ᠮᠢᠩᠭᠠᠨ ᠤᠨ᠎ᠢ ᠲᠤᠭᠤᠯᠤᠬᠰᠠᠨ ᠰᠤᠶᠤᠯ᠎ᠤᠨ ᠰᠤᠳᠠᠰᠤ
2025-06-03 09:48:10
ᠵᠣᠬᠢᠶᠠᠭ᠍ᠴᠢ᠄
ᠬᠠᠨ ᠵᠢᠶ ᠸᠠᠩ
ᠣᠩᠱᠢᠭ᠍ᠰᠠᠨ ᠣᠳᠠᠭ᠎ᠠ᠄
★★★☆☆

ᠬᠥᠯᠥᠨ ᠪᠤᠢ᠌ᠷ᠎ᠤᠨ ᠲᠠᠯ᠎ᠠ ᠨᠤᠲᠤᠭ᠎ᠤᠨ ᠥᠷᠥᠴᠡᠨ᠎ᠳᠡᠬᠢ ᠬᠠᠭᠤᠴᠢᠨ ᠪᠠᠷᠭᠤ ᠬᠣᠱᠢᠭᠤ ᠨᠢ ᠨᠣᠮᠢᠨ ᠨᠣᠭᠣᠭᠠᠨ ᠬᠢᠯᠢᠨᠭ ᠳᠡᠭᠡᠷ᠎ᠡ ᠱᠢᠭᠢᠳᠭᠡᠭ᠌ᠰᠡᠨ ᠡᠷᠲᠡᠨ᠎ᠦ ᠬᠠᠰ ᠵᠡᠭᠦᠯᠲᠡ ᠱᠢᠭ᠎ᠢᠶᠡᠷ ᠲᠠᠯ᠎ᠠ ᠨᠤᠲᠤᠭ᠎ᠤᠨ ᠰᠣᠶᠣᠯ᠎ᠤᠨ ᠭᠦᠨ ᠵᠤᠵᠠᠭᠠᠨ ᠳᠤᠷᠠᠰᠤᠮᠵᠢ᠎ᠶ᠋ᠢ ᠠᠴᠢᠶᠠᠯᠠᠵᠤ ᠪᠠᠢᠳᠠᠭ᠃

ᠵᠠᠭᠤ ᠮᠢᠩᠭᠠᠨ ᠵᠢᠯ᠎ᠦᠨ ᠲᠤᠷᠰᠢ᠂ ᠳ᠋ᠦᠨᠭᠬᠤ᠂ ᠱᠢᠶᠡᠨᠪᠢ᠂ ᠬᠢᠳᠠᠨ᠂ ᠵᠦᠷᠴᠢᠨ᠂ ᠮᠣᠩᠭᠣᠯ ᠵᠡᠷᠭᠡ ᠤᠮᠠᠷᠠᠲᠤ᠎ᠶ᠋ᠢᠨ ᠨᠡᠭᠦᠳᠡᠯᠴᠢᠨ ᠦᠨᠳᠦᠰᠦᠲᠡᠨ ᠡᠨᠳᠡ ᠤᠷᠤᠰᠢᠨ ᠠᠮᠢᠳᠤᠷᠠᠵᠤ᠂ ᠥᠷᠭᠡᠨ ᠠᠭᠤᠳᠠᠮ ᠲᠠᠯ᠎ᠠ ᠨᠤᠲᠤᠭ᠎ᠲᠤ ᠱᠢᠨ᠎ᠡ ᠴᠢᠯᠠᠭᠤᠨ ᠵᠡᠪᠰᠡᠭ᠎ᠦᠨ ᠴᠠᠭ ᠦᠶ᠎ᠡ᠂ ᠬᠦᠷᠡᠯ ᠵᠡᠪᠰᠡᠭ᠎ᠦᠨ ᠴᠠᠭ ᠦᠶ᠎ᠡ᠎ᠡᠴᠡ ᠴᠢᠩ ᠤᠯᠤᠰ᠂ ᠢᠷᠭᠡᠨ ᠤᠯᠤᠰ᠎ᠤᠨ ᠦᠶ᠎ᠡ ᠬᠦᠷᠲᠡᠯᠡᠬᠢ ᠡᠯ᠎ᠡ ᠲᠡᠦᠬᠡᠨ ᠴᠠᠭ ᠦᠶ᠎ᠡ᠎ᠶ᠋ᠢᠨ ᠡᠯᠪᠡᠭ ᠪᠠᠶᠠᠯᠢᠭ ᠬᠠᠭᠤᠴᠢᠳ ᠦᠯᠡᠳᠡᠭ᠌ᠳᠡᠯ ᠦᠯᠡᠳᠡᠭᠡᠵᠡᠶ᠃

ᠨᠢᠭᠡ ᠰᠤᠳᠠᠰᠤ ᠡᠷᠲᠡ ᠡᠳᠦᠭᠡ ᠎ᠵᠢ ᠵᠠᠯᠭᠠᠮᠵᠢᠯᠠᠵᠤ᠂ ᠰᠤᠶᠤᠯ ᠮᠢᠨᠭᠭᠠᠨ ᠤᠨ ᠎ᠢ ᠲᠤᠭᠤᠯᠪᠠ᠃

ᠯᠢᠶᠣᠤ ᠤᠯᠤᠰ᠎ᠤᠨ ᠦᠶ᠎ᠡ᠎ᠶ᠋ᠢᠨ ᠬᠢᠯᠢ᠎ᠶ᠋ᠢᠨ ᠪᠣᠭᠣᠮᠲᠠ᠎ᠶ᠋ᠢᠨ ᠲᠦᠳᠡᠭ ᠭᠠᠯ᠎ᠠᠴᠠ ᠠᠪᠤᠭᠠᠳ ᠠᠯᠳᠠᠨ ᠤᠯᠤᠰ᠎ᠤᠨ ᠰᠡᠷᠭᠡᠢᠯᠡᠯᠲᠡ᠎ᠵᠢᠨ ᠰᠤᠪᠠᠭ᠎ᠤᠨ ᠪᠠᠭᠤᠷᠢ᠎ᠵᠢᠨ ᠮᠤᠷᠤᠯᠵᠠᠭ᠍ᠰᠠᠨ ᠱᠢᠷᠣᠢ᠎ᠶ᠋ᠢᠨ ᠬᠡᠷᠡᠮ ᠬᠦᠷᠲᠡᠯ᠎ᠡ ᠪᠠᠷᠭᠤ ᠠᠢᠮᠠᠭ᠎ᠤᠨ ᠠᠭᠤᠯᠠ ᠤᠰᠤ᠎ᠶ᠋ᠢ ᠳᠠᠪᠠᠭ᠍ᠰᠠᠨ ᠠᠤᠭ᠎ᠠ ᠠᠵᠢᠯᠯᠠᠭ᠎ᠠ᠎ᠠᠴᠠ ᠠᠪᠤᠭᠠᠳ ᠬᠢᠯᠢ᠎ᠶ᠋ᠢᠨ ᠬᠠᠮᠠᠭᠠᠯᠠᠯᠲᠠ᠎ᠶ᠋ᠢᠨ ᠳᠠᠷᠤᠭ᠎ᠠ ᠪᠠᠢᠯᠳᠤᠭ᠍ᠴᠢᠳ᠎ᠤᠨ ᠦᠨᠡᠨᠴᠢ ᠱᠢᠳᠤᠷᠭᠤ ᠡᠷᠡᠯᠬᠡᠭ ᠪᠠᠭᠠᠲᠤᠷᠯᠢᠭ ᠪᠠᠲᠤ ᠰᠠᠬᠢᠯᠲᠠ ᠬᠦᠷᠲᠡᠯ᠎ᠡ᠂ ᠮᠡᠷᠭᠡᠯ ᠭᠣᠣᠯ ᠪᠣᠯᠤᠨ ᠬᠠᠢᠯᠠᠷ ᠭᠣᠣᠯ᠎ᠤᠨ ᠱᠢᠮ᠎ᠡ ᠲᠡᠵᠢᠭᠡᠯ᠎ᠢ ᠬᠦᠷᠳᠡᠭ᠌ᠰᠡᠨ ᠡᠨᠡ ᠬᠦ᠌ ᠨᠤᠲᠤᠭ ᠳᠡᠪᠢᠰᠭᠡᠷ ᠨᠢ ᠲᠠᠯ᠎ᠠ ᠨᠤᠲᠤᠭ᠎ᠤᠨ ᠰᠣᠶᠣᠯ᠎ᠤᠨ ᠭᠸᠨ᠎ᠤ ᠨᠢᠭᠤᠴᠠ ᠨᠣᠮᠧᠷ᠎ᠢ ᠠᠴᠢᠶᠠᠯᠠᠵᠤ ᠪᠠᠢᠬᠤ᠎ᠪᠠᠷ ᠪᠠᠷᠠᠬᠤ ᠦᠭᠡᠢ ᠪᠠᠰᠠ ᠦᠨᠳᠦᠰᠦᠲᠡᠨ᠎ᠨᠦᠭᠦᠳ᠎ᠦᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠤᠨ ᠲᠡᠦᠬᠡ᠎ᠶ᠋ᠢ ᠭᠡᠷᠡᠴᠢᠯᠡᠵᠦ᠍ ᠪᠤᠢ᠃

ᠲᠠᠯ᠎ᠠ ᠨᠤᠲᠤᠭ᠎ᠤᠨ ᠤᠷᠲᠤ ᠴᠠᠭᠠᠨ ᠬᠡᠷᠡᠮ᠎ᠦᠨ ᠴᠠᠭ ᠦᠶ᠎ᠡ᠎ᠵᠢᠨ ᠤᠯᠠ ᠮᠦᠷ

ᠬᠥᠯᠥᠨ ᠪᠤᠢ᠌ᠷ᠎ᠤᠨ ᠠᠳᠠᠷ ᠬᠠᠭᠠᠯᠪᠤᠷᠢᠯᠠᠯᠲᠠ᠎ᠶ᠋ᠢᠨ ᠲᠤᠬᠤᠢ ᠲᠠᠷᠢᠶᠠᠯᠠᠩ ᠮᠠᠯᠵᠢᠯ᠎ᠤᠨ ᠲᠠᠯᠠᠪᠠᠢ᠎ᠶ᠋ᠢᠨ ᠪᠠᠷᠠᠭᠤᠨ ᠲᠠᠯ᠎ᠠ᠎ᠳᠤ ᠨᠢᠭᠡᠨ ᠳᠥᠷᠪᠡᠯᠵᠢᠨ ᠳᠦᠷᠰᠦᠲᠦ ᠬᠠᠩᠳᠠᠭᠰᠠᠨ ᠰᠢᠷᠤᠢ᠎ᠵᠢᠨ ᠬᠤᠳᠠ ᠬᠡᠭᠡᠷ᠎ᠡ ᠲᠠᠯ᠎ᠠ᠎ᠳᠤ ᠨᠠᠮ ᠵᠢᠮᠬᠡᠨ ᠬᠡᠪᠲᠡᠵᠦ᠍ ᠪᠠᠢᠳᠠᠭ᠃  ᠡᠨᠡ ᠬᠦ᠌ ᠪᠠᠭᠤᠷᠢ ᠪᠣᠯ ᠯᠢᠶᠣᠤ ᠤᠯᠤᠰ᠎ᠤᠨ ᠦᠶ᠎ᠡ᠎ᠳᠦ ᠴᠡᠷᠢᠭ ᠰᠠᠭᠤᠯᠭᠠᠵᠤ ᠰᠠᠬᠢᠨ ᠬᠠᠮᠠᠭᠠᠯᠠᠵᠤ ᠪᠠᠢᠭ᠍ᠰᠠᠨ ᠬᠣᠲᠠ ᠲᠣᠬᠣᠶ ᠡᠷᠲᠡᠨ᠎ᠦ ᠬᠣᠲᠠ ᠪᠣᠯᠤᠨ᠎ᠠ ᠭᠡᠵᠦ ᠬᠠᠮᠲᠤ ᠶᠠᠪᠤᠭ᠎ᠠ ᠬᠠᠭᠤᠴᠢᠨ ᠪᠠᠷᠭᠤ ᠬᠣᠱᠢᠭᠤᠨ᠎ᠤ ᠨᠠᠮ᠎ᠤᠨ ᠬᠤᠷᠢᠶ᠎ᠠ᠎ᠵᠢᠨ ᠤᠬᠠᠭᠤᠯᠬᠤ ᠬᠡᠯᠲᠡᠰ᠎ᠦᠨ ᠳᠡᠳ᠋ ᠳᠠᠷᠤᠭ᠎ᠠ ᠰᠡᠷᠭᠦᠯᠡᠩ ᠲᠠᠨᠢᠯᠴᠠᠭᠤᠯᠪᠠ᠃

