6 ᠰᠠᠷ᠎ᠠ᠎ᠶ᠋ᠢᠨ 8 ᠤ᠋ ᠥᠷᠯᠥᠭᠡ᠎ᠶ᠋ᠢᠨ 4 ᠴᠠᠭ ᠬᠠᠭᠠᠰ᠎ᠲᠤ᠂ ᠬᠢᠩᠭᠠᠨ ᠠᠢᠮᠠᠭ᠎ᠤᠨ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠰᠣᠯᠣᠨ ᠣᠶ ᠱᠢᠭᠤᠶ᠎ᠶ᠋ᠢᠨ ᠲᠠᠯᠠᠪᠠᠶ᠎ᠳᠦ ᠠᠭᠤᠯᠠ ᠨᠢᠷᠤᠭᠤᠳ ᠬᠦᠬᠡᠷᠡᠨ᠂ ᠤᠢ ᠬᠦᠪᠴᠢ ᠨᠤᠭᠤᠭᠠᠷᠠᠨ᠂ ᠨᠠᠪᠴᠢ ᠨᠠᠮᠠᠭ᠎ᠠ ᠨᠢ ᠰᠠᠯᠬᠢᠨ᠎ᠤ ᠠᠶ᠎ᠡ ᠪᠡᠷ ᠨᠠᠢᠭᠤᠨ᠎ᠠ᠃ ᠤᠢ ᠱᠢᠭᠤᠢ ᠬᠠᠮᠠᠭᠠᠯᠠᠭ᠍ᠴᠢ ᠸᠠᠩ ᠴᠢᠩ ᠸᠸᠨ᠎ᠤ ᠰᠡᠷᠢᠭᠦᠯᠭᠡᠲᠦ ᠬᠤᠩᠬᠤ ᠴᠠᠭ᠎ᠲᠠᠭᠠᠨ ᠳᠤᠤᠭᠠᠷᠪᠠ᠃ ᠲᠡᠷᠡ ᠠᠭᠤᠯᠠ ᠴᠠᠭ᠍ᠳᠠᠬᠤ ᠬᠤᠪᠴᠠᠰᠤ᠎ᠪᠠᠨ ᠪᠤᠰᠢᠭᠤ ᠡᠮᠦᠰᠴᠦ᠍᠂ ᠳᠥᠭᠥᠮᠬᠡᠨ ᠤᠬᠢᠶᠠᠵᠤ ᠴᠡᠪᠡᠷᠯᠡᠭ᠌ᠰᠡᠨ᠎ᠦ ᠲᠠᠷᠠᠭ᠎ᠠ᠂ ᠰᠤᠪᠤᠷᠭ᠎ᠠ᠎ᠳᠤ ᠠᠪᠠᠷᠢᠨ ᠬᠠᠷᠠᠭᠤᠯᠳᠠᠬᠤ᠂ ᠠᠭᠤᠯᠠ᠎ᠵᠢ ᠲᠤᠭᠤᠷᠢᠨ ᠪᠠᠢᠴᠠᠭᠠᠬᠤ᠂ ᠭᠠᠯ ᠰᠡᠷᠭᠡᠢᠯᠡᠵᠦ ᠤᠢ ᠰᠢᠭᠤᠢ᠎ᠵᠢ ᠬᠠᠮᠠᠭᠠᠯᠠᠬᠤ ᠵᠡᠷᠬᠡ ᠱᠢᠨ᠎ᠡ ᠨᠢᠭᠡᠨ ᠡᠳᠦᠷ᠎ᠦᠨ ᠠᠵᠢᠯ᠎ᠢᠶᠠᠨ ᠡᠬᠢᠯᠡᠭᠦᠯᠦᠯ᠎ᠠ ᠃
ᠸᠠᠩ ᠴᠢᠩ ᠸᠸᠨ ᠳᠠᠯᠠᠢ᠎ᠶ᠋ᠢᠨ ᠲᠦᠪᠱᠢᠨ᠎ᠡᠴᠡ 1153 ᠮᠧᠲ᠋ᠷ ᠡᠷᠭᠦᠭᠳᠡᠭᠰᠡᠨ ᠳ᠋ᠠ ᠾᠧᠢ ᠱᠠᠨ ᠠᠭᠤᠯᠠ᠎ᠶ᠋ᠢᠨ ᠥᠨᠳᠥᠷ ᠳᠡᠭᠡᠷ᠎ᠡ᠎ᠡᠴᠡ ᠳᠤᠷᠠᠨᠳᠠᠵᠤ᠂ ᠤᠢ ᠱᠢᠭᠤᠢ᠎ᠶ᠋ᠢ ᠠᠵᠢᠬᠯᠠᠨ᠂ ᠦᠴᠦᠬᠡᠨ ᠳᠡᠳᠦᠢ ᠤᠳᠤᠭ᠎ᠠ ᠤᠨᠢᠶᠠᠷ᠎ᠢ ᠴᠤ᠌ ᠠᠯᠳᠠᠯ ᠦᠭᠡᠢ ᠨᠠᠷᠢᠪᠴᠢᠯᠠᠨ ᠠᠵᠢᠭᠯᠠᠨ᠎ᠠ᠃ ᠵᠤᠨ᠎ᠤ ᠡᠬᠢ᠎ᠪᠡᠷ᠂ ᠤᠢ ᠱᠢᠭᠤᠢ᠎ᠶ᠋ᠢᠨ ᠲᠠᠯᠠᠪᠠᠢ᠎ᠶ᠋ᠢᠨ ᠭᠠᠯ ᠰᠡᠷᠭᠡᠢᠯᠡᠬᠦ᠌ ᠬᠤᠭᠤᠴᠠᠭ᠎ᠠ ᠳᠠᠭᠤᠰᠤᠭᠠᠳᠤᠢ ᠪᠤᠯᠬᠤ ᠪᠠᠷ ᠸᠠᠩ ᠴᠢᠩ ᠸᠸᠨᠥᠴᠦᠬᠡᠨ ᠴᠦ᠍ ᠲᠠᠢᠪᠤᠱᠢᠷᠠᠵᠤ ᠴᠢᠳᠠᠬᠤ ᠦᠭᠡᠢ ᠪᠠᠢᠯ᠎ᠠ᠃
30 ᠲᠡᠭ᠌ᠰᠢ ᠳᠥᠷᠪᠡᠯᠵᠢᠨ ᠮᠸᠲᠷ᠎ᠤᠨ ᠡᠨᠡᠬᠦ᠌ ᠭᠠᠯ ᠪᠠᠷᠠᠯᠠᠬᠤ ᠳᠠᠬᠳᠤ ᠪᠣᠯ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤᠨ᠎ᠤ ᠲᠠᠯᠠᠢ᠎ᠶ᠋ᠢᠨ ᠲᠦᠪᠱᠢᠨ᠎ᠡᠴᠡ ᠡᠷᠭᠦᠭᠳᠡᠭᠰᠡᠨ ᠬᠣᠶᠠᠳᠤᠭᠠᠷ ᠥᠨᠳᠥᠷ ᠭᠠᠯ ᠰᠡᠷᠭᠡᠢᠯᠡᠬᠦ᠌ ᠬᠠᠷᠠᠭᠤᠯ᠎ᠤᠨ ᠭᠠᠵᠠᠷ ᠪᠣᠯᠤᠨ᠎ᠠ᠂ ᠨᠡᠩ ᠴᠤ᠌ ᠸᠠᠩ ᠴᠢᠩ ᠸᠸᠨ᠎ᠤ ᠤᠢ ᠱᠢᠭᠤᠢ᠎ᠶ᠋ᠢ ᠰᠠᠬᠢᠨ ᠬᠠᠮᠠᠭᠠᠯᠠᠬᠤ 《ᠲᠠᠢ᠌ᠨ᠎ᠦ ᠲᠠᠯᠠᠪᠤᠷ》 ᠪᠣᠯᠤᠨ᠎ᠠ᠃ ᠭᠡᠷ ᠳᠣᠲᠣᠷᠠᠬᠢ ᠡᠳ᠋ᠯᠡᠯ ᠬᠡᠷᠡᠭ᠌ᠰᠡᠯ ᠨᠢ ᠳᠦᠪ ᠳᠥᠭᠥᠮᠬᠡᠨ᠄ ᠨᠢᠭᠡ ᠬᠠᠭᠤᠴᠢᠷᠠᠭᠰᠠᠨ ᠳᠦᠷᠪᠡᠯᠵᠢᠨ ᠱᠢᠷᠡᠭᠡ᠂ ᠨᠢᠭᠡ ᠬᠠᠭᠤᠴᠢᠨ ᠷᠠᠳᠢᠣ᠋ ᠰᠲ᠋ᠠᠨᠼᠢ᠂ ᠨᠢᠭᠡ ᠵᠢᠵᠢᠭ ᠲᠧᠯᠸᠢᠰ᠂ ᠨᠢᠭᠡ ᠬᠠᠷᠢᠯᠴᠠᠭᠤᠷ᠂ ᠡᠨᠡ ᠪᠣᠯ ᠳᠠᠷᠤᠢ ᠲᠡᠭᠦᠨ᠎ᠦ ᠪᠦᠬᠦ᠌ ᠡᠳ᠋ ᠬᠣᠭ᠍ᠰᠢᠯ᠂ ᠮᠥᠨ ᠴᠦ᠍ ᠠᠪᠤ᠎ᠶ᠋ᠢᠨ᠎ᠢᠶᠡᠨ ᠭᠠᠷ᠎ᠡᠴᠡ ᠲᠤᠰᠴᠤ᠌ ᠠᠪᠤᠭ᠍ᠰᠠᠨ ᠡᠭᠦᠷᠭᠡ ᠪᠣᠯᠤᠨ᠎ᠠ᠃
ᠸᠠᠩ ᠴᠢᠩ ᠸᠸᠨ 38 ᠨᠠᠰᠤᠲᠠᠢ ᠳᠡᠷᠡ ᠵᠢᠯ ᠂ ᠠᠪᠤ ᠨᠢ ᠰᠣᠯᠣᠨ ᠤᠢ ᠱᠢᠭᠤᠢ᠎ᠶ᠋ᠢᠨ ᠲᠠᠯᠠᠪᠠᠢ᠎ᠡᠴᠡ ᠠᠵᠢᠯ᠎ᠡᠴᠡ᠎ᠪᠠᠨ ᠠᠮᠠᠷᠠᠵᠤ ᠠᠭᠤᠯᠠᠨ᠎ᠡᠴᠡ ᠪᠠᠭᠤᠬᠤ ᠳᠦ ᠸᠠᠩ ᠴᠢᠩ ᠸᠸᠨ ᠠᠭᠤᠯᠠᠨ᠎ᠳᠤ ᠭᠠᠷᠴᠤ᠌ ᠠᠵᠢᠯ᠎ᠢ ᠨᠢ ᠵᠠᠯᠭᠠᠮᠵᠢᠯᠠᠵᠤ ᠠᠪᠤᠪᠠ᠃ 《ᠤᠢ ᠰᠢᠭᠤᠢ᠎ᠶ᠋ᠢᠨ ᠬᠣᠶᠠᠳᠤᠭᠠᠷ ᠦᠶ᠎ᠡ ᠵᠢᠨ ᠬᠠᠮᠠᠭᠠᠯᠠᠭᠴᠢ》 ᠪᠣᠯᠤᠭ᠍ᠰᠠᠨ᠎ᠤ ᠬᠤᠪᠢ᠎ᠳᠤ᠂ ᠡᠨᠡ ᠬᠦ᠌ ᠡᠪᠦᠭᠡ ᠳᠡᠭᠡᠳᠦᠰ᠎ᠦᠨ᠎ᠢᠶᠡᠨ ᠱᠢᠷᠭᠠᠭᠤ ᠬᠥᠳᠡᠯᠮᠦᠷᠢ᠎ᠪᠡᠷ ᠰᠣᠯᠢᠵᠤ ᠠᠪᠴᠢᠷᠠᠭ᠍ᠰᠠᠨ ᠨᠤᠮᠢᠨ ᠨᠤᠭᠤᠭᠠᠨ ᠠᠭᠤᠯᠠ ᠬᠦᠪᠴᠢ᠎ᠶ᠋ᠢ ᠰᠠᠬᠢᠨ ᠬᠠᠮᠠᠭᠠᠯᠠᠬᠤ ᠪᠣᠯ ᠲᠡᠭᠦᠨ᠎ᠦ ᠰᠡᠳᠭᠢᠯ᠎ᠳᠦ ᠬᠠᠳᠠᠩᠱᠢᠭ᠍ᠰᠠᠨ ᠬᠠᠷᠢᠭᠤᠴᠠᠯᠭ᠎ᠠ ᠪᠣᠯᠤᠨ᠎ᠠ᠃《ᠠᠪᠤ ᠮᠢᠨᠢ ᠠᠵᠢᠯ᠎ᠡᠴᠡ᠎ᠪᠠᠨ ᠠᠮᠠᠷᠠᠬᠤ᠎ᠳᠠᠭᠠᠨ ᠨᠠᠳᠠ᠎ᠳᠤ ᠠᠵᠢᠯ᠎ᠵᠢᠡᠨ ᠵᠠᠪᠠᠯ ᠰᠠᠢᠨ ᠬᠢᠬᠦ᠌ ᠬᠡᠷᠡᠭ᠌ᠲᠡᠶ ᠭᠡᠵᠦ᠍ ᠵᠠᠬᠢᠵᠠᠢ᠃ ᠴᠢ ᠰᠠᠨᠠᠭ᠎ᠠ ᠠᠮᠤᠷ ᠪᠠᠶ᠂ ᠢᠷᠡᠴᠢᠬᠡᠭ᠌ᠰᠡᠨ ᠶᠤᠮ ᠴᠢᠨᠢ ᠯᠠᠪ ᠰᠠᠢᠨ ᠬᠢᠨ᠎ᠡ ᠭᠡᠵᠦ ᠪᠢ ᠠᠮᠠᠯᠳᠠᠭᠰᠠᠨ ᠶᠤᠮ》 ᠸᠠᠩ ᠴᠢᠩ ᠸᠸᠨ 6500 ᠭᠠᠷᠤᠢ ᠡᠳᠦᠷ ᠬᠣᠨᠣᠭ᠎ᠤᠨ ᠪᠠᠷᠢᠮᠳᠠᠯᠠᠯ᠎ᠢᠶᠠᠷ ᠠᠪᠤ᠎ᠳᠠᠭᠠᠨ ᠠᠮᠠᠯᠳᠠᠭ᠍ᠰᠠᠨ ᠠᠮᠠᠯᠠᠯᠲᠠ᠎ᠪᠠᠨ ᠭᠦᠢᠴᠡᠳᠭᠡᠪᠡ᠃
《ᠬᠠᠪᠤᠷ᠂ ᠨᠠᠮᠤᠷ᠂ ᠡᠪᠦᠯ᠎ᠦᠨ ᠭᠤᠷᠪᠠᠨ ᠤᠯᠠᠷᠢᠯ ᠪᠤᠯ ᠭᠠᠯ ᠰᠡᠷᠭᠡᠢᠯᠡᠬᠦ᠌ ᠬᠠᠮᠤᠭ᠎ᠤᠨ ᠵᠠᠩᠭᠢᠯᠠᠭ᠎ᠠ ᠵᠢᠨ ᠴᠠᠭ ᠪᠣᠯᠤᠨ᠎ᠠ᠂ ᠵᠤᠨ᠎ᠳᠠᠭᠠᠨ ᠠᠶᠤᠩᠭ᠎ᠠ ᠴᠠᠬᠢᠯᠭᠠᠨ᠎ᠡᠴᠡ ᠰᠡᠷᠭᠡᠢᠯᠡᠬᠦ᠌ ᠴᠢᠬᠤᠯᠠᠲᠠᠢ᠂ ᠪᠢ ᠵᠢᠯ᠎ᠦᠨ ᠲᠦᠷᠪᠡᠨ ᠤᠯᠠᠷᠢᠯ᠎ᠳᠤ ᠴᠥᠮ ᠤᠢ ᠱᠢᠭᠤᠢᠳᠤ ᠡᠷᠭᠢᠯᠳᠦᠳᠡᠭ》᠃ ᠸᠠᠩ ᠴᠢᠩ ᠸᠸᠨ᠂ ᠳ᠋ᠠ ᠾᠧᠢ ᠱᠠᠨ ᠠᠭᠤᠯᠠ᠎ᠶ᠋ᠢᠨ ᠭᠠᠯ ᠪᠠᠷᠠᠯᠠᠬᠤ ᠳᠠᠬᠳᠦ ᠵᠢᠨ ᠡᠷᠬᠢᠨ ᠳᠤᠭᠤᠷᠢᠨ᠎ᠤ 50 ᠺᠢᠯᠤᠮᠸᠲᠷ᠎ᠤᠨ ᠬᠡᠪᠴᠢᠶᠡᠨ᠎ᠳᠡᠬᠢ 13 ᠲᠦᠮᠡᠨ ᠾᠧᠺᠲ᠋ᠠᠷ ᠤᠢ ᠱᠢᠭᠤᠢ ᠵᠢᠨ ᠭᠠᠯ ᠰᠡᠷᠭᠡᠢᠯᠡᠨ ᠪᠠᠷᠠᠯᠠᠬᠤ ᠬᠦᠨᠳᠦ ᠡᠭᠦᠷᠭᠡ᠎ᠶ᠋ᠢ ᠡᠭᠦᠷᠭᠡᠯᠡᠵᠦ᠍ ᠪᠠᠢᠳᠠᠭ᠃ ᠴᠠᠭᠠᠨ ᠬᠤᠰᠤ᠂ ᠬᠠᠷ᠎ᠠ ᠬᠤᠰᠤ ᠵᠡᠷᠭᠡ᠎ᠪᠡᠷ ᠭᠤᠤᠯᠯᠠᠬᠰᠠᠨ ᠡᠨᠡ ᠬᠡᠰᠡᠭ ᠣᠶ ᠱᠢᠭᠤᠶ᠎ᠶ᠋ᠢᠨ ᠤᠷᠭᠤᠮᠠᠯ᠎ᠤᠨ ᠬᠤᠴᠢᠯᠭ᠎ᠠ᠎ᠶ᠋ᠢᠨ ᠪᠦᠷᠬᠦᠴᠡ᠎ᠵᠢᠨ ᠨᠤᠷᠮ᠎ᠠ ᠨᠢ ᠲᠤᠢᠯ᠎ᠤᠨ ᠥᠨᠳᠥᠷ ᠪᠠᠢᠳᠠᠭ ᠭᠡᠪᠡ᠃
