ᠮᠠᠯᠵᠢᠯ᠎ᠤᠨ ᠲᠠᠭᠣᠣ ᠣᠶᠠᠩᠭᠠᠷᠠᠵᠦ ᠮᠢᠩᠭᠠᠨ ᠭᠠᠵᠠᠷ ᠲᠦ᠍ ᠴᠤᠤᠷᠢᠶᠠᠳᠤᠨᠠᠮ
2025-06-10 10:29:38
ᠵᠣᠬᠢᠶᠠᠭ᠍ᠴᠢ᠄
ᠵᠸᠦ ᠰᠢᠦ ᠹᠠᠩ ᠬᠠᠨ ᠵᠢᠢ ᠸᠠᠩ ᠭᠣᠣ ᠢᠣᠢ ᠫᠦ
ᠣᠩᠱᠢᠭ᠍ᠰᠠᠨ ᠣᠳᠠᠭ᠎ᠠ᠄
★★★☆☆

ᠡᠬᠡ ᠤᠯᠤᠰ᠎ᠤᠨ ᠵᠡᠭᠦᠨ ᠬᠣᠢᠲᠤ ᠬᠢᠯᠢ ᠳ᠋ᠦ ᠥᠷᠭᠡᠨ ᠠᠭᠤᠳᠠᠮ ᠪᠡᠯᠴᠢᠭᠡᠷ ᠲᠠᠢ᠂ ᠦᠵᠡᠮᠵᠢ ᠲᠡᠬᠦᠰ ᠪᠦᠷᠢᠲᠦᠭᠰᠡᠨ ᠱᠢᠨ᠎ᠡ ᠪᠠᠷᠭᠤ ᠪᠠᠷᠠᠭᠤᠨ ᠬᠣᠱᠢᠭᠤ ᠪᠠᠢᠷᠢᠯᠠᠵᠦ ᠪᠣᠢ᠃

ᠡᠨᠳᠡ ᠬᠥᠯᠥᠨ ᠨᠠᠭᠤᠷ᠂ ᠪᠤᠢ᠌ᠷ ᠨᠠᠭᠤᠷ ᠲᠣᠯᠢ ᠮᠡᠲᠦ᠍ ᠮᠡᠯᠳᠡᠭᠡᠨᠡᠵᠤ᠂ ᠬᠡᠷᠦᠯᠦᠨ ᠭᠣᠣᠯ᠂ ᠣᠷᠱᠣᠨ ᠭᠣᠣᠯ ᠮᠥᠩᠭᠥᠨ ᠣᠲᠠᠰᠣ ᠮᠡᠲᠦ᠍ ᠮᠣᠰᠬᠢᠷᠠᠯᠲᠣᠨ᠂ ᠪᠣᠭ᠍ᠳᠠ ᠠᠭᠤᠯᠠ ᠬᠠᠨᠠᠷᠠᠨ ᠰᠡᠬᠦᠢᠵᠦ᠂ ᠤᠯᠠᠭᠠᠨᠨᠠᠭᠤᠷ᠎ᠤᠨ ᠨᠤᠭᠤ ᠭᠠᠵᠠᠷ ᠨᠣᠮᠢᠨ ᠲᠣᠯᠬᠢᠶ᠎ᠠ ᠬᠠᠶᠠᠯᠠᠨ᠎ᠠ᠃

ᠳᠤᠮᠳᠠᠳᠤ ᠤᠷᠤᠰ ᠮᠣᠩᠭᠣᠯ ᠭᠤᠷᠪᠠᠨ ᠤᠯᠤᠰ᠎ᠤᠨ ᠬᠢᠯᠢ᠎ᠶ᠋ᠢᠨ ᠵᠠᠭᠠᠭ᠎ᠲᠤ ᠵᠣᠭ᠍ᠰᠣᠵᠤ ᠠᠯᠤᠰ᠎ᠢ ᠪᠠᠷᠠᠯᠠᠬᠣᠶ᠎ᠠ᠂ ᠰᠢᠶᠠᠨᠪᠢ᠎ᠶᠢᠨ ᠡᠮᠦᠨᠡᠰᠢ ᠨᠡᠬᠦᠲᠡᠯᠯᠡᠭᠰᠡᠨ ᠬᠦᠷᠡᠯ ᠵᠡᠪᠰᠡᠭ᠎ᠤᠨ ᠤᠨ ᠵᠢᠯ ᠡᠴᠡ ᠪᠣᠳᠠᠰ᠎ᠤᠨ ᠪᠤᠰᠤ ᠰᠣᠶᠣᠯ᠎ᠤᠨ ᠥᠪ᠎ᠦᠨ ᠣᠶᠣᠨ᠎ᠤ ᠭᠢᠯᠪᠠᠭ᠎ᠠ ᠵᠢᠴᠢ ᠬᠢᠯᠢ ᠬᠢᠵᠠᠭᠠᠷ᠎ᠢᠶᠠᠨ ᠰᠠᠬᠢᠨ ᠬᠠᠮᠠᠭᠠᠯᠠᠬᠰᠠᠨ ᠪᠠᠲᠣ ᠲᠠᠩᠭᠠᠷᠢᠬ ᠬᠦᠷᠲᠡᠯ᠎ᠡ ᠡᠨᠡ ᠬᠡᠰᠡᠭ ᠲᠣᠷᠭᠠᠨ ᠬᠦᠷᠦᠰᠦ ᠠᠭᠣᠣᠴᠢ ᠪᠠᠭᠲᠠᠭᠠᠮᠵᠢ ᠣᠪᠣᠷ᠎ᠢᠶᠠᠷ ᠠᠳᠠᠯᠢ ᠪᠤᠰᠤ᠎ᠶᠢᠨ ᠰᠣᠶᠣᠯ᠎ᠢ ᠠᠭᠣᠰᠬᠠᠨ ᠨᠡᠢᠳᠭᠡᠵᠦ᠂ ᠠᠮᠢ ᠨᠠᠰᠤᠨ᠎ᠤ ᠮᠠᠭ᠍ᠲᠠᠭᠠᠯ ᠳᠠᠭᠤᠤ ᠪᠣᠯᠭᠠᠨ ᠣᠶᠠᠩᠭᠠᠯᠠᠬᠰᠠᠭᠠᠷ᠃

ᠲᠠᠯ᠎ᠠ ᠨᠤᠲᠤᠭ᠎ᠤᠨ ᠦᠷᠦᠴᠡᠨ ᠳ᠋ᠡᠬᠢ ᠦᠪ ᠰᠣᠶᠣᠯ᠎ᠤᠨ ᠣᠯᠪᠠᠭ᠎ᠠ

《ᠬᠦᠬᠡ ᠣᠭ᠍ᠲᠠᠷᠭᠤᠶ᠎ᠳᠤ ᠬᠦᠪᠦᠩ ᠡᠭᠦᠯᠡ ᠴᠠᠢᠷᠠᠭᠠᠳ ᠁ 》 ᠬᠠᠪᠤᠷ᠎ᠤᠨ ᠡᠬᠢᠨ᠎ᠦ ᠲᠠᠯ᠎ᠠ ᠨᠤᠲᠤᠭ ᠤᠷᠳᠤ ᠵᠢᠨ ᠳᠠᠭᠤᠤ ᠰᠢᠬ ᠠᠭᠣᠵᠢᠮ ᠰᠠᠷᠠᠭᠣᠯ᠃ ᠬᠠᠷᠠᠭ᠎ᠠ ᠰᠣᠩᠭᠠᠨ ᠨᠢᠲᠦ ᠪᠡᠯᠴᠢᠭᠡᠬᠦ ᠳ᠋ᠦ ᠲᠩᠷᠢ ᠭᠠᠵᠠᠷ᠎ᠤᠨ ᠰᠠᠪᠰᠠᠯᠭᠠᠨ ᠳ᠋ᠦ ᠴᠠᠰᠣ ᠡᠬᠦᠯᠡ ᠨᠡᠢᠯᠡᠵᠦ ᠴᠠᠭᠠᠨ᠎ᠠ ᠨᠢ ᠶᠠᠭᠣ ᠭᠡᠲᠡᠭ ᠲᠣᠲᠣ ᠬᠠᠷᠠᠬᠲᠠᠬᠣ ᠦᠭᠡᠢ ᠠᠵᠢ᠃

