ᠤᠮᠠᠷᠠᠰᠢ ᠪᠡᠨ! ᠤᠮᠠᠷᠠᠰᠢ ᠪᠡᠨ!
ᠨᠤᠭᠤ ᠭᠠᠵᠠᠷ᠂ ᠴᠠᠭᠠᠨ ᠬᠤᠰᠤᠨ ᠤᠢ᠂ ᠱᠢᠯᠮᠦᠦᠰᠦᠲᠦ ᠤᠢ᠎ᠶ᠋ᠢ ᠲᠤᠭᠤᠯᠪᠠᠯ ᠲᠤᠰ ᠦᠯᠢᠭᠡᠷ᠎ᠦᠨ ᠡᠬᠢ ᠡᠭᠦᠰᠦᠯ ᠪᠤᠯᠬᠤ ᠭᠠᠵᠠᠷ — ᠬᠥᠯᠥᠨ ᠪᠤᠢ᠌ᠷ ᠬᠤᠳᠠ᠎ᠶ᠋ᠢᠨ ᠭᠡᠭᠡᠨ ᠭᠣᠣᠯ ᠬᠤᠳᠠᠳ᠋ᠦ ᠬᠦᠷᠦᠨ᠎ᠡ᠃
ᠠᠭᠤᠯᠠ ᠱᠢᠭᠤᠶ ᠬᠥᠱᠢᠶ᠎ᠡ ᠮᠡᠲᠦ᠂ ᠪᠦᠲᠦᠭᠡᠨ ᠪᠠᠢᠭᠤᠯᠤᠯᠲᠠ᠎ᠶ᠋ᠢᠨ ᠶᠡᠬᠡ ᠴᠡᠷᠢᠭ᠎ᠦᠨ ᠵᠠᠮ ᠨᠡᠭᠡᠭᠡᠨ ᠤᠷᠤᠭ᠍ᠰᠢᠯᠠᠬᠤ ᠵᠣᠷᠢᠭ ᠰᠠᠨᠠᠭ᠎ᠠ᠎ᠶ᠋ᠢ ᠰᠡᠢᠯᠤᠨᠡ; ᠦᠨᠳᠦᠰᠦᠲᠡᠨ᠎ᠦ ᠵᠠᠩ ᠦᠢᠯᠡ᠂ ᠡᠨᠡ ᠬᠦ᠌ ᠤᠮᠠᠷᠠᠲᠤ ᠬᠢᠯᠢ᠎ᠶ᠋ᠢᠨ ᠬᠣᠲᠠ᠎ᠶ᠋ᠢᠨ ᠱᠢᠯᠦᠭ ᠪᠣᠯᠤᠨ ᠠᠯᠤᠰ ᠬᠣᠯᠠᠳ᠋ᠤ ᠥᠩᠭᠡ ᠪᠤᠳᠤᠭ ᠨᠡᠮᠡᠷᠢᠯᠡᠨ᠎ᠡ; ᠰᠣᠶᠣᠯ ᠵᠢᠭᠤᠯᠴᠢᠯᠠᠯ ᠠᠭᠤᠰᠤᠯᠴᠠᠵᠤ᠂ ᠦᠶ᠎ᠡ ᠤᠯᠠᠷᠢᠨ ᠣᠷᠣᠱᠢᠨ ᠲᠣᠭ᠍ᠲᠠᠨᠢᠬᠤ ᠬᠠᠯᠠᠭᠤᠨ ᠬᠥᠷᠥᠰᠥ᠍ ᠵᠢ ᠬᠠᠷᠠᠭᠤᠯᠤᠨ᠎ᠠ᠃
ᠬᠥᠬᠡᠮᠳᠦᠭ ᠠᠭᠤᠯᠠ ᠬᠥᠮᠦᠨ᠎ᠢ ᠬᠥᠰᠡᠷᠳᠡᠭᠦᠯᠬᠦ᠌ ᠦᠭᠡᠢ
《ᠡᠨᠳᠡ ᠪᠣᠯ ᠬᠦᠢᠲᠡᠨ ᠪᠦᠰᠡ᠎ᠶ᠋ᠢᠨ ᠤᠷᠭᠤᠮᠠᠯ᠎ᠤᠨ ᠸᠠᠩᠲᠤ ᠤᠯᠤᠰ᠂ ᠬᠡᠭᠡᠷ᠎ᠡ᠎ᠶ᠋ᠢᠨ ᠠᠮᠢᠲᠠᠨ᠎ᠤ ᠴᠡᠩᠭᠡᠯ᠎ᠦᠨ ᠣᠷᠣᠨ ᠪᠣᠯᠤᠨ᠎ᠠ》᠃ ᠱᠢᠭᠤᠢᠲᠤ ᠣᠷᠣᠨ᠎ᠤ ᠮᠣᠳᠣᠨ ᠮᠠᠲ᠋ᠧᠷᠢᠶᠠᠯ ᠦᠢᠯᠡᠳᠪᠦᠷᠢᠯᠡᠵᠦ᠍ ᠪᠠᠢᠭ᠍ᠰᠠᠨ ᠦᠶ᠎ᠡ᠎ᠶ᠋ᠢᠨ ᠮᠣᠳᠣ ᠣᠭ᠍ᠲᠣᠯᠤᠭ᠍ᠴᠢ ᠳ᠋ᠢᠩ ᠵᠤᠤ ᠰᠢ ᠮᠣᠳᠣ ᠨᠢᠭᠡ ᠪᠦᠷᠢ᠎ᠶ᠋ᠢ ᠮᠠᠰᠢ ᠬᠠᠢᠷᠠᠯᠠᠨ ᠢᠯᠪᠢᠨ᠎ᠡ᠂ ᠤᠳᠤ ᠲᠡᠷᠡ ᠨᠢᠭᠡᠨᠲᠡ ᠤᠢ ᠱᠢᠭᠤᠢ᠎ᠶ᠋ᠢᠨ ᠣᠢᠵᠢᠭᠤᠯᠤᠯᠲᠠ᠎ᠶ᠋ᠢᠨ ᠹᠷᠣᠨᠲ᠎ᠤᠨ ᠲᠤᠰᠭᠠᠢ ᠮᠡᠷᠭᠡᠵᠢᠯᠲᠡᠨ ᠪᠣᠯᠵᠠᠢ᠃
70 ᠭᠠᠷᠤᠢ ᠵᠢᠯ᠎ᠢ ᠥᠩᠭᠡᠷᠡᠭᠡᠭᠡᠳ᠂ 《ᠪᠣᠬᠢᠷᠲᠤᠯ ᠦᠭᠡᠢ ᠸᠠᠩᠲᠤ ᠤᠯᠤᠰ》 ᠬᠡᠮᠡᠭ᠌ᠳᠡᠭ᠌ᠰᠡᠨ ᠳᠤᠮᠳᠠᠳᠤ ᠤᠯᠤᠰ᠎ᠤᠨ ᠬᠠᠮᠤᠭ᠎ᠤᠨ ᠶᠡᠬᠡ ᠲᠥᠪᠯᠡᠷᠡᠨ ᠵᠠᠯᠭᠠᠯᠳᠤᠭ᠍ᠰᠠᠨ ᠤᠯᠤᠰ᠎ᠤᠨ ᠥᠮᠴᠢᠯᠡᠯ᠎ᠦᠨ ᠱᠢᠭᠤᠢᠲᠤ ᠣᠷᠣᠨ᠂ ᠥᠪᠥᠷ ᠮᠣᠩᠭᠣᠯ᠎ᠤᠨ ᠶᠡᠬᠡ ᠬᠢᠩᠭᠠᠨ ᠳᠠᠪᠠᠭ᠎ᠠ᠎ᠶ᠋ᠢᠨ ᠬᠢᠨ ᠤᠢ ᠱᠢᠭᠤᠢ᠎ᠶ᠋ᠢᠨ ᠬᠤᠪᠢᠰᠤᠯ ᠬᠥᠭ᠌ᠵᠢᠮ᠎ᠢ ᠬᠥᠭ᠌ᠵᠢᠮᠳᠡᠵᠦ᠍᠂ ᠦᠷᠭᠡᠨ ᠠᠭᠤᠳᠠᠮ ᠭᠠᠵᠠᠷ ᠨᠢ ᠠᠮᠢᠳᠤᠯᠢᠭ ᠪᠥᠭᠡᠳ ᠤᠯᠠᠨ ᠶᠠᠩᠵᠤ᠎ᠶ᠋ᠢᠨ ᠳᠦᠷᠰᠦ ᠪᠠᠢᠳᠠᠯ᠎ᠢ ᠲᠣᠭ᠍ᠲᠠᠭᠠᠪᠠ᠄ ᠠᠭᠤᠯᠠ ᠨᠢᠷᠤᠭᠤᠳ ᠨᠢ ᠬᠠᠳᠠᠨ ᠪᠠᠲᠤ ᠠᠷᠤᠭ ᠶᠠᠰᠤ᠎ᠶ᠋ᠢ ᠪᠦᠷᠢᠯᠳᠦᠭᠦᠯᠵᠦ᠍᠂ ᠭᠣᠣᠯ ᠮᠥᠷᠡᠨ ᠨᠢ ᠴᠢᠰᠤᠨ ᠰᠤᠳᠠᠯ᠎ᠢ ᠰᠦᠯᠵᠢᠵᠦ᠍᠂ ᠤᠢ ᠱᠢᠭᠤᠢ ᠨᠢ ᠨᠣᠮᠢᠨ ᠨᠣᠭᠣᠭᠠᠨ ᠢ᠋ ᠪᠦᠷᠢᠯᠳᠦᠭᠦᠯᠵᠦ᠍᠂ ᠪᠣᠯᠪᠠᠰᠤᠨ ᠨᠢ ᠱᠢᠨ᠎ᠡ ᠰᠦᠭ ᠰᠦᠨᠡᠰᠦ᠎ᠶ᠋ᠢ ᠳᠠᠪᠲᠠᠨ ᠪᠣᠯᠪᠠᠰᠤᠷᠠᠭᠤᠯᠪᠠ᠃
《ᠮᠤᠳᠤ ᠤᠨᠠᠯ᠎ᠠ ᠁》 ᠴᠠᠭ ᠮᠥᠴᠡ 2015 ᠣᠨ᠎ᠤ 3 ᠰᠠᠷ᠎ᠠ᠎ᠶ᠋ᠢᠨ 31 ᠤ᠋ ᠡᠳᠦᠷ᠎ᠦᠨ 11 ᠴᠠᠭ 06 ᠮᠢᠨᠦ᠋ᠲ᠎ᠲᠦ ᠪᠤᠴᠠᠵᠤ᠂ ᠮᠣᠳᠣ ᠣᠭ᠍ᠲᠣᠯᠬᠤ ᠠᠵᠢᠯᠴᠢᠨ ᠸᠠᠩ ᠲᠢᠶ᠍ᠸ ᠴᠠᠩ᠎ᠤᠨ ᠬᠦᠴᠦ᠍ ᠳᠣᠷᠪᠢᠲᠠᠢ ᠮᠣᠳᠣ ᠣᠭ᠍ᠲᠣᠯᠬᠤ ᠪᠦᠷᠢᠶ᠎ᠡ᠎ᠵᠢᠨ ᠲᠤᠤᠭᠠᠷᠬᠤ ᠵᠢ ᠲᠠᠭᠠᠯᠳᠤᠨ᠂ ᠬᠢᠩᠭᠠᠨ᠎ᠤ ᠨᠠᠪᠴᠢ ᠵᠤᠯᠭᠠᠷᠠᠬᠤ ᠨᠠᠷᠠᠰᠤ ᠭᠠᠵᠠᠷ ᠤᠨᠠᠯ᠎ᠠ᠃ 2015 ᠣᠨ᠎ᠤ 4 ᠰᠠᠷ᠎ᠠ᠎ᠶ᠋ᠢᠨ 1 ᠤ᠋ ᠡᠳᠦᠷ᠎ᠡᠴᠡ ᠡᠬᠢᠯᠡᠨ᠂ 63 ᠵᠢᠯ᠎ᠦᠨ ᠮᠣᠳᠣᠨ ᠮᠠᠲ᠋ᠧᠷᠢᠶᠠᠯ ᠣᠭ᠍ᠲᠣᠯᠤᠭ᠍ᠰᠠᠨ ᠲᠡᠦᠬᠡ᠎ᠲᠡᠶ ᠥᠪᠥᠷ ᠮᠣᠩᠭᠣᠯ᠎ᠤᠨ ᠶᠡᠬᠡ ᠬᠢᠩᠭᠠᠨ ᠳᠠᠪᠠᠭ᠎ᠠ᠎ᠶ᠋ᠢᠨ ᠱᠢᠭᠤᠢᠲᠤ ᠣᠷᠣᠨ᠎ᠳᠤ ᠪᠠᠢᠭᠠᠯᠢ᠎ᠶ᠋ᠢᠨ ᠣᠶ᠎ᠶ᠋ᠢ ᠬᠤᠳᠠᠯᠳᠤᠭᠠᠨ᠎ᠤ ᠴᠢᠨᠠᠷᠲᠠᠶ᠎ᠪᠠᠷ ᠣᠭ᠍ᠲᠣᠯᠬᠤ᠎ᠶ᠋ᠢ ᠪᠥᠬᠥ᠌ ᠲᠠᠯ᠎ᠠ᠎ᠪᠠᠷ ᠵᠣᠭ᠍ᠰᠣᠭᠠᠵᠤ᠂ ᠮᠤᠳᠤ ᠣᠭ᠍ᠲᠣᠯᠬᠤ ᠠᠵᠢᠯᠳᠠᠨ ᠬᠥᠬᠡ ᠬᠠᠳᠠᠭ᠎ᠢᠶᠠᠨ ᠠᠭᠤᠯᠠ ᠣᠶ᠎ᠳᠤ ᠵᠣᠷᠢᠭᠤᠯᠵᠤ᠂ ᠡᠬᠡ ᠪᠠᠢᠭᠠᠯᠢ᠎ᠶ᠋ᠢᠨ ᠠᠴᠢ᠎ᠳᠤ ᠲᠠᠯᠠᠷᠬᠠᠪᠠ᠃ ᠢᠩᠭᠢᠭᠡᠳ ᠥᠪᠥᠷ ᠮᠣᠩᠭᠣᠯ᠎ᠤᠨ ᠶᠡᠬᠡ ᠬᠢᠩᠭᠠᠨ ᠳᠠᠪᠠᠭ᠎ᠠ᠎ᠶ᠋ᠢᠨ ᠱᠢᠭᠤᠢᠲᠤ ᠣᠷᠣᠨ ᠮᠤᠳᠤ ᠣᠭ᠍ᠲᠣᠯᠬᠤ ᠪᠡᠨ ᠵᠣᠭ᠍ᠰᠣᠵᠤ᠂ ᠮᠣᠳᠣ ᠣᠭ᠍ᠲᠣᠯᠬᠤ ᠠᠵᠢᠯᠴᠢᠨ 《ᠣᠶ ᠱᠢᠭᠤᠶ᠎ᠶ᠋ᠢᠨ ᠬᠠᠮᠠᠭᠠᠯᠠᠭ᠍ᠴᠢ》 ᠪᠣᠯᠵᠣ᠂ ᠠᠮᠢ ᠠᠬᠤᠶ᠎ᠶ᠋ᠢᠨ ᠪᠣᠯᠪᠠᠰᠤᠨ᠎ᠤ ᠪᠠᠢᠭᠤᠯᠤᠯᠲᠠ᠎ᠶ᠋ᠢᠨ ᠱᠢᠨ᠎ᠡ ᠴᠠᠭ ᠦᠶ᠎ᠡ᠎ᠶ᠋ᠢ ᠨᠡᠭᠡᠭᠡᠭ᠌ᠰᠡᠨ ᠪᠠᠢᠨ᠎ᠠ᠃
ᠠᠮᠢ ᠴᠦᠯᠡᠨ ᠲᠡᠮᠡᠴᠡᠬᠦ᠌ ᠵᠣᠷᠢᠭ ᠲᠠᠶ ᠳ᠋ᠦᠩ ᠶᠦᠩ ᠱᠧᠩ ᠤᠢ ᠱᠢᠭᠤᠢ᠎ᠶ᠋ᠢᠨ ᠲᠣᠪᠴᠢᠶ᠎ᠠ ᠪᠣᠯᠤᠨ ᠬᠣᠯᠪᠣᠭ᠍ᠳᠠᠯ ᠪᠦᠬᠦᠢ ᠵᠠᠰᠠᠭ᠎ᠤᠨ ᠣᠷᠳᠣᠨ᠎ᠤ ᠰᠠᠯᠠᠭ᠎ᠠ ᠮᠥᠴᠢᠷ᠎ᠦᠨ ᠬᠠᠪᠰᠤᠷᠤᠯᠭ᠎ᠠ ᠳᠣᠣᠷ᠎ᠠ᠂ ᠲᠡᠷᠡ 《ᠵᠢᠭᠤᠯᠴᠢᠯᠠᠯ》 ᠡᠴᠡ ᠭᠠᠷᠳᠠᠵᠤ᠂ ᠰᠠᠢ᠌ᠨ ᠳᠤᠷ᠎ᠠ᠎ᠡᠴᠡ᠎ᠪᠠᠨ ᠪᠡᠯᠡ ᠮᠥᠩᠭᠥ᠌ ᠴᠤᠭ᠍ᠯᠠᠭᠤᠯᠤᠨ ᠬᠤᠪᠢ ᠣᠷᠣᠭᠤᠯᠬᠤ ᠠᠷᠭ᠎ᠠ ᠬᠡᠯᠪᠡᠷᠢ᠎ᠪᠡᠷ ᠮᠤᠳᠤ ᠣᠭ᠍ᠲᠣᠯᠬᠤ᠎ᠶ᠋ᠢ ᠵᠣᠭ᠍ᠰᠣᠭᠠᠭ᠍ᠰᠠᠨ ᠳᠤᠷᠠᠰᠭᠠᠯ᠎ᠤᠨ ᠭᠠᠵᠠᠷ᠎ᠢ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ ᠪᠣᠯᠭᠠᠬᠤ᠎ᠪᠠᠷ ᠲᠤᠷᠱᠢᠪᠠ᠃ 《ᠭᠠᠯ ᠰᠡᠷᠭᠡᠢᠯᠡᠬᠦ᠌ ᠬᠤᠭᠤᠴᠠᠭᠠᠨ᠎ᠳᠤ ᠪᠢᠳᠡ ᠪᠣᠯ ᠣᠶ ᠱᠢᠭᠤᠶ ᠬᠠᠮᠠᠭᠠᠯᠠᠭ᠍ᠴᠢ ᠮᠥᠨ᠂ ᠵᠢᠭᠤᠯᠴᠢᠯᠠᠯ᠎ᠤᠨ ᠤᠯᠠᠷᠢᠯ᠎ᠳᠤ ᠪᠢᠳᠡ ᠵᠢᠭᠤᠯᠴᠢᠯᠠᠯ᠎ᠤᠨ ᠠᠵᠢᠯᠲᠠᠨ ᠪᠤᠯᠳᠠᠭ᠃ ᠡᠨᠳᠡ ᠰᠢᠭᠤᠢᠳᠦ ᠣᠷᠣᠨ᠎ᠤ ᠬᠠᠭᠠᠰ ᠵᠠᠭᠤᠨ᠎ᠤ ᠲᠤᠷᠱᠢᠬᠢ ᠮᠣᠳᠣᠨ ᠮᠠᠲ᠋ᠧᠷᠢᠶᠠᠯ ᠦᠢᠯᠡᠳᠪᠦᠷᠢᠯᠡᠬᠦ᠌ ᠮᠠᠯᠲᠠᠬᠤ᠂ ᠴᠤᠭ᠍ᠯᠠᠭᠤᠯᠬᠤ᠂ ᠠᠴᠢᠬᠤ᠂ ᠲᠡᠭᠡᠭᠡᠪᠦᠷᠢᠯᠡᠬᠦ᠌᠂ ᠪᠠᠭᠤᠯᠭᠠᠬᠤ ᠪᠦᠬᠦᠢᠯᠡ ᠶᠠᠪᠤᠴᠠ᠎ᠶ᠋ᠢ ᠳᠡᠯᠭᠡᠨ ᠦᠵᠡᠭᠦᠯᠦᠭ᠌ᠰᠡᠨ᠎ᠢᠶᠡᠷ ᠪᠠᠷᠠᠬᠤ ᠦᠭᠡᠢ ᠰᠠᠭᠤᠷᠢᠨ ᠤ᠋ ᠳᠣᠲᠣᠷᠠᠬᠢ J50 ᠲᠷᠠᠺᠲ᠋ᠣᠷ ᠪᠣᠯᠤᠨ ᠲᠤᠰ᠎ᠤᠨ ᠬᠢᠷᠥᠭᠡᠨ ᠳᠡᠭᠡᠷᠡᠬᠢ ᠲᠣᠯᠪᠣ ᠲᠤᠯᠪᠤ ᠢᠮ ᠲᠡᠮᠳᠡᠭ ᠨᠢ ᠥᠪᠥᠷ ᠮᠣᠩᠭᠣᠯ᠎ᠤᠨ ᠶᠡᠬᠡ ᠬᠢᠩᠭᠠᠨ ᠳᠠᠪᠠᠭ᠎ᠠ᠎ᠶ᠋ᠢᠨ ᠱᠢᠭᠤᠢᠲᠤ ᠣᠷᠣᠨ᠎ᠤ ᠰᠠᠯᠬᠢ ᠪᠣᠷᠣᠭᠠᠨ᠎ᠢ ᠠᠴᠢᠶᠠᠯᠠᠵᠤ ᠪᠠᠢᠳᠠᠭ᠃ ᠣᠯᠠᠨ ᠵᠢᠯ᠎ᠦᠨ ᠬᠥᠭ᠌ᠵᠢᠯᠲᠡ᠎ᠪᠡᠷ ᠳᠡᠮᠵᠢᠨ ᠣᠲᠣ᠎ᠶ᠋ᠢᠨ 〈517 ᠪᠠᠭ᠎ᠠ ᠠᠵᠢᠯᠴᠢᠨ᠎ᠤ ᠠᠩᠭᠢ〉 ᠳ᠋ᠤ 22 ᠲᠠᠰᠤᠯᠭ᠎ᠠ ᠵᠣᠴᠢᠨ᠎ᠤ ᠥᠷᠥᠭᠡ᠎ᠲᠡᠶ ᠪᠣᠯᠵᠣ᠂ ᠵᠢᠭᠤᠯᠴᠢᠯᠠᠭᠰᠠᠳ ᠡᠨᠳᠡ ᠢᠷᠡᠵᠦ ᠬᠤᠨᠤᠭᠯᠠᠵᠤ᠂ ᠵᠡᠭᠦᠨ ᠬᠣᠢᠲᠤ ᠣᠷᠣᠨ᠎ᠤ ᠤᠨᠴᠠᠯᠢᠭᠳᠤ ᠬᠣᠭᠣᠯᠠ ᠢᠳᠡᠵᠦ᠍ ᠪᠣᠯᠬᠤ ᠪᠥᠭᠡᠳ ᠪᠠᠰᠠ ᠲᠤᠬᠠᠶ᠎ᠶ᠋ᠢᠨ ᠵᠢᠯᠤ᠋ᠳ ᠤ᠋ᠨ ᠮᠣᠳᠣᠨ ᠮᠠᠲ᠋ᠧᠷᠢᠶᠠᠯ ᠵᠥᠭᠡᠭᠡᠪᠦᠷᠢᠯᠡᠵᠦ᠍ ᠪᠠᠢᠭ᠍ᠰᠠᠨ ᠲᠷᠠᠺᠲ᠋ᠣᠷ ᠵᠡᠷᠭᠡ ᠮᠠᠱᠢᠨ ᠮᠧᠬᠠᠨᠢᠭ ᠵᠢᠴᠢ ᠲᠤᠬᠠᠶ᠎ᠶ᠋ᠢᠨ ᠵᠢᠯᠤ᠋ᠳ ᠤ᠋ᠨ ᠮᠣᠳᠣ ᠣᠭ᠍ᠲᠣᠯᠬᠤ᠎ᠳᠤ ᠬᠡᠷᠡᠭ᠌ᠯᠡᠳᠡᠭ ᠰᠦᠬᠡ ᠬᠢᠷᠥᠭᠡ᠂ ᠮᠠᠯᠠᠭᠠᠢ ᠳᠤᠭᠤᠯᠠᠭ᠎ᠠ ᠵᠡᠷᠭᠡ ᠬᠠᠭᠤᠴᠢᠨ ᠡᠳ᠋ᠯᠡᠯ᠎ᠢ ᠣᠯᠵᠤ ᠦᠵᠡᠵᠦ᠍ ᠪᠣᠯᠤᠨ᠎ᠠ᠂ ᠡᠨᠡ ᠨᠢ ᠲᠤᠬᠠᠢ ᠵᠢᠨ ᠣᠨ ᠵᠢᠯ᠎ᠢ ᠮᠡᠳᠡᠷᠡᠬᠦᠯᠬᠦ ᠶᠤᠮ》 ᠭᠡᠵᠦ ᠳ᠋ᠦᠩ ᠶᠦᠩ ᠱᠧᠩ ᠬᠡᠯᠡᠨ᠎ᠡ ᠃
ᠨᠡᠷᠡᠨ᠎ᠦ ᠭᠡᠷᠡᠯ ᠨᠠᠪᠴᠢ ᠨᠠᠮᠠᠭ᠎ᠠ᠎ᠶ᠋ᠢ ᠨᠡᠪᠲᠡᠯᠦᠨ ᠮᠤᠳᠤ ᠣᠭ᠍ᠲᠣᠯᠬᠤ᠎ᠶ᠋ᠢ ᠵᠣᠭ᠍ᠰᠣᠭᠠᠭ᠍ᠰᠠᠨ ᠳᠤᠷᠠᠰᠭᠠᠯ ᠤ᠋ᠨ ᠬᠥᠱᠢᠶᠡᠨ ᠳᠡᠭᠡᠷ᠎ᠡ ᠠᠰᠭᠠᠷᠠᠪᠠ᠃ 10 ᠵᠢᠯ᠎ᠦᠨ ᠡᠮᠦᠨ᠎ᠡ ᠤᠨᠠᠭ᠍ᠰᠠᠨ ᠬᠠᠷᠭᠠᠶ ᠮᠤᠳᠤ ᠮᠥᠨ ᠯᠡ ᠬᠠᠵᠠᠭᠤᠳ᠋ᠤᠨᠢ ᠬᠥᠨᠳᠡᠯᠡᠨ ᠬᠡᠪᠲᠡᠵᠦ᠍᠂ ᠵᠢᠯ᠎ᠦᠨ ᠬᠦᠷᠳᠦᠨ᠎ᠳᠦ ᠰᠦᠬᠡ᠎ᠶ᠋ᠢᠨ ᠴᠡᠴᠡᠷᠡᠯᠲᠡ ᠪᠠ ᠮᠥᠰᠥ᠍ ᠴᠠᠰᠤᠨ ᠤ᠋ ᠬᠠᠢᠯᠬᠤ ᠲᠠᠭᠤᠨ ᠤᠨᠢᠰᠤᠯᠠᠭᠳᠠᠨᠠ᠃ ᠳ᠋ᠢᠩ ᠵᠤᠤ ᠰᠢ ᠮᠠᠰᠢ ᠰᠡᠳᠭᠢᠯ ᠬᠥᠳᠡᠯᠦᠨ᠄ 《ᠨᠢᠳᠦ ᠢᠷᠮᠡᠬᠦ᠌᠎ᠶ᠋ᠢᠨ ᠵᠠᠭᠤᠷ᠎ᠠ ᠠᠷᠪᠠᠨ ᠵᠢᠯ ᠪᠣᠯᠴᠢᠬᠠᠯ᠎ᠠ᠂ ᠪᠢ ᠦᠷᠭᠦᠯᠵᠢ ᠡᠨᠳᠡ ᠢᠷᠡᠵᠦ᠍ ᠦᠵᠡᠳᠡᠭ᠂ ᠢᠷᠡᠬᠦ᠌ ᠪᠣᠯᠭᠠᠨ ᠠᠳᠠᠯᠢ ᠪᠤᠰᠤ ᠰᠠᠨᠠᠭ᠎ᠠ ᠠᠬᠤᠢ ᠲᠦᠷᠦᠭᠳᠡᠬᠦᠯᠳᠡᠭ᠂ ᠤᠢ ᠮᠣᠳᠣ ᠣᠭ᠍ᠲᠣᠯᠤᠭ᠍ᠴᠢ ᠪᠠᠢᠭ᠍ᠰᠠᠨ᠎ᠡᠴᠡ᠎ᠪᠠᠨ ᠤᠢ ᠰᠢᠭᠤᠢ᠎ᠶ᠋ᠢ ᠬᠠᠮᠠᠭᠠᠯᠠᠭᠴᠢ᠂ ᠣᠢᠵᠢᠭᠤᠯᠤᠭ᠍ᠴᠢ ᠪᠣᠯᠤᠨ ᠬᠤᠪᠢᠷᠠᠵᠤ᠂ ᠡᠨᠡ ᠬᠦ᠌ ᠤᠢ ᠱᠢᠭᠤᠢᠳᠤ ᠴᠠᠭ ᠮᠥᠴᠡ᠎ᠲᠡᠶ ᠬᠠᠨᠢ ᠪᠣᠯᠤᠭ᠍ᠰᠠᠭᠠᠷ ᠢᠷᠡᠵᠠᠢ》 ᠭᠡᠵᠦ ᠬᠡᠯᠡᠪᠡ᠃