ᠬᠠᠩᠳᠠᠭᠰᠠᠨ ᠰᠢᠷᠤᠢ᠎ᠵᠢᠨ ᠬᠤᠳᠠ᠎ᠶ᠋ᠢᠨ ᠬᠡᠷᠡᠮ᠎ᠦᠨ ᠬᠠᠵᠠᠭᠤ᠎ᠳᠤ ᠰᠦᠨᠳᠡᠷᠯᠡᠵᠦ᠍ ᠪᠠᠢᠭ᠎ᠠ ᠲᠣᠮᠣ ᠴᠢᠯᠠᠭᠤᠨ ᠬᠥᠱᠢᠶ᠎ᠡ᠎ᠶ᠋ᠢᠨ ᠰᠡᠢᠯᠦᠮᠡᠯ᠎ᠡᠴᠡ ᠦᠵᠡᠪᠡᠯ᠂ ᠡᠨᠡ ᠬᠦ᠌ ᠬᠦᠷᠢᠶᠡᠨ᠎ᠤ ᠤᠷᠲᠤ ᠨᠢ ᠬᠣᠶᠠᠷ ᠮᠢᠩᠭᠠᠨ ᠮᠧᠲ᠋ᠷ᠎ᠤᠨ ᠬᠣᠲᠠ ᠨᠢ ᠯᠢᠶᠣᠤ ᠤᠯᠤᠰ᠎ᠤᠨ ᠦᠶ᠎ᠡ᠎ᠶ᠋ᠢᠨ 《ᠲᠦᠩ ᠬᠤᠸᠠ ᠵᠧᠸ᠋》 ᠶ᠋ᠢᠨ ᠴᠡᠷᠢᠭ ᠵᠠᠰᠠᠭ᠎ᠤᠨ ᠴᠢᠬᠤᠯᠠ ᠪᠣᠭᠣᠮᠲᠠ ᠪᠠᠢᠵᠠᠶ᠃ 38 ᠮᠣᠷᠢᠨ ᠲᠤᠯᠤᠭᠠᠢᠲᠦ ᠰᠡᠷᠭᠡᠢᠯᠡᠯᠲᠡ᠎ᠵᠢᠨ ᠪᠠᠷᠢᠯᠭ᠎ᠠ ᠪᠠ 4 ᠡᠪᠡᠷᠲᠦ ᠠᠰᠠᠷ᠎ᠢᠶᠠᠷ ᠪᠦᠷᠢᠯᠳᠦᠭ᠌ᠰᠡᠨ ᠰᠡᠷᠭᠡᠢᠯᠡᠯᠲᠡ᠎ᠶ᠋ᠢᠨ ᠱᠢᠰᠲ᠋ᠧᠮ ᠡᠴᠡ ᠯᠢᠶᠣᠤ ᠤᠯᠤᠰ᠎ᠤᠨ ᠦᠶ᠎ᠡ᠎ᠶ᠋ᠢᠨ ᠬᠢᠯᠢ᠎ᠶ᠋ᠢᠨ ᠪᠣᠭᠣᠮᠲᠠ᠎ᠶ᠋ᠢᠨ ᠰᠦᠷᠯᠢᠭ ᠪᠠᠢᠳᠠᠯ᠎ᠢ ᠣᠯᠵᠤ ᠬᠠᠷᠠᠵᠤ ᠪᠤᠯᠤᠨ᠎ᠠ᠃

ᠬᠠᠭᠤᠴᠢ ᠰᠤᠳᠤᠯᠤᠯ᠎ᠤᠨ ᠢᠯᠡᠷᠡᠭᠦᠯᠦᠯᠲᠡ᠎ᠡᠴᠡ ᠦᠵᠡᠪᠡᠯ᠂ ᠬᠣᠲᠠ᠎ᠶ᠋ᠢᠨ ᠲᠥᠪ᠎ᠲᠡᠬᠢ ᠳᠥᠷᠪᠡᠯᠵᠢᠨ ᠲᠠᠢᠰᠠᠨ᠎ᠤ ᠰᠠᠭᠤᠷᠢ ᠨᠢ ᠶᠠᠮᠤᠨ᠎ᠤ ᠲᠥᠪ ᠪᠠᠢᠵᠤ ᠮᠡᠳᠡᠨ᠎ᠡ᠂ ᠦᠯᠡᠳᠡᠭᠳᠡᠯ ᠲᠣᠭᠣᠰᠭ᠎ᠠ ᠪᠣᠯᠤᠨ ᠤᠨᠠᠭᠤᠯᠢ ᠭᠣᠣᠯ᠎ᠤᠨ ᠪᠠᠭᠤᠷᠢ ᠨᠢ 《ᠯᠢᠶᠣᠤ ᠤᠯᠤᠰ᠎ᠤᠨ ᠲᠡᠦᠬᠡ》 ᠎ᠳᠡᠬᠢ 《ᠵᠡᠭᠦᠨ ᠡᠮᠦᠨᠡᠰᠢ ᠵᠢᠷᠭᠤᠭᠠᠨ ᠵᠠᠭᠤᠨ ᠭᠠᠵᠠᠷ ᠱᠢᠯᠵᠢᠵᠦ᠍ ᠬᠣᠲᠠ ᠪᠠᠢᠭᠤᠯᠤᠭ᠍ᠰᠠᠨ》 ᠭᠡᠬᠦ ᠲᠡᠮᠳᠡᠭ᠌ᠯᠡᠯ᠎ᠢ ᠭᠡᠷᠡᠴᠢᠯᠡᠭᠰᠡᠨ ᠪᠠᠢᠨ᠎ᠠ᠃ ᠮᠢᠩᠭᠠᠨ ᠵᠢᠯ᠎ᠦᠨ ᠰᠠᠯᠬᠢ ᠪᠣᠷᠣᠭᠠᠨ᠎ᠢ ᠥᠩᠭᠡᠷᠡᠭᠡᠭᠡᠳ᠂ ᠬᠤᠸᠠᠷᠠᠨ ᠲᠣᠭᠣᠰᠣ ᠪᠣᠯᠤᠨ ᠬᠤᠪᠢᠷᠠᠵᠤ᠂ ᠬᠣᠲᠠ᠎ᠶ᠋ᠢᠨ ᠬᠡᠷᠡᠮ ᠲᠠᠯ᠎ᠠ ᠨᠤᠲᠤᠭ ᠳᠡᠭᠡᠷ᠎ᠡ ᠬᠥᠨᠳᠡᠯᠢᠰᠦᠭ᠌ᠰᠡᠨ ᠳᠣᠪᠣᠴᠠᠭ ᠪᠣᠯᠤᠨ ᠦᠯᠡᠳᠡᠪᠡ᠃

ᠡᠨᠡ ᠬᠦ᠌ ᠡᠷᠲᠡᠨ᠎ᠦ ᠬᠣᠲᠠ ᠨᠢ ᠯᠢᠶᠣᠤ ᠤᠯᠤᠰ᠎ᠤᠨ ᠤᠮᠠᠷᠠᠲᠤ᠎ᠶ᠋ᠢᠨ ᠲᠠᠯ᠎ᠠ ᠨᠤᠲᠤᠭ᠎ᠢ ᠡᠷᠬᠡᠱᠢᠶᠡᠵᠦ᠍ ᠪᠠᠢᠭ᠍ᠰᠠᠨ ᠬᠦᠢᠰᠦ ᠪᠠᠢᠵᠤ᠂ ᠬᠣᠲᠠ᠎ᠶ᠋ᠢᠨ ᠬᠡᠷᠡᠮ ᠵᠢᠴᠢ ᠣᠢᠷ᠎ᠠ ᠬᠠᠪᠢ᠎ᠶ᠋ᠢᠨ ᠬᠠᠷ᠎ᠠ ᠳᠤᠪᠤ ᠯᠢᠶᠤᠤ ᠤᠯᠤᠰ᠎ᠤᠨ ᠣᠩᠭᠣᠨ᠎ᠠᠴᠠ ᠣᠯᠳᠠᠭ᠍ᠰᠠᠨ ᠠᠯᠠᠭ ᠬᠡ᠎ᠲᠡᠶ ᠸᠠᠭᠠᠷ᠎ᠤᠨ ᠬᠡᠯᠲᠡᠷᠬᠡᠶ ᠵᠡᠷᠭᠡ ᠲᠡᠦᠬᠡ᠎ᠶ᠋ᠢᠨ ᠳᠤᠷᠠᠰᠭᠠᠯᠲᠤ ᠵᠦᠢᠯᠡᠰ ᠨᠢ ᠤᠮᠠᠷᠠᠲᠤ᠎ᠶ᠋ᠢᠨ ᠨᠡᠭᠦᠳᠡᠯᠴᠢᠨ ᠦᠨᠳᠦᠰᠦᠲᠡᠨ ᠬᠢᠭᠡᠳ ᠵᠦᠨᠭᠶᠤᠸᠠᠠ ᠤᠷᠤᠨ᠎ᠤ ᠵᠠᠰᠠᠭ᠎ᠤᠨ ᠡᠷᠬᠡ᠎ᠶ᠋ᠢᠨ ᠡᠷᠲᠡ ᠦᠶ᠎ᠡ᠎ᠶ᠋ᠢᠨ ᠬᠠᠷᠢᠯᠴᠠᠭ᠎ᠠ ᠬᠣᠯᠪᠣᠭ᠎ᠠ᠎ᠶ᠋ᠢ ᠭᠡᠷᠡᠴᠢᠯᠡᠭ᠌ᠰᠡᠨ ᠪᠠᠢᠨ᠎ᠠ᠃ 1996 ᠣᠨ᠎ᠠᠴᠠ ᠡᠬᠢᠯᠡᠨ᠂ ᠬᠣᠱᠢᠭᠤᠨ ᠲᠠᠰ᠎ᠠᠴᠠ ᠤᠯᠤᠰ᠎ᠤᠨ ᠲᠠᠰ᠎ᠤᠨ ᠰᠣᠶᠣᠯ᠎ᠤᠨ ᠬᠠᠮᠠᠭᠠᠯᠠᠯᠲᠠ᠎ᠶ᠋ᠢᠨ ᠨᠢᠭᠡᠴᠢ ᠬᠦᠷᠲᠡᠯᠡᠬᠢ ᠱᠠᠲᠤ ᠳᠠᠷᠠᠭᠠᠯᠠᠨ ᠮᠠᠭᠠᠳᠯᠠᠨ ᠲᠣᠭ᠍ᠲᠠᠭᠠᠭ᠍ᠰᠠᠨ᠎ᠢᠶᠠᠷ᠂ ᠮᠢᠩᠭᠠᠨ ᠵᠢᠯ ᠨᠣᠢᠷᠰᠤᠭ᠍ᠰᠠᠨ ᠡᠨᠡ ᠬᠦ᠌ ᠴᠡᠷᠢᠭ᠎ᠦᠨ ᠶᠠᠪᠤᠳᠠᠯ᠎ᠤᠨ ᠪᠡᠬᠢᠯᠡᠯᠲᠡ ᠨᠢ ᠳᠠᠬᠢᠨ ᠬᠡᠷᠡᠯ ᠭᠢᠯᠪᠠᠭ᠎ᠠ᠎ᠪᠠᠨ ᠰᠠᠴᠤᠷᠠᠭᠤᠯᠵᠠᠶ᠃