ᠪᠠᠷᠭᠣ᠎ᠶᠢᠨ ᠠᠭᠣᠲᠠᠮ ᠲᠠᠯ᠎ᠠ ᠳ᠋ᠦ ᠬᠥᠮᠦᠨ ᠲᠥᠷᠥᠯᠬᠢᠲᠡᠨ᠎ᠦ ᠦᠨᠢ ᠡᠷᠲᠡᠨ᠎ᠦ ᠪᠣᠯᠪᠠᠰᠤᠨ᠎ᠤ ᠨᠢᠭᠤᠴᠠ ᠨᠣᠮᠸᠷ ᠬᠠᠳᠠᠭᠠᠯᠠᠭ᠍ᠳᠠᠵᠤ ᠪᠠᠢᠳᠠᠭ᠃ ᠡᠨᠳᠡ᠎ᠡᠴᠡ ᠢᠯᠡᠷᠡᠭᠦᠯᠦᠭ᠌ᠰᠡᠨ ᠴᠠᠭᠠᠨᠨᠠᠭᠣᠷ᠎ᠤᠨ ᠪᠠᠭᠣᠷᠢ᠂ ᠯᠣᠣ ᠾᠸ ᠺᠸᠦ᠎ᠶᠢᠨ ᠪᠠᠭᠣᠷᠢ ᠵᠡᠷᠭᠡ ᠱᠢᠨ᠎ᠡ ᠴᠢᠯᠠᠭᠤᠨ ᠵᠡᠪᠰᠡᠭ᠎ᠦᠨ ᠦᠶ᠎ᠡ᠎ᠶ᠋ᠢᠨ 4 ᠪᠠᠭᠤᠷᠢ ᠨᠢ ᠲᠠᠯ᠎ᠠ ᠨᠤᠲᠤᠭ᠎ᠲᠤ ᠲᠦᠭᠡᠭᠰᠡᠨ ᠤᠳᠤᠨ ᠮᠡᠴᠢᠳ ᠰᠢᠭ᠎ᠢᠶᠡᠷ ᠤᠨ ᠵᠢᠯ᠎ᠤᠨ ᠦᠯᠢᠭᠡᠷ ᠣᠴᠠᠷᠠᠯ ᠬᠠᠭᠣᠴᠢᠯᠠᠨ᠎ᠠ᠃

ᠪᠠᠭᠤᠷᠢ ᠡᠴᠡ ᠮᠠᠯᠲᠠᠵᠦ ᠭᠠᠷᠭᠠᠬᠰᠠᠨ ᠬᠤᠰᠤᠭᠤᠷ᠂ ᠴᠢᠯᠠᠭᠤᠨ ᠰᠦᠬᠡ᠂ ᠴᠢᠯᠠᠭᠤᠨ ᠵᠡᠪᠡ᠂ ᠴᠢᠯᠠᠭᠤᠨ ᠬᠢᠲᠤᠭ᠎ᠠ᠂ ᠲᠣᠭᠣᠷᠢᠭ ᠬᠡᠯᠪᠡᠷᠢᠲᠡᠶ ᠨᠦᠬᠡᠯᠡᠭᠰᠡᠨ ᠴᠢᠯᠠᠭᠤᠨ ᠪᠠᠭᠠᠵᠢ ᠵᠡᠷᠭᠡ ᠨᠢ ᠱᠢᠨ᠎ᠡ ᠴᠢᠯᠠᠭᠤᠨ ᠵᠡᠪᠰᠡᠭ᠎ᠦᠨ ᠦᠶ᠎ᠡ᠎ᠶᠢᠨ ᠬᠥᠮᠦᠨ ᠲᠥᠷᠥᠯᠬᠢᠲᠡᠨ ᠡᠨᠡ ᠨᠣᠲᠣᠬ ᠲᠦ᠍ ᠲᠡᠬᠦᠵᠦ ᠴᠣᠬᠯᠠᠭᠣᠯᠬᠣ ᠡᠴᠡ ᠵᠢᠭᠠᠰᠤ ᠠᠩᠨᠠᠬᠤ ᠬᠦᠷᠲᠡᠯᠡᠬᠢ ᠦᠰᠦᠷᠦᠯᠲᠡ᠎ᠶ᠋ᠢ ᠬᠡᠷᠬᠢᠨ ᠪᠡᠶᠡᠯᠡᠭᠦᠯᠦᠭ᠌ᠰᠡᠨ᠎ᠢ ᠬᠦᠣᠷᠨᠢᠨ ᠲᠣᠭᠠᠴᠢᠨ᠎ᠠ᠃

ᠱᠢᠨ᠎ᠡ ᠪᠠᠷᠭᠤ ᠪᠠᠷᠠᠭᠤᠨ ᠬᠣᠱᠢᠭᠤᠨ᠎ᠤ ᠪᠠᠷᠭᠤ ᠮᠦᠽᠧᠢ᠎ᠶ᠋ᠢᠨ ᠳᠠᠷᠤᠭ᠎ᠠ ᠦ᠋ ᠢᠦᠢ ᠮᠢᠩ᠎ᠦᠨ ᠲᠠᠨᠢᠯᠴᠠᠭᠤᠯᠤᠭ᠍ᠰᠠᠨ᠎ᠢᠶᠠᠷ᠂ ᠬᠠᠭᠤᠴᠢᠨ ᠴᠢᠯᠠᠭᠤᠨ ᠵᠡᠪᠰᠡᠭ᠎ᠦᠨ ᠦᠶ᠎ᠡ᠎ᠡᠴᠡ ᠨᠠᠭᠠᠰᠢ ᠡᠨᠲᠡ ᠶᠠᠷᠦ ᠨᠢ ᠨᠠᠮ ᠰᠠᠯᠡᠬᠦᠨ ᠪᠠᠢᠬᠰᠠᠨ ᠦᠭᠡᠢ᠂ ᠤᠯᠠᠨ ᠨᠡᠭᠦᠳᠡᠯᠴᠢᠨ ᠠᠢᠮᠠᠬ 《ᠣᠷᠣᠰᠢᠨ ᠲᠣᠬᠲᠠᠨᠢᠬᠣ᠎ᠶᠢᠨ ᠲᠦᠯᠦᠭᠡ ᠣᠯᠵᠠᠯᠠᠯᠲᠣᠨ ᠲᠡᠮᠡᠴᠡᠯᠲᠦᠵᠦ ᠢᠷᠡᠭᠰᠡᠨ ᠪᠠᠢᠨ᠎ᠠ》᠃

ᠦᠩᠭᠡᠷᠡᠭᠰᠡᠨ ᠡᠳᠦᠭᠡ᠎ᠶᠢ ᠰᠢᠬᠦᠮᠵᠢᠯᠡᠬᠦ ᠵᠠᠭᠣᠷ᠎ᠠ ᠣᠯᠠᠨ ᠣᠲᠣᠨ ᠵᠢᠷᠣᠪ ᠵᠠᠷᠣᠪ᠃ ᠴᠢᠨ ᠤᠯᠤᠰ᠎ᠤᠨ ᠦᠶ᠎ᠡ ᠳ᠋ᠦ ᠡᠨᠳᠡᠬᠢ ᠨᠢ ᠳ᠋ᠦᠩᠬᠣ᠎ᠶᠢᠨ ᠨᠣᠲᠣᠬ ᠪᠠᠢᠵᠦ᠂ ᠪᠠᠷᠠᠭᠤᠨ ᠬᠠᠨ ᠤᠯᠤᠰ᠎ᠤᠨ ᠦᠶ᠎ᠡ᠎ᠳᠦ ᠾᠦᠩᠨᠦ᠍ᠴᠣᠳ᠎ᠤᠨ ᠬᠠᠷᠢᠶᠠᠨ ᠳ᠋ᠦ ᠪᠠᠬᠲᠠᠵᠦ᠂ ᠵᠡᠭᠦᠨ ᠬᠠᠨ ᠤᠯᠤᠰ᠎ᠤᠨ ᠦᠶ᠎ᠡ᠎ᠳᠦ ᠲᠣᠪᠠ ᠱᠢᠶᠡᠨᠪᠢ ᠨᠡᠬᠦᠲᠡᠯᠯᠡᠨ ᠮᠠᠯᠵᠢᠵᠤ ᠪᠠᠢᠵᠠᠢ ᠁

ᠬᠣᠶᠠᠷ ᠮᠢᠩᠭᠠᠨ ᠵᠢᠯ᠎ᠦᠨ ᠡᠮᠦᠨ᠎ᠡ᠂ ᠲᠣᠪᠠ ᠱᠢᠶᠡᠨᠪᠢ ᠶᠡᠬᠡ ᠬᠢᠩᠭᠠᠨ ᠳᠠᠪᠠᠭ᠎ᠠ᠎ᠶ᠋ᠢᠨ ᠬᠣᠢᠲᠤ ᠬᠡᠰᠡᠭ᠎ᠦᠨ ᠬᠠᠰᠢᠶᠠᠨ ᠠᠭᠤᠶ᠎ᠠᠴᠠ ᠡᠮᠦᠨᠡᠰᠢ ᠮᠢᠩᠭᠠᠨ ᠭᠠᠵᠠᠷ ᠨᠡᠬᠦᠲᠡᠯᠯᠡᠵᠦ ᠬᠥᠯᠥᠨ ᠨᠠᠭᠤᠷ᠎ᠲᠤ ᠬᠦᠷᠴᠡᠢ᠃ 《ᠸᠧᠶ ᠤᠯᠤᠰ᠎ᠤᠨ ᠪᠢᠴᠢᠭ》 ᠲᠦ᠍ ᠲᠡᠮᠳᠡᠭ᠌ᠯᠡᠭ᠌ᠰᠡᠨ᠎ᠢᠶᠡᠷ᠂ ᠲᠣᠪᠠ ᠰᠢᠶᠠᠨᠪᠢ᠎ᠶᠢᠨ ᠠᠬᠠᠯᠠᠬᠴᠢ ᠲᠣᠶᠢᠨ ᠣᠯᠠᠨ᠎ᠢ ᠲᠠᠭᠠᠭᠣᠯᠵᠦ 《 ᠡᠮᠦᠨᠡᠰᠢ ᠳ᠋ᠡ ᠽᠸ ᠳ᠋ᠦ ᠨᠡᠭᠦᠵᠦ᠍᠂ ᠮᠢᠩᠭ᠎ᠠ ᠭᠠᠷᠤᠶ ᠭᠠᠵᠠᠷ ᠠᠶᠠᠯᠠᠭ᠍ᠰᠠᠨ》 ᠬᠡᠮᠡᠵᠦᠬᠦᠢ᠃ ᠡᠨᠡ ᠪᠣᠯ ᠣᠶ ᠱᠢᠭᠤᠶ ᠡᠴᠡ ᠭᠠᠷᠴᠣ ᠲᠠᠯ᠎ᠠ ᠨᠤᠲᠤᠭ᠎ᠲᠤ ᠰᠢᠯᠵᠢᠭᠰᠡᠨ ᠪᠣᠯᠪᠠᠰᠤᠨ᠎ᠤ ᠡᠬᠢᠯᠡᠯᠲᠡ ᠪᠣᠯᠬᠣ ᠶᠣᠮ ᠃