ᠭᠠᠯ ᠪᠠᠷᠠᠯᠠᠬᠤ ᠳᠠᠬᠳᠦ ᠵᠢᠨ ᠬᠠᠵᠠᠭᠤ᠎ᠳᠤ 20 ᠮᠧᠲ᠋ᠷ ᠥᠨᠳᠥᠷ ᠲᠡᠮᠦᠷ ᠵᠢᠶᠠᠰᠠᠲᠤ ᠪᠠᠷᠠᠯᠠᠬᠤ ᠰᠤᠪᠤᠷᠭ᠎ᠠ ᠪᠤᠰᠭᠠᠵᠤ᠂ 90 ᠭᠠᠷᠤᠶ ᠳᠡᠭᠳᠡᠷ ᠡᠷᠭᠢᠯᠳᠦᠭᠡ ᠲᠡᠮᠦᠷ ᠱᠠᠲᠤ ᠪᠤᠢ᠂ ᠸᠠᠩ ᠴᠢᠩ ᠸᠸᠨ ᠡᠳᠦᠷ ᠪᠦᠷᠢ ᠬᠡᠲᠦ ᠤᠳᠠᠭ᠎ᠠ ᠮᠠᠴᠤᠳᠠᠭ᠂ ᠡᠨᠡ ᠪᠣᠯ ᠲᠡᠭᠦᠨ᠎ᠦ 《 ᠠᠭᠠᠷ ᠳᠡᠭᠡᠷᠡᠬᠢ ᠠᠯᠪᠠᠨ ᠬᠡᠷ 》 ᠪᠣᠯᠤᠨ᠎ᠠ᠃ ᠭᠠᠯ ᠰᠡᠷᠭᠡᠢᠯᠡᠬᠦ᠌ ᠵᠠᠨᠭᠬᠢᠯᠠᠭᠠᠵᠢᠨ ᠴᠠᠭ ᠪᠣᠯᠬᠤ᠎ᠳᠤ᠂ ᠲᠡᠷᠡ 20 ᠮᠢᠨᠦ᠋ᠲ ᠠᠯᠤᠰᠯᠠᠬᠤ ᠪᠦᠷᠢ ᠰᠤᠪᠤᠷᠭᠠᠨ᠎ᠳᠤ ᠭᠠᠷᠴᠤ᠌ ᠨᠢᠭᠡ ᠤᠳᠠᠭ᠎ᠠ ᠪᠠᠢᠴᠠᠭᠠᠨ ᠦᠵᠡᠨ᠎ᠡ᠃ ᠤᠳᠠᠭᠠᠨ ᠡᠳᠦᠷ ᠠᠵᠢᠭ᠍ᠯᠠᠬᠰᠠᠭᠠᠷ ᠪᠠᠢᠵᠦ ᠳᠡᠷᠡ ᠭᠠᠯ᠎ᠤᠨ ᠪᠠᠢᠳᠠᠯ᠎ᠢ ᠢᠯᠭᠠᠨ ᠲᠠᠨᠢᠬᠤ 《ᠭᠢᠷᠠᠬᠠᠢ ᠨᠢᠳᠦ》 ᠲᠠᠢ ᠪᠤᠯᠵᠠᠢ᠃
ᠲᠤᠰᠭᠠᠢ ᠮᠡᠷᠭᠡᠵᠢᠯ᠎ᠦᠨ ᠲᠤᠬᠠᠢ ᠶᠠᠷᠢᠪᠠᠯ᠂ ᠸᠠᠩ ᠴᠢᠩ ᠸᠸᠨ᠎ᠤ ᠦᠭᠡ ᠤᠯᠠᠰᠢᠷᠠᠵᠤ᠌ 《ᠤᠲᠤᠭᠠᠨᠤ ᠦᠩᠭᠡ᠂ ᠬᠡᠯᠪᠡᠷᠢ ᠳᠦᠷᠰᠦ᠎ᠶ᠋ᠢ ᠦᠵᠡᠪᠡᠯ ᠠᠯᠢ ᠭᠤᠤ᠂ ᠠᠯᠢ ᠳᠣᠪᠣᠴᠠᠭ᠎ᠲᠤ ᠭᠠᠯ ᠭᠠᠷᠤᠭ᠍ᠰᠠᠨᠢ ᠮᠡᠳᠡᠴᠢᠬᠡᠨ᠎ᠡ᠃ ᠬᠠᠮᠤᠭ᠎ᠤᠨ ᠬᠦᠴᠢᠷᠲᠡᠶ ᠨᠢ ᠮᠠᠨᠠᠨ᠎ᠲᠠᠶ ᠡᠳᠦᠷ ᠪᠣᠯᠤᠨ᠎ᠠ᠂ ᠮᠠᠨᠠᠨ ᠶᠤᠮ ᠦᠦ ᠣᠲᠣᠭ᠎ᠠ ᠶᠤᠮ ᠦᠦ ᠭᠡᠳᠡᠭ᠎ᠢ ᠲᠣᠳᠣᠷᠬᠠᠶ ᠢᠯᠭᠠᠬᠤ ᠬᠡᠷᠡᠭ᠌ᠲᠡᠶ ᠁》 ᠣᠷᠳᠣ ᠬᠤᠭᠤᠴᠠᠭ᠎ᠠ ᠨᠢᠭᠲᠠᠯᠠᠨ ᠰᠤᠳᠤᠯᠬᠤ᠎ᠪᠠᠷ ᠳᠡᠮᠵᠢᠨ᠂ ᠸᠠᠩ ᠴᠢᠩ ᠸᠸᠨ᠄ 《ᠮᠤᠳᠤ ᠭᠠᠯᠭᠠᠷᠪᠠᠯ ᠬᠠᠷ᠎ᠠ ᠣᠲᠣᠭ᠎ᠠ ᠪᠠᠭᠠᠭᠢᠵᠤ᠂ ᠡᠪᠡᠰᠦ ᠭᠠᠯᠭᠠᠷᠪᠠᠯ ᠴᠠᠭᠠᠨ ᠣᠲᠣᠭ᠎ᠠ ᠪᠠᠭᠠᠭᠢᠵᠤ᠂ ᠮᠠᠨᠠᠨ ᠡᠭᠦᠰᠦᠭᠰᠡᠨᠪᠤᠯ ᠰᠠᠷᠨᠢᠪᠠᠯ〈ᠦᠨᠳᠦᠰᠦ〉᠎ᠨᠢ ᠠᠷᠢᠯᠳᠠᠭ》 ᠭᠡᠵᠦ ᠲᠤᠷᠰᠢᠯᠭ᠎ᠠ ᠪᠡᠨ ᠳ᠋ᠦᠩᠨᠡᠭᠰᠡᠨ ᠪᠠᠢᠨ᠎ᠠ᠃ ᠡᠲᠡᠭᠡᠷ ᠵᠢᠯ᠎ᠳᠦ᠂ ᠲᠡᠭᠦᠨ᠎ᠦ ᠳᠡᠭᠡᠭ᠌ᠰᠢ ᠮᠡᠳᠡᠭᠦᠯᠦᠭ᠌ᠰᠡᠨ ᠭᠠᠯ ᠲᠦᠶ᠋ᠮᠡᠷ᠎ᠦᠨ ᠪᠠᠢᠳᠠᠯ᠎ᠤᠨ ᠰᠣᠯᠪᠢᠴᠠᠯ᠎ᠤᠨ ᠵᠥᠷᠢᠶ᠎ᠡ᠎ᠶ᠋ᠢ ᠢᠮᠠᠭ᠍ᠲᠠ 50 ᠮᠧᠲ᠋ᠷ᠎ᠦᠨ ᠬᠡᠪᠴᠢᠶᠡᠨ᠎ᠳᠦ ᠬᠢᠵᠠᠭᠠᠷᠯᠠᠵᠤ᠂ ᠭᠠᠯ ᠲᠦᠶ᠋ᠮᠡᠷ᠎ᠢ ᠤᠨᠲᠠᠷᠠᠭᠠᠬᠤ ᠠᠩᠭᠢ᠎ᠶ᠋ᠢᠨ ᠣᠨᠣᠪᠴᠢᠲᠠᠶ᠎ᠪᠠᠷ ᠲᠠᠭᠠᠷᠢᠯᠲᠠ ᠬᠢᠬᠦ᠌᠎ᠳᠦ ᠨᠠᠨᠳᠢᠨ ᠴᠠᠭ ᠣᠯᠭᠣᠵᠤ᠂ ᠨᠢᠭᠡ ᠴᠦ᠍ ᠤᠳᠠᠭ᠎ᠠ ᠶᠡᠬᠡ ᠭᠠᠯ ᠲᠦᠶ᠋ᠮᠡᠷ ᠭᠠᠷᠤᠭ᠍ᠰᠠᠨ ᠥᠬᠡᠶ᠃
ᠭᠠᠯ ᠪᠠᠷᠠᠯᠠᠬᠤ ᠳᠠᠬᠳᠦᠳᠦ ᠬᠦᠷᠬᠦ᠌ ᠵᠠᠮ ᠶᠠᠪᠤᠬᠤ᠎ᠳᠤ ᠬᠦᠴᠢᠷ᠂ ᠤᠳᠤ ᠲᠡᠷᠭᠡ ᠵᠢᠯᠣᠭᠣᠳᠴᠤ᠌ ᠨᠠᠭᠠᠰᠢ ᠴᠠᠭᠠᠰᠢ ᠶᠠᠪᠤᠬᠤ᠎ᠳᠤ ᠪᠠᠰᠠ ᠬᠣᠶᠠᠷ ᠴᠠᠭ ᠬᠡᠷᠡᠭ᠌ᠰᠡᠨ᠎ᠡ᠃ ᠬᠣᠶᠠᠷ ᠵᠢᠯ᠎ᠦᠨ ᠡᠮᠦᠨ᠎ᠡ᠂ ᠡᠨᠡ ᠨᠢ ᠶᠠᠪᠠᠭᠠᠨ ᠵᠠᠮᠨᠠᠬᠤ᠎ᠳᠤ ᠬᠡᠳᠦᠨ ᠴᠠᠭ ᠬᠡᠷᠡᠭ᠌ᠰᠡᠬᠦ᠌ ᠪᠠᠢᠭᠠᠯᠢ᠎ᠶ᠋ᠢᠨ ᠵᠠᠮ ᠪᠠᠢᠪᠠ᠃ ᠠᠷᠪᠠᠨ ᠬᠡᠳᠦᠨ ᠵᠢᠯ ᠠᠭᠤᠯᠠ ᠰᠠᠬᠢᠭᠠᠳ ᠳᠡᠷᠡ ᠬᠦᠴᠢᠷ ᠵᠣᠪᠠᠯᠠᠩ ᠪᠠᠭ᠎ᠠ ᠦᠭᠡᠢ ᠠᠮᠰᠠᠵᠠᠢ᠄ ᠴᠠᠬᠢᠯᠭᠠᠨ ᠲᠣᠭ᠍ᠲᠠᠪᠤᠷᠢ ᠦᠭᠡᠢ᠂ ᠳᠣᠬᠢᠶ᠎ᠠ ᠮᠠᠭᠤ᠂ ᠤᠰᠤ ᠤᠯᠬᠤ ᠳᠦ ᠬᠦᠴᠢᠷ᠃ ᠪᠣᠷᠣᠭᠠᠨ᠎ᠤ ᠤᠯᠠᠷᠢᠯ ᠬᠠᠮᠤᠭ ᠵᠣᠪᠠᠭᠤᠷᠢᠲᠠᠢ᠂ ᠭᠡᠷ ᠳᠦᠭᠦᠷᠡᠩ ᠴᠢᠭᠢᠭᠨᠤᠢᠳᠠᠨ ᠪᠤᠯᠵᠤ᠂ ᠬᠥᠨᠵᠢᠯᠡ ᠳᠡᠪᠢᠰᠭᠡᠷ᠎ᠢᠶᠡᠨ ᠬᠠᠨᠵᠤᠨ ᠳᠡᠭᠡᠷ᠎ᠡ《 ᠬᠠᠯᠠᠭᠠᠪᠠᠯ 》 ᠰᠠᠶᠢ ᠴᠢᠭᠢᠭ᠎ᠢ ᠬᠥᠭᠡᠭᠡᠵᠦ᠍ ᠴᠢᠳᠠᠨ᠎ᠠ᠃
ᠬᠦᠴᠢᠷ ᠪᠡᠷᠬᠡᠱᠢᠶᠡᠯ᠎ᠲᠡᠶ ᠣᠷᠴᠢᠨ ᠲᠣᠭᠣᠷᠢᠨ᠎ᠲᠠᠶ ᠬᠠᠷᠢᠴᠠᠭᠤᠯᠪᠠᠯ᠂ ᠨᠠᠩ ᠵᠤᠪᠠᠭᠤᠷᠢᠳᠠᠢ᠎ᠲᠡᠶ ᠨᠢ ᠤᠳᠠᠭᠠᠨ ᠵᠢᠯ᠎ᠦᠨ ᠭᠠᠭ᠍ᠴᠠᠭᠠᠷᠳᠠᠯ ᠪᠣᠯᠤᠨ᠎ᠠ᠃ ᠲᠦᠷᠦᠭᠦᠦ 12 ᠵᠢᠯ᠎ᠳᠦ᠂ ᠠᠭᠤᠯᠠᠨ ᠳᠣᠲᠣᠷ᠎ᠠ ᠵᠥᠪᠬᠡᠨ ᠸᠠᠩ ᠴᠢᠩ ᠸᠸᠨ ᠭᠠᠭ᠍ᠴᠠᠭᠠᠷ᠎ᠢᠶᠠᠨ ᠠᠵᠢᠯᠯᠠᠵᠤ ᠪᠠᠢᠪᠠ᠃ 2019 ᠣᠨ ᠪᠣᠯᠬᠤ᠎ᠳᠤ᠂ ᠠᠮᠢ ᠠᠬᠤᠢ᠎ᠶ᠋ᠢᠨ ᠤᠢ ᠱᠢᠭᠤᠢ ᠬᠠᠮᠠᠭᠠᠯᠠᠭ᠍ᠴᠢ ᠪᠦᠦ ᠱᠢᠶᠠᠩ ᠢᠷᠡᠵᠦ᠂ ᠠᠭᠤᠯᠠᠨ ᠳᠡᠭᠡᠷ᠎ᠡ ᠰᠠᠶᠢ ᠬᠠᠨᠢ᠎ᠲᠠᠶ ᠪᠣᠯᠪᠠ᠃ 《 ᠪᠢᠳᠡ ᠬᠣᠶᠠᠷ ᠡᠳᠦᠷ ᠪᠦᠷᠢ ᠬᠠᠮᠲᠤ ᠰᠤᠪᠤᠷᠭ᠎ᠠ᠎ᠳᠤ ᠭᠠᠷᠴᠤ᠌᠂ ᠠᠭᠤᠯᠠ ᠴᠠᠭ᠍ᠳᠠᠵᠤ᠂ ᠰᠠᠯᠬᠢ ᠪᠣᠷᠣᠭᠠᠨ᠎ᠢ ᠬᠠᠢᠬᠤᠷᠳᠠᠭ ᠦᠭᠡᠢ᠃ ᠪᠢ ᠸᠠᠩ ᠠᠬ᠎ᠠ᠎ᠡᠴᠡ ᠰᠤᠷᠤᠯᠴᠠᠵᠤ᠂ ᠡᠨᠡ ᠬᠡᠰᠡᠭ ᠤᠢ᠎ᠶ᠋ᠢ ᠰᠠᠢᠨ ᠰᠠᠬᠢᠨ᠎ᠠ》 ᠭᠡᠵᠦ᠍ ᠪᠦᠦ ᠱᠢᠶᠠᠩ ᠬᠡᠯᠡᠪᠡ᠃
ᠸᠠᠩ ᠴᠢᠩ ᠸᠸᠨ ᠠᠩᠭᠢ᠎ᠶ᠋ᠢᠨ ᠨᠥᠬᠥᠳ᠎ᠲᠡᠶ᠎ᠪᠡᠨ ᠡᠳᠦᠷ ᠪᠦᠷᠢ ᠠᠷᠪᠠ ᠭᠠᠷᠤᠶ ᠺᠢᠯᠣᠮᠧᠲ᠋ᠷ ᠶᠠᠪᠠᠭᠠᠨ᠎ᠢᠶᠠᠷ ᠣᠢ ᠱᠢᠭᠤᠶ᠎ᠶ᠋ᠢ ᠴᠠᠭ᠍ᠳᠠᠨᠠ᠃ ᠲᠡᠳᠡ ᠪᠤᠢᠳᠠ ᠪᠦᠭᠯᠡᠬᠦᠦ ᠣᠷᠣᠨ᠎ᠳᠤ ᠭᠦᠨᠵᠡᠭᠡᠢᠷᠡᠵᠦ᠍᠂ ᠲᠣᠰᠭᠣᠨ᠎ᠤ ᠠᠷᠠᠳ᠎ᠲᠤ ᠭᠠᠯ ᠰᠡᠷᠭᠡᠢᠯᠡᠬᠦ᠌ ᠮᠡᠳᠡᠯᠭᠡ᠎ᠶ᠋ᠢ ᠤᠬᠠᠭᠤᠯᠪᠠ᠃ ᠠᠭᠤᠯᠠᠨ ᠵᠠᠮ ᠶᠠᠪᠤᠬᠤ᠎ᠳᠤ ᠬᠦᠴᠢᠷ᠂ ᠥᠷᠭᠡᠰᠦᠲᠦ ᠪᠤᠲᠠ ᠨᠡᠢᠳᠡᠮ ᠲᠠᠷᠬᠠᠵᠤ᠂ ᠱᠢᠮᠠᠭᠤᠯ ᠪᠠᠲᠠᠭᠠᠨ᠎ᠠ ᠰᠢᠨᠠᠯᠭᠠᠵᠤ᠂ ᠪᠠᠰᠠ ᠦᠷᠭᠦᠯᠵᠢ ᠬᠡᠭᠡᠷ᠎ᠡ᠎ᠶ᠋ᠢᠨ ᠭᠠᠬᠠᠶ ᠵᠡᠷᠭᠡ ᠬᠡᠭᠡᠷ᠎ᠡ᠎ᠶ᠋ᠢᠨ ᠠᠮᠢᠲᠠᠨ ᠭᠠᠷᠴᠤ ᠢᠷᠡᠳᠡᠭ᠂ ᠭᠡᠪᠡᠴᠦ᠍ ᠭᠠᠯ᠎ᠤᠨ ᠠᠶᠤᠯ᠎ᠤᠨ ᠳᠠᠯᠳᠠ ᠭᠡᠮ᠎ᠢ ᠠᠷᠢᠯᠭᠠᠬᠤ᠎ᠶ᠋ᠢᠨ ᠲᠥᠯᠥᠭᠡ᠂ ᠬᠡᠳᠦᠶ ᠬᠦᠴᠢᠷ ᠪᠠᠢᠭ᠍ᠰᠠᠨ ᠴᠤ᠌ ᠣᠴᠢᠬᠤ ᠬᠡᠷᠡᠭ᠌ᠲᠡᠶ᠃
18 ᠬᠠᠪᠤᠷ ᠨᠠᠮᠤᠷ ᠡᠪᠦᠯ ᠵᠤᠨ᠂ ᠸᠠᠩ ᠴᠢᠩ ᠸᠸᠨ ᠠᠭᠤᠯᠠᠨ ᠬᠦᠪᠴᠢ᠎ᠶ᠋ᠢ ᠳᠤᠭᠤᠯᠵᠦ᠂ ᠠᠭᠤᠯᠠᠨ᠎ᠳᠠᠬᠢ ᠬᠤᠪᠢᠷᠠᠯᠲᠠ᠎ᠶ᠋ᠢ ᠰᠡᠳᠭᠢᠯ ᠲᠠᠯᠪᠢᠨ ᠲᠡᠮᠳᠡᠭ᠌ᠯᠡᠪᠡ᠃ ᠣᠢ ᠱᠢᠭᠤᠶ᠎ᠶ᠋ᠢ ᠴᠠᠭ᠍ᠳᠠᠬᠤ ᠦᠶᠡᠰ᠂ ᠲᠡᠷᠡ ᠬᠡᠭᠡᠷ᠎ᠡ᠎ᠶ᠋ᠢᠨ ᠠᠮᠢᠲᠠᠨ ᠤᠷᠭᠤᠮᠠᠯ᠎ᠤᠨ ᠤᠯᠠ ᠮᠥᠷ᠎ᠢ ᠠᠩᠬᠠᠷᠤᠨ᠎ᠠ᠃ ᠡᠳᠡᠭᠡᠷ ᠵᠢᠯ᠎ᠦᠳ᠎ᠲᠦ᠂ ᠠᠮᠢ ᠠᠬᠤᠶ ᠰᠠᠢᠵᠢᠷᠠᠵᠤ᠂ ᠪᠣᠷᠣ ᠭᠥᠷᠥᠭᠡᠰᠦ᠂ ᠬᠦᠭᠡ ᠨᠤᠭᠲᠤᠷᠤ᠂ ᠵᠡᠷᠯᠢᠭ ᠱᠢᠷ᠎ᠠ ᠪᠤᠷᠴᠠᠭ ᠵᠡᠷᠭᠡ ᠬᠣᠪᠣᠷ ᠴᠤᠬᠠᠭ ᠠᠮᠢᠲᠠᠨ ᠤᠷᠭᠤᠮᠠᠯ ᠳᠠᠬᠢᠨ ᠢᠯᠡᠷᠡᠪᠡ᠃
《ᠣᠳᠣ ᠣᠶ ᠱᠢᠭᠤᠶ ᠥᠩᠭᠡᠷᠡᠭ᠌ᠰᠡᠨᠡᠴᠡᠪᠡᠨ ᠬᠣᠯᠠ ᠰᠠᠢᠨ ᠪᠣᠯᠵᠠᠶ᠂ ᠣᠯᠠᠨ᠎ᠤ ᠭᠠᠯ ᠰᠡᠷᠭᠡᠢᠯᠡᠬᠦ᠌ ᠤᠬᠠᠮᠰᠠᠷ ᠴᠤ᠌ ᠴᠢᠩᠭᠠᠷᠠᠪᠠ᠂ ᠳᠤᠷ᠎ᠠ᠎ᠪᠠᠷ᠎ᠢᠶᠠᠨ ᠣᠭ᠍ᠲᠣᠯᠬᠤ ᠶᠠᠪᠤᠳᠠᠯ ᠦᠨᠳᠦᠰᠦᠨ᠎ᠳᠡᠭᠡᠨ ᠦᠭᠡᠶ ᠪᠣᠯᠵᠠᠶ》᠃ ᠨᠣᠮᠢᠨ ᠨᠣᠭᠣᠭᠠᠨ ᠵᠢᠡᠷ ᠬᠤᠴᠢᠭᠳᠠᠬᠰᠠᠨ ᠠᠭᠤᠯᠠ ᠬᠦᠪᠴᠢ ᠪᠣᠯ ᠲᠡᠭᠦᠨ ᠳᠦ ᠦᠭᠬᠦᠭᠰᠡᠨ ᠬᠠᠮᠤᠭ᠎ᠤᠨ ᠶᠡᠬᠡ ᠲᠠᠢᠳᠭᠤᠷᠠᠭᠤᠯᠤᠯ ᠮᠥᠨ᠃
ᠸᠠᠩ ᠴᠢᠩ ᠸᠸᠨ᠂ ᠤᠳᠤ ᠱᠢᠨᠵᠢᠯᠡᠬᠦ᠌ ᠤᠬᠠᠭᠠᠨ ᠲᠸᠭ᠌ᠨᠢ᠌ᠡ᠋ ᠮᠡᠷᠭᠡᠵᠢᠯ ᠪᠠᠰᠠ ᠭᠠᠯ᠎ᠢ ᠰᠡᠷᠭᠡᠢᠯᠡᠬᠦ᠌᠂ ᠳᠠᠭᠠᠭᠤᠯᠢ ᠤᠳᠤᠨ᠎ᠤ ᠬᠢᠨᠠᠨ ᠬᠡᠮᠵᠢᠯᠲᠡ᠂ ᠸᠢᠳᠢᠣ᠋ ᠬᠠᠢᠭᠤᠷ᠂ ᠪᠠᠷᠠᠯᠠᠬᠤ ᠲᠠᠢ᠌ᠰᠠᠨ ᠬᠠᠷᠠᠭᠤᠯ᠂ ᠭᠠᠵᠠᠷ ᠳᠡᠭᠡᠷᠡᠬᠢ ᠴᠠᠭ᠍ᠳᠠᠨ ᠪᠠᠢᠴᠠᠭᠠᠯᠲᠠ᠎ᠶ᠋ᠢ ᠤᠶᠠᠯᠳᠤᠭᠤᠯᠵᠤ᠂ ᠭᠠᠯ᠎ᠢ ᠰᠡᠷᠭᠡᠢᠯᠡᠬᠦ᠌ ᠠᠵᠢᠯ᠎ᠢ ᠨᠡᠩ ᠣᠨᠣᠪᠴᠢᠲᠠᠢ ᠪᠣᠯᠭᠠᠵᠠᠢ᠃ ᠭᠡᠪᠡᠴᠦ᠍ ᠣᠶ ᠰᠢᠭᠤᠢ ᠬᠠᠮᠠᠭᠠᠯᠠᠭ᠍ᠴᠢ᠎ᠶ᠋ᠢᠨ ᠪᠠᠲᠤ ᠰᠠᠬᠢᠯᠲᠠ᠎ᠶ᠋ᠢ ᠬᠡᠨ ᠴᠦ᠍ ᠣᠷᠣᠯᠠᠵᠤ ᠳᠡᠢᠯᠬᠦ᠌ ᠥᠬᠡᠶ᠃ 《ᠠᠷᠠᠢ 6 ᠵᠢᠯ ᠪᠣᠯᠬᠤ ᠦᠭᠡᠢ ᠠᠵᠢᠯ᠎ᠡᠴᠡ᠎ᠪᠠᠨ ᠠᠮᠠᠷᠠᠬᠤ ᠪᠤᠯᠤᠯ᠎ᠠ᠂ ᠡᠨᠳᠡ᠎ᠡᠴᠡ ᠰᠠᠯᠵᠤ ᠶᠠᠳᠠᠵᠤ ᠪᠠᠢᠨ᠎ᠠ᠂ ᠬᠠᠷᠠᠵᠤ ᠪᠠᠢᠲᠠᠯ᠎ᠠ ᠠᠭᠤᠯᠠᠨ ᠳᠣᠲᠣᠷᠠᠬᠢ ᠵᠢᠵᠢᠭ ᠮᠣᠳᠣᠳ ᠦᠰᠴᠦ ᠤᠷᠭᠤᠭᠠᠳ ᠡᠨᠡᠬᠦ ᠣᠶ ᠱᠢᠭᠤᠶ ᠶᠠᠭ ᠯᠠ ᠥᠪᠡᠷ᠎ᠦᠨ ᠬᠡᠦᠬᠡᠳᠱᠢᠭ᠋ ᠰᠠᠨᠠᠭ᠍ᠳᠠᠨ᠎ᠠ》 ᠭᠡᠵᠦ᠍ ᠸᠠᠩ ᠴᠢᠩ ᠸᠸᠨ ᠰᠡᠳᠭᠢᠯ ᠳᠣᠭ᠍ᠳᠣᠯᠤᠨ ᠬᠡᠯᠡᠪᠡ᠃
