ᠡᠸᠡᠩᠬᠢ ᠭᠡᠳᠡᠭ ᠨᠢ 《ᠠᠭᠤᠯᠠᠨ ᠣᠶ ᠳ᠋ᠦ ᠠᠮᠢᠳᠤᠷᠠᠳᠠᠭ ᠬᠦᠮᠦᠨ》 ᠭᠡᠰᠡᠨ ᠤᠳᠭ᠎ᠠ ᠲᠠᠶ᠃
1958 ᠣᠨ ᠳ᠋ᠦ ᠪᠠᠢᠭᠤᠯᠤᠭ᠍ᠳᠠᠭ᠍ᠰᠠᠨ ᠡᠸᠡᠩᠬᠢ ᠦᠨᠳᠦᠰᠦᠲᠡᠨ ᠤ᠋ ᠥᠪᠡᠷᠲᠡᠭᠡᠨ ᠵᠠᠰᠠᠬᠤ ᠬᠣᠱᠢᠭᠤ ᠪᠣᠯ ᠪᠦᠬᠦ᠌ ᠤᠯᠤᠰ ᠤ᠋ᠨ ᠭᠤᠷᠪᠠᠨ ᠴᠥᠭᠡᠨ ᠲᠣᠭᠠᠲᠤ ᠦᠨᠳᠦᠰᠦᠲᠡᠨ ᠤ᠋ ᠥᠪᠡᠷᠲᠡᠭᠡᠨ ᠵᠠᠰᠠᠬᠤ ᠬᠣᠱᠢᠭᠤᠨ ᠤ᠋ ᠨᠢᠭᠡ ᠪᠣᠯᠤᠨ᠎ᠠ᠃
ᠡᠨᠳᠡ ᠠᠮᠢᠳᠤᠷᠠᠵᠤ ᠪᠠᠢᠭ᠎ᠠ ᠦᠨᠳᠦᠰᠦᠲᠡᠨ ᠨᠤᠭᠦᠳ ᠤ᠋ᠨ ᠠᠷᠠᠳ ᠲᠦᠮᠡᠨ ᠰᠠᠬᠢᠨ ᠪᠠᠷᠠᠯᠠᠵᠤ ᠬᠠᠷᠢᠯᠴᠠᠨ ᠬᠠᠪᠰᠤᠷᠤᠯᠴᠠᠵᠤ᠂ ᠰᠠᠢᠨ ᠰᠠᠢᠬᠠᠨ ᠠᠮᠢᠳᠤᠷᠠᠯ ᠢ᠋ ᠬᠠᠮᠲᠤ ᠪᠠᠷ ᠴᠣᠭ᠍ᠴᠠᠯᠠᠪᠠ᠃ ᠤᠷᠳᠤ ᠤᠳᠠᠭᠠᠨ ᠲᠡᠦᠬᠡ ᠶ᠋ᠢᠨ ᠶᠠᠪᠤᠴᠠ ᠳ᠋ᠦ ᠦᠨᠳᠦᠰᠦᠲᠡᠨ ᠨᠤᠭᠦᠳ ᠤ᠋ᠨ ᠰᠣᠶᠣᠯ ᠬᠠᠷᠢᠯᠴᠠᠨ ᠮᠥᠷᠭᠥᠯᠳᠦᠨ᠂ ᠬᠠᠷᠢᠯᠴᠠᠨ ᠠᠭᠤᠰᠤᠯᠴᠠᠵᠤ᠂ ᠦᠶ᠎ᠡ ᠤᠯᠠᠷᠢᠨ ᠤᠯᠠᠮᠵᠢᠯᠠᠭ᠍ᠳᠠᠭ᠍ᠰᠠᠨ ᠰᠣᠶᠣᠯ ᠤ᠋ᠨ ᠦᠨᠡᠲᠦ ᠡᠷᠳᠡᠨᠢ ᠵᠢ ᠪᠤᠢ ᠪᠣᠯᠭᠠᠵᠤ᠂ ᠦᠵᠡᠰᠭᠦᠯᠡᠩᠲᠦ ᠰᠠᠢᠬᠠᠨ ᠦᠵᠡᠮᠵᠢ ᠪᠠᠢᠳᠠᠯ ᠢ᠋ ᠵᠢᠷᠤᠭ᠍ᠯᠠᠵᠠᠢ᠃
ᠬᠤᠢ ᠭᠣᠣᠯ ᠤ᠋ᠨ ᠢᠷᠠᠭᠤ ᠳᠠᠭᠤᠷᠢᠰᠬᠠᠯ ᠤᠮᠠᠷᠠᠳᠦ ᠬᠢᠯᠢ ᠶ᠋ᠢᠨ ᠬᠡᠷᠡᠯᠳᠦ ᠤᠳᠤᠨ
ᠥᠷ ᠤ᠋ᠨ ᠬᠡᠬᠡ ᠳᠡᠮᠳᠡᠷᠢᠭᠳᠡᠬᠦ ᠳ᠋ᠦ ᠪᠢᠳᠦᠷᠢᠶ᠎ᠡ ᠲᠦ᠍ᠯᠬᠢᠶᠠᠨ ᠲᠠᠢ ᠬᠤᠢ ᠭᠤᠤᠯ ᠠᠯᠤᠰ ᠢ᠋ ᠵᠤᠷᠢᠨ ᠮᠤᠷᠤᠯᠵᠠᠨ ᠤᠷᠤᠰᠴᠤ᠌᠂ ᠲᠠᠯ᠎ᠠ ᠨᠤᠲᠤᠭ ᠢ᠋ ᠤᠮᠳᠠᠯᠠᠨ᠎ᠠ᠃ ᠬᠥᠯᠥᠨ ᠪᠣᠢᠷ ᠤ᠋ᠨ ᠲᠡᠦᠬᠡ ᠶ᠋ᠢᠨ ᠮᠦᠽᠧᠶ ᠳ᠋ᠦ ᠡᠨᠡ ᠨᠤᠲᠤᠭ ᠤ᠋ᠨ ᠤᠷᠢᠳᠤᠰ ᠬᠤᠢ ᠭᠤᠤᠯ ᠤ᠋ᠨ ᠬᠥᠪᠡᠭᠡ ᠡᠴᠡ ᠴᠢᠯᠠᠭᠤ ᠠᠪᠴᠤ᠌᠂ ᠴᠢᠯᠠᠭᠤᠨ ᠪᠠᠭᠠᠵᠢ ᠦᠶ᠋ᠯᠡᠳᠴᠦ ᠪᠠᠢᠭ᠎ᠠ ᠠᠬᠤᠢ ᠪᠠᠢᠳᠠᠯ ᠢ᠋ ᠰᠡᠷᠬᠦᠬᠡᠨ ᠦᠵᠡᠬᠦᠯᠵᠦ ᠪᠠᠢᠯ᠎ᠠ᠃