ᠱᠢᠨ᠎ᠡ ᠪᠠᠷᠭᠤ ᠪᠠᠷᠠᠭᠤᠨ ᠬᠣᠱᠢᠭᠤ ᠪᠣᠯ ᠪᠠᠰᠠ ᠴᠤ᠌ ᠤᠮᠠᠷᠠᠲᠤ ᠬᠢᠯᠢ᠎ᠶᠢᠨ ᠲᠡᠦᠬᠡ᠎ᠶ᠋ᠢᠨ ᠴᠣᠮᠬᠠᠳᠬᠠᠯ ᠪᠣᠯᠬᠣ ᠶᠣᠮ᠃ 《ᠬᠥᠯᠥᠨ ᠪᠣᠢᠷ᠎ᠤᠨ ᠦᠨᠳᠦᠰᠦᠲᠡᠨ᠎ᠦ ᠲᠡᠸ᠋ᠬᠡ᠎ᠶ᠋ᠢᠨ ᠳᠤᠷᠠᠰᠭᠠᠯᠲᠤ ᠵᠦᠶ᠋ᠯᠡᠰ ᠬᠠᠭᠤᠴᠢ ᠰᠤᠳᠤᠯᠤᠯ᠎ᠤᠨ ᠲᠣᠮᠣ ᠰᠢᠷᠢᠰ·ᠱᠢᠨ᠎ᠡ ᠪᠠᠷᠭᠤ ᠪᠠᠷᠠᠭᠤᠨ ᠬᠣᠱᠢᠭᠤᠨ᠎ᠤ ᠪᠣᠲᠢ》 ᠎ᠳ᠋ᠤ ᠲᠡᠮᠲᠡᠭᠯᠡᠭᠰᠡᠨ ᠶ᠋ᠢᠡᠷ᠂ ᠳ᠋ᠦᠩᠬᠣ᠂ ᠾᠦᠩᠨᠦ᠍᠂ ᠱᠢᠶᠡᠨᠪᠢ᠂ ᠲᠦᠷᠺ᠂ ᠤᠢᠭᠤᠷ᠂ ᠬᠢᠳᠠᠨ᠂ ᠵᠦᠷᠴᠢᠨ᠂ ᠰᠢᠪᠡᠭᠡ ᠪᠣᠯᠤᠨ ᠮᠣᠩᠭᠣᠯ ᠵᠡᠷᠭᠡ ᠦᠨᠳᠦᠰᠦᠲᠡᠨ ᠪᠦᠷ ᠡᠨᠲᠡ ᠣᠷᠣᠰᠢᠨ ᠠᠮᠢᠲᠣᠷᠠᠵᠦ ᠪᠠᠢᠵᠠᠢ᠃

ᠱᠢᠨ᠎ᠡ ᠪᠠᠷᠭᠤ ᠪᠠᠷᠠᠭᠤᠨ ᠬᠣᠱᠢᠭᠤᠨ᠎ᠤ ᠲᠠᠩᠰᠠ ᠡᠪᠬᠡᠮᠡᠯ᠎ᠦᠨ ᠲᠡᠸ᠋ᠬᠡ ᠣᠢᠯᠠᠯᠭ᠎ᠠ᠎ᠶ᠋ᠢᠨ ᠣᠷᠳᠣᠨ᠎ᠤ ᠳᠠᠷᠤᠭ᠎ᠠ ᠰᠣᠶᠣᠯ᠎ᠤᠨ ᠲᠠᠨᠢᠯᠴᠠᠭᠤᠯᠤᠭ᠍ᠰᠠᠨ᠎ᠢᠶᠠᠷ᠂ ᠪᠠᠷᠭᠤ ᠪᠣᠯ ᠦᠨᠢ ᠣᠲᠠᠭᠠᠨ ᠲᠡᠦᠬᠡ ᠲᠠᠢ ᠡᠷᠳᠡᠨ᠎ᠤ ᠮᠣᠩᠭᠣᠯ ᠶᠠᠰᠣᠲᠠᠨ ᠪᠣᠯᠤᠨ᠎ᠠ᠃ 1734 ᠣᠨ᠎ᠳᠤ ᠴᠢᠩ ᠤᠯᠤᠰ᠎ᠤᠨ ᠵᠠᠰᠠᠭ᠎ᠤᠨ ᠭᠠᠵᠠᠷ ᠡᠴᠡ ᠬᠠᠯᠬ᠎ᠠ ᠮᠣᠩᠭᠣᠯ᠎ᠤᠨ ᠴᠡᠴᠡᠨ ᠬᠠᠨ᠎ᠠᠢᠮᠠᠬ᠎ᠤᠨ ᠬᠠᠷᠢᠶᠠᠨ  ᠳ᠋ᠦ ᠪᠠᠢᠬᠰᠠᠨ 2984 ᠱᠢᠨ᠎ᠡ ᠪᠠᠷᠭᠤ ᠴᠡᠷᠢᠭ᠎ᠢ ᠡᠨᠳᠡ ᠱᠢᠯᠵᠢᠭᠦᠯᠦᠨ ᠠᠪᠴᠢᠷᠠᠵᠦ᠂ ᠵᠡᠭᠦᠨ ᠪᠠᠷᠠᠭᠤᠨ ᠭᠠᠷᠣᠨ ᠳᠥᠷᠪᠡᠨ ᠬᠣᠱᠢᠭᠤ ᠬᠤᠪᠢᠶᠠᠨ ᠵᠠᠬᠢᠷᠴᠠᠢ᠃ 《ᠪᠠᠷᠠᠭᠤᠨ ᠬᠣᠱᠢᠭᠤ 》 ᠭᠡᠰᠡᠨ ᠨᠡᠷᠡᠢᠲᠦᠯ ᠡᠬᠦᠨᠴᠡ ᠲᠡᠦᠬᠡ᠎ᠶᠢᠨ ᠪᠢᠴᠢᠭ ᠲᠦ᠍ ᠢᠯᠡᠷᠡᠭᠰᠡᠨ ᠪᠠᠢᠨ᠎ᠠ᠃

ᠬᠡᠳᠦᠨ ᠵᠠᠭᠤᠨ ᠵᠢᠯ᠎ᠦᠨ ᠲᠤᠷᠰᠢ᠂ ᠪᠠᠷᠭᠤ ᠮᠣᠩᠭᠣᠯᠴᠤᠳ ᠡᠨᠳᠡ ᠠᠮᠢᠳᠤᠷᠠᠭ᠍ᠰᠠᠭᠠᠷ ᠢᠷᠡᠭ᠌ᠰᠡᠨ ᠪᠥᠭᠡᠳ ᠬᠢᠲᠠᠳ ᠦᠨᠳᠦᠰᠦᠲᠡᠨ ᠵᠢᠴᠢ ᠪᠤᠰᠤᠳ ᠠᠬ᠎ᠠ ᠳᠡᠭᠦᠸ᠋ ᠦᠨᠳᠦᠰᠦᠲᠡᠨ᠎ᠨᠦᠭᠦᠳ᠎ᠲᠡᠶ ᠲᠠᠰᠤᠷᠠᠯᠲᠠ ᠥᠬᠡᠶ ᠬᠠᠷᠢᠯᠴᠠᠵᠦ ᠰᠣᠯᠢᠯᠴᠠᠬᠤ ᠳᠤᠮᠳᠠ ᠳᠤᠮᠳᠠᠳᠤ᠎ᠶ᠋ᠢᠨ ᠦᠨᠳᠦᠰᠦᠲᠡᠨ᠎ᠦ ᠲᠡᠸ᠋ᠬᠡ᠎ᠶ᠋ᠢᠨ ᠬᠠᠭᠤᠳᠠᠰᠤ᠎ᠶ᠋ᠢ ᠬᠠᠮᠲᠤ᠎ᠪᠠᠷ ᠪᠢᠴᠢᠭ᠌ᠯᠡᠵᠦ᠍᠂ ᠣᠷᠣᠱᠢᠨ ᠲᠣᠭ᠍ᠲᠠᠨᠢᠬᠤ ᠪᠠ ᠬᠥᠭ᠌ᠵᠢᠬᠦ᠌᠎ᠳᠦ ᠲᠦᠱᠢᠭ᠌ᠯᠡᠬᠦ᠌ ᠦᠵᠡᠰᠭᠦᠯᠡᠩᠲᠦ ᠰᠠᠢᠬᠠᠨ ᠬᠡᠷ ᠣᠷᠣᠨ᠎ᠢᠶᠠᠨ ᠬᠠᠮᠲᠤ᠎ᠪᠠᠷ ᠪᠥᠲᠥᠭᠡᠨ ᠪᠠᠢᠭᠤᠯᠤᠭ᠍ᠰᠠᠨ ᠶᠤᠮ᠃