ᠶᠡᠬᠡ ᠬᠢᠩᠭᠠᠨ ᠳᠠᠪᠠᠭ᠎ᠠ᠎ᠶ᠋ᠢᠨ ᠡᠮᠦᠨ᠎ᠡ ᠬᠣᠷᠮᠣᠶ᠎ᠳᠤ ᠪᠠᠢᠷᠢᠯᠠᠵᠤ ᠪᠠᠢᠭ᠎ᠠ ᠬᠣᠷᠴᠢᠨ ᠪᠠᠷᠠᠭᠤᠨ ᠭᠠᠷᠤᠨ ᠡᠮᠦᠨᠡᠲᠦ ᠬᠣᠱᠢᠭᠤ ᠪᠣᠯ ᠡᠬᠡ ᠤᠯᠤᠰ᠎ᠤᠨ ᠤᠮᠠᠷᠠᠲᠤ᠎ᠶ᠋ᠢᠨ ᠴᠢᠬᠤᠯᠠ ᠠᠮᠢ ᠠᠬᠤᠶ᠎ᠶ᠋ᠢᠨ ᠠᠮᠤᠷ ᠲᠦᠪᠱᠢᠨ᠎ᠦ ᠬᠠᠯᠬᠠᠪᠴᠢ᠎ᠶ᠋ᠢ ᠪᠥᠲᠥᠭᠡᠨ ᠪᠠᠢᠭᠤᠯᠬᠤ ᠵᠠᠩᠭᠢᠯᠠᠭ᠎ᠠ᠎ᠶ᠋ᠢᠨ ᠣᠷᠣᠨ ᠪᠦᠰᠡ ᠪᠣᠯᠤᠨ᠎ᠠ᠃ ᠪᠦᠬᠦ᠌ ᠬᠣᠱᠢᠭᠤᠨ᠎ᠤ ᠥᠷᠭᠡᠨ ᠠᠭᠤᠳᠠᠮ ᠬᠦᠪᠴᠢ ᠤᠢ᠎ᠶ᠋ᠢᠨ ᠳᠤᠮᠳᠠ᠂ 4 ᠰᠠᠭᠤᠷᠢ ᠭᠠᠯ ᠪᠠᠷᠠᠯᠠᠬᠤ ᠲᠠᠬ᠎ᠳᠦ 《ᠨᠢᠳᠦ》 ᠱᠢᠭ ᠡᠳᠦᠷ ᠰᠥᠨᠢ ᠦᠭᠡᠢ ᠰᠠᠬᠢᠨ ᠪᠠᠷᠠᠯᠠᠵᠤ᠂ ᠨᠢᠭᠤᠭ᠍ᠳᠠᠵᠤ ᠪᠠᠢᠭ᠎ᠠ ᠲᠦᠢᠮᠡᠷ᠎ᠦᠨ ᠪᠠᠢᠳᠠᠯ᠎ᠢ ᠴᠠᠭ ᠢᠮᠠᠭ᠍ᠲᠠ ᠰᠡᠷᠡᠮᠵᠢᠯᠡᠵᠦ᠍ ᠪᠠᠢᠯ᠎ᠠ᠃
《ᠮᠢᠩᠭᠠᠨ ᠠᠭᠤᠯᠠ᠎ᠶ᠋ᠢ ᠦᠵᠡᠵᠦ ᠲᠦᠮᠡᠨ ᠭᠠᠵᠠᠷ ᠠᠶᠠᠯᠠᠨ᠎ᠠ》᠃ ᠡᠨᠡ ᠪᠣᠯ ᠸᠠᠩ ᠴᠢᠩ ᠸᠸᠨ᠎ᠤ ᠠᠵᠢᠯ᠎ᠤᠨ ᠵᠢᠷᠤᠭ᠍ᠯᠠᠯ ᠪᠣᠯᠬᠤ᠎ᠪᠠᠷ ᠪᠠᠷᠠᠬᠤ ᠦᠭᠡᠶ᠂ ᠨᠡᠩ ᠴᠤ᠌ ᠪᠦᠬᠦ᠌ ᠬᠣᠱᠢᠭᠤᠨ᠎ᠤ 443 ᠣᠶ ᠰᠢᠭᠤᠢ ᠬᠠᠮᠠᠭᠠᠯᠠᠭ᠍ᠴᠢ᠎ᠶ᠋ᠢᠨ ᠬᠠᠮᠲᠤ᠎ᠶ᠋ᠢᠨ ᠡᠭᠦᠷᠭᠡ ᠮᠥᠨ᠃ ᠲᠠᠳᠠ ᠠᠭᠤᠯᠠ ᠴᠠᠭ᠍ᠳᠠᠵᠤ ᠬᠠᠮᠢᠶᠠᠷᠤᠨ ᠬᠠᠮᠠᠭᠠᠯᠠᠬᠤ ᠬᠠᠷᠢᠭᠤᠴᠠᠯᠭ᠎ᠠ᠎ᠶ᠋ᠢᠨ ᠣᠷᠣᠨᠵᠢᠡᠨ ᠪᠠᠲᠤ ᠰᠠᠬᠢᠵᠤ᠂ 655 ᠲᠦᠮᠡᠨ ᠮᠥ᠍ ᠠᠭᠤᠯᠠᠨ ᠣᠶ᠎ᠶ᠋ᠢᠨ ᠲᠦᠶ᠋ᠮᠡᠷ᠎ᠦᠨ ᠪᠠᠢᠳᠠᠯ᠎ᠢ ᠬᠢᠨᠠᠨ ᠬᠡᠮᠵᠢᠬᠦ᠌ ᠪᠠ ᠤᠷᠢᠳᠴᠢᠯᠠᠨ ᠰᠡᠷᠡᠮᠵᠢᠯᠡᠭᠦᠯᠬᠦ᠌ ᠬᠦᠨᠳᠦ ᠡᠭᠦᠷᠭᠡ᠎ᠶ᠋ᠢ ᠡᠭᠦᠷᠭᠡᠯᠡᠵᠦ᠍᠂ ᠬᠣᠪᠣᠷ ᠨᠠᠨᠳᠢᠨ ᠣᠶ ᠱᠢᠭᠤᠶ᠎ᠶ᠋ᠢᠨ ᠡᠬᠢ ᠪᠠᠶᠠᠯᠢᠭ᠎ᠢ ᠰᠠᠬᠢᠨ ᠬᠠᠮᠠᠭᠠᠯᠠᠵᠤ ᠪᠣᠶ᠃