ᠬᠣᠶ ᠭᠤᠤᠯ ᠤ᠋ᠨ ᠤᠰᠤᠨ ᠬᠠᠱᠢᠯᠭᠠ ᠶ᠋ᠢᠨ ᠪᠠᠭᠤᠷᠢ ᠨᠢ ᠬᠣᠶ ᠭᠤᠤᠯ ᠤ᠋ᠨ ᠳᠡᠭᠡᠳᠦ ᠤᠷᠤᠰᠭᠠᠯ ᠤ᠋ᠨ ᠭᠠᠵᠠᠷ ᠣᠷᠣᠨ᠂ ᠡᠸᠡᠩᠬᠢ ᠦᠨᠳᠦᠰᠦᠲᠡᠨ ᠤ᠋ ᠥᠪᠡᠷᠲᠡᠭᠡᠨ ᠵᠠᠰᠠᠬᠤ ᠬᠣᠱᠢᠭᠤᠨ ᠤ᠋ ᠱᠢᠨᠡᠬᠡᠨ ᠭᠤᠤᠯ ᠤ᠋ᠨ ᠪᠠᠷᠠᠭᠤᠨ ᠳ᠋ᠠᠬᠢ 7 ᠺᠢᠯᠣᠮᠧᠲ᠋ᠷ ᠤ᠋ᠨ ᠭᠠᠵᠠᠷ ᠲᠦ᠍ ᠪᠠᠢᠷᠢᠯᠠᠵᠤ᠂ ᠡᠨᠳᠡ ᠡᠴᠡ ᠣᠷᠣᠨ ᠰᠠᠭᠤᠴᠠ᠂ ᠣᠩᠭᠣᠨ᠂ ᠲᠦᠳᠡᠭ ᠤ᠋ᠨ ᠦᠯᠡᠳᠡᠭ᠌ᠳᠡᠯ ᠵᠡᠷᠭᠡ ᠵᠢ ᠢᠯᠡᠷᠡᠭᠦᠯᠵᠦ᠂ ᠶᠡᠬᠡ ᠬᠡᠮᠵᠢᠶᠡᠨ ᠤ᠋ ᠨᠠᠷᠢᠯᠢᠭ ᠴᠢᠯᠠᠭᠤᠨ ᠪᠠᠭᠠᠵᠢ ᠪᠠ ᠸᠠᠭᠠᠷ ᠤ᠋ᠨ ᠬᠡᠯᠲᠡᠷᠬᠡᠢ ᠤᠯᠳᠠᠵᠠᠢ᠃ ᠲᠤᠰ ᠪᠠᠭᠤᠷᠢ ᠨᠢ ᠪᠠᠯᠠᠷ ᠡᠷᠲᠡᠨ ᠤ᠋ ᠬᠦᠮᠦᠰ ᠤ᠋ᠨ ᠨᠠᠷᠢᠯᠢᠭ ᠴᠢᠯᠠᠭᠤᠨ ᠪᠠᠭᠠᠵᠢ ᠦᠢᠯᠡᠳᠬᠦ᠌ ᠲᠠᠯᠠᠪᠤᠷ ᠪᠣᠯᠬᠤ ᠮᠥᠷᠲᠡᠭᠡᠨ ᠣᠷᠣᠱᠢᠨ ᠠᠮᠢᠳᠤᠷᠠᠵᠤ ᠪᠠᠢᠭ᠍ᠰᠠᠨ ᠭᠠᠵᠠᠷ᠂ ᠣᠨ ᠵᠢᠯ ᠨᠢ ᠣᠳᠣ ᠡᠴᠡ 8555 — 4000 ᠵᠢᠯ ᠤ᠋ᠨ ᠡᠮᠦᠨ᠎ᠡ ᠪᠠᠢᠭ᠎ᠠ ᠶᠤᠮ᠃ 2013 ᠣᠨ ᠤ᠋ 5 ᠰᠠᠷ᠎ᠠ ᠳ᠋ᠦ ᠲᠥᠷᠥ ᠶ᠋ᠢᠨ ᠶᠠᠪᠤᠳᠠᠯ ᠤ᠋ᠨ ᠬᠣᠷᠢᠶ᠎ᠠ ᠡᠴᠡ ᠬᠣᠶ ᠭᠤᠤᠯ ᠤ᠋ᠨ ᠤᠰᠤᠨ ᠬᠠᠱᠢᠯᠭᠠ ᠶ᠋ᠢᠨ ᠪᠠᠭᠤᠷᠢ ᠵᠢ ᠳᠣᠯᠣᠳᠤᠭᠠᠷ ᠪᠦᠯᠦᠭ ᠤ᠋ᠨ ᠪᠦᠬᠦ᠌ ᠤᠯᠤᠰ ᠤ᠋ᠨ ᠭᠣᠣᠯᠳᠠᠯᠭ᠎ᠠ ᠲᠠᠢ ᠲᠡᠦᠬᠡ ᠶ᠋ᠢᠨ ᠳᠤᠷᠠᠰᠭᠠᠯᠲᠤ ᠵᠦᠢᠯᠡᠰ ᠤ᠋ᠨ ᠬᠠᠮᠠᠭᠠᠯᠠᠯᠲᠠ ᠶ᠋ᠢᠨ ᠨᠢᠭᠡᠴᠢ ᠪᠡᠷ ᠲᠤᠭᠳᠠᠭᠠᠵᠠᠢ᠃
ᠬᠥᠯᠥᠨ ᠪᠣᠢᠷ ᠤ᠋ᠨ ᠱᠢᠨ᠎ᠡ ᠴᠢᠯᠠᠭᠤᠨ ᠵᠡᠪᠰᠡᠭ ᠤ᠋ᠨ ᠦᠶ᠎ᠡ ᠳ᠋ᠦ ᠨᠠᠷᠢᠯᠢᠭ ᠴᠢᠯᠠᠭᠤᠨ ᠪᠠᠭᠠᠵᠢ ᠬᠢᠬᠦ᠌ ᠤᠷ᠎ᠠ ᠮᠡᠷᠭᠡᠵᠢᠯ ᠨᠢ ᠮᠠᠰᠢ ᠠᠯᠳᠠᠷᠲᠠᠶ ᠪᠠᠢᠵᠤ᠂ ᠲᠡᠦᠬᠡᠴᠢᠳ ᠲᠦ᠍ 《ᠦᠯᠢᠭᠡᠷ ᠳᠠᠭᠤᠷᠢᠶᠠᠯ ᠪᠤᠯᠬᠤᠢᠴᠠ ᠭᠠᠷ ᠤᠷᠠᠯᠠᠯ ᠤ᠋ᠨ ᠰᠤᠳᠤᠨ ᠪᠦᠳᠦᠭᠡᠯ᠂ ᠨᠠᠷᠢᠯᠢᠭ ᠴᠢᠯᠠᠭᠤᠨ ᠪᠠᠭᠠᠵᠢ ᠦᠢᠯᠡᠳᠬᠦ ᠤᠷ᠎ᠠ ᠮᠡᠷᠭᠡᠵᠢᠯ ᠤ᠋ᠨ ᠨᠣᠶᠠᠨ ᠣᠷᠭᠢᠯ》 ᠬᠡᠮᠡᠨ ᠮᠠᠭ᠍ᠲᠠᠭ᠍ᠳᠠᠭᠰᠠᠨ ᠶᠤᠮ᠃
ᠡᠸᠡᠩᠬᠢ ᠦᠨᠳᠦᠰᠦᠲᠡᠨ ᠤ᠋ ᠥᠪᠡᠷᠲᠡᠭᠡᠨ ᠵᠠᠰᠠᠬᠤ ᠬᠣᠱᠢᠭᠤ ᠪᠣᠯ ᠥᠨᠢ ᠤᠳᠠᠭᠠᠨ ᠲᠡᠦᠬᠡ ᠲᠡᠶ ᠭᠠᠵᠠᠷ᠂ ᠡᠨᠡ ᠨᠤᠲᠤᠭ ᠲᠦ᠍ ᠠᠮᠢᠳᠤᠷᠠᠵᠤ ᠪᠠᠢᠭ᠎ᠠ ᠬᠥᠮᠦᠰ ᠮᠠᠰᠢ ᠤᠯᠠᠨ ᠲᠡᠦᠬᠡ ᠶ᠋ᠢᠨ ᠤᠯᠠ ᠮᠥᠷ ᠢ᠋ ᠦᠯᠡᠳᠡᠭᠡᠭ᠌ᠰᠡᠨ ᠠᠵᠢ᠃ ᠪᠠᠶᠠᠨ ᠠᠭᠤᠯᠠ ᠡᠷᠲᠡᠨ ᠤ᠋ ᠬᠣᠲᠠ ᠨᠢ ᠡᠸᠡᠩᠬᠢ ᠦᠨᠳᠦᠰᠦᠲᠡᠨ ᠤ᠋ ᠥᠪᠡᠷᠲᠡᠭᠡᠨ ᠵᠠᠰᠠᠬᠤ ᠬᠣᠱᠢᠭᠤᠨ ᠤ᠋ ᠬᠤᠢ ᠰᠤᠮᠤ ᠡᠴᠡ ᠪᠠᠷᠠᠭᠤᠨ ᠬᠣᠢᠰᠢ 17 ᠺᠢᠯᠣᠮᠧᠲ᠋ᠷ ᠵᠠᠢᠲᠠᠶ ᠪᠠᠢᠭ᠎ᠠ ᠬᠤᠢ ᠭᠤᠤᠯ ᠤ᠋ᠨ ᠵᠡᠭᠦᠨ ᠡᠷᠭᠢ ᠳ᠋ᠡᠬᠢ ᠪᠠᠶᠠᠨ ᠠᠭᠤᠯᠠ ᠶ᠋ᠢᠨ ᠡᠮᠦᠨ᠎ᠡ ᠬᠣᠷᠮᠣᠶ ᠶ᠋ᠢᠨ ᠭᠤᠤᠯ ᠤ᠋ᠨ ᠬᠥᠨᠳᠡᠶ ᠶ᠋ᠢᠨ ᠲᠠᠯ᠎ᠠ ᠭᠠᠵᠠᠷ ᠲᠦ᠍ ᠪᠠᠢᠷᠢᠯᠠᠵᠤ ᠪᠤᠢ᠃ ᠡᠷᠲᠡᠨ ᠤ᠋ ᠬᠣᠲᠠ ᠨᠢ ᠭᠠᠳᠠᠷ ᠬᠣᠲᠠ ᠪᠠ ᠳᠣᠲᠣᠷ᠎ᠠ ᠬᠣᠲᠠ ᠪᠠᠷ ᠪᠦᠷᠢᠯᠳᠦᠵᠦ᠍᠂ ᠭᠠᠳᠠᠷ ᠬᠣᠲᠠ ᠨᠢ ᠶᠡᠬᠡ ᠲᠥᠯᠥᠪ ᠲᠡᠭ᠌ᠰᠢ ᠳᠥᠷᠪᠡᠯᠵᠢᠨ ᠬᠡᠯᠪᠡᠷᠢᠲᠡᠶ᠂ ᠬᠦᠷᠢᠶᠡᠨ ᠤ᠋ ᠣᠷᠳᠣ ᠨᠢ 1663 ᠮᠧᠲ᠋ᠷ ᠪᠠᠢᠳᠠᠭ᠃ ᠬᠣᠲᠠ ᠶ᠋ᠢᠨ ᠳᠣᠲᠣᠷ᠎ᠠ ᠨᠢ ᠪᠠᠷᠢᠯᠭ᠎ᠠ ᠶ᠋ᠢᠨ ᠰᠠᠭᠤᠷᠢ ᠶ᠋ᠢᠨ ᠪᠠᠭᠤᠷᠢ ᠲᠠᠢ᠂ ᠡᠷᠭᠢᠨ ᠲᠣᠭᠣᠷᠢᠨ ᠳ᠋ᠤᠨᠢ ᠦᠯᠡᠳᠡᠭ᠌ᠳᠡᠯ ᠸᠠᠭᠠᠷ ᠲᠣᠭᠣᠰᠭ᠎ᠠ ᠪᠠᠷ ᠳᠦᠭᠦᠷᠴᠦ᠍᠂ ᠳᠡᠭᠡᠰᠦᠨ ᠬᠡ ᠲᠡᠶ ᠬᠥᠬᠡ ᠸᠠᠭᠠᠷ᠂ ᠤᠯᠠᠭᠠᠨ ᠲᠣᠭᠣᠰᠭ᠎ᠠ᠂ ᠪᠥᠰ ᠬᠡ ᠲᠡᠶ ᠪᠣᠷᠣ ᠸᠠᠭᠠᠷ᠂ ᠬᠠᠪᠲᠠᠰᠤᠨ ᠸᠠᠭᠠᠷ᠂ ᠬᠤᠩᠬᠢᠶ᠎ᠠ ᠸᠠᠭᠠᠷ᠂ ᠨᠣᠭᠣᠭᠠᠨ ᠱᠢᠯᠤᠨ ᠸᠠᠭᠠᠷ᠂ ᠱᠢᠷᠠ ᠱᠢᠯᠤᠨ ᠸᠠᠭᠠᠷ ᠵᠡᠷᠭᠡ ᠪᠤᠶ᠃ ᠨᠤᠲᠠᠯᠠᠭ᠍ᠰᠠᠨ ᠢ᠋ᠶ᠋ᠠᠷ᠂ ᠡᠨᠡ ᠬᠣᠲᠠ ᠵᠢ ᠴᠢᠩᠭᠢᠰ ᠬᠠᠭᠠᠨ ᠤ᠋ ᠤᠳᠬᠤᠨ ᠳᠡᠭᠦᠦ ᠲᠡᠮᠦᠬᠡ ᠤᠳᠴᠢᠬᠢᠨ ᠪᠠᠢᠭᠤᠯᠤᠭᠰᠠᠨ ᠶᠤᠮ᠃