ᠠᠮᠢ ᠠᠬᠤᠢ᠎ᠶ᠋ᠢᠨ ᠤᠯᠠᠭᠠᠨ ᠱᠤᠭᠤᠮ᠎ᠢ ᠪᠠᠲᠤ ᠰᠠᠬᠢᠬᠤ ᠮᠥᠷᠲᠡᠭᠡᠨ ᠪᠠᠰᠠ ᠠᠷᠠᠳ᠎ᠤᠨ ᠠᠮᠢᠳᠤᠷᠠᠯ᠎ᠤᠨ ᠬᠣᠷᠢᠭ᠎ᠠ ᠱᠤᠭᠤᠮ᠎ᠢ ᠪᠠᠲᠤᠯᠠᠬᠤ ᠬᠡᠷᠡᠭ᠌ᠲᠡᠢ᠂ ᠡᠨᠡ ᠪᠣᠯ ᠶᠡᠬᠡ ᠬᠢᠩᠭᠠᠨ ᠳᠠᠪᠠᠭ᠎ᠠ᠎ᠶ᠋ᠢᠨ ᠱᠢᠭᠤᠢᠲᠤ ᠣᠷᠣᠨ᠎ᠤ ᠥᠭᠡᠷᠡᠴᠢᠯᠡᠯᠲᠡ᠎ᠶ᠋ᠢ ᠠᠬᠢᠭᠤᠯᠬᠤ ᠶᠠᠪᠤᠴᠠ᠎ᠳᠤ ᠡᠷᠬᠡᠪᠰᠢ ᠰᠢᠢᠳᠪᠦᠷᠢᠯᠡᠬᠦ ᠠᠰᠠᠭᠤᠳᠠᠯ ᠪᠣᠯᠤᠨ᠎ᠠ᠃ ᠮᠣᠳᠣ ᠲᠠᠷᠢᠬ᠍ᠴᠢ ᠴᠢᠬᠢ ᠮᠣᠳᠣ ᠵᠢ ᠪᠠᠳᠤ ᠬᠠᠳᠬᠤᠵᠤ᠂ ᠤᠳᠠᠭᠠᠨ ᠤᠨ ᠤ᠋ ᠤᠯᠠᠭᠠᠨ ᠨᠠᠷᠠᠰᠤ ᠱᠢᠯᠮᠦᠦᠰᠦᠪᠡᠷ ᠵᠢᠡᠨ ᠱᠢᠨ᠎ᠡ᠎ᠪᠡᠷ ᠤᠷᠭᠤᠭ᠍ᠰᠠᠨ ᠮᠦᠬᠦ᠌᠎ᠶ᠋ᠢᠨ ᠰᠦᠷᠦᠭ᠎ᠢ ᠲᠤᠯᠵᠤ᠂ ᠡᠨᠡ ᠬᠡᠰᠡᠭ ᠤᠢ ᠮᠣᠳᠣ ᠨᠢ ᠬᠥᠮᠦᠰ᠎ᠲᠦ ᠰᠠᠬᠢᠨ ᠬᠠᠮᠠᠭᠠᠯᠠᠬᠤ ᠪᠠ ᠲᠠᠬᠢᠨ ᠠᠮᠢᠯᠠᠬᠤ ᠲᠤᠬᠠᠶ ᠬᠤᠪᠢᠰᠤᠩᠭᠤᠶ ᠠᠷᠭ᠎ᠠ᠎ᠶ᠋ᠢ ᠵᠢᠭᠠᠵᠤ ᠥᠭ᠌ᠴᠡᠶ — ᠴᠠᠭ ᠮᠥᠴᠡ ᠤᠷᠤᠭ᠍ᠰᠢᠯᠠᠬᠤ᠎ᠪᠠᠷ ᠪᠠᠷᠠᠬᠤ ᠦᠭᠡᠢ ᠪᠠᠰᠠ ᠭᠦᠨ ᠵᠤᠵᠠᠭᠠᠨ ᠲᠡᠤᠬᠡ ᠵᠢ ᠪᠢᠴᠢᠭᠯᠡᠳᠡᠭ᠃
ᠣᠢ ᠵᠢᠨ ᠭᠦᠨ ᠳ᠋ᠤ ᠪᠤᠭᠤ ᠦᠵᠡᠨ᠎ᠡ
ᠲᠩᠷᠢ ᠭᠠᠵᠠᠷ ᠲᠡᠨᠢᠭᠡᠷ ᠠᠭᠤᠳᠠᠮ᠂ ᠬᠥᠬᠡ ᠲᠩᠷᠢ ᠲᠤᠩᠭᠠᠯᠠᠭ ᠴᠡᠯᠮᠡᠭ᠂ ᠴᠠᠭᠠᠨ ᠡᠭᠦᠯᠡ ᠬᠦᠪᠦᠩ ᠮᠡᠲᠦ᠂ ᠶᠡᠬᠡ ᠬᠢᠩᠭᠠᠨ ᠳᠠᠪᠠᠭᠠᠨ᠎ᠤ ᠭᠦᠨ᠎ᠳᠦ ᠡᠷᠭᠦᠨ᠎ᠡ ᠭᠣᠣᠯ ᠮᠤᠷᠤᠯᠵᠠᠨ ᠤᠷᠤᠰᠴᠤ᠂ ᠣᠯᠭᠣᠶᠠ᠎ᠶ᠋ᠢ ᠬᠦᠷᠢᠶᠡᠯᠡᠨ ᠣᠢᠵᠢᠨ ᠭᠦᠨ ᠳ᠋ᠤ ᠤᠷᠤᠪᠠ᠃
《 ᠠ ᠦ ᠁》 ᠭᠡᠵᠦ ᠵᠤᠯᠠ ᠠᠯᠤᠰ ᠬᠣᠯᠠ᠎ᠶ᠋ᠢᠨ ᠣᠢ ᠱᠢᠭᠤᠶ ᠵᠦᠭ ᠬᠠᠨᠳᠤᠨ᠂ ᠨᠢᠭᠡ ᠤᠷᠲᠤ ᠢᠰᠭᠡᠷᠴᠦ᠂ ᠵᠠᠯᠭᠠᠭᠠᠳ ᠡᠸᠡᠩᠬᠢ ᠬᠡᠯᠡ ᠪᠡᠷ 《ᠧ ᠮᠠ ᠭᠧ》 ᠭᠡᠵᠦ ᠲᠠᠭᠤᠳᠠᠪᠠ᠂ ᠲᠡᠷᠡ ᠨᠢ 《ᠬᠠᠷᠢᠵᠤ ᠢᠷ᠎ᠡ》 ᠭᠡᠰᠡᠨ ᠤᠳᠭ᠎ᠠ ᠲᠠᠢ᠃ ᠲᠡᠭᠦᠨ ᠤ᠋ ᠳᠠᠭᠤ ᠢᠷᠠᠭᠤ ᠴᠡᠭᠡᠯᠭᠡᠨ ᠬᠦᠩᠭᠢᠨᠡᠮ᠎ᠡ ᠥᠨᠳᠥᠷ᠂ ᠣᠢ ᠱᠢᠭᠤᠶ᠎ᠶ᠋ᠢᠨ ᠳᠤᠮᠳᠠ ᠲᠠᠰᠤᠷᠠᠯᠲᠠ ᠦᠭᠡᠢ ᠴᠤᠤᠷᠢᠶᠠᠲᠤᠨ᠎ᠠ᠃ ᠳᠠᠭᠤᠳᠠᠵᠤ ᠪᠠᠷᠠᠪᠠᠯ ᠲᠡᠷᠡ ᠨᠠᠮ ᠵᠢᠮ ᠵᠣᠭ᠍ᠰᠣᠵᠤ ᠵᠢᠭᠠᠬᠠᠨ ᠰᠣᠨᠣᠰᠤᠨ᠎ᠠ᠃ ᠣᠢᠷᠠᠯᠴᠠᠭ᠎ᠠ ᠬᠢ ᠪᠤᠭᠤ᠎ᠶ᠋ᠢᠨ ᠰᠦᠷᠦᠭ ᠡᠨᠡ ᠲᠠᠭᠤ᠎ᠶ᠋ᠢ ᠰᠣᠨᠣᠰᠪᠠᠯ ᠭᠡᠷ ᠵᠦᠭ ᠵᠢᠡᠨ ᠬᠥᠳᠡᠯᠵᠦ᠍᠂ ᠬᠦᠵᠦᠭᠦᠨᠳᠦᠨᠢ ᠡᠯᠭᠦᠭ᠌ᠰᠡᠨ ᠬᠣᠩᠬᠣ ᠨᠢ ᠴᠤ᠌ ᠲᠠᠭᠠᠨ ᠳᠤᠸ᠋ᠭᠠᠷᠳᠠᠭ᠃
ᠡᠨᠡ ᠪᠣᠯ ᠭᠡᠭᠡᠨ ᠭᠤᠤᠯ ᠬᠣᠲᠠ᠎ᠡᠴᠡ 80 ᠭᠠᠷᠤᠶ ᠺᠢᠯᠣᠮᠧᠲ᠋ᠷ ᠵᠠᠢᠲᠠᠶ᠎ᠶ᠋ᠢᠨ ᠾᠧ ᠣᠶ ᠱᠢᠭᠤᠶ᠎ᠶ᠋ᠢᠨ ᠠᠵᠤ ᠦᠢᠯᠡᠳᠪᠦᠷᠢ᠎ᠵᠢᠨ ᠺᠣᠮᠫᠠᠨᠢ᠎ᠶ᠋ᠢᠨ ᠬᠠᠷᠢᠶᠠᠲᠤ ᠣᠶ ᠱᠢᠭᠤᠶ᠎ᠶ᠋ᠢᠨ ᠲᠠᠯᠠᠪᠠᠶ ᠪᠣᠯᠤᠨ᠎ᠠ᠂ ᠵᠤᠯᠠ ᠡᠨᠳᠡ 30 ᠭᠠᠷᠤᠢ ᠴᠠ ᠪᠤᠭᠤ ᠪᠠᠨ ᠬᠠᠷᠢᠭᠤᠯᠳᠠᠭ᠃ ᠣᠯᠭᠣᠶᠠ ᠭᠡᠳᠡᠭ ᠨᠢ ᠡᠸᠡᠩᠬᠢ ᠦᠭᠡ᠂ 《ᠤᠯᠢᠶᠠᠰᠤᠨ ᠣᠶ ᠢᠭ᠍ᠴᠤ ᠰᠠᠬᠤᠯᠢᠭ ᠭᠠᠵᠠᠷ》 ᠭᠡᠰᠡᠨ ᠤᠳᠭ᠎ᠠ᠎ᠲᠠᠶ᠂ ᠡᠸᠡᠩᠬᠢ ᠭᠡᠳᠡᠭ ᠨᠢ 《ᠠᠭ᠍ᠯᠠᠭ ᠠᠭᠤᠯᠠᠨ᠎ᠳᠤ ᠰᠠᠭᠤᠭ᠎ᠠ ᠬᠥᠮᠦᠰ》 ᠭᠡᠰᠡᠨ ᠤᠳᠭ᠎ᠠ᠎ᠲᠠᠶ᠃ ᠤᠯᠭᠤᠶᠠ ᠡᠸᠡᠩᠬᠢ ᠦᠨᠳᠦᠰᠦᠲᠡᠨ᠎ᠦ ᠱᠢᠶᠠᠩ᠎ᠳᠤ ᠠᠮᠢᠳᠤᠷᠠᠵᠤ ᠪᠠᠢᠭ᠎ᠠ ᠶᠠᠺᠦ᠋ᠲ ᠡᠸᠡᠩᠬᠢ ᠦᠨᠳᠦᠰᠦᠲᠡᠨ ᠪᠣᠯ ᠳᠤᠮᠳᠠᠳᠤ ᠤᠯᠤᠰ᠎ᠤᠨ ᠴᠤᠷ᠎ᠤᠨ ᠭᠠᠭ᠍ᠴᠠ ᠴᠠ ᠪᠤᠭᠤ ᠲᠡᠵᠢᠭᠡᠳᠡᠭ ᠦᠨᠳᠦᠰᠦᠲᠡᠨ ᠪᠣᠯᠤᠨ᠎ᠠ᠂ ᠡᠢᠮᠦ᠍᠎ᠡᠴᠡ ᠪᠠᠰᠠ 《ᠪᠤᠭᠤᠴᠢᠨ ᠡᠸᠡᠩᠬᠢ》 ᠭᠡᠳᠡᠭ᠃ 2003 ᠣᠨ᠎ᠳᠤ ᠲᠠᠳᠠ ᠠᠭᠤᠯᠠᠨ ᠣᠶᠡᠴᠡ ᠬᠡᠭᠡᠨ ᠭᠤᠤᠯ ᠬᠣᠲᠠ᠎ᠳᠤ ᠨᠡᠭᠦᠵᠦ᠍ ᠨᠤᠲᠤᠭ᠍ᠰᠢᠭ᠍ᠰᠠᠨ ᠪᠣᠯᠪᠠᠴᠤ᠌ ᠴᠠ ᠪᠤᠭᠤ ᠲᠡᠵᠢᠭᠡᠬᠦ᠌ ᠤᠯᠠᠮᠵᠢᠯᠠᠯᠲᠤ ᠰᠣᠶᠣᠯ ᠨᠢ ᠮᠥᠨ ᠨᠡᠯᠢᠶᠡᠳ ᠪᠦᠷᠢᠨ ᠪᠦᠲᠦᠨ ᠦᠯᠡᠳᠡᠵᠡᠶ᠃
ᠵᠤᠯᠠ ᠪᠠᠭ᠎ᠠ᠎ᠡᠴᠡ᠎ᠪᠠᠨ ᠡᠵᠢ᠎ᠪᠡᠨ ᠳᠠᠭᠠᠵᠤ ᠠᠭᠤᠯᠠᠨ ᠳᠡᠭᠡᠷᠡᠬᠢ ᠣᠢ ᠱᠢᠭᠤᠶ᠎ᠳᠤ ᠠᠮᠢᠳᠤᠷᠠᠵᠤ᠂ ᠪᠤᠭᠤ᠎ᠶ᠋ᠢᠨ ᠬᠦᠵᠦᠭᠦᠨ ᠳᠡᠭᠡᠷᠡᠬᠢ ᠪᠤᠭᠤ᠎ᠶ᠋ᠢᠨ ᠬᠣᠩᠬᠣ᠎ᠶ᠋ᠢ ᠰᠣᠨᠣᠰᠴᠤ᠌ ᠥᠰᠪᠡ᠃ ᠲᠡᠭᠦᠰᠦᠭ᠌ᠰᠡᠨ᠎ᠦ ᠳᠠᠷᠠᠭ᠎ᠠ ᠲᠡᠷᠡ ᠨᠢᠭᠡ ᠡᠮᠨᠡᠯᠭᠡ᠎ᠳᠦ ᠳᠤᠰᠬᠠᠯ᠎ᠤᠨ ᠠᠨᠠᠭᠠᠬᠤ ᠤᠬᠠᠭᠠᠨ᠎ᠤ ᠠᠵᠢᠯ ᠬᠢᠵᠦ᠍ ᠥᠩᠭᠡᠷᠡᠵᠡᠶ᠃ ᠭᠡᠲᠡᠯ᠎ᠡ ᠵᠤᠯᠠ ᠶᠡᠷᠦ᠍ ᠨᠢ ᠨᠤᠲᠤᠭ ᠤᠰᠤᠨ᠎ᠤ᠎ᠪᠠᠨ ᠤᠷᠢᠶᠠᠯᠠᠬᠤ ᠳᠠᠭᠤᠨ᠎ᠢ ᠣᠯᠵᠤ ᠰᠣᠨᠣᠰᠭᠤ ᠱᠢᠭ᠋ ᠰᠠᠨᠠᠭ᠍ᠳᠠᠨ᠎ᠠ᠃ 《ᠪᠢ ᠭᠡᠷ᠎ᠦᠨ ᠰᠣᠹᠠ ᠳᠡᠭᠡᠷ᠎ᠡ ᠰᠠᠭᠤᠬᠤ᠎ᠳᠦ ᠴᠢᠬᠢᠨ᠎ᠦ ᠬᠠᠵᠠᠭᠤ᠎ᠳᠤ ᠳᠠᠩᠳᠠ ᠪᠤᠭᠤ᠎ᠶ᠋ᠢᠨ ᠬᠣᠩᠬᠣ᠎ᠶ᠋ᠢᠨ ᠳᠠᠭᠤᠨ ᠰᠣᠨᠣᠰᠳᠠᠨ᠎ᠠ》᠃ ᠬᠣᠵᠢᠮ ᠨᠢ ᠲᠡᠷᠡ ᠥᠪᠡᠷ᠎ᠦᠨ ᠳᠤᠲᠤᠭᠠᠳᠤ ᠰᠡᠳᠬᠢᠯ᠎ᠤᠨ ᠰᠤᠨᠭᠭᠤᠯᠲᠠ ᠪᠡᠷ᠎ᠢᠶᠠᠨ ᠣᠯᠭᠣᠶᠠ᠎ᠳᠠᠭᠠᠨ ᠪᠤᠴᠠᠵᠤ᠂ ᠡᠵᠢ᠎ᠡᠴᠡ ᠪᠠᠨ ᠪᠤᠭᠤ ᠲᠡᠵᠢᠭᠡᠬᠦ᠌ ᠡᠭᠦᠷᠭᠡ᠎ᠶ᠋ᠢ ᠬᠦᠯᠢᠶᠡᠨ ᠠᠪᠤᠭᠰᠠᠨ ᠪᠠᠢᠨ᠎ᠠ᠃
《ᠴᠠ ᠪᠤᠭᠤ᠎ᠪᠠᠨ ᠬᠥᠲᠥᠯᠵᠦ᠍ ᠠᠭᠤᠯᠠᠨ᠎ᠡᠴᠡ ᠭᠠᠷᠴᠤ᠌᠂ ᠬᠣᠲᠠ᠎ᠳᠤ ᠤᠴᠢᠬᠤ ᠨᠢ ᠡᠪᠦᠭᠡ ᠳᠡᠭᠡᠳᠦᠰ᠎ᠦᠨ ᠪᠤᠳᠤᠵᠤ ᠤᠯᠤᠭᠰᠠᠨ ᠥᠬᠡᠶ ᠶᠠᠪᠤᠳᠠᠯ᠃ ᠥᠨᠥᠳᠦᠷ ᠨᠠᠩ ᠣᠯᠠᠨ ᠬᠥᠮᠦᠨ᠎ᠳᠦ ᠴᠠ ᠪᠤᠭᠤᠵᠢ ᠲᠠᠨᠢᠭᠤᠯᠵᠤ᠂ ᠤᠯᠠᠮᠵᠢᠯᠠᠯᠲᠤ ᠰᠣᠶᠣᠯ᠎ᠢ ᠤᠢᠯᠠᠭᠠᠭᠤᠯᠵᠠᠶ》 ᠭᠡᠵᠦ᠍ ᠵᠤᠯᠠ ᠬᠡᠯᠡᠪᠡ᠃