ᠪᠣᠲᠠᠰ᠎ᠤᠨ ᠪᠣᠰᠣ ᠰᠣᠶᠣᠯ᠎ᠤᠨ ᠦᠪ᠎ᠤᠨ ᠤᠯᠠᠮᠵᠢᠯᠠᠯ᠎ᠤᠨ ᠰᠢᠨ᠎ᠡ ᠬᠢᠯᠪᠠᠭ᠎ᠠ

《ᠬᠦᠲᠡᠭᠡ ᠲᠠᠯ᠎ᠠ ᠳ᠋ᠦ ᠮᠢᠨᠢ ᠬᠣᠨᠢᠳ ᠪᠡᠯᠴᠢᠨ᠎ᠡ ᠁ 》 ᠣᠷᠣᠰᠣᠨ ᠬᠠᠩᠬᠢᠨᠠᠬᠣ ᠠᠶ᠎ᠠ ᠳᠠᠭᠤᠤ᠎ᠶ᠋ᠢ ᠲᠠᠭᠠᠵᠦ ᠰᠣᠷᠪᠣᠯᠵᠢᠯᠠᠬᠴᠢ ᠱᠢᠨ᠎ᠡ ᠪᠠᠷᠭᠤ ᠪᠠᠷᠠᠭᠤᠨ ᠬᠣᠱᠢᠭᠤᠨ᠎ᠤ ᠰᠣᠶᠣᠯ᠎ᠤᠨ ᠣᠷᠳᠣᠨ᠎ᠤ ᠪᠣᠯᠪᠠᠰᠤᠷᠠᠯ᠎ᠤᠨ ᠲᠢᠩᠬᠢᠮ᠎ᠳᠦ ᠬᠦᠷᠪᠡᠯ᠂ ᠪᠠᠷᠭᠤ ᠠᠷᠠᠳ᠎ᠤᠨ ᠳᠠᠭᠤᠤ᠎ᠶ᠋ᠢᠨ ᠨᠡᠢᠭᠡᠮᠯᠢᠭ᠎ᠦᠨ ᠭᠡᠱᠢᠭᠦᠳ ᠮᠣᠩᠭᠣᠯ ᠦᠨᠳᠦᠰᠦᠲᠡᠨ᠎ᠦ ᠤᠷᠲᠤ᠎ᠶ᠋ᠢᠨ ᠳᠠᠭᠤᠤ 《ᠮᠠᠯᠵᠢᠯ᠎ᠤᠨ ᠲᠠᠭᠣᠣ》 ᠶ᠋ᠢ ᠲᠠᠭᠣᠯᠠᠨ ᠪᠣᠯᠪᠠᠰᠤᠷᠠᠵᠤ ᠪᠠᠢᠯ᠎ᠠ᠃

ᠡᠦ ᠢᠦᠶ ᠮᠢᠩ᠎ᠦᠨ ᠲᠠᠨᠢᠯᠴᠠᠭᠤᠯᠤᠭ᠍ᠰᠠᠨ᠎ᠢᠶᠠᠷ᠂ ᠮᠣᠩᠭᠣᠯ ᠠᠷᠠᠳ᠎ᠤᠨ ᠤᠷᠲᠤ᠎ᠶ᠋ᠢᠨ ᠳᠠᠭᠤᠤ ᠨᠢ 2006 ᠣᠨ᠎ᠳᠤ ᠨᠢᠭᠡᠳᠦᠭᠡᠷ ᠪᠦᠯᠦᠭ᠎ᠦᠨ ᠤᠯᠤᠰ᠎ᠤᠨ ᠳᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠨᠡᠷᠡᠰ᠎ᠲᠦ ᠵᠢᠭᠰᠠᠭᠠᠬᠲᠠᠬᠰᠠᠨ ᠪᠠᠢᠨ᠎ᠠ᠃ 《ᠮᠠᠯᠵᠢᠯ᠎ᠤᠨ ᠲᠠᠭᠣᠣ》 ᠎ᠪᠣᠯ 《ᠦᠭᠡᠷᠲᠦ ᠬᠦᠢᠲᠡᠨ》 ᠭᠡᠳᠡᠭ ᠠᠷᠠᠳ᠎ᠤᠨ ᠲᠠᠭᠣᠣ ᠡᠴᠡ ᠢᠷᠡᠯ ᠲᠠᠢ ᠶᠣᠮ᠃ ᠳᠡᠭᠡᠷ᠎ᠡ ᠵᠠᠭᠤᠨ᠎ᠤ ᠲᠠᠪᠢᠭᠠᠳ ᠣᠨ᠎ᠳᠤ ᠮᠦᠭᠲᠡᠨ᠎ᠤ ᠤᠷᠠᠯᠢᠭ᠎ᠤᠨ ᠰᠤᠷᠭᠠᠭᠤᠯᠢ᠎ᠶ᠋ᠢᠨ ᠵᠠᠬᠢᠷᠤᠯ ᠠᠨ ᠪᠥᠸᠧ 《ᠮᠠᠯᠵᠢᠯ᠎ᠤᠨ ᠲᠠᠭᠣᠣ》 ᠪᠣᠯᠭᠠᠨ ᠥᠭᠡᠷᠡᠴᠢᠯᠡᠨ ᠨᠠᠢᠷᠠᠭᠣᠯᠵᠦ᠂ ᠭᠣᠴᠣᠯᠠᠯ ᠲᠠᠭᠣᠣ ᠡᠴᠡ ᠪᠠᠨ ᠨᠠᠢᠷᠠᠯ ᠲᠠᠭᠣᠣ ᠪᠣᠯᠵᠠᠢ᠃ ᠬᠣᠵᠢᠮ ᠨᠢ ᠬᠥᠭ᠌ᠵᠢᠮ᠎ᠦᠨ ᠵᠣᠬᠢᠶᠠᠯᠴᠢ ᠵᠠᠢ ᠰᠢ ᠱᠢᠶᠠᠨ ᠥᠭᠡᠷᠡᠴᠢᠯᠡᠨ ᠨᠠᠢᠷᠠᠭᠣᠯᠵᠦ ᠬᠥᠭ᠌ᠵᠢᠮ᠎ᠦᠨ ᠬᠠᠪᠰᠤᠷᠤᠯ ᠥᠬᠡᠶ ᠨᠠᠢᠷᠠᠯ ᠲᠠᠭᠣᠣ ᠪᠣᠯᠭᠠᠵᠦ᠂ ᠬᠣᠷᠢᠳ᠋ᠤᠭᠠᠷ ᠵᠠᠭᠤᠨ᠎ᠤ ᠳᠤᠮᠳᠠᠳᠤ ᠤᠯᠤᠰ᠎ᠤᠨ ᠨᠠᠢᠷᠠᠯ ᠲᠠᠭᠣᠣ᠎ᠶᠢᠨ ᠲᠥᠯᠥᠭᠡᠯᠡᠬᠦ ᠪᠦᠲᠦᠭᠡᠯ ᠬᠡᠮᠡᠭᠲᠡᠭᠰᠡᠨ ᠪᠠᠢᠨ᠎ᠠ᠃ 《ᠮᠠᠯᠵᠢᠯ᠎ᠤᠨ ᠲᠠᠭᠣᠣ》 ᠨᠢ ᠱᠢᠨ᠎ᠡ ᠪᠠᠷᠭᠤ ᠪᠠᠷᠠᠭᠤᠨ ᠬᠣᠱᠢᠭᠤᠨ ᠡᠴᠡ ᠲᠠᠷᠬᠠᠨ ᠲᠡᠯᠭᠡᠷᠡᠭᠰᠡᠨ ᠪᠣᠯᠬᠣᠷ ᠬᠦᠮᠦᠰ ᠡᠨᠳᠡᠬᠢ᠎ᠶ᠋ᠢ《ᠮᠠᠯᠵᠢᠯ᠎ᠤᠨ ᠲᠠᠭᠣᠣ᠎ᠶᠢᠨ᠎ᠨᠤᠳᠤᠭ》 ᠭᠡᠲᠡᠭ ᠃