ᠡᠷᠭᠦᠨ᠎ᠡ ᠭᠣᠣᠯ᠎ᠤᠨ ᠡᠮᠦᠨ᠎ᠡ ᠬᠥᠪᠡᠭᠡᠨ᠎ᠳᠡᠬᠢ ᠠᠯᠳᠠᠨ ᠤᠯᠤᠰ᠎ᠤᠨ ᠰᠡᠷᠭᠡᠢᠯᠡᠯᠲᠡ᠎ᠵᠢᠨ ᠰᠤᠪᠠᠭ᠎ᠤᠨ ᠪᠠᠭᠤᠷᠢ᠎ᠵᠢᠨ ᠬᠠᠭᠤᠴᠢᠨ ᠪᠠᠷᠭᠤ ᠬᠣᠱᠢᠭᠤᠨ ᠳ᠋ᠡᠬᠢ ᠬᠡᠰᠡᠭ ᠨᠢ 22.5 ᠺᠢᠯᠣᠮᠧᠲ᠋ᠷ ᠤᠷᠲᠤ ᠪᠠᠢᠵᠤ᠂ ᠬᠡᠳᠦᠢᠪᠡᠷ ᠰᠠᠯᠬᠢ ᠪᠣᠷᠣᠭᠠᠨ᠎ᠳᠤ ᠢᠳᠡᠭ᠌ᠳᠡᠭᠡᠳ ᠨᠠᠮᠬᠠᠨ ᠳᠣᠪᠣᠷᠴᠠᠭ ᠪᠣᠯᠤᠭ᠍ᠰᠠᠨ ᠪᠣᠯᠪᠠᠴᠤ᠌ ᠵᠢᠯᠣᠭᠣᠴᠢ ᠦᠭᠡᠶ ᠨᠢᠰᠭᠡᠯ᠎ᠢᠶᠡᠷ ᠠᠭᠠᠷ᠎ᠠᠴᠠ ᠰᠡᠭᠦᠳᠡᠷᠯᠡᠭ᠌ᠡᠳ ᠦᠵᠡᠪᠡᠯ᠂ ᠮᠣᠷᠢᠨ ᠲᠤᠯᠤᠭᠠᠢᠲᠦ ᠰᠡᠷᠭᠡᠢᠯᠡᠯᠲᠡ᠎ᠵᠢᠨ ᠪᠠᠷᠢᠯᠭ᠎ᠠ ᠪᠣᠯᠤᠨ ᠬᠢᠯᠢ᠎ᠵᠢᠨ ᠬᠤᠲᠠ᠎ᠶ᠋ᠢᠨ ᠳᠠᠷᠠᠭᠠᠯᠠᠯ ᠨᠢ ᠮᠥᠨ ᠯᠡ ᠡᠬᠡ ᠭᠠᠵᠠᠷ᠎ᠤᠨ ᠰᠤᠳᠠᠰᠤ ᠮᠡᠲᠦ ᠪᠠᠢᠵᠤ᠂ ᠬᠦᠢᠲᠡᠨ ᠵᠡᠪᠰᠡᠭ᠎ᠦᠨ ᠦᠶ᠎ᠡ᠎ᠶ᠋ᠢᠨ ᠴᠡᠷᠢᠭ᠎ᠦᠨ ᠶᠠᠪᠤᠳᠠᠯ᠎ᠤᠨ ᠣᠶᠤᠨ ᠤᠬᠠᠭᠠᠨ᠎ᠢ ᠬᠠᠷᠠᠭᠤᠯᠵᠤ ᠪᠤᠢ᠃ ᠠᠯᠳᠠᠨ ᠤᠯᠤᠰ᠎ᠤᠨ ᠰᠡᠷᠭᠡᠢᠯᠡᠯᠲᠡ᠎ᠵᠢᠨ ᠰᠤᠪᠠᠭ᠎ᠤᠨ ᠪᠠᠭᠤᠷᠢ᠎ᠶ᠋ᠢ ᠪᠠᠰᠠ 《ᠠᠯᠲᠠᠨ ᠤᠯᠤᠰ᠎ᠤᠨ ᠣᠷᠳᠣ ᠴᠠᠭᠠᠨ ᠬᠡᠷᠡᠮ》 ᠭᠡᠳᠡᠭ᠂ ᠨᠡᠢᠲᠡ᠎ᠶ᠋ᠢᠨ ᠣᠨ ᠲᠣᠭᠠᠯᠠᠯ᠎ᠤᠨ 12 ᠳ᠋ᠤᠭᠠᠷ ᠵᠠᠭᠤᠨ᠎ᠤ ᠡᠬᠢ᠎ᠪᠡᠷ ᠡᠬᠢᠯᠡᠨ ᠪᠠᠢᠭᠤᠯᠵᠤ᠂ ᠬᠡᠷᠡᠮ᠎ᠦᠨ ᠤᠨᠠᠭᠤᠯᠢ᠎ᠶ᠋ᠢᠨ ᠪᠠᠭᠤᠷᠢ᠎ᠶ᠋ᠢᠨ ᠪᠦᠬᠦ᠌ ᠣᠷᠳᠣ ᠨᠢ 5000 ᠭᠠᠷᠤᠶ ᠺᠢᠯᠣᠮᠧᠲ᠋ᠷ ᠪᠠᠢᠵᠤ᠂ ᠮᠠᠨ᠎ᠤ ᠤᠯᠤᠰ᠎ᠤᠨ ᠲᠡᠦᠬᠡᠨ ᠳᠡᠭᠡᠷ᠎ᠡ ᠠᠯᠲᠠᠨ ᠤᠯᠤᠰ᠎ᠤᠨ ᠦᠶ᠎ᠡ᠎ᠳᠦ ᠪᠠᠢᠭᠤᠯᠤᠭ᠍ᠰᠠᠨ ᠴᠡᠷᠢᠭ᠎ᠦᠨ ᠶᠠᠪᠤᠳᠠᠯ᠎ᠤᠨ ᠰᠡᠷᠭᠡᠢᠯᠡᠯᠲᠡ᠎ᠶ᠋ᠢᠨ ᠢᠨᠵᠧᠨᠧᠷᠢᠩ ᠪᠣᠯᠤᠨ᠎ᠠ᠃

《 ᠬᠥᠯᠥᠨ ᠪᠣᠢᠷ᠎ᠤᠨ ᠦᠨᠳᠦᠰᠦᠲᠡᠨ᠎ᠦ ᠲᠡᠦᠬᠡ᠎ᠶ᠋ᠢᠨ ᠳᠤᠷᠠᠰᠭᠠᠯᠲᠤ ᠵᠦᠶ᠋ᠯ ᠬᠠᠭᠤᠴᠢ ᠰᠤᠳᠤᠯᠤᠯ᠎ᠤᠨ ᠶᠡᠬᠡ ᠱᠢᠰᠲ᠋ᠧᠮ·ᠬᠠᠭᠤᠴᠢᠨ ᠪᠠᠷᠭᠤ ᠬᠣᠱᠢᠭᠤᠨ᠎ᠤ ᠪᠣᠲᠢ》 ᠳ᠋ᠤ ᠲᠡᠮᠳᠡᠭ᠌ᠯᠡᠭ᠌ᠰᠡᠨ᠎ᠢᠶᠡᠷ᠂ ᠬᠣᠲᠠ ᠲᠣᠬᠣᠶ ᠡᠷᠲᠡᠨ᠎ᠦ ᠬᠣᠲᠠ ᠪᠣᠯ ᠬᠥᠯᠥᠨ ᠪᠣᠢᠷ ᠬᠣᠲᠠ᠎ᠶ᠋ᠢᠨ ᠬᠠᠮᠤᠭ᠎ᠤᠨ ᠶᠡᠬᠡ ᠯᠢᠶᠣᠤ ᠤᠯᠤᠰ᠎ᠤᠨ ᠦᠶ᠎ᠡ᠎ᠶ᠋ᠢᠨ ᠬᠢᠯᠢ᠎ᠶ᠋ᠢᠨ ᠬᠠᠮᠠᠭᠠᠯᠠᠯᠲᠠ᠎ᠶ᠋ᠢᠨ ᠬᠣᠲᠠ ᠪᠣᠯᠤᠨ᠎ᠠ᠂ ᠠᠯᠳᠠᠨ ᠤᠯᠤᠰ᠎ᠤᠨ ᠰᠡᠷᠭᠡᠢᠯᠡᠯᠲᠡ᠎ᠵᠢᠨ ᠰᠤᠪᠠᠭ᠎ᠤᠨ ᠪᠠᠭᠤᠷᠢ ᠪᠣᠯ ᠳᠤᠮᠳᠠᠳᠤ ᠤᠯᠤᠰ᠎ᠤᠨ ᠲᠡᠦᠬᠡᠨ ᠳᠡᠭᠡᠷᠡᠬᠢ ᠠᠩᠬᠠᠳᠠᠭ᠍ᠴᠢ ᠤᠮᠠᠷᠠᠲᠤ᠎ᠶ᠋ᠢᠨ ᠨᠡᠭᠦᠳᠡᠯᠴᠢᠨ ᠦᠨᠳᠦᠰᠦᠲᠡᠨ᠎ᠤ ᠪᠠᠢᠭᠤᠯᠤᠭ᠍ᠰᠠᠨ 《ᠲᠦᠮᠡᠨ ᠭᠠᠵᠠᠷ᠎ᠤᠨ ᠣᠷᠳᠣ ᠴᠠᠭᠠᠨ ᠬᠡᠷᠡᠮ》 ᠪᠣᠯᠤᠨ᠎ᠠ᠃

ᠣᠢᠯᠠᠭᠠᠭ᠍ᠰᠠᠨ᠎ᠢᠶᠠᠷ᠂ ᠬᠠᠭᠤᠴᠢᠨ ᠪᠠᠷᠭᠤ ᠬᠣᠱᠢᠭᠤᠨ᠎ᠳᠤ ᠨᠡᠢᠲᠡ 374 ᠡᠷᠲᠡᠨ᠎ᠦ ᠪᠠᠭᠤᠷᠢ ᠪᠠᠢᠵᠤ᠂ ᠱᠢᠨ᠎ᠡ ᠴᠢᠯᠠᠭᠤᠨ ᠵᠡᠪᠰᠡᠭ᠎ᠦᠨ ᠦᠶ᠎ᠡ᠎ᠡᠴᠡ ᠵᠡᠭᠦᠨ ᠵᠧᠸ᠋ ᠤᠯᠤᠰ᠂ ᠬᠠᠨ ᠤᠯᠤᠰ᠂ ᠰᠦᠶ ᠲᠠᠩ᠂ ᠰᠥᠩ ᠯᠢᠶᠣᠤ᠎ᠶ᠋ᠢᠨ᠂ ᠴᠢᠩ ᠤᠯᠤᠰ᠎ᠤᠨ ᠦᠶ᠎ᠡ᠂ ᠢᠷᠭᠡᠨ ᠤᠯᠤᠰ᠎ᠤᠨ ᠦᠶ᠎ᠡ ᠵᠡᠷᠭᠡ ᠡᠯ᠎ᠡ ᠠᠳᠠᠯᠢ ᠪᠤᠰᠤ ᠲᠡᠦᠬᠡᠨ ᠴᠠᠭ ᠦᠶ᠎ᠡ᠎ᠶ᠋ᠢ ᠬᠠᠮᠤᠷᠴᠤ᠌ ᠪᠠᠢᠳᠠᠭ᠃

ᠤᠮᠠᠷᠠᠲᠤ ᠬᠢᠯᠢ᠎ᠶ᠋ᠢᠨ ᠬᠠᠯᠬᠠᠪᠴᠢ᠎ᠶ᠋ᠢᠨ ᠦᠨᠡᠨᠴᠢ ᠰᠠᠬᠢᠨ ᠪᠠᠷᠠᠯᠠᠯ

ᠬᠠᠭᠤᠴᠢᠨ ᠪᠠᠷᠭᠤ᠎ᠶ᠋ᠢᠨ ᠮᠦᠽᠧᠢ᠎ᠳᠦ ᠣᠷᠣᠪᠠᠯ ᠬᠣᠪᠣᠷ ᠨᠠᠨᠳᠢᠨ ᠲᠡᠦᠬᠡ᠎ᠶ᠋ᠢᠨ ᠳᠤᠷᠠᠰᠭᠠᠯᠲᠤ ᠵᠦᠢᠯᠡᠰ ᠨᠢ ᠡᠭᠡᠭᠡ ᠯᠡ ᠴᠠᠭ ᠮᠥᠴᠡ᠎ᠶ᠋ᠢᠨ ᠴᠣᠩᠬᠣ ᠱᠢᠭ᠋ ᠬᠠᠷᠠᠭ᠍ᠳᠠᠨ᠎ᠠ᠃ ᠵᠡᠭᠦᠨ ᠬᠠᠨ ᠤᠯᠤᠰ᠎ᠤᠨ 《ᠬᠥᠮᠦᠨ᠎ᠦ ᠴᠢᠷᠠᠢᠲᠤ ᠬᠤᠤᠰ ᠮᠣᠷᠢᠨ ᠬᠡ᠎ᠲᠡᠶ》 ᠠᠯᠲᠠᠨ ᠵᠠᠰᠠᠯ᠂ ᠱᠢᠶᠡᠨᠪᠢ᠎ᠶ᠋ᠢᠨ ᠵᠡᠰ ᠲᠡᠮᠡᠭᠡ ᠪᠤᠭᠤ᠎ᠶ᠋ᠢᠨ ᠵᠠᠰᠠᠯ᠂ ᠶᠤᠸᠠᠨ ᠤᠯᠤᠰ᠎ᠤᠨ ᠦᠶ᠎ᠡ᠎ᠶ᠋ᠢᠨ ᠱᠢᠵᠢᠷ ᠠᠯᠲᠠᠨ ᠡᠮᠡᠭᠡᠯ᠎ᠦᠨ ᠵᠠᠰᠠᠯ ᠴᠢᠮᠡᠭ᠌ᠯᠡᠯ ᠁ ᠵᠦᠶ᠋ᠯ ᠪᠦᠷᠢ᠎ᠨᠢ ᠴᠥᠮ ᠠᠳᠠᠯᠢ ᠪᠤᠰᠤ ᠦᠨᠳᠦᠰᠦᠲᠡᠨ᠎ᠦ ᠰᠣᠶᠣᠯ᠎ᠤᠨ ᠭᠧᠨ᠎ᠢ ᠠᠴᠢᠶᠠᠯᠠᠵᠤ ᠪᠠᠢᠳᠠᠭ᠃