ᠡᠨᠡ ᠬᠦ᠌ ᠳᠤᠷᠠᠰᠤᠮᠵᠢ᠎ᠶ᠋ᠢ ᠤᠯᠠᠮ ᠲᠣᠳᠣᠷᠬᠠᠶ ᠪᠣᠯᠭᠠᠬᠤ᠎ᠶ᠋ᠢᠨ ᠲᠥᠯᠥᠭᠡ ᠲᠤᠬᠠᠶ᠎ᠶ᠋ᠢᠨ ᠭᠠᠵᠠᠷ᠎ᠤᠨ ᠵᠠᠰᠠᠭ᠎ᠤᠨ ᠣᠷᠳᠣᠨ ᠮᠠᠰᠢ ᠶᠡᠬᠡ ᠴᠢᠷᠮᠠᠢᠯᠭ᠎ᠠ ᠭᠠᠷᠭᠠᠵᠠᠶ᠄ ᠠᠭᠤᠯᠠᠨ᠎ᠡᠴᠡ ᠭᠡᠭᠡᠨ ᠭᠤᠤᠯ ᠬᠣᠲᠠ᠎ᠳᠤ ᠨᠡᠭᠦᠵᠦ᠍ ᠣᠴᠢᠭ᠍ᠰᠠᠨᠤ ᠳᠠᠷᠠᠭᠠᠬᠢ ᠣᠷᠣᠨ ᠰᠠᠭᠤᠴᠠ᠎ᠶ᠋ᠢ ᠲᠤᠬᠠᠶ᠎ᠶ᠋ᠢᠨ ᠭᠠᠵᠠᠷ᠎ᠤᠨ ᠵᠠᠰᠠᠭ᠎ᠤᠨ ᠣᠷᠳᠣᠨ ᠦᠨ᠎ᠡ ᠲᠥᠯᠥᠪᠦᠷᠢ ᠥᠬᠡᠶ᠎ᠪᠡᠷ ᠬᠠᠩᠭᠠᠭ᠍ᠰᠠᠨ ᠶᠤᠮ; ᠠᠭᠤᠯᠠᠨ ᠳᠡᠭᠡᠷᠡᠬᠢ ᠴᠠ ᠪᠤᠭᠤ ᠲᠡᠵᠢᠭᠡᠬᠦ᠌ ᠭᠠᠵᠠᠷ᠎ᠲᠤ ᠵᠠᠰᠠᠭ᠎ᠤᠨ ᠭᠠᠵᠠᠷ᠎ᠡᠴᠡ ᠳᠤᠯᠠᠭᠠᠨ ᠢ᠋ ᠬᠠᠮᠠᠭᠠᠯᠠᠬᠤ ᠦᠶ᠋ᠯᠡᠳᠦᠯ᠎ᠲᠡᠶ 《ᠬᠡᠷ᠎ᠲᠦ ᠲᠡᠷᠭᠡ》 — ᠬᠦᠷᠳᠦ᠍ᠲᠡᠶ ᠵᠢᠵᠢᠭ ᠬᠡᠷ ᠬᠠᠩᠭᠠᠵᠤ᠂ ᠴᠠ ᠪᠤᠭᠤ᠎ᠪᠠᠨ ᠳᠠᠭᠠᠭᠤᠯᠤᠨ ᠣᠶ ᠱᠢᠭᠤᠶ᠎ᠶ᠋ᠢᠨ ᠲᠠᠯᠠᠪᠠᠶ᠎ᠪᠠᠨ ᠰᠣᠯᠢᠬᠤ᠎ᠳᠤ ᠲᠥᠬᠥᠮ ᠪᠣᠯᠭᠠᠵᠠᠶ᠃
ᠴᠠ ᠪᠤᠭᠤ᠎ᠶ᠋ᠢᠨ ᠬᠦᠵᠦᠭᠦᠨ᠎ᠳᠡᠬᠢ ᠬᠤᠨᠭᠬᠤ ᠨᠢ ᠠᠭᠤᠯᠠᠨ ᠮᠡᠨᠡᠠᠢ ᠰᠠᠷᠨᠢᠭᠤᠯᠵᠤ᠂ ᠰᠣᠶᠣᠯ᠎ᠤᠨ ᠤᠴᠢ ᠬᠤᠳᠠ᠎ᠵᠢ ᠭᠡᠷᠡᠯᠳᠦᠭᠦᠯᠪᠡ᠃ ᠣᠯᠠᠨ᠎ᠢᠶᠠᠷ᠎ᠢᠶᠠᠨ ᠬᠠᠮᠲᠤ ᠪᠠᠷ ᠵᠢᠭᠤᠯᠴᠢᠯᠠᠯ᠎ᠤᠨ ᠦᠶ᠋ᠯᠡᠰ᠎ᠢ ᠬᠥᠭ᠌ᠵᠢᠭᠦᠯᠵᠦ᠍᠂ ᠵᠢᠭᠤᠯᠴᠢᠯᠠᠯ᠎ᠤᠨ ᠤᠯᠠᠷᠢᠯ ᠪᠣᠯᠬᠤ ᠪᠦᠷᠢ ᠵᠢᠭᠤᠯᠴᠢᠯᠠᠭᠰᠠᠳ ᠡᠸᠡᠩᠬᠢ ᠦᠨᠳᠦᠰᠦᠲᠡᠨ᠎ᠦ ᠤᠯᠠᠮᠵᠢᠯᠠᠯᠲᠤ ᠬᠤᠪᠴᠠᠰᠤ ᠵᠠᠰᠠᠯ᠎ᠢ ᠡᠮᠦᠰᠴᠦ᠍᠂ ᠪᠤᠭᠤ᠎ᠶ᠋ᠢᠨ ᠰᠦ ᠪᠡᠷ ᠬᠢᠭᠰᠡᠨ ᠤᠷᠤᠰ ᠲᠠᠯᠬ᠎ᠠ ᠪᠠ ᠮᠢᠬ᠎ᠠ ᠢᠳᠡᠵᠦ᠍᠂ ᠡᠸᠡᠩᠬᠢ ᠦᠨᠳᠦᠰᠦᠲᠡᠨ᠎ᠦ ᠰᠣᠶᠣᠯ᠎ᠢ ᠮᠡᠳᠡᠷᠡᠵᠦ᠍ ᠪᠣᠯᠤᠨ᠎ᠠ᠃ ᠡᠢᠮᠦᠷᠬᠦᠦ ᠰᠣᠶᠣᠯ ᠨᠢ ᠴᠠ ᠪᠤᠭᠤ᠎ᠶ᠋ᠢᠨ ᠨᠡᠭᠦᠳᠡᠯ ᠮᠡᠲᠦ᠂ ᠡᠷᠲᠡᠨ᠎ᠦ ᠣᠶ ᠱᠢᠭᠤᠶ᠎ᠶ᠋ᠢᠨ ᠲᠠᠯᠠᠪᠠᠶ ᠪᠣᠯᠤᠨ ᠣᠲᠣ ᠦᠶ᠎ᠡ᠎ᠶ᠋ᠢᠨ ᠪᠣᠯᠪᠠᠰᠤᠨ᠎ᠤ ᠬᠣᠭᠣᠷᠣᠨᠳᠣ ᠥᠨᠢ ᠡᠭᠦᠷᠢᠳᠡ ᠤᠲᠤᠷᠯᠠᠵᠤ ᠪᠠᠢᠳᠠᠭ᠃
ᠵᠠᠮ ᠬᠠᠢᠵᠤ ᠬᠠᠪᠤᠷ ᠬᠦᠷᠴᠦ᠍ ᠢᠷᠡᠯ᠎ᠡ
ᠱᠢᠷ᠎ᠠ ᠪᠦᠷᠦᠢ ᠪᠣᠯᠬᠤ ᠪᠡᠷ ᠲᠩᠷᠢ ᠭᠠᠵᠠᠷ ᠨᠠᠮ ᠵᠢᠮ ᠪᠣᠯᠵᠤ᠂ ᠣᠳᠣᠳ ᠪᠠ ᠴᠠᠭᠠᠨ ᠬᠤᠰᠤᠨ ᠮᠣᠳᠣ ᠪᠦᠷ ᠴᠢᠬᠢ᠎ᠪᠡᠨ ᠰᠤᠩᠭᠠᠪᠠ᠃ ᠪᠢᠳᠡ ᠦᠯᠢᠭᠡᠷ ᠶᠠᠷᠢᠳᠠᠭ ᠰᠶ᠋ᠸ᠋ ᠹᠧᠩ ᠶᠠᠨ᠎ᠢ ᠡᠷᠢᠬᠦ᠌᠎ᠪᠡᠷ ᠤᠴᠢᠪᠠ᠃ ᠲᠡᠷᠡ ᠭᠡᠭᠡᠨ ᠭᠣᠣᠯ ᠬᠤᠳᠠ᠎ᠶ᠋ᠢᠨ ᠨᠠᠮ᠎ᠤᠨ ᠬᠣᠷᠢᠶᠠᠨ᠎ᠤ ᠨᠠᠮ᠎ᠤᠨ ᠰᠤᠷᠭᠠᠭᠤᠯᠢ᠎ᠶ᠋ᠢᠨ ᠳᠡᠳ᠋ ᠫᠷᠤᠹᠸᠰᠰᠤᠷ᠂ ᠮᠥᠨ ᠴᠦ᠍ ᠡᠸᠡᠩᠬᠢ ᠦᠨᠳᠦᠰᠦᠲᠡᠨ᠎ᠦ ᠲᠡᠦᠬᠡ ᠰᠤᠳᠤᠯᠤᠭ᠍ᠴᠢ ᠪᠤᠯᠤᠨ᠎ᠠ᠃
ᠠᠵᠢᠯ᠎ᠡᠴᠡ᠎ᠪᠠᠨ ᠠᠮᠠᠷᠠᠭ᠍ᠰᠠᠨ᠎ᠤ ᠳᠠᠷᠠᠭ᠎ᠠ ᠲᠡᠷᠡ ᠰᠠᠨᠠᠭᠠᠴᠢᠯᠠᠭ᠎ᠠ᠎ᠡᠴᠡ᠎ᠪᠠᠨ ᠮᠦᠽᠧᠢ᠎ᠳᠦ ᠬᠦᠷᠴᠦ᠍ ᠡᠸᠡᠩᠬᠢ ᠦᠨᠳᠦᠰᠦᠲᠡᠨ᠎ᠦ ᠴᠠ ᠪᠤᠭᠤ᠎ᠶ᠋ᠢᠨ ᠰᠣᠶᠣᠯ᠎ᠢ ᠤᠯᠠᠮᠵᠢᠯᠠᠵᠤ᠂ ᠡᠳᠦᠷ ᠪᠦᠷᠢ ᠲᠡᠭᠦᠨ᠎ᠦ 《ᠦᠯᠢᠭᠡᠷ》 ᠢ᠋ ᠪᠣᠯᠵᠣᠭ᠍ᠰᠠᠨ ᠬᠤᠯᠠ᠎ᠶ᠋ᠢᠨ ᠵᠢᠭᠤᠯᠴᠢᠯᠠᠭᠰᠠᠳ᠎ᠢ ᠬᠦᠯᠢᠶᠡᠨ ᠠᠪᠳᠠᠭ᠃ ᠲᠡᠳᠡᠭᠡᠷ ᠥᠯᠢᠭᠡᠷ ᠨᠢ ᠬᠥᠮᠦᠰ᠎ᠦᠨ ᠰᠡᠳᠭᠢᠯ᠎ᠳᠦ ᠴᠡᠴᠡᠭ ᠪᠤᠯᠤᠨ ᠳᠡᠯᠭᠡᠷᠡᠵᠦ᠍᠂ ᠨᠠᠩ ᠬᠣᠯᠠ ᠭᠠᠵᠠᠷ᠎ᠲᠤ ᠦᠨᠳᠦᠰᠦ ᠬᠠᠳᠭᠤᠨ ᠰᠣᠶᠣᠭᠠᠯᠠᠳᠠᠭ᠃