ᠱᠢᠨ᠎ᠡ ᠪᠠᠷᠭᠤ ᠪᠠᠷᠠᠭᠤᠨ ᠬᠣᠱᠢᠭᠤᠨ᠎ᠤ ᠠᠷᠠᠳ᠎ᠤᠨ ᠳᠠᠭᠤᠤ᠎ᠶ᠋ᠢᠨ ᠨᠡᠢᠭᠡᠮᠯᠢᠭ᠎ᠦᠨ ᠳᠠᠷᠤᠭ᠎ᠠ ᠭᠡᠷᠡᠯ ᠠᠵᠢᠯ᠎ᠠᠴᠠ᠎ᠪᠠᠨ ᠠᠮᠠᠷᠠᠬᠤ᠎ᠠᠴᠠ᠎ᠪᠠᠨ ᠡᠮᠦᠨ᠎ᠡ ᠬᠣᠱᠢᠭᠤᠨ᠎ᠤ ᠮᠣᠩᠭᠣᠯ ᠦᠨᠳᠦᠰᠦᠲᠡᠨ᠎ᠦ ᠬᠣᠶᠠᠳᠤᠭᠠᠷ ᠲᠤᠷᠱᠢᠯᠲᠠ᠎ᠶ᠋ᠢᠨ ᠪᠠᠭ᠎ᠠ ᠰᠤᠷᠭᠠᠭᠤᠯᠢ᠎ᠳᠤ ᠪᠠᠭ᠍ᠰᠢᠯᠠᠵᠦ ᠪᠠᠢᠵᠠᠢ᠃ ᠲᠡᠷᠡ᠄《ᠮᠣᠩᠭᠣᠯ  ᠠᠷᠠᠳ᠎ᠤᠨ ᠤᠷᠲᠤ᠎ᠶ᠋ᠢᠨ ᠳᠠᠭᠤᠤ ᠪᠣᠯ ᠮᠢᠩᠭᠠᠨ ᠵᠢᠯ᠎ᠦᠨ ᠲᠡᠦᠬᠡ᠎ᠲᠡᠶ ᠪᠢᠯᠡ᠃ 〈ᠲᠠᠯ᠎ᠠ ᠨᠤᠲᠤᠭ᠎ᠤᠨ ᠳᠠᠭᠤᠤ ᠬᠥᠭ᠌ᠵᠢᠮ᠎ᠦᠨ ᠠᠮᠢᠳᠤ ᠴᠢᠯᠠᠭᠤᠵᠢᠮᠠᠯ〉ᠬᠡᠮᠡᠨ ᠦᠨᠡᠯᠡᠭᠲᠡᠭᠰᠡᠨ》 ᠭᠡᠵᠦ᠍ ᠣᠮᠣᠭ ᠪᠠᠬᠠᠳᠤᠨ  ᠶᠠᠷᠢᠨ᠎ᠠ᠃

ᠪᠠᠶᠠᠨ ᠪᠠᠷᠭᠣ᠎ᠶᠢᠨ ᠪᠠᠶᠠᠯᠢᠬ ᠦᠪ ᠪᠣᠯᠬᠣ ᠪᠣᠳᠠᠰ᠎ᠤᠨ ᠪᠤᠰᠤ ᠰᠣᠶᠣᠯ᠎ᠤᠨ ᠥᠪ ᠪᠣᠯ ᠲᠡᠦᠬᠡ᠎ᠶᠢᠨ ᠠᠮᠢᠳᠤ ᠪᠢᠴᠢᠭ ᠪᠠᠢᠵᠦ ᠲᠠᠭᠠᠷᠠᠨ᠎ᠠ᠃ ᠱᠢᠨ᠎ᠡ ᠪᠠᠷᠭᠤ ᠪᠠᠷᠠᠭᠤᠨ ᠬᠣᠱᠢᠭᠤᠨ᠎ᠳᠤ ᠣᠳᠣᠬᠠᠨ᠎ᠳᠤ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠶ 11 ᠲᠥᠷᠥᠯ ᠵᠦᠶ᠋ᠯ ᠂ ᠥᠪᠡᠷᠲᠡᠭᠡᠨ ᠵᠠᠰᠠᠬᠤ ᠣᠷᠣᠨ᠎ᠤ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠶ 4 ᠣᠯᠠᠮᠵᠢᠯᠠᠬᠴᠢ ᠪᠣᠶ; ᠬᠤᠳᠠ᠎ᠶ᠋ᠢᠨ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠶ 21 ᠲᠦᠷᠦᠯ ᠵᠦᠢᠯ ᠪᠠᠢᠵᠦ᠂ ᠬᠤᠳᠠ᠎ᠶ᠋ᠢᠨ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠶ ᠣᠯᠠᠮᠵᠢᠯᠠᠬᠴᠢ 15 ᠬᠥᠮᠦᠨ ᠪᠣᠢ; ᠬᠣᠱᠢᠭᠤᠨ᠎ᠤ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠶ ᠲᠥᠷᠥᠯ ᠵᠦᠶ᠋ᠯ 53 ᠪᠠᠢᠵᠤ᠂ ᠬᠣᠱᠢᠭᠤᠨ᠎ᠤ ᠲᠠᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠶ ᠤᠯᠠᠮᠵᠢᠯᠠᠭ᠍ᠴᠢ 113 ᠬᠥᠮᠦᠨ ᠪᠣᠢ᠃

ᠪᠠᠷᠭᠤ ᠬᠤᠪᠴᠠᠰᠤ ᠵᠠᠰᠠᠯ 2007 ᠣᠨ᠎ᠳᠤ ᠥᠪᠡᠷᠲᠡᠭᠡᠨ ᠵᠠᠰᠠᠬᠤ ᠣᠷᠣᠨ᠎ᠤ ᠳᠡᠰ᠎ᠤᠨ ᠨᠢᠭᠡᠳᠦᠭᠡᠷ ᠪᠦᠯᠦᠭ᠎ᠦᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠨᠡᠷᠡᠰ ᠲᠦ᠍ ᠵᠢᠭ᠍ᠰᠠᠭᠠᠭ᠍ᠳᠠᠪᠠ᠃ ᠪᠠᠷᠭᠣ ᠬᠣᠪᠴᠠᠰᠣ ᠵᠠᠰᠠᠯ᠎ᠤᠨ ᠲᠥᠯᠥᠭᠡᠯᠡᠬᠦ᠌ ᠴᠢᠨᠠᠷᠲᠠᠢ ᠣᠯᠠᠮᠵᠢᠯᠠᠬᠴᠢ ᠰᠠᠷᠡᠨᠴᠡᠴᠡᠭ᠎ᠤᠨ ᠲᠠᠨᠢᠯᠴᠠᠭᠣᠯᠬᠣ ᠪᠡᠷ᠂ ᠪᠠᠷᠭᠤ ᠬᠤᠪᠴᠠᠰᠤ ᠵᠠᠰᠠᠯ ᠨᠢ ᠤᠯᠠᠮᠵᠢᠯᠠᠯᠲᠤ ᠣᠨᠴᠠᠯᠢᠭ᠎ᠢᠶᠠᠨ ᠬᠠᠳᠠᠭᠠᠯᠠᠭ᠍ᠰᠠᠨ ᠰᠠᠭᠤᠷᠢᠨ ᠳᠡᠭᠡᠷ᠎ᠡ ᠬᠢᠲᠠᠳ ᠦᠨᠳᠦᠰᠦᠲᠡᠨ᠎ᠦ ᠬᠤᠪᠴᠠᠰᠤ ᠵᠠᠰᠠᠯ᠎ᠤᠨ ᠰᠣᠶᠣᠯ᠎ᠤᠨ ᠡᠯᠧᠮᠧᠨ᠋ᠲ᠎ᠢ ᠱᠢᠩᠭᠡᠭᠡᠨ ᠠᠪᠴᠤ᠌᠂ ᠠᠳᠠᠯᠢ ᠪᠤᠰᠤ ᠦᠨᠳᠦᠰᠦᠲᠡᠨ᠎ᠦ ᠰᠣᠶᠣᠯ ᠠᠭᠤᠰᠤᠯᠴᠠᠯ᠎ᠤᠨ ᠷᠢᠳᠢ ᠱᠢᠳᠢ᠎ᠶ᠋ᠢ ᠬᠠᠷᠠᠭᠤᠯᠣᠬᠰᠠᠨ ᠪᠠᠢᠨ᠎ᠠ᠃

