ᠦᠨᠡᠨᠴᠢ᠄ ᠨᠣᠮᠢᠨ ᠨᠣᠭᠣᠭᠠᠨ᠎ᠤ ᠲᠠᠷᠬᠠᠨ ᠬᠠᠮᠠᠭᠠᠯᠠᠭᠴᠢ
2025-06-04 09:40:52
ᠵᠣᠬᠢᠶᠠᠭ᠍ᠴᠢ᠄
ᠰᠢᠤᠸᠠᠢ ᠢ ᠴᠢᠶᠦ᠋ᠨ᠂ ᠵᠢᠢ ᠰᠢᠨ
ᠣᠩᠱᠢᠭ᠍ᠰᠠᠨ ᠣᠳᠠᠭ᠎ᠠ᠄
★★★☆☆

5 ᠰᠠᠷ᠎ᠠ᠎ᠶᠢᠨ 21᠎ᠤ᠋ ᠥᠷᠯᠥᠭᠡ᠂ ᠦᠨᠡᠨᠴᠢ ᠪᠦᠯᠬᠦᠮ᠎ᠤᠨ ᠭᠡᠰᠢᠭᠦᠳ᠎ᠢᠶᠡᠨ ᠳᠠᠭᠠᠭᠤᠯᠤᠨ ᠠᠭᠤᠯᠠ ᠣᠶ ᠰᠢᠭᠤᠢ᠎ᠶᠢᠨ ᠲᠠᠯᠠᠪᠠᠶ ᠪᠡᠷ ᠲᠣᠭᠣᠷᠢᠨ ᠪᠠᠢᠴᠠᠭᠠᠯᠲᠠ ᠬᠢᠪᠡ᠃ ᠲᠣᠭᠣᠷᠢᠨ ᠬᠠᠮᠠᠭᠠᠯᠠᠬᠤ ᠲᠡᠷᠭᠡ ᠮᠠᠩᠬᠠᠨ ᠵᠠᠮ ᠵᠢᠡᠷ ᠲᠦᠷᠴᠢᠬᠢᠨᠡᠵᠦ᠂ ᠡᠯᠡᠰᠦ ᠮᠠᠩᠬ᠎ᠠ ᠶᠡᠭᠡᠳᠡᠢ ᠭᠠᠵᠠᠷ᠎ᠬᠦᠷᠪᠡᠯ ᠲᠡᠳᠡ ᠲᠡᠷᠭᠡᠨ᠎ᠡᠴᠡ ᠪᠠᠭᠤᠵᠤ ᠠᠯᠬᠤᠨ᠎ᠠ᠃ ᠲᠡᠳᠡ ᠡᠯᠡᠰᠦᠨ᠎ᠳᠡᠬᠢ ᠤᠢ ᠮᠣᠳᠣᠨ᠎ᠤ ᠤᠷᠭᠤᠴᠠ᠎ᠶᠢᠨ ᠪᠠᠢᠳᠠᠯ ᠎ᠢ ᠴᠠᠭ ᠢᠮᠠᠭᠳᠠ ᠠᠩᠬᠠᠷᠴᠤ᠂ ᠬᠡᠭᠡᠷ᠎ᠡ᠎ᠶᠢᠨ ᠠᠮᠢᠲᠠᠨ᠎ᠤ ᠠᠵᠢᠯᠯᠠᠭ᠎ᠠ᠎ᠶᠢᠨ ᠤᠯᠠ ᠮᠥᠷ᠎ᠢ ᠨᠠᠷᠢᠨ ᠨᠢᠮᠪᠠᠢ ᠠᠵᠢᠬᠯᠠᠵᠤ ᠪᠠᠢᠯ᠎ᠠ᠃

ᠠᠭᠤᠯᠠ ᠣᠶ ᠰᠢᠭᠤᠢ᠎ᠶᠢᠨ ᠲᠠᠯᠠᠪᠠᠶ ᠨᠢ ᠲᠦᠩᠯᠢᠶᠣᠣ ᠬᠣᠲᠠ᠎ᠶᠢᠨ ᠬᠦᠷᠢᠶ᠎ᠡ ᠬᠣᠰᠢᠭᠤᠨ᠎ᠤ ᠬᠣᠢᠲᠤ ᠬᠡᠰᠡᠭ᠎ᠲᠦ ᠪᠠᠢᠷᠢᠯᠠᠵᠤ᠂ ᠬᠣᠷᠴᠢᠨ᠎ᠤ ᠡᠯᠡᠰᠦᠷᠬᠡᠭ ᠭᠠᠵᠠᠷ᠎ᠤᠨ ᠥᠷᠥᠴᠡᠨ᠎ᠳᠦ ᠬᠠᠷᠢᠶᠠᠯᠠᠭᠳᠠᠵᠤ᠂ ᠵᠡᠭᠦᠨ ᠪᠠᠷᠠᠭᠤᠨ ᠬᠣᠶᠠᠷ ᠬᠡᠰᠡᠭ ᠲᠸ᠋ ᠬᠤᠪᠢᠶᠠᠭᠳᠠᠨ᠂ ᠶᠡᠷᠦᠩᠬᠡᠢ ᠲᠠᠯᠠᠪᠠᠶ ᠨᠢ 11.7 ᠲᠦᠮᠡᠨ ᠮᠦ᠍ ᠪᠤᠢ᠃ ᠦᠨᠡᠨᠴᠢ ᠣᠲᠣ᠌ ᠬᠦᠷᠢᠶ᠎ᠡ ᠬᠣᠰᠢᠭᠤᠨ᠎ᠤ ᠤᠯᠤᠰ᠎ᠤᠨ ᠥᠮᠴᠢᠯᠡᠯᠲᠦ ᠠᠭᠤᠯᠠ ᠣᠶ ᠰᠢᠭᠤᠢ᠎ᠶᠢᠨ ᠲᠠᠯᠠᠪᠠᠶ᠎ᠶᠢᠨ ᠳᠡᠳ᠋ ᠳᠠᠷᠤᠭ᠎ᠠ᠎ᠶᠢᠨ ᠲᠤᠰᠢᠶᠠᠯ᠎ᠢ ᠡᠭᠦᠷᠭᠡᠯᠡᠵᠦ ᠪᠠᠢᠨ᠎ᠠ᠂ 1988 ᠣᠨ᠎ᠳᠤ᠂ 18 ᠨᠠᠰᠤᠲᠠᠢ ᠲᠡᠷᠡ ᠪᠡᠷ ᠣᠶ ᠰᠢᠭᠤᠢ ᠵᠢᠨ ᠲᠠᠯᠠᠪᠠᠶ᠎ᠳᠤ ᠢᠷᠡᠵᠦ ᠠᠵᠢᠯᠯᠠᠨ᠂ ᠠᠩᠬᠠᠨ᠎ᠤ ᠴᠢᠬᠢ ᠮᠣᠳᠣ᠌᠎ᠪᠠᠨ ᠳᠠᠷᠢᠭ᠍ᠰᠠᠨ᠎ᠠᠴᠠ ᠨᠠᠭᠠᠰᠢ ᠡᠨᠡ᠎ᠬᠦ ᠡᠯᠡᠰᠦᠨ ᠴᠥᠯ ᠲᠠᠢ ᠰᠠᠯᠤᠰᠢ ᠦᠭᠡᠢ ᠬᠤᠪᠢ ᠪᠠᠷᠢᠯᠳᠤᠯᠭ᠎ᠠ᠎ᠲᠠᠢ ᠪᠣᠯᠵᠠᠢ᠃

ᠬᠠᠯᠠᠭᠤᠨ ᠵᠤᠨ ᠬᠠᠬᠢᠷ ᠡᠪᠤᠯ ᠬᠡᠮᠡᠨ ᠤᠨ ᠰᠠᠷ᠎ᠠ ᠤᠷᠴᠢᠨ ᠤᠯᠠᠷᠢᠭᠰᠠᠭᠠᠷ ᠴᠤ᠌᠂ ᠮᠣᠳᠣ᠌ ᠵᠠᠢᠯᠠᠬᠤ᠂ ᠬᠠᠮᠢᠶᠠᠷᠴᠤ ᠬᠠᠮᠠᠭᠠᠯᠠᠬᠤ᠂ ᠴᠠᠭᠳᠠᠨ ᠬᠠᠮᠠᠭᠠᠯᠠᠬᠤ ᠭᠡᠭᠴᠢ ᠵᠢᠨ ᠦᠨᠡᠨᠴᠢ᠎ᠶᠢᠨ ᠡᠳᠦᠷ ᠲᠤᠳᠤᠮ᠎ᠤᠨ ᠠᠵᠢᠯ 37 ᠵᠢᠯ ᠳ᠋ᠤ ᠶᠡᠷᠦᠨᠢ ᠬᠤᠪᠢᠷᠠᠭ᠎ᠠ ᠦᠭᠡᠢ ᠠᠵᠢ᠃ 《ᠡᠷᠲᠡ ᠦᠶ᠎ᠡ᠎ᠳᠦ ᠮᠣᠳᠣ᠌ ᠳᠠᠷᠢᠵᠤ ᠤᠢᠵᠢᠭᠤᠯᠬᠤ ᠳ᠋ᠤ ᠮᠠᠰᠢ ᠵᠦᠳᠡᠷᠡᠯᠲᠡᠢ ᠪᠠᠢᠭᠰᠠᠨ᠂ ᠲᠡᠷᠡ ᠦᠶ᠎ᠡ᠎ᠳᠦ ᠲᠷᠠᠺᠲ᠋ᠣᠷ ᠪᠠᠢᠭᠰᠠᠨ ᠦᠭᠡᠢ ᠪᠤᠯᠬᠤᠷ ᠪᠦᠷ ᠮᠣᠷᠢᠨ ᠲᠡᠷᠭᠡ᠎ᠪᠡᠷ ᠤᠰᠤ ᠲᠡᠭᠡᠭᠡᠵᠦ ᠴᠢᠬᠢ ᠮᠣᠳᠣ᠌᠎ᠪᠠᠨ ᠤᠰᠤᠯᠠᠳᠠᠭ᠃ ᠡᠯᠡᠰᠦᠨ ᠳᠣᠲᠣᠷ᠎ᠠ ᠲᠡᠷᠭᠡ ᠣᠷᠣᠵᠤ ᠳᠡᠢᠯᠬᠦ ᠦᠭᠡᠢ ᠤᠴᠢᠷ᠎ᠠᠴᠠ᠂ ᠴᠢᠬᠢ ᠮᠣᠳᠣ᠌᠎ᠶᠢ ᠵᠦᠪᠬᠡᠨ ᠵᠠᠮ᠎ᠤᠨ ᠬᠠᠵᠠᠭᠤ᠎ᠳᠤ ᠪᠠᠭᠤᠯᠭᠠᠵᠤ᠂ ᠳᠠᠷᠠᠭ᠎ᠠ ᠨᠢ ᠬᠥᠮᠥᠨ ᠡᠭᠦᠷᠬᠦ ᠪᠤᠶᠤ ᠲᠡᠪᠡᠷᠢᠵᠦ ᠪᠠᠢᠭᠠᠳ ᠳᠣᠲᠣᠭ᠍ᠰᠢ ᠵᠦᠭᠡᠭᠡᠬᠦ ᠵᠢᠨ ᠳᠠᠭᠠᠤ ᠴᠢᠬᠢ ᠮᠣᠳᠣ᠌ ᠪᠠᠨ ᠵᠠᠢᠯᠠᠨ᠎ᠠ》 ᠭᠡᠵᠦ ᠦᠨᠡᠨᠴᠢ ᠶᠠᠷᠢᠪᠠ᠃ ᠣᠯᠠᠨ ᠵᠢᠯ᠎ᠦᠨ ᠲᠣᠭᠣᠷᠢᠨ ᠬᠠᠮᠠᠭᠠᠯᠠᠬᠤ ᠠᠵᠢᠯ ᠵᠢᠡᠷ ᠲᠠᠮᠵᠢᠨ ᠦᠨᠡᠨᠴᠢ ᠣᠶ ᠰᠢᠭᠤᠢ᠎ᠶᠢᠨ ᠲᠠᠯᠠᠪᠠᠶ ᠵᠢ ᠠᠯᠠᠭᠠᠨ ᠵᠢᠷᠤᠭᠠᠰᠤ ᠪᠠᠨ ᠰᠢᠭ᠋ ᠲᠤᠳᠤᠷᠬᠠᠢ ᠮᠡᠳᠡᠬᠦ ᠪᠤᠯᠵᠠᠢ᠃

ᠪᠠᠯᠠᠷ ᠡᠯᠡᠰᠦᠨ᠎ᠳ᠋ᠡᠬᠢ ᠵᠠᠮ ᠪᠦᠬᠦᠨ᠎ᠢ ᠪᠠᠷᠤᠭ ᠬᠥᠮᠥᠨ ᠬᠠᠷ᠎ᠠ ᠶᠠᠪᠤᠭᠰᠠᠭᠠᠷ ᠪᠠᠢᠵᠤ ᠭᠠᠷᠭᠠᠭᠰᠠᠨ ᠶᠤᠮ᠃ ᠭᠠᠵᠠᠷ᠎ᠤᠨ ᠪᠠᠢᠴᠠ ᠪᠤᠳᠤᠯᠢᠶᠠᠨᠲᠠᠢ ᠪᠠᠢᠵᠤ᠂ ᠡᠯᠡᠰᠦ ᠵᠢ ᠲᠤᠭᠤᠯᠵᠤ ᠭᠤᠤ ᠵᠢᠯᠠᠭ᠎ᠠ᠎ᠶᠢ ᠳᠠᠪᠠᠬᠤ ᠪᠠᠢᠳᠠᠯ ᠴᠠᠭ ᠢᠮᠠᠭᠲᠠ ᠲᠤᠬᠢᠶᠠᠯᠳᠤᠳᠠᠭ᠃ 《ᠡᠳᠦᠷ ᠪᠦᠷᠢ ᠠᠭᠤᠯᠠᠨ᠎ᠳᠤ ᠭᠠᠷᠴᠤ ᠮᠣᠳᠣ᠌ ᠲᠠᠷᠢᠨ᠎ᠠ᠂ ᠦᠳᠡ᠎ᠳᠦ ᠵᠦᠪᠬᠡᠨ ᠪᠡᠯᠡᠨ ᠮᠢᠶᠠᠨᠲ᠋ᠢᠶᠤᠤᠷ ᠪᠠ ᠲᠠᠯᠬ᠎ᠠ ᠢᠳᠡᠵᠦ᠂ ᠦᠳᠡ ᠵᠢᠨ ᠬᠣᠢᠨ᠎ᠠ ᠮᠤᠳᠤ ᠪᠠᠨ ᠲᠠᠷᠢᠵᠤ ᠪᠠᠷᠠᠪᠠᠯ ᠰᠠᠶᠢ ᠭᠡᠷ ᠲᠡᠭᠡᠨ ᠬᠠᠷᠢᠨ᠎ᠠ᠃ ᠴᠢᠬᠢ ᠮᠣᠳᠣᠨ᠎ᠤ ᠡᠳᠡᠭᠡᠷᠡᠯᠲᠡ᠎ᠶᠢ ᠪᠠᠲᠤᠯᠠᠬᠤ᠎ᠶᠢᠨ ᠲᠥᠯᠥᠭᠡ ᠤᠳᠠᠭ᠎ᠠ ᠪᠦᠷᠢ ᠬᠣᠶᠠᠷ᠎ᠠᠴᠠ ᠭᠤᠷᠪᠠ ᠤᠳᠠᠭ᠎ᠠ ᠤᠰᠤᠯᠠᠨ᠎ᠠ᠃ ᠡᠳᠡᠭᠡᠷᠡᠭᠰᠡᠨ ᠦᠭᠡᠢ ᠴᠢᠬᠢ ᠮᠣᠳᠣ᠌᠎ᠶᠢ ᠪᠠᠰᠠ ᠪᠣᠷᠣᠭᠠᠨ᠎ᠤ ᠤᠯᠠᠷᠢᠯ᠎ᠳᠤ ᠨᠥᠬᠥᠵᠦ ᠵᠠᠢᠯᠠᠬᠤ ᠬᠡᠷᠡᠭᠲᠡᠢ᠂ ᠨᠦᠬᠦᠵᠦ ᠲᠠᠷᠢᠭᠠᠳ ᠪᠠᠰᠠ ᠡᠳᠡᠭᠡᠷᠡᠭᠰᠡᠨ ᠦᠭᠡᠢ ᠪᠤᠯ ᠨᠠᠮᠤᠷ᠎ᠤᠨ ᠤᠯᠠᠷᠢᠯ᠎ᠳᠤ ᠳᠠᠬᠢᠨ ᠨᠥᠬᠥᠵᠦ ᠵᠠᠢᠯᠠᠬᠤ ᠬᠡᠷᠡᠭᠲᠡᠢ》᠃ ᠲᠡᠷᠡ ᠬᠦ᠌ ᠬᠠᠲᠠᠭᠤᠵᠢᠯᠲᠠᠢ ᠣᠨ ᠰᠠᠷ᠎ᠠ ᠵᠢ ᠦᠨᠡᠨᠴᠢ ᠬᠡᠵᠢᠶᠡᠳᠡ ᠮᠠᠷᠳᠠᠬᠤ ᠦᠭᠡᠢ᠃

ᠠᠭᠤᠯᠠ ᠭᠠᠴᠠᠭᠠᠨ᠎ᠤ ᠡᠷᠭᠢᠨ ᠲᠣᠭᠣᠷᠢᠨ᠎ᠤ ᠡᠯᠡᠰᠦᠷᠬᠡᠭ ᠭᠠᠵᠠᠷ ᠡᠭᠴᠡ ᠬᠥᠲᠥᠯ᠎ᠦᠨ ᠬᠥᠷᠥᠰᠥ ᠰᠢᠷᠣᠢ ᠰᠤᠯᠠ ᠪᠠᠢᠵᠤ᠂ ᠨᠦᠬᠡ ᠮᠠᠯᠲᠠᠵᠤ ᠮᠤᠳᠤ ᠵᠠᠢᠯᠠᠬᠤ᠎ᠳᠤ ᠲᠤᠩ ᠠᠮᠠᠷᠬᠠᠨ ᠶᠡᠬᠦᠷᠡᠵᠦ᠂ ᠴᠢᠬᠢ ᠮᠣᠳᠣ᠌ ᠨᠥᠬᠥᠵᠦ ᠵᠠᠢᠯᠠᠬᠤ᠎ᠳᠤ ᠬᠦᠨᠳᠦ ᠨᠣᠴᠢᠲᠠᠢ ᠥᠷᠢᠰᠦᠯᠳᠦᠭᠡᠨ ᠤᠴᠠᠷᠠᠭᠤᠯᠳᠠᠭ᠃ ᠰᠢᠨ᠎ᠡ ᠳᠠᠷᠢᠭ᠍ᠰᠠᠨ ᠴᠢᠬᠢ ᠮᠣᠳᠣ ᠡᠯᠡᠰᠦ ᠰᠠᠯᠬᠢ ᠵᠢ ᠲᠠᠭᠠᠭᠠᠬᠤ ᠦᠭᠡᠢ᠂ ᠬᠠᠮᠢᠶᠠᠷᠴᠤ ᠬᠠᠮᠠᠭᠠᠯᠠᠬᠤ ᠳ᠋ᠤ ᠶᠡᠭᠡ ᠬᠦᠴᠢᠷᠳᠡᠯ ᠲᠠᠢ᠃ ᠦᠨᠡᠨᠴᠢ ᠬᠠᠮᠲᠤ ᠠᠵᠢᠯᠯᠠᠭᠰᠠᠳ᠎ᠲᠠᠢ᠎ᠪᠠᠨ ᠬᠦᠷᠵᠡ ᠡᠷᠬᠢᠬᠦᠯᠦᠨ᠂ ᠨᠦᠬᠡ ᠮᠠᠯᠲᠠᠵᠤ᠂ ᠤᠰᠤᠨ᠎ᠤ ᠡᠬᠢ ᠰᠤᠷᠪᠤᠯᠵᠢ ᠪᠣᠯᠣᠨ ᠮᠣᠳᠣᠨ᠎ᠤ ᠨᠦᠬᠡ᠎ᠶᠢᠨ ᠬᠣᠭᠣᠷᠣᠨᠳᠤ ᠠᠬᠢᠨ ᠳᠠᠬᠢᠨ ᠨᠠᠭᠠᠰᠢ ᠴᠠᠭᠠᠰᠢ ᠰᠦᠯᠵᠢᠯᠳᠦᠵᠦ᠂ ᠨᠦᠰᠡᠷ ᠬᠦᠨᠳᠦ ᠠᠯᠬᠤᠭ᠎ᠠ ᠨᠢ ᠡᠯᠡᠰᠦᠨ ᠳᠡᠭᠡᠷ᠎ᠡ ᠭᠦᠨ ᠤᠷᠤ ᠮᠦᠷ ᠦᠯᠡᠳᠡᠭᠡᠵᠡᠢ᠃

ᠡᠳᠦᠭᠡ᠂ ᠠᠭᠤᠯᠠ ᠭᠠᠴᠠᠭᠠᠨ᠎ᠤ ᠡᠯᠡᠰᠦ ᠰᠢᠷᠤᠢ ᠡᠪᠡᠰᠦ᠎ᠮᠣᠳᠦ ᠪᠡᠷ ᠬᠤᠴᠢᠬᠳᠠᠵᠤ᠂ ᠠᠮᠢ ᠠᠬᠤᠢ ᠣᠷᠴᠢᠨ ᠲᠣᠭᠣᠷᠢᠨ ᠶᠡᠬᠡ᠎ᠪᠡᠷ ᠰᠠᠢᠵᠢᠷᠠᠵᠤ᠂ ᠲᠣᠰᠭᠣᠨ᠎ᠤ ᠠᠷᠠᠳ᠎ᠤᠨ ᠡᠯᠡᠰᠦᠨ ᠳ᠋ᠦ ᠲᠠᠷᠴᠢᠯᠠᠭᠠᠬᠳᠠᠵᠤ ᠪᠠᠢᠭᠰᠠᠨ ᠡᠳᠦᠷ ᠬᠣᠨᠣᠭ ᠪᠤᠴᠠᠰᠢ ᠦᠭᠡᠢ ᠥᠩᠭᠡᠷᠡᠨ ᠣᠳᠴᠠᠢ᠃ 《ᠦ᠊ ᠳᠠᠷᠤᠭ᠎ᠠ ᠎ᠳᠤ ᠲᠠᠯᠠᠷᠬᠠᠵᠤ ᠪᠠᠢᠨ᠎ᠠ᠂ ᠮᠠᠨ᠎ᠤ ᠲᠣᠰᠭᠣᠨ ᠮᠣᠳᠣ ᠵᠠᠢᠯᠠᠭ᠍ᠰᠠᠨ᠎ᠤ ᠳᠠᠷᠠᠭ᠎ᠠ ᠣᠷᠴᠢᠨ ᠲᠣᠭᠣᠷᠢᠨ ᠰᠠᠢᠵᠢᠷᠠᠵᠤ᠂ ᠨᠤᠳᠤᠭ ᠪᠡᠯᠴᠢᠭᠡᠷ ᠨᠣᠭᠣᠭᠠᠷᠠᠯ᠎ᠠ》 ᠭᠡᠵᠦ᠍ ᠠᠭᠤᠯᠠ ᠭᠠᠴᠠᠭᠠᠨ᠎ᠤ ᠠᠷᠠᠳ ᠲᠢᠶᠠᠨ ᠬ᠍ᠦ᠍ ᠪᠠᠶᠠᠷᠲᠠᠢ ᠬᠡᠯᠡᠨ᠎ᠡ᠃

ᠠᠭᠤᠯᠠ ᠣᠢ ᠱᠢᠭᠤᠶ᠎ᠶ᠋ᠢᠨ ᠲᠠᠯᠠᠪᠠᠢ᠎ᠳᠤ ᠪᠠᠢᠭᠠᠯᠢ᠎ᠶ᠋ᠢᠨ ᠣᠢ ᠮᠣᠳᠣᠨ᠎ᠤ ᠲᠥᠷᠥᠯ ᠵᠦᠶ᠋ᠯ ᠮᠠᠰᠢ ᠡᠯᠪᠡᠭ᠂ ᠦᠨᠡᠨᠴᠢ ᠬᠡᠰᠡᠭ ᠬᠤᠭᠤᠴᠠᠭ᠎ᠠ ᠦᠩᠭᠡᠷᠡᠬᠦ ᠪᠦᠷᠢ ᠱᠢᠨ᠎ᠡ ᠢᠯᠡᠷᠡᠭᠦᠯᠦᠯᠲᠡ᠎ᠲᠡᠶ ᠪᠠᠢᠳᠠᠭ᠃ ᠣᠯᠠᠨ ᠵᠢᠯ᠎ᠦᠨ ᠲᠤᠷᠰᠢ᠂ ᠲᠡᠭᠦᠨ᠎ᠦ ᠨᠤᠲᠠᠯᠠᠭ᠍ᠰᠠᠨ ᠪᠠᠢᠭᠠᠯᠢ᠎ᠶ᠋ᠢᠨ ᠮᠣᠳᠣᠨ᠎ᠤ ᠲᠥᠷᠥᠯ 27 ᠵᠦᠶ᠋ᠯ ᠪᠣᠯᠵᠠᠶ᠃ ᠠᠭᠤᠯᠠ ᠣᠶ ᠱᠢᠭᠤᠶ᠎ᠶ᠋ᠢᠨ ᠲᠠᠯᠠᠪᠠᠶ᠎ᠶ᠋ᠢᠨ ᠠᠮᠢ ᠠᠬᠤᠶ ᠣᠷᠴᠢᠨ ᠲᠣᠭᠣᠷᠢᠨ ᠠᠭᠠᠵᠢᠮ᠎ᠢᠶᠠᠷ ᠰᠠᠢᠵᠢᠷᠠᠭ᠍ᠰᠠᠨ᠎ᠠᠴᠠ ᠪᠣᠯᠵᠣ᠂ ᠡᠨᠳᠡ ᠢᠷᠡᠵᠦ᠍ ᠠᠮᠠᠷᠠᠬᠤ ᠱᠢᠪᠠᠭᠤᠳ᠎ᠤᠨ ᠲᠦᠷᠦᠯ ᠴᠤ᠌ ᠵᠢᠯ ᠳᠠᠷᠠᠭᠠᠯᠠᠨ ᠨᠡᠮᠡᠭ᠌ᠳᠡᠵᠦ᠍᠂ ᠴᠢᠨᠠᠭ᠍ᠰᠢᠯᠠᠨ ᠪᠠᠷ᠎ᠠ ᠲᠠᠰᠤᠷᠠᠭᠠᠳ ᠣᠯᠠᠨ ᠵᠢᠯ ᠪᠣᠯᠵᠣ ᠪᠠᠢᠭ᠎ᠠ ᠵᠡᠷᠯᠢᠭ ᠠᠮᠢᠲᠠᠨ ᠴᠤ᠌ ᠣᠶ ᠱᠢᠭᠤᠶ᠎ᠶ᠋ᠢᠨ ᠲᠠᠯᠠᠪᠠᠶ᠎ᠳᠤ ᠵᠠᠯᠭᠠᠭ᠎ᠠ᠎ᠪᠠᠷ ᠢᠯᠡᠷᠡᠭ᠌ᠰᠡᠨ ᠪᠠᠢᠨ᠎ᠠ᠃

ᠱᠢᠭᠤᠢᠲᠤ ᠣᠷᠣᠨ᠎ᠤ ᠲᠣᠭᠣᠷᠢᠨ ᠬᠠᠮᠠᠭᠠᠯᠠᠯᠲᠠ ᠳᠤᠮᠳᠠ ᠭᠠᠯ ᠰᠡᠷᠭᠡᠢᠯᠡᠬᠦ᠌ ᠠᠵᠢᠯ ᠪᠤᠯ ᠲᠤᠢᠯ᠎ᠤᠨ ᠴᠢᠬᠤᠯᠠ ᠶᠤᠮ᠃ ᠦᠨᠡᠨᠴᠢ ᠬᠠᠮᠲᠤ ᠠᠵᠢᠯᠯᠠᠭ᠍ᠰᠠᠳ᠎ᠲᠠᠶ᠎ᠪᠠᠨ ᠱᠢᠭᠤᠢᠲᠤ ᠣᠷᠣᠨ᠎ᠤ ᠵᠠᠮ᠎ᠤᠨ ᠬᠠᠵᠠᠭᠤᠳᠠᠬᠢ ᠱᠢᠲᠠᠮᠠᠬᠠᠶ ᠪᠣᠳᠠᠰ᠎ᠢ ᠴᠠᠭ ᠲᠤᠬᠠᠶ᠎ᠳᠤᠨᠢ ᠴᠡᠪᠡᠷᠯᠡᠵᠦ᠍᠂ ᠭᠠᠯ᠎ᠤᠨ ᠠᠶᠤᠯ᠎ᠤᠨ ᠬᠡᠮ ᠰᠣᠭᠣᠭ᠎ᠢ ᠠᠷᠢᠯᠭᠠᠳᠠᠬ᠃ ᠡᠭᠦᠨ᠎ᠦ ᠬᠠᠮᠲᠤ᠂ ᠲᠡᠷᠡ ᠪᠠᠰᠠ ᠭᠠᠯ ᠰᠡᠷᠭᠡᠢᠯᠡᠬᠦ᠌ ᠤᠬᠠᠭᠤᠯᠭ᠎ᠠ ᠬᠥᠮᠦᠵᠢᠯ᠎ᠢ ᠰᠠᠢᠲᠤᠷ ᠬᠢᠬᠦ᠌᠎ᠶ᠋ᠢ ᠪᠠᠷᠢᠮᠲᠠᠯᠠᠵᠤ᠂ ᠬᠠᠮᠢᠭ᠎ᠠ ᠣᠴᠢᠪᠠᠯ ᠲᠡᠨᠳᠡ ᠤᠬᠠᠭᠤᠯᠬᠤ ᠠᠵᠢᠯ ᠬᠢᠵᠦ᠍᠂ ᠤᠢ ᠱᠢᠭᠤᠢ᠎ᠶ᠋ᠢᠨ ᠲᠦᠷᠦ᠍᠎ᠶ᠋ᠢᠨ ᠪᠤᠳᠤᠯᠭ᠎ᠠ ᠬᠠᠤᠯᠢ ᠲᠣᠭ᠍ᠲᠠᠭᠠᠯ᠂ ᠭᠠᠯ ᠰᠡᠷᠭᠡᠢᠯᠡᠬᠦ᠌ ᠶᠡᠷᠦ᠍᠎ᠶ᠋ᠢᠨ ᠮᠡᠳᠡᠯᠭᠡ᠂ ᠠᠭᠤᠯᠠ᠎ᠶ᠋ᠢ ᠪᠢᠲᠡᠭᠦᠮᠵᠢᠯᠡᠨ ᠪᠡᠯᠴᠢᠭᠡᠷᠯᠡᠭᠦᠯᠬᠦ᠌᠎ᠶ᠋ᠢ ᠴᠠᠭᠠᠵᠠᠯᠠᠬᠤ ᠲᠦᠷᠦ᠍᠎ᠶ᠋ᠢᠨ ᠪᠤᠳᠤᠯᠭ᠎ᠠ ᠵᠡᠷᠭᠡ᠎ᠶ᠋ᠢ ᠴᠠᠭ ᠲᠤᠬᠠᠢ᠎ᠳᠤᠨᠢ ᠱᠢᠭᠤᠢᠲᠤ ᠣᠷᠣᠨ᠎ᠤ ᠤᠯᠠᠨ ᠲᠦᠮᠡᠨ᠎ᠳᠦ ᠤᠯᠠᠮᠵᠢᠯᠠᠳᠠᠬ᠃ ᠤᠳᠠᠭᠠᠨ ᠵᠢᠯ᠎ᠦᠨ ᠤᠬᠠᠭᠤᠯᠭ᠎ᠠ᠎ᠪᠠᠷ ᠳᠠᠮᠵᠢᠨ᠂ ᠲᠤᠬᠠᠶ᠎ᠶ᠋ᠢᠨ ᠭᠠᠵᠠᠷ᠎ᠤᠨ ᠣᠯᠠᠨ ᠲᠦᠮᠡᠨ᠎ᠦ ᠣᠢ ᠱᠢᠭᠤᠶ᠎ᠶ᠋ᠢ ᠬᠠᠮᠠᠭᠠᠯᠠᠵᠤ ᠭᠠᠯ᠎ᠢ ᠰᠡᠷᠭᠡᠢᠯᠡᠬᠦ᠌ ᠤᠬᠠᠮᠰᠠᠷ ᠢᠯᠡᠳᠲᠡ ᠳᠡᠭᠡᠭ᠌ᠰᠢᠯᠡᠪᠡ᠃

ᠡᠯᠡᠰᠦ ᠮᠠᠩᠬ᠎ᠠ᠎ᠶ᠋ᠢ ᠵᠠᠰᠠᠵᠤ ᠮᠣᠳᠣ ᠳᠠᠷᠢᠬᠤ ᠲᠤᠷᠱᠢᠯᠭ᠎ᠠ ᠪᠠᠶᠠᠯᠢᠭ ᠪᠣᠯᠬᠣᠷ ᠵᠢᠯ ᠪᠦᠷᠢ ᠦᠨᠡᠨᠴᠢ ᠬᠠᠮᠲᠤ ᠠᠵᠢᠯᠯᠠᠭ᠍ᠰᠠᠳ᠎ᠲᠠᠶ᠎ᠪᠠᠨ ᠬᠦᠷᠢᠶ᠎ᠡ ᠬᠣᠱᠢᠭᠤᠨ᠎ᠤ ᠪᠤᠰᠤᠳ ᠱᠢᠶᠠᠩ ᠪᠠᠯᠭᠠᠰᠤᠨ᠎ᠳᠤ ᠣᠴᠢᠵᠤ ᠣᠢᠵᠢᠭᠤᠯᠤᠯᠲᠠ᠎ᠶ᠋ᠢᠨ ᠠᠵᠢᠯ᠎ᠳᠤ ᠣᠷᠣᠯᠴᠠᠵᠤ᠂ ᠵᠢᠯ ᠪᠦᠷᠢ 4000 ᠮᠥ᠍ ᠮᠣᠳᠣ ᠵᠠᠢᠯᠠᠳᠠᠭ᠃ 37 ᠵᠢᠯ᠎ᠦᠨ ᠬᠤᠭᠤᠴᠠᠭᠠᠨ᠎ᠳᠤ᠂ ᠦᠨᠡᠨᠴᠢ ᠪᠣᠯᠤᠨ ᠤᠯᠠᠨ ᠤᠢ ᠱᠢᠭᠤᠢ᠎ᠶ᠋ᠢᠨ ᠲᠠᠯᠠᠪᠠᠢ᠎ᠶ᠋ᠢᠨ ᠠᠵᠢᠯᠴᠢᠳ ᠨᠡᠢ᠌ᠳᠡ 1000 ᠲᠦᠮᠡ ᠱᠢᠬᠠᠮ ᠴᠢᠬᠢ ᠮᠣᠳᠣ ᠲᠠᠷᠢᠪᠠ᠃

ᠡᠯᠡᠰᠦ ᠮᠠᠩᠬ᠎ᠠ ᠪᠡᠷ ᠬᠠᠨᠢ ᠨᠦᠬᠦᠷ ᠵᠢᠡᠨ ᠪᠤᠯᠭᠠᠵᠤ᠂ ᠣᠶ ᠱᠢᠭᠤᠶ᠎ᠪᠠᠷ ᠬᠡᠷ᠎ᠢᠶᠡᠨ ᠪᠣᠯᠭᠠᠵᠦ᠂ ᠦᠨᠡᠨᠴᠢ ᠪᠣᠳᠠᠲᠤ ᠠᠵᠢᠯᠯᠠᠭ᠎ᠠ᠎ᠪᠠᠷ᠎ᠢᠶᠠᠨ ᠬᠥᠬᠡᠮᠳᠦᠭ ᠨᠣᠭᠣᠭᠠᠨ ᠠᠭᠤᠯᠠ ᠤᠰᠤ᠎ᠶ᠋ᠢ ᠰᠠᠬᠢᠨ ᠬᠠᠮᠠᠭᠠᠯᠠᠬᠤ ᠵᠢ ᠦᠢᠯᠡᠳᠦᠯᠭᠡᠵᠢᠬᠦᠯᠵᠦ᠂ ᠱᠢᠭᠤᠢᠲᠤ ᠣᠷᠣᠨ ᠤ᠋ ᠭᠠᠵᠠᠷ ᠪᠣᠯᠭᠠᠨ᠎ᠳᠤ ᠤᠯᠠ ᠮᠥᠷ ᠵᠢᠡᠨ ᠦᠯᠡᠳᠡᠭᠡᠵᠡᠶ᠃

《37 ᠵᠢᠯ ᠤᠢ ᠱᠢᠭᠤᠢ᠎ᠶ᠋ᠢᠨ ᠠᠵᠢᠯ ᠬᠢᠵᠦ᠍᠂ ᠨᠤᠲᠤᠭ᠎ᠤᠨ᠎ᠢᠶᠠᠨ ᠠᠮᠢ ᠠᠬᠤᠢ ᠣᠷᠴᠢᠨ ᠲᠣᠭᠣᠷᠢᠨ᠎ᠤ ᠰᠠᠢᠵᠢᠷᠠᠯᠳᠠ ᠪᠣᠯᠤᠨ ᠠᠷᠠᠳ ᠤᠯᠠᠨ᠎ᠤ ᠦᠢᠯᠡᠳᠪᠦᠷᠢᠯᠡᠯ ᠠᠮᠢᠳᠤᠷᠠᠯ᠎ᠤᠨ ᠰᠠᠢᠵᠢᠷᠠᠯᠳᠠ ᠵᠢ ᠬᠠᠷᠠᠭᠠᠳ ᠡᠴᠢᠨᠡᠨ ᠵᠢᠯ᠎ᠦᠨ ᠪᠠᠷᠢᠮᠲᠠᠯᠠᠯ ᠪᠣᠯᠤᠨ ᠴᠢᠷᠮᠠᠢᠯᠭ᠎ᠠ ᠲᠠᠯᠠᠭᠠᠷᠳᠠᠭ᠍ᠰᠠᠨ ᠦᠭᠡᠢ ᠬᠡᠵᠦ ᠪᠤᠳᠤᠬᠤ ᠳ᠋ᠤ ᠰᠡᠳᠬᠢᠯ ᠬᠦᠭᠰᠡᠨ᠎ᠡ᠃ ᠬᠦᠷᠢᠶ᠎ᠡ ᠬᠣᠱᠢᠭᠤᠨ᠎ᠤ ᠠᠮᠢ ᠠᠬᠤᠶ ᠣᠷᠴᠢᠨ ᠲᠣᠭᠣᠷᠢᠨ᠎ᠢ ᠨᠠᠩ ᠰᠠᠢᠵᠢᠷᠠᠭᠤᠯᠬᠤ ᠵᠢᠨ ᠲᠦᠯᠦᠭᠡ ᠪᠢ ᠳᠤᠷᠠᠲᠠᠶ᠎ᠠ ᠨᠠᠩ ᠢᠯᠡᠬᠦᠦ ᠵᠢᠳᠬᠦᠯ ᠴᠢᠷᠮᠠᠢᠯᠭ᠎ᠠ ᠭᠠᠷᠭᠠᠨ᠎ᠠ》 ᠬᠡᠵᠦ ᠦᠨᠡᠨᠴᠢ ᠦᠷᠬᠦᠯᠵᠢᠯᠡᠨ ᠲᠡᠮᠡᠴᠡᠬᠦ ᠵᠤᠷᠢᠬ ᠵᠢᠡᠨ ᠢᠯᠡᠳᠭᠡᠨ᠎ᠡ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号