12 ᠳ᠋ᠤᠭᠠᠷ ᠵᠠᠭᠤᠨ ᠡᠴᠡ 13 ᠳ᠋ᠤᠭᠠᠷ ᠵᠠᠭᠤᠨ ᠤ᠋ ᠡᠬᠢᠨ ᠪᠣᠯᠲᠠᠯ᠎ᠠ᠂ ᠮᠣᠩᠭᠣᠯ ᠤ᠋ᠨ ᠬᠢᠶᠠᠨ ᠠᠢᠮᠠᠭ ᠤ᠋ᠨ ᠲᠦᠷᠦᠭᠦᠦ ᠲᠡᠮᠦᠵᠢᠨ ᠮᠣᠩᠭᠣᠯ ᠤ᠋ᠨ ᠲᠥᠷᠥ᠍ ᠤᠯᠤᠰ ᠢ᠋ ᠪᠠᠢᠭᠤᠯᠤᠨ᠂ ᠮᠢᠩᠭᠠᠨ ᠡᠷᠦᠬᠡ ᠵᠢ ᠰᠠᠯᠭᠠᠨ ᠡᠷᠭᠦᠮᠵᠢᠯᠡᠬᠦ᠌ ᠳᠦᠷᠢᠮ ᠢ᠋ ᠬᠡᠷᠡᠭ᠌ᠵᠢᠭᠦᠯᠵᠦ᠍᠂ ᠬᠥᠯᠥᠨ ᠪᠣᠢᠷ ᠣᠷᠣᠨ ᠢ᠋ ᠲᠡᠭᠦᠨ ᠤ᠋ ᠬᠣᠶᠠᠳᠤᠭᠠᠷ ᠳᠡᠭᠦᠦ ᠬᠠᠰᠠᠷ ᠪᠣᠯᠤᠨ ᠤᠳᠬᠤᠨ ᠳᠡᠭᠦᠦ ᠲᠡᠮᠥᠬᠡ ᠤᠳᠴᠢᠭᠢᠨ ᠳ᠋ᠦ ᠬᠤᠪᠢᠳᠠᠨ ᠥᠭ᠌ᠴᠡᠶ᠃ ᠲᠡᠮᠦᠵᠢᠨ ᠡᠴᠡ ᠶᠤᠸᠠᠨ ᠱ᠌ᠢᠽᠦ᠍ ᠬᠤᠪᠢᠯᠠᠶ ᠶ᠋ᠢᠨ ᠨᠣᠶᠠᠷᠬᠠᠯ ᠤ᠋ᠨ ᠦᠶ᠎ᠡ ᠬᠦᠷᠲᠡᠯᠡᠬᠢ 70 ᠭᠠᠷᠤᠶ ᠵᠢᠯ (1206 ᠣᠨ —1279 ᠣᠨ) ᠤ᠋ᠨ ᠬᠥᠭ᠌ᠵᠢᠯᠲᠡ ᠵᠢ ᠥᠩᠭᠡᠷᠡᠭᠦᠯᠦᠭᠡᠳ ᠶᠤᠸᠠᠨ ᠤᠯᠤᠰ ᠢ᠋ ᠪᠠᠢᠭᠤᠯᠵᠤ᠂ ᠨᠤᠲᠤᠭ ᠳᠡᠪᠢᠰᠭᠡᠷ ᠨᠢ ᠴᠦ᠍ ᠶᠡᠬᠡ ᠪᠡᠷ ᠦᠷᠭᠡᠵᠢᠵᠠᠢ᠃ ᠶᠤᠸᠠᠨ ᠤᠯᠤᠰ ᠪᠠᠢᠭᠤᠯᠤᠭ᠍ᠳᠠᠭ᠍ᠰᠠᠨ ᠨᠢ ᠡᠯ᠎ᠡ ᠦᠨᠳᠦᠰᠦᠲᠡᠨ ᠤ᠋ ᠬᠣᠭᠣᠷᠣᠨᠳᠣᠬᠢ ᠠᠵᠤ ᠠᠬᠤᠶ ᠰᠣᠶᠣᠯ ᠤ᠋ᠨ ᠰᠣᠯᠢᠯᠴᠠᠭ᠎ᠠ ᠪᠠ ᠬᠢᠯᠢ ᠬᠢᠵᠠᠭᠠᠷ ᠣᠷᠣᠨ ᠤ᠋ ᠨᠡᠭᠡᠭᠡᠨ ᠬᠥᠭ᠌ᠵᠢᠭᠦᠯᠦᠯᠲᠡ ᠵᠢ ᠠᠬᠢᠭᠤᠯᠤᠭᠰᠠᠨ ᠪᠠᠢᠨ᠎ᠠ᠃
《ᠤᠪᠤᠭᠠᠨ ᠳ᠋ᠡᠬᠢ ᠠᠭᠤᠯᠵᠠᠯᠳᠠ》 ᠬᠢᠭᠡᠳ ᠬᠥᠯ ᠪᠥᠮᠪᠥᠭᠡ ᠶ᠋ᠢᠨ ᠬᠦᠰᠡᠯ ᠵᠡᠬᠦᠳᠦ
ᠡᠸᠡᠩᠬᠢ ᠦᠨᠳᠦᠰᠦᠲᠡᠨ ᠤ᠋ ᠥᠪᠡᠷᠲᠡᠭᠡᠨ ᠵᠠᠰᠠᠬᠤ ᠬᠣᠱᠢᠭᠤᠨ ᠤ᠋ ᠪᠠᠶᠠᠨᠬᠤᠱᠢᠭᠤ ᠣᠪᠣᠭ᠎ᠠ ᠪᠣᠯ 《ᠲᠠᠯ᠎ᠠ ᠨᠤᠲᠤᠭ ᠤ᠋ᠨ ᠬᠥᠮᠦᠰ》 ᠭᠡᠬᠦ᠌ ᠰᠣᠩᠭᠣᠳᠠᠭ ᠺᠢᠨᠣ᠋ ᠶ᠋ᠢ ᠵᠢᠷᠤᠭᠯᠠᠭᠰᠠᠨ ᠭᠠᠵᠠᠷ ᠪᠣᠯᠤᠨ᠎ᠠ᠃ ᠺᠢᠨᠣ᠋ ᠶ᠋ᠢᠨ ᠭᠤᠤᠯ ᠳᠠᠭᠤᠤ 《ᠣᠪᠣᠭᠠᠨ ᠳ᠋ᠡᠬᠢ ᠠᠭᠤᠯᠵᠠᠯᠲᠠ》 ᠨᠢ ᠡᠨᠳᠡ ᠬᠠᠭᠠᠰ ᠵᠠᠭᠤᠨ ᠤ᠋ ᠲᠤᠷᠰᠢ ᠬᠠᠯᠠᠭᠤᠨ ᠵᠢᠨᠷ ᠤᠶᠠᠩᠭᠠᠯᠠᠨ ᠳᠠᠭᠤᠯᠠᠭ᠍ᠳᠠᠵᠤ᠂ 《ᠳᠣᠷᠣᠨᠠᠳᠠᠬᠢᠨ ᠤ᠋ ᠲᠡᠷᠢᠭᠦᠨ ᠢᠨᠠᠭ ᠤ᠋ᠨ ᠳᠠᠭᠤᠤ》 ᠬᠡᠮᠡᠭ᠌ᠳᠡᠭ᠌ᠰᠡᠨ ᠶᠤᠮ᠃
ᠡᠨᠡ ᠳᠠᠭᠤᠤ ᠶ᠋ᠢᠨ ᠠᠶ᠎ᠠ ᠵᠢ ᠳᠠᠭᠤᠷ ᠦᠨᠳᠦᠰᠦᠲᠡᠨ ᠤ᠋ ᠬᠥᠭ᠌ᠵᠢᠮᠴᠢᠨ ᠲᠦᠩ ᠹᠦ᠋ ᠵᠣᠬᠢᠶᠠᠭ᠍ᠰᠠᠨ ᠪᠥᠭᠡᠳ ᠬᠥᠮᠦᠰ ᠤ᠋ᠨ ᠴᠢᠬᠢᠨ ᠳ᠋ᠦ ᠬᠠᠳᠠᠩᠱᠢᠭ᠍ᠰᠠᠨ《ᠲᠠᠯ᠎ᠠ ᠨᠤᠲᠤᠭ ᠤ᠋ᠨ ᠥᠷᠯᠥᠭᠡ ᠶ᠋ᠢᠨ ᠤᠶᠠᠩᠭ᠎ᠠ》 ᠶ᠋ᠢ ᠴᠤ᠌ ᠲᠡᠷᠡ ᠵᠣᠬᠢᠶᠠᠭ᠍ᠰᠠᠨ ᠠᠵᠢ᠃ ᠲᠦᠩ ᠹᠦ᠋ ᠡᠸᠡᠩᠬᠢ ᠦᠨᠳᠦᠰᠦᠲᠡᠨ ᠤ᠋ ᠥᠪᠡᠷᠲᠡᠭᠡᠨ ᠵᠠᠰᠠᠬᠤ ᠬᠣᠱᠢᠭᠤᠨ ᠤ᠋ ᠪᠠᠶᠠᠨᠴᠠᠭᠠᠨ ᠰᠤᠮᠤᠨ ᠳ᠋ᠦ ᠲᠦᠷᠦᠵᠤ᠂ ᠪᠠᠶᠠᠨᠴᠠᠭᠠᠨ ᠰᠤᠮᠤᠨ ᠡᠴᠡ ᠤᠯᠠᠨ ᠡᠷᠳᠡᠮᠲᠡᠨ ᠴᠣᠯᠭᠣᠷᠠᠨ᠂ ᠬᠢᠯᠢ ᠬᠢᠵᠠᠭᠠᠷ ᠢ᠋ᠶ᠋ᠠᠨ ᠪᠡᠬᠢᠵᠢᠭᠦᠯᠦᠭᠰᠡᠨ ᠬᠠᠢᠯᠠᠨᠴᠠ ᠵᠠᠩᠵᠤᠨ᠂ ᠰᠤᠷᠭᠠᠭᠤᠯᠢ ᠪᠠᠢᠭᠤᠯᠤᠭ᠍ᠰᠠᠨ ᠭᠦᠸᠧ ᠳ᠋ᠤᠤ ᠹᠦ᠋ ᠠᠪᠤᠭᠠᠢ ᠨᠠᠷ ᠪᠦᠷ ᠡᠨᠡ ᠨᠤᠲᠤᠭ ᠤ᠋ᠨ ᠬᠦᠮᠦᠰ ᠶᠤᠮ᠃
ᠡᠲᠡᠭᠡᠷ ᠨᠠᠷᠠᠲᠤ ᠬᠥᠮᠦᠰ ᠤ᠋ᠨ ᠦᠶ᠋ᠯᠡ ᠠᠵᠢᠯᠯᠠᠭ᠎ᠠ ᠵᠢ ᠨᠠᠩ ᠥᠷᠭᠡᠨ ᠳᠡᠯᠭᠡᠷ ᠢ᠋ᠶ᠋ᠡᠷ ᠤᠯᠠᠮᠵᠢᠯᠠᠨ ᠳᠡᠯᠭᠡᠷᠡᠭᠦᠯᠬᠦ᠌ ᠶ᠋ᠢᠨ ᠲᠥᠯᠥᠭᠡ᠂ ᠲᠤᠬᠠᠶ ᠶ᠋ᠢᠨ ᠭᠠᠵᠠᠷ ᠤ᠋ᠨ ᠬᠢᠨ ᠪᠠᠶᠠᠨᠴᠠᠭᠠᠨ ᠤ᠋ ᠨᠠᠷᠠᠲᠤ ᠬᠥᠮᠦᠰ ᠤ᠋ᠨ ᠦᠵᠡᠭᠦᠯᠭᠡ ᠶ᠋ᠢᠨ ᠣᠷᠳᠣᠨ ᠢ᠋ ᠪᠠᠢᠭᠤᠯᠵᠤ᠂ ᠲᠡᠦᠬᠡ ᠶ᠋ᠢᠨ ᠨᠠᠷᠠᠲᠤ ᠬᠥᠮᠦᠰ ᠢ᠋ ᠳᠤᠷᠠᠰᠭᠠᠬᠤ ᠪᠠ ᠣᠲᠣ ᠦᠶ᠎ᠡ ᠶ᠋ᠢᠨ ᠪᠠᠭᠠᠲᠤᠷ ᠵᠢᠱ᠌ᠢᠶᠡᠴᠢ ᠵᠢ ᠢᠯᠡᠷᠡᠭᠦᠯᠬᠦ᠌ ᠪᠡᠷ ᠭᠤᠤᠯ ᠪᠣᠯᠭᠠᠨ᠂ ᠬᠣᠵᠢᠮ ᠤ᠋ᠨ ᠬᠥᠮᠦᠰ ᠤ᠋ᠨ ᠨᠤᠲᠤᠭ ᠤᠰᠤ ᠪᠠᠨ ᠬᠠᠢᠷᠠᠯᠠᠬᠤ᠂ ᠤᠯᠤᠰ ᠢ᠋ᠶ᠋ᠠᠨ ᠬᠠᠢᠷᠠᠯᠠᠬᠤ ᠬᠠᠢᠷ᠎ᠠ ᠰᠡᠳᠭᠢᠯᠭᠡ ᠵᠢ ᠨᠢ ᠵᠤᠵᠠᠭᠠᠳᠭᠠᠪᠠ᠃
ᠡᠸᠡᠩᠬᠢ ᠦᠨᠳᠦᠰᠦᠲᠡᠨ ᠤ᠋ ᠥᠪᠡᠷᠲᠡᠭᠡᠨ ᠵᠠᠰᠠᠬᠤ ᠬᠣᠱᠢᠭᠤᠨ ᠤ᠋ ᠰᠢᠨᠡᠬᠡᠨ ᠪᠠᠷᠠᠭᠤᠨ ᠰᠤᠮᠤ ᠳ᠋ᠦ ᠪᠠᠰᠠ ᠨᠢᠬᠡᠨ ᠥᠪᠡᠷᠮᠢᠴᠡ ᠣᠨᠴᠠᠯᠢᠭ ᠲᠠᠢ ᠦᠵᠡᠭᠦᠯᠭᠡ ᠶ᠋ᠢᠨ ᠣᠷᠳᠣᠨ ᠪᠠᠢᠳᠠᠭ ᠨᠢ ᠱᠢᠨᠡᠬᠡᠨ ᠬᠦᠯ ᠪᠥᠮᠪᠥᠭᠡ ᠶ᠋ᠢᠨ ᠦᠵᠡᠭᠦᠯᠭᠡ ᠶ᠋ᠢᠨ ᠣᠷᠳᠣᠨ ᠶᠤᠮ᠃ ᠤᠯᠠᠨ ᠰᠠᠢᠬᠠᠨ ᠰᠡᠭᠦᠳᠡᠷ᠂ ᠱᠠᠩᠨᠠᠯ ᠤ᠋ᠨ ᠬᠤᠨᠳᠠᠭ᠎ᠠ᠂ ᠬᠦᠯ ᠪᠥᠮᠪᠥᠭᠡ᠂ ᠳᠠᠮᠢᠷᠴᠢᠨ ᠤ᠋ ᠬᠤᠪᠴᠠᠰᠤ ᠨᠢ 《ᠱᠢᠨᠡᠬᠡᠨ ᠬᠤᠨᠳᠠᠭᠠᠲᠤ》 ᠬᠦᠯ ᠪᠥᠮᠪᠥᠭᠡ ᠶ᠋ᠢᠨ ᠤᠷᠤᠯᠳᠤᠭᠠᠨ ᠤ᠋ 39 ᠵᠢᠯ ᠤ᠋ᠨ ᠭᠡᠷᠡᠯ ᠰᠠᠴᠤᠷᠠᠩᠭᠤᠢ ᠲᠡᠦᠬᠡ ᠵᠢ ᠭᠡᠷᠡᠴᠢᠯᠡᠵᠦ ᠪᠠᠢᠳᠠᠭ᠃
《ᠱᠢᠨᠡᠬᠡᠨ ᠬᠤᠨᠳᠠᠭᠠᠲᠤ》 ᠨᠢ ᠬᠠᠮᠤᠭᠤᠨ ᠠᠩᠬᠠᠨ ᠳ᠋ᠤ ᠵᠦᠪᠬᠡᠨ 2 ᠠᠩᠬᠢ ᠯᠡ ᠤᠷᠤᠯᠳᠤᠭᠠᠨ ᠳ᠋ᠦ ᠣᠷᠣᠯᠴᠠᠵᠤ ᠪᠠᠢᠭ᠍ᠰᠠᠨ ᠡᠴᠡ ᠪᠠᠨ ᠤᠳᠤ 9 ᠭᠠᠴᠠᠭᠠᠨ ᠤ᠋ ᠬᠡᠳᠦᠨ ᠠᠷᠪᠠᠨ ᠠᠩᠬᠢ ᠤᠷᠤᠯᠳᠤᠭᠠᠨ ᠳ᠋ᠦ ᠣᠷᠣᠯᠴᠠᠬᠤ ᠪᠤᠯᠵᠤ᠂ ᠬᠤᠯᠠ ᠤᠢ᠍ᠢᠷᠠ ᠳ᠋ᠠᠭᠠᠨ ᠠᠯᠳᠠᠷᠱᠢᠭ᠍ᠰᠠᠨ ᠲᠠᠯ᠎ᠠ ᠨᠤᠲᠤᠭ ᠤ᠋ᠨ ᠬᠦᠯ ᠪᠦᠮᠪᠦᠬᠡ ᠵᠢᠨ ᠤᠷᠤᠯᠳᠤᠭᠠᠨ ᠪᠤᠯᠵᠤ᠂ ᠮᠠᠯᠴᠢᠨ ᠲᠦᠮᠡᠨ ᠤ᠋ ᠪᠡᠶ᠎ᠡ ᠶ᠋ᠢᠨ ᠲᠠᠮᠢᠷ ᠰᠣᠶᠣᠯ ᠤ᠋ᠨ ᠠᠮᠢᠳᠤᠷᠠᠯ ᠢ᠋ ᠪᠠᠶᠠᠯᠢᠭ᠍ᠵᠢᠭᠤᠯᠵᠤ᠂ ᠡᠭᠡᠯ ᠵᠢᠷ ᠤ᠋ᠨ ᠪᠥᠭᠡᠳᠡᠯᠠ ᠭᠡᠷᠡᠯ ᠰᠠᠴᠤᠷᠠᠩᠭᠤᠢ ᠬᠦᠰᠡᠯ ᠵᠡᠭᠦᠳᠦ᠍ ᠵᠢ ᠲᠡᠷᠭᠡᠯᠱᠢᠭᠦᠯᠦᠭ᠌ᠰᠡᠨ ᠪᠠᠢᠨ᠎ᠠ᠃
ᠰᠣᠶᠣᠯ ᠤ᠋ᠨ ᠴᠡᠴᠡᠭ ᠥᠩᠭᠡ ᠪᠤᠯᠢᠶᠠᠯᠳᠤᠨ ᠳᠡᠯᠭᠡᠷᠡᠨ᠎ᠠ
ᠡᠸᠡᠩᠬᠢ ᠦᠨᠳᠦᠰᠦᠲᠡᠨ ᠤ᠋ ᠥᠪᠡᠷᠲᠡᠭᠡᠨ ᠵᠠᠰᠠᠬᠤ ᠬᠣᠱᠢᠭᠤᠨ ᠤ᠋ ᠦᠨᠳᠦᠰᠦᠲᠡᠨ ᠤ᠋ ᠤᠨᠴᠠᠯᠢᠬ᠍ᠳᠤ ᠰᠣᠶᠣᠯ ᠤ᠋ᠨ ᠠᠵᠤ ᠦᠢᠯᠡᠰ ᠤ᠋ᠨ ᠦᠢᠯᠡᠰ ᠪᠤᠰᠭᠠᠬᠤ ᠬᠦᠷᠢᠶᠡᠯᠡᠩ ᠳ᠋ᠦ ᠪᠠᠢᠭ᠎ᠠ ᠰᠢᠷᠢᠨ ᠡᠸᠡᠩᠬᠢ ᠦᠨᠳᠦᠰᠦᠲᠡᠨ ᠤ᠋ ᠭᠠᠷ ᠤᠷᠠᠯᠠᠯ ᠤ᠋ᠨ ᠪᠦᠲᠦᠭᠡᠭ᠌ᠳᠡᠬᠦᠨ ᠤ᠋ ᠦᠢᠯᠡᠳᠪᠦᠷᠢ ᠳ᠋ᠦ ᠣᠷᠣᠪᠠᠯ ᠶᠠᠩᠵᠤ ᠪᠦᠷᠢ ᠶ᠋ᠢᠨ ᠨᠠᠷᠢᠯᠢᠭ ᠬᠢᠴᠡ ᠲᠡᠶ 《ᠨᠡᠷᠡᠨ ᠬᠤᠸᠠᠷ》 ᠤ᠋ᠨ ᠴᠢᠮᠡᠭ᠌ᠯᠡᠯ ᠤ᠋ᠨ ᠡᠳ᠋ ᠬᠠᠷᠠᠴᠠᠶᠢ ᠪᠤᠯᠢᠶᠠᠨ᠎ᠠ ᠃
