— ᠪᠥᠬᠥ᠌ ᠤᠯᠤᠰ ᠤᠨ ᠶᠣᠰᠣ ᠰᠤᠷᠲᠠᠬᠤᠨ ᠤ ᠵᠢᠱ᠌ᠢᠶᠡᠴᠢ ᠶ᠋ᠢᠨ ᠨᠡᠷ᠎ᠡ ᠳᠤᠷᠠᠳᠤᠭ᠍ᠳᠠᠭ᠍ᠰᠠᠨ ᠱᠠᠩᠨᠠᠯ ᠬᠦᠷᠲᠡᠭ᠌ᠴᠢ ᠳ᠋ᠦᠩ ᠬᠣᠩ ᠷᠦᠶ᠋ᠢ ᠲᠡᠮᠳᠡᠭ᠌ᠯᠡᠪᠡ
《ᠰᠤᠮᠤᠨ ᠠᠭᠤᠯᠠᠨ ᠤ ᠣᠳᠣᠬᠠᠨ᠎ᠤ ᠠᠮᠵᠢᠯᠲᠠ ᠪᠦᠲᠦᠮᠵᠢ ᠪᠣᠯ ᠬᠡᠳᠦᠨ ᠦᠶ᠎ᠡ᠎ᠶ᠋ᠢᠨ ᠣᠢᠵᠢᠭᠤᠯᠤᠯᠲᠠ᠎ᠶ᠋ᠢᠨ ᠬᠥᠮᠦᠰ ᠦᠨ ᠵᠣᠪᠠᠭᠤᠷᠢ ᠵᠦᠳᠡᠭᠦᠷᠢ ᠶ᠋ᠢ ᠲᠡᠰᠪᠦᠷᠢᠯᠡᠵᠦ᠍᠂ ᠱᠢᠷᠭᠠᠭᠤ ᠬᠠᠲᠠᠭᠤᠵᠢᠯᠲᠠᠶ ᠲᠡᠮᠡᠴᠡᠭ᠌ᠰᠡᠨ᠎ᠦ ᠦᠷ᠎ᠡ ᠳ᠋ᠦᠩ ᠪᠣᠯᠤᠨ᠎ᠠ᠂ ᠲᠠᠳᠠ ᠨᠠᠮ᠎ᠤᠨ ᠤᠷᠢᠶᠠᠯᠠᠭ᠎ᠠ᠎ᠶ᠋ᠢ ᠴᠤᠤᠷᠢᠶᠠᠲᠤᠨ᠂ ᠨᠠᠮ ᠤᠨ ᠵᠢᠯᠣᠭᠣᠳᠣᠯᠭ᠎ᠠ ᠶ᠋ᠢ ᠳᠠᠭᠠᠵᠤ᠂ ᠬᠦᠴᠢᠷ᠎ᠡᠴᠡ ᠠᠶᠤᠬᠤ ᠥᠬᠡᠶ᠂ ᠶᠠᠳᠠᠷᠠᠯ ᠵᠦᠳᠡᠷᠡᠯ᠎ᠡᠴᠡ ᠠᠶᠤᠬᠤ ᠥᠬᠡᠶ ᠪᠡᠷ ᠠᠵᠢᠯᠯᠠᠵᠤ ᠣᠯᠤᠭ᠍ᠰᠠᠨ ᠶᠤᠮ》᠃ 5 ᠰᠠᠷ᠎ᠠ᠎ᠶ᠋ᠢᠨ 27 ᠤ ᠡᠳᠦᠷ᠂ ᠨᠠᠶᠠᠨ ᠳᠤᠯᠤᠭᠠᠳᠠᠢ ᠤᠯᠠᠭᠠᠨᠴᠠᠪ ᠬᠣᠲᠠ᠎ᠶ᠋ᠢᠨ ᠱᠢᠩ ᠾᠧ ᠱᠢᠶᠠᠨ᠎ᠤ ᠰᠤᠮᠤᠨ ᠠᠭᠤᠯᠠ ᠣᠶ ᠱᠢᠭᠤᠶ᠎ᠶ᠋ᠢᠨ ᠲᠠᠯᠠᠪᠠᠶ᠎ᠶ᠋ᠢᠨ ᠤᠤᠯ᠎ᠤᠨ ᠳᠠᠷᠤᠭ᠎ᠠ ᠳ᠋ᠦᠩ ᠬᠣᠩ ᠷᠦ ᠥᠪᠡᠷ᠎ᠦᠨ ᠬᠡᠷ᠎ᠲᠡᠬᠡᠨ ᠱᠢᠩ ᠾᠧ ᠱᠢᠶᠠᠨ᠎ᠤ ᠴᠧᠩ ᠭᠤᠸᠠᠨ ᠪᠠᠯᠭᠠᠰᠤ᠎ᠶ᠋ᠢᠨ ᠱᠢᠩ ᠹᠠ ᠨᠡᠢᠭᠡᠮ ᠲᠣᠭᠣᠷᠢᠭ᠎ᠤᠨ ᠰᠠᠢᠨ ᠳᠤᠷᠠᠴᠤᠳ᠎ᠲᠤ ᠥᠪᠡᠷ᠎ᠦᠨ ᠥᠩᠭᠡᠷᠡᠯᠲᠡ᠎ᠪᠡᠨ ᠭᠦᠨ ᠰᠡᠳᠭᠢᠯᠭᠡ᠎ᠲᠡᠶ᠎ᠪᠡᠷ ᠶᠠᠷᠢᠨ ᠦᠭᠴᠤ ᠪᠠᠢᠯ᠎ᠠ᠃
5 ᠰᠠᠷ᠎ᠠ᠎ᠶ᠋ᠢᠨ 23 ᠪ ᠡᠳᠦᠷ᠂ ᠪᠥᠬᠥ᠌ ᠤᠯᠤᠰ᠎ᠤᠨ ᠣᠶᠤᠨ᠎ᠤ ᠪᠣᠯᠪᠠᠰᠤᠨ᠎ᠤ ᠪᠠᠢᠭᠤᠯᠤᠯᠲᠠ᠎ᠶ᠋ᠢᠨ ᠬᠥᠬᠢᠭᠦᠯᠦᠨ ᠰᠠᠢᠱᠢᠶᠠᠬᠤ ᠶᠡᠬᠡ ᠬᠤᠷᠠᠯ ᠪᠡᠭᠡᠵᠢᠩ᠎ᠳᠦ ᠬᠤᠷᠠᠯᠳᠤᠵᠤ᠂ ᠬᠤᠷᠠᠯ᠎ᠠᠴᠠ ᠶᠢᠰᠦᠳᠦᠭᠡᠷ ᠬᠤᠭᠤᠴᠠᠭᠠᠨ᠎ᠤ ᠪᠥᠬᠥ᠌ ᠤᠯᠤᠰ᠎ᠤᠨ ᠶᠣᠰᠣ ᠰᠤᠷᠲᠠᠬᠤᠨ᠎ᠤ ᠵᠢᠱ᠌ᠢᠶᠡᠴᠢ ᠵᠢᠴᠢ ᠨᠡᠷ᠎ᠡ ᠳᠤᠷᠠᠳᠤᠭ᠍ᠳᠠᠭ᠍ᠰᠠᠨ ᠱᠠᠩᠨᠠᠯ ᠬᠦᠷᠲᠡᠭ᠌ᠴᠢ ᠵᠢ ᠱᠠᠡᠭᠨᠠᠵᠠᠢ᠃ ᠬᠤᠷᠠᠯ ᠲᠠᠭᠡᠷ᠎ᠠ ᠳ᠋ᠦᠩ ᠬᠣᠩ ᠷᠦ ᠪᠥᠬᠥ᠌ ᠤᠯᠤᠰ᠎ᠤᠨ ᠶᠣᠰᠣ ᠰᠤᠷᠲᠠᠬᠤᠨ᠎ᠤ ᠵᠢᠱ᠌ᠢᠶᠡᠴᠢ᠎ᠶ᠋ᠢᠨ ᠨᠡᠷ᠎ᠡ ᠳᠤᠷᠠᠳᠤᠭ᠍ᠳᠠᠭ᠍ᠰᠠᠨ ᠱᠠᠩᠨᠠᠯ ᠬᠦᠷᠲᠡᠭ᠌ᠴᠢ᠎ᠶ᠋ᠢᠨ ᠢᠷᠠᠭᠤ ᠠᠯᠳᠠᠷ᠎ᠤᠨ ᠴᠣᠯᠠ᠎ᠶ᠋ᠢ ᠭᠥᠷᠳᠡᠪᠡ᠃ ᠡᠨᠡ ᠬᠦ᠌ ᠢᠷᠠᠭᠤ ᠠᠯᠳᠠᠷ᠎ᠢ ᠬᠦᠷᠳᠡᠭ᠌ᠰᠡᠨᠦ ᠲᠠᠷᠠᠭ᠎ᠠ᠂ ᠳ᠋ᠦᠩ ᠬᠣᠩ ᠷᠦ ᠨᠠᠰᠤᠲᠠᠨ ᠶᠠᠭᠠᠷᠠᠯᠲᠠᠢ ᠴᠠᠭ ᠮᠥᠴᠡ᠎ᠪᠡᠨ ᠤᠭ᠍ᠲᠤᠵᠤ᠂ ᠤᠯᠠᠨ ᠬᠦᠮᠦᠨ ᠤᠯᠨᠨ ᠵᠤᠢᠯ ᠤ᠋ᠨ ᠠᠷᠭ᠎ᠠ ᠵᠠᠮ ᠵᠢᠡᠷ ᠲᠡᠭᠦᠨ ᠲᠠᠢ ᠬᠠᠷᠢᠯᠴᠠᠵᠤ ᠲᠡᠭᠦᠨ᠎ᠳᠦ ᠪᠠᠶᠠᠷ ᠬᠦᠷᠭᠡᠵᠦ᠍᠂ ᠵᠠᠷᠢᠮ ᠪᠠᠢᠭᠤᠯᠭ᠎ᠠ ᠰᠠᠯᠠᠭ᠎ᠠ ᠮᠥᠴᠢᠷ᠎ᠦᠨ ᠬᠢᠨ ᠠᠵᠢᠯᠳᠠᠨ᠎ᠢᠶᠠᠨ ᠵᠣᠬᠢᠶᠠᠨ ᠪᠠᠢᠭᠤᠯᠵᠤ ᠨᠠᠰᠤᠲᠠᠨ ᠤ ᠭᠡᠷ ᠲᠦ ᠬᠦᠷᠴᠦ᠍ 《ᠨᠣᠮ ᠵᠠᠯᠠᠵᠤ》᠂ ᠲᠡᠭᠦᠨ᠎ᠦ ᠰᠡᠳᠭᠢᠯ ᠬᠥᠳᠡᠯᠭᠡᠮ᠎ᠡ ᠦᠢᠯᠡ ᠠᠵᠢᠯᠯᠠᠭ᠎ᠠ᠎ᠶ᠋ᠢ ᠰᠣᠨᠣᠰᠴᠤ ᠶᠠᠭᠠᠷᠠᠨ᠎ᠠ᠃ ᠱᠢᠩ ᠹᠠ ᠨᠡᠢᠭᠡᠮ ᠲᠣᠭᠣᠷᠢᠭ᠎ᠤᠨ ᠬᠢᠨ ᠲᠡᠷᠡ ᠳᠠᠷᠤᠢ ᠰᠠᠢ᠌ᠨ ᠲᠤᠷᠠᠴᠤᠳ ᠵᠢᠡᠨ ᠵᠣᠬᠢᠶᠠᠨ ᠪᠠᠢᠭᠤᠯᠵᠤ᠂ ᠳ᠋ᠦᠩ ᠬᠣᠩ ᠷᠦ ᠵᠢᠨ ᠭᠡᠷ᠎ᠲᠦ ᠢᠷᠡᠵᠥ᠍᠂ ᠨᠠᠰᠤᠲᠠᠨ᠎ᠤ ᠶᠠᠷᠢᠭ᠍ᠰᠠᠨ ᠰᠡᠳᠭᠢᠯ ᠬᠥᠳᠡᠯᠭᠡᠮ᠎ᠡ ᠦᠢᠯᠡ ᠠᠵᠢᠯᠯᠠᠭ᠎ᠠ᠎ᠶ᠋ᠢ ᠰᠣᠨᠣᠰᠬᠠᠵᠠᠢ᠃
ᠳ᠋ᠦᠩ ᠬᠣᠩ ᠷᠦ ᠵᠢᠨ ᠦᠢᠯᠡ ᠠᠵᠢᠯᠯᠠᠭ᠎ᠠ ᠵᠢ ᠶᠠᠷᠢᠬᠤ ᠳ᠋ᠤ ᠰᠤᠮᠤᠨ ᠠᠭᠤᠯᠠ ᠵᠢᠨ ᠤᠢ ᠱᠢᠭᠤᠢ᠎ᠶ᠋ᠢᠨ ᠲᠠᠯᠠᠪᠠᠢ ᠪᠣᠯᠤᠨ ᠮᠣᠳᠣ ᠲᠠᠷᠢᠬᠤ᠎ᠠᠴᠠ ᠵᠠᠢᠯᠠᠵᠤ ᠴᠢᠳᠠᠬᠤ ᠦᠭᠡᠢ᠃ ᠬᠦᠮᠤᠰ ᠳ᠋ᠦᠩ ᠬᠣᠩ ᠷᠦ ᠨᠠᠰᠤᠲᠠᠨ ᠡᠴᠡ ᠲᠡᠬᠦᠨ ᠤ᠋ ᠦᠢᠯᠡ ᠶᠠᠪᠤᠳᠠᠯ᠎ᠢ ᠠᠰᠠᠭᠤᠬᠤ ᠪᠦᠷᠢ ᠲᠡᠷᠡ᠄ 《ᠪᠢ ᠡᠨᠡ ᠨᠠᠰᠤᠨ᠎ᠳᠠᠭᠠᠨ ᠭᠠᠭ᠍ᠴᠠᠬᠠᠨ ᠪᠠᠢᠭᠤᠯᠭ᠎ᠠ᠎ᠲᠠᠶ᠂ ᠳᠠᠷᠤᠢ ᠰᠤᠮᠤᠨ ᠠᠭᠤᠯᠠ ᠵᠢᠨ ᠤᠢ ᠱᠢᠭᠤᠢ᠎ᠶ᠋ᠢᠨ ᠲᠠᠯᠠᠪᠠᠢ᠂ ᠵᠥᠪᠬᠡᠨ ᠨᠢᠭᠡ ᠯᠡ ᠶᠠᠪᠤᠳᠠᠯ ᠬᠢᠭᠰᠡᠨ ᠭᠡᠪᠡᠯ ᠳᠠᠷᠤᠢ ᠮᠣᠳᠣ ᠲᠠᠷᠢᠭᠰᠠᠨ ᠶᠠᠪᠤᠳᠠᠯ ᠪᠤᠯᠤᠨ᠎ᠠ︾ᠬᠡᠵᠤ ᠨᠠᠰᠤᠲᠠᠨ ᠥᠪᠡᠷ᠎ᠦᠨ ᠮᠣᠳᠣ ᠲᠠᠷᠢᠵᠤ ᠣᠢᠵᠢᠭᠤᠯᠬᠤ ᠦᠢᠯᠡᠰ᠎ᠲᠦ ᠬᠠᠢᠷᠠᠲᠠᠢ᠂ ᠥᠪᠡᠷ᠎ᠦᠨ ᠰᠣᠩᠭᠣᠭ᠍ᠰᠠᠨ ᠠᠵᠢᠯ ᠦᠢᠯᠡᠰ᠎ᠲᠡᠬᠡᠨ ᠦᠨᠡᠨᠴᠢ ᠱᠢᠳᠤᠷᠭᠤ ᠪᠠᠢᠬᠤ᠎ᠪᠠᠨ ᠡᠭᠡᠯ ᠪᠣᠷᠣᠭ᠍ᠵᠢᠭᠤᠨ ᠦᠭᠡ ᠶᠠᠷᠢᠶᠠᠨ᠎ᠳᠠᠭᠠᠨ ᠢᠯᠡᠳᠭᠡᠵᠦ᠍ ᠪᠠᠢᠯ᠎ᠠ᠃
ᠱᠢᠩ ᠾᠧ ᠱᠢᠶᠠᠨ᠎ᠤ ᠰᠤᠮᠤᠨ ᠠᠭᠤᠯᠠ ᠨᠢ ᠡᠮᠦᠨᠡᠲᠦ ᠬᠡᠰᠡᠭ᠎ᠦᠨ ᠮᠤᠨᠢ ᠠᠭᠤᠯᠠ ᠨᠢᠷᠤᠭᠤ᠎ᠶ᠋ᠢᠨ ᠵᠡᠭᠦᠨ ᠦᠵᠦᠭᠦᠷ᠎ᠲᠦ ᠪᠠᠢᠷᠢᠯᠠᠵᠤ᠂ ᠳᠤᠮᠳᠠᠴᠢ᠎ᠪᠠᠷ ᠳᠠᠯᠠᠶ᠎ᠶ᠋ᠢᠨ ᠲᠦᠪᠱᠢᠨ᠎ᠡᠴᠡ 2000 ᠮᠧᠲ᠋ᠷ᠎ᠡᠴᠡ ᠳᠡᠭᠡᠭ᠌ᠰᠢ ᠡᠷᠭᠦᠭ᠌ᠳᠡᠵᠠᠢ᠃ ᠵᠤᠨ᠎ᠤ ᠤᠯᠠᠷᠢᠯ᠎ᠳᠤ᠂ ᠰᠤᠮᠤᠨ ᠠᠭᠤᠯᠠᠨ ᠤ᠋ ᠤᠢ᠎ᠶ᠋ᠢᠨ ᠳᠤᠮᠳᠠᠬᠢ ᠵᠥᠷᠢᠭ᠎ᠢᠶᠡᠷ ᠠᠯᠬᠤᠯᠠᠬᠤ ᠳ᠋ᠤ᠂ ᠬᠠᠷᠭᠠᠢ᠂ ᠲᠤᠰ᠎ᠤᠨ ᠨᠠᠷᠠᠰᠤ᠂ ᠭᠠᠴᠤᠷ᠎ᠠ᠂ ᠪᠠᠢ᠌ᠭᠠᠯᠢᠯᠢᠬ ᠴᠠᠭᠠᠨ ᠬᠤᠰᠤ ᠵᠡᠷᠭᠡ ᠮᠤᠳᠤᠳ ᠬᠦᠬᠡᠷᠡᠨ ᠬᠠᠷᠠᠭᠳᠠᠨ᠎ᠠ᠃ ᠠᠭᠤᠯᠨᠨ ᠤᠷᠤᠢ ᠡᠴᠡ ᠡᠷᠭᠢᠨ ᠲᠣᠭᠣᠷᠢᠨ᠎ᠤ 10 ᠭᠠᠷᠤᠶ ᠺᠢᠯᠣᠮᠧᠲ᠋ᠷ᠎ᠢ ᠥᠩᠭᠡᠢᠨ ᠬᠠᠷᠠᠪᠠᠯ᠂ ᠠᠷᠪᠠᠨ ᠬᠡᠳᠦᠨ ᠠᠭᠤᠯᠠᠨ ᠣᠷᠣᠶ᠎ᠶ᠋ᠢᠨ《ᠨᠣᠭᠣᠭᠠᠨ ᠳᠣᠯᠭᠢᠶᠠᠨ》 ᠦᠷᠭᠦᠯᠵᠢᠯᠠᠵᠤ᠂ ᠮᠤᠷᠤᠶ ᠰᠠᠷᠤᠶ ᠰᠦᠷᠯᠢᠭ ᠨᠣᠭᠣᠭᠠᠨ 《ᠤᠷᠲᠤ ᠴᠠᠭᠠᠨ ᠬᠡᠷᠡᠮ》 ᠮᠡᠲᠤ ᠬᠠᠷᠠᠭᠳᠠᠨ᠎ᠠ᠃ ᠨᠢᠳᠦᠨ ᠡᠮᠦᠨᠡᠬᠢ ᠨᠣᠮᠢᠨ ᠨᠣᠭᠣᠭᠠᠨ ᠥᠩᠭᠡ ᠨᠢ ᠡᠨᠳᠡᠬᠢ ᠤᠤᠯ ᠤ᠋ᠨ 《ᠠᠭᠤᠯᠠᠨ ᠳᠡᠭᠡᠷ᠎ᠡ ᠡᠪᠡᠰᠦ ᠤᠷᠭᠤᠬᠤ ᠥᠬᠡᠶ᠂ ᠰᠠᠯᠬᠢ ᠦᠯᠢᠶᠡᠵᠦ᠍ ᠴᠢᠯᠠᠭᠤ ᠬᠡᠢᠰᠬᠦ》 ᠡᠵᠡᠭᠦᠶ ᠬᠡᠭᠡᠷ᠎ᠡ᠂ ᠬᠥᠷᠥᠰᠥ᠍ ᠱᠢᠷᠣᠶ ᠬᠦᠨᠳᠦ ᠨᠣᠴᠢᠲᠠᠶ ᠢᠳᠡᠭ᠌ᠳᠡᠭ᠌ᠰᠡᠨ ᠥᠨᠳᠥᠷ ᠬᠦᠶ᠋ᠲᠡᠨ ᠠᠭᠤᠯᠠᠷᠬᠠᠭ ᠣᠷᠣᠨ ᠪᠠᠢᠭᠰᠠᠨ ᠢ᠋ ᠬᠥᠮᠦᠰ᠎ᠲᠦ ᠪᠤᠳᠤᠭ᠍ᠳᠠᠭᠤᠯᠬᠤᠳᠤ ᠪᠡᠷᠬᠡ ᠶᠤᠮ᠃ ᠰᠤᠮᠤᠨ ᠠᠭᠤᠯᠠ ᠬᠤᠪᠠᠬᠠᠢ ᠠᠭᠤᠯᠠ ᠪᠠᠢᠭᠰᠠᠨ ᠡᠴᠡ ᠪᠠᠨ ᠠᠮᠢ ᠠᠬᠤᠢ᠎ᠶ᠋ᠢᠨ ᠤᠢ ᠱᠢᠭᠤᠢ ᠪᠤᠯᠵᠤ ᠶᠡᠬᠡ ᠬᠤᠪᠢᠷᠠᠯᠲᠠ ᠭᠠᠷᠤᠭᠰᠠᠨ ᠨᠢ᠂ ᠳ᠋ᠦᠩ ᠬᠣᠩ ᠷᠦ ᠪᠡᠷ ᠲᠥᠯᠥᠭᠡᠯᠡᠭᠦᠯᠦᠭ᠌ᠰᠡᠨ ᠬᠡᠳᠦᠨ ᠦᠶ᠎ᠡ᠎ᠶ᠋ᠢᠨ ᠣᠢᠵᠢᠭᠤᠯᠤᠯᠲᠠ᠎ᠶ᠋ᠢᠨ ᠬᠥᠮᠦᠰ᠎ᠦᠨ ᠦᠷᠭᠦᠯᠵᠢᠯᠡᠨ ᠲᠡᠮᠡᠴᠡᠭ᠌ᠰᠡᠨ᠎ᠡᠴᠡ ᠰᠠᠯᠵᠤ ᠴᠢᠳᠠᠬᠤ ᠦᠬᠡᠢ᠂ ᠨᠡᠩ ᠴᠤ᠌ ᠨᠠᠮ᠎ᠤᠨ ᠪᠠᠲᠤ ᠴᠢᠩᠭ᠎ᠠ ᠤᠳᠤᠷᠢᠳᠤᠯᠭ᠎ᠠ᠎ᠠᠴᠠ ᠰᠠᠯᠵᠤ ᠴᠢᠳᠠᠬᠤ ᠦᠬᠡᠢ ᠶᠤᠮ᠃
1956 ᠣᠨ᠎ᠳᠤ᠂ ᠰᠤᠮᠤᠨ ᠠᠭᠤᠯᠠ᠎ᠶ᠋ᠢ ᠬᠠᠮᠠᠭᠠᠯᠠᠨ ᠨᠣᠭᠣᠭᠠᠷᠠᠭᠤᠯᠬᠤ᠎ᠶ᠋ᠢᠨ ᠲᠥᠯᠥᠭᠡ᠂ ᠱᠢᠩ ᠾᠧ ᠱᠢᠶᠠᠨ ᠲᠤᠰᠭᠠᠢᠯᠠᠨ ᠤᠢ ᠬᠠᠮᠠᠭᠠᠯᠠᠬᠤ ᠦᠷᠳᠡᠬᠡ ᠪᠠᠢᠭᠤᠯᠵᠤ᠂ ᠤᠷᠢᠳ ᠬᠣᠵᠢᠳ ᠤᠯᠠᠨ ᠤᠢ ᠬᠠᠮᠠᠭᠠᠯᠠᠭ᠍ᠴᠢ᠎ᠶ᠋ᠢ ᠲᠣᠮᠢᠯᠠᠭ᠍ᠰᠠᠨ ᠪᠣᠯᠪᠠᠴᠤ᠌ ᠨᠥᠬᠥᠴᠡᠯ ᠬᠠᠲᠠᠭᠤᠵᠢᠯᠲᠠᠢ᠎ᠠᠴᠠ ᠪᠤᠯᠵᠤ ᠴᠦᠮ ᠠᠭᠤᠯᠠᠨ ᠠᠴᠠ︽ᠤᠷᠭᠤᠨ ᠶᠠᠪᠤᠵᠠᠢ︾᠃