ᠡᠭᠦᠨ᠎ᠳᠦ ᠴᠢᠩ ᠤᠯᠤᠰ᠎ᠤᠨ ᠦᠶ᠎ᠡ᠎ᠶ᠋ᠢᠨ ᠮᠥᠩᠭᠥᠨ ᠬᠠᠵᠠᠭᠠᠷ ᠨᠢ ᠪᠤᠳᠭ᠎ᠠ ᠣᠷᠣᠨ᠎ᠤ ᠬᠢᠯᠢ ᠬᠢᠵᠠᠭᠠᠷ᠎ᠢ ᠰᠠᠬᠢᠳᠠᠭ ᠮᠠᠯᠴᠢᠳ᠎ᠤᠨ ᠭᠠᠷ᠎ᠠᠴᠠ ᠦᠶ᠎ᠡ᠎ᠶ᠋ᠢᠨ ᠦᠶ᠎ᠡ᠎ᠳᠡᠭᠡᠨ ᠤᠯᠠᠮᠵᠢᠯᠠᠭ᠍ᠳᠠᠵᠤ᠂ ᠣᠳᠣ ᠪᠣᠯᠲᠠᠯ᠎ᠠ 13 ᠦᠶ᠎ᠡ ᠤᠯᠠᠮᠵᠢᠯᠠᠭ᠍ᠳᠠᠵᠤ᠂ ᠪᠠᠷᠭᠤᠴᠤᠳ᠎ᠤᠨ 《ᠠᠳᠤᠭᠤ ᠮᠠᠯᠯᠠᠵᠤ ᠬᠢᠯᠢ ᠬᠢᠵᠠᠭᠠᠷ᠎ᠵᠢᠡᠨ ᠰᠠᠬᠢᠳᠠᠭ》 300 ᠵᠢᠯ᠎ᠦᠨ ᠪᠠᠷᠢᠮᠲᠠᠯᠠᠯ᠎ᠢ ᠭᠡᠷᠡᠴᠢᠯᠡᠭ᠌ᠰᠡᠨ ᠪᠠᠢᠨ᠎ᠠ᠃

ᠬᠠᠭᠤᠴᠢᠨ ᠪᠠᠷᠭᠤ ᠬᠣᠱᠢᠭᠤᠨ᠎ᠤ ᠲᠡᠦᠬᠡ ᠪᠣᠯ ᠠᠢᠮᠠᠭ ᠦᠨᠳᠦᠰᠦᠲᠡᠨ᠎ᠦ ᠨᠡᠭᠦᠳᠡᠯ᠎ᠦᠨ ᠰᠦᠷᠯᠢᠭ ᠲᠤᠤᠯᠢᠰ ᠪᠣᠯᠬᠤ ᠪᠥᠭᠡᠳ ᠤᠯᠠᠨ ᠦᠨᠳᠦᠰᠦᠲᠡᠨ᠎ᠦ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ᠎ᠤᠨ ᠠᠤᠭ᠎ᠠ ᠵᠢᠷᠤᠭ ᠪᠣᠯᠤᠨ᠎ᠠ᠃

ᠬᠠᠭᠤᠴᠢᠨ ᠪᠠᠷᠭᠤ᠎ᠶ᠋ᠢᠨ ᠮᠦᠽᠧᠶ᠎ᠶ᠋ᠢᠨ ᠬᠠᠷᠢᠭᠤᠴᠠᠯᠭᠠᠲᠠᠨ ᠲᠡᠮᠡᠴᠡᠯ᠄《ᠴᠢᠩ ᠤᠯᠤᠰ᠎ᠤᠨ ᠨᠠᠢᠷᠠᠯᠲᠤ ᠲᠥᠪ᠎ᠦᠨ ᠠᠷᠪᠠᠳᠤᠭᠠᠷ ᠣᠨ(1732 ᠣᠨ)ᠳ᠋ᠤ᠌᠂ ᠴᠢᠩ ᠤᠯᠤᠰ᠎ᠤᠨ ᠵᠠᠰᠠᠭ᠎ᠤᠨ ᠭᠠᠵᠠᠷ ᠬᠢᠯᠢ ᠬᠢᠵᠠᠭᠠᠷ᠎ᠢ ᠬᠠᠮᠠᠭᠠᠯᠠᠬᠤ᠎ᠶ᠋ᠢᠨ ᠲᠥᠯᠥᠭᠡ 275 ᠪᠠᠷᠭᠤ ᠮᠣᠩᠭᠣᠯ ᠴᠡᠷᠢᠭ ᠵᠢᠴᠢ ᠲᠡᠳᠡᠨ᠎ᠤ ᠭᠡᠷ ᠪᠦᠯᠢ᠎ᠵᠢᠨ ᠬᠢᠨ᠎ᠢ ᠬᠥᠯᠥᠨ ᠪᠣᠢᠷ᠎ᠲᠤ ᠨᠡᠭᠦᠯᠭᠡᠨ ᠠᠪᠴᠢᠷᠠᠵᠤ᠂ ᠣᠳᠣ᠎ᠶ᠋ᠢᠨ ᠬᠠᠭᠤᠴᠢᠨ ᠪᠠᠷᠭᠤ ᠬᠣᠱᠢᠭᠤᠨ᠎ᠤ ᠬᠢᠯᠢ᠎ᠵᠢᠨ ᠳᠤᠲᠤᠷ᠎ᠠ ᠮᠠᠯᠵᠢᠭᠤᠯᠵᠠᠶ᠂ ᠡᠳᠡᠭᠡᠷ ᠤᠷᠢᠳ᠎ᠢᠶᠠᠷ ᠢᠷᠡᠭ᠌ᠰᠡᠨ ᠬᠥᠮᠦᠰ᠎ᠢ 〈ᠬᠠᠭᠤᠴᠢᠨ ᠪᠠᠷᠭᠤ〉 ᠭᠡᠳᠡᠭ᠃ ᠪᠠᠷᠭᠤᠴᠤᠳ ᠲᠠᠯ᠎ᠠ ᠨᠤᠲᠤᠭ᠎ᠤᠨ ᠮᠠᠯᠴᠢᠳ ᠪᠤᠯᠬᠤ ᠪᠡᠷ ᠪᠠᠷᠠᠬᠤ ᠦᠭᠡᠢ ᠨᠡᠩ ᠴᠤ᠌ ᠬᠢᠯᠢ ᠬᠢᠵᠠᠭᠠᠷ᠎ᠤᠨ ᠰᠠᠬᠢᠨ ᠬᠠᠮᠠᠭᠠᠯᠠᠭᠴᠢ ᠪᠤᠯᠬᠤ ᠶᠤᠮ》 ᠭᠡᠪᠡ᠃

ᠬᠠᠭᠤᠴᠢᠨ ᠪᠠᠷᠭᠤ ᠬᠣᠱᠢᠭᠤ᠎ᠬᠤᠢᠰᠢ ᠪᠠᠨ ᠡᠷᠭᠦᠨ᠎ᠡ ᠭᠣᠣᠯ᠎ᠢ ᠳᠡᠷᠡᠯᠡᠵᠦ᠂ ᠤᠷᠤᠰ᠎ᠲᠠᠶ ᠤᠰᠤ ᠠᠯᠤᠰᠯᠠᠨ ᠨᠢᠭᠤᠷᠯᠠᠵᠤ᠂ 206.7 ᠺᠢᠯᠤᠮᠸᠲᠷ᠎ᠤᠨ ᠬᠢᠯᠢ᠎ᠶ᠋ᠢᠨ ᠱᠤᠭᠤᠮ ᠨᠢ ᠮᠥᠩᠭᠥᠨ ᠬᠡᠯᠬᠢᠶ᠎ᠡ ᠮᠡᠲᠦ ᠪᠠᠢᠵᠤ᠂ ᠦᠶ᠎ᠡ᠎ᠶ᠋ᠢᠨ ᠦᠶ᠎ᠡ᠎ᠳᠡᠭᠡᠨ ᠬᠢᠯᠢ᠎ᠪᠡᠨ ᠰᠠᠬᠢᠵᠤ ᠪᠠᠢᠭ᠎ᠠ ᠬᠥᠮᠦᠰ᠎ᠦᠨ ᠬᠠᠯᠠᠭᠤᠨ ᠴᠢᠰᠤ ᠦᠨᠡᠨᠴᠢ ᠰᠡᠳᠭᠢᠯᠭᠡ᠎ᠶ᠋ᠢ ᠢᠯᠡᠷᠡᠭᠦᠯᠵᠡᠢ᠃

ᠲᠤᠬᠠᠶ᠎ᠶ᠋ᠢᠨ ᠦᠶ᠎ᠡ᠎ᠶ᠋ᠢᠨ ᠴᠢᠩ ᠤᠯᠤᠰ᠎ᠤᠨ ᠵᠠᠰᠠᠭ᠎ᠤᠨ ᠭᠠᠵᠠᠷ ᠡᠷᠭᠦᠨ᠎ᠡ ᠭᠣᠣᠯ᠎ᠤᠨ ᠡᠮᠦᠨ᠎ᠡ ᠬᠥᠪᠡᠭᠡᠨ ᠳᠡᠭᠡᠷ᠎ᠡ 12 ᠬᠠᠷᠠᠭᠤᠯ ᠪᠠᠢᠭᠤᠯᠵᠤ᠂ ᠤᠯᠤᠰ᠎ᠤᠨ ᠬᠢᠯᠢ᠎ᠶ᠋ᠢ ᠰᠠᠬᠢᠵᠤ ᠴᠠᠭ᠍ᠳᠠᠨ ᠰᠡᠷᠭᠡᠢᠯᠡᠬᠦ᠌᠎ᠶ᠋ᠢᠨ ᠬᠠᠮᠲᠤ ᠬᠢᠯᠢ ᠳᠠᠪᠠᠬᠤ᠎ᠵᠢ ᠰᠡᠷᠭᠡᠢᠯᠡᠨ ᠪᠠᠢᠴᠠᠭᠠᠬᠤ᠂ ᠨᠡᠭᠦᠳᠡᠯᠯᠡᠨ ᠮᠠᠯᠵᠢᠬᠤ᠎ᠵᠢ ᠬᠠᠮᠢᠶᠠᠷᠬᠤ᠂ ᠪᠣᠭᠣᠮᠲᠠ᠎ᠶ᠋ᠢᠨ ᠭᠠᠢᠯᠢ ᠲᠠᠲᠠᠪᠤᠷᠢᠯᠠᠬᠤ ᠵᠡᠷᠭᠡ ᠣᠯᠠᠨ ᠵᠦᠢᠯ᠎ᠦᠨ ᠡᠭᠦᠷᠭᠡ ᠬᠠᠷᠢᠭᠤᠴᠠᠯᠭ᠎ᠠ᠎ᠶ᠋ᠢ ᠡᠭᠦᠷᠭᠡᠯᠡᠵᠦ᠍ ᠪᠠᠢᠵᠠᠶ᠃