ᠡᠸᠡᠩᠬᠢ ᠬᠥᠮᠦᠨ᠎ᠦ ᠤᠷᠠᠯᠢᠭ᠎ᠤᠨ ᠢᠯᠡᠷᠡᠭᠦᠯᠦᠯ ᠠᠮᠢᠵᠢᠷᠠᠯ᠎ᠤᠨ ᠬᠦᠴᠦᠨ᠎ᠢᠶᠡᠷ ᠲᠡᠭᠦᠯᠳᠡᠷ᠂ ᠤᠷᠠᠨ ᠨᠠᠷᠢᠯᠢᠭ᠂ ᠥᠪᠡᠷᠮᠢᠴᠡ ᠣᠨᠴᠠᠯᠢᠭ ᠲᠠᠶ ᠪᠠᠢᠵᠤ᠂ ᠬᠤᠰᠤᠨ ᠮᠣᠳᠣᠨ᠎ᠤ ᠬᠠᠯᠢᠰᠤᠨ ᠳᠡᠭᠡᠷ᠎ᠡ᠂ ᠪᠤᠭᠤ᠎ᠶ᠋ᠢᠨ ᠠᠷᠠᠰᠤᠨ ᠳᠡᠭᠡᠷ᠎ᠡ ᠰᠡᠳᠭᠢᠯ ᠳᠣᠲᠣᠷᠠᠬᠢ ᠭᠤᠤ᠎ᠠ ᠰᠠᠢᠬᠠᠨ᠂ ᠬᠠᠢᠷ᠎ᠠ ᠰᠡᠳᠭᠢᠯᠭᠡ᠎ᠶ᠋ᠢᠨ ᠭᠦᠨ ᠲᠠᠲᠠᠯᠴᠠᠯ᠂ ᠨᠢᠳᠦᠨ᠎ᠳᠡᠬᠢ ᠲᠠᠨᠭᠰᠤᠭ ᠦᠵᠡᠮᠵᠢ᠎ᠪᠠᠨ ᠳᠦᠷᠰᠦᠯᠡᠨ ᠲᠣᠭᠠᠴᠢᠬᠤ᠎ᠳᠠᠭᠠᠨ ᠴᠢᠳᠠᠮᠠᠭᠠᠶ ᠪᠠᠢᠳᠠᠭ᠃ ᠤᠯᠭᠤᠶᠠ ᠪᠣᠳᠠᠰ᠎ᠤᠨ ᠪᠤᠰᠤ ᠰᠣᠶᠣᠯ᠎ᠤᠨ ᠥᠪ᠎ᠦᠨ ᠠᠮᠢᠳᠤᠯᠢᠭᠵᠢᠭᠤᠯᠤᠨ ᠤᠯᠠᠮᠵᠢᠯᠠᠨ ᠵᠠᠯᠭᠠᠮᠵᠢᠯᠠᠬᠤ ᠲᠥᠪ᠎ᠦᠨ ᠰᠤᠳᠤᠯᠤᠨ ᠰᠤᠷᠤᠯᠴᠠᠬᠤ ᠬᠢᠴᠢᠶᠡᠯ᠎ᠦᠨ ᠭᠡᠷ᠎ᠲᠦ ᠭᠠᠳᠠᠷ ᠣᠷᠣᠨ᠎ᠡᠴᠡ ᠢᠷᠡᠭ᠌ᠰᠡᠨ ᠵᠢᠭᠤᠯᠴᠢᠯᠠᠭᠰᠠᠳ ᠠᠩᠬᠠᠷᠤᠯ᠎ᠢᠶᠠᠨ ᠲᠥᠪᠯᠡᠷᠡᠭᠦᠯᠦᠨ ᠬᠤᠰᠤᠨ ᠬᠠᠯᠢᠰᠤ᠎ᠶ᠋ᠢᠨ ᠵᠢᠷᠤᠭ᠎ᠢ ᠦᠢᠯᠡᠳᠴᠦ ᠪᠠᠢᠯ᠎ᠠ᠃ ᠬᠤᠰᠤᠨ ᠬᠠᠯᠢᠰᠤᠨ᠎ᠤ ᠱᠢᠷᠬᠡᠭ ᠨᠢ ᠨᠢᠭ᠍ᠲᠠ᠂ ᠳᠠᠪᠬᠤᠷᠭ᠎ᠠ ᠨᠢ ᠴᠠᠭᠠᠰᠤ ᠱᠢᠭ᠋ ᠨᠢᠮᠭᠡᠨ᠂ ᠡᠸᠡᠩᠬᠢ ᠬᠥᠮᠦᠨ ᠪᠠᠢᠭᠠᠯᠢ᠎ᠶ᠋ᠢᠨ ᠬᠡ ᠤᠭᠠᠯᠵᠠ᠎ᠶ᠋ᠢ ᠠᠱᠢᠭ᠍ᠯᠠᠵᠤ ᠂ ᠰᠡᠳᠭᠢᠯ᠎ᠳᠡᠬᠢ ᠠᠮᠢᠳᠤᠷᠠᠯ ᠪᠠ ᠬᠦᠰᠡᠯ ᠡᠷᠡᠮᠡᠯᠵᠡᠯ᠎ᠢᠶᠡᠨ ᠵᠢᠷᠤᠭ᠍ᠯᠠᠳᠠᠭ᠃
ᠬᠡᠬᠡᠨ ᠭᠣᠣᠯ ᠬᠤᠳᠠ᠎ᠶ᠋ᠢᠨ ᠬᠤᠰᠤ ᠮᠣᠳᠣᠨ᠎ᠤ ᠬᠠᠯᠢᠰᠤ᠎ᠶ᠋ᠢ ᠦᠢᠯᠡᠳᠬᠦ᠌ ᠮᠡᠷᠭᠡᠵᠢᠯ ᠤᠯᠤᠰ᠎ᠤᠨ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠨᠡᠷᠡᠰ᠎ᠲᠦ ᠵᠢᠭ᠍ᠰᠠᠭᠠᠭ᠍ᠳᠠᠪᠠ᠃ ᠲᠣᠰᠣᠨ ᠪᠤᠳᠤᠭ ᠪᠣᠯᠤᠨ ᠲᠠᠮᠠᠭᠠᠯᠠᠬᠤ ᠪᠢᠷ ᠨᠢ ᠬᠤᠰᠤᠨ ᠮᠣᠳᠣᠨ᠎ᠤ ᠬᠠᠯᠢᠰᠤ᠂ ᠪᠤᠳᠤᠭ ᠪᠣᠯᠤᠨ ᠪᠠᠢᠭᠠᠯᠢ ᠵᠢ ᠠᠭᠤᠰᠤᠯᠴᠠᠭᠤᠯᠵᠦ᠂ ᠤᠷᠠᠯᠢᠭ᠎ᠤᠨ ᠱᠢᠨ᠎ᠡ ᠣᠴᠢ ᠪᠠᠳᠠᠷᠠᠬᠤ᠎ᠪᠠᠷ ᠪᠠᠷᠠᠬᠤ ᠥᠬᠡᠶ ᠪᠠᠰᠠ ᠠᠵᠤ ᠦᠶ᠋ᠯᠡᠰ᠎ᠦᠨ ᠱᠢᠨ᠎ᠡ ᠵᠠᠮ᠎ᠢ ᠳᠡᠪᠢᠰᠴᠦ᠍᠂ ᠨᠢᠭᠡ ᠦᠨᠳᠦᠰᠦᠲᠡᠨ᠎ᠦ ᠡᠬᠡ ᠪᠠᠢᠭᠠᠯᠢ᠎ᠶ᠋ᠢ ᠳᠣᠲᠣᠨᠣᠴᠢᠯᠠᠵᠤ᠂ ᠠᠭᠤᠯᠠ ᠱᠢᠭᠤᠶ ᠪᠣᠯᠤᠨ ᠭᠤᠤᠯ ᠮᠥᠷᠡᠨᠵᠢᠡᠨ ᠳᠡᠭᠡᠳᠦᠯᠡᠳᠡᠭᠢ ᠬᠥᠮᠦᠰ᠎ᠲᠦ ᠦᠵᠡᠭᠦᠯᠪᠡ᠃
ᠡᠬᠡ ᠪᠠᠢᠭᠠᠯᠢ ᠠᠮᠢᠯᠠᠬᠤ ᠭᠤᠷᠪᠠᠨ ᠰᠠᠷ᠎ᠠ᠎ᠳᠤ ᠤᠢ ᠱᠢᠭᠤᠢ᠎ᠶ᠋ᠢᠨ ᠭᠦᠨ᠎ᠳᠦ ᠳᠠᠬᠢᠨᠲᠠ ᠪᠠᠶᠠᠷ᠎ᠤᠨ ᠴᠢᠮᠡᠭᠡ ᠤᠯᠠᠮᠵᠢᠯᠠᠭᠳᠠᠪᠠ᠃ 3 ᠰᠠᠷ᠎ᠠ᠎ᠶ᠋ᠢᠨ 17᠎ᠤ᠋ ᠡᠳᠦᠷ ᠨᠡᠢᠲᠡᠯᠡᠭ᠌ᠰᠡᠨ ᠵᠢᠷᠭᠤᠳᠤᠭᠠᠷ ᠪᠦᠯᠦᠭ᠎ᠤᠨ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠶ ᠤᠯᠠᠮᠵᠢᠯᠠᠨ ᠵᠠᠯᠭᠠᠮᠵᠢᠯᠠᠭ᠍ᠴᠢ᠎ᠶ᠋ᠢᠨ ᠨᠡᠷᠡᠰ᠎ᠦᠨ ᠵᠢᠭ᠍ᠰᠠᠭᠠᠯᠲᠠ᠎ᠳᠤ᠂ ᠬᠡᠭᠡᠨ ᠭᠤᠤᠯ ᠬᠣᠲᠠ᠎ᠶ᠋ᠢᠨ ᠡᠸᠡᠩᠬᠢ ᠦᠨᠳᠦᠰᠦᠲᠡᠨ᠎ᠦ ᠴᠠ ᠪᠤᠭᠤ᠎ᠶ᠋ᠢᠨ ᠵᠠᠩ ᠦᠶ᠋ᠯᠡ᠎ᠶ᠋ᠢᠨ ᠤᠯᠠᠮᠵᠢᠯᠠᠨ ᠵᠠᠯᠭᠠᠮᠵᠢᠯᠠᠭ᠍ᠴᠢ ᠪᠦ᠋ ᠳ᠋ᠦᠩ ᠱᠢᠶᠠ᠎ᠶ᠋ᠢᠨ ᠨᠡᠷ᠎ᠡ ᠲᠣᠳᠣᠷᠠᠪᠠ᠃