《ᠡᠨᠡ ᠵᠠᠰᠠᠯ ᠵᠢᠮᠰᠡᠭ ᠢ᠋ ᠣᠷᠴᠣᠨ ᠦᠨᠳᠦᠰᠦᠲᠡᠨ ᠤ᠋ ᠬᠤᠰᠤᠨ ᠤᠢᠰᠤᠨ ᠤᠷᠠᠯᠠᠯ ᠲᠠᠢ ᠤᠶᠠᠯᠳᠤᠭᠤᠯᠵᠤ ᠂ ᠲᠡᠷᠡ ᠵᠢᠮᠰᠡᠭ ᠢ᠋ ᠮᠣᠩᠭᠣᠯ ᠦᠨᠳᠦᠰᠦᠲᠡᠨ ᠤ᠋ ᠠᠷᠠᠰᠤᠨ ᠰᠡᠢᠯᠦᠮᠡᠯ ᠲᠡᠶ ᠤᠶᠠᠯᠳᠤᠭᠤᠯᠵᠤ ᠬᠢᠭ᠌ᠰᠡᠨ ᠶᠤᠮ ᠃ ᠡᠲᠡᠭᠡᠷ ᠢ᠋ ᠬᠤᠪᠠ ᠂ ᠨᠤᠮᠢᠨ ᠴᠢᠯᠠᠭᠤ ᠂ ᠪᠣᠯᠣᠷ ᠵᠡᠷᠭᠡ ᠮᠠᠲ᠋ᠧᠷᠢᠶᠠᠯ ᠢ᠋ᠶ᠋ᠠᠷ ᠦᠶ᠋ᠯᠡᠳᠦᠭᠰᠡᠨ ᠁》 ᠬᠡᠵᠤ ᠭᠠᠷ ᠤᠷᠠᠯᠠᠯ ᠤ᠋ᠨ ᠦᠶ᠋ᠯᠡᠳᠪᠦᠷᠢ ᠶ᠋ᠢᠨ ᠬᠠᠷᠢᠭᠤᠴᠠᠯᠭᠠᠲᠠᠨ ᠬᠡᠪ ᠨᠠᠮᠪᠠ ᠨᠢ ᠦᠰᠦᠳ ᠥᠭᠡᠷ᠎ᠡ 《ᠨᠡᠷᠡᠨ ᠬᠤᠸᠠᠷ》 ᠤ᠋ᠨ ᠵᠠᠰᠠᠯ ᠴᠢᠮᠡᠭ᠌ᠯᠡᠯ ᠤ᠋ᠨ ᠡᠳ᠋ ᠤ᠋ᠳ ᠢ᠋ ᠳᠠᠨᠢᠯᠴᠠᠭᠤᠯᠤᠨ᠎ᠠ ᠃
ᠨᠠᠷᠠᠨ ᠬᠡᠦᠬᠡᠨ ᠤ᠋ ᠬᠠᠯᠠᠭᠤᠨ ᠳᠤᠯᠠᠭᠠᠨ ᠨᠡᠷᠡᠨ ᠤ᠋ ᠭᠡᠷᠡᠯ ᠢ᠋ᠶ᠋ᠡᠨ ᠬᠥᠮᠦᠨ ᠤ᠋ ᠣᠷᠴᠢᠯᠠᠩ ᠳ᠋ᠦ ᠠᠪᠴᠢᠷᠠᠭ᠍ᠰᠠᠨ ᠲᠤᠮᠤᠭ ᠤᠯᠠᠮᠵᠢᠯᠠᠯ ᠢ᠋ ᠳᠤᠷᠠᠰᠭᠠᠬᠤ ᠶ᠋ᠢᠨ ᠲᠥᠯᠥᠭᠡ᠂ ᠡᠸᠡᠩᠬᠢᠴᠤᠳ ᠳᠡᠯᠡᠬᠡᠢ ᠶ᠋ᠢᠨ ᠬᠠᠮᠤᠭ ᠤ᠋ᠨ ᠰᠠᠢᠨ ᠦᠰᠦ ᠨᠤᠤᠰᠤ ᠪᠣᠯᠤᠨ ᠦᠵᠡᠰᠭᠦᠯᠡᠩᠲᠦ ᠰᠠᠢᠬᠠᠨ ᠥᠩᠭᠡᠲᠦ ᠴᠢᠯᠠᠭᠤ ᠪᠠᠷ ᠨᠠᠷᠠᠨ ᠬᠡᠦᠬᠡᠨ ᠪᠠ ᠨᠠᠷᠠᠨ ᠬᠤᠧᠠᠷ ᠬᠢᠳᠡᠭ᠃ ᠥᠩᠭᠡᠲᠦ ᠴᠢᠯᠠᠭᠤ ᠪᠠ ᠦᠰᠦ ᠨᠤᠤᠰᠤ ᠨᠢ ᠨᠡᠷᠡᠨ ᠤ᠋ ᠭᠡᠷᠡᠯ ᠭᠢᠯᠪᠠᠭ᠎ᠠ ᠪᠠ ᠰᠣᠯᠣᠩᠭ᠎ᠠ ᠮᠡᠲᠦ ᠰᠠᠢᠨ ᠰᠠᠢᠬᠠᠨ ᠠᠮᠢᠳᠤᠷᠠᠯ ᠢ᠋ ᠪᠡᠯᠭᠡᠳᠡᠵᠦ᠍᠂ ᠬᠥᠮᠦᠰ ᠤ᠋ᠨ ᠠᠮᠢᠳᠤᠷᠠᠯ ᠥᠯᠵᠡᠶ ᠪᠡᠯᠭᠡ ᠲᠡᠶ ᠪᠠᠢᠬᠤ ᠵᠢ ᠪᠡᠯᠭᠡᠳᠡᠳᠡᠭ᠃
ᠥᠨᠥᠳᠦᠷ ᠤᠯᠠᠮ ᠡᠴᠡ ᠤᠯᠠᠮ ᠣᠯᠠᠨ ᠡᠸᠡᠩᠬᠢᠴᠤᠳ《ᠨᠡᠷᠡᠨ ᠬᠤᠸᠠᠷ》ᠬᠢᠬᠦ ᠵᠢ ᠰᠤᠷᠴᠦ᠂ ᠡᠯ᠎ᠡ ᠭᠠᠵᠠᠷ ᠡᠴᠡ ᠬᠦᠷᠦᠯᠴᠡᠨ ᠢᠷᠡᠭᠰᠡᠨ ᠵᠢᠭᠤᠯᠴᠢᠯᠠᠭᠰᠠᠳ ᠲᠦ᠍ ᠨᠡᠷᠡᠨ ᠬᠡᠦᠬᠡᠨ ᠤ᠋ ᠳᠣᠮᠣᠭ ᠢ᠋ ᠣᠢᠯᠠᠭᠠᠭᠤᠯᠬᠤ ᠪᠣᠯᠵᠠᠶ᠃ ᠵᠠᠯᠠᠭᠤ ᠨᠢᠭᠡ ᠦᠶ᠎ᠡ ᠶ᠋ᠢᠨ ᠭᠠᠷ ᠤᠷᠠᠴᠤᠳ ᠨᠢ ᠤᠯᠠᠮᠵᠢᠯᠠᠯᠲᠤ ᠭᠠᠷ ᠤᠷᠠᠯᠠᠯ ᠳ᠋ᠠᠭᠠᠨ ᠤᠳᠤ ᠴᠠᠭ ᠤ᠋ᠨ ᠡᠯᠧᠮᠧᠨ᠋ᠲ ᠢ᠋ ᠠᠭᠤᠰᠤᠯᠴᠠᠭᠤᠯᠤᠨ ᠰᠣᠨᠳᠣᠷ᠂ ᠲᠣᠯᠣᠭᠠᠢ ᠶ᠋ᠢᠨ ᠵᠠᠰᠠᠯ᠂ ᠡᠭᠡᠮᠦᠭ᠂ ᠡᠩᠭᠡᠷ ᠤ᠋ᠨ ᠵᠡᠭᠦᠯᠳᠡ᠂ ᠮᠠᠱᠢᠨ ᠲᠡᠷᠭᠡᠨ ᠤ᠋ ᠡᠯᠭᠦᠭᠦᠷ᠂ ᠬᠥᠯᠳᠡᠭᠡᠭᠦᠷ ᠤ᠋ᠨ ᠨᠠᠭᠠᠯᠲᠠ ᠵᠡᠷᠭᠡ ᠡᠯ᠎ᠡ ᠲᠦᠷᠦᠯ ᠤ᠋ᠨ ᠦᠢᠯᠡᠳᠬᠦᠨ ᠢ᠋ ᠵᠢᠷᠤᠵᠤ ᠲᠥᠯᠥᠪᠯᠡᠨ ᠦᠢᠯᠡᠳᠴᠤ᠂ 《ᠨᠡᠷᠡᠨ ᠬᠤᠧᠠᠷ》 ᠢ᠋ ᠤᠯᠠᠮᠵᠢᠯᠠᠨ ᠵᠠᠯᠭᠠᠮᠵᠢᠯᠠᠬᠤ ᠪᠠ ᠱᠢᠨᠡᠴᠢᠯᠡᠵᠦ ᠤᠯᠠᠮ ᠭᠤᠢᠳᠠ ᠰᠠᠢᠬᠠᠨ ᠪᠣᠯᠭᠠᠪᠠ ᠃
ᠡᠸᠡᠩᠬᠢ ᠦᠨᠳᠦᠰᠦᠲᠡᠨ ᠤ᠋ ᠥᠪᠡᠷᠲᠡᠭᠡᠨ ᠵᠠᠰᠠᠬᠤ ᠬᠣᠱᠢᠭᠤᠨ ᠤ᠋ ᠦᠨᠳᠦᠰᠦᠲᠡᠨ ᠤ᠋ ᠰᠣᠶᠣᠯ ᠤ᠋ᠨ ᠠᠵᠤ ᠦᠢᠯᠡᠰ ᠤ᠋ᠨ ᠦᠢᠯᠡᠰ ᠪᠤᠰᠭᠠᠬᠤ ᠬᠦᠷᠢᠶᠡᠯᠡᠩ ᠪᠣᠯ ᠬᠥᠯᠥᠨ ᠪᠤᠢ᠌ᠷ ᠤ᠋ᠨ ᠦᠨᠳᠦᠰᠦᠲᠡᠨ ᠤ᠋ ᠰᠣᠶᠣᠯ ᠤ᠋ᠨ ᠠᠵᠤ ᠦᠢᠯᠡᠰ ᠤ᠋ᠨ ᠬᠥᠭ᠌ᠵᠢᠯᠲᠡ ᠶ᠋ᠢᠨ ᠬᠤᠷᠢᠶᠠᠩᠭᠤᠢ ᠳᠦᠷᠰᠦ ᠪᠣᠯᠤᠨ᠎ᠠ᠃ 2016 ᠣᠨ ᠳ᠋ᠦ ᠪᠠᠢᠭᠤᠯᠤᠭᠳᠠᠭᠰᠠᠨ ᠲᠤᠬᠠᠶ ᠶ᠋ᠢᠨ ᠵᠢᠯ ᠳ᠋ᠡᠭᠡᠨ ᠥᠪᠡᠷᠲᠡᠭᠡᠨ ᠵᠠᠰᠠᠬᠤ ᠣᠷᠣᠨ ᠤ᠋ ᠲᠠᠰ ᠤ᠋ᠨ ᠵᠢᠱ᠌ᠢᠶ᠎ᠡ ᠦᠵᠡᠭᠦᠯᠬᠦ᠌ ᠴᠢᠨᠠᠷᠲᠠᠶ ᠦᠶ᠋ᠯᠡᠰ ᠪᠤᠰᠬᠠᠬᠤ ᠬᠦᠷᠢᠶᠡᠯᠡᠩ ᠢ᠋ᠶ᠋ᠡᠷ ᠦᠨᠡᠯᠡᠭ᠌ᠳᠡᠵᠦ᠍᠂ 2024 ᠣᠨ ᠳ᠋ᠦ ᠬᠣᠶᠠᠳᠤᠭᠠᠷ ᠪᠦᠯᠦᠭ ᠤ᠋ᠨ ᠥᠪᠡᠷᠲᠡᠭᠡᠨ ᠵᠠᠰᠠᠬᠤ ᠣᠷᠣᠨ ᠤ᠋ ᠭᠤᠤᠯᠳᠠᠯᠭ᠎ᠠ ᠲᠠᠢ ᠪᠣᠢᠵᠢᠭᠤᠯᠬᠤ ᠰᠣᠶᠣᠯ ᠤ᠋ᠨ ᠠᠵᠤ ᠦᠶ᠋ᠯᠡᠰ ᠤ᠋ᠨ ᠬᠦᠷᠢᠶᠡᠯᠡᠩ ᠲᠣᠭᠣᠷᠢᠭ ᠢ᠋ᠶ᠋ᠠᠷ ᠦᠨᠡᠯᠡᠭ᠌ᠳᠡᠪᠡ᠃ ᠦᠢᠯᠡᠰ ᠪᠤᠰᠭᠠᠬᠤ ᠬᠦᠷᠢᠶᠡᠯᠡᠩ ᠳ᠋ᠦ 100 ᠭᠠᠷᠤᠢ ᠠᠵᠤ ᠠᠬᠤᠢᠯᠠᠯ ᠤ᠋ᠨ ᠦᠢᠯᠡᠰ ᠪᠣᠰᠭᠠᠭ᠍ᠴᠢᠳ ᠲᠡᠮᠡᠴᠡᠯ ᠤ᠋ᠨ ᠡᠷᠴᠢ ᠵᠣᠷᠢᠭ ᠢ᠋ᠶ᠋ᠠᠨ ᠬᠥᠪᠴᠢᠯᠡᠨ᠂ ᠦᠨᠳᠦᠰᠦᠲᠡᠨ ᠨᠤᠭᠦᠳ ᠤ᠋ᠨ ᠰᠣᠶᠣᠯ ᠢ᠋ ᠬᠠᠷᠢᠯᠴᠠᠨ ᠦᠩᠭᠡ ᠭᠡᠷᠡᠯ ᠨᠡᠮᠡᠷᠢᠯᠡᠬᠦᠯᠵᠦ᠍᠂ ᠬᠠᠮᠲᠤ ᠪᠠᠷ ᠤᠮᠠᠷᠠᠲᠤ ᠬᠢᠯᠢ ᠶ᠋ᠢᠨ ᠰᠣᠶᠣᠯ ᠤ᠋ᠨ ᠲᠦᠷᠦᠯ ᠲᠡᠮᠳᠡᠭ ᠢ᠋ ᠲᠠᠭᠤᠷᠢᠰᠤᠭᠤᠯᠵᠤ ᠪᠠᠢᠨ᠎ᠠ᠃