ᠬᠠᠭᠤᠴᠢᠨ ᠪᠠᠷᠭᠤ ᠬᠣᠱᠢᠭᠤᠨ᠎ᠤ ᠪᠠᠷᠠᠭᠤᠨ ᠬᠣᠢᠨ᠎ᠠ ᠪᠠᠢᠷᠢᠯᠠᠵᠤ ᠪᠠᠢᠭ᠎ᠠ ᠡᠷᠳᠡᠨᠢᠲᠣᠯᠣᠭᠤᠢ ᠬᠠᠷᠠᠭᠤᠯ᠂ ᠮᠥᠩᠬᠡ ᠱᠢᠯᠢ ᠬᠠᠷᠠᠭᠤᠯ ᠲᠡᠭᠡᠷ᠎ᠡ  ᠬᠠᠷᠠᠭᠤᠯ ᠪᠦᠷᠢ᠎ᠳᠦ 30 ᠴᠡᠷᠢᠭ ᠰᠠᠭᠤᠯᠭᠠᠵᠤ᠂ ᠬᠡᠳᠦᠨ ᠵᠠᠭᠤᠨ ᠭᠠᠵᠠᠷ ᠦᠷᠭᠦᠯᠵᠢᠯᠡᠭ᠌ᠰᠡᠨ ᠰᠡᠷᠭᠡᠢᠯᠡᠯᠲᠡ᠎ᠶ᠋ᠢᠨ ᠭᠢᠨᠵᠢ᠎ᠶ᠋ᠢ ᠪᠦᠷᠢᠯᠳᠦᠭᠦᠯᠵᠦ᠍᠂ ᠮᠣᠷᠢᠨ ᠲᠤᠭᠤᠷᠠᠶ᠎ᠶ᠋ᠢᠨ ᠳᠠᠭᠤᠨ ᠪᠣᠯᠤᠨ ᠲᠡᠮᠡᠭᠡᠨ ᠬᠣᠩᠬᠣ᠎ᠶ᠋ᠢᠨ ᠳᠠᠭᠤᠨ ᠨᠢ ᠬᠢᠯᠢ ᠬᠢᠵᠠᠭᠠᠷ᠎ᠢ ᠬᠠᠮᠠᠭᠠᠯᠠᠬᠤ ᠥᠪᠡᠷᠮᠢᠴᠡ ᠳᠠᠭᠤᠤ ᠠᠢᠵᠠᠮ᠎ᠢ ᠪᠦᠷᠢᠯᠳᠦᠭᠦᠯᠵᠡᠢ᠃

ᠴᠢᠩ ᠤᠯᠤᠰ᠎ᠤᠨ ᠬᠢᠯᠢ ᠬᠢᠵᠠᠭᠠᠷ᠎ᠢ ᠬᠠᠮᠠᠭᠠᠯᠠᠬᠤ ᠲᠥᠷᠥ᠎ᠶ᠋ᠢᠨ ᠪᠣᠳᠣᠯᠭ᠎ᠠ ᠨᠢ ᠪᠠᠷᠭᠤᠴᠤᠳ᠎ᠢ ᠨᠡᠭᠦᠳᠡᠯ ᠮᠠᠯᠴᠢᠳ᠎ᠡᠴᠡ ᠬᠢᠯᠢ ᠬᠢᠵᠠᠭᠠᠷ᠎ᠢ ᠰᠠᠬᠢᠨ ᠬᠠᠮᠠᠭᠠᠯᠠᠭ᠍ᠴᠢ ᠪᠣᠯᠭᠠᠨ ᠬᠤᠪᠢᠷᠠᠭᠤᠯᠵᠤ᠂ ᠲᠡᠳᠡ ᠡᠷᠭᠦᠨ᠎ᠡ ᠭᠣᠣᠯ᠎ᠤᠨ ᠬᠥᠪᠡᠭᠡᠨ᠎ᠳᠦ ᠨᠢᠭᠡᠳᠦᠭᠡᠷ ᠰᠡᠷᠭᠡᠢᠯᠡᠯᠲᠡ᠎ᠶ᠋ᠢᠨ ᠱᠤᠭᠤᠮ᠎ᠢ ᠪᠠᠢᠭᠤᠯᠤᠭ᠍ᠰᠠᠨ ᠪᠠᠢᠨ᠎ᠠ᠃ ᠡᠨᠡ ᠬᠦ᠌ 《ᠨᠡᠭᠦᠳᠡᠯᠯᠡᠨ ᠮᠠᠯᠵᠢᠬᠤ ᠪᠣᠯ ᠳᠠᠷᠤᠶ ᠬᠢᠯᠢ ᠬᠢᠵᠠᠭᠠᠷ ᠎ᠢ ᠰᠠᠬᠢᠨ ᠬᠠᠮᠠᠭᠠᠯᠠᠬᠤ》 ᠣᠷᠣᠱᠢᠨ ᠲᠣᠭ᠍ᠲᠠᠨᠢᠬᠤ ᠣᠶᠤᠨ ᠤᠬᠠᠭᠠᠨ ᠨᠢ ᠤᠯᠤᠰ ᠣᠷᠣᠨ᠎ᠤ ᠬᠠᠢᠷ᠎ᠠ ᠰᠡᠳᠭᠢᠯᠭᠡ᠎ᠶ᠋ᠢ ᠤᠰᠤ ᠪᠡᠯᠴᠢᠭᠡᠷ᠎ᠢ᠎ᠲᠠᠭᠠᠨ ᠨᠤᠲᠤᠭ᠍ᠰᠢᠬᠤ ᠡᠳᠦᠷ ᠲᠤᠲᠤᠮ᠎ᠤᠨ ᠠᠮᠢᠳᠤᠷᠠᠯ᠎ᠳᠤ ᠠᠭᠤᠰᠭᠠᠵᠤ᠂ ᠬᠢᠯᠢ ᠬᠢᠵᠠᠭᠠᠷ᠎ᠤᠨ ᠵᠠᠰᠠᠯᠲᠠ᠎ᠶ᠋ᠢᠨ ᠥᠪᠡᠷᠮᠢᠴᠡ ᠵᠠᠭ᠍ᠪᠤᠷ᠎ᠢ ᠪᠦᠷᠢᠯᠳᠦᠭᠦᠯᠵᠡᠶ᠃

ᠴᠠᠭ ᠦᠶ᠎ᠡ ᠶᠠᠭᠠᠬᠢᠵᠤ ᠬᠤᠪᠢᠷᠠᠭ᠍ᠰᠠᠨ ᠴᠤ᠌  ᠪᠠᠷᠭᠤᠴᠤᠳ ᠢᠮᠠᠭ᠍ᠲᠠ 《ᠨᠢᠭᠡ ᠬᠡᠷ ᠪᠣᠯ ᠳᠠᠷᠤᠢ ᠨᠢᠭᠡ ᠬᠠᠷᠠᠭᠤᠯ᠎ᠤᠨ ᠭᠠᠵᠠᠷ ᠮᠥᠨ》 ᠭᠡᠬᠦ᠌ ᠢᠲᠡᠭᠡᠯ ᠪᠢᠱᠢᠷᠡᠯ᠎ᠢᠶᠡᠨ ᠠᠮᠢᠨ ᠰᠤᠳᠠᠰᠤᠨ᠎ᠳᠠᠭᠠᠨ ᠱᠢᠩᠭᠡᠭᠡᠵᠦ᠍᠂ ᠬᠢᠯᠢ ᠬᠢᠵᠠᠭᠠᠷ᠎ᠢ ᠰᠠᠬᠢᠨ ᠬᠠᠮᠠᠭᠠᠯᠠᠬᠤ ᠪᠤᠤᠬᠢᠶ᠎ᠠ᠎ᠶ᠋ᠢ ᠦᠶ᠎ᠡ᠎ᠶ᠋ᠢᠨ ᠦᠶ᠎ᠡ᠎ᠳᠦ ᠤᠯᠠᠮᠵᠢᠯᠠᠭ᠍ᠰᠠᠭᠠᠷ ᠢᠷᠡᠵᠠᠢ᠃

ᠵᠡᠭᠦᠨ ᠦᠵᠦᠭᠦᠷ ᠰᠤᠮᠤᠨ᠎ᠤ ᠬᠢᠯᠢ᠎ᠶ᠋ᠢᠨ ᠱᠤᠭᠤᠮ ᠳᠡᠭᠡᠷ᠎ᠡ᠂ ᠬᠠᠢᠯᠠᠰᠤᠲᠤ ᠭᠠᠴᠠᠭᠠᠨ᠎ᠤ ᠬᠢᠯᠢ ᠴᠠᠭ᠍ᠳᠠᠵᠤ ᠶᠠᠪᠤᠳᠠᠭ ᠮᠠᠯᠴᠢᠨ ᠪᠠᠲᠤᠴᠣᠭ᠍ᠲᠤ ᠳ᠋ᠤ ᠬᠣᠶᠠᠷ ᠦᠶ᠎ᠡ᠎ᠶ᠋ᠢᠨ ᠬᠥᠮᠦᠰ᠎ᠦᠨ ᠬᠢᠯᠢ᠎ᠪᠡᠨ ᠰᠠᠬᠢᠵᠤ ᠬᠢᠯᠢ᠎ᠪᠡᠨ ᠬᠠᠮᠠᠭᠠᠯᠠᠬᠤ ᠡᠭᠦᠷᠭᠡ ᠬᠠᠷᠢᠭᠤᠴᠠᠯᠭ᠎ᠠ ᠤᠯᠠᠮᠵᠢᠯᠠᠭᠳᠠᠨ ᠳᠠᠮᠵᠢᠬᠳᠠᠭᠰᠠᠨ ᠪᠠᠢᠨ᠎ᠠ᠃ ᠵᠢᠶᠠᠩᠨᠠᠨ ᠣᠷᠣᠨ᠎ᠲᠠᠢ ᠴᠢᠰᠤᠨ ᠰᠦᠯᠪᠡᠭᠡ᠎ᠲᠠᠶ ᠮᠣᠩᠭᠣᠯ ᠡᠷ᠎ᠡ᠂ ᠬᠣᠲᠠ᠎ᠶ᠋ᠢᠨ ᠠᠮᠢᠳᠤᠷᠠᠯ᠎ᠢᠶᠠᠨ ᠬᠠᠶᠠᠵᠤ ᠲᠠᠯ᠎ᠠ ᠨᠤᠲᠤᠭ᠎ᠲᠠᠭᠠᠨ ᠪᠤᠴᠠᠵᠤ᠂ ᠡᠴᠢᠭᠡ ᠴᠢᠷᠮᠠᠢᠯᠳᠤ᠎ᠶ᠋ᠢᠨ᠎ᠢᠶᠠᠨ ᠬᠢᠯᠢ ᠴᠠᠭ᠍ᠳᠠᠬᠤ 《ᠪᠤᠤᠬᠢᠶ᠎ᠠ》 ᠶ᠋ᠢ ᠲᠤᠰᠪᠠ᠃ 19 ᠵᠢᠯ᠎ᠦᠨ ᠬᠤᠭᠤᠴᠠᠭᠠᠨ᠎ᠳᠤ ᠲᠡᠭᠦᠨ᠎ᠦ ᠬᠢᠯᠢ ᠴᠠᠭ᠍ᠳᠠᠬᠤ ᠵᠠᠮ ᠨᠢ 10 ᠭᠠᠷᠤᠢ ᠲᠦᠮᠡᠨ ᠺᠢᠯᠤᠮᠸᠲᠷ ᠲᠤ᠌ ᠬᠦᠷᠴᠦ᠍᠂ ᠬᠢᠯᠢ᠎ᠶ᠋ᠢᠨ ᠴᠠᠭ᠍ᠳᠠᠨ ᠪᠠᠢᠴᠠᠭᠠᠬᠤ ᠠᠵᠢᠯ᠎ᠳᠤ ᠮᠢᠩᠭ᠎ᠠ ᠭᠠᠷᠤᠢ ᠤᠳᠠᠭ᠎ᠠ ᠣᠷᠣᠯᠴᠠᠵᠤ᠂ ᠬᠢᠯᠢ ᠬᠢᠵᠠᠭᠠᠷ᠎ᠲᠤ ᠬᠦᠷᠦᠭᠰᠡᠨ ᠮᠢᠩᠭ᠎ᠠ ᠭᠠᠷᠤᠢ ᠬᠥᠮᠦᠨ ᠤᠳᠠᠭ᠎ᠠ᠎ᠶ᠋ᠢ ᠢᠳᠭᠠᠨ ᠪᠤᠴᠠᠭᠠᠪᠠ᠃ ᠲᠡᠭᠦᠨ᠎ᠦ ᠦᠯᠢᠭᠡᠷ ᠨᠢ 《ᠤᠯᠤᠰ᠎ᠤᠨ ᠬᠡᠦᠬᠡᠳ》 ᠪᠣᠯᠤᠨ ᠲᠠᠯ᠎ᠠ ᠨᠤᠲᠤᠭ᠎ᠤᠨ ᠡᠵᠢ᠎ᠶ᠋ᠢᠨ ᠴᠢᠰᠤ ᠮᠢᠬᠠᠨ᠎ᠤ ᠪᠠᠷᠢᠯᠳᠤᠯᠭ᠎ᠠ᠎ᠶ᠋ᠢ ᠭᠡᠷᠡᠴᠢᠯᠡᠪᠡ᠃