ᠬᠦᠳᠡᠩ ᠮᠠᠨᠠᠨ᠎ᠤ ᠳᠤᠮᠳᠠ ᠴᠠ ᠪᠤᠭᠤ᠎ᠶ᠋ᠢᠨ ᠪᠠᠷ᠎ᠠ ᠰᠡᠭᠦᠳᠡᠷ ᠬᠥᠪᠴᠢ ᠣᠶ᠎ᠳᠤ ᠪᠦᠷᠲᠦᠯᠵᠡᠨᠡ᠃ ᠪᠦ᠋ ᠳ᠋ᠦᠩ ᠱᠢᠶᠠ ᠬᠣᠶᠠᠷ ᠮᠥᠷᠥ ᠪᠡᠷ᠎ᠢᠶᠡᠨ ᠡᠭᠦᠷᠭᠡᠯᠡᠵᠦ᠍ ᠠᠪᠤᠭ᠍ᠰᠠᠨ ᠨᠢ ᠭᠡᠷ ᠪᠦᠯᠢ᠎ᠶ᠋ᠢᠨ ᠠᠮᠢᠳᠤᠷᠠᠯ ᠲᠡᠳᠦᠢᠯᠡ ᠪᠢᠰᠢ ᠨᠡᠩ ᠴᠤ᠌ ᠨᠢᠭᠡ ᠦᠨᠳᠦᠰᠦᠲᠡᠨ ᠪᠣᠯᠤᠨ ᠪᠠᠢᠭᠠᠯᠢ᠎ᠶ᠋ᠢᠨ ᠶᠠᠷᠢᠯᠴᠠᠭᠠᠨ᠎ᠤ ᠳᠤᠷᠠᠰᠤᠮᠵᠢ ᠪᠣᠯᠤᠨ᠎ᠠ᠃
ᠡᠳᠦᠭᠡ ᠭᠡᠭᠡᠨ ᠭᠣᠣᠯ ᠬᠤᠳᠠ ᠪᠣᠳᠠᠰ᠎ᠤᠨ ᠪᠤᠰᠤ ᠰᠣᠶᠣᠯ᠎ᠤᠨ ᠥᠪ᠎ᠢ ᠬᠠᠮᠠᠭᠠᠯᠠᠬᠤ ᠪᠣᠰᠣᠭ᠎ᠠ ᠴᠣᠭ᠍ᠴᠠᠲᠤ ᠲᠣᠣᠷ᠎ᠢ ᠪᠠᠢᠭᠤᠯᠵᠤ᠂ ᠤᠳᠤ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠢ ᠤᠯᠠᠮᠵᠢᠯᠠᠨ ᠵᠠᠯᠭᠠᠮᠵᠢᠯᠠᠭ᠍ᠴᠢ 21 ᠬᠥᠮᠦᠨ ᠪᠤᠢ᠃ ᠡᠸᠡᠩᠬᠢ᠎ᠶ᠋ᠢᠨ ᠴᠠ ᠪᠤᠭᠤ᠎ᠶ᠋ᠢᠨ ᠵᠠᠩᠱᠢᠯ᠂ ᠡᠸᠡᠩᠬᠢ᠎ᠶ᠋ᠢᠨ ᠬᠤᠰᠤ ᠮᠤᠳᠤᠨ ᠬᠠᠯᠢᠰᠦ ᠦᠢᠯᠡᠳᠬᠦ ᠮᠡᠷᠭᠡᠵᠢᠯ ᠵᠡᠷᠭᠡ ᠤᠯᠤᠰ᠎ᠤᠨ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠶ 3 ᠲᠥᠷᠥᠯ ᠵᠦᠶ᠋ᠯ᠂ ᠡᠸᠡᠩᠬᠢ ᠦᠨᠳᠦᠰᠦᠲᠡᠨ᠎ᠦ ᠬᠤᠷᠢᠮ᠎ᠤᠨ ᠶᠣᠰᠣᠯᠠᠯ ᠵᠡᠷᠭᠡ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠶ 17 ᠲᠥᠷᠥᠯ ᠵᠦᠶ᠋ᠯ᠎ᠢ ᠬᠠᠮᠤᠷᠴᠠᠶ᠃ ᠠᠮᠢᠳᠤᠯᠢᠭᠵᠢᠭᠤᠯᠤᠨ ᠤᠯᠠᠮᠵᠢᠯᠠᠬᠤ᠂ ᠲᠣᠭᠠᠴᠢᠯᠠᠭ᠍ᠰᠠᠨ ᠬᠠᠮᠠᠭᠠᠯᠠᠯᠲᠠ᠂ ᠰᠣᠶᠣᠯ ᠵᠢᠭᠤᠯᠴᠢᠯᠠᠯ᠎ᠤᠨ ᠠᠭᠤᠰᠤᠯᠴᠠᠯ ᠵᠡᠷᠭᠡ ᠱᠢᠨ᠎ᠡ᠎ᠶ᠋ᠢ ᠡᠭᠦᠳᠬᠦ᠌ ᠵᠠᠭ᠍ᠪᠤᠷ᠎ᠢᠶᠠᠷ ᠳᠠᠮᠵᠢᠨ ᠬᠦᠪᠴᠢ ᠤᠢ ᠴᠠᠰᠤᠲᠤ ᠬᠦᠳᠡᠭᠡ᠎ᠳᠤ ᠨᠢᠭᠤᠭ᠍ᠳᠠᠵᠤ ᠪᠠᠢᠭ᠍ᠰᠠᠨ ᠰᠣᠶᠣᠯ᠎ᠤᠨ ᠭᠧᠨ ᠨᠢ ᠶᠠᠭ ᠵᠠᠯᠠᠭᠤ ᠨᠠᠰᠤᠨ᠎ᠤ ᠲᠦᠷᠢ ᠲᠥᠷᠬᠦ᠌᠎ᠪᠡᠷ ᠤᠳᠤ ᠦᠶ᠎ᠡ᠎ᠶ᠋ᠢᠨ ᠠᠮᠢᠳᠤᠷᠠᠯ᠎ᠳᠤ ᠠᠯᠬᠤᠨ ᠣᠷᠣᠵᠤ ᠪᠠᠢᠨ᠎ᠠ᠃
ᠦᠵᠡᠰᠭᠦᠯᠡᠩᠲᠦ ᠭᠡᠭᠡᠨ ᠭᠤᠤᠯ᠎ᠤᠨ ᠬᠠᠷᠠᠭᠠᠨ᠎ᠳᠤ ᠥᠷᠲᠥᠭ᠌ᠰᠡᠨ ᠪᠦᠬᠦᠨ ᠨᠢ ᠭᠤᠶᠤ ᠦᠵᠡᠮᠵᠢ᠂ ᠦᠵᠡᠭ᠌ᠳᠡᠵᠦ ᠲᠥᠷᠥᠭ᠌ᠳᠡᠭᠰᠡᠨ ᠨᠢ ᠪᠦᠷ ᠦᠯᠢᠭᠡᠷ ᠪᠤᠯᠳᠠᠭ᠃ ᠭᠡᠭᠡᠨ ᠭᠤᠤᠯ᠎ᠤᠨ ᠬᠥᠮᠦᠰ ᠨᠣᠭᠣᠭᠠᠨ ᠥᠩᠭᠡ ᠬᠡᠵᠢᠶᠡᠳᠡ᠂ ᠪᠠᠲᠤ ᠪᠠᠷᠢᠮᠲᠠᠯᠠᠯ ᠬᠡᠵᠢᠶᠡᠳᠡ᠂ ᠬᠠᠢᠷ᠎ᠠ ᠬᠡᠵᠢᠶᠡᠳᠡ ᠪᠠᠢᠳᠠᠭ᠎ᠢ ᠪᠠᠲᠤ ᠢᠲᠡᠭᠡᠨ᠎ᠡ᠃