ᠪᠣᠲᠠᠰ᠎ᠤᠨ ᠪᠤᠰᠤ ᠰᠣᠶᠣᠯ᠎ᠤᠨ ᠦᠪ᠎ᠤᠨ ᠣᠯᠠᠮᠵᠢᠯᠠᠯ ᠵᠠᠯᠭᠠᠮᠵᠢᠯᠠᠯ ᠨᠢ ᠵᠠᠯᠠᠭᠤᠴᠤᠳ᠎ᠤᠨ ᠤᠷᠮ᠎ᠠ᠎ᠶᠢ ᠬᠦᠭᠵᠢᠭᠡᠨ ᠵᠣᠷᠢᠬ᠎ᠢ ᠡᠷᠴᠢᠯᠡᠵᠡᠢ᠃ ᠱᠢᠨ᠎ᠡ ᠪᠠᠷᠭᠤ ᠪᠠᠷᠠᠭᠤᠨ ᠬᠣᠱᠢᠭᠤᠨ᠎ᠤ ᠶᠡᠷᠦᠩᠬᠡᠢᠯᠡᠭ᠌ᠰᠡᠨ ᠥᠨᠳᠥᠷ ᠵᠡᠷᠭᠡ᠎ᠶ᠋ᠢᠨ ᠳᠤᠮᠳᠠᠳᠤ ᠰᠤᠷᠭᠠᠭᠤᠯᠢ᠎ᠶ᠋ᠢᠨ ᠪᠣᠲᠠᠰ᠎ᠤᠨ ᠪᠤᠰᠤ ᠰᠣᠶᠣᠯ᠎ᠤᠨ ᠦᠪ᠎ᠢ ᠰᠣᠷᠣᠯᠴᠠᠬᠣ ᠭᠠᠵᠠᠷ ᠲᠡᠬᠢ ᠠᠷᠠᠰᠤᠨ ᠰᠡᠢᠯᠦᠮᠡᠯ᠎ᠢ ᠣᠯᠠᠨ ᠬᠥᠮᠦᠰ ᠡᠷᠡᠬᠡᠢ ᠭᠠᠷᠭᠠᠨ ᠱᠠᠭ᠍ᠰᠢᠨ ᠭᠠᠢᠬᠠᠨ᠎ᠠ᠃ ᠡᠳᠡᠭᠡᠷ ᠪᠦᠲᠦᠭᠡᠯ ᠨᠢ ᠪᠦᠷ ᠲᠣᠰ ᠰᠣᠷᠭᠠᠭᠣᠯᠢ᠎ᠶᠢᠨ ᠪᠠᠭ᠍ᠰᠢ ᠰᠤᠷᠤᠭ᠍ᠴᠢᠳ᠎ᠤᠨ ᠬᠠᠮᠲᠣ᠎ᠶᠢᠨ ᠪᠦᠲᠦᠭᠡᠯ ᠪᠣᠯᠣᠨ᠎ᠠ᠃ ᠵᠢᠯᠣᠭᠣᠳᠣᠭ᠍ᠴᠢ ᠪᠠᠭ᠍ᠰᠢ ᠯᠢ ᠮᠢᠩ ᠬᠡᠯᠡᠬᠦ ᠳ᠋ᠡᠭᠡᠨ᠂ ᠡᠳᠡᠭᠡᠷ ᠪᠦᠲᠦᠭᠡᠭ᠌ᠳᠡᠬᠦᠨ ᠪᠣᠯ ᠠᠷᠠᠰᠤᠨ ᠰᠡᠢᠯᠦᠮᠡᠯ᠎ᠦᠨ ᠤᠯᠠᠮᠵᠢᠯᠠᠯᠲᠦ ᠣᠷ᠎ᠠ ᠮᠡᠷᠭᠡᠰᠢᠯ ᠪᠣᠯᠬᠤ᠎ᠪᠠᠷ ᠪᠠᠷᠠᠬᠤ ᠦᠭᠡᠢ ᠪᠠᠰᠠ ᠴᠦ᠍ ᠱᠢᠨ᠎ᠡ ᠴᠠᠭ ᠦᠶ᠎ᠡ᠎ᠶ᠋ᠢᠨ ᠦᠵᠡᠰᠭᠦᠯᠡᠩᠲᠦ ᠰᠠᠢᠬᠠᠨ ᠦᠵᠡᠮᠵᠢ᠎ᠶᠢᠨ ᠵᠢᠷᠣᠬᠯᠠᠯ ᠪᠣᠯᠬᠣ ᠶᠣᠮ᠃

ᠬᠢᠯᠢ ᠬᠢᠵᠠᠭᠠᠷ᠎ᠢᠶᠠᠨ ᠪᠠᠲᠣᠯᠠᠨ ᠬᠠᠮᠠᠭᠠᠯᠠᠬᠰᠠᠨ ᠰᠢᠲᠣᠷᠭᠣ ᠬᠠᠷᠠᠭᠣᠯ ᠪᠠᠲᠣ ᠰᠠᠬᠢᠭᠣᠯ

《ᠲᠠᠨ᠎ᠠ ᠰᠣᠪᠣᠳ ᠰᠢᠬ ᠬᠣᠨᠢᠨ ᠰᠦᠷᠦᠭ ᠲᠠᠯ᠎ᠠ᠎ᠶᠢᠨ ᠲᠣᠮᠲᠠ ᠪᠠᠨ ᠲᠠᠷᠬᠠᠨ ᠪᠡᠯᠴᠢᠨ᠎ᠡ ᠁ 》 ᠭᠡᠰᠡᠨ ᠲᠠᠭᠣᠣ ᠪᠣᠯ ᠲᠠᠯ᠎ᠠ ᠨᠤᠲᠤᠭ᠎ᠤᠨ ᠠᠮᠤᠷ ᠠᠮᠤᠭᠤᠯᠠᠩ᠎ᠤᠨ ᠣᠶᠠᠩᠭ᠎ᠠ ᠡᠭᠡᠰᠢᠭ ᠪᠢᠯᠡ᠃ ᠱᠢᠨ᠎ᠡ ᠪᠠᠷᠭᠤ ᠪᠠᠷᠠᠭᠤᠨ ᠬᠣᠱᠢᠭᠤᠨ᠎ᠤ ᠭᠠᠵᠠᠷ ᠵᠦᠶ᠎ᠶ᠋ᠢᠨ ᠪᠠᠢᠷᠢᠯᠠᠯ ᠨᠢ ᠣᠨᠴᠠᠭᠠᠶ᠂ ᠬᠢᠯᠢ᠎ᠶ᠋ᠢᠨ ᠱᠤᠭᠤᠮ᠎ᠤᠨ ᠣᠷᠳᠣ ᠨᠢ 515.4 ᠺᠢᠯᠣᠮᠧᠲ᠋ᠷ ᠪᠠᠢᠵᠦ᠂ ᠬᠢᠯᠢ ᠬᠢᠵᠠᠭᠠᠷ ᠶ᠋ᠢᠡᠨ ᠪᠠᠲᠣᠯᠠᠨ ᠬᠠᠮᠠᠭᠠᠯᠠᠬᠤ ᠨᠢ ᠡᠨᠲᠡᠬᠢ ᠠᠷᠠᠳ ᠲᠦᠮᠡᠨ᠎ᠤ ᠡᠬᠦᠷᠭᠡ ᠬᠠᠷᠢᠭᠤᠴᠠᠯᠭ᠎ᠠ ᠪᠣᠯᠣᠬᠰᠠᠨ ᠶ᠋ᠢᠡᠷ ᠪᠠᠷᠠᠬᠤ ᠥᠬᠡᠶ ᠢᠷᠠᠭᠤ ᠠᠯᠳᠠᠷ ᠪᠣᠯᠣᠬᠰᠠᠨ ᠶᠣᠮ᠃

ᠬᠢᠯᠢ ᠬᠠᠮᠠᠭᠠᠯᠠᠭ᠍ᠴᠢ ᠲᠦᠮᠡᠨ᠎ᠤ ᠭᠡᠷ ᠨᠢ ᠳᠤᠮᠳᠠᠳᠤ ᠮᠣᠩᠭᠣᠯ᠎ᠤᠨ ᠬᠢᠯᠢ᠎ᠶ᠋ᠢᠨ ᠱᠣᠭᠣᠮ᠎ᠠᠴᠠ 500 ᠮᠸᠲᠷ ᠵᠠᠢᠲᠠᠢ᠃ ᠴᠠᠭᠠᠨ ᠡᠭᠦᠯᠡ ᠴᠡᠩᠭᠡᠷ ᠲᠡᠭᠷᠢ᠎ᠶᠢᠨ ᠨᠠᠭᠠᠨ᠎ᠠ ᠰᠠᠯᠬᠢᠨ᠎ᠠ ᠨᠠᠮᠢᠷᠠᠬᠣ ᠲᠠᠪᠤᠨ ᠣᠳᠣᠲᠤ ᠤᠯᠠᠭᠠᠨ ᠲᠤᠭ ᠬᠣᠯᠠ ᠡᠴᠡ ᠲᠣᠲᠣᠬᠠᠨ ᠬᠠᠷᠠᠬᠲᠠᠵᠦ᠂《ᠮᠣᠩᠭᠣᠯ ᠭᠡᠷ ᠬᠠᠷᠠᠭᠤᠯ᠎ᠤᠨ ᠭᠠᠵᠠᠷ》 ᠭᠡᠰᠡᠨ ᠫᠠᠢᠰᠠ ᠨᠢ ᠡᠨᠡ ᠠᠢᠯ᠎ᠤᠨ ᠦᠭᠡᠷ᠎ᠡ ᠪᠣᠰᠣᠳ ᠡᠴᠡ ᠣᠨᠲᠣᠣ ᠭᠡᠰᠡᠨ᠎ᠢ ᠬᠠᠷᠠᠭᠣᠯᠣᠨ᠎ᠠ᠃

ᠲᠦᠮᠡᠨ᠎ᠤ ᠴᠠᠬᠲᠠᠬᠣ ᠬᠢᠯᠢ᠎ᠶ᠋ᠢᠨ ᠬᠠᠮᠠᠭᠠᠯᠠᠯᠲᠠ᠎ᠶ᠋ᠢᠨ ᠬᠠᠮᠢᠶᠠᠷᠤᠯᠲᠠ᠎ᠶ᠋ᠢᠨ ᠬᠡᠰᠡᠭ ᠨᠢ 1433 ᠨᠣᠮᠸᠷ᠎ᠡᠴᠡ 1441 ᠨᠣᠮᠸᠷ ᠬᠦᠷᠲᠡᠯᠡᠬᠢ 9 ᠬᠢᠯᠢ᠎ᠶ᠋ᠢᠨ ᠬᠥᠱᠢᠢ᠎ᠡ᠎ᠶᠢ ᠲᠠᠮᠵᠢᠵᠦ᠂ ᠪᠦᠬᠦ᠌ ᠱᠤᠭᠤᠮ᠎ᠤᠨ ᠤᠷᠳᠤ ᠨᠢ 61.49 ᠺᠢᠯᠤᠮᠸᠲᠷ ᠪᠠᠢᠲᠠᠬ᠃ 《ᠡᠨᠳᠡ ᠪᠣᠯ ᠮᠢᠨᠦ ᠲᠥᠷᠥᠭ᠌ᠰᠡᠨ ᠨᠣᠲᠣᠬ᠂ ᠮᠢᠨᠦ ᠭᠡᠷ ᠣᠷᠣᠨ ᠪᠣᠯᠣᠨ᠎ᠠ᠂ ᠡᠷᠬᠡᠪᠰᠢ ᠰᠠᠬᠢᠨ ᠬᠠᠮᠠᠭᠠᠯᠠᠬᠤ ᠡᠭᠦᠷᠭᠡ᠎ᠶ᠋ᠢ ᠡᠭᠦᠷᠭᠡᠯᠡᠬᠦ᠌ ᠬᠡᠷᠡᠭ᠌ᠲᠡᠶ》  ᠡᠨᠡ ᠪᠣᠯ ᠲᠡᠭᠦᠨ᠎ᠦ ᠬᠠᠷᠠᠬᠠᠨ ᠪᠠᠭ᠎ᠠ ᠡᠴᠡ᠎ᠪᠠᠨ᠎ᠲᠠᠩᠳᠡ ᠶᠠᠷᠢᠳᠠᠭ ᠦᠭᠡ ᠶᠤᠮ ᠃

ᠲᠦᠮᠡᠨ ᠣᠣᠯ ᠳ᠋ᠠᠭᠠᠨ ᠮᠣᠷᠢᠲᠣ ᠴᠡᠷᠢᠭ᠎ᠤᠨ ᠲᠠᠢᠴᠢᠨ ᠪᠠᠢᠯᠲᠣᠬᠴᠢ ᠪᠠᠢᠵᠠᠢ᠃ ᠴᠡᠷᠢᠭ᠎ᠡᠴᠡ ᠬᠠᠯᠠᠭ᠍ᠳᠠᠭ᠍ᠰᠠᠨ᠎ᠤ ᠲᠠᠷᠠᠭ᠎ᠠ ᠲᠡᠷᠡ ᠬᠤᠳᠠ᠎ᠶ᠋ᠢᠨ ᠠᠵᠢᠯ᠎ᠢᠶᠠᠨ ᠣᠭᠣᠷᠴᠣ᠂ ᠬᠢᠯᠢ ᠬᠠᠮᠠᠭᠠᠯᠠᠬᠣ ᠪᠣᠣᠬᠢᠶ᠎ᠠ᠎ᠶᠢ ᠵᠠᠯᠭᠠᠮᠵᠢᠯᠠᠵᠦ᠂ ᠭᠤᠷᠪᠠᠳᠤᠭᠠᠷ ᠦᠶ᠎ᠡ᠎ᠶ᠋ᠢᠨ ᠬᠢᠯᠢ ᠬᠠᠮᠠᠭᠠᠯᠠᠭ᠍ᠴᠢ ᠪᠣᠯᠵᠠᠢ᠃ ᠣᠢᠷ᠎ᠠ ᠬᠠᠪᠢ᠎ᠶ᠋ᠢᠨ ᠭᠠᠵᠠᠷ᠎ᠤᠨ ᠪᠠᠢᠴᠠ ᠪᠠᠨ ᠠᠯᠠᠭᠠᠨ ᠵᠢᠷᠣᠭᠠᠰᠣ ᠰᠢᠬ ᠲᠣᠲᠣ ᠮᠡᠳᠡᠳᠡᠭ ᠲᠡᠬᠦᠨ᠎ᠤ ᠨᠢᠲᠦ ᠶᠠᠯᠢᠮ ᠦᠭᠡᠢ ᠵᠢᠵᠢᠭ ᠵᠦᠢᠯ᠎ᠢ ᠴᠦ᠍ ᠠᠯᠲᠠᠲᠠᠬ ᠦᠭᠡᠢ᠃ 30 ᠭᠠᠷᠤᠢ ᠵᠢᠯ᠎ᠦᠨ ᠲᠤᠷᠰᠢ᠂ ᠲᠦᠮᠡᠨ ᠡᠳᠦᠷ ᠪᠦᠷᠢ ᠬᠣᠶᠠᠷ ᠤᠳᠠᠭ᠎ᠠ ᠬᠢᠯᠢ᠎ᠶᠢᠨ ᠱᠣᠭᠣᠮ᠎ᠢ ᠲᠣᠭᠣᠷᠢᠨ ᠴᠠᠬᠲᠠᠬᠣ ᠪᠠᠨ ᠪᠠᠷᠢᠮᠲᠠᠯᠠᠭ᠍ᠰᠠᠭᠠᠷ᠃ ᠡᠬᠢᠨ ᠳ᠋ᠡᠭᠡᠨ ᠬᠢᠯᠢ᠎ᠶ᠋ᠢᠨ ᠱᠤᠭᠤᠮ ᠨᠢ ᠱᠢᠷᠣᠢ ᠴᠢᠯᠠᠭᠤᠨ ᠵᠠᠮ ᠪᠠᠢᠵᠤ᠂ 8 ᠮᠣᠷᠢ᠎ᠶ᠋ᠢ ᠴᠣᠴᠠᠭᠠᠵᠦ᠂ 6 ᠮᠣᠲ᠋ᠣᠷ᠎ᠢ ᠡᠯᠡᠭᠡᠭᠰᠡᠨ ᠭᠡᠲᠡᠭ ᠴᠦ᠍ ᠬᠠᠷᠢᠭᠣᠴᠠᠬᠰᠠᠨ ᠬᠠᠮᠢᠶᠠᠷᠤᠯᠲᠠ᠎ᠶ᠋ᠢᠨ ᠬᠡᠰᠡᠭ᠎ᠲᠦ ᠬᠥᠮᠦᠨ ᠮᠠᠯ ᠬᠢᠯᠢ ᠳᠠᠪᠠᠭ᠍ᠰᠠᠨ ᠬᠡᠷᠡᠭ ᠶᠡᠷᠦ ᠭᠠᠷᠤᠭ᠍ᠰᠠᠨ ᠦᠭᠡᠢ ᠪᠢᠯᠡ᠃

ᠬᠢᠯᠢ᠎ᠶ᠋ᠢᠨ ᠱᠤᠭᠤᠮ᠎ᠳᠤ ᠴᠠᠷᠳᠠᠮᠠᠯ ᠵᠠᠮ ᠲᠠᠪᠢᠰᠦᠭᠰᠡᠨ᠎ᠤ ᠳᠠᠷᠠᠭ᠎ᠠ᠂ ᠲᠦᠮᠡᠨ ᠬᠢᠯᠢ ᠴᠠᠭ᠍ᠳᠠᠬᠤ ᠵᠠᠮ ᠬᠠᠷᠢᠯᠴᠠᠭᠠᠨ᠎ᠤ ᠪᠠᠭᠠᠵᠢ᠎ᠶ᠋ᠢ ᠴᠤ᠌ ᠮᠠᠱᠢᠨ ᠲᠡᠷᠭᠡ᠎ᠪᠡᠷ ᠰᠣᠯᠢᠪᠠ᠃ 2015 ᠣᠨ᠎ᠳᠤ᠂ ᠬᠢᠯᠢ᠎ᠶ᠋ᠢᠨ ᠱᠤᠭᠤᠮ ᠳᠡᠭᠡᠷ᠎ᠡ ᠬᠢᠨᠠᠨ ᠡᠵᠡᠮᠳᠡᠬᠦ᠌ ᠮᠠᠱᠢᠨ ᠤᠭ᠍ᠰᠠᠷᠠᠵᠤ᠂ ᠬᠢᠯᠢ ᠬᠠᠮᠠᠭᠠᠯᠠᠭ᠍ᠴᠢ᠎ᠳᠤ ᠣᠯᠠᠨ ᠴᠢᠳᠠᠪᠤᠷᠢᠲᠤ ᠲᠤᠰᠭᠠᠶ ᠭᠠᠷ ᠤᠲᠠᠰᠤ ᠲᠠᠭᠠᠷᠠᠭᠤᠯᠵᠤ᠂ ᠮᠣᠩᠭᠣᠯ ᠬᠡᠷ᠎ᠦᠨ ᠬᠠᠷᠠᠭᠤᠯ᠎ᠤᠨ ᠭᠠᠵᠠᠷ᠎ᠤᠨ ᠡᠷᠬᠢᠨ ᠲᠣᠭᠣᠷᠢᠨ᠎ᠳᠤ 《ᠲᠠᠯ᠎ᠠ ᠨᠤᠲᠤᠭ᠎ᠤᠨ ᠬᠠᠷᠴᠠᠭᠠᠶ᠎ᠶ᠋ᠢᠨ ᠨᠢᠳᠦ》ᠬᠢᠨᠠᠨ ᠡᠵᠡᠮᠳᠡᠬᠦ᠌ ᠱᠢᠰᠲ᠋ᠧᠮ ᠤᠭ᠍ᠰᠠᠷᠠᠭ᠍ᠰᠠᠨ ᠪᠠᠢᠨ᠎ᠠ᠃ ᠣᠳᠣᠬᠢᠴᠢᠯᠠᠭ᠍ᠰᠠᠨ ᠵᠡᠪᠰᠡᠭ ᠲᠣᠨᠣᠭ᠍ᠯᠠᠯ᠎ᠲᠠᠶ ᠪᠣᠯᠤᠭ᠍ᠰᠠᠨ᠎ᠠᠴᠠ ᠲᠦᠮᠡᠨ᠎ᠤ ᠡᠷᠴᠢ ᠵᠣᠷᠢᠭ  ᠨᠢ ᠪᠠᠲᠠᠷᠠᠵᠦ᠂ ᠡᠳᠦᠷ ᠪᠦᠷᠢ ᠬᠠᠷᠠᠭᠤᠯ᠎ᠤᠨ ᠴᠠᠮᠬᠠᠭ ᠳᠡᠭᠡᠷ᠎ᠡ ᠪᠠᠨ ᠬᠡᠳᠦ ᠤᠳᠠᠭ᠎ᠠ ᠬᠦᠷᠲᠡᠭ᠃