《ᠡᠨᠡ ᠨᠤᠲᠤᠭ ᠨᠠᠮ᠎ᠠ ᠵᠢ ᠥᠰᠭᠡᠵᠦ᠍ ᠬᠥᠮᠦᠵᠢᠭᠦᠯᠦᠭ᠌ᠰᠡᠨ᠎ᠢᠶᠡᠷ ᠪᠠᠷᠠᠬᠤ ᠦᠭᠡᠢ ᠪᠠᠰᠠ ᠠᠪᠤ ᠪᠣᠯᠤᠨ ᠠᠪᠤ ᠱᠢᠭ᠋ 〈ᠤᠯᠤᠰ᠎ᠤᠨ ᠬᠡᠦᠬᠡᠳ〉 ᠢ᠋ ᠥᠰᠭᠡᠪᠡ᠃ ᠤᠳᠤ ᠠᠪᠤ ᠮᠢᠨᠢ ᠥᠲᠡᠯᠵᠡᠢ᠂ ᠪᠢ ᠠᠪᠤ᠎ᠶ᠋ᠢᠨ ᠵᠢᠡᠨ ᠬᠢᠯᠢ ᠬᠢᠵᠠᠭᠠᠷ᠎ᠢ ᠰᠠᠬᠢᠨ ᠬᠠᠮᠠᠭᠠᠯᠠᠬᠤ ᠬᠠᠷᠢᠭᠤᠴᠠᠯᠭ᠎ᠠ ᠪᠣᠯᠤᠨ ᠡᠭᠦᠷᠭᠡᠯᠡᠯ᠎ᠢ ᠲᠤᠰᠴᠤ᠌᠂ ᠡᠨᠡ ᠬᠡᠰᠡᠭ ᠲᠠᠯ᠎ᠠ ᠨᠤᠲᠤᠭ᠎ᠢ ᠰᠠᠢᠲᠤᠷ ᠰᠠᠬᠢᠨ ᠬᠠᠮᠠᠭᠠᠯᠠᠵᠤ᠂ ᠬᠢᠯᠢ ᠬᠢᠵᠠᠭᠠᠷ᠎ᠤᠨ ᠠᠮᠤᠷ ᠲᠣᠭ᠍ᠲᠠᠭᠤᠨ᠎ᠳᠤ ᠬᠤᠪᠢ ᠨᠡᠮᠡᠷᠢ ᠦᠵᠡᠭᠦᠯᠦᠨ᠎ᠡ》 ᠭᠡᠵᠦ᠍ ᠪᠠᠳᠤᠴᠤᠭ᠍ᠳᠤ ᠬᠡᠯᠡᠪᠡ᠃

ᠡᠳᠦᠭᠡ ᠥᠷᠭᠡᠨ ᠠᠭᠤᠳᠠᠮ ᠲᠠᠯ᠎ᠠ ᠨᠤᠲᠤᠭ᠎ᠲᠤ ᠴᠠᠭ᠍ᠳᠠᠭ᠎ᠠ ᠠᠷᠠᠳ ᠭᠠᠷ ᠬᠣᠯᠪᠣᠨ ᠪᠤᠯᠤᠳ ᠲᠡᠮᠦᠷ ᠮᠡᠲᠦ ᠤᠷᠳᠤ ᠴᠠᠭᠠᠨ ᠬᠡᠷᠡᠮ᠎ᠢ ᠴᠣᠭ᠍ᠴᠠᠯᠠᠪᠠ᠃ ᠬᠠᠭᠤᠴᠢᠨ ᠪᠠᠷᠭᠤ᠎ᠶ᠋ᠢᠨ ᠬᠢᠯᠢ᠎ᠶ᠋ᠢᠨ ᠬᠠᠮᠢᠶᠠᠷᠤᠯᠲᠠ᠎ᠶ᠋ᠢᠨ ᠶᠡᠬᠡ ᠠᠩᠭᠢ᠎ᠶ᠋ᠢᠨ ᠠᠷᠠᠳ᠎ᠤᠨ ᠴᠠᠭ᠍ᠳᠠᠭ᠎ᠠ᠎ᠨᠠᠷ《ᠹᠧᠩ ᠴᠢᠶᠣᠤ᠎ᠶ᠋ᠢᠨ ᠲᠤᠷᠱᠢᠯᠭ᠎ᠠ》 ᠶ᠋ᠢ ᠲᠠᠯ᠎ᠠ ᠨᠤᠲᠤᠭ᠎ᠤᠨ ᠭᠦᠨ᠎ᠳᠦ ᠪᠢᠴᠢᠭ᠌ᠯᠡᠪᠡ᠃ ᠲᠠᠳᠠ 《ᠭᠤᠷᠪᠠ ᠲᠠᠪᠤᠨ ᠡᠷᠦᠬᠡ ᠬᠣᠯᠪᠣᠭᠠᠯᠠᠨ ᠰᠡᠷᠭᠡᠢᠯᠡᠬᠦ᠌》᠂ 《ᠬᠥᠷᠰᠢ ᠵᠡᠷᠭᠡᠯᠡᠳᠡᠭᠡ᠎ᠪᠡᠨ ᠰᠠᠬᠢᠨ ᠬᠠᠮᠠᠭᠠᠯᠠᠬᠤ》ᠵᠡᠷᠭᠡ ᠴᠠᠭ᠍ᠳᠠᠭᠠᠨ᠎ᠤ ᠶᠠᠪᠤᠳᠠᠯ᠎ᠤᠨ ᠵᠠᠭ᠍ᠪᠤᠷ᠎ᠤᠨ ᠱᠢᠨ᠎ᠡ᠎ᠶ᠋ᠢ ᠡᠭᠦᠳᠴᠦ᠍᠂ ᠮᠠᠯᠴᠢᠳ᠎ᠲᠠᠶ ᠬᠠᠮᠲᠤ᠎ᠪᠠᠷ 《ᠬᠢᠯᠢ ᠰᠠᠬᠢᠬᠤ ᠭᠤᠤᠯᠳᠠᠯᠭᠠᠲᠤ ᠡᠷᠦᠬᠡ》 ᠂ 《ᠬᠢᠯᠢ ᠬᠠᠮᠠᠭᠠᠯᠠᠬᠤ ᠪᠡᠬᠢᠯᠡᠯᠲᠡ ᠵᠢᠨ ᠡᠷᠦᠬᠡ》 ᠪᠣᠯᠤᠨ 《ᠬᠢᠯᠢ ᠬᠠᠮᠠᠭᠠᠯᠠᠭ᠍ᠴᠢ᠎ᠶ᠋ᠢᠨ ᠥᠷᠲᠡᠭᠡ》 ᠶ᠋ᠢ ᠪᠠᠢᠭᠤᠯᠵᠤ᠂ ᠱᠢᠨ᠎ᠡ ᠴᠠᠭ ᠦᠶ᠎ᠡ᠎ᠶ᠋ᠢᠨ 《ᠲᠠᠯ᠎ᠠ ᠨᠤᠲᠤᠭ᠎ᠤᠨ 110》 ᠶᠡᠷᠦᠩᠬᠡᠢᠯᠡᠭ᠌ᠰᠡᠨ ᠰᠡᠷᠭᠡᠢᠯᠡᠨ ᠡᠵᠡᠮᠳᠡᠬᠦ᠌ ᠱᠢᠰᠲ᠋ᠧᠮ ᠢ᠋ ᠪᠠᠢᠭᠤᠯᠪᠠ᠃

ᠣᠷᠳᠣ ᠤᠳᠠᠭᠠᠨ ᠬᠢᠯᠢ᠎ᠶ᠋ᠢᠨ ᠬᠠᠮᠠᠭᠠᠯᠠᠯᠲᠠ᠎ᠶ᠋ᠢᠨ ᠣᠨ ᠰᠠᠷ᠎ᠠ᠎ᠳᠤ ᠬᠢᠯᠢ ᠬᠢᠵᠠᠭᠠᠷ᠎ᠢ ᠰᠠᠬᠢᠨ ᠬᠠᠮᠠᠭᠠᠯᠠᠬᠤ ᠬᠦᠨᠳᠦ ᠡᠭᠦᠷᠭᠡ᠎ᠨᠢ ᠶᠡᠷᠦ᠍᠎ᠡᠴᠡ ᠭᠠᠭ᠍ᠴᠠ ᠦᠨᠳᠦᠰᠦᠲᠡᠨ᠎ᠦ ᠭᠣᠴᠣᠯᠠᠯ ᠪᠥᠵᠢᠭ ᠪᠢᠰᠢ᠂ ᠬᠠᠷᠢᠨ ᠣᠯᠠᠨ ᠦᠨᠳᠦᠰᠦᠲᠡᠨ ᠰᠡᠳᠭᠢᠯ ᠨᠢᠭᠡᠳᠦᠨ ᠬᠦᠴᠦ᠍᠎ᠪᠡᠨ ᠬᠠᠮᠲᠤᠳᠭᠠᠬᠤ ᠬᠠᠮᠲᠤ᠎ᠶ᠋ᠢᠨ ᠡᠭᠦᠷᠭᠡ ᠬᠠᠷᠢᠭᠤᠴᠠᠯᠭ᠎ᠠ ᠪᠣᠯᠤᠨ᠎ᠠ᠃ ᠡᠨᠳᠡ ᠬᠢᠲᠠᠳ᠂ ᠮᠣᠩᠭᠣᠯ᠂ ᠡᠸᠡᠩᠬᠢ᠂ ᠳᠠᠭᠤᠷ ᠵᠡᠷᠭᠡ 25 ᠦᠨᠳᠦᠰᠦᠲᠡᠨ ᠠᠨᠠᠷ᠎ᠤᠨ ᠦᠷ᠎ᠡ ᠱᠢᠭ ᠨᠢᠭ᠍ᠲᠠᠷᠠᠨ ᠪᠦᠯᠬᠦᠮᠳᠡᠵᠦ᠍᠂ ᠴᠢᠰᠤᠨ ᠰᠤᠳᠠᠰᠤ ᠪᠣᠯᠤᠨ ᠦᠨᠡᠨᠴᠢ ᠰᠡᠳᠭᠢᠯ᠎ᠢᠶᠡᠷ ᠦᠶ᠎ᠡ ᠤᠯᠠᠷᠢᠨ ᠬᠢᠯᠢ ᠬᠢᠵᠠᠭᠠᠷ᠎ᠢ ᠬᠠᠮᠠᠭᠠᠯᠠᠭ᠍ᠰᠠᠨ ᠰᠦᠷᠯᠢᠭ ᠰᠠᠢᠬᠠᠨ ᠱᠢᠯᠦᠭ᠎ᠢ ᠪᠢᠴᠢᠭ᠌ᠯᠡᠭ᠌ᠰᠡᠨ ᠪᠠᠢᠨ᠎ᠠ᠃

ᠰᠣᠶᠣᠯ ᠵᠢᠭᠤᠯᠴᠢᠯᠠᠯ᠎ᠢ ᠠᠭᠤᠰᠤᠯᠴᠠᠭᠤᠯᠤᠭᠰᠠᠨ ᠭᠠᠢᠬᠠᠮᠱᠢᠭ᠍ᠲᠤ ᠵᠢᠷᠤᠭ

ᠬᠠᠭᠤᠴᠢᠨ ᠪᠠᠷᠭᠤ ᠬᠣᠱᠢᠭᠤᠨ᠎ᠤ ᠮᠢᠩᠭᠠᠨ ᠵᠢᠯ᠎ᠦᠨ ᠰᠣᠶᠣᠯ᠎ᠤᠨ ᠰᠤᠳᠠᠰᠤ᠎ᠨᠢ ᠲᠡᠦᠬᠡ᠎ᠶ᠋ᠢᠨ ᠦᠯᠡᠳᠡᠭ᠌ᠳᠡᠯ᠎ᠦᠨ ᠸᠠᠭᠠᠷ ᠲᠣᠭᠣᠰᠭ᠎ᠠ᠎ᠶ᠋ᠢᠨ ᠳᠤᠮᠳᠠ ᠠᠭᠤᠯᠤᠭᠳᠠᠵᠤ ᠪᠠᠢᠬᠤ᠎ᠪᠠᠷ ᠪᠠᠷᠠᠬᠤ ᠥᠬᠡᠶ ᠣᠲᠣ ᠦᠶ᠎ᠡ᠎ᠶ᠋ᠢᠨ ᠰᠣᠶᠣᠯ ᠵᠢᠭᠤᠯᠴᠢᠯᠠᠯ᠎ᠤᠨ ᠠᠮᠢᠳᠤᠯᠢᠭ ᠱᠢᠨ᠎ᠡ ᠡᠭᠦᠳᠦᠯᠲᠡ᠎ᠳᠦ ᠦᠷᠭᠦᠯᠵᠢᠯᠡᠨ ᠤᠷᠤᠰᠢᠵᠤ ᠪᠠᠢᠨ᠎ᠠ᠃

ᠮᠡᠷᠭᠡᠯ ᠭᠣᠣᠯ᠎ᠤᠨ ᠤᠷᠤᠰᠬᠠᠯ ᠡᠷᠲᠡᠨ᠎ᠦ ᠤᠯᠠ ᠮᠥᠷ᠎ᠵᠢᠡᠷ ᠤᠷᠤᠰᠤᠨ ᠦᠩᠭᠡᠷᠡᠵᠦ᠂ ᠯᠣᠣ ᠱᠧ᠎ᠳᠦ 《ᠳᠡᠯᠡᠬᠡᠢ᠎ᠶ᠋ᠢᠨ ᠨᠢᠭᠡᠳᠦᠭᠡᠷ ᠮᠤᠷᠤᠢ ᠭᠤᠤᠯ》 ᠬᠡᠮᠡᠭ᠌ᠳᠡᠭ᠌ᠰᠡᠨ ᠡᠨᠡ ᠬᠦ᠌ ᠭᠣᠣᠯ ᠮᠥᠷᠡᠨ ᠨᠢ ᠶᠠᠭ ᠯᠠ ᠮᠥᠩᠭᠥᠨ ᠴᠠᠭᠠᠨ ᠲᠣᠷᠭᠠᠨ ᠪᠦᠰᠡ ᠮᠤᠷᠤᠯᠵᠠᠨ ᠤᠷᠤᠰᠴᠤ᠌ ᠪᠠᠢᠬᠤ ᠮᠡᠲᠦ᠂ ᠮᠤᠷᠤᠯᠵᠠᠨ ᠤᠷᠤᠰᠬᠤ ᠤᠰᠤᠨ ᠳ᠋ᠠᠭᠠᠨ ᠲᠠᠯ᠎ᠠ ᠨᠤᠲᠤᠭ᠎ᠤᠨ ᠰᠣᠶᠣᠯ᠎ᠤᠨ ᠬᠠᠢᠴᠢᠯᠠᠮᠠᠯ ᠰᠡᠭᠦᠳᠡᠷ ᠢ᠋ ᠲᠤᠰᠬᠠᠨ᠎ᠠ᠃

ᠦᠨᠢ ᠤᠳᠠᠭᠠᠨ ᠲᠡᠤᠭᠡ ᠲᠠᠢ ᠪᠠᠷᠭᠤ ᠮᠣᠩᠭᠣᠯ ᠶᠠᠰᠤᠲᠠᠨ ᠨᠢ ᠬᠢᠲᠠᠳ ᠦᠨᠳᠦᠰᠦᠲᠡᠨ᠂ ᠡᠸᠡᠩᠬᠢ ᠦᠨᠳᠦᠰᠦᠲᠡᠨ᠂ ᠳᠠᠭᠤᠷ ᠦᠨᠳᠦᠰᠦᠲᠡᠨ ᠵᠡᠷᠭᠡ ᠦᠨᠳᠦᠰᠦᠲᠡᠨ᠎ᠲᠡᠶ ᠬᠠᠮᠲᠤ᠎ᠪᠠᠷ ᠣᠷᠣᠱᠢᠨ ᠲᠣᠭ᠍ᠲᠠᠨᠢᠵᠤ ᠬᠠᠮᠲᠤ᠎ᠪᠠᠷ ᠴᠡᠴᠡᠭ᠌ᠯᠡᠨ ᠬᠥᠭ᠌ᠵᠢᠵᠦ᠍᠂ ᠱᠢᠨ᠎ᠡ ᠴᠠᠭ ᠦᠶ᠎ᠡ᠎ᠶ᠋ᠢᠨ ᠦᠨᠳᠦᠰᠦᠲᠡᠨ᠎ᠦ ᠠᠭᠤᠰᠤᠯᠴᠠᠯ᠎ᠤᠨ ᠬᠡᠪ ᠳᠠᠭᠤᠷᠢᠶᠠᠯ ᠪᠣᠯᠪᠠ᠃

ᠮᠡᠷᠭᠡᠯ ᠭᠤᠤᠯ᠎ᠤᠨ ᠦᠵᠡᠮᠵᠢ᠎ᠶ᠋ᠢᠨ ᠣᠷᠣᠨ᠎ᠤ 《ᠨᠡᠭᠦᠳᠡᠯᠯᠡᠨ ᠮᠠᠯᠵᠢᠬᠤ ᠨᠡᠭᠦᠳᠡᠯ》 ᠭᠡᠬᠦ ᠪᠣᠳᠠᠲᠤ ᠦᠵᠡᠮᠵᠢ᠎ᠶ᠋ᠢᠨ ᠲᠣᠭ᠍ᠯᠠᠯᠲᠠ᠂ ᠪᠣᠳᠠᠰ᠎ᠤᠨ ᠪᠤᠰᠤ ᠰᠣᠶᠣᠯ᠎ᠤᠨ ᠥᠪ᠎ᠦᠨ ᠭᠠᠷ ᠤᠷᠠᠯᠠᠯ᠎ᠤ᠋ᠨ ᠪᠡᠶᠡᠴᠢᠯᠡᠨ ᠣᠢᠯᠠᠭᠠᠯᠳᠠ ᠨᠢ ᠲᠡᠦᠬᠡ᠎ᠶ᠋ᠢᠨ ᠳᠤᠷᠠᠰᠤᠮᠵᠢ᠎ᠶ᠋ᠢ ᠭᠦᠨ ᠤᠢᠯᠠᠭᠠᠬᠤ ᠮᠠᠶᠢᠭ᠎ᠤᠨ ᠰᠣᠶᠣᠯ ᠵᠢᠭᠤᠯᠴᠢᠯᠠᠯ᠎ᠤᠨ ᠪᠡᠶᠡᠴᠢᠯᠡᠨ ᠣᠢᠯᠠᠭᠠᠬᠤ ᠦᠩᠭᠡᠷᠡᠯᠳᠡ ᠪᠣᠯᠭᠠᠨ ᠬᠤᠪᠢᠷᠠᠭᠤᠯᠪᠠ᠃ ᠪᠠᠶᠠᠯᠢᠭ ᠰᠠᠢᠬᠠᠨ ᠰᠣᠶᠣᠯ ᠵᠢᠭᠤᠯᠴᠢᠯᠠᠯ᠎ᠤᠨ ᠠᠵᠢᠯᠯᠠᠭ᠎ᠠ ᠨᠢ 《ᠳᠤᠮᠳᠠᠳᠤ ᠤᠯᠤᠰ᠎ᠤᠨ ᠨᠠᠭᠠᠳᠤᠮ᠎ᠤᠨ ᠰᠣᠶᠣᠯ᠎ᠤᠨ ᠨᠤᠲᠤᠭ》 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠠᠳᠤᠭᠤᠨ ᠰᠣᠶᠣᠯ᠎ᠤᠨ ᠨᠤᠲᠤᠭ》 ᠵᠡᠷᠭᠡ ᠰᠣᠶᠣᠯ᠎ᠤᠨ ᠲᠦᠷᠦᠯ ᠲᠡᠮᠳᠡᠭ᠎ᠢ ᠤᠯᠠᠮ ᠬᠠᠯᠠᠮᠰᠢᠯ ᠪᠤᠯᠭᠠᠪᠠ᠃

ᠤᠢ᠍ᠢᠷ᠎ᠡ᠎ᠶ᠋ᠢᠨ ᠵᠢᠯ᠎ᠡᠴᠡ ᠬᠠᠭᠤᠴᠢᠨ ᠪᠠᠷᠭᠤ ᠬᠣᠱᠢᠭᠤᠨ᠎ᠤ ᠬᠢᠨ ᠪᠡᠯᠡ ᠣᠷᠣᠭᠤᠯᠤᠯᠲᠠ᠎ᠶ᠋ᠢᠨ ᠡᠷᠴᠢᠮ᠎ᠢᠶᠡᠨ ᠴᠢᠩᠭᠠᠷᠠᠭᠤᠯᠵᠤ᠂ ᠤᠯᠤᠰ᠎ᠤᠨ 5A ᠲᠡᠰ᠎ᠤᠨ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ — ᠬᠥᠯᠥᠨ ᠪᠤᠢ᠌ᠷ᠎ᠤᠨ ᠲᠠᠯ᠎ᠠ ᠨᠤᠲᠤᠭ᠂ ᠮᠡᠷᠭᠡᠯ ᠭᠣᠣᠯ᠎ᠤᠨ ᠦᠵᠡᠮᠵᠢ᠎ᠶ᠋ᠢᠨ ᠣᠷᠣᠨ᠎ᠳᠤ ᠬᠣᠶᠠᠷ ᠵᠢᠭᠤᠯᠴᠢᠯᠠᠭ᠍ᠰᠠᠳ᠎ᠤᠨ ᠲᠥᠪ ᠪᠣᠯᠤᠨ ᠭᠤᠷᠪᠠᠨ ᠦᠵᠡᠮᠵᠢ᠎ᠶ᠋ᠢᠨ ᠲᠠᠢᠰᠠ ᠵᠢ ᠪᠠᠢᠭᠤᠯᠵᠤ᠂ ᠵᠢᠭᠤᠯᠴᠢᠯᠠᠭ᠍ᠰᠠᠳ᠎ᠢ ᠬᠦᠯᠢᠶᠡᠨ ᠠᠪᠬᠤ ᠴᠢᠳᠠᠪᠤᠷᠢ ᠪᠣᠯᠤᠨ ᠰᠣᠨᠢᠷᠬᠠᠨ ᠵᠢᠭᠤᠯᠴᠢᠯᠠᠬᠤ ᠲᠦᠷᠦᠭ᠌ᠳᠡᠯ᠎ᠢ ᠶᠡᠬᠡ᠎ᠪᠡᠷ ᠳᠡᠭᠡᠭ᠌ᠰᠢᠯᠡᠭᠦᠯᠪᠡ᠃ ᠡᠭᠦᠨ᠎ᠦ ᠬᠠᠮᠲᠤ  ᠦᠵᠡᠮᠵᠢ᠎ᠶ᠋ᠢᠨ ᠣᠷᠣᠨ᠎ᠤ ᠡᠵᠡᠩᠨᠡᠯᠲᠡ᠎ᠶ᠋ᠢᠨ ᠬᠡᠯᠪᠡᠷᠢ᠎ᠶ᠋ᠢ ᠲᠠᠰᠤᠷᠠᠯᠲᠠ ᠥᠬᠡᠶ ᠪᠠᠶᠠᠯᠢᠭ᠍ᠵᠢᠭᠤᠯᠵᠤ᠂ 《ᠲᠦᠮᠡᠨ ᠠᠭ᠍ᠲᠠ᠎ᠶ᠋ᠢᠨ ᠲᠦᠪᠡᠷᠭᠡᠨ ᠮᠣᠷᠢᠨ ᠤᠷᠤᠯᠳᠤᠭᠠᠨ》 《ᠡᠳᠦᠷ ᠪᠦᠷᠢ ᠨᠠᠭᠠᠳᠤᠮ》 ᠵᠡᠷᠭᠡ ᠲᠦᠷᠦᠯ ᠲᠡᠮᠳᠡᠭ᠎ᠦᠨ ᠠᠵᠢᠯᠯᠠᠭ᠎ᠠ᠎ᠶ᠋ᠢ ᠥᠷᠨᠢᠭᠦᠯᠵᠦ᠍᠂ ᠶᠡᠬᠡ ᠬᠡᠮᠵᠢᠶᠡᠨ᠎ᠦ ᠵᠢᠭᠤᠯᠴᠢᠯᠠᠬᠰᠠᠳ᠎ᠤᠨ ᠠᠩᠬᠠᠷᠤᠯ᠎ᠢ ᠲᠠᠲᠠᠪᠠ᠃

