᠋ ᠬᠡᠮᠵᠢᠶ᠎ᠡ ᠵᠢ ᠦᠷᠬᠦᠯᠵᠢᠯᠡᠨ ᠪᠠᠭᠤᠷᠠᠭᠤᠯᠤᠨ᠂ ᠲᠡᠷᠡ ᠨᠢᠭᠡ ᠳᠤᠭᠤᠢᠯᠠᠩ ᠬᠡᠰᠢᠬᠦᠤᠨ ᠵᠢᠡᠨ ᠳᠠᠭᠠᠭᠤᠯᠤᠨ ᠳᠠᠬᠢᠨ ᠳᠡᠯᠪᠡᠷᠡᠬᠦ ᠪᠤᠯᠤᠮᠵᠢ ᠲᠠᠢ ᠪᠣᠯᠣᠳ ᠯᠣᠩᠬᠣ ᠵᠢ ᠪᠦᠬᠦᠨ ᠢ᠋ ᠲᠡᠪᠡᠷᠢᠨ ᠭᠠᠷᠭᠠᠪᠠ᠃ 4 ᠴᠠᠭ ᠤ᠋ᠨ ᠪᠠᠢᠯᠳᠤᠭᠠᠨ ᠵᠢᠡᠷ ᠳᠠᠮᠵᠢᠨ᠂ ᠮᠣᠳᠣᠨ ᠮᠠᠲ᠋ᠧᠷᠢᠶᠠᠯ ᠤ᠋ᠨ ᠬᠥᠮᠥᠷᠭᠡ ᠵᠢ ᠬᠠᠮᠠᠭᠠᠯᠠᠵᠤ᠂ ᠪᠠᠭᠠᠲᠤᠷ ᠤ᠋ᠨ ᠡᠷᠡᠯᠬᠡᠭ ᠵᠣᠷᠢᠭ ᠨᠢ ᠲᠤᠬᠠᠢ ᠵᠢᠨ ᠲᠠᠯᠠᠪᠠᠢ ᠳ᠋ᠦ ᠪᠠᠢᠭ᠍ᠰᠠᠨ ᠳᠠᠷᠤᠭ᠎ᠠ ᠪᠠᠢᠯᠳᠤᠭ᠍ᠴᠢ ᠪᠦᠷᠢ ᠵᠢᠨ ᠰᠡᠳᠬᠢᠯ ᠢ᠋ ᠳᠣᠭ᠍ᠳᠣᠯᠤᠭᠤᠯᠵᠠᠢ᠃
ᠪᠠᠢᠭᠤᠯᠭ᠎ᠠ ᠨᠢᠭᠡᠴᠢᠳᠡᠭᠡᠨ᠂ ᠪᠠᠭᠠᠲᠤᠷ ᠦᠷᠭᠦᠯᠵᠢ ᠤᠯᠤᠰ ᠵᠢᠡᠨ ᠬᠠᠢᠷᠠᠯᠠᠬᠤ ᠦᠵᠡᠯᠦᠨ ᠬᠥᠮᠦᠵᠢᠯ᠂ ᠬᠤᠪᠢᠰᠭᠠᠯ ᠤ᠋ᠨ ᠵᠣᠷᠢᠭ ᠰᠠᠨᠠᠭᠠᠨ ᠤ᠋ ᠤᠯᠠᠮᠵᠢᠯᠠᠯ᠂ ᠠᠵᠢᠯ ᠮᠡᠷᠭᠡᠵᠢᠯᠦᠨ ᠰᠣᠶᠣᠯ ᠤ᠋ᠨ ᠨᠥᠯᠥᠭᠡᠯᠡᠯ᠂ ᠦᠷᠡᠭ᠌ᠳᠡᠭ᠌ᠰᠡᠨ ᠪᠠᠭᠠᠲᠤᠷᠴᠤᠳ ᠤ᠋ᠨ ᠨᠡᠢᠲᠡᠯᠢᠭ ᠵᠢᠱ᠌ᠢᠶ᠎ᠡ ᠵᠢᠨ ᠤᠷᠮᠠᠱᠢᠭᠤᠯᠤᠯ ᠵᠡᠷᠭᠡ 《ᠳᠥᠷᠪᠡ ᠵᠢ ᠨᠢᠭᠡ ᠴᠣᠭ᠍ᠴᠠᠵᠢᠭᠤᠯᠤᠭ᠍ᠰᠠᠨ》 ᠰᠤᠷᠤᠯᠴᠠᠯᠭ᠎ᠠ ᠬᠥᠮᠦᠵᠢᠯ ᠢ᠋ ᠭᠦᠨᠵᠡᠭᠡᠶ ᠥᠷᠨᠢᠭᠦᠯᠵᠦ᠍᠂ 《ᠯᠧᠢ ᠹᠧᠩᠦᠨ ᠶᠠᠷᠢᠶᠠᠨ ᠤ᠋ ᠲᠠᠪᠴᠠᠩ》 ᠢ᠋ ᠨᠡᠭᠡᠭᠡᠵᠦ᠍᠂ 《ᠤᠯᠠᠭᠠᠨ ᠠᠨᠠᠷ》 ᠤᠬᠠᠭᠤᠯᠤᠨ ᠲᠠᠢᠯᠪᠤᠷᠢᠯᠠᠬᠤ ᠪᠠᠭ᠎ᠠ ᠠᠩᠭᠢ ᠵᠢ ᠪᠠᠢᠭᠤᠯᠤᠨ᠂ 《ᠨᠡᠬᠦᠳᠡᠯ ᠨᠠᠮ ᠤ᠋ᠨ ᠬᠢᠴᠢᠶᠡᠯ》 ᠢ᠋ ᠡᠷᠭᠢᠯᠡᠵᠦ᠍᠂ 《ᠭᠠᠯ ᠰᠡᠷᠬᠡᠢᠯᠡᠵᠦ ᠭᠠᠯ ᠤᠨᠳᠠᠷᠠᠭᠠᠬᠤ ᠰᠤᠷᠭᠠᠭᠤᠯᠢ》 ᠬᠥᠮᠦᠵᠢᠯᠦᠨ ᠲᠠᠪᠴᠠᠩ ᠢ᠋ ᠪᠠᠢᠭᠤᠯᠤᠨ᠂ ᠭᠠᠯ ᠰᠡᠷᠬᠡᠢᠯᠡᠵᠦ ᠭᠠᠯ ᠤᠨᠳᠠᠷᠠᠭᠠᠬᠤ ᠵᠢᠯᠣᠭᠣᠳᠣᠭ᠍ᠴᠢ ᠪᠠᠢᠯᠳᠤᠭ᠍ᠴᠢᠳ ᠤ᠋ᠨ ᠨᠠᠮ ᠤ᠋ᠨ ᠤᠳᠤᠷᠢᠳᠤᠯᠭ᠎ᠠ ᠵᠢ ᠪᠠᠷᠢᠮᠲᠠᠯᠠᠬᠤ᠂ ᠠᠵᠢᠯ ᠤ᠋ᠨ ᠪᠠᠢᠷᠢᠳᠠᠭᠠᠨ ᠦᠨᠳᠦᠰᠦᠯᠡᠨ ᠭᠠᠪᠢᠶ᠎ᠠ ᠪᠠᠢᠭᠤᠯᠬᠤ ᠤᠯᠤᠰ ᠲᠥᠷᠥ ᠵᠢᠨ ᠤᠬᠠᠮᠰᠠᠷ ᠪᠠ ᠦᠶ᠋ᠯᠡ ᠠᠵᠢᠯᠯᠠᠭᠠᠨᠤ ᠤᠬᠠᠮᠰᠠᠷ ᠢ᠋ ᠬᠥᠭ᠌ᠵᠢᠭᠡᠪᠡ᠃