1958 ᠣᠨ᠎ᠳᠤ᠂ ᠠᠷᠪᠠ ᠶᠢᠰᠦᠳᠡᠢ ᠳ᠋ᠦᠩ ᠬᠣᠩ ᠷᠦ ᠪᠣᠭ᠍ᠴᠣ ᠪᠤᠭᠤᠳᠠᠯ ᠵᠢᠡᠨ ᠡᠭᠦᠷᠴᠦ᠍᠂ ᠭᠠᠭ᠍ᠴᠠᠭᠠᠷ᠎ᠢᠶᠠᠨ ᠶᠠᠪᠠᠭᠠᠨ᠎ᠢᠶᠠᠷ ᠱᠢᠶᠠᠨ᠎ᠤ ᠲᠥᠪ᠎ᠡᠴᠡ ᠪᠠᠨ 80 ᠭᠠᠵᠠᠷ ᠵᠠᠢᠲᠠᠢ ᠪᠠᠢᠭ᠎ᠠ ᠰᠤᠮᠤᠨ ᠠᠭᠤᠯᠠᠨ᠎ᠳᠤ ᠢᠷᠡᠵᠤ ᠤᠢ ᠬᠠᠮᠠᠭᠠᠯᠠᠭ᠍ᠴᠢ ᠪᠣᠯᠪᠠ᠃ ᠤᠢ ᠬᠠᠮᠠᠭᠠᠯᠠᠬᠤ ᠦᠷᠳᠡᠭᠡᠨ᠎ᠳᠦ ᠠᠩᠬ᠎ᠠ ᠢᠷᠡᠬᠦ ᠳ᠋ᠤ᠂ ᠲᠡᠡᠳᠡ ᠨᠢᠭᠡᠨ ᠲᠦᠷᠪᠡᠨ ᠲᠠᠯ᠎ᠠ᠎ᠪᠠᠷ᠎ᠢᠶᠠᠨ ᠰᠠᠯᠬᠢ ᠨᠡᠪᠲᠡᠷᠡᠬᠦ᠌ ᠱᠢᠷᠣᠢ᠎ᠶ᠋ᠢᠨ ᠪᠠᠢᠰᠢᠡᠭ᠂ ᠨᠢᠭᠡ ᠬᠦᠯᠳᠡᠬᠦᠤ ᠬᠠᠨᠵᠤ᠂ ᠨᠢᠭᠡ ᠭᠠᠯ ᠲᠦᠯᠡᠬᠦ ᠬᠥᠭᠡᠷᠭᠡ ᠪᠠ ᠬᠣᠭ ᠲᠣᠭᠣᠰᠣᠨ ᠳ᠋ᠤ ᠲᠠᠷᠤᠭᠳᠠᠭᠰᠠᠨ ᠡᠪᠳᠡᠷᠬᠡᠢ ᠮᠣᠳᠣᠨ ᠠᠮᠠᠰᠠᠷ᠎ᠲᠡᠶ ᠵᠢᠪᠡᠷᠡᠭ᠌ᠰᠡᠨ ᠲᠡᠮᠦᠷ ᠲᠣᠭᠣᠭ᠎ᠠ᠎ᠲᠠᠶ ᠪᠠᠢᠪᠠ᠃ ᠭᠡᠷ ᠳᠣᠲᠣᠷ᠎ᠠ ᠭᠠᠵᠠᠷ ᠪᠣᠯᠭᠠᠨ ᠰᠠᠯᠬᠢ ᠨᠡᠪᠲᠡᠷᠡᠵᠦ᠍᠂ ᠡᠭᠦᠳᠡᠨ ᠭᠠᠳᠠᠨ᠎ᠠ ᠬᠠᠯᠴᠠᠭᠠᠢ ᠠᠭᠤᠯᠠᠨ ᠪᠠᠯ ᠬᠠᠷᠠᠭᠳᠠᠨ᠎ᠠ᠃ ᠡᠢᠮᠦᠷᠭᠦ ᠬᠠᠲᠠᠭᠤᠵᠢᠯᠲᠠᠢ ᠣᠷᠴᠢᠨ ᠲᠣᠭᠣᠷᠢᠨ ᠢ᠋ ᠬᠠᠷᠠᠭᠠᠳ᠂ ᠳ᠋ᠦᠩ ᠬᠣᠩ ᠷᠦ᠄ 《 ᠮᠠᠨ᠎ᠤ ᠬᠥᠳᠡᠭᠡ᠎ᠶ᠋ᠢᠨ ᠬᠡᠦᠬᠡᠳ ᠪᠠᠰᠠ ᠬᠠᠯᠠ ᠠᠮᠰᠠᠬᠤ᠎ᠠᠴᠠ ᠠᠶᠤᠨ᠎ᠠ ᠤ᠋ᠤ︖ ᠬᠡᠳᠦᠢ ᠬᠦᠴᠢᠷ ᠪᠡᠷᠬᠡᠱᠢᠶᠡᠯ᠎ᠲᠡᠶ ᠪᠠᠢᠪᠠᠯ ᠲᠡᠳᠦᠢ ᠶᠡᠬᠡ ᠶᠠᠪᠤᠳᠠᠯ ᠪᠦᠲᠦᠭᠡᠵᠦ᠍ ᠴᠢᠳᠠᠨ᠎ᠠ ᠭᠡᠳᠡᠭ ᠲᠤ᠌ ᠪᠢ ᠢᠲᠡᠭᠡᠵᠦ᠍ ᠪᠠᠢᠨ᠎ᠠ》 ᠬᠡᠵᠤ ᠶᠠᠷᠢᠳᠠᠭ ᠪᠠᠢᠵᠠᠢ᠃
ᠳ᠋ᠦᠩ ᠬᠣᠩ ᠷᠦ ᠪᠦᠬᠦ᠌ ᠰᠡᠳᠭᠢᠯ ᠪᠦᠬᠦ᠌ ᠵᠣᠷᠢᠭ᠎ᠢᠶᠠᠷ᠎ᠢᠶᠠᠨ ᠠᠵᠢᠯ ᠬᠢᠬᠦ ᠵᠢᠨ ᠲᠥᠯᠥᠭᠡ ᠭᠡᠷ᠎ᠢᠶᠡᠨ ᠰᠤᠮᠤᠨ ᠠᠭᠤᠯᠠᠨ᠎ᠳᠤ ᠨᠡᠭᠦᠯᠭᠡᠵᠦ᠍᠂ ᠰᠥᠨᠢ ᠤᠨᠲᠠᠬᠤ ᠳ᠋ᠤ ᠭᠡᠷ᠎ᠲᠡᠬᠡᠨ ᠪᠠᠢᠬᠤ ᠬᠤᠪᠴᠠᠰᠤ ᠬᠤᠨᠠᠷ᠎ᠢᠶᠠᠨ ᠪᠦᠬᠦᠨ᠎ᠢ ᠬᠤᠴᠢᠵᠤ ᠪᠠᠢᠭ᠍ᠰᠠᠨ ᠴᠤ᠌ ᠳᠠᠭᠠᠷᠠᠭᠠᠳ ᠴᠡᠴᠡᠷᠡᠵᠦ᠍᠂ ᠥᠷᠯᠥᠭᠡ ᠪᠣᠰᠭᠤ᠎ᠳᠤ ᠲᠣᠭᠣᠭᠠᠨ᠎ᠳᠠᠬᠢ ᠤᠰᠤ ᠨᠢ ᠪᠦᠷ ᠬᠥᠯᠳᠡᠴᠢᠬᠡᠳᠡᠭ ᠪᠠᠢᠯ᠎ᠠ᠃
ᠣᠷᠴᠢᠨ ᠠᠬᠤᠢ ᠮᠠᠭᠤ ᠮᠦᠷᠳᠡᠭᠡᠨ ᠵᠠᠮ ᠬᠠᠷᠢᠯᠴᠠᠭ᠎ᠠ ᠳᠥᠭᠥᠮ ᠦᠭᠡᠢ᠂ ᠡᠮ ᠡᠮᠨᠡᠯᠭᠡ ᠳᠤᠲᠠᠭ᠍ᠳᠠᠵᠤ᠂ ᠡᠳᠦᠷᠵᠢᠨ ᠠᠵᠢᠯ᠎ᠳᠠᠭᠠᠨ ᠶᠠᠭᠠᠷᠠᠵᠤ ᠪᠠᠢᠭᠰᠠᠭᠠᠷ ᠳ᠋ᠦᠩ ᠬᠣᠩ ᠷᠦ ᠭᠤᠷᠪᠠᠨ ᠬᠡᠦᠬᠡᠳ᠎ᠢᠶᠡᠨ ᠠᠯᠳᠠᠵᠠᠢ᠃ ᠭᠡᠪᠡᠴᠦ᠍ ᠵᠣᠪᠠᠯᠠᠩ ᠤ᠋ᠨ ᠡᠮᠤᠨ᠎ᠠ ᠲᠡᠷᠡ ᠬᠤᠢᠰᠢ ᠤᠬᠤᠷᠢᠭᠰᠠᠨ ᠦᠭᠡᠢ᠂ ᠲᠡᠬᠦᠨ ᠤ᠋ ᠰᠤᠮᠤᠨ ᠠᠭᠤᠯᠠᠨ ᠳᠡᠭᠡᠷ᠎ᠡ ᠦᠢᠯᠡᠰ ᠪᠦᠲᠦᠭᠡᠬᠦ᠌ ᠬᠡᠰᠡᠨ ᠬᠠᠳᠠᠭᠤ ᠪᠤᠳᠤᠯᠭ᠎ᠠ ᠴᠤ᠌ ᠭᠤᠢᠪᠢᠯᠵᠠᠭᠰᠠᠨ ᠦᠭᠡᠢ᠂ ᠲᠡᠭᠡᠭᠡᠳ ᠲᠡᠷᠡ ᠰᠤᠮᠤᠨ ᠠᠭᠤᠯᠠ᠎ᠶ᠋ᠢ ᠡᠷᠬᠡᠪᠰᠢ ᠢᠭ᠍ᠴᠤ ᠰᠠᠬᠤᠯᠢᠭ ᠡᠪᠡᠰᠦ ᠤᠷᠭᠤᠮᠠᠯ᠎ᠲᠠᠶ᠂ ᠠᠮᠢᠵᠢᠷᠠᠯ᠎ᠤᠨ ᠬᠦᠴᠦᠨ ᠪᠢᠯᠬᠠᠭ᠍ᠰᠠᠨ ᠨᠣᠭᠣᠭᠠᠨ ᠬᠠᠯᠬᠠᠪᠴᠢ ᠪᠣᠯᠭᠠᠨ ᠪᠠᠢᠭᠤᠯᠤᠨ᠎ᠠ ᠭᠡᠵᠦ᠍ ᠲᠠᠩᠭᠠᠷᠢᠭ᠍ᠯᠠᠪᠠ᠃
1960 ᠣᠨ ᠳᠤ᠂ ᠰᠤᠮᠤᠨ ᠠᠭᠤᠯᠠ ᠤᠢ ᠱᠢᠭᠤᠢ᠎ᠶ᠋ᠢᠨ ᠲᠠᠯᠠᠪᠠᠢ ᠪᠠᠢᠭᠤᠯᠤᠭ᠍ᠳᠠᠵᠤ᠂ ᠳ᠋ᠦᠩ ᠬᠣᠩ ᠷᠦ ᠪᠣᠯᠤᠨ ᠠᠩᠬᠠᠳᠠᠭ᠍ᠴᠢ ᠲᠠᠯᠠᠪᠠᠢ᠎ᠶ᠋ᠢᠨ ᠳᠠᠷᠤᠭ᠎ᠠ ᠵᠤᠤ ᠱᠧᠤ ᠯᠢ ᠣᠢᠵᠢᠭᠤᠯᠬᠤ ᠬᠦᠨᠳᠦ ᠡᠭᠦᠷᠭᠡ᠎ᠶ᠋ᠢ ᠡᠭᠦᠷᠭᠡᠯᠡᠪᠡ᠃ ᠭᠡᠲᠡᠯ᠎ᠡ᠂ ᠡᠯᠦᠢ ᠬᠤᠯᠤᠢ ᠰᠤᠮᠤᠨ ᠠᠭᠤᠯᠠᠨ ᠳ᠋ᠤ ᠶᠠᠮᠠᠷ ᠮᠣᠳᠣ ᠲᠠᠷᠢᠪᠠᠯ ᠲᠣᠬᠢᠷᠠᠬᠤ ᠪᠤᠢ? ᠢᠢᠨ ᠬᠦ᠌ ᠳ᠋ᠦᠩ ᠬᠣᠩ ᠷᠦ ᠤᠷᠲᠤ ᠤᠳᠠᠭᠠᠨ ᠬᠠᠢᠨ ᠰᠦᠪᠡᠭᠴᠢᠯᠡᠬᠦ ᠠᠶᠠᠨ ᠵᠢᠡᠨ ᠡᠬᠢᠯᠡᠭᠦᠯᠪᠠ᠃ ᠤᠯᠢᠶᠠᠰᠤᠨ ᠮᠣᠳᠣ? ᠪᠣᠯᠤᠭᠰᠠᠨ ᠥᠬᠡᠶ! ᠬᠤᠰᠤᠨ ᠮᠣᠳᠣ? ᠪᠣᠯᠤᠭᠰᠠᠨ ᠥᠬᠡᠶ! ᠬᠦᠶ᠋ᠯᠡᠰᠦᠨ ᠮᠣᠳᠣ?ᠪᠣᠯᠤᠭᠰᠠᠨ ᠥᠬᠡᠶ!ᠬᠠᠢᠯᠠᠰᠤᠨ ᠮᠣᠳᠣ? ᠪᠠᠰᠠ ᠯᠡ ᠪᠤᠯᠤᠭᠰᠠᠨ ᠦᠭᠡᠢ! ᠲᠡᠬᠦᠨ ᠤ᠋ ᠠᠮᠢ ᠴᠦᠯᠡᠨ ᠴᠢᠷᠮᠠᠢᠵᠤ᠂ ᠤᠶᠤᠨ ᠤᠬᠠᠭᠠᠨ᠎ᠢᠶᠠᠨ ᠱᠢᠪᠬᠠᠨ ᠲᠠᠷᠢᠭᠰᠠᠨ 4000 ᠭᠠᠷᠤᠢ ᠮᠦ᠍ ᠤᠢ ᠨᠢ ᠨᠠᠮᠤᠷ᠎ᠤᠨ ᠰᠡᠭᠦᠯᠴᠢ ᠪᠣᠯᠬᠤ᠎ᠳᠤ ᠪᠠᠰᠠ ᠶᠡᠬᠡ ᠬᠡᠮᠵᠢᠶ᠎ᠠ ᠪᠠᠷ ᠱᠢᠷᠠᠯᠠᠵᠤ ᠬᠤᠷᠤᠭᠳᠠᠵᠠᠢ᠃
ᠰᠡᠭᠦᠯᠡᠷ ᠨᠢ ᠰᠤᠮᠤᠨ ᠠᠭᠤᠯᠠᠨ᠎ᠤ ᠪᠠᠢᠭᠠᠯᠢ᠎ᠶ᠋ᠢᠨ ᠨᠥᠬᠥᠴᠡᠯ᠎ᠲᠡᠶ ᠠᠳᠠᠯᠢ ᠾᠧᠪᠧᠢ ᠮᠤᠵᠢ᠎ᠶ᠋ᠢᠨ ᠸᠧᠢ ᠴᠠᠩ ᠤᠢ ᠱᠢᠭᠤᠢ᠎ᠶ᠋ᠢᠨ ᠲᠠᠯᠠᠪᠠᠢ ᠨᠢ ᠬᠠᠷᠭᠠᠶ᠎ᠶ᠋ᠢ ᠲᠠᠷᠢᠵᠤ ᠤᠷᠭᠤᠭᠤᠯᠤᠭ᠍ᠰᠠᠨᠢ ᠰᠣᠨᠣᠰᠤᠭᠠᠳ ᠳ᠋ᠦᠩ ᠬᠣᠩ ᠷᠦ ᠲᠡᠷᠡ ᠳᠠᠷᠤᠢ᠎ᠳᠤ᠎ᠨᠢ ᠸᠧᠢ ᠴᠠᠩ ᠤᠢ ᠱᠢᠭᠤᠢ᠎ᠶ᠋ᠢᠨ ᠲᠠᠯᠠᠪᠠᠢ᠎ᠳᠤ ᠬᠦᠷᠴᠦ᠍ ᠰᠤᠷᠤᠯᠴᠠᠵᠠᠢ᠃ ᠪᠤᠴᠠᠵᠤ ᠢᠷᠡᠬᠦ᠌᠎ᠳᠡᠭᠡᠨ ᠲᠡᠷᠡ 80 ᠵᠢᠩ ᠬᠦᠨᠳᠦ ᠬᠠᠷᠭᠠᠶ᠂ ᠬᠠᠢᠯᠠᠷ ᠨᠠᠷᠠᠰᠤ᠂ ᠲᠣᠰᠣᠨ ᠨᠠᠷᠠᠰᠤ᠎ᠶ᠋ᠢᠨ ᠦᠷ᠎ᠡ ᠶ᠋ᠢ ᠡᠭᠦᠷᠴᠤ ᠠᠪᠴᠤ᠌ ᠢᠷᠡᠪᠡ᠋᠃ 5 ᠰᠠᠷ᠎ᠠ ᠭᠠᠷᠤᠶ ᠱᠢᠨᠵᠢᠯᠡᠬᠦ᠌ ᠤᠬᠠᠭᠠᠨᠴᠢ᠎ᠪᠠᠷ ᠪᠣᠢᠵᠢᠭᠤᠯᠬᠤ ᠪᠠ ᠬᠠᠲᠠᠭᠤᠵᠢᠯᠲᠠᠶ ᠳᠠᠷᠢᠬᠤ᠎ᠪᠠᠷ ᠳᠡᠮᠵᠢᠨ᠂ ᠬᠠᠷᠭᠠᠢ ᠵᠢᠨ ᠴᠢᠬᠢ᠎ᠶ᠋ᠢᠨ ᠣᠷᠣᠶ᠎ᠶ᠋ᠢᠨ ᠨᠠᠬᠢᠶ᠎ᠠ ᠨᠢ ᠳᠦᠭᠦᠷᠡᠩ᠂ ᠴᠢᠬᠢ᠎ᠶ᠋ᠢᠨ ᠡᠰᠢ ᠨᠢ ᠪᠦᠳᠦᠭᠦᠨ ᠪᠤᠯᠵᠤ᠂ ᠲᠤᠷᠱᠢᠨ ᠳᠠᠷᠢᠭᠠᠳ ᠠᠮᠵᠢᠯᠲᠠ ᠣᠯᠵᠤ᠂ ᠶᠡᠬᠡ ᠬᠡᠪᠴᠢᠶ᠎ᠡ᠎ᠪᠡᠷ ᠳᠠᠷᠢᠵᠤ ᠡᠭᠢᠯᠡᠵᠡᠢ᠃