ᠡᠳᠦᠭᠡ ᠮᠡᠷᠭᠡᠯ ᠭᠤᠤᠯ᠎ᠤᠨ ᠦᠵᠡᠮᠵᠢ᠎ᠶ᠋ᠢᠨ ᠲᠠᠢᠰᠠᠨ ᠳᠡᠭᠡᠷ᠎ᠡ ᠵᠣᠭ᠍ᠰᠣᠨ ᠠᠯᠤᠰ᠎ᠢ ᠪᠡᠷᠡᠯᠡᠬᠤ ᠳ᠋ᠤ ᠴᠢᠩ ᠤᠯᠤᠰ᠎ᠤᠨ ᠦᠶ᠎ᠡ᠎ᠶ᠋ᠢᠨ ᠬᠠᠷᠠᠭᠤᠯ᠎ᠤᠨ ᠲᠦᠳᠡᠭ ᠴᠢᠨᠣ᠎ᠠ᠎ᠶ᠋ᠢᠨ ᠣᠲᠣᠭ᠎ᠠ ᠨᠢ ᠵᠢᠭᠤᠯᠴᠢᠯᠠᠯ᠎ᠤᠨ ᠵᠠᠰᠠᠮᠠᠯ ᠵᠠᠮ᠎ᠤᠨ ᠲᠡᠷᠭᠡ ᠬᠦᠮᠦᠨ ᠤ᠋ ᠰᠦᠯᠵᠢᠯᠳᠦᠯ ᠪᠤᠯᠵᠤ ᠬᠤᠪᠢᠷᠠᠵᠤ᠂《ᠵᠡᠭᠦᠳᠦᠨ᠎ᠳᠡᠬᠢ ᠮᠡᠷᠭᠡᠯ ᠭᠤᠤᠯ》 ᠪᠣᠳᠠᠲᠤ ᠦᠵᠡᠮᠵᠢ᠎ᠶ᠋ᠢᠨ ᠲᠣᠭ᠍ᠯᠠᠯᠲᠠ ᠵᠡᠷᠭᠡ ᠲᠥᠷᠥᠯ ᠵᠦᠶ᠋ᠯ᠎ᠨᠢ ᠵᠢᠭᠤᠯᠴᠢᠯᠠᠭ᠍ᠰᠠᠳ᠎ᠲᠤ ᠲᠠᠯ᠎ᠠ ᠨᠤᠲᠤᠭ᠎ᠤᠨ ᠥᠪᠡᠷᠮᠢᠴᠡ ᠷᠢᠳᠢ ᠱᠢᠳᠢ᠎ᠶ᠋ᠢ ᠮᠡᠳᠡᠷᠡᠭᠦᠯᠵᠦ᠍᠂ ᠡᠨᠳᠡᠬᠢ ᠭᠠᠵᠠᠷ ᠱᠢᠷᠣᠶ ᠪᠣᠯᠭᠠᠨ᠎ᠳ᠋ᠤ ᠴᠥᠮ ᠠᠭᠤᠰᠤᠯᠴᠠᠨ ᠬᠥᠭ᠌ᠵᠢᠭ᠌ᠰᠡᠨ ᠢᠮ ᠲᠡᠮᠳᠡᠭ᠎ᠢ ᠰᠡᠢᠯᠦᠭ᠌ᠰᠡᠨ ᠪᠠᠢᠨ᠎ᠠ᠃

ᠬᠠᠭᠤᠴᠢᠨ ᠪᠠᠷᠭᠤ ᠬᠣᠱᠢᠭᠤᠨ᠎ᠤ ᠰᠣᠶᠣᠯ ᠵᠢᠭᠤᠯᠴᠢᠯᠠᠯ ᠷᠠᠳᠢᠣ᠋ ᠲᠧᠯᠸᠢᠰ᠎ᠦᠨ ᠲᠣᠪᠴᠢᠶᠠᠨ᠎ᠤ ᠬᠠᠮᠢᠶ᠎ᠠ ᠪᠥᠬᠥᠶ ᠬᠠᠷᠢᠭᠤᠴᠠᠯᠭᠠᠲᠠᠨ᠎ᠤ ᠲᠠᠨᠢᠯᠴᠠᠭᠤᠯᠤᠭ᠍ᠰᠠᠨ᠎ᠢᠶᠠᠷ᠂ ᠲᠣᠰ ᠬᠣᠱᠢᠭᠤ ᠣᠢᠷ᠎ᠠ᠎ᠶ᠋ᠢᠨ ᠵᠢᠯ᠎ᠳᠦ ᠭᠤᠤᠯ ᠪᠣᠯᠬᠤ ᠵᠢᠭᠤᠯᠴᠢᠯᠠᠯ᠎ᠤᠨ ᠦᠵᠡᠮᠵᠢ᠎ᠶ᠋ᠢᠨ ᠣᠷᠣᠨ᠎ᠢ ᠪᠥᠲᠥᠭᠡᠨ ᠪᠠᠢᠭᠤᠯᠬᠤ᠂ ᠣᠨᠴᠠᠯᠢᠭ᠍ᠲᠤ ᠤᠷᠤᠯᠳᠤᠭᠠᠨ᠎ᠤ ᠠᠵᠢᠯᠯᠠᠭ᠎ᠠ᠎ᠶ᠋ᠢ ᠵᠣᠬᠢᠶᠠᠨ ᠪᠠᠢᠭᠤᠯᠬᠤ᠂ ᠵᠢᠭᠤᠯᠴᠢᠯᠠᠯ᠎ᠤᠨ ᠪᠦᠲᠦᠭᠡᠭ᠌ᠳᠡᠬᠦᠨ᠎ᠢ ᠪᠠᠶᠠᠯᠢᠭ᠍ᠵᠢᠭᠤᠯᠬᠤ ᠵᠡᠷᠭᠡ ᠠᠷᠭ᠎ᠠ ᠬᠡᠮᠵᠢᠶ᠎ᠡ᠎ᠪᠡᠷ  ᠲᠠᠯ᠎ᠠ ᠨᠤᠲᠤᠭ᠎ᠤᠨ ᠰᠦᠷᠯᠢᠭ ᠰᠠᠢᠬᠠᠨ ᠥᠩᠭᠡ ᠦᠵᠡᠮᠵᠢ ᠪᠣᠯᠤᠨ ᠭᠦᠨ ᠵᠤᠵᠠᠭᠠᠨ ᠰᠣᠶᠣᠯ ᠎ᠢ᠋ ᠬᠡᠷᠡᠯ ᠭᠢᠯᠪᠠᠭ᠎ᠠ ᠰᠠᠴᠤᠷᠠᠭᠤᠯᠵᠤ᠂ ᠪᠥᠬᠥ᠌ ᠤᠯᠤᠰ᠎ᠤᠨ ᠡᠯ᠎ᠡ ᠭᠠᠵᠠᠷ᠎ᠤᠨ ᠵᠢᠭᠤᠯᠴᠢᠯᠠᠬᠰᠠᠳ᠎ᠢ ᠲᠠᠲᠠᠵᠠᠶ᠃

2024 ᠣᠨ᠎ᠳᠤ ᠬᠠᠭᠤᠴᠢᠨ ᠪᠠᠷᠭᠤ ᠬᠣᠱᠢᠭᠤ 200.66 ᠲᠦᠮᠡᠨ ᠵᠢᠭᠤᠯᠴᠢᠯᠠᠭᠰᠠᠳ᠎ᠢ ᠭᠥᠯᠢᠶᠡᠨ ᠠᠪᠴᠤ᠌ ᠂ ᠠᠳᠠᠯᠢ ᠬᠤᠭᠤᠴᠠᠭᠠᠨ᠎ᠤ᠎ᠬᠢ᠎ᠡᠴᠡ 14.82% ᠵᠢᠡᠷ ᠨᠡᠮᠡᠭ᠌ᠳᠡᠵᠦ᠍᠂ ᠵᠢᠭᠤᠯᠴᠢᠯᠠᠬᠰᠠᠳ᠎ᠤᠨ ᠭᠡᠷᠡᠭᠯᠡᠭᠡ 28.95 ᠳ᠋ᠦᠩᠱᠢᠭᠤᠷ ᠲᠥᠭᠥᠷᠢᠭ ᠲᠦ᠍ ᠬᠦᠷᠴᠦ᠂ ᠠᠳᠠᠯᠢ ᠬᠤᠭᠤᠴᠠᠭᠠᠨ᠎ᠤ᠎ᠬᠢ᠎ᠡᠴᠡ 14.35% ᠎ᠪᠠᠷ ᠨᠡᠮᠡᠭ᠌ᠳᠡᠵᠦ᠍᠂ ᠴᠥᠮ ᠲᠡᠦᠬᠡ᠎ᠶ᠋ᠢᠨ ᠱᠢᠨ᠎ᠡ ᠲᠡᠮᠳᠡᠭ᠌ᠯᠡᠯ᠎ᠢ ᠡᠭᠦᠳᠪᠡ᠃

ᠥᠨᠥᠳᠦᠷ᠎ᠦᠨ ᠬᠠᠭᠤᠴᠢᠨ ᠪᠠᠷᠭᠤ ᠬᠣᠱᠢᠭᠤ᠎ᠨᠢ ᠶᠠᠭ ᠮᠠᠯ ᠠᠵᠤ ᠠᠬᠤᠶ ᠰᠣᠶᠣᠯ ᠵᠢᠭᠤᠯᠴᠢᠯᠠᠯ᠎ᠢ ᠠᠭᠤᠰᠤᠯᠴᠠᠭᠤᠯᠬᠤ ᠱᠢᠨ᠎ᠡ᠎ᠶ᠋ᠢ ᠡᠭᠦᠳᠬᠦ᠌ ᠦᠶ᠋ᠯᠡᠳᠦᠯᠭᠡ᠂ ᠲᠣᠭᠠᠴᠢᠯᠠᠭ᠍ᠰᠠᠨ ᠬᠦᠴᠦᠷᠬᠡᠭ ᠤᠯᠤᠰ᠎ᠤᠨ ᠣᠲᠣ ᠦᠶ᠎ᠡ᠎ᠶ᠋ᠢᠨ ᠣᠶᠤᠨ ᠤᠬᠠᠭᠠᠨ᠂ ᠦᠨᠳᠦᠰᠦᠲᠡᠨ᠎ᠦ ᠪᠦᠯᠬᠦᠮᠳᠡᠯ᠎ᠦᠨ ᠭᠦᠨ ᠵᠤᠵᠠᠭᠠᠨ ᠰᠠᠭᠤᠷᠢ᠎ᠪᠠᠷ ᠬᠥᠭ᠌ᠵᠢᠯᠲᠡ᠎ᠶ᠋ᠢᠨ ᠤᠷᠤᠰᠭᠠᠯ ᠳᠤᠮᠳᠠ ᠡᠷᠡᠮᠡᠬᠡᠢᠯᠡᠨ ᠤᠷᠤᠭ᠍ᠰᠢᠯᠠᠵᠤ᠂ ᠮᠢᠩᠭᠠᠨ ᠣᠨ᠎ᠤ ᠰᠣᠶᠣᠯ᠎ᠤᠨ ᠰᠤᠳᠠᠰᠤ᠎ᠶ᠋ᠢ ᠱᠢᠨ᠎ᠡ ᠴᠠᠭ ᠦᠶ᠎ᠡ᠎ᠳᠦ ᠬᠡᠷᠡᠯ ᠭᠢᠯᠪᠠᠭ᠎ᠠ ᠰᠠᠴᠤᠷᠠᠭᠤᠯᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号