ᠪᠠᠭᠠᠲᠤᠷ ᠭᠠᠯ ᠰᠡᠷᠭᠡᠢᠯᠡᠵᠤ ᠭᠠᠯ ᠤᠨᠳᠠᠷᠠᠭᠠᠬᠤ ᠪᠠᠢᠯᠳᠤᠭᠠᠨ ᠤ᠋ ᠬᠤᠪᠴᠠᠰᠤᠪᠠᠨ ᠲᠠᠢᠯᠤᠭᠰᠠᠨ ᠤ᠋ ᠳᠠᠷᠠᠭ᠎ᠠ᠂ ᠰᠡᠳᠭᠢᠯᠳᠡᠭᠡᠨ ᠮᠦᠨ ᠬᠦ᠌ ᠠᠷᠠᠳ ᠲᠦᠮᠡᠨ ᠢ᠋ ᠪᠤᠳᠤᠵᠤ ᠪᠠᠢᠳᠠᠭ᠃ ᠲᠡᠷᠡ ᠬᠠᠷᠢᠶ᠎ᠠ ᠣᠷᠣᠨ ᠤ᠋ ᠵᠡᠭᠡᠯᠢ ᠭᠤᠳᠤᠮᠵᠢ ᠵᠢᠨ ᠬᠡᠷᠡᠭ ᠡᠷᠬᠢᠯᠡᠬᠦ᠌ ᠭᠠᠵᠠᠷᠲᠠᠶ ᠬᠣᠯᠪᠣᠭᠠᠯᠠᠨ ᠨᠠᠭᠠᠳᠤ ᠵᠠᠬ᠎ᠠ ᠵᠢᠨ ᠠᠮᠢᠳᠤᠷᠠᠯ ᠤ᠋ᠨ ᠪᠠᠲᠤᠯᠠᠪᠤᠷᠢ ᠬᠦᠷᠳᠡᠬᠦ᠌ ᠡᠲᠡᠭᠡᠳ᠂ ᠥᠨᠥᠴᠢᠨ ᠪᠡᠯᠪᠡᠰᠦᠨ ᠨᠠᠰᠤᠲᠠᠨ᠂ ᠶᠠᠳᠠᠭᠤ ᠬᠦᠴᠢᠷᠳᠡᠯᠲᠡᠢ ᠰᠤᠷᠤᠬ᠍ᠴᠢᠳ ᠤ᠋ᠨ《ᠣᠨᠴᠠᠭᠠᠢ ᠠᠩᠬᠠᠷᠤᠯ ᠵᠢᠡᠨ ᠬᠠᠨᠳᠤᠭᠤᠬᠤ ᠡᠬᠡ ᠲᠠᠩᠰᠠ》 ᠵᠢ ᠪᠠᠢᠭᠤᠯᠵᠤ᠂ ᠬᠠᠷᠢᠶ᠎ᠠ ᠣᠷᠣᠨ ᠤ᠋ ᠮᠢᠩᠭᠠᠨ ᠲᠣᠰᠭᠣᠨᠲᠠᠶ ᠳᠠᠭᠠᠭᠠᠴᠢᠯᠠᠨ ᠬᠣᠯᠪᠣᠭᠠᠯᠠᠬᠤ ᠦᠢᠯᠡᠴᠢᠯᠡᠭᠡᠨᠦ ᠲᠤᠤᠷ ᠢ᠋ ᠪᠠᠢᠭᠤᠯᠵᠤ᠂ ᠶᠡᠬᠡ ᠠᠩᠬᠢᠲᠠᠶ ᠬᠣᠯᠪᠣᠭᠠᠯᠠᠨ ᠮᠢᠩᠭᠠᠨ ᠲᠣᠰᠭᠣᠨ ᠳ᠋ᠦ ᠪᠢᠴᠢᠭᠦᠨ ᠱᠢᠷᠡᠭᠡ ᠰᠠᠨᠳᠠᠯᠢ ᠬᠠᠨᠳᠢᠪᠯᠠᠵᠤ᠂ ᠲᠣᠰᠭᠣᠨ ᠢ᠋ ᠬᠠᠪᠰᠤᠷᠤᠨ ᠰᠤᠷᠤᠯᠴᠠᠬᠤ ᠲᠠᠰᠤᠭ ᠪᠠᠢᠭᠤᠯᠪᠠ; ᠲᠠᠪᠤᠨ ᠪᠠᠲᠤᠯᠠᠭᠠᠲᠤ ᠡᠷᠦᠬᠡ ᠸᠠᠩ ᠬᠤᠸᠠᠨ ᠸᠧᠨ ᠲᠠᠢ ᠶᠠᠳᠠᠭᠤ ᠡᠴᠡ ᠠᠩᠭᠢᠵᠢᠷᠠᠭᠤᠯᠬᠤ ᠬᠠᠪᠰᠤᠷᠤᠨ ᠲᠡᠳᠬᠦᠬᠦ᠌ ᠬᠠᠪᠰᠤᠷᠤᠯᠴᠠᠭ᠎ᠠ ᠪᠠᠢᠭᠤᠯᠵᠦ᠂ ᠪᠠᠶᠠᠷ ᠳᠤᠷᠠᠰᠬᠠᠯ ᠤ᠋ᠨ ᠡᠳᠦᠷ ᠪᠣᠯᠬᠤ ᠪᠦᠷᠢ ᠶᠡᠬᠡ ᠴᠡᠪᠡᠷᠯᠡᠭᠡ ᠬᠢᠵᠦ᠍᠂ ᠠᠮᠤ ᠪᠤᠳᠠᠭ᠎ᠠ᠂ ᠭᠤᠯᠢᠷ᠂ ᠲᠣᠰᠣ ᠵᠡᠷᠭᠡ ᠡᠳ᠋ ᠪᠣᠳᠠᠰ ᠢ᠋ ᠬᠦᠷᠭᠡᠵᠦ ᠦᠭᠳᠡᠭ; ᠶᠠᠳᠠᠭᠤ ᠬᠦᠴᠢᠷᠳᠡᠯᠲᠡᠶ ᠰᠤᠷᠤᠭ᠍ᠴᠢᠳ ᠤ᠋ᠨ ᠦᠰᠦᠨ ᠪᠤᠢᠵᠢᠵᠦ ᠴᠢᠳᠠᠪᠤᠷᠢᠲᠠᠨ ᠪᠣᠯᠬᠤ ᠵᠢ ᠰᠠᠨᠠᠭᠠᠴᠢᠯᠠᠭ᠎ᠠ ᠡᠴᠡᠪᠠᠨ ᠲᠤᠰᠠᠯᠠᠨ᠂ 5 ᠲᠦᠮᠡ ᠭᠠᠷᠤᠶ ᠲᠥᠭᠥᠷᠢᠭᠦᠨ ᠥᠷᠲᠡᠭ ᠪᠥᠬᠥᠶ ᠵᠣᠭᠣᠰ ᠮᠥᠩᠭᠥ᠌ ᠡᠳ᠋ ᠪᠣᠳᠠᠰ ᠵᠢᠡᠷ ᠲᠤᠰᠠᠯᠠᠭᠰᠠᠨ ᠪᠠᠢᠨ᠎ᠠ ᠃
ᠡᠷᠡᠯᠬᠡᠭ ᠪᠠᠭᠠᠲᠤᠷᠯᠢᠭ ᠪᠠᠭᠠᠲᠤᠷ ᠪᠠᠰᠠ ᠴᠣ᠌ ᠨᠢᠭᠡᠨ ᠨᠠᠷᠢᠨ ᠬᠢᠨᠠᠮᠠᠭᠠᠶ ᠬᠦᠮᠦᠨ ᠪᠠᠢᠯ᠎ᠠ᠃ ᠪᠣᠳᠠᠲᠤ ᠪᠠᠢᠯᠳᠤᠭᠠᠨ ᠤ᠋ ᠲᠤᠷᠱᠢᠯᠭᠠᠲᠠᠶ ᠪᠡᠨ ᠤᠶᠠᠯᠳᠤᠭᠤᠯᠤᠨ᠂ ᠲᠡᠷᠡ《ᠳᠣᠲᠣᠭᠠᠳᠤᠵᠢᠨ ᠲᠠᠭᠠᠷᠢᠯᠳᠠ ᠵᠢᠨ ᠭᠠᠯ ᠰᠡᠷᠭᠡᠢᠯᠡᠵᠤ ᠭᠠᠯ ᠤᠨᠲᠠᠷᠠᠭᠠᠬᠤ 3 ᠬᠥᠮᠦᠨᠦ ᠡᠭᠡᠯᠵᠢ ᠳᠤᠭᠤᠢᠯᠠᠩ ᠤ᠋ᠨ ᠪᠠᠢᠯᠳᠤᠬᠤ ᠠᠷᠭ᠎ᠠ》᠂ 《ᠢᠪᠴᠤᠤ ᠪᠠᠭ᠎ᠠ ᠣᠷᠣᠨ ᠵᠠᠢ ᠳ᠋ᠡᠬᠢ ᠨᠤᠷᠠᠭᠠᠨ ᠵᠠᠳᠠᠯᠵᠤ ᠡᠷᠢᠵᠦ᠍ ᠠᠪᠤᠷᠠᠬᠤ ᠮᠡᠷᠭᠡᠵᠢᠯ》 ᠢ᠋ ᠰᠤᠳᠤᠯᠤᠨ ᠭᠠᠷᠭᠠᠵᠤ᠂ ᠰᠠᠯᠪᠤᠷᠢ ᠠᠩᠬᠢ ᠳ᠋ᠠᠭᠠᠨ ᠥᠷᠭᠡᠨ ᠵᠢᠡᠷ ᠳᠡᠯᠭᠡᠷᠡᠭᠦᠯᠪᠡ; ᠱᠢᠨ᠎ᠡ ᠵᠢ ᠡᠭᠦᠳᠴᠦ᠍ ᠰᠤᠳᠤᠯᠤᠨ ᠨᠡᠭᠡᠭᠡᠭᠰᠡᠨ《ᠤᠰᠤᠨ ᠪᠦᠰᠡ ᠵᠢᠨ ᠣᠷᠢᠶᠠᠭᠤᠷ ᠮᠠᠱᠢᠨ》 ᠨᠢ ᠤᠯᠤᠰ ᠤ᠋ᠨ ᠲᠤᠰᠭᠠᠢ ᠠᠱᠢᠭ ᠢ᠋ ᠣᠯᠵᠠᠢ; ᠲᠡᠷᠡ ᠭᠠᠯ ᠰᠡᠷᠭᠡᠢᠯᠡᠵᠤ ᠭᠠᠯ ᠤᠨᠲᠠᠷᠠᠭᠠᠬᠤ ᠦᠷᠳᠡᠭᠡ ᠵᠢᠨ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯᠦᠨ ᠪᠣᠭᠣᠮᠲᠠ ᠱᠢᠪᠲᠤᠯᠬᠤ ᠳᠤᠭᠤᠢᠯᠠᠩ ᠢ᠋ ᠲᠦᠷᠦᠭᠦᠯᠡᠨ ᠪᠠᠢᠭᠤᠯᠵᠤ᠂ ᠭᠠᠯ ᠰᠡᠷᠭᠡᠢᠯᠡᠨ ᠭᠠᠯ ᠤᠨᠲᠠᠷᠠᠭᠠᠵᠦ ᠠᠪᠤᠷᠠᠨ ᠲᠤᠰᠠᠯᠠᠬᠤ ᠵᠢ ᠳᠤᠬᠢᠷᠠᠭᠤᠯᠤᠨ ᠵᠢᠯᠤᠭᠤᠳᠬᠤ ᠭᠠᠷ ᠤᠲᠠᠰᠤᠨ ᠤ᠋ APP ᠵᠢ ᠰᠤᠳᠤᠯᠤᠨ ᠨᠡᠭᠡᠭᠡᠬᠦ ᠵᠢᠨ ᠬᠠᠮᠲᠤ ᠳᠡᠯᠭᠡᠷᠡᠭᠦᠯᠦᠨ ᠬᠡᠷᠡᠭ᠌ᠯᠡᠪᠡ; ᠭᠠᠯ ᠰᠡᠷᠭᠡᠢᠯᠡᠵᠤ ᠭᠠᠯ ᠤᠨᠲᠠᠷᠠᠭᠠᠬᠤ ᠥᠷᠲᠡᠭᠡ ᠪᠣᠯᠤᠨ ᠠᠵᠤ ᠠᠬᠤᠢᠯᠠᠯ ᠤ᠋ᠨ ᠮᠡᠷᠭᠡᠵᠢᠯᠲᠡᠨᠲᠡᠶ ᠬᠠᠪᠰᠤᠷᠤᠯᠴᠠᠭ᠎ᠠ ᠪᠠᠢᠭᠤᠯᠬᠤ ᠵᠢ ᠠᠬᠢᠭᠤᠯᠵᠤ᠂ ᠠᠯᠤᠰ ᠡᠵᠡᠮᠱᠢᠯᠲᠦ ᠲᠠᠭᠤ ᠳᠦᠷᠰᠦ ᠱᠢᠩᠭᠡᠭᠡᠯᠲᠡᠵᠢᠨ ᠤᠯᠠᠭᠠᠨ ᠤ᠋ ᠭᠠᠳᠠᠨᠠᠬᠢ ᠲᠤᠶᠠᠭᠠᠨ ᠤ᠋ ᠢᠯᠴᠢ ᠵᠢᠨ ᠳᠦᠷᠰᠦ ᠪᠦᠲᠦᠭᠡᠬᠦ᠌ ᠳᠡᠩᠨᠡᠨ ᠪᠠᠢᠴᠠᠭᠠᠬᠤ ᠳᠤᠭᠤᠯᠠᠭ᠎ᠠ ᠵᠢᠨ ᠱᠢᠰᠲ᠋ᠧᠮ ᠢ᠋ ᠰᠤᠳᠤᠯᠤᠨ ᠨᠡᠭᠡᠭᠡᠵᠦ᠂ ᠬᠠᠷ᠎ᠠ ᠣᠲᠣᠭ᠎ᠠ᠂ ᠬᠤᠤᠷᠲᠤ ᠣᠷᠴᠢᠨ ᠳ᠋ᠦ ᠣᠷᠣᠵᠤ ᠲᠠᠩᠨᠠᠨ ᠪᠠᠢᠴᠠᠭᠠᠬᠤ ᠪᠡᠷᠬᠡ ᠰᠡᠳᠦᠪ ᠢ᠋ ᠪᠦᠲᠦᠮᠵᠢᠲᠡᠶ ᠱᠢᠶ᠋ᠳᠪᠦᠷᠢᠯᠡᠪᠡ; ᠲᠡᠭᠦᠨᠦ ᠭᠠᠯ ᠭᠠᠷᠤᠭ᠍ᠰᠠᠨ ᠭᠠᠵᠠᠷ ᠤ᠋ᠨ ᠡᠳᠦᠷ ᠤ᠋ᠨ ᠲᠡᠮᠳᠡᠭ᠌ᠯᠡᠯ ᠨᠢ ᠮᠦᠨ ᠰᠠᠯᠪᠤᠷᠢ ᠠᠩᠬᠢ ᠵᠢᠨ ᠬᠢᠨᠦ ᠭᠠᠯ ᠤᠨᠳᠠᠷᠠᠭᠠᠬᠤ ᠪᠠᠢᠯᠳᠤᠭᠠᠨ ᠤ᠋ ᠵᠢᠱ᠌ᠢᠢᠡ ᠰᠤᠳᠤᠯᠤᠨ ᠶᠠᠷᠢᠯᠴᠠᠬᠤ ᠪᠠ ᠲᠠᠬᠢᠨ ᠳᠠᠪᠲᠠᠨ ᠤᠯᠠᠷᠢᠭᠤᠯᠬᠤ ᠭᠠᠷ ᠠᠪᠤᠯᠭ᠎ᠠ ᠵᠢᠨ ᠨᠤᠮ ᠪᠣᠯᠤᠭ᠍ᠰᠠᠨ ᠪᠠᠢᠨ᠎ᠠ ᠃