1966 ᠣᠨ᠎ᠤ ᠬᠠᠪᠤᠷ᠂ ᠳ᠋ᠦᠩ ᠬᠣᠩ ᠷᠦ ᠪᠤᠰᠤᠳ ᠠᠵᠢᠯᠴᠢᠳ᠎ᠲᠠᠶ ᠬᠠᠮᠲᠤ ᠨᠣᠢᠲᠠᠨ ᠴᠢᠬᠢ ᠮᠣᠳᠣ᠎ᠪᠠᠨ ᠤᠭᠤᠳᠠᠨ᠎ᠳᠤ ᠬᠢᠵᠦ᠍ ᠠᠭᠤᠯᠠ ᠥᠭᠡᠳᠡ ᠡᠭᠦᠷᠴᠦ᠍᠂ ᠲᠠᠬᠢᠨ ᠲᠤᠰᠭᠠᠢ ᠬᠢᠭ᠌ᠰᠡᠨ ᠲᠡᠮᠦᠷ ᠤᠰᠤᠨ ᠬᠠᠢᠷᠴᠠᠭ᠎ᠲᠤ 70 — 80 ᠵᠢᠩ ᠬᠦᠨᠳᠦ ᠤᠰᠤ ᠬᠢᠵᠦ᠍᠂ ᠭᠤᠤ᠎ᠶ᠋ᠢᠨ ᠢᠷᠣᠭᠠᠷ᠎ᠠᠴᠠ ᠠᠭᠤᠯᠠ ᠦᠭᠡᠳᠡ ᠡᠭᠦᠷᠴᠤ ᠭᠠᠷᠤᠨ᠎ᠠ᠃ ᠲᠡᠳᠡ 70 — 80 ᠵᠢᠩ ᠬᠦᠨᠳᠦ ᠤᠰᠤᠨ ᠬᠠᠢᠷᠴᠠᠭ ᠢ᠋ ᠡᠭᠦᠷᠴᠤ 30 ᠭᠠᠷᠤᠶ ᠭᠷᠠᠳᠦ᠋ᠰ᠎ᠦᠨ ᠨᠠᠯᠠᠤ ᠬᠥᠲᠥᠯ᠎ᠢ ᠠᠪᠠᠷᠢᠵᠤ᠂ ᠬᠠᠮᠤᠭ ᠤᠨ ᠬᠣᠯᠠ᠎ᠳᠠᠭᠠᠨ 15 ᠭᠠᠵᠠᠷ ᠠᠶᠠᠯᠠᠵᠤ ᠮᠤᠳᠤ ᠳᠠᠷᠢᠵᠤ᠂ ᠡᠳᠦᠷ ᠪᠦᠷᠢ ᠬᠣᠶᠠᠷ ᠡᠴᠡ ᠭᠤᠷᠪᠠᠨ ᠤᠳᠠᠭ᠎ᠠ ᠨᠠᠭᠠᠰᠢ ᠴᠠᠭᠠᠰᠢ ᠶᠠᠪᠤᠨ᠎ᠠ᠃ ᠲᠡᠳᠡᠨ᠎ᠦ ᠮᠥᠷᠥ᠍ ᠨᠢ ᠳᠡᠭᠡᠰᠦᠨ᠎ᠳᠦ ᠢᠳᠡᠭᠳᠡᠵᠤ ᠱᠢᠷᠬ᠎ᠠ ᠰᠣᠷᠪᠢ᠎ᠲᠠᠶ ᠪᠤᠯᠵᠤ᠂ ᠨᠡᠪᠴᠢᠭ᠌ᠰᠡᠨ ᠴᠢᠰᠤ ᠨᠢ ᠬᠤᠪᠴᠠᠰᠤ ᠬᠤᠨᠠᠷ᠎ᠢ ᠨᠢ ᠳᠡᠪᠲᠦᠭᠡᠵᠤ ᠪᠠᠢᠯ᠎ᠠ᠃ ᠡᠨᠡ ᠮᠡᠲᠦ᠍᠎ᠪᠡᠷ ᠪᠦᠬᠦ᠌ ᠤᠢ ᠰᠢᠭᠤᠢ ᠵᠢᠨ ᠲᠠᠯᠠᠪᠠᠢ᠎ᠶ᠋ᠢᠨ ᠠᠵᠢᠯᠳᠠᠨ ᠠᠵᠢᠯᠴᠢᠨ ᠨᠢᠭᠡ ᠬᠠᠪᠤᠷ ᠨᠠᠮᠤᠷ ᠲᠡᠮᠡᠴᠡᠬᠦ ᠪᠡᠷ ᠳᠠᠮᠵᠢᠨ᠂ ᠬᠠᠷᠭᠠᠢ ᠵᠢ ᠲᠦᠮᠡ ᠭᠠᠷᠤᠢ ᠰᠠᠭᠤᠷᠢ ᠵᠠᠢᠯᠠᠪᠠ᠃
ᠳᠠᠷᠠᠭ᠎ᠠ ᠵᠢᠯ ᠨᠢ᠂ ᠡᠨᠡ ᠬᠦ᠌ ᠲᠦᠮᠡ ᠭᠠᠷᠤᠢ ᠰᠠᠭᠤᠷᠢ ᠬᠠᠷᠭᠠᠶ ᠱᠢᠨ᠎ᠡ ᠰᠠᠯᠠᠭ᠎ᠠ ᠭᠠᠷᠴᠤ᠂ ᠡᠳᠡᠭᠡᠷᠡᠯᠲᠡ᠎ᠶ᠋ᠢᠨ ᠨᠤᠷᠮ᠎ᠠ ᠨᠢ 90% ᠵᠢ ᠲᠠᠪᠠᠵᠠᠢ᠃ ᠢᠢᠨ ᠬᠦ᠌ ᠰᠤᠮᠤᠨ ᠠᠭᠤᠯᠠ ᠣᠶ ᠱᠢᠭᠤᠶ᠎ᠶ᠋ᠢᠨ ᠲᠠᠯᠠᠪᠠᠶ᠎ᠶ᠋ᠢ ᠲᠠᠪᠤᠨ ᠱᠢᠭᠤᠢᠲᠤ ᠣᠷᠣᠨ ᠪᠣᠯᠭᠠᠨ ᠬᠤᠪᠢᠶᠠᠵᠤ᠂ ᠱᠢᠭᠤᠢᠲᠤ ᠣᠷᠣᠨ ᠨᠢᠭᠡᠪᠦᠷᠢ᠎ᠡᠴᠡ ᠣᠶ ᠱᠢᠭᠤᠶ᠎ᠶ᠋ᠢᠨ ᠲᠠᠯᠠᠪᠠᠶ᠎ᠶ᠋ᠢᠨ 5᠎ᠡᠴᠠ 6 ᠠᠵᠢᠯᠲᠠᠨ ᠢ ᠲᠣᠮᠢᠯᠠᠨ ᠵᠣᠬᠢᠶᠠᠨ ᠪᠠᠢᠭᠤᠯᠤᠨ ᠵᠢᠯᠣᠭᠣᠳᠭᠤ ᠠᠵᠢᠯ᠎ᠢ ᠬᠠᠷᠢᠭᠤᠴᠠᠭᠤᠯᠤᠨ᠂ ᠡᠷᠬᠢᠨ ᠲᠣᠭᠣᠷᠢᠨ᠎ᠤ ᠱᠢᠶᠠᠩ ᠲᠣᠰᠭᠣᠨ᠎ᠤ ᠺᠠᠳ᠋ᠷ ᠣᠯᠠᠨ ᠲᠦᠮᠡᠨ᠎ᠢ ᠳᠠᠢᠴᠢᠯᠠᠨ ᠡᠯ᠎ᠡ ᠱᠢᠭᠤᠢᠲᠤ ᠣᠷᠣᠨ᠎ᠳᠤ ᠣᠴᠢᠭᠤᠯᠵᠤ ᠣᠢᠵᠢᠭᠤᠯᠤᠯᠲᠠ᠎ᠶ᠋ᠢᠨ ᠶᠡᠬᠡ ᠳᠠᠢᠯᠠᠯᠳᠤᠭᠠᠨ ᠬᠢᠵᠤ᠂ ᠥᠩᠭᠡᠷᠡᠭ᠌ᠰᠡᠨ᠎ᠳᠦ ᠬᠠᠯᠴᠠᠭᠠᠢ ᠪᠠᠢᠭ᠍ᠰᠠᠨ ᠰᠤᠮᠤᠨ ᠠᠭᠤᠯᠠᠨ᠎ᠤ ᠤᠷᠭᠤᠮᠠᠯ᠎ᠤᠨ ᠬᠤᠴᠢᠯᠭ᠎ᠠ᠎ᠶ᠋ᠢᠨ ᠪᠦᠷᠬᠦᠴᠡ᠎ᠶ᠋ᠢ ᠤᠯᠠᠮ ᠨᠢᠭᠡ ᠠᠯᠬᠤᠮ ᠥᠷᠭᠡᠳᠭᠡᠪᠡ᠃ 1980 ᠣᠨ ᠪᠣᠯᠬᠤ᠎ᠳᠤ᠂ ᠰᠤᠮᠤᠨ ᠠᠭᠤᠯᠠ 10 ᠲᠦᠮᠡ ᠭᠠᠷᠤᠢ ᠮᠦ᠍ ᠣᠢᠵᠢᠭᠤᠯᠤᠯᠳᠠ ᠵᠢ ᠪᠠᠶᠠᠯᠡᠭᠦᠯᠵᠤ᠂ 8 ᠲᠦᠮᠡ ᠭᠠᠷᠤᠢ ᠮᠦ᠍ ᠡᠳᠡᠭᠡᠷᠡᠵᠤ᠂ ᠦᠢᠯᠡᠳᠬᠦᠨ᠎ᠦ ᠥᠷᠲᠡᠭ ᠨᠢ 3 ᠳ᠋ᠦᠩᠱᠢᠭᠤᠷ ᠭᠠᠷᠤᠢ ᠲᠥᠭᠥᠷᠢᠭ᠎ᠲᠦ ᠬᠦᠷᠴᠦ᠍᠂ ᠥᠪᠥᠷ ᠮᠣᠩᠭᠣᠯ᠎ᠤᠨ ᠪᠠᠷᠠᠭᠤᠨ ᠬᠡᠰᠡᠭ ᠦᠨ ᠬᠠᠬᠢᠷ ᠬᠦᠢᠲᠡᠨ ᠠᠭᠤᠯᠠᠷᠬᠠᠭ ᠣᠷᠣᠨ᠎ᠤ ᠣᠢᠵᠢᠭᠤᠯᠤᠯᠲᠠ᠎ᠶ᠋ᠢᠨ ᠬᠣᠭᠣᠰᠣᠨ᠎ᠢ ᠠᠮᠵᠢᠯᠲᠠ᠎ᠲᠠᠶ ᠨᠥᠬᠥᠪᠦᠷᠢᠯᠡᠪᠡ᠃
1987 ᠣᠨ᠎ᠳᠤ᠂ ᠳ᠋ᠦᠩ ᠬᠣᠩ ᠷᠦ ᠱᠢᠶᠠᠨ᠎ᠤ ᠤᠢ ᠱᠢᠭᠤᠢ᠎ᠶ᠋ᠢᠨ ᠲᠣᠪᠴᠢᠶᠠᠨ᠎ᠤ ᠳᠡᠳ᠋ ᠳᠠᠷᠤᠭ᠎ᠠ ᠵᠢᠨ ᠵᠠᠷᠭᠡ ᠳ᠋ᠤ ᠲᠠᠪᠰᠢᠵᠤ᠂ 1994 ᠣᠨ᠎ᠤ 12 ᠰᠠᠷ᠎ᠠ᠎ᠳᠤ ᠪᠠᠰᠠ ᠱᠢᠩ ᠾᠧ ᠱᠢᠶᠠᠨ᠎ᠤ ᠤᠯᠤᠰ ᠲᠦᠷᠦ᠍᠎ᠶ᠋ᠢᠨ ᠵᠥᠪᠯᠡᠯᠭᠡᠨ᠎ᠦ ᠳᠡᠳ᠋ ᠲᠡᠷᠢᠭᠦᠯᠡᠭ᠌ᠴᠢ ᠪᠡᠷ ᠰᠣᠩᠭᠣᠭ᠍ᠳᠠᠪᠠ᠃ ᠭᠡᠲᠡᠯ᠎ᠡ ᠲᠡᠷᠡ ᠰᠠᠨᠠᠭᠠᠴᠢᠯᠠᠭ᠎ᠠ᠎ᠠᠴᠠ᠎ᠪᠠᠨ ᠱᠢᠶᠠᠨ᠎ᠤ ᠨᠠᠮ ᠤᠨ ᠬᠣᠷᠢᠶ᠎ᠠ᠎ᠶ᠋ᠢ ᠡᠷᠢᠵᠦ᠍᠂ 1999 ᠣᠨ ᠪᠣᠯᠲᠠᠯ᠎ᠠ ᠦᠷᠭᠦᠯᠵᠢᠯᠡᠨ ᠰᠤᠮᠤᠨ ᠠᠭᠤᠯᠠᠨ᠎ᠳᠤ ᠦᠯᠡᠳᠡᠵᠤ ᠠᠵᠢᠯᠯᠠᠵᠠᠢ᠃
ᠥᠩᠭᠡᠷᠡᠭ᠌ᠰᠡᠨ᠎ᠦ ᠬᠠᠯᠴᠠᠭᠠᠢ ᠠᠭᠤᠯᠠ ᠪᠠᠢᠭᠰᠠᠨ ᠰᠤᠮᠤᠨ ᠠᠭᠤᠯᠠ᠎ᠶ᠋ᠢ ᠨᠠᠷᠠᠰᠤ ᠮᠠᠢᠯᠠᠰᠤ ᠨᠠᠢᠭᠤᠭᠰᠠᠨ ᠨᠤᠮᠢᠨ ᠨᠤᠭᠤᠭᠠᠨ ᠲᠡᠯᠡᠶ ᠪᠣᠯᠭᠠᠵᠤ᠂ ᠴᠡᠴᠡᠭ ᠱᠢᠪᠠᠭᠤ ᠵᠢᠷᠭᠢᠭ᠌ᠰᠡᠨ ᠤᠮᠠᠷᠠᠲᠤ ᠣᠷᠣᠨ ᠤ ᠬᠠᠮᠤᠭ᠎ᠤᠨ ᠶᠡᠬᠡ ᠬᠥᠮᠦᠨ᠎ᠦ ᠬᠦᠴᠦ᠍᠎ᠪᠡᠷ ᠤᠢᠵᠢᠭᠤᠯᠤᠭᠰᠠᠨ ᠬᠠᠷᠭᠠᠢ ᠣᠶ᠎ᠶ᠋ᠢᠨ ᠲᠠᠯᠠᠪᠠᠶ ᠪᠣᠯᠭᠠᠪᠠ᠃ ᠡᠲᠡᠭᠡᠷ ᠬᠤᠪᠢᠷᠠᠯᠲᠠ᠎ᠨᠢ ᠳ᠋ᠦᠩ ᠬᠣᠩ ᠷᠦ ᠵᠡᠷᠭᠡ ᠤᠢᠵᠢᠭᠤᠯᠤᠯᠲᠠ ᠵᠢᠨ ᠬᠦᠮᠦᠰ ᠤ᠋ᠨ ᠣᠷᠳᠣ ᠬᠤᠭᠤᠴᠠᠭᠠᠨ᠎ᠤ ᠪᠠᠲᠤ ᠰᠠᠬᠢᠯᠲᠠ ᠪᠠ ᠵᠠᠰᠠᠵᠤ ᠲᠤᠳᠤᠮᠳᠠᠭᠰᠠᠨ ᠡᠴᠡ ᠰᠠᠯᠵᠤ ᠴᠢᠳᠠᠬᠤ ᠦᠭᠡᠢ᠂ ᠬᠡᠳᠦᠨ ᠠᠷᠪᠠᠨ ᠲᠦᠮᠡᠨ ᠮᠥ᠍ ᠣᠶ ᠮᠣᠳᠣ ᠪᠣᠯ ᠲᠡᠳᠡᠨ ᠦ ᠱᠢᠷᠭᠠᠭᠤ ᠬᠠᠲᠠᠭᠤᠵᠢᠯᠲᠠᠶ ᠲᠡᠮᠡᠴᠡᠨ᠂ ᠬᠠᠷᠠᠮ ᠥᠬᠡᠶ ᠵᠣᠷᠢᠭᠤᠯᠵᠤ᠂ ᠴᠥᠬᠥᠷᠡᠰᠢ ᠥᠬᠡᠶ ᠲᠡᠮᠡᠴᠡᠨ᠂ ᠤᠳᠠᠭᠠᠨ ᠳᠠᠭᠠᠭᠠᠮᠠᠭᠠᠶ ᠵᠢᠳᠬᠦᠭ᠌ᠰᠡᠨᠦ ᠦᠷ᠎ᠡ ᠳ᠋ᠦᠩ᠂ ᠬᠡᠳᠤᠨ ᠦᠶ᠎ᠠ ᠵᠢᠨ ᠬᠦᠮᠦᠰ ᠤᠯᠠᠨ ᠵᠢᠯ ᠴᠢᠷᠮᠠᠢᠨ ᠵᠢᠳᠭᠦᠵᠤ ᠪᠠᠢᠵᠤ ᠡᠭᠦᠳᠦᠭᠰᠡᠨ ᠬᠥᠮᠦᠨ᠎ᠦ ᠶᠢᠷᠲᠢᠨᠴᠦ᠍᠎ᠶ᠋ᠢᠨ ᠭᠠᠢᠬᠠᠮᠱᠢᠭ ᠶᠤᠮ᠃
