ᠡᠷᠳᠡᠨ᠎ᠤ ᠰᠢᠶᠠᠨᠪᠢ᠎ᠶᠢᠨ ᠭᠣᠯᠣᠮᠲᠠ ᠨᠣᠲᠣᠬ ᠲᠦ᠍ ᠠᠭᠣᠰᠣᠯᠴᠠᠯ ᠨᠢᠬᠲᠠᠷᠠᠯ᠎ᠤᠨ ᠢᠷᠠᠭᠣ ᠲᠣᠣᠯᠢᠰ᠎ᠢ ᠪᠢᠴᠢᠭᠯᠡᠨᠡᠮ
2025-06-07 10:16:56
ᠵᠣᠬᠢᠶᠠᠭ᠍ᠴᠢ᠄
ᠴᠠᠨ᠎ᠠ
ᠣᠩᠱᠢᠭ᠍ᠰᠠᠨ ᠣᠳᠠᠭ᠎ᠠ᠄
★★★☆☆

ᠲᠣᠪᠠ ᠱᠢᠶᠡᠨᠪᠢ ᠭᠤᠷᠪᠠ ᠤᠳᠠᠭ᠎ᠠ ᠡᠮᠦᠨᠡᠰᠢ ᠨᠡᠬᠦᠲᠡᠯᠯᠡᠵᠦ᠂ ᠤᠮᠠᠷᠠᠲᠤ ᠣᠷᠣᠨ᠎ᠢ ᠨᠢᠭᠡᠳᠭᠡᠨ ᠳᠤᠮᠳᠠᠳᠤ᠎ᠶ᠋ᠢᠨ ᠦᠨᠳᠦᠰᠦᠲᠡᠨ᠎ᠤ ᠠᠭᠣᠰᠣᠯᠴᠠᠯ ᠨᠢᠭᠡᠲᠦᠯ᠎ᠤᠨ ᠢᠷᠠᠭᠣ ᠲᠣᠣᠯᠢᠰ ᠎ᠢ ᠪᠢᠴᠢᠭᠯᠡᠭᠰᠡᠨ ᠪᠢᠯᠡ᠃

ᠬᠦᠨᠳᠡᠯᠢᠲᠦᠨ ᠰᠦᠨᠲᠡᠷᠯᠡᠭᠰᠡᠨ ᠶᠡᠬᠡ ᠬᠢᠩᠭᠠᠨ ᠳᠠᠪᠠᠭ᠎ᠠ ᠣᠷᠴᠣᠨ ᠦᠨᠳᠦᠰᠦᠲᠡᠨ᠎ᠦ ᠬᠥᠭ᠌ᠵᠢᠯᠲᠡ ᠲᠠᠪᠰᠢᠯᠲᠠ᠎ᠶᠢ ᠪᠠᠷᠠᠯᠠᠵᠦ᠂ ᠦᠨᠳᠦᠰᠦᠲᠡᠨ᠎ᠨᠦᠭᠦᠳ ᠬᠠᠮᠲᠤ ᠪᠠᠷ ᠣᠳᠣᠬᠢᠴᠢᠯᠠᠯᠲᠠ᠎ᠶ᠋ᠢᠨ ᠪᠦᠳᠦᠭᠡᠨ ᠪᠠᠢᠭᠤᠯᠤᠯᠲᠠ᠎ᠶ᠋ᠢᠨ ᠲᠠᠷᠲᠠᠩ ᠵᠠᠮ᠎ᠢᠶᠠᠷ ᠵᠠᠮᠨᠠᠭ᠍ᠰᠠᠨ ᠰᠦᠷ ᠳᠠᠯᠠᠢᠴᠠᠲᠠᠢ ᠲᠡᠦᠬᠡ᠎ᠶ᠋ᠢ ᠭᠡᠷᠡᠴᠢᠯᠡᠭᠰᠡᠭᠡᠷ᠃

ᠬᠥᠯᠥᠨ ᠪᠤᠢ᠌ᠷ ᠬᠤᠳᠠ᠎ᠶ᠋ᠢᠨ ᠣᠷᠴᠣᠨ᠎ᠤ ᠥᠪᠡᠷᠲᠡᠭᠡᠨ ᠵᠠᠰᠠᠬᠤ ᠬᠣᠱᠢᠭᠣ ᠭᠡᠬᠦ ᠡᠨᠡ᠎ᠬᠦ ᠦᠩ ᠰᠢᠮᠡᠯᠢᠭ ᠨᠣᠲᠣᠬ ᠲᠦ᠍ ᠥᠨᠢ ᠡᠷᠳᠡᠨ᠎ᠤ ᠦᠯᠢᠭᠡᠷ ᠲᠣᠮᠣᠬ ᠬᠦᠣᠷᠨᠢᠵᠦ᠂ ᠤᠯᠠᠮᠵᠢᠯᠠᠯ ᠰᠢᠨᠡᠴᠢᠯᠡᠯ᠎ᠤᠨ ᠡᠴᠢᠨ᠎ᠡ ᠭᠠᠢᠬᠠᠮᠰᠢᠬ᠎ᠢ ᠬᠠᠷᠠᠭᠣᠯᠵᠦ᠂ ᠦᠨᠳᠦᠰᠦᠲᠡᠨ᠎ᠨᠦᠭᠦᠳ ᠬᠠᠷᠢᠯᠴᠠᠨ ᠠᠭᠣᠰᠣᠯᠴᠠᠵᠦ ᠬᠠᠮᠲᠤᠷᠠᠨ ᠬᠦᠭᠵᠢᠭᠰᠡᠨ ᠰᠢᠨ᠎ᠡ ᠬᠠᠭᠤᠳᠠᠰᠤ᠎ᠶ᠋ᠢ ᠪᠢᠴᠢᠭ᠌ᠯᠡᠵᠦ᠍ ᠪᠠᠢᠨᠠᠮ᠃


ᠬᠢᠩᠭᠠᠨ ᠲᠠᠪᠠᠭ᠎ᠠ ᠡᠴᠡ ᠡᠬᠦᠰᠦᠨ ᠮᠠᠨᠲᠣᠵᠦ ᠦᠨᠳᠦᠰᠦᠲᠡᠨ᠎ᠤ ᠠᠭᠣᠰᠣᠯᠴᠠᠯ᠎ᠢ ᠠᠬᠢᠭᠣᠯᠪᠠ

ᠣᠨ ᠲᠣᠭᠠᠯᠠᠯ᠎ᠤᠨ 443 ᠣᠨ᠎ᠤ 7 ᠰᠠᠷ᠎ᠠ᠎ᠳᠤ᠂ ᠶᠡᠬᠡ ᠬᠢᠩᠭᠠᠨ ᠳᠠᠪᠠᠭ᠎ᠠ᠎ᠶ᠋ᠢᠨ ᠬᠣᠢᠲᠤ ᠬᠡᠰᠡᠭ᠎ᠦᠨ ᠪᠢᠲᠡᠭᠦᠦ ᠤᠢ᠎ᠶ᠋ᠢᠨ ᠬᠠᠰᠢᠶᠠᠨ ᠠᠭᠤᠶ᠎ᠳᠤ ᠦᠪᠡᠲᠡᠭᠰᠢ ᠶᠡᠬᠡ ᠲᠠᠬᠢᠯᠭ᠎ᠠ᠎ᠶᠢᠨ ᠶᠣᠰᠣᠯᠠᠯ ᠶᠠᠪᠤᠭ᠍ᠳᠠᠵᠤ ᠪᠠᠢᠯ᠎ᠠ᠃ ᠤᠮᠠᠷᠠᠲᠤ ᠸᠧᠶ ᠤᠯᠤᠰ᠎ᠤᠨ ᠲᠦᠪ ᠵᠠᠬᠢᠷᠭ᠎ᠠ᠎ᠶᠢᠨ ᠵᠢᠭᠦᠷ᠎ᠦᠨ ᠰᠠᠢᠳ ᠯᠢ ᠴᠠᠩ ᠵᠡᠷᠭᠡ ᠬᠦᠮᠦᠰ ᠬᠠᠭᠠᠨ᠎ᠤ ᠵᠠᠷᠯᠢᠭ᠎ᠢᠶᠠᠷ 4000 ᠭᠠᠷᠤᠶ ᠭᠠᠵᠠᠷ ᠠᠶᠠᠯᠠᠵᠦ᠂ ᠰᠢᠶᠠᠨᠪᠢ ᠦᠨᠳᠦᠰᠦᠲᠡᠨ᠎ᠤ ᠡᠬᠦᠰᠦᠯ ᠮᠠᠨᠲᠣᠯ᠎ᠤᠨ ᠭᠣᠯᠣᠮᠲᠠ ᠪᠣᠯᠬᠣ ᠬᠠᠰᠢᠶᠠᠨ ᠠᠭᠣᠢ ᠳ᠋ᠦ ᠢᠷᠡᠵᠦ᠂ ᠲᠠᠢᠯᠭ᠎ᠠ ᠲᠠᠬᠢᠯᠭ᠎ᠠ᠎ᠶ᠋ᠢᠨ ᠶᠣᠰᠣᠯᠠᠯ ᠶᠠᠪᠣᠬᠲᠠᠭᠣᠯᠬᠣ᠎ᠶᠢᠨ ᠲᠠᠭᠠᠣ ᠠᠭᠤᠶ᠎ᠶ᠋ᠢᠨ ᠠᠮᠠᠰᠠᠷ᠎ᠤᠨ ᠴᠢᠯᠠᠭᠤᠨ ᠳᠡᠭᠡᠷ᠎ᠡ ᠲᠠᠬᠢᠯᠭ᠎ᠠ᠎ᠶᠢᠨ ᠪᠢᠴᠢᠭ ᠰᠡᠢᠯᠦᠭ᠌ᠰᠡᠨ ᠪᠠᠢᠨ᠎ᠠ᠃

1980 ᠣᠨ᠎ᠤ 7 ᠰᠠᠷ᠎ᠠ᠎ᠳᠤ᠂ ᠬᠥᠯᠥᠨ ᠪᠤᠢ᠌ᠷ ᠠᠢᠮᠠᠭ᠎ᠤᠨ ᠲᠡᠦᠬᠡ᠎ᠶ᠋ᠢᠨ ᠳᠤᠷᠠᠰᠭᠠᠯᠲᠤ ᠵᠦᠢᠯᠡᠰ᠎ᠦᠨ ᠥᠷᠲᠡᠭᠡᠨ᠎ᠦ ᠳᠠᠷᠤᠭ᠎ᠠ ᠠᠬᠰᠠᠨ ᠮᠢ ᠸᠸᠨ ᠫᠢᠩ ᠴᠢᠯᠠᠭᠣᠨ ᠲᠡᠭᠡᠷ᠎ᠡ ᠰᠡᠢᠯᠦᠭᠰᠡᠨ ᠪᠢᠴᠢᠭᠡᠰᠦ᠎ᠶᠢ ᠢᠯᠡᠷᠡᠭᠦᠯᠵᠦ᠍᠂ 《ᠸᠧᠢ ᠤᠯᠤᠰ᠎ᠤᠨ ᠪᠢᠴᠢᠭ》 ᠲᠦ᠍ ᠲᠡᠮᠲᠡᠭᠯᠡᠭᠰᠡᠨ ᠱᠢᠶᠡᠨᠪᠢ ᠦᠨᠳᠦᠰᠦᠲᠡᠨ᠎ᠦ ᠡᠪᠦᠭᠡ ᠳᠡᠭᠡᠳᠦᠰ᠎ᠦᠨ ᠪᠠᠭᠤᠷᠢ᠎ᠶ᠋ᠢᠨ ᠴᠢᠯᠠᠭᠤᠨ ᠦᠷᠦᠭᠡ᠎ᠶ᠋ᠢᠨ ᠲᠤᠬᠠᠢ ᠲᠡᠮᠳᠡᠭ᠌ᠯᠡᠯ᠎ᠢ  ᠨᠣᠲᠠᠯᠠᠵᠦ᠂ ᠱᠢᠶᠡᠨᠪᠢ ᠦᠨᠳᠦᠰᠦᠲᠡᠨ᠎ᠦ ᠡᠭᠦᠰᠦᠯ ᠮᠠᠨᠲᠣᠯ᠎ᠤᠨ ᠣᠨᠢᠰᠣᠭ᠎ᠠ ᠨᠢᠭᠣᠴᠠ᠎ᠶᠢ ᠣᠯᠠᠨ ᠳ᠋ᠦ ᠮᠡᠳᠡᠷᠡᠬᠦᠯᠵᠡᠢ᠃

201 ᠦᠰᠦᠭ ᠲᠠᠢ ᠲᠠᠬᠢᠯᠭ᠎ᠠ᠎ᠶᠢᠨ ᠪᠢᠴᠢᠭ ᠰᠡᠢᠯᠦᠭᠰᠡᠨ ᠴᠢᠯᠠᠭᠤᠨ ᠬᠥᠱᠢᠢ᠎ᠡ ᠨᠢ ᠬᠠᠰᠢᠶᠠᠨ ᠠᠭᠤᠢ᠎ᠶ᠋ᠢᠨ ᠠᠮᠠᠰᠠᠷ᠎ᠲᠤ ᠰᠦᠨᠲᠡᠷᠯᠡᠭᠰᠡᠭᠡᠷ᠃ ᠲᠠᠢᠯᠪᠤᠷᠢᠯᠠᠭ᠍ᠴᠢ ᠲᠣᠪᠠ ᠱᠢᠶᠡᠨᠪᠢ᠎ᠶ᠋ᠢᠨ ᠡᠨᠳᠡ᠎ᠡᠴᠡ ᠡᠬᠦᠰᠦᠨ ᠮᠠᠨᠲᠣᠵᠦ ᠭᠤᠷᠪᠠ ᠤᠳᠠᠭ᠎ᠠ ᠡᠮᠦᠨᠡᠰᠢ ᠨᠡᠭᠦᠭ᠌ᠰᠡᠨ ᠰᠦᠷ ᠵᠢᠪᠬᠤᠯᠠᠩᠲᠤ ᠲᠡᠦᠬᠡ᠎ᠶ᠋ᠢ ᠡᠢᠨ᠎ᠬᠦ ᠬᠠᠭᠣᠴᠢᠯᠠᠬᠰᠠᠨ ᠪᠠᠢᠨ᠎ᠠ —

ᠣᠨ ᠲᠣᠭᠠᠯᠠᠯ᠎ᠤᠨ ᠨᠢᠭᠡᠳᠦᠭᠡᠷ ᠵᠠᠭᠤᠨ᠎ᠤ ᠰᠡᠭᠦᠯᠴᠢ᠎ᠪᠡᠷ᠂ ᠶᠡᠬᠡ ᠬᠢᠩᠭᠠᠨ ᠳᠠᠪᠠᠭ᠎ᠠ᠎ᠳᠤ ᠦᠶ᠎ᠡ ᠤᠯᠠᠷᠢᠨ ᠰᠠᠭᠤᠷᠢᠱᠢᠵᠤ ᠪᠠᠢᠭ᠍ᠰᠠᠨ ᠲᠣᠪᠠ ᠱᠢᠶᠡᠨᠪᠢ ᠨᠢ ᠲᠣᠪᠠ ᠲᠣᠢᠨ᠎ᠦ ᠲᠠᠭᠠᠭᠤᠯᠭ᠎ᠠ᠎ᠪᠠᠷ ᠠᠭᠣᠯᠠ ᠡᠴᠡ ᠪᠠᠨ ᠪᠠᠭᠣᠨ ᠡᠮᠦᠨᠡᠰᠢᠯᠡᠵᠦ ᠤᠰᠤ ᠪᠡᠯᠴᠢᠭᠡᠷ ᠦᠩ ᠰᠢᠮᠡᠯᠢᠭ ᠳ᠋ᠠ ᠽᠸ (ᠤᠳᠤ᠎ᠶ᠋ᠢᠨ ᠬᠥᠯᠥᠨ ᠨᠠᠭᠤᠷ) ᠣᠷᠴᠢᠮ ᠨᠣᠲᠣᠬᠯᠠᠬᠰᠠᠨ ᠪᠠᠢᠨ᠎ᠠ᠃

200 ᠭᠠᠷᠤᠶ ᠵᠢᠯ ᠥᠩᠭᠡᠷᠡᠭᠡᠭᠡᠳ᠂ ᠱᠢᠶᠠᠨ ᠳ᠋ᠢ ᠬᠠᠭᠠᠨ᠎ᠤ ᠲᠣᠪᠠ ᠯᠢᠨ᠎ᠤ ᠦᠶ᠎ᠡ᠎ᠳᠦ ᠬᠦᠷᠦᠭᠡᠳ ᠲᠣᠪᠠ ᠱᠢᠶᠡᠨᠪᠢ ᠲᠠᠬᠢᠨ ᠡᠮᠦᠨᠡᠰᠢᠯᠡᠵᠦ᠂ ᠣᠨ ᠲᠣᠭᠠᠯᠠᠯ᠎ᠤᠨ 258 ᠣᠨ᠎ᠳᠤ ᠱᠧᠩ ᠯᠸ (ᠣᠳᠣ᠎ᠶ᠋ᠢᠨ ᠬᠥᠬᠡᠬᠣᠲᠠ᠎ᠶ᠋ᠢᠨ ᠬᠣᠷᠢᠨᠭᠡᠷ ᠱᠢᠶᠠᠨ) ᠳ᠋ᠦ ᠨᠡᠢᠰᠯᠡᠵᠡᠶ᠃ ᠣᠨ ᠲᠣᠭᠠᠯᠠᠯ᠎ᠤᠨ 398 ᠣᠨ᠎ᠤ 6 ᠰᠠᠷ᠎ᠠ᠎ᠳᠤ ᠵᠢᠩᠬᠢᠨᠢ᠎ᠪᠡᠷ ᠤᠯᠤᠰ᠎ᠤᠨ ᠴᠣᠯᠠ᠎ᠪᠠᠨ 《ᠸᠧᠶ ᠤᠯᠤᠰ》 ᠭᠡᠵᠦ᠍ ᠲᠣᠭ᠍ᠲᠠᠭᠠᠵᠦ᠂ ᠲᠡᠦᠬᠡᠨ ᠲᠡᠭᠡᠷ᠎ᠡ ᠤᠮᠠᠷᠠᠲᠤ ᠸᠧᠶ ᠤᠯᠤᠰ ᠭᠡᠳᠡᠭ᠃

ᠣᠨ ᠲᠣᠭᠠᠯᠠᠯ᠎ᠤᠨ 398 ᠣᠨ᠎ᠳᠤ᠂ ᠲᠣᠪᠠ ᠬᠦᠢ ᠤᠯᠤᠰ᠎ᠤᠨ ᠨᠡᠢᠰᠯᠡᠯ᠎ᠶ᠋ᠢᠡᠨ ᠫᠢᠡᠭ᠌ᠴᠸᠡᠭ (ᠣᠳᠣ᠎ᠶ᠋ᠢᠨ ᠱᠠᠨ ᠰᠢ ᠮᠤᠵᠢ᠎ᠶ᠋ᠢᠨ ᠳ᠋ᠠᠲ᠋ᠦ᠋ᠩ ᠬᠣᠲᠠ)  ᠳ᠋ᠦ ᠨᠡᠭᠦᠯᠭᠡᠵᠦ᠍᠂ ᠤᠮᠠᠷᠠᠲᠤ ᠸᠧᠶ ᠤᠯᠤᠰ᠎ᠤᠨ ᠲᠡᠦᠬᠡᠨ ᠳᠡᠭᠡᠷᠡᠬᠢ 《ᠫᠢᠡᠭ᠌ᠴᠸᠡᠭ᠎ᠤᠨ ᠴᠠᠭ ᠦᠶ᠎ᠡ》᠎ᠡᠬᠢᠯᠡᠵᠡᠢ᠃ ᠡᠨᠲᠡ ᠲᠣᠪᠠ ᠬᠦᠢ ᠤᠯᠤᠰ᠎ᠤᠨ ᠲᠣᠭ᠍ᠲᠠᠴᠠ᠎ᠶ᠋ᠢ ᠪᠠᠢᠭᠤᠯᠤᠨ᠂ ᠬᠣᠲᠠ ᠪᠠᠯᠭᠠᠰᠤ ᠪᠠᠢᠭᠤᠯᠵᠤ᠂ ᠠᠷᠠᠯᠵᠢᠶ᠎ᠠ ᠬᠤᠳᠠᠯᠳᠤᠭ᠎ᠠ᠎ᠶ᠋ᠢ ᠨᠡᠪᠲᠡᠷᠡᠭᠦᠯᠵᠦ᠍᠂ ᠦᠢᠯᠡᠳᠪᠦᠷᠢᠯᠡᠯ᠎ᠢ ᠬᠥᠭ᠌ᠵᠢᠭᠦᠯᠵᠡᠶ᠃ ᠲᠠᠪᠤᠳᠤᠭᠠᠷ ᠵᠠᠭᠤᠨ᠎ᠤ ᠳᠤᠮᠳᠠᠴᠢ ᠦᠶ᠎ᠡ ᠪᠣᠯᠬᠤ᠎ᠳᠤ᠂ ᠲᠣᠪᠠ ᠲᠤᠤ ᠤᠮᠠᠷᠠᠲᠤ ᠣᠷᠣᠨ᠎ᠢ ᠨᠢᠭᠡᠳᠭᠡᠵᠦ᠍᠂ 16 ᠤᠯᠤᠰ᠎ᠤᠨ ᠬᠡᠰᠡᠭ᠌ᠯᠡᠨ ᠡᠵᠡᠯᠡᠭ᠌ᠰᠡᠨ ᠪᠠᠢᠳᠠᠯ᠎ᠢ ᠡᠴᠦᠰᠯᠡᠭᠦᠯᠵᠡᠶ᠃

ᠣᠨ ᠲᠣᠭᠠᠯᠠᠯ᠎ᠤᠨ 494 ᠣᠨ᠎ᠳᠤ᠂ ᠱᠢᠶᠤᠤ ᠸᠸᠨ ᠳ᠋ᠢ ᠬᠠᠭᠠᠨ ᠲᠣᠪᠠ ᠬᠣᠩ ᠨᠡᠢᠰᠯᠡᠯ᠎ᠢᠶᠡᠨ ᠫᠢᠡᠭ᠌ᠴᠸᠡᠭ᠎ᠡᠴᠡ ᠯᠦᠸᠸᠶᠠᠡᠭ ᠳ᠋ᠦ ᠰᠢᠯᠵᠢᠬᠦᠯᠵᠦ᠂ ᠶᠣᠰᠣᠯᠠᠯ ᠳᠦᠷᠢᠮ᠎ᠢ ᠲᠣᠬᠲᠠᠭᠠᠵᠦ᠂ ᠬᠢᠲᠠᠳ ᠣᠪᠣᠭ ᠬᠡᠷᠡᠭᠯᠡᠨ᠂ ᠬᠢᠲᠠᠳ ᠬᠤᠪᠴᠠᠰᠤ ᠡᠮᠦᠰᠭᠦ ᠵᠡᠷᠭᠡ ᠠᠯᠢ ᠣᠯᠠᠨ ᠠᠷᠭ᠎ᠠ ᠬᠡᠮᠵᠢᠶ᠎ᠡ ᠠᠪᠴᠤ᠌᠂ ᠳᠤᠮᠳᠠᠳᠤ ᠤᠯᠤᠰ᠎ᠤᠨ ᠲᠡᠦᠬᠡᠨ ᠳᠡᠭᠡᠷᠡᠬᠢ ᠤᠮᠠᠷᠠᠲᠤ᠎ᠶ᠋ᠢᠨ ᠦᠨᠳᠦᠰᠦᠲᠡᠨ᠎ᠦ ᠶᠡᠬᠡ ᠨᠡᠢᠯᠡᠯ᠎ᠢ ᠠᠬᠢᠭᠤᠯᠤᠭ᠍ᠰᠠᠨ ᠪᠠᠢᠨ᠎ᠠ ᠃

ᠳᠤᠮᠳᠠᠳᠤ ᠤᠯᠤᠰ᠎ᠤᠨ ᠴᠥᠭᠡᠨ ᠲᠣᠭᠠᠲᠤ ᠦᠨᠳᠦᠰᠦᠲᠡᠨ᠎ᠦ ᠲᠡᠸ᠋ᠬᠡ᠎ᠶ᠋ᠢᠨ ᠳᠤᠷᠠᠰᠭᠠᠯᠲᠤ ᠵᠦᠶ᠋ᠯᠡᠰ᠎ᠢ ᠬᠠᠮᠠᠭᠠᠯᠠᠬᠣ ᠨᠡᠢᠭᠡᠮᠯᠢᠭ᠎ᠦᠨ ᠳᠡᠳ᠋ ᠬᠡᠷᠡᠭ ᠡᠷᠬᠢᠯᠡᠭ᠌ᠴᠢᠳ᠎ᠦᠨ ᠳᠠᠷᠤᠭ᠎ᠠ ᠂ ᠬᠥᠯᠥᠨ ᠪᠣᠢᠷ ᠮᠦᠽᠧᠶ᠎ᠶ᠋ᠢᠨ ᠡᠷᠳᠡᠮ ᠱᠢᠨᠵᠢᠯᠡᠭᠡᠨ᠎ᠦ ᠵᠥᠪᠯᠡᠯ᠎ᠦᠨ ᠡᠷᠬᠢᠯᠡᠭ᠌ᠴᠢ ᠪᠠᠶ᠎ᠶ᠋ᠢᠨ ᠰᠥᠩ᠎ᠤᠨ ᠲᠠᠨᠢᠯᠴᠠᠭᠤᠯᠬᠤ ᠪᠡᠷ᠂ ᠲᠣᠪᠠ ᠱᠢᠶᠡᠨᠪᠢ ᠬᠠᠰᠢᠶᠠᠨ ᠠᠭᠤᠶ᠎ᠠᠴᠠ ᠭᠠᠷᠴᠤ᠌᠂ ᠬᠡᠳᠦᠨ ᠵᠠᠭᠤᠨ ᠵᠢᠯ᠎ᠦᠨ ᠬᠤᠭᠤᠴᠠᠭᠠᠨ᠎ᠳᠤ ᠭᠤᠷᠪᠠ ᠤᠳᠠᠭ᠎ᠠ ᠡᠮᠦᠨᠡᠰᠢ ᠨᠡᠭᠦᠵᠦ᠍᠂ ᠬᠠᠮᠤᠭ ᠡᠴᠦᠰ ᠲᠡᠭᠡᠨ ᠵᠦᠩᠶᠦᠸᠠᠨ ᠣᠷᠣᠨ᠎ᠤ ᠯᠦᠸᠸᠶᠠᠡᠭ ᠳ᠋ᠦ ᠨᠡᠢᠰᠯᠡᠵᠦ᠍᠂ ᠬᠣᠵᠢᠮ᠎ᠤᠨ ᠦᠶ᠎ᠡ᠎ᠶᠢᠨ ᠰᠦᠶ ᠤᠯᠤᠰ ᠲᠠᠩ ᠤᠯᠤᠰ᠎ᠤᠨ ᠬᠥᠭ᠌ᠵᠢᠯ ᠪᠠᠳᠠᠷᠠᠯ᠎ᠳᠤ ᠨᠡᠢᠭᠡᠮ ᠪᠠ ᠪᠠᠢᠭᠤᠯᠤᠯ᠎ᠤᠨ ᠰᠠᠭᠤᠷᠢ᠎ᠶ᠋ᠢ ᠲᠠᠯᠪᠢᠭ᠍ᠰᠠᠨ ᠪᠠᠢᠨ᠎ᠠ᠃


ᠤᠢ᠎ᠶᠢᠨ ᠡᠵᠡᠳ᠎ᠤᠨ ᠮᠢᠩᠭᠠᠨ ᠣᠨ᠎ᠤ ᠦᠰᠦᠷᠦᠯᠲᠡ

ᠠᠯᠳᠠᠷᠲᠤ ᠲᠡᠦᠬᠡ᠎ᠶ᠋ᠢᠨ ᠤᠬᠠᠭᠠᠨᠲᠠᠨ ᠵᠢᠶᠠᠨ ᠪᠥᠸᠧ ᠽᠠᠨ 《ᠥᠪᠥᠷ ᠮᠣᠩᠭᠣᠯ ᠳ᠋ᠦ ᠡᠷᠲᠡᠨ᠎ᠦ ᠬᠢ᠎ᠶ᠋ᠢ ᠰᠤᠷᠪᠤᠯᠵᠢᠯᠠᠭ᠍ᠰᠠᠨ ᠨᠢ》 ᠭᠡᠬᠦ᠌ ᠵᠣᠬᠢᠶᠠᠯ᠎ᠳᠠᠭᠠᠨ 《ᠬᠡᠷᠪᠡ ᠬᠥᠯᠥᠨ ᠪᠣᠢᠷ᠎ᠤᠨ ᠲᠠᠯ᠎ᠠ ᠨᠤᠲᠤᠭ ᠎ᠢ᠋ ᠳᠤᠮᠳᠠᠳᠤ ᠤᠯᠤᠰ᠎ᠤᠨ ᠲᠡᠦᠬᠡᠨ ᠲᠡᠭᠡᠷᠡᠬᠢ ᠨᠠᠷᠬᠢᠶᠠᠨᠲᠣ ᠵᠠᠬ᠎ᠠ ᠭᠡᠵᠦ ᠦᠵᠡᠪᠡᠯ᠂ ᠶᠡᠬᠡ ᠬᠢᠩᠭᠠᠨ ᠳᠠᠪᠠᠭ᠎ᠠ ᠪᠣᠯ ᠨᠠᠮ ᠰᠡᠯᠡᠭᠦᠨ ᠬᠦᠷᠢᠶᠡᠯᠡᠩ ᠪᠣᠯᠬᠤ ᠶᠤᠮ᠃ ᠳᠠᠪᠬᠤᠷ ᠳᠠᠪᠬᠤᠷ ᠠᠭᠤᠯᠠ ᠳᠠᠪᠠᠭ᠎ᠠ ᠪᠠ ᠮᠥᠩᠬᠡ ᠨᠣᠭᠣᠭᠠᠨ ᠪᠠᠯᠠᠷ ᠣᠶ ᠨᠢ ᠪᠠᠢᠭᠠᠯᠢ᠎ᠶ᠋ᠢᠨ ᠬᠠᠯᠬᠠᠪᠴᠢ ᠪᠣᠯᠵᠣ᠂ ᠡᠨᠳᠡ ᠣᠷᠣᠱᠢᠨ ᠠᠮᠢᠲᠣᠷᠠᠬᠣ ᠠᠷᠠᠳ ᠲᠦᠮᠡᠨ᠎ᠢ ᠶᠢᠷᠲᠢᠨᠴᠦ᠍᠎ᠡᠴᠡ ᠲᠤᠰᠠᠭᠠᠷᠯᠠᠭᠤᠯᠤᠨ᠂ ᠪᠣᠭᠣᠷᠣᠯ ᠲᠡᠸ᠋ᠬᠡ᠎ᠶ᠋ᠢᠨ ᠠᠶᠠᠨ᠎ᠳᠦ ᠲᠡᠳᠡᠨ᠎ᠦ ᠤᠯᠠᠮᠵᠢᠯᠠᠯᠲᠤ ᠠᠮᠢᠳᠤᠷᠠᠯ᠎ᠤᠨ ᠠᠷᠭ᠎ᠠ ᠮᠠᠶᠢᠭ᠎ᠢ ᠬᠠᠳᠠᠭᠠᠯᠠᠭ᠍ᠰᠠᠭᠠᠷ ᠢᠷᠡᠭ᠌ᠰᠡᠨ ᠶᠤᠮ 》 ᠭᠡᠵᠡᠶ ᠃

ᠣᠷᠴᠣᠨ ᠦᠨᠳᠦᠰᠦᠲᠡᠨ ᠪᠣᠯ ᠦᠶ᠎ᠡ ᠣᠯᠠᠷᠢᠨ ᠡᠨᠡ ᠬᠦ᠌ 《ᠨᠠᠮ ᠰᠡᠯᠡᠭᠦᠨ ᠬᠦᠷᠢᠶᠡᠯᠡᠩ》 ᠎ᠳ᠋ᠤ ᠠᠮᠢᠳᠤᠷᠠᠵᠤ ᠪᠠᠢᠭ᠍ᠰᠠᠨ ᠦᠨᠳᠦᠰᠦᠲᠡᠨ ᠶᠤᠮ᠃ ᠬᠥᠯᠥᠨ ᠪᠤᠢ᠌ᠷ ᠬᠤᠳᠠ᠎ᠶ᠋ᠢᠨ ᠠᠩᠬᠠᠳᠠᠭ᠍ᠴᠢ ᠮᠦᠽᠧᠢ ᠪᠣᠯᠬᠣ — ᠣᠷᠴᠣᠨ ᠦᠨᠳᠦᠰᠦᠲᠡᠨ᠎ᠦ ᠮᠦᠽᠧᠢ᠎ᠳᠤ ᠠᠯᠬᠣᠨ ᠣᠷᠣᠪᠠᠯ ᠶᠠᠬ ᠣᠷᠴᠣᠨ ᠦᠨᠳᠦᠰᠦᠲᠡᠨ᠎ᠦ ᠦᠩᠭᠡᠷᠡᠭᠰᠡᠨ ᠲᠡᠦᠬᠡᠨ᠎ᠳᠦ ᠨᠡᠪᠲᠡᠷᠡᠬᠦ᠌ ᠬᠠᠭᠠᠯᠭ᠎ᠠ᠎ᠶ᠋ᠢ ᠨᠡᠭᠡᠭᠡᠭ᠌ᠰᠡᠨ ᠮᠡᠲᠦ᠃

ᠣᠷᠴᠣᠨ ᠦᠨᠳᠦᠰᠦᠲᠡᠨ ᠬᠠᠮᠤᠭ ᠡᠷᠲᠡ ᠶᠣᠸᠠᠨ ᠤᠯᠤᠰ᠎ᠤᠨ ᠦᠶ᠎ᠡ᠎ᠶᠢᠨ ᠲᠡᠦᠬᠡᠨ ᠲᠡᠮᠲᠡᠭᠯᠡᠯ᠎ᠳᠦ ᠢᠯᠡᠷᠡᠵᠡᠢ᠃ 《ᠮᠣᠩᠭᠣᠯ᠎ᠤᠨ ᠨᠢᠭᠤᠴᠠ ᠲᠣᠪᠴᠢᠶᠠᠨ》 ᠪᠠ 《 ᠬᠠᠷᠠᠮᠥ᠋ᠷᠡᠨ᠎ᠦ ᠣᠢᠯᠠᠯᠭ᠎ᠠ ᠎ᠶ᠋ᠢᠨ ᠡᠬᠡ ᠪᠢᠴᠢᠭ 》 ᠎ᠲᠦ᠍ ᠪᠦᠷ 《ᠣᠶ᠎ᠶᠢᠨ ᠢᠷᠭᠡᠳ》 ᠭᠡᠳᠡᠭ ᠲᠡᠮᠳᠡᠭ᠌ᠯᠡᠯ ᠪᠣᠢ᠃ 《ᠣᠶ᠎ᠶᠢᠨ ᠢᠷᠭᠡᠳ》 ᠭᠡᠳᠡᠭ ᠨᠢ ᠣᠶ ᠱᠢᠭᠤᠶ᠎ᠳᠤ ᠣᠷᠣᠱᠢᠨ ᠠᠮᠢᠲᠣᠷᠠᠬᠣ ᠣᠯᠠᠨ ᠦᠨᠳᠦᠰᠦᠲᠡᠨ ᠎ᠢ ᠶᠡᠷᠦᠩᠬᠡᠢᠯᠡᠨ ᠵᠢᠭᠠᠬᠣ ᠪᠦᠭᠡᠳ ᠡᠬᠦᠨ ᠳ᠋ᠦ ᠣᠷᠴᠣᠨ ᠦᠨᠳᠦᠰᠦᠲᠡᠨ ᠴᠦ᠍ ᠪᠠᠭ᠍ᠲᠠᠬᠣ ᠶᠣᠮ᠃

ᠴᠢᠩ ᠤᠯᠤᠰ᠎ᠤᠨ ᠡᠬᠢᠨ᠎ᠦ ᠦᠶ᠎ᠡ ᠬᠦᠷᠦᠭᠡᠳ ᠦᠰᠦᠭ ᠪᠢᠴᠢᠭ᠎ᠢᠶᠡᠷ ᠲᠡᠮᠳᠡᠭ᠌ᠯᠡᠭ᠌ᠰᠡᠨ ᠣᠷᠴᠣᠨ ᠦᠨᠳᠦᠰᠦᠲᠡᠨ᠎ᠦ ᠲᠡᠦᠬᠡ ᠪᠣᠢ ᠪᠣᠯᠵᠠᠶ᠃ ᠡᠩᠬᠡ ᠠᠮᠤᠭᠤᠯᠠᠩ᠎ᠤᠨ ᠬᠣᠷᠢᠨ ᠬᠣᠶᠠᠳᠤᠭᠠᠷ ᠣᠨ (1683 ᠣᠨ)᠎ᠡᠴᠡ ᠡᠬᠢᠯᠡᠵᠦ᠍᠂ ᠣᠷᠴᠣᠨ ᠦᠨᠳᠦᠰᠦᠲᠡᠨ᠎ᠢ ᠵᠠᠯᠭᠠᠭ᠎ᠠ᠎ᠪᠠᠷ ᠮᠠᠨᠵᠤ᠎ᠶ᠋ᠢᠨ ᠬᠣᠱᠢᠭᠤ ᠵᠤᠷᠭᠠᠨ᠎ᠤ ᠵᠣᠬᠢᠶᠠᠨ ᠪᠠᠢᠭᠤᠯᠤᠯᠲᠠ᠎ᠳᠤ ᠣᠷᠣᠭᠤᠯᠤᠭ᠍ᠰᠠᠨ ᠪᠠᠢᠨ᠎ᠠ᠃ ᠡᠷᠡᠯᠬᠡᠭ ᠪᠠᠭᠠᠲᠤᠷᠯᠢᠭ᠎ᠢᠶᠠᠷ ᠠᠯᠳᠠᠷᠱᠢᠭ᠍ᠰᠠᠨ ᠣᠷᠴᠣᠨᠴᠤᠳ ᠡᠬᠡ ᠤᠯᠤᠰ᠎ᠤᠨ ᠨᠢᠭᠡᠳᠦᠯ ᠪᠠ ᠬᠢᠯᠢ ᠬᠢᠵᠠᠭᠠᠷ᠎ᠤᠨ ᠪᠡᠬᠢᠵᠢᠯᠲᠡ᠎ᠳᠦ ᠪᠠᠯᠠᠷᠠᠰᠢ ᠦᠭᠡᠶ ᠭᠠᠪᠢᠶ᠎ᠠ ᠵᠢᠳᠬᠦᠯ ᠦᠵᠡᠭᠦᠯᠦᠭ᠌ᠰᠡᠨ ᠪᠠᠢᠨ᠎ᠠ ᠃

ᠣᠷᠴᠣᠨ ᠦᠨᠳᠦᠰᠦᠲᠡᠨ᠎ᠦ ᠨᠡᠢᠭᠡᠮ᠎ᠦᠨ ᠬᠥᠭ᠌ᠵᠢᠯᠲᠡ ᠨᠢ ᠪᠠᠯᠠᠷ ᠡᠷᠲᠡᠨ᠎ᠦ ᠤᠪᠤᠬ ᠲᠦᠷᠦᠯ᠎ᠦᠨ ᠨᠡᠢᠭᠡᠮ᠎ᠦᠨ ᠤᠷᠳᠤ ᠤᠳᠠᠭᠠᠨ ᠱᠠᠳᠤ ᠦᠶ᠎ᠡ᠎ᠶ᠋ᠢ ᠲᠣᠭᠣᠯᠵᠠᠢ᠃ ᠰᠢᠨ᠎ᠡ ᠳᠤᠮᠳᠠᠳᠤ ᠤᠯᠤᠰ ᠪᠠᠢᠭᠤᠯᠤᠭ᠍ᠳᠠᠬᠤ᠎ᠠᠴᠠ ᠡᠮᠦᠨᠡᠬᠡᠨ᠂ ᠣᠷᠴᠣᠨ ᠦᠨᠳᠦᠰᠦᠲᠡᠨ ᠮᠥᠨ ᠯᠡ ᠪᠠᠯᠠᠷ ᠡᠷᠲᠡᠨ᠎ᠦ ᠨᠡᠢᠭᠡᠮ᠎ᠦᠨ ᠰᠡᠭᠦᠯᠴᠢ᠎ᠶ᠋ᠢᠨ ᠦᠶ᠎ᠡ᠎ᠶ᠋ᠢᠨ ᠭᠡᠷ ᠪᠦᠯᠢ᠎ᠶ᠋ᠢᠨ ᠬᠦᠢ ᠨᠢᠭᠡᠳᠦᠯ᠎ᠦᠨ ᠱᠠᠲᠤᠨ᠎ᠳᠤ ᠪᠠᠢᠵᠤ᠂ ᠭᠣᠣᠯᠳᠠᠭᠤ ᠠᠩ ᠠᠩᠨᠠᠯ᠎ᠤᠨ ᠠᠵᠢᠯᠯᠠᠭ᠎ᠠ ᠬᠢᠵᠦ᠍᠂ ᠵᠢᠭᠠᠰᠤ ᠠᠩᠨᠠᠬᠤ᠂ ᠲᠡᠭᠦᠵᠦ᠍ ᠴᠤᠭ᠍ᠯᠠᠭᠤᠯᠬᠤ ᠪᠠ ᠭᠠᠷ ᠦᠢᠯᠡᠳᠪᠦᠷᠢ᠎ᠪᠡᠷ ᠬᠠᠪᠰᠤᠷᠤᠮᠵᠢ ᠪᠣᠯᠭᠠᠵᠤ ᠪᠠᠢᠪᠠ᠃

1951 ᠣᠨ᠎ᠤ 10 ᠰᠠᠷ᠎ᠠ᠎ᠳᠤ᠂ ᠮᠠᠨ᠎ᠤ ᠤᠯᠤᠰ᠎ᠤᠨ ᠴᠥᠭᠡᠨ ᠲᠣᠭᠠᠲᠤ ᠦᠨᠳᠦᠰᠦᠲᠡᠨ᠎ᠦ ᠠᠩᠬᠠᠲᠠᠬᠴᠢ ᠥᠪᠡᠷᠲᠡᠭᠡᠨ ᠵᠠᠰᠠᠬᠤ ᠬᠣᠱᠢᠭᠤ — ᠣᠷᠴᠣᠨ᠎ᠤ ᠥᠪᠡᠷᠲᠡᠭᠡᠨ ᠵᠠᠰᠠᠬᠤ ᠬᠣᠱᠢᠭᠤ ᠪᠠᠢᠭᠤᠯᠤᠭ᠍ᠳᠠᠵᠦ᠂ ᠣᠷᠴᠣᠨ ᠦᠨᠳᠦᠰᠦᠲᠡᠨ᠎ᠦ ᠬᠥᠭ᠌ᠵᠢᠯᠲᠡ᠎ᠶ᠋ᠢᠨ ᠲᠡᠦᠬᠡᠨ᠎ᠳᠡᠬᠢ ᠠᠩᠬᠠᠨ᠎ᠤ ᠦᠰᠦᠷᠦᠯᠲᠡ᠎ᠶ᠋ᠢ ᠪᠡᠶᠡᠯᠡᠭᠦᠯᠵᠡᠢ᠃

1958 ᠣᠨ᠎ᠳᠤ᠂ ᠤᠯᠤᠰ᠎ᠠᠴᠠ ᠪᠡᠯᠡ ᠣᠷᠣᠭᠤᠯᠤᠨ ᠣᠷᠴᠣᠨ᠎ᠤ ᠠᠩᠴᠢᠳ᠎ᠲᠤ ᠭᠡᠷ ᠪᠠᠢᠱᠢᠩ ᠪᠠᠷᠢᠵᠤ᠂ ᠠᠩ ᠠᠩᠨᠠᠯ᠎ᠠᠴᠠ᠎ᠪᠠᠨ ᠰᠠᠭᠤᠷᠢᠱᠢᠯ ᠳ᠋ᠦ ᠰᠢᠯᠵᠢᠵᠦ᠂ ᠣᠷᠴᠣᠨ ᠦᠨᠳᠦᠰᠦᠲᠡᠨ᠎ᠦ ᠬᠥᠭ᠌ᠵᠢᠯᠲᠡ᠎ᠶ᠋ᠢᠨ ᠲᠡᠦᠬᠡᠨ᠎ᠳᠡᠬᠢ ᠬᠣᠶᠠᠳᠠᠬᠢ ᠦᠰᠦᠷᠦᠯᠲᠡ᠎ᠶ᠋ᠢ ᠪᠡᠶᠡᠯᠡᠭᠦᠯᠪᠡ᠃

1996 ᠣᠨ᠎ᠤ ᠡᠬᠢ᠎ᠪᠡᠷ᠂ ᠣᠷᠴᠣᠨ᠎ᠤ ᠥᠪᠡᠷᠲᠡᠭᠡᠨ ᠵᠠᠰᠠᠬᠤ ᠬᠣᠱᠢᠭᠤ ᠠᠩᠨᠠᠬᠤ᠎ᠶ᠋ᠢ ᠴᠠᠭᠠᠵᠠᠯᠠᠬᠤ᠎ᠶ᠋ᠢ ᠪᠦᠬᠦ᠌ ᠲᠠᠯ᠎ᠠ᠎ᠪᠠᠷ ᠬᠡᠷᠡᠭ᠌ᠵᠢᠭᠦᠯᠵᠦ᠍᠂ ᠤᠳᠤ ᠦᠶ᠎ᠡ᠎ᠶ᠋ᠢᠨ ᠲᠠᠷᠢᠶᠠᠯᠠᠩ᠂ ᠠᠵᠤ ᠦᠢᠯᠡᠳᠪᠦᠷᠢ᠂ ᠵᠢᠭᠤᠯᠴᠢᠯᠠᠯ᠎ᠤᠨ ᠦᠢᠯᠡᠰ᠎ᠢ ᠬᠥᠭ᠌ᠵᠢᠭᠦᠯᠬᠦ᠌ ᠵᠠᠮ᠎ᠢᠶᠠᠷ ᠵᠠᠮᠨᠠᠵᠤ᠂ ᠣᠷᠴᠣᠨ ᠦᠨᠳᠦᠰᠦᠲᠡᠨ᠎ᠦ ᠬᠥᠭ᠌ᠵᠢᠯᠲᠡ᠎ᠶ᠋ᠢᠨ ᠲᠡᠦᠬᠡᠨ᠎ᠳᠡᠬᠢ ᠭᠤᠷᠪᠠᠳᠠᠬᠢ ᠦᠰᠦᠷᠦᠯᠲᠡ᠎ᠶ᠋ᠢ ᠪᠡᠶᠡᠯᠡᠭᠦᠯᠪᠡ᠃

ᠣᠷᠴᠣᠨ ᠦᠨᠳᠦᠰᠦᠲᠡᠨ 50 ᠵᠢᠯ᠎ᠤᠨ ᠬᠣᠭᠣᠷᠣᠨᠲᠣ ᠦᠭᠡᠷ᠎ᠡ ᠪᠤᠰᠤᠳ ᠦᠨᠳᠦᠰᠦᠲᠡᠨ᠎ᠤ ᠮᠢᠩᠭᠠᠨ ᠵᠢᠯ ᠵᠠᠮᠨᠠᠬᠰᠠᠨ ᠣᠷᠲᠣ ᠠᠶᠠᠨ᠎ᠢ ᠲᠣᠭᠣᠯᠪᠠ᠃ ᠠᠩ ᠠᠩᠨᠠᠯ᠎ᠠᠴᠠ ᠲᠠᠷᠢᠶᠠᠯᠠᠩ ᠬᠦᠷᠲᠡᠯ᠎ᠡ ᠲᠡᠳᠡ ᠡᠨᠡ ᠬᠡᠰᠡᠭ ᠬᠠᠯᠠᠭᠣᠨ ᠬᠦᠷᠦᠰᠦ᠎ᠶᠢ ᠲᠠᠬᠢᠨ ᠲᠠᠨᠢᠬᠰᠠᠨ ᠪᠠᠢᠨ᠎ᠠ ᠃

ᠬᠡᠳᠦᠨ ᠠᠷᠪᠠᠨ ᠵᠢᠯ᠎ᠦᠨ ᠬᠥᠭ᠌ᠵᠢᠯᠲᠡ᠎ᠶᠢ ᠳᠠᠮᠵᠢᠭᠠᠳ᠂ ᠥᠨᠥᠳᠦᠷ ᠣᠷᠴᠣᠨ᠎ᠤ ᠥᠪᠡᠷᠲᠡᠭᠡᠨ ᠵᠠᠰᠠᠬᠤ ᠬᠣᠱᠢᠭᠤ ᠤᠯᠤᠰ᠎ᠤᠨ ᠭᠣᠸ᠋ᠯᠳᠠᠯᠭ᠎ᠠ᠎ᠲᠠᠶ ᠠᠮᠢ ᠠᠬᠤᠶ᠎ᠶ᠋ᠢᠨ ᠴᠢᠳᠠᠮᠵᠢᠳᠤ ᠣᠷᠣᠨ᠂ ᠴᠢᠨᠠᠷ ᠰᠠᠢᠲᠠᠶ ᠠᠮᠤ ᠪᠤᠳᠠᠭᠠᠨ᠎ᠤ ᠦᠶ᠋ᠯᠡᠳᠪᠦᠷᠢᠯᠡᠯ᠎ᠦᠨ ᠰᠠᠭᠤᠷᠢᠨ᠂ ᠪᠣᠬᠢᠷᠲᠤᠯ ᠥᠬᠡᠶ ᠲᠠᠷᠢᠶᠠᠯᠠᠩ᠎ᠤᠨ ᠵᠢᠱ᠌ᠢᠶ᠎ᠡ ᠦᠵᠡᠭᠦᠯᠬᠦ᠌ ᠣᠷᠣᠨ ᠪᠠ ᠥᠪᠡᠷᠲᠡᠭᠡᠨ ᠵᠠᠰᠠᠬᠤ ᠣᠷᠣᠨ᠎ᠤ ᠠᠮᠤ ᠪᠤᠳᠠᠭᠠᠨ᠎ᠤ ᠠᠶᠤᠯᠭᠦᠶ ᠦᠶ᠋ᠯᠡᠳᠪᠦᠷᠢᠯᠡᠯ᠎ᠦᠨ ᠲᠡᠷᠢᠭᠦᠨ᠎ᠦ ᠬᠣᠱᠢᠭᠤ᠂ ᠵᠢᠭᠤᠯᠴᠢᠯᠠᠯ᠎ᠤᠨ ᠭᠣᠸ᠋ᠯᠳᠠᠯᠭ᠎ᠠ᠎ᠲᠠᠶ ᠬᠣᠱᠢᠭᠤ᠂ ᠬᠤᠪᠢᠰᠭᠠᠯ᠎ᠤᠨ ᠬᠠᠭᠤᠴᠢᠨ ᠰᠠᠭᠤᠷᠢᠨ᠂ ᠨᠠᠶ᠋ᠮᠠᠳᠤᠭᠠᠷ ᠪᠦᠯᠦᠭ᠎ᠦᠨ ᠪᠥᠬᠥ᠌ ᠤᠯᠤᠰ᠎ᠤᠨ ᠦᠨᠳᠦᠰᠦᠲᠡᠨ᠎ᠦ ᠪᠦᠯᠬᠦᠮᠳᠡᠯ ᠳᠠᠪᠱᠢᠯᠲᠠ᠎ᠶ᠋ᠢᠨ ᠵᠢᠱ᠌ᠢᠶ᠎ᠡ ᠦᠵᠡᠭᠦᠯᠬᠦ᠌ ᠨᠢᠭᠡᠴᠢ ᠵᠢᠴᠢ ᠤᠯᠤᠰ᠎ᠤᠨ ᠬᠥᠳᠡᠭᠡ ᠲᠣᠰᠭᠣᠨ᠎ᠢ ᠬᠥᠭ᠌ᠵᠢᠭᠦᠯᠦᠨ ᠮᠠᠨᠳᠤᠭᠤᠯᠬᠤ ᠭᠣᠸ᠋ᠯᠳᠠᠯᠭ᠎ᠠ᠎ᠲᠠᠶ ᠬᠠᠪᠰᠤᠷᠤᠨ ᠲᠡᠳᠬᠦᠬᠦ᠌ ᠬᠣᠱᠢᠭᠤ ᠱᠢᠶᠠᠨ ᠪᠣᠯᠤᠭ᠍ᠰᠠᠨ ᠪᠠᠢᠨ᠎ᠠ ᠃


ᠬᠡᠷᠡᠯ ᠰᠠᠴᠤᠷᠠᠩᠭᠤᠢ ᠦᠪ ᠰᠣᠶᠣᠯ ᠦᠶ᠎ᠡ ᠲᠠᠮᠵᠢᠨ ᠤᠯᠠᠮᠵᠢᠯᠠᠭ᠍ᠳᠠᠨ᠎ᠠ

ᠣᠷᠴᠣᠨ᠎ᠤ ᠥᠪᠡᠷᠲᠡᠭᠡᠨ ᠵᠠᠰᠠᠬᠤ ᠬᠣᠱᠢᠭᠤᠨ᠎ᠤ ᠰᠣᠶᠣᠯ᠎ᠤᠨ ᠣᠷᠳᠣᠨ᠎ᠳᠤ᠂ ᠵᠢᠵᠢᠭ ᠬᠡᠯᠪᠡᠷᠢ᠎ᠶ᠋ᠢᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠶ ᠵᠦᠶ᠋ᠯᠡᠰ᠎ᠢ ᠳᠡᠯᠭᠡᠨ ᠦᠵᠡᠭᠦᠯᠬᠦ᠌ ᠠᠵᠢᠯᠯᠠᠭ᠎ᠠ ᠢᠲᠡ ᠬᠦᠭ ᠲᠠᠢ ᠶᠠᠪᠣᠬᠲᠠᠵᠦ ᠪᠠᠢᠯ᠎ᠠ᠃ 《ᠣᠷᠴᠣᠨ᠎ᠤ ᠪᠣᠷᠣ ᠭᠥᠷᠥᠭᠡᠰᠦᠨ ᠡᠪᠡᠷᠲᠦ ᠮᠠᠯᠠᠭᠠᠢ᠎ᠶ᠋ᠢ ᠦᠢᠯᠡᠳᠬᠦ᠌ ᠤᠷ᠎ᠠ ᠮᠡᠷᠭᠡᠵᠢᠯ》᠎ᠤ᠋ᠨ ᠥᠪᠡᠷᠲᠡᠭᠡᠨ ᠵᠠᠰᠠᠬᠤ ᠣᠷᠣᠨ᠎ᠤ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠢ ᠤᠯᠠᠮᠵᠢᠯᠠᠭ᠍ᠴᠢ ᠦ᠋ ᠯᠢᠩ ᡁᠢ᠎ᠶᠢᠨ ᠠᠷᠢᠶᠠᠲᠠᠨ᠎ᠤ ᠠᠷᠠᠰᠤ᠎ᠪᠠᠷ ᠣᠷᠠᠯᠠᠵᠦ ᠬᠢᠭ᠌ᠰᠡᠨ ᠤᠯᠠᠮᠵᠢᠯᠠᠯᠲᠤ ᠲᠡᠷᠯᠢᠭ ᠪᠣᠯ ᠨᠡᠷ᠎ᠡ ᠨᠢᠳᠡᠷ᠎ᠲᠡᠬᠡᠨ ᠨᠡᠢᠴᠡᠭ᠌ᠰᠡᠨ 《ᠭᠡᠭᠡᠨᠴᠢᠷ ᠴᠠᠮᠢᠨ ᠬᠤᠪᠴᠠᠰᠤ》 ᠪᠣᠯᠬᠣ ᠶᠣᠮ᠃

《ᠣᠷᠴᠣᠨ ᠦᠨᠳᠦᠰᠦᠲᠡᠨ᠎ᠦ ᠴᠠᠭᠠᠰᠤᠨ ᠬᠠᠢᠴᠢᠯᠠᠮᠠᠯ᠎ᠤᠨ ᠶᠡᠬᠡ ᠪᠠᠭ᠍ᠰᠢᠲᠠᠨ》 ᠬᠡᠵᠦ ᠬᠣᠯᠠ ᠣᠢᠷ᠎ᠠ ᠳ᠋ᠠᠭᠠᠨ ᠠᠯᠲᠠᠷᠰᠢᠬᠰᠠᠨ ᠰᠸᠷᠢᠳ ᠬᠠᠭᠣᠲᠠᠰᠣ ᠴᠠᠭᠠᠰᠤ ᠪᠣᠯᠣᠨ ᠬᠠᠢᠴᠢ᠎ᠪᠠᠷ ᠦᠵᠡᠰᠬᠦᠯᠡᠩᠲᠦ ᠴᠡᠴᠡᠭ ᠎ᠢ ᠡᠰᠭᠡᠨ ᠣᠷᠠᠯᠠᠵᠦ᠂ ᠣᠷᠴᠣᠨ ᠦᠨᠳᠦᠰᠦᠲᠡᠨ᠎ᠦ ᠴᠡᠪᠡᠷ ᠠᠷᠢᠭᠣᠨ ᠬᠠᠢᠷ᠎ᠠ ᠳᠤᠷᠠᠯᠠᠯ ᠪᠠ ᠵᠣᠯ ᠵᠢᠷᠭᠠᠯ᠎ᠢ ᠪᠡᠯᠭᠡᠳᠡᠭ᠌ᠰᠡᠨ 《ᠬᠠᠮᠤᠭ᠎ᠤᠨ ᠭᠤᠶᠤ ᠴᠡᠴᠡᠭ》 ᠶ᠋ᠢᠡᠡ ᠲᠦᠷᠪᠡᠨ ᠵᠦᠭ᠎ᠤᠨ ᠵᠣᠴᠢᠳ᠎ᠲᠤ ᠪᠡᠯᠡᠭᠯᠡᠨ᠎ᠡ᠃

ᠤᠷᠳᠤ ᠬᠤᠭᠤᠴᠠᠭᠠᠨ᠎ᠤ ᠠᠩ ᠠᠩᠨᠠᠯ᠎ᠤᠨ ᠦᠢᠯᠡᠳᠪᠦᠷᠢᠯᠡᠯ ᠠᠮᠢᠳᠤᠷᠠᠯ ᠳᠤᠮᠳᠠ᠂ ᠣᠷᠴᠣᠨ ᠦᠨᠳᠦᠰᠦᠲᠡᠨ ᠥᠪᠡᠷᠮᠢᠴᠡ ᠣᠨᠴᠠᠯᠢᠭ᠎ᠲᠠᠶ ᠠᠩ ᠠᠩᠨᠠᠯ᠎ᠤᠨ ᠰᠣᠶᠣᠯ ᠪᠣᠯᠣᠨ ᠵᠠᠩ ᠦᠢᠯᠡ᠎ᠶᠢ ᠪᠦᠷᠢᠯᠳᠦᠭᠦᠯᠦᠭ᠌ᠰᠡᠨ ᠪᠠᠢᠨ᠎ᠠ᠃ 2024 ᠣᠨ ᠪᠣᠯᠲᠠᠯ᠎ᠠ᠂ ᠣᠷᠴᠣᠨ᠎ᠤ ᠥᠪᠡᠷᠲᠡᠭᠡᠨ ᠵᠠᠰᠠᠬᠤ ᠬᠣᠱᠢᠭᠤᠨ᠎ᠳᠤ 《ᠣᠷᠴᠣᠨ ᠦᠨᠳᠦᠰᠦᠲᠡᠨ᠎ᠦ ᠠᠷᠢᠶᠠᠲᠠᠨ᠎ᠤ ᠠᠷᠠᠰᠤ ᠦᠢᠯᠡᠳᠬᠦ᠌ ᠤᠷ᠎ᠠ ᠮᠡᠷᠭᠡᠵᠢᠯ》᠂ 《ᠬᠤᠰᠤ ᠮᠣᠳᠣᠨ᠎ᠤ ᠬᠠᠯᠢᠰᠤ ᠦᠢᠯᠡᠳᠬᠦ᠌ ᠤᠷ᠎ᠠ ᠮᠡᠷᠭᠡᠵᠢᠯ》 ᠵᠡᠷᠭᠡ 32 ᠲᠦᠷᠦᠯ᠎ᠦᠨ ᠤᠯᠤᠰ᠂ ᠥᠪᠡᠷᠲᠡᠭᠡᠨ ᠵᠠᠰᠠᠬᠤ ᠣᠷᠣᠨ᠂ ᠬᠤᠳᠠ᠎ᠶ᠋ᠢᠨ ᠲᠡᠰ ᠪᠣᠯᠣᠨ ᠬᠣᠱᠢᠭᠤᠨ᠎ᠤ ᠲᠡᠰ᠎ᠤᠨ ᠪᠣᠳᠠᠰ᠎ᠤᠨ ᠪᠤᠰᠤ ᠰᠣᠶᠣᠯ᠎ᠤᠨ ᠥᠪ᠎ᠦᠨ ᠲᠥᠯᠥᠭᠡᠯᠡᠬᠦ᠌ ᠴᠢᠨᠠᠷᠲᠠᠢ ᠲᠦᠷᠦᠯ ᠵᠦᠢᠯ ᠪᠠᠢᠵᠤ᠂ ᠤᠮᠠᠷᠠᠲᠤ ᠬᠢᠯᠢ᠎ᠶ᠋ᠢᠨ ᠰᠣᠶᠣᠯ ᠤᠷᠠᠯᠢᠭ᠎ᠤᠨ ᠦᠨᠡᠲᠦ ᠦᠪ ᠪᠣᠯᠤᠭ᠍ᠰᠠᠨ ᠪᠠᠢᠨ᠎ᠠ᠃

ᠣᠷᠴᠣᠨ᠎ᠤ ᠥᠪᠡᠷᠲᠡᠭᠡᠨ ᠵᠠᠰᠠᠬᠤ ᠬᠣᠱᠢᠭᠤᠨ᠎ᠳᠤ ᠲᠦᠳᠡᠭ ᠭᠠᠯ᠎ᠤᠨ ᠨᠠᠢᠷ ᠵᠡᠷᠭᠡ ᠤᠯᠠᠮᠵᠢᠯᠠᠯᠲᠤ ᠪᠠᠶᠠᠷ ᠳᠤᠷᠠᠰᠭᠠᠯ᠎ᠤᠨ ᠠᠵᠢᠯᠯᠠᠭ᠎ᠠ ᠨᠢ ᠣᠲᠣ ᠪᠣᠯᠲᠠᠯ᠎ᠠ ᠦᠷᠬᠦᠯᠵᠢᠯᠡᠭᠰᠡᠭᠡᠷ᠃ ᠡᠳᠡᠭᠡᠷ ᠠᠵᠢᠯᠯᠠᠭ᠎ᠠ ᠨᠢ ᠦᠨᠳᠦᠰᠦᠲᠡᠨ᠎ᠦ ᠬᠠᠢᠷ᠎ᠠ ᠰᠡᠳᠭᠢᠯᠭᠡ ᠪᠠ ᠲᠡᠦᠬᠡ᠎ᠶ᠋ᠢᠨ ᠳᠤᠷᠠᠰᠤᠮᠵᠢ᠎ᠶ᠋ᠢ ᠠᠴᠢᠶᠠᠯᠠᠵᠦ ᠪᠠᠢᠭ᠎ᠠ ᠲᠡᠳᠦᠢ ᠦᠭᠡᠢ ᠲᠤᠬᠠᠢ᠎ᠶ᠋ᠢᠨ ᠭᠠᠵᠠᠷ᠎ᠤᠨ ᠥᠪᠡᠷᠮᠢᠴᠡ ᠣᠨᠴᠠᠯᠢᠭ᠎ᠲᠠᠶ ᠵᠠᠩ ᠦᠢᠯᠡ ᠰᠣᠶᠣᠯ᠎ᠤᠨ ᠠᠵᠢᠯᠯᠠᠭ᠎ᠠ ᠪᠤᠯᠵᠤ᠂ ᠵᠢᠭᠤᠯᠴᠢᠯᠠᠭᠰᠠᠳ᠎ᠢ ᠲᠠᠲᠠᠵᠤ᠂ ᠭᠠᠵᠠᠷ ᠣᠷᠣᠨ᠎ᠤ ᠰᠣᠶᠣᠯ ᠣᠷᠠᠯᠢᠬ᠎ᠤᠨ ᠴᠡᠴᠡᠭ᠌ᠯᠡᠯ ᠬᠥᠭ᠌ᠵᠢᠯ᠎ᠢ ᠠᠬᠢᠭᠤᠯᠤᠭ᠍ᠰᠠᠨ ᠪᠠᠢᠨ᠎ᠠ᠃

ᠣᠷᠴᠣᠨ᠎ᠤ ᠥᠪᠡᠷᠲᠡᠭᠡᠨ ᠵᠠᠰᠠᠬᠤ ᠬᠣᠱᠢᠭᠤᠨ᠎ᠤ ᠰᠣᠶᠣᠯ ᠵᠢᠭᠣᠯᠴᠢᠯᠠᠯ᠎ᠤᠨ ᠲᠣᠪᠴᠢᠶ᠎ᠠ᠎ᠶ᠋ᠢᠨ ᠳᠡᠳ᠋ ᠳᠠᠷᠤᠭ᠎ᠠ ᠱᠦ᠍ ᠮᠸᠩ ᠰᠤᠷᠪᠤᠯᠵᠢᠯᠠᠭ᠍ᠴᠢ᠎ᠳᠤ ᠬᠡᠯᠡᠬᠦ ᠳ᠋ᠡᠭᠡᠨ᠂ ᠣᠷᠴᠣᠨ᠎ᠤ ᠥᠪᠡᠷᠲᠡᠭᠡᠨ ᠵᠠᠰᠠᠬᠤ ᠬᠣᠱᠢᠭᠤᠨ᠎ᠤ ᠪᠠᠢᠭᠠᠯᠢ᠎ᠶ᠋ᠢᠨ ᠦᠩᠭᠡ ᠦᠵᠡᠮᠵᠢ ᠦᠵᠡᠰᠭᠦᠯᠡᠩ ᠰᠠᠢᠬᠠᠨ᠂ ᠦᠨᠳᠦᠰᠦᠲᠡᠨ᠎ᠦ ᠵᠠᠩ ᠵᠠᠩᠱᠢᠯ ᠥᠪᠡᠷᠮᠢᠴᠡ ᠣᠨᠴᠠᠯᠢᠭ᠎ᠲᠠᠶ ᠪᠠᠢᠵᠦ᠂ 《ᠠᠩ ᠠᠩᠨᠠᠯ᠎ᠤᠨ ᠨᠤᠲᠤᠭ》᠂ 《ᠤᠮᠠᠷᠠᠲᠤ᠎ᠶ᠋ᠢᠨ ᠨᠣᠮᠢᠨ ᠬᠠᠰ》 ᠵᠡᠷᠭᠡ ᠰᠠᠢᠬᠠᠨ ᠠᠯᠳᠠᠷ᠎ᠲᠠᠶ ᠪᠣᠯᠣᠬᠰᠠᠨ ᠶᠣᠮ᠃

ᠡᠳᠡᠭᠡᠷ ᠡᠯᠪᠡᠭ ᠪᠠᠶᠠᠯᠢᠭ ᠰᠣᠶᠣᠯ᠎ᠤᠨ ᠡᠬᠢ ᠪᠠᠶᠠᠯᠢᠭ᠎ᠲᠠᠭᠠᠨ ᠲᠦᠱᠢᠭ᠌ᠯᠡᠨ᠂ ᠣᠷᠴᠣᠨ᠎ᠤ ᠥᠪᠡᠷᠲᠡᠭᠡᠨ ᠵᠠᠰᠠᠬᠤ ᠬᠣᠱᠢᠭᠤᠨ᠎ᠤ ᠬᠢᠨ ᠰᠣᠶᠣᠯ ᠵᠢᠭᠣᠯᠴᠢᠯᠠᠯ᠎ᠤᠨ ᠠᠭᠤᠰᠤᠯᠴᠠᠨ ᠬᠥᠭ᠌ᠵᠢᠬᠦ᠌᠎ᠶ᠋ᠢ ᠠᠬᠢᠭᠤᠯᠵᠤ᠂ 《ᠬᠠᠪᠤᠷ᠎ᠤᠨ ᠤᠯᠠᠷᠢᠯ᠎ᠳᠤ ᠬᠤᠷᠴᠠ ᠤᠯᠠᠭᠠᠨ ᠴᠡᠴᠡᠭ᠂ ᠵᠤᠨ᠎ᠤ ᠣᠯᠠᠷᠢᠯ᠎ᠤᠨ ᠲᠦᠳᠡᠭ ᠭᠠᠯ᠎ᠤᠨ ᠨᠠᠢᠷ᠂ ᠠᠯᠲᠠᠨ ᠨᠠᠮᠤᠷ᠎ᠤᠨ ᠪᠠᠯᠠᠷ ᠰᠢᠭᠣᠢ ᠪᠢᠲᠡᠬᠦᠦ ᠤᠢ᠂ ᠮᠦᠩᠬᠦᠨ ᠡᠪᠦᠯ᠎ᠤᠨ ᠮᠥᠰᠥ᠍ ᠴᠠᠰᠤᠨ᠎ᠤ ᠨᠠᠭᠠᠲᠣᠮ》 ᠵᠡᠷᠭᠡ ᠲᠦᠷᠪᠡᠨ ᠤᠯᠠᠷᠢᠯ᠎ᠤᠨ ᠵᠢᠭᠤᠯᠴᠢᠯᠠᠯ᠎ᠤᠨ ᠣᠨᠴᠠᠯᠢᠭ᠎ᠢ ᠪᠦᠷᠢᠯᠳᠦᠭᠦᠯᠦᠭ᠌ᠰᠡᠨ ᠪᠥᠭᠡᠳ 《ᠠᠭᠤᠰᠤᠯᠴᠠᠯ ᠨᠡᠢᠯᠡᠯ》᠎ᠤ᠋ᠨ ᠰᠣᠶᠣᠯ ᠵᠢᠭᠤᠯᠴᠢᠯᠠᠯ