— ᠥᠪᠡᠷᠲᠡᠭᠡᠨ ᠵᠠᠰᠠᠬᠤ ᠣᠷᠣᠨ ᠤ᠋ ᠬᠥᠳᠡᠯᠮᠦᠷᠢ ᠵᠢᠨ ᠵᠢᠱ᠌ᠢᠶᠡᠴᠢ ᠥᠪᠥᠷ ᠮᠣᠩᠭᠣᠯ ᠤ᠋ᠨ ᠴᠠᠬᠢᠯᠭᠠᠨ ᠬᠦᠴᠦᠨ ᠤ᠋ (ᠪᠦᠯᠦᠭ᠌ᠯᠡᠯ) ᠬᠢᠵᠠᠭᠠᠷᠲᠤ ᠺᠣᠮᠫᠠᠨᠢ ᠵᠢᠨ ᠠᠯᠠᠱᠠᠵᠢᠨ ᠴᠠᠬᠢᠯᠭᠠᠨ ᠬᠠᠩᠭᠠᠬᠤ ᠬᠤᠪᠢᠶᠠᠷᠢ ᠺᠣᠮᠫᠠᠨᠢ ᠵᠢᠨ ᠡᠵᠡᠨ᠎ᠡ ᠴᠠᠬᠢᠯᠭᠠᠨ ᠬᠠᠩᠭᠠᠬᠤ ᠺᠣᠮᠫᠠᠨᠢ ᠵᠢᠨ ᠬᠠᠷ᠎ᠠ ᠪᠦᠷᠬᠦᠳ ᠤ᠋ᠨ ᠠᠭᠤᠯᠠ ᠴᠠᠬᠢᠯᠭᠠᠨ ᠬᠠᠩᠭᠠᠬᠤ ᠭᠠᠵᠠᠷ ᠤ᠋ᠨ ᠳᠠᠷᠤᠭ᠎ᠠ ᠰᠤᠷᠭᠠᠯᠳᠦ ᠵᠢᠨ ᠦᠢᠯᠡ ᠠᠵᠢᠯᠯᠠᠭᠠᠵᠢ ᠳᠡᠮᠳᠡᠭᠯᠡᠪᠡ
5 ᠰᠠᠷ᠎ᠠ ᠵᠢᠨ 14 ᠤ᠋ ᠬᠠᠷ᠎ᠠ ᠥᠷᠯᠥᠭᠡ᠂ ᠰᠤᠷᠭᠠᠯᠳᠦ ᠪᠣᠯᠤᠨ ᠡᠵᠡᠩᠨᠡᠯᠳᠡ ᠵᠢᠨ ᠴᠠᠬᠢᠯᠭᠠᠨ ᠬᠦᠷᠭᠡᠬᠦ ᠠᠵᠢᠯᠳᠠᠨ ᠰᠢ ᠵᠢᠶᠠᠨ ᠭᠦᠸᠧ ᠮᠠᠰᠢᠨ ᠲᠡᠷᠭᠡ ᠪᠡᠷ ᠢ ᠺᠸ ᠱᠣ᠌ ᠬᠦᠴᠦᠳᠡᠯ ᠥᠭᠡᠷᠡᠴᠢᠯᠡᠬᠦ᠌ ᠥᠷᠲᠡᠭᠡᠨᠳᠦ ᠢᠷᠡᠵᠦ᠍᠂ 9106 ᠰᠤᠮᠤᠨ ᠤ᠋ ᠵᠠᠮ ᠱᠤᠭᠤᠮ ᠤ᠋ᠨ 12 ᠰᠠᠤᠷᠢ ᠬᠣᠭᠣᠰᠣᠨ ᠬᠡᠯᠬᠢᠶ᠎ᠡ ᠲᠠᠰᠤᠯᠤᠭᠤᠷ ᠲᠣ᠌ ᠲᠤᠭᠳᠠᠮᠠᠯ ᠬᠡᠮᠵᠢᠭᠳᠡᠯ ᠢ᠋ ᠲᠤᠭᠳᠠᠭᠠᠨ ᠦᠭᠪᠠ᠂ ᠲᠡᠷᠡ ᠠᠵᠢᠯ ᠵᠢᠡᠨ ᠳᠠᠭᠤᠰᠬᠠᠭᠰᠠᠨ ᠤ᠋ ᠳᠠᠷᠠᠭ᠎ᠠ᠂ 《ᠣᠳᠣ ᠳᠠᠬᠢᠵᠤ ᠰᠠᠭᠠᠳ ᠭᠠᠷᠬᠤ ᠦᠭᠡᠢ ᠶᠤᠮ》 ᠭᠡᠵᠤ ᠰᠢ ᠵᠢᠶᠠᠨ ᠭᠦᠸᠧᠳᠦ ᠭᠡᠯᠡᠨ᠎ᠠ᠃
ᠰᠣᠷᠭᠠᠯᠳᠦ ᠪᠣᠯ ᠥᠪᠥᠷ ᠮᠣᠩᠭᠣᠯ ᠤ᠋ᠨ ᠴᠠᠬᠢᠯᠭᠠᠨ ᠬᠦᠴᠦᠨ ᠤ᠋ (ᠪᠦᠯᠦᠭ᠌ᠯᠡᠯ) ᠬᠢᠵᠠᠭᠠᠷᠲᠤ ᠺᠣᠮᠫᠠᠨᠢ ᠵᠢᠨ ᠠᠯᠠᠱᠠ ᠵᠢᠨ ᠴᠠᠬᠢᠯᠭᠠᠨ ᠬᠠᠩᠭᠠᠬᠤ ᠬᠤᠪᠢᠶᠠᠷᠢ ᠺᠣᠮᠫᠠᠨᠢ ᠵᠢᠨ ᠡᠵᠡᠨ᠎ᠡ ᠴᠠᠬᠢᠯᠭᠠᠨ ᠬᠠᠩᠭᠠᠬᠤ ᠺᠣᠮᠫᠠᠨᠢ ᠵᠢᠨ ᠬᠠᠷ᠎ᠠ ᠪᠦᠷᠬᠦᠳ ᠤ᠋ᠨ ᠠᠭᠤᠯᠠ ᠴᠠᠬᠢᠯᠭᠠᠨ ᠬᠠᠩᠭᠠᠬᠤ ᠭᠠᠵᠠᠷ ᠤ᠋ᠨ ᠳᠠᠷᠤᠭ᠎ᠠ᠂ 41 ᠨᠠᠰᠤᠲᠠᠢ᠂ ᠬᠢᠩᠭᠠᠨ ᠠᠢᠮᠠᠭ ᠤ᠋ᠨ ᠬᠥᠮᠦᠨ᠂ ᠬᠠᠷ᠎ᠠ ᠪᠦᠷᠬᠦᠳ ᠤ᠋ᠨ ᠠᠭᠤᠯᠠ ᠴᠠᠬᠢᠯᠭᠠᠨ ᠬᠠᠩᠭᠠᠬᠤ ᠭᠠᠵᠠᠷ ᠲᠣ᠌ ᠢᠷᠠᠵᠤ ᠠᠵᠢᠯᠯᠠᠭᠠᠳ ᠨᠢᠭᠡᠨᠲᠡ10 ᠵᠢᠯ ᠪᠤᠯᠴᠢᠬᠠᠵᠠᠢ᠃ ᠡᠨᠡ ᠵᠢᠯ ᠤ᠋ᠨ 《5·1》 ᠤ᠋ ᠳᠡᠯᠡᠬᠡᠶ ᠵᠢᠨ ᠬᠥᠳᠡᠯᠮᠦᠷᠢᠴᠢᠳ ᠤ᠋ᠨ ᠪᠠᠶᠠᠷᠠᠴᠠ ᠡᠮᠦᠨᠡᠬᠡᠨ᠂ ᠰᠤᠷᠭᠠᠯᠳᠦ 《ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠬᠥᠳᠡᠯᠮᠦᠷᠢ ᠵᠢᠨ ᠵᠢᠱ᠌ᠢᠶᠡᠴᠢ》 ᠵᠢᠨ ᠢᠷᠠᠭᠤ ᠠᠯᠳᠠᠷ ᠢ᠋ ᠭᠥᠷᠳᠡᠵᠦ᠍᠂ ᠲᠡᠭᠦᠨ ᠤ᠋ ᠨᠡᠷ᠎ᠡ ᠪᠣᠯᠤᠨ ᠬᠠᠷ᠎ᠠ ᠪᠦᠷᠬᠦᠳ ᠤ᠋ᠨ ᠠᠭᠤᠯᠠ ᠴᠠᠬᠢᠯᠭᠠᠨ ᠬᠠᠩᠭᠠᠬᠤ ᠭᠠᠵᠠᠷᠨᠢ ᠳᠠᠬᠢᠨᠳᠠ ᠤᠯᠠᠨ ᠤ᠋ ᠠᠩᠬᠠᠷᠤᠯ ᠢ᠋ ᠲᠠᠳᠠᠪᠠ᠃