ᠣᠳᠣᠬᠠᠨ᠎ᠳᠤ᠂ 《ᠪᠣᠭᠣᠮᠲᠠ᠎ᠶ᠋ᠢᠨ ᠭᠠᠳᠠᠨᠠᠬᠢ ᠪᠠᠭ᠎ᠠ ᠬᠢᠩᠭᠠᠨ ᠳᠠᠪᠠᠭ᠎ᠠ》 ᠬᠡᠮᠡᠭ᠌ᠳᠡᠭ᠌ᠰᠡᠨ ᠰᠤᠮᠤᠨ ᠠᠭᠤᠯᠠ ᠣᠢ ᠱᠢᠭᠤᠶ᠎ᠶ᠋ᠢᠨ ᠲᠠᠯᠠᠪᠠᠢ᠎ᠶ᠋ᠢᠨ ᠬᠠᠷᠭᠠᠢ ᠣᠢ᠎ᠶ᠋ᠢᠨ ᠲᠠᠯᠠᠪᠠᠢ ᠨᠢ 18.6 ᠲᠦᠮᠡᠨ ᠮᠤ᠌᠎ᠳᠤ ᠬᠦᠷᠴᠦ᠍᠂ ᠪᠠᠢᠭᠠᠯᠢᠯᠢᠭ ᠪᠣᠳᠠ ᠮᠣᠳᠣᠨ ᠣᠢ 9.8 ᠲᠦᠮᠡᠨ ᠮᠤ᠌᠎ᠳᠤ ᠬᠦᠷᠴᠦ᠍᠂ ᠣᠷᠭᠣᠭ᠎ᠠ ᠮᠣᠳᠣᠨ᠎ᠤ ᠬᠠᠳᠠᠭᠠᠯᠠᠭ᠍ᠳᠠᠴᠠ 82.8 ᠲᠦᠮᠡᠨ ᠪᠣᠰᠣᠭ᠎ᠠ ᠳᠥᠷᠪᠡᠯᠵᠢᠨ ᠮᠧᠲᠷ᠎ᠲᠤ ᠬᠦᠷᠴᠦ᠍᠂ ᠠᠮᠢ ᠠᠬᠤᠢ᠎ᠶ᠋ᠢᠨ ᠦᠨ᠎ᠡ ᠥᠷᠲᠡᠭ 50 ᠭᠠᠷᠤᠶ ᠳ᠋ᠦᠩᠱᠢᠭᠤᠷ ᠲᠥᠭᠥᠷᠢᠭ᠎ᠲᠦ ᠬᠦᠷᠴᠦ᠍᠂ ᠤᠯᠤᠰ ᠤ᠋ᠨ AAAA ᠲᠡᠰ ᠤᠨ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ᠂ ᠤᠯᠤᠰ ᠤ᠋ᠨ ᠣᠢ ᠱᠢᠭᠤᠶ᠎ᠶ᠋ᠢ ᠪᠡᠶᠡᠴᠢᠯᠡᠨ ᠣᠢᠯᠠᠭᠠᠬᠤ ᠰᠠᠭᠤᠷᠢᠨ ᠭᠠᠵᠠᠷ᠂ ᠤᠯᠤᠰ ᠤ᠋ᠨ ᠠᠭᠤᠯᠠ ᠠᠪᠠᠷᠢᠬᠤ ᠪᠣᠯᠪᠠᠰᠤᠷᠠᠯ᠎ᠤᠨ ᠰᠠᠭᠤᠷᠢᠨ ᠭᠠᠵᠠᠷ ᠪᠣᠯᠤᠭᠰᠠᠨ ᠵᠢᠠᠷ ᠪᠠᠷᠠᠬᠤ ᠦᠭᠡᠢ᠂ ᠪᠠᠰᠠ ᠨᠡᠷ᠎ᠡ ᠨᠢᠳᠡᠷ᠎ᠲᠡᠬᠡᠨ ᠨᠡᠢᠴᠡᠭ᠌ᠰᠡᠨ《ᠪᠣᠬᠢᠷᠲᠤᠯ ᠦᠭᠡᠢ ᠪᠠᠩᠬᠢ》᠂ 《ᠪᠣᠬᠢᠷᠲᠤᠯ ᠦᠭᠡᠢ ᠡᠷᠳᠡᠨᠢ᠎ᠶ᠋ᠢᠨ ᠬᠥᠮᠥᠷᠭᠡ》 ᠪᠣᠯᠪᠠ᠃ ᠵᠢᠯ ᠪᠦᠷᠢ᠎ᠶ᠋ᠢᠨ ᠵᠣᠨ᠎ᠤ ᠤᠯᠠᠷᠢᠯ᠎ᠳᠤ᠂ ᠪᠥᠬᠥ᠌ ᠤᠯᠤᠰ᠎ᠤᠨ ᠡᠯ᠎ᠡ ᠭᠠᠵᠠᠷ ᠠᠴᠠ ᠢᠷᠡᠭᠰᠡᠨ ᠬᠡᠳᠦᠨ ᠠᠷᠪᠠᠨ ᠲᠦᠮᠡᠨ ᠵᠢᠭᠤᠯᠴᠢᠯᠠᠭᠴᠢ ᠵᠢ ᠭᠥᠯᠢᠶᠡᠨ ᠠᠪᠴᠤ᠌ ᠵᠤᠴᠢᠯᠠᠨ᠂ ᠠᠭᠤᠯᠠᠨ ᠬᠣᠷᠮᠣᠶ ᠳ᠋ᠤ ᠪᠠᠢᠷᠢᠯᠠᠭ᠎ᠠ ᠯᠦ᠍ ᠵᠢᠶᠠ ᠶᠢᠩ ᠲᠣᠰᠭᠣᠨ ᠪᠥᠬᠥ᠌ ᠤᠯᠤᠰ᠎ᠤᠨ ᠬᠥᠳᠡᠭᠡ ᠲᠣᠰᠭᠣᠨ᠎ᠤ ᠵᠢᠭᠤᠯᠴᠢᠯᠠᠯ᠎ᠤᠨ ᠭᠤᠤᠯᠳᠠᠯᠭ᠎ᠠ᠎ᠲᠠᠶ ᠲᠣᠰᠭᠣᠨ᠂ ᠪᠥᠬᠥ᠌ ᠤᠯᠤᠰ᠎ᠤᠨ ᠪᠣᠯᠪᠠᠰᠤᠨ ᠲᠣᠰᠭᠣᠨ ᠪᠠᠯᠭᠠᠰᠤ ᠵᠡᠷᠭᠡ ᠢᠷᠠᠭᠤ ᠠᠯᠳᠠᠷ᠎ᠢ ᠭᠥᠷᠳᠡᠵᠦ᠍᠂ ᠵᠢᠯ ᠪᠦᠷᠢ ᠳᠤᠮᠳᠠᠴᠢ᠎ᠪᠠᠷ 20 ᠭᠠᠷᠤᠶ ᠲᠦᠮᠡᠨ ᠬᠥᠮᠦᠨ ᠤᠳᠠᠭ᠎ᠠ ᠵᠢᠨ ᠵᠢᠭᠤᠯᠴᠢᠯᠠᠭᠰᠡᠳ᠎ᠢ ᠭᠥᠯᠢᠶᠡᠨ ᠠᠪᠴᠤ᠌ ᠵᠤᠴᠢᠯᠠᠨ᠂ ᠡᠷᠬᠢᠨ ᠲᠣᠭᠣᠷᠢᠨ᠎ᠤ ᠲᠣᠰᠭᠣᠨ᠎ᠤ ᠠᠷᠠᠳ᠎ᠤᠨ ᠡᠷᠦᠬᠡ ᠪᠦᠷᠢ᠎ᠶ᠋ᠢᠨ ᠵᠢᠯ ᠤᠨ ᠤᠷᠤᠯᠭ᠎ᠠ ᠵᠢ 2 ᠲᠦᠮᠡ ᠭᠠᠷᠤᠢ ᠲᠦᠭᠦᠷᠢᠭ ᠨᠡᠮᠡᠭ᠌ᠳᠡᠭᠦᠯᠬᠦ᠌᠎ᠶ᠋ᠢ ᠳᠠᠢᠴᠢᠯᠠᠭᠰᠠᠨ ᠪᠠᠢᠨ᠎ᠠ᠃