ᠬᠠᠷᠠᠭᠤᠯ᠎ᠤᠨ ᠴᠠᠮᠬᠠᠭ᠎ᠤᠨ ᠬᠠᠵᠠᠭᠣᠬᠠᠨ ᠳ᠋ᠦ ᠨᠢᠭᠡᠨ ᠪᠠᠢᠱᠢᠩ ᠪᠠᠢᠵᠦ᠂ ᠪᠠᠢᠰᠢᠩ᠎ᠤᠨ ᠤᠷᠤᠢ ᠳᠡᠭᠡᠷ᠎ᠡ ᠨᠢ 《ᠬᠥᠯᠥᠨ ᠪᠤᠢ᠌ᠷ᠎ᠤᠨ ᠺᠠᠯᠣᠨ ᠰᠠᠢ᠌ᠨ ᠳᠤᠷ᠎ᠠ᠎ᠶᠢᠨ ᠦᠢᠯᠡᠴᠢᠯᠡᠭᠡᠨ᠎ᠦ ᠨᠡᠢᠭᠡᠮᠯᠢᠭ》 ᠭᠡᠰᠡᠨ ᠲᠤᠭ ᠨᠠᠮᠢᠷᠠᠨ᠎ᠠ᠃ ᠡᠨᠡ ᠪᠠᠢᠱᠢᠩ ᠪᠣᠯ ᠲᠦᠮᠡᠨ᠎ᠤ ᠡᠪᠦᠭᠡ ᠪᠣᠯᠤᠨ ᠠᠪᠤ᠎ᠶ᠋ᠢᠨ ᠬᠢᠨᠢ ᠰᠠᠭᠤᠵᠤ ᠥᠩᠭᠡᠷᠡᠭ᠌ᠰᠡᠨ ᠬᠠᠷᠠᠭᠤᠯ᠎ᠤᠨ ᠭᠠᠵᠠᠷ ᠪᠠᠢᠵᠦ᠂ ᠡᠨᠲᠡ ᠭᠤᠷᠪᠠᠨ ᠦᠶ᠎ᠡ᠎ᠶ᠋ᠢᠨ ᠢᠷᠠᠭᠤ ᠠᠯᠲᠠᠷᠲᠣ ᠣᠯᠠᠮᠵᠢᠯᠠᠯ ᠎ᠢ  ᠲᠡᠯᠭᠡᠨ ᠦᠵᠡᠬᠦᠯᠵᠦ ᠪᠣᠢ᠃

《ᠬᠢᠯᠢ᠎ᠪᠡᠨ ᠬᠠᠮᠠᠭᠠᠯᠠᠬᠤ ᠪᠠᠨ ᠬᠡᠵᠢᠶᠡᠲᠡ ᠪᠠᠷᠢᠮᠲᠠᠯᠠᠨ᠎ᠠ᠂ ᠨᠠᠰᠣ ᠠᠬᠠᠰᠢᠷᠠᠵᠦ ᠬᠦᠮᠦᠨ᠎ᠤ ᠭᠠᠷ ᠬᠠᠷᠠᠪᠠᠯ ᠬᠢᠯᠢ ᠬᠢᠵᠠᠭᠠᠷ ᠶ᠋ᠢᠡᠨ ᠬᠠᠮᠠᠭᠠᠯᠠᠬᠤ ᠪᠣᠣᠬᠢᠶ᠎ᠠ᠎ᠶ᠋ᠢ ᠬᠦᠦ᠍ ᠳ᠋ᠡᠭᠡᠨ᠎ᠣᠯᠠᠮᠵᠢᠯᠠᠵᠦ᠂ 〈ᠭᠤᠷᠪᠠᠨ ᠦᠶ᠎ᠡ᠎ᠶ᠋ᠢᠨ ᠬᠢᠯᠢ ᠬᠠᠮᠠᠭᠠᠯᠠᠬᠴᠢ〉 ᠵᠢ 〈ᠦᠶ᠎ᠡ ᠣᠯᠠᠷᠢᠨ ᠬᠢᠯᠢ ᠬᠠᠮᠠᠭᠠᠯᠠᠬᠴᠢ〉 ᠪᠣᠯᠭᠠᠨ᠎ᠠ》 ᠭᠡᠵᠦ ᠲᠦᠮᠡᠨ ᠰᠢᠢᠳᠮᠡᠭ ᠶᠠᠷᠢᠨ᠎ᠠ᠃

ᠮᠠᠯᠵᠢᠯ᠎ᠤᠨ ᠲᠠᠭᠣᠣ ᠣᠶᠠᠩᠭᠠᠷᠠᠨ᠎ᠠ᠃

ᠮᠠᠯᠵᠢᠯ᠎ᠤᠨ ᠳᠠᠭᠤᠤ ᠮᠢᠩᠭᠠᠨ ᠤᠨ ᠦᠯᠦ ᠬᠣᠪᠢᠷᠠᠬᠣ ᠬᠦᠭ ᠣᠶᠠᠩᠭ᠎ᠠ ᠪᠡᠷ ᠬᠢᠯᠢ ᠬᠢᠵᠠᠭᠠᠷ᠎ᠤᠨ ᠬᠠᠳᠠᠨ ᠵᠣᠷᠢᠭ᠂ ᠠᠭᠣᠣᠴᠢ ᠪᠠᠭ᠍ᠲᠠᠭᠠᠮᠵᠢ᠎ᠶ᠋ᠢ ᠬᠠᠩᠬᠢᠨᠠᠨ ᠳᠠᠭᠤᠯᠠᠭ᠍ᠰᠠᠭᠠᠷ᠃ 2.52 ᠲᠦᠮᠡᠨ ᠲᠡᠭ᠌ᠰᠢ ᠳᠥᠷᠪᠡᠯᠵᠢᠨ ᠺᠢᠯᠤᠮᠸᠲᠷ ᠡᠨᠡ ᠨᠣᠲᠣᠬ ᠲᠦ᠍ ᠪᠣᠭᠣᠷᠣᠯ ᠲᠡᠦᠬᠡ᠎ᠶᠢᠨ ᠣᠯᠪᠠᠭ᠎ᠠ᠂ ᠪᠣᠲᠠᠩᠲᠣ ᠬᠣᠷᠸ᠎ᠠ᠎ᠶᠢᠨ ᠲᠣᠷᠠᠰᠣᠮᠵᠢ᠂ ᠠᠮᠢ ᠠᠬᠤᠢ᠎ᠶ᠋ᠢᠨ ᠡᠭᠦᠷᠭᠡ ᠪᠣᠯᠤᠨ ᠰᠣᠶᠣᠯ᠎ᠤᠨ ᠬᠢᠯᠪᠠᠭ᠎ᠠ ᠳᠤᠮᠳᠠᠳᠤ᠎ᠶ᠋ᠢᠨ ᠪᠣᠯᠪᠠᠰᠤᠨ᠎ᠤ ᠤᠯᠠᠨ ᠡᠱᠢᠲᠦ ᠨᠢᠭᠡ ᠴᠤᠬ᠍ᠴᠠᠵᠢᠬ᠍ᠰᠠᠨ ᠬᠢᠯᠢ᠎ᠶᠢᠨ ᠬᠥᠱᠢᠢ᠎ᠡ ᠪᠣᠯᠭᠠᠨ ᠰᠦᠨᠲᠡᠷᠯᠡᠭᠰᠡᠭᠡᠷ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号