ᠣᠯᠠᠨ ᠵᠢᠯᠦᠨ ᠲᠤᠷᠰᠢ᠂ ᠪᠠᠭᠠᠲᠤᠷ ᠲᠣ᠌ ᠤᠷᠢᠳ ᠬᠣᠵᠢᠳ ᠪᠠᠴᠢᠮ ᠪᠠᠢᠳᠠᠯ ᠢ᠋ ᠠᠷᠭᠠᠴᠠᠭᠠᠬᠤ ᠬᠠᠮᠢᠶᠠᠷᠤᠯᠲᠠ ᠵᠢᠨ ᠶᠠᠮᠤᠨ ᠡᠴᠡ《ᠪᠥᠬᠥ᠌ ᠤᠯᠤᠰ ᠤ᠋ᠨ 119 ᠭᠠᠯ ᠰᠡᠷᠭᠡᠢᠯᠡᠵᠤ ᠭᠠᠯ ᠤᠨᠲᠠᠷᠠᠭᠠᠬᠤ ᠲᠡᠷᠢᠭᠦᠨᠦ ᠬᠤᠪᠢ ᠬᠥᠮᠦᠨ》᠂ 《ᠪᠥᠬᠥ᠌ ᠤᠯᠤᠰ ᠤ᠋ᠨ ᠪᠠᠴᠢᠮ ᠪᠠᠢᠳᠠᠯ ᠢ᠋ ᠠᠷᠭᠠᠴᠠᠭᠠᠬᠤ ᠬᠠᠮᠢᠶᠠᠷᠤᠯᠲᠠ ᠵᠢᠨ ᠱᠢᠰᠲ᠋ᠧᠮᠦᠨ ᠲᠡᠷᠢᠭᠦᠨᠦ ᠠᠵᠢᠯᠲᠠᠨ》 ᠤ᠋ ᠢᠷᠠᠭᠤ ᠠᠯᠳᠠᠷ ᠢ᠋ ᠣᠯᠭᠣᠵᠤ᠂ ᠡᠪ ᠬᠠᠮᠲᠤ ᠵᠠᠯᠠᠭᠤᠴᠤᠳ ᠤ᠋ᠨ ᠡᠪᠯᠡᠯᠦᠨ ᠲᠥᠪ ᠬᠣᠷᠢᠶ᠎ᠠ᠂ ᠪᠥᠬᠥ᠌ ᠤᠯᠤᠰ ᠤ᠋ᠨ ᠵᠠᠯᠠᠭᠤᠴᠤᠳ ᠤ᠋ᠨ ᠬᠣᠯᠪᠣᠭ᠎ᠠ ᠡᠴᠡ《ᠳᠤᠮᠳᠠᠳᠤ ᠤᠯᠤᠰ ᠤ᠋ᠨ ᠵᠠᠯᠠᠭᠤᠴᠤᠳ ᠤ᠋ᠨ 〈5·4〉 ᠤ᠋ ᠱᠠᠩᠨᠠᠯ ᠤ᠋ᠨ ᠮᠸᠳᠡᠯ》 ᠣᠯᠭᠣᠵᠤ᠂ ᠨᠠᠮ ᠤ᠋ᠨ ᠲᠥᠪ ᠬᠣᠷᠢᠶ᠎ᠠ᠂ ᠲᠥᠷᠥ ᠵᠢᠨ ᠶᠠᠪᠤᠳᠠᠯ ᠤ᠋ᠨ ᠬᠣᠷᠢᠶ᠎ᠠ ᠡᠴᠡ《ᠪᠥᠬᠥ᠌ ᠤᠯᠤᠰ ᠤ᠋ᠨ ᠠᠷᠠᠳ ᠲᠦᠮᠡᠨᠳᠦ ᠲᠠᠭᠠᠱᠢᠶᠠᠭ᠍ᠳᠠᠭ᠍ᠰᠠᠨ ᠠᠯᠪᠠᠲᠠᠨ》 ᠤ᠋ ᠢᠷᠠᠭᠤ ᠠᠯᠳᠠᠷ ᠣᠯᠭᠣᠪᠠ ᠃ ᠲᠡᠭᠦᠨᠦ ᠭᠡᠷ ᠪᠦᠯᠢ ᠨᠢ ᠪᠦᠬᠦ᠌ ᠤᠯᠤᠰ ᠤ᠋ᠨ ᠬᠠᠮᠤᠭ ᠤ᠋ᠨ ᠭᠤᠶᠤ ᠭᠡᠷ ᠪᠦᠯᠢᠪᠡᠷ ᠦᠨᠡᠯᠡᠭ᠌ᠳᠡᠭᠰᠡᠨ ᠪᠠᠢᠨ᠎ᠠ᠃