ᠰᠤᠷᠪᠤᠯᠵᠢᠯᠠᠭ᠍ᠴᠢ ᠵᠢ ᠨᠢᠭᠤᠷᠳᠠᠵᠤ ᠰᠠᠭᠤᠭᠰᠠᠨ ᠰᠤᠷᠭᠠᠯᠳᠦ ᠵᠢᠨ ᠴᠢᠷᠠᠢ ᠡᠴᠡ ᠴᠠᠭᠠᠪᠤᠷ ᠪᠤᠷᠤᠭᠵᠢᠭᠤᠨ ᠠᠭᠠᠯᠢ ᠳᠤᠳᠤᠷᠠᠵᠦ᠂ ᠭᠡᠳᠤᠢᠪᠡᠷ ᠵᠠᠯᠠᠭᠤᠬᠠᠨ ᠭᠡᠳᠡᠭ ᠪᠤᠯᠪᠠᠴᠤ ᠦᠰᠦ ᠭᠡᠵᠢᠭᠡ ᠨᠢ ᠪᠤᠭᠤᠷᠤᠯᠳᠤᠭᠰᠠᠨ ᠬᠠᠷᠠᠭᠳᠠᠨ᠎ᠠ᠃ ᠪᠤᠭᠤᠷᠤᠯ ᠦᠰᠦ ᠵᠢᠨ ᠬᠢᠨ ᠲᠤᠬᠠᠢ ᠰᠤᠨᠢᠭᠤᠴᠢᠯᠠᠬᠤ ᠪᠡᠷ᠂ ᠲᠡᠷᠡ ᠤᠷᠳᠤ ᠬᠤᠭᠤᠴᠠᠭ᠎ᠠ ᠪᠡᠷ ᠡᠷᠦᠳᠡᠰᠦᠨ ᠪᠣᠳᠠᠰ ᠬᠦᠨᠳᠦ ᠠᠭᠤᠯᠤᠭᠰᠠᠨ 《ᠭᠠᠱᠢᠭᠤᠨ ᠱᠤᠷᠪᠤᠭ ᠤᠰᠤ》 ᠤᠤᠭᠤᠭᠰᠠᠨ ᠡᠴᠡ ᠪᠣᠯᠵᠠᠢ ᠭᠡᠨ᠎ᠡ᠂ 《ᠵᠦᠭᠡᠷ ᠡ ᠵᠦᠭᠡᠷ᠂ ᠡᠷᠳᠡ ᠤᠷᠤᠢ ᠦᠭᠡᠢ ᠴᠠᠢᠬᠤ ᠶᠤᠮ ᠴᠢᠨᠢ ᠡᠮᠢᠶᠡᠭᠰᠡᠨᠤ ᠭᠡᠷᠡᠭ ᠠᠯᠠᠭ᠎ᠠ》 ᠭᠡᠵᠤ ᠲᠡᠷᠡ ᠴᠠᠭᠠᠪᠤᠷ ᠢᠨᠢᠶᠡᠳᠦ ᠳᠤᠳᠤᠷᠠᠭᠤᠯᠤᠨ ᠬᠡᠯᠡᠯ᠎ᠠ᠃
ᠠᠯᠠᠱᠠ ᠠᠢᠮᠠᠭ ᠤ᠋ᠨ ᠡᠵᠡᠨ᠎ᠡ ᠬᠣᠱᠢᠭᠤᠨ ᠤ᠋ ᠬᠠᠷ᠎ᠠ ᠪᠦᠷᠬᠦᠳ ᠤ᠋ᠨ ᠠᠭᠤᠯᠠ ᠪᠠᠯᠭᠠᠰᠤ ᠵᠢ ᠲᠤᠬᠠᠢ ᠵᠢᠨ ᠭᠠᠵᠠᠷ ᠤ᠋ᠨ ᠬᠥᠮᠦᠰ ᠡᡁᠸᠢ ᠶᠢᠩ ᠱᠠᠨ ᠪᠠᠯᠭᠠᠰᠤ ᠭᠡᠳᠡᠭ᠂ ᠥᠪᠥᠷ ᠮᠣᠩᠭᠣᠯ ᠤ᠋ᠨ ᠬᠠᠮᠤᠭ ᠤ᠋ᠨ ᠪᠠᠷᠠᠭᠤᠨ ᠵᠠᠬ᠎ᠠ ᠳ᠋ᠦ ᠪᠠᠢᠷᠢᠯᠠᠵᠤ᠂ ᠭᠣᠪᠢ ᠪᠣᠯᠤᠨ ᠡᠯᠡᠰᠦ ᠮᠠᠩᠬ᠎ᠠ ᠰᠣᠯᠪᠢᠴᠠᠵᠤ᠂ ᠠᠮᠢ ᠠᠬᠤᠢ ᠣᠷᠴᠢᠨ ᠲᠣᠭᠣᠷᠢᠨ ᠲᠤᠢᠯ ᠤ᠋ᠨ ᠮᠠᠭᠤ᠂ ᠤᠯᠠᠨ ᠤᠯᠤᠰ ᠤ᠋ᠨ ᠬᠣᠯᠪᠣᠭᠠᠲᠤ ᠪᠠᠢᠭᠤᠯᠭ᠎ᠠ ᠵᠢᠨ ᠬᠥᠮᠦᠨ ᠲᠥᠷᠥᠯᠬᠢᠲᠡᠨ ᠤ᠋ ᠣᠷᠣᠱᠢᠨ ᠠᠮᠢᠳᠤᠷᠠᠬᠤ ᠣᠷᠴᠢᠨ ᠲᠣᠭᠣᠷᠢᠨ ᠤ᠋ ᠪᠠᠢᠴᠠᠭᠠᠯᠳᠠ ᠵᠢᠨ ᠳᠤᠭᠤᠢᠯᠠᠩ ᠤ᠋ᠨ ᠬᠢᠨ ᠬᠥᠮᠦᠨ ᠲᠥᠷᠥᠯᠬᠢᠲᠡᠨ ᠤ᠋ ᠣᠷᠣᠱᠢᠨ ᠠᠮᠢᠳᠤᠷᠠᠬᠤ ᠳ᠋ᠦ ᠲᠣᠬᠢᠷᠠᠮᠵᠢ ᠦᠭᠡᠢ 《ᠠᠮᠢ ᠨᠠᠰᠤᠨ ᠤ᠋ ᠬᠣᠷᠢᠭᠠᠲᠤ ᠣᠷᠣᠨ》 ᠭᠡᠵᠦ᠍ ᠨᠤᠲᠠᠯᠠᠨ ᠲᠣᠭ᠍ᠲᠠᠭᠠᠭᠰᠠᠨ ᠪᠠᠢᠪᠠ᠃
ᠬᠠᠷ᠎ᠠ ᠪᠦᠷᠬᠦᠳ ᠤ᠋ᠨ ᠠᠭᠤᠯᠠ ᠴᠠᠬᠢᠯᠭᠠᠨ ᠬᠠᠩᠭᠠᠬᠤ ᠭᠠᠵᠠᠷ ᠪᠣᠯ ᠥᠪᠥᠷ ᠮᠣᠩᠭᠣᠯ ᠤ᠋ᠨ ᠴᠠᠬᠢᠯᠭᠠᠨ ᠲᠤᠤᠷ ᠤ᠋ᠨ ᠬᠠᠮᠤᠭ ᠤ᠋ᠨ ᠪᠣᠢᠳᠠ ᠪᠦᠭ᠌ᠯᠡᠭᠦᠦ ᠴᠠᠬᠢᠯᠭᠠᠨ ᠬᠠᠩᠭᠠᠬᠤ ᠭᠠᠵᠠᠷ ᠪᠣᠯᠤᠨ᠎ᠠ᠃ ᠰᠤᠷᠭᠠᠯᠳᠦ᠄ 《ᠬᠡᠪᠴᠢᠶ᠎ᠡ ᠪᠡᠷ ᠪᠠᠭ᠎ᠠ ᠪᠣᠯᠪᠠᠴᠤ᠌ ᠳᠤᠲᠠᠭ᠍ᠳᠠᠵᠤ ᠪᠣᠯᠤᠰᠢ ᠦᠭᠡᠢ ᠶᠤᠮ》 ᠭᠡᠵᠦ ᠤᠴᠢᠷᠯᠠᠨ᠎ᠠ᠃ ᠭᠠᠵᠠᠷ ᠤ᠋ᠨ ᠵᠢᠷᠤᠭᠠᠴᠠ ᠬᠠᠷᠠᠬᠤᠶ᠎ᠠ᠂ ᠡᠨᠡ ᠬᠦ᠌ ᠴᠠᠬᠢᠯᠭᠠᠨ ᠬᠠᠩᠭᠠᠬᠤ ᠭᠠᠵᠠᠷ ᠨᠢ ᠶᠠᠭ ᠯᠠ ᠱᠢᠭᠠᠨᠲᠠᠭ ᠱᠢᠭ᠋ ᠵᠢᠡᠷ 3.3 ᠲᠦᠮᠡᠨ ᠲᠡᠭ᠌ᠰᠢ ᠳᠥᠷᠪᠡᠯᠵᠢᠨ ᠺᠢᠯᠤᠮᠸᠲᠷ ᠤ᠋ᠨ ᠭᠣᠪᠢ ᠳ᠋ᠦ ᠰᠢᠭᠠᠭᠳᠠᠨ ᠣᠷᠣᠵᠤ᠂ 1001.84 ᠺᠢᠯᠤᠮᠸᠲᠷ ᠤ᠋ᠨ ᠬᠦᠨᠳᠡᠯᠡᠨ ᠭᠤᠯᠳᠤ ᠰᠦᠯᠵᠢᠭᠰᠡᠨ ᠴᠠᠬᠢᠯᠭᠠᠨ ᠳᠠᠮᠵᠢᠭᠤᠯᠬᠤ ᠲᠣᠣᠷ ᠦᠢᠯᠡᠳᠦᠯᠵᠢᠡᠨ ᠢᠳᠡᠪᠬᠢ ᠪᠠᠳᠠᠷᠠᠭᠤᠯᠤᠨ᠂ ᠦᠷᠭᠡᠨ ᠠᠭᠤᠳᠠᠮ ᠡᠵᠡᠬᠦᠢ ᠲᠠᠯ᠎ᠠ ᠳ᠋ᠦ ᠬᠠᠮᠤᠭ ᠤ᠋ᠨ ᠥᠳᠭᠡᠨ ᠠᠮᠢᠳᠤᠷᠠᠯ ᠤ᠋ᠨ ᠭᠡᠷᠡᠯ ᠭᠡᠭᠡ ᠵᠢ ᠠᠪᠴᠢᠷᠠᠭᠰᠠᠨ ᠪᠠᠢᠨ᠎ᠠ᠃
2013 ᠣᠨ ᠤ᠋ 8 ᠰᠠᠷ᠎ᠠ ᠳ᠋ᠦ᠂ ᠬᠠᠷ᠎ᠠ ᠪᠦᠷᠬᠦᠳ ᠤ᠋ᠨ ᠠᠭᠤᠯᠠ ᠴᠠᠬᠢᠯᠭᠠᠨ ᠬᠠᠩᠭᠠᠬᠤ ᠭᠠᠵᠠᠷ ᠪᠠᠢᠭᠤᠯᠤᠭ᠍ᠳᠠᠪᠠ᠃ 2015 ᠣᠨ ᠤ᠋ 2 ᠰᠠᠷ᠎ᠠ ᠳ᠋ᠦ᠂ ᠰᠤᠷᠭᠠᠯᠳᠦ ᠵᠠᠷᠯᠢᠭ ᠵᠢᠡᠷ ᠴᠠᠬᠢᠯᠭᠠᠨ ᠬᠠᠩᠭᠠᠬᠤ ᠭᠠᠵᠠᠷ ᠤ᠋ᠨ ᠳᠠᠷᠤᠭ᠎ᠠ ᠵᠢᠨ ᠲᠤᠱᠢᠶᠠᠯ ᠢ᠋ ᠡᠭᠦᠷᠭᠡᠯᠡᠪᠡ᠃ ᠠᠩᠬ᠎ᠠ ᠢᠷᠡᠬᠦ᠌ᠳᠦ᠂ ᠲᠡᠷᠡ ᠨᠢᠳᠦᠨ ᠡᠮᠦᠨᠡᠬᠢ ᠦᠵᠡᠮᠵᠢ ᠪᠡᠨ ᠬᠠᠷᠠᠵᠦ ᠰᠣᠴᠢᠵᠦ ᠬᠡᠯᠮᠡᠭᠳᠡᠭᠰᠡᠨ ᠨᠢ ᠦᠨᠡᠨ᠂ ᠴᠠᠬᠢᠯᠭᠠᠨ ᠬᠠᠩᠭᠠᠬᠤ ᠭᠠᠵᠠᠷ ᠨᠢ ᠡᠷᠬᠢᠨ ᠲᠤᠭᠤᠷᠢᠨ ᠵᠠᠭᠤᠨ ᠭᠠᠵᠠᠷ ᠪᠠᠷᠤᠭ ᠬᠦᠮᠦᠨ ᠬᠠᠷ᠎ᠠ ᠬᠠᠷᠠᠭᠳᠠᠬᠤᠶᠠ ᠪᠡᠷᠭᠡ ᠨᠡᠯᠦᠭᠡᠷ ᠶᠡᠬᠡ ᠬᠦᠨ ᠭᠤᠪᠢ ᠵᠢᠨ ᠦᠷᠦᠴᠡᠨ ᠳ᠋ᠦ ᠭᠠᠭᠴᠠᠭᠠᠷ ᠦᠨᠦᠴᠢᠷᠡᠨ ᠬᠠᠷᠠᠭᠳᠠᠨ᠎ᠠ᠂ ᠭᠡᠷ ᠳᠣᠲᠣᠷᠠᠬᠢ ᠴᠤᠷ ᠤ᠋ᠨ ᠭᠠᠭ᠍ᠴᠠ ᠤᠰᠤᠨ ᠰᠤᠷᠪᠤᠯᠵᠢ ᠨᠢ ᠳᠠᠷᠤᠢ ᠡᠷᠦᠳᠡᠰᠦᠨ ᠪᠣᠳᠠᠰ ᠪᠠᠷᠢᠮᠵᠢᠶᠠᠠᠴᠠ ᠬᠦᠨᠳᠦ ᠬᠡᠲᠦᠷᠡᠭ᠌ᠰᠡᠨ ᠭᠠᠱᠢᠭᠤᠨ ᠱᠣᠷᠪᠣᠭ ᠤᠰᠤ ᠁ ᠵᠢᠭᠠᠬᠠᠨ ᠲᠠᠲᠠᠭᠠᠯᠵᠠᠬᠤ ᠲᠠᠢ ᠵᠡᠷᠭᠡ ᠲᠡᠷᠡ ᠰᠡᠮᠬᠡᠨ ᠵᠤᠷᠢᠭ ᠰᠢᠭᠤᠳᠪᠠ᠂ ᠬᠡᠳᠦᠢ ᠬᠠᠲᠠᠭᠤᠵᠢᠯᠲᠠᠢ ᠭᠠᠵᠠᠷ ᠤᠷᠤᠨ ᠳ᠋ᠦ ᠴᠠᠬᠢᠯᠭᠠᠨ ᠬᠦᠴᠦᠨ ᠤ᠋ ᠭᠡᠷᠡᠯ ᠭᠡᠭᠡ ᠵᠢ ᠲᠡᠳᠦᠢ ᠬᠡᠷᠡᠭ᠌ᠰᠡᠨᠡ ᠭᠡᠳᠡᠭ ᠢ᠋ ᠲᠡᠷᠡ ᠰᠠᠢᠨ ᠤᠢᠯᠠᠭᠠᠨᠠ᠃
ᠠᠵᠢᠯ ᠵᠢᠡᠨ ᠪᠦᠲᠦᠮᠵᠢᠲᠡᠶ ᠥᠷᠨᠢᠭᠦᠯᠬᠦ᠌ ᠵᠢᠨ ᠲᠥᠯᠥᠭᠡ᠂ ᠲᠡᠷᠡ ᠲᠦᠷᠦᠭᠦᠯᠡᠨ ᠨᠠᠮ ᠤ᠋ᠨ ᠳᠤᠭᠤᠢᠯᠠᠩ ᠢ᠋ ᠵᠣᠬᠢᠶᠠᠨ ᠪᠠᠢᠭᠤᠯᠵᠤ᠂ ᠪᠥᠬᠥ᠌ ᠠᠵᠢᠯᠲᠠᠨ ᠠᠵᠢᠯᠴᠢᠨ ᠵᠢᠡᠨ ᠳᠠᠭᠠᠭᠤᠯᠤᠨ᠂ ᠨᠢᠭᠡ ᠰᠠᠷ᠎ᠠ ᠵᠢᠨ ᠴᠠᠭ ᠢ᠋ ᠵᠠᠷᠤᠴᠠᠭᠤᠯᠵᠦ᠂ 3.3 ᠲᠦᠮᠡᠨ ᠲᠡᠭ᠌ᠰᠢ ᠳᠥᠷᠪᠡᠯᠵᠢᠨ ᠺᠢᠯᠣᠮᠧᠲ᠋ᠷᠤᠨ ᠴᠠᠬᠢᠯᠭᠠᠨ ᠬᠡᠷᠡᠭ᠌ᠯᠡᠬᠦ᠌ ᠡᠷᠦᠬᠡ ᠵᠢ ᠰᠤᠷᠪᠤᠯᠵᠢᠯᠠᠨ ᠪᠠᠢᠳᠠᠯ ᠢ᠋ ᠨᠢ ᠤᠢᠯᠠᠭᠠᠵᠦ᠂ ᠬᠠᠷ᠎ᠠ ᠪᠦᠷᠬᠦᠳ ᠤ᠋ᠨ ᠠᠭᠤᠯᠠᠠ ᠤ᠋ ᠪᠦᠬᠦᠯᠢ ᠴᠣᠭ᠍ᠴᠠ ᠵᠢᠨ ᠴᠠᠬᠢᠯᠭᠠᠨ ᠬᠡᠷᠡᠭ᠌ᠯᠡᠵᠦ᠍ ᠪᠠᠢᠭ᠎ᠠ ᠪᠠᠢᠳᠠᠯ ᠢ᠋ ᠣᠢᠯᠠᠭᠠᠪᠠ᠃
ᠲᠤᠢᠭ ᠰᠢᠯᠢ᠂ ᠳᠡᠯ ᠠᠭᠤᠯᠠᠨ ᠤ᠋ ᠭᠠᠵᠠᠷ ᠤᠷᠤᠨ ᠪᠤᠯ ᠳᠤᠮᠳᠠᠳᠤ ᠮᠣᠩᠭᠣᠯ ᠤ᠋ᠨ ᠬᠢᠯᠢ ᠬᠢᠵᠠᠭᠠᠷ ᠲᠣ᠌ ᠪᠠᠢᠷᠢᠯᠠᠵᠦ᠂ ᠠᠭᠤᠯᠠᠷᠬᠠᠭ ᠭᠠᠵᠠᠷ ᠵᠠᠯᠭᠠᠯᠳᠤᠵᠦ᠂ ᠵᠠᠮ ᠤ᠋ᠨ ᠨᠥᠬᠥᠴᠡᠯ ᠪᠠᠷᠤᠭ᠍ᠲᠠᠶ᠂ ᠰᠠᠯᠬᠢ ᠰᠢᠭᠤᠷᠭ᠎ᠠ ᠣᠯᠠᠨ᠂ ᠠᠭᠤᠷ ᠠᠮᠢᠰᠭᠤᠯ ᠬᠠᠬᠢᠷ ᠬᠦᠢᠲᠡᠨ᠂ 40 ᠭᠠᠷᠤᠶ ᠵᠢᠯ ᠤ᠋ᠨ ᠲᠤᠷᠰᠢ ᠵᠥᠪᠬᠡᠨ ᠨᠡᠭᠦᠷᠡᠰᠦᠨ ᠲᠣᠰᠣᠨ ᠳ᠋ᠧᠩ᠂ ᠯᠠ᠂ ᠰᠠᠯᠬᠢᠨ ᠬᠦᠴᠦᠨ ᠭᠡᠷᠡᠯᠴᠢ ᠴᠡᠨᠡᠭ ᠢ᠋ ᠲᠦᠱᠢᠭ᠌ᠯᠡᠨ ᠴᠠᠬᠢᠯᠭᠠᠨ ᠭᠠᠷᠭᠠᠵᠤ ᠭᠡᠷᠡᠯᠲᠦᠭᠦᠯᠦᠭᠰᠡᠭᠡᠷ ᠢᠷᠡᠵᠠᠢ᠃
ᠲᠡᠷᠡ ᠲᠤᠢᠭ ᠰᠢᠯᠢ ᠪᠣᠯᠤᠨ ᠳᠡᠯ ᠠᠭᠤᠯᠠᠨ ᠤ᠋ ᠭᠠᠵᠠᠷ ᠣᠷᠣᠨ ᠤ᠋ ᠴᠠᠬᠢᠯᠭᠠᠨ ᠬᠡᠷᠡᠭ᠌ᠯᠡᠬᠦ ᠪᠠᠢᠳᠠᠯ ᠪᠠ ᠪᠣᠳᠠᠲᠠᠶ ᠬᠡᠷᠡᠭ᠌ᠴᠡᠭᠡ ᠵᠢ ᠪᠠᠢᠭᠤᠯᠭ᠎ᠠ ᠳ᠋ᠠᠭᠠᠨ ᠮᠡᠳᠡᠭᠦᠯᠪᠡ᠃ ᠲᠡᠭᠦᠨ ᠤ᠋ ᠮᠡᠳᠡᠭᠦᠯᠦᠯᠲᠡ ᠨᠢ ᠡᠯ᠎ᠡ ᠱᠠᠲᠤᠨ ᠤ᠋ ᠨᠠᠮ ᠤ᠋ᠨ ᠬᠣᠷᠢᠢ᠎ᠠ ᠪᠣᠯᠤᠨ ᠵᠠᠰᠠᠭ ᠤ᠋ᠨ ᠣᠷᠳᠣᠨ ᠤ᠋ ᠳᠡᠮᠵᠢᠯᠭᠡ ᠵᠢ ᠣᠯᠵᠤ᠂ ᠲᠤᠢᠭ ᠰᠢᠯᠢ ᠬᠢᠯᠢ ᠵᠢᠨ ᠲᠣᠮᠢᠯᠠᠭ᠍ᠰᠠᠨ ᠰᠠᠯᠪᠤᠷᠢ᠂ ᠳᠡᠯ ᠠᠭᠤᠯᠠ ᠰᠤᠮᠤᠨ ᠤ᠋ ᠴᠠᠬᠢᠯᠭᠠᠨ ᠨᠡᠪᠲᠡᠷᠡᠭᠦᠯᠬᠦ᠌ ᠲᠦᠷᠦᠯ ᠵᠦᠢᠯ ᠢ᠋ 2016 ᠣᠨ ᠤ᠋ ᠬᠥᠳᠡᠭᠡ ᠲᠣᠰᠭᠣᠨ ᠤ᠋ ᠴᠠᠬᠢᠯᠭᠠᠨ ᠲᠣᠣᠷ ᠢ᠋ ᠲᠡᠰ ᠳᠡᠪᠱᠢᠭᠦᠯᠤᠨ ᠥᠭᠡᠷᠡᠴᠢᠯᠡᠨ ᠪᠠᠢᠭᠤᠯᠬᠤ ᠢᠨᠵᠧᠨᠧᠷᠢᠩ ᠤ᠋ᠨ ᠲᠥᠯᠥᠪᠯᠡᠭᠡᠳᠦ ᠣᠷᠣᠭᠤᠯᠪᠠ᠃
ᠰᠤᠷᠭᠠᠯᠳᠦ ᠪᠤᠯᠤᠨ ᠲᠡᠬᠦᠨ ᠤ᠋ ᠬᠠᠮᠳᠦ ᠠᠵᠢᠯᠯᠠᠭᠰᠠᠳ ᠤ᠋ᠨ ᠵᠢᠯ ᠭᠠᠷᠤᠢ ᠵᠢᠨ ᠬᠠᠲᠠᠭᠤᠵᠢᠯᠲᠠᠢ ᠠᠵᠢᠯᠯᠠᠬᠤ ᠪᠡᠷ ᠳᠠᠮᠵᠢᠨ᠂ 2016 ᠣᠨ ᠤ᠋ 11 ᠰᠠᠷ᠎ᠠ ᠵᠢᠨ 30 ᠤ᠋ ᠡᠳᠦᠷ ᠤ᠋ᠨ 11 ᠴᠠᠭ 30 ᠮᠢᠨᠦ᠋ᠲᠲᠦ᠂ 《ᠴᠠᠬᠢᠯᠭᠠᠨ ᠨᠡᠭᠡᠯᠡᠬᠡᠢ ᠵᠢ ᠨᠡᠭᠡᠭᠡᠵᠦ ᠴᠠᠬᠢᠯᠭᠠᠨ ᠬᠦᠷᠭᠡᠬᠦ᠌》 ᠵᠠᠷᠯᠢᠭ ᠢ᠋ ᠲᠠᠭᠠᠯᠲᠤᠨ᠂ ᠲᠤᠢᠭ ᠰᠢᠯᠢ ᠬᠢᠯᠢ ᠵᠢᠨ ᠲᠣᠮᠢᠯᠠᠭ᠍ᠰᠠᠨ ᠰᠠᠯᠪᠤᠷᠢ ᠵᠢᠨ ᠳ᠋ᠧᠩ ᠭᠡᠷᠡᠯᠳᠦᠵᠦ᠂ 45 ᠵᠢᠯ ᠤ᠋ᠨ ᠴᠠᠬᠢᠯᠭᠠᠨ ᠦᠭᠡᠢ ᠪᠠᠢᠭ᠍ᠰᠠᠨ ᠲᠡᠦᠬᠡ ᠵᠢ ᠡᠴᠦᠰᠯᠡᠭᠦᠯᠪᠡ᠂ ᠡᠭᠦᠨ ᠡᠴᠡ ᠰᠡᠬᠦᠯᠡᠷ᠂ ᠲᠣᠮᠢᠯᠠᠭ᠍ᠰᠠᠨ ᠰᠠᠯᠪᠤᠷᠢᠵᠢᠨ ᠬᠢᠨ ᠸᠢᠳᠢᠣ᠋ ᠬᠤᠷᠠᠯ ᠤ᠋ᠨ ᠲᠥᠬᠥᠭᠡᠷᠦᠮᠵᠢ ᠵᠢ ᠣᠷᠣᠭᠤᠯᠤᠨ ᠠᠪᠴᠢᠷᠠᠵᠤ᠂ ᠺᠠᠳ᠋ᠷ ᠴᠠᠭ᠍ᠳᠠᠭᠠ ᠺᠣᠮᠫᠢᠦ᠋ᠲ᠋ᠧᠷ ᠭᠡᠷᠡᠭᠯᠡᠵᠤ ᠲᠧᠯᠸᠢᠰ ᠰᠤᠨᠢᠷᠬᠠᠬᠤ ᠪᠤᠯᠵᠠᠢ᠃ ᠮᠠᠯᠴᠢᠨ ᠬᠠᠰᠴᠢᠯᠠᠭᠤ ᠵᠢᠨ ᠭᠡᠷ ᠤ᠋ᠨ ᠳ᠋ᠧᠩ ᠴᠣ᠌ ᠬᠡᠷᠡᠯᠳᠦᠪᠡ᠂ ᠲᠡᠬᠦᠨ ᠡᠴᠡ ᠬᠤᠢᠰᠢ᠂ ᠲᠡᠳᠡᠨᠠᠢᠬᠢᠨ ᠭᠤᠶᠤ ᠰᠠᠢᠬᠠᠨ ᠲᠣᠭᠣᠰᠭᠠᠨ ᠪᠠᠢᠱᠢᠩ ᠪᠠᠷᠢᠵᠤ᠂ ᠲᠧᠯᠸᠢᠰ᠂ ᠬᠥᠯᠳᠡᠭᠡᠭᠦᠷ ᠵᠡᠷᠭᠡ ᠭᠡᠷ ᠤ᠋ᠨ ᠴᠠᠬᠢᠯᠭᠠᠨ ᠬᠡᠷᠡᠭ᠌ᠰᠡᠯ ᠢ᠋ ᠪᠦᠷᠢᠳᠦᠬᠦᠯᠦᠭᠰᠡᠨ ᠪᠠᠢᠨ᠎ᠠ᠃
ᠡᠴᠢᠨᠡᠨ ᠵᠢᠯ᠂ ᠠᠵᠢᠯ ᠦᠢᠯᠡᠰ ᠤ᠋ᠨ ᠵᠢᠡᠨ ᠬᠤᠪᠢ ᠳ᠋ᠦ ᠪᠦᠬᠦ ᠬᠦᠴᠦᠨ ᠴᠢᠳᠠᠯᠵᠢᠡᠨ ᠰᠢᠪᠬᠠᠵᠦ ᠠᠷᠠᠳ ᠲᠦᠮᠡᠨ ᠤ᠋ ᠪᠡᠨ ᠠᠮᠢᠳᠤᠷᠠᠯ ᠢ᠋ 《ᠭᠡᠷᠡᠯᠳᠦᠬᠦᠯᠵᠦ》 ᠶᠠᠪᠤᠭᠰᠠᠨ ᠨᠢᠭᠡ ᠤᠮᠤᠷᠬᠠᠯ ᠭᠡᠬᠦ ᠳ᠋ᠦ᠂ ᠠᠷᠤ ᠭᠡᠷ ᠵᠢᠡᠨ ᠬᠠᠷᠠᠭᠠᠯᠵᠠᠵᠦ ᠴᠢᠳᠠᠭᠰᠠᠨ ᠦᠭᠡᠢ ᠨᠢ ᠰᠤᠷᠭᠠᠯᠳᠦ ᠵᠢᠨ ᠰᠡᠳᠬᠢᠯ ᠤ᠋ᠨ ᠬᠦᠨ ᠳ᠋ᠡᠬᠢ ᠨᠢᠭᠡ ᠬᠠᠷᠠᠮᠰᠠᠯ ᠪᠤᠯᠵᠦ ᠬᠤᠴᠤᠷᠴᠠᠢ᠃ ᠪᠠᠷᠢᠯᠭ᠎ᠠ ᠵᠢᠨ ᠠᠵᠢᠯ ᠤ᠋ᠨ ᠬᠤᠭᠤᠴᠠᠭᠠᠨ ᠳ᠋ᠦ᠂ ᠲᠡᠬᠦᠨ ᠤ᠋ ᠪᠦᠰᠡᠬᠦᠢ ᠸᠠᠩ ᠵᠢᠶᠠ ᠴᠢᠶᠦᠢ᠍ᠩ ᠵᠢᠷᠮᠦᠰᠦᠯᠡᠵᠦ᠂ 10 ᠤᠳᠠᠭᠠᠨ ᠤ᠋ ᠬᠦᠩᠬᠡᠵᠢᠯᠳᠡ ᠵᠢᠨ ᠪᠠᠢᠴᠠᠭᠠᠯᠳᠠ ᠵᠢᠨ 9 ᠤᠳᠠᠭ᠎ᠠ ᠵᠢ ᠪᠦᠰᠡᠬᠦᠢ ᠨᠢ ᠭᠠᠭᠴᠠᠭᠠᠷ ᠵᠢᠡᠨ ᠤᠴᠢᠵᠠᠢ᠃ ᠵᠢᠷᠮᠦᠰᠦᠯᠡᠭᠰᠡᠨ ᠤ᠋ ᠰᠡᠬᠦᠯᠴᠢ ᠵᠢᠨ ᠬᠤᠭᠤᠴᠠᠭᠠᠨ ᠳ᠋ᠦ ᠪᠦᠰᠡᠬᠦᠢ ᠵᠢᠨ ᠬᠢᠨ ᠬᠦᠯ ᠨᠢ ᠬᠠᠪᠤᠳᠴᠦ᠂ ᠨᠠᠭᠠᠰᠢ ᠴᠠᠭᠠᠰᠢ ᠠᠯᠬᠤᠬᠤ ᠳ᠋ᠦ ᠴᠣ᠌ ᠲᠦᠪᠡᠭᠳᠡᠪᠡ᠂ ᠲᠡᠷᠭᠡᠳᠡ ᠨᠢ ᠬᠠᠨᠢ ᠪᠤᠯᠬᠤ ᠬᠦᠮᠦᠨ ᠦᠭᠡᠢ ᠵᠢᠨ ᠤᠴᠢᠷ᠂ ᠬᠡᠦᠬᠡᠳ ᠵᠢᠡᠨ ᠠᠮᠤᠷ ᠮᠡᠨᠳᠦᠬᠡᠨ ᠲᠦᠷᠦᠬᠦᠯᠳᠡᠯᠡ ᠭᠠᠭᠴᠠᠭᠠᠷ ᠰᠢᠳᠦ ᠵᠠᠭᠤᠨ ᠲᠡᠰᠪᠦᠷᠢᠯᠡᠭᠰᠡᠭᠡᠷ ᠢᠷᠡᠵᠠᠢ᠃ ᠡᠨᠡ ᠵᠢᠯ ᠤ᠋ᠨ 《5·1》 ᠤ᠋ ᠬᠤᠭᠤᠴᠠᠭᠠᠨ ᠳ᠋ᠦ᠂ ᠰᠤᠷᠭᠠᠯᠳᠦ ᠬᠡᠦᠬᠡᠳ ᠵᠢᠡᠨ ᠳᠠᠭᠠᠭᠤᠯᠵᠦ ᠡᠪᠡᠳᠴᠢᠨ ᠦᠵᠡᠬᠦᠯᠵᠦ ᠪᠠᠢᠬᠤ ᠳ᠋ᠦ᠂ ᠡᠨᠡ ᠤᠴᠢᠷ ᠵᠢᠡᠨ ᠡᠷᠬᠢᠴᠡᠬᠦᠯᠤᠨ ᠶᠠᠷᠢᠬᠤ ᠪᠡᠷ᠂ ᠬᠡᠦᠬᠡᠳ ᠨᠢ᠄《ᠮᠢᠨᠤ ᠠᠪᠤ ᠪᠤᠯ ᠬᠦᠳᠡᠯᠮᠦᠷᠢ ᠵᠢᠨ ᠵᠢᠱ᠌ᠢᠶᠡᠴᠢ᠂ ᠡᠨᠡ ᠪᠤᠯ ᠮᠢᠨᠤ ᠬᠠᠮᠤᠭ ᠤ᠋ᠨ ᠶᠡᠬᠡ ᠤᠮᠤᠭᠰᠢᠯ》 ᠭᠡᠵᠦ ᠠᠪᠤ ᠵᠢᠨᠵᠢᠡᠨ ᠰᠡᠳᠬᠢᠯ ᠢ᠋ ᠳᠠᠢᠳᠬᠤᠷᠠᠭᠤᠯᠤᠨᠠ᠃
ᠬᠠᠷ᠎ᠠ ᠪᠦᠷᠬᠦᠳ ᠤ᠋ᠨ ᠠᠭᠤᠯᠠ ᠴᠠᠬᠢᠯᠭᠠᠨ ᠬᠠᠩᠭᠠᠬᠤ ᠭᠠᠵᠠᠷ ᠨᠢ ᠲᠤᠬᠠᠶ ᠵᠢᠨ ᠭᠠᠵᠠᠷ ᠤ᠋ᠨ ᠦᠢᠯᠡᠳᠪᠦᠷᠢ ᠠᠭᠤᠷᠬᠠᠶ ᠠᠵᠤ ᠠᠬᠤᠢᠯᠠᠯ ᠤ᠋ᠨ ᠴᠠᠬᠢᠯᠭᠠᠨ ᠬᠠᠩᠭᠠᠬᠤ ᠬᠦᠨᠳᠦ ᠡᠭᠦᠷᠭᠡ ᠵᠢ ᠡᠭᠦᠷᠭᠡᠯᠡᠵᠦ᠍ ᠪᠠᠢᠳᠠᠭ᠃ 2017 ᠣᠨ ᠳ᠋ᠦ᠂ ᠪᠡᠭᠡᠵᠢᠩ ᠡᠴᠡ ᠦᠷᠦᠮᠴᠢ ᠬᠦᠷᠬᠦ ᠲᠦᠷᠭᠡᠨ ᠤ᠋ ᠵᠠᠰᠠᠮᠠᠯ ᠵᠠᠮ ᠤ᠋ᠨ ᠪᠦᠳᠤᠬᠡᠨ ᠪᠠᠢᠭᠤᠯᠤᠯᠲᠠ ᠵᠢᠨ ᠬᠤᠭᠤᠴᠠᠭᠠᠨ ᠳ᠋ᠦ᠂ ᠬᠠᠷ᠎ᠠ ᠪᠦᠷᠬᠦᠳ ᠤ᠋ᠨ ᠠᠭᠤᠯᠠ ᠵᠢᠨ ᠬᠢᠯᠢ ᠳᠣᠲᠣᠷᠠᠬᠢ ᠭᠤᠷᠪᠠᠨ ᠳᠠᠭᠠᠭᠠᠴᠢᠯᠠᠯᠳᠠ ᠵᠢᠨ ᠭᠡᠰᠡᠭ ᠤ᠋ᠨ ᠶᠢᠰᠦᠨ ᠬᠤᠪᠢᠶᠠᠷᠢ ᠬᠡᠰᠡᠭ ᠨᠢ ᠶᠠᠭ ᠴᠠᠭ ᠮᠥᠴᠡ ᠵᠢ ᠠᠮᠵᠢᠨ ᠠᠵᠢᠯᠯᠠᠵᠤ ᠪᠠᠢᠯ᠎ᠠ᠃ ᠨᠢᠭᠡᠨ ᠡᠳᠦᠷ ᠤᠨ ᠰᠥᠨᠢ ᠳᠦᠯᠢ ᠵᠢᠨ ᠦᠶ᠎ᠡ ᠪᠡᠷ᠂ ᠬᠠᠷ᠎ᠠ ᠪᠦᠷᠬᠦᠳ ᠤ᠋ᠨ ᠠᠭᠤᠯᠠ ᠴᠠᠬᠢᠯᠭᠠᠨ ᠬᠠᠩᠭᠠᠬᠤ ᠭᠠᠵᠠᠷ ᠪᠠᠴᠢᠮ ᠰᠡᠯᠪᠢᠨ ᠵᠠᠰᠠᠬᠤ ᠤᠲᠠᠰᠤ ᠲᠤᠰᠪᠠ᠂ ᠨᠥᠬᠥᠭᠡ ᠲᠠᠯ᠎ᠠ ᠵᠢᠨ ᠬᠢᠨ᠄ 《ᠬᠦᠴᠦᠳᠡᠯ ᠥᠭᠡᠷᠡᠴᠢᠯᠡᠭ᠌ᠴᠢ ᠡᠪᠳᠡᠷᠡᠭᠡᠳ ᠴᠠᠬᠢᠯᠭᠠᠨ ᠲᠠᠰᠤᠷᠠᠴᠢᠬᠠᠵᠠᠢ᠂ ᠪᠠᠷᠤᠭ᠍ᠰᠢᠨ ᠥᠷᠲᠡᠭᠡᠨ ᠤ᠋ ᠲᠥᠬᠥᠭᠡᠷᠦᠮᠵᠢᠳᠦ ᠪᠠᠷᠤᠭ᠍ᠰᠢᠨ ᠦᠶ᠋ᠯᠡᠳᠪᠦᠷᠢᠯᠡᠬᠦ᠌ ᠲᠦᠭᠦᠬᠡᠶ ᠮᠠᠲ᠋ᠧᠷᠢᠶᠠᠯ ᠢ᠋ ᠲᠦᠭᠦᠷᠭᠡᠪᠡ᠂ ᠬᠣᠶᠠᠷ ᠴᠠᠭ ᠤ᠋ᠨ ᠳᠣᠲᠣᠷ᠎ᠠ ᠴᠠᠬᠢᠯᠭᠠᠨ ᠵᠢᠡᠨ ᠰᠡᠷᠭᠦᠭᠡᠬᠦ᠌ ᠥᠬᠡᠶ ᠪᠣᠯ᠂ ᠳᠦᠬᠦᠷᠡᠩ ᠲᠦᠭᠦᠬᠡᠶ ᠮᠠᠲ᠋ᠧᠷᠢᠶᠠᠯ ᠬᠠᠳᠠᠭᠤᠷᠠᠵᠦ ᠲᠥᠬᠥᠭᠡᠷᠦᠮᠵᠢ ᠴᠣ᠌ ᠡᠪᠳᠡᠷᠡᠴᠢᠭᠡᠨᠡ᠂ ᠨᠠᠩ ᠬᠦᠨᠳᠦ ᠨᠣᠴᠢᠲᠠᠶ ᠨᠢ ᠪᠠᠷᠢᠯᠭ᠎ᠠ ᠵᠢᠨ ᠪᠥᠬᠥ᠌ ᠠᠬᠢᠴᠠ ᠵᠢ ᠰᠠᠭᠠᠳᠠᠭᠠᠨᠠ》 ᠭᠡᠵᠦ ᠪᠠᠴᠢᠮ ᠳᠤᠤᠭᠠᠷᠤᠨ᠎ᠠ᠃ ᠰᠤᠷᠭᠠᠯᠳᠦ ᠲᠡᠷᠡ ᠳᠠᠷᠤᠢ ᠳ᠋ᠤᠨᠢ ᠠᠵᠢᠯᠳᠠᠨᠵᠢᠡᠨ ᠵᠤᠬᠢᠶᠠᠨ ᠪᠠᠢᠭᠤᠯᠵᠦ᠂ 40 ᠭᠠᠷᠤᠶ ᠺᠢᠯᠣᠮᠧᠲ᠋ᠷ ᠤ᠋ᠨ ᠠᠭᠤᠯᠠᠨ ᠵᠠᠮ ᠵᠢᠡᠷ ᠰᠠᠵᠢᠯᠠᠭᠤᠯᠤᠭᠰᠠᠭᠠᠷ᠂ ᠰᠦᠨᠢ ᠵᠢᠨ 1 ᠴᠠᠭ ᠭᠠᠷᠤᠶ ᠳ᠋ᠦ ᠲᠤᠬᠠᠶ ᠵᠢᠨ ᠲᠠᠯᠠᠪᠠᠶ ᠳ᠋ᠦ ᠬᠦᠷᠴᠡᠶ᠃ ᠲᠡᠷᠡ ᠳᠠᠷᠤᠢᠬᠠᠨ ᠭᠡᠮ ᠰᠤᠭᠤᠭ ᠢ᠋ ᠨᠢ ᠡᠷᠢᠵᠦ᠍᠂ ᠵᠠᠪᠳᠤᠨ ᠵᠠᠰᠠᠬᠤ ᠠᠵᠢᠯ ᠢ᠋ ᠥᠷᠨᠢᠭᠦᠯᠵᠦ᠍᠂ ᠬᠠᠭᠠᠰ ᠴᠠᠭ ᠪᠣᠯᠤᠯ ᠦᠭᠡᠢᠪᠡᠷ ᠪᠠᠷᠤᠭ᠍ᠰᠢᠨ ᠦᠢᠯᠡᠳᠪᠦᠷᠢᠯᠡᠬᠦ᠌ ᠲᠥᠬᠥᠭᠡᠷᠦᠮᠵᠢ ᠡᠬᠢᠯᠡᠵᠦ ᠡᠷᠭᠢᠯᠳᠦᠨ ᠬᠡᠪ ᠤ᠋ᠨ ᠠᠵᠢᠯᠵᠢᠡᠨ ᠰᠡᠷᠬᠦᠭᠡᠪᠡ᠃ 《ᠬᠠᠭᠠᠰ ᠴᠠᠭ ᠤ᠋ᠨ ᠠᠵᠢᠯ᠂ ᠶᠠᠭ ᠯᠠ ᠨᠢᠭᠡ ᠡᠳᠦᠷ ᠠᠵᠢᠯ ᠬᠢᠭᠰᠡᠨ ᠮᠡᠳᠦ ᠵᠦᠳᠡᠷᠡᠴᠢᠭᠡᠵᠠᠢ ᠁》 ᠭᠡᠵᠦ ᠲᠦᠭᠦᠭᠡᠷᠦᠮᠵᠢ ᠵᠢᠨ ᠬᠡᠪ ᠵᠢᠡᠷ ᠠᠵᠢᠯᠯᠠᠬᠤ ᠵᠢ ᠬᠠᠷᠠᠭᠠᠳ ᠲᠡᠷᠡ ᠠᠭᠤᠵᠢᠷᠠᠳᠠᠯ᠎ᠠ ᠠᠮᠢᠰᠬᠤᠯ᠎ᠠ᠃
ᠬᠡᠷᠡᠭ ᠤ᠋ᠨ ᠳᠠᠷᠠᠭ᠎ᠠ᠂ ᠳᠤᠮᠳᠠᠳᠤ ᠤᠯᠤᠰ ᠤ᠋ᠨ ᠵᠠᠮ ᠬᠠᠷᠢᠯᠴᠠᠭᠠᠨ ᠤ᠋ ᠪᠠᠢᠭᠤᠯᠤᠯᠳᠠ ᠵᠢᠨ ᠶᠡᠷᠦᠩᠬᠡᠢ ᠳᠠᠭᠠᠭᠠᠴᠢᠯᠠᠯᠲᠠ ᠵᠢᠨ ᠬᠡᠯᠲᠡᠰ ᠤ᠋ᠨ ᠶᠢᠰᠦᠳᠦᠭᠡᠷ ᠬᠤᠪᠢᠶᠠᠷᠢ ᠬᠡᠯᠳᠡᠰ ᠤ᠋ᠨ ᠨᠠᠮ ᠤ᠋ᠨ ᠡᠭᠦᠷ ᠤ᠋ᠨ ᠱᠦᠵᠢ ᠮᠠ ᠸᠧᠢ ᠵᠦᠩ ᠴᠠᠬᠢᠯᠭᠠᠨ ᠬᠠᠩᠭᠠᠬᠤ ᠭᠠᠵᠠᠷ ᠲᠣ᠌ ᠬᠡᠮᠡᠷᠯᠢᠭ ᠲᠤᠭ ᠬᠦᠷᠭᠡᠵᠦ᠍ ᠢᠷᠡᠭᠡᠳ᠄ 《ᠲᠠᠨᠠᠷ ᠤ᠋ᠨ ᠬᠦᠴᠦᠲᠡᠢ ᠳᠡᠮᠵᠢᠯᠭᠡ ᠪᠠ ᠬᠠᠷᠠᠮ ᠦᠭᠡᠢ ᠬᠠᠪᠰᠤᠷᠤᠯᠭ᠎ᠠ ᠳᠣᠣᠷ᠎ᠠ᠂ ᠪᠢᠳᠡ ᠲᠣᠭ᠍ᠲᠠᠭ᠍ᠰᠠᠨ ᠬᠤᠭᠤᠴᠠᠭᠠᠨᠳᠠᠭᠠᠨ ᠠᠵᠢᠯ ᠵᠢᠡᠨ ᠳᠠᠭᠤᠰᠭᠠᠪᠠ᠃ ᠣᠳᠣ ᠪᠢᠳᠡ ᠡᠯ᠎ᠡ ᠳᠠᠭᠠᠭᠠᠴᠢᠯᠠᠯᠲᠠ ᠵᠢᠨ ᠬᠡᠰᠡᠭ ᠤ᠋ᠨ ᠱᠢᠯᠭᠠᠷᠠᠭᠤᠯᠤᠯᠲᠠ ᠳ᠋ᠦ ᠣᠷᠣᠢᠯᠠᠵᠤ ᠪᠠᠢᠨ᠎ᠠ᠂ ᠪᠠᠰᠠ ᠱᠠᠩᠨᠠᠯ ᠬᠦᠬᠢᠬᠦᠯᠦᠯ ᠬᠦᠷᠳᠡᠵᠠᠢ᠂ ᠲᠠᠨᠠᠷ ᠤ᠋ᠨ ᠠᠴᠢ ᠪᠡᠷ ᠱᠢᠤ!》 ᠭᠡᠵᠦ ᠲᠠᠯᠠᠷᠬᠠᠪᠠ᠃
2020 ᠣᠨ ᠤ᠋ ᠨᠢᠭᠡᠨ ᠡᠳᠦᠷ᠂ ᠰᠤᠷᠭᠠᠯᠳᠦ ᠬᠢᠯᠢ ᠵᠢᠨ ᠬᠠᠮᠠᠭᠠᠯᠠᠯᠲᠠ ᠵᠢᠨ ᠨᠢᠭᠡᠨ ᠰᠤᠮᠤᠨ ᠠᠩᠭᠢ ᠳ᠋ᠦ ᠬᠦᠷᠴᠦ᠍ ᠡᠳᠦᠷ ᠲᠤᠲᠤᠮ ᠤ᠋ᠨ ᠦᠶ᠋ᠯᠡᠴᠢᠯᠡᠭᠡ ᠥᠷᠨᠢᠭᠦᠯᠬᠦ ᠳ᠋ᠦ᠂ ᠰᠤᠮᠤᠨ ᠠᠩᠭᠢ ᠵᠢᠨ ᠨᠡᠭᠦᠷᠡᠰᠦᠨ ᠵᠤᠤᠬ᠎ᠠ ᠵᠢᠨ ᠳᠤᠯᠠᠭᠠᠯᠠᠭᠠᠵᠢᠨ ᠴᠢᠳᠠᠮᠵᠢ ᠳᠤᠤᠷ᠎ᠠ ᠪᠠᠢᠬᠤ ᠵᠢ ᠬᠠᠷᠠᠭᠠᠳ᠄ 《ᠴᠠᠬᠢᠯᠭᠠᠨ ᠵᠤᠤᠬ᠎ᠠ ᠪᠣᠯᠭᠠᠨ ᠥᠭᠡᠷᠡᠴᠢᠯᠡᠪᠡᠯ ᠵᠤᠬᠢᠨ᠎ᠠ》 ᠭᠡᠪᠡ᠃ ᠲᠤᠰ ᠵᠢᠯ ᠤ᠋ᠨ 6 ᠰᠠᠷ᠎ᠠ ᠳ᠋ᠦ᠂ 650 ᠺᠢᠯᠤᠸᠤᠯᠲ ᠠᠮᠫᠧᠷ ᠤ᠋ᠨ ᠪᠠᠭ᠍ᠲᠠᠭᠠᠮᠵᠢ ᠲᠠᠢ ᠨᠢᠭᠡᠨ ᠬᠦᠴᠦᠳᠡᠯ ᠥᠭᠡᠷᠡᠴᠢᠯᠡᠭ᠌ᠴᠢ ᠲᠤᠰ ᠰᠤᠮᠤᠨ ᠠᠩᠭᠢ ᠳ᠋ᠦ ᠨᠤᠳᠤᠭᠰᠢᠪᠠ᠃ ᠰᠤᠮᠤᠨ ᠤ᠋ ᠨᠢᠭᠡ ᠪᠠᠢᠯᠳᠤᠭ᠍ᠴᠢ᠄《ᠥᠩᠭᠡᠷᠡᠭ᠌ᠰᠡᠨᠳᠦ᠂ ᠨᠡᠭᠦᠷᠡᠰᠦ ᠦᠷᠦᠬᠦ᠂ ᠨᠡᠭᠦᠷᠡᠰᠦ ᠬᠤᠰᠤᠬᠤ ᠡᠴᠡ ᠬᠦᠸᠸᠯᠤ ᠵᠢ ᠠᠵᠢᠯᠯᠠᠭᠤᠯᠬᠤ ᠳ᠋ᠦ ᠬᠣᠶᠠᠷ ᠴᠠᠭ ᠬᠡᠷᠡᠭ᠌ᠰᠡᠳᠡᠭ᠂ ᠣᠲᠣ ᠨᠢᠭᠡ ᠨᠡᠭᠡᠯᠡᠬᠡᠢ ᠪᠡᠷ ᠳᠠᠷᠤᠢ ᠴᠡᠷᠢᠭ ᠤ᠋ᠨ ᠬᠤᠸᠠᠷᠠᠨ ᠵᠢᠡᠨ ᠳᠤᠯᠠᠭᠠᠯᠠᠴᠢᠬᠠᠨᠠ》 ᠭᠡᠵᠦ ᠪᠠᠶᠠᠷᠳᠠᠢᠬᠠᠨ ᠬᠡᠯᠡᠨ᠎ᠠ᠃
ᠮᠠᠯᠴᠢᠳ ᠲᠣ᠌ ᠨᠠᠩ ᠰᠠᠢᠨ ᠦᠶ᠋ᠯᠡᠴᠢᠯᠡᠬᠦ᠌ ᠵᠢᠨ ᠲᠥᠯᠥᠭᠡ᠂ ᠰᠤᠷᠭᠠᠯᠳᠦ 《ᠴᠠᠬᠢᠯᠭᠠᠨ ᠬᠠᠷᠴᠠᠭᠠᠢ ᠰᠠᠢᠨ ᠳᠤᠷ᠎ᠠ ᠵᠢᠨ ᠦᠶ᠋ᠯᠡᠴᠢᠯᠡᠭᠡᠨ ᠤ᠋ ᠠᠩᠭᠢ》 ᠵᠢ ᠵᠤᠬᠢᠶᠠᠨ ᠪᠠᠢᠭᠤᠯᠪᠠ᠃ ᠰᠤᠶᠤᠯᠲᠤᠶᠠᠭᠠ ᠨᠠᠰᠤᠲᠠᠨ ᠢ᠋ ᠠᠮᠢᠳᠤ ᠰᠡᠷᠡᠭᠦᠨ ᠪᠠᠢᠬᠤᠳ᠋ᠦ᠂ ᠰᠤᠷᠭᠠᠯᠳᠦ ᠰᠠᠷ᠎ᠠ ᠪᠦᠷᠢ ᠲᠤᠢᠭ ᠰᠢᠯᠢ ᠣᠷᠣᠨ ᠤ᠋ ᠵᠠᠮ ᠱᠤᠭᠤᠮ ᠢ᠋ ᠲᠣᠭᠣᠷᠢᠨ ᠪᠠᠢᠴᠠᠭᠠᠬᠤ ᠳ᠋ᠠᠭᠠᠨ ᠪᠦᠷ ᠵᠠᠮ ᠲᠣᠭᠣᠷᠢᠵᠤ ᠨᠠᠰᠤᠳᠠᠨ ᠢ᠋ ᠡᠷᠭᠢᠵᠦ᠍ ᠦᠵᠡᠳᠡᠭ᠂ ᠲᠡᠳᠡ ᠪᠡᠯᠡᠳᠭᠡᠭ᠌ᠰᠡᠨ ᠢᠳᠡᠱᠢᠨ ᠨᠣᠭᠣᠭ᠎ᠠ ᠵᠢᠮᠢᠰ ᠵᠢᠴᠢ ᠠᠮᠢᠳᠤᠷᠠᠯ ᠤ᠋ᠨ ᠡᠳᠦᠷ ᠲᠤᠲᠤᠮ ᠤ᠋ᠨ ᠬᠡᠷᠡᠭ᠌ᠰᠡᠯ ᠵᠢᠡᠨ ᠨᠠᠰᠤᠲᠠᠨ ᠳ᠋ᠦ ᠬᠦᠷᠭᠡᠬᠦ᠌ ᠵᠢᠨ ᠬᠠᠮᠲᠤ ᠴᠠᠬᠢᠯᠭᠠᠨ ᠬᠡᠷᠡᠭ᠌ᠯᠡᠬᠦ᠌ ᠲᠥᠬᠥᠭᠡᠷᠦᠮᠵᠢ ᠵᠢᠨ ᠪᠠᠢᠳᠠᠯ ᠢ᠋ ᠨᠠᠷᠢᠨ ᠪᠠᠢᠴᠠᠭᠠᠳᠠᠭ᠃ ᠨᠠᠰᠤᠲᠠᠨ ᠬᠥᠮᠦᠨ ᠲᠠᠭᠠᠷᠠᠪᠠᠯ᠄《ᠰᠤᠷᠭᠠᠯᠳᠦ ᠲᠥᠷᠥᠭ᠌ᠰᠡᠨ ᠬᠦᠦ᠍ ᠡᠴᠡ ᠪᠠᠰᠠ ᠢᠯᠡᠬᠦᠦ ᠳᠣᠲᠣᠨᠣ!》 ᠭᠡᠵᠦ ᠶᠠᠷᠢᠳᠠᠭ ᠪᠠᠢᠪᠠ᠃
ᠣᠳᠣ ᠵᠢᠨ ᠬᠠᠷ᠎ᠠ ᠪᠦᠷᠬᠦᠳ ᠤ᠋ᠨ ᠠᠭᠤᠯᠠ ᠳ᠋ᠦ ᠮᠠᠰᠢ ᠶᠡᠬᠡ ᠬᠤᠪᠢᠷᠠᠯᠲᠠ ᠭᠠᠷᠴᠠᠶ᠃ 2016 ᠣᠨ ᠳ᠋ᠦ᠂ ᠴᠠᠬᠢᠯᠭᠠᠨ ᠬᠠᠩᠭᠠᠬᠤ ᠭᠠᠵᠠᠷ ᠤᠰᠤ ᠴᠡᠪᠡᠷᠱᠢᠭᠦᠯᠬᠦ᠌ ᠲᠥᠬᠥᠭᠡᠷᠦᠮᠵᠢ ᠵᠢ ᠭᠡᠷᠡᠭᠯᠡᠵᠦ᠂ 8 ᠵᠢᠯ ᠤ᠋ᠨ ᠤᠰᠤ ᠤᠮᠳᠠ ᠵᠢᠨ ᠪᠠᠷᠢᠮᠵᠢᠶ᠎ᠠ ᠳ᠋ᠦ ᠬᠦᠷᠦᠭ᠌ᠰᠡᠨ ᠦᠭᠡᠢ ᠲᠡᠦᠬᠡ ᠵᠢ ᠡᠴᠦᠰᠯᠡᠭᠦᠯᠪᠡ; 2017 ᠣᠨ ᠳ᠋ᠦ᠂ ᠪᠡᠭᠡᠵᠢᠩ ᠡᠴᠡ ᠦᠷᠦᠮᠴᠢ ᠬᠦᠷᠬᠦ᠌ ᠲᠦᠷᠭᠡᠨ ᠤ᠋ ᠵᠠᠰᠠᠮᠠᠯ ᠵᠠᠮ ᠪᠦᠬᠦ᠌ ᠱᠤᠭᠤᠮ ᠵᠢᠡᠷ ᠨᠡᠪᠲᠡᠷᠡᠵᠦ᠍᠂ ᠵᠢᠵᠢᠭᠦᠷᠯᠡᠭ᠌ᠴᠢ 300 ᠺᠢᠯᠣᠮᠧᠲ᠋ᠷ ᠵᠠᠮ ᠢ᠋ 6 ᠴᠠᠭ ᠶᠠᠪᠤᠳᠠᠭ ᠲᠡᠦᠬᠡ ᠵᠢ ᠡᠴᠦᠰᠯᠡᠭᠦᠯᠪᠡ᠋; 2021 ᠣᠨ ᠳ᠋ᠦ᠂ ᠮᠠᠱᠢᠨ ᠬᠥᠮᠦᠨ 《ᠱᠢᠶᠤᠤ ᠮᠧᠶ》 ᠬᠠᠷ᠎ᠠ ᠪᠦᠷᠬᠦᠳ ᠤ᠋ᠨ ᠠᠭᠤᠯᠠ ᠳ᠋ᠦ ᠣᠷᠣᠵᠤ᠂ 110 ᠺᠢᠯᠦᠸᠤᠯᠲ ᠤ᠋ᠨ ᠬᠦᠴᠦᠳᠡᠯ ᠦᠭᠡᠷᠡᠴᠢᠯᠡᠬᠦ ᠥᠷᠲᠡᠭᠡ ᠵᠢ ᠵᠢᠵᠢᠬᠦᠷᠯᠡᠬᠦ ᠬᠥᠮᠦᠨ ᠥᠬᠡᠶ ᠪᠤᠯᠭᠠᠵᠦ᠂ ᠨᠢᠭᠡᠨ ᠱᠢᠨ᠎ᠡ ᠡᠷᠢᠨ ᠵᠠᠭᠤᠨ ᠡᠭᠦᠨ ᠡᠴᠡ ᠡᠬᠢᠯᠡᠵᠠᠢ ᠁ ᠬᠤᠪᠢᠷᠠᠭᠰᠠᠨ ᠨᠢ ᠠᠮᠢᠳᠤᠷᠠᠯ ᠪᠠ ᠠᠵᠢᠯ ᠤ᠋ᠨ ᠣᠷᠴᠢᠨ ᠨᠥᠬᠥᠴᠡᠯ᠂ ᠡᠬᠦᠷᠢᠳᠡ ᠬᠤᠪᠢᠷᠠᠰᠢ ᠥᠬᠡᠶ ᠨᠢ ᠠᠷᠠᠳ ᠲᠦᠮᠡᠨᠳᠦ ᠦᠶ᠋ᠯᠡᠴᠢᠯᠡᠬᠦ᠌᠂ ᠦᠨᠡᠨᠴᠢ ᠱᠢᠳᠤᠷᠭᠤ ᠪᠡᠷ ᠰᠠᠬᠢᠨ ᠪᠠᠷᠠᠯᠠᠬᠤ ᠣᠭ ᠰᠠᠨᠠᠭ᠎ᠠ ᠶᠤᠮ᠃
ᠰᠤᠷᠪᠤᠯᠵᠢᠯᠠᠭᠴᠢ ᠲᠠᠢ ᠠᠶᠠᠷᠯᠠᠬᠤ ᠦᠶᠡᠰ᠂ ᠰᠤᠷᠭᠠᠯᠳᠦ᠄ 《ᠦᠳᠡᠰᠢ ᠪᠦᠷᠢ᠂ ᠠᠯᠤᠰᠠᠴᠠ ᠭᠡᠷᠡᠯᠳᠦᠬᠦ ᠳ᠋ᠧᠩ ᠤ᠋ᠨ ᠭᠡᠷᠡᠯ ᠢ᠋ ᠬᠠᠷᠠᠬᠤᠶ᠎ᠠ᠂ ᠮᠢᠨᠦ᠍ ᠰᠡᠳᠭᠢᠯ ᠳ᠋ᠦ ᠴᠣ᠌ ᠭᠡᠷᠡᠯ ᠭᠡᠭᠡ ᠪᠢᠯᠬᠠᠳᠠᠭ》 ᠭᠡᠵᠦ ᠤᠴᠢᠷᠯᠠᠨ᠎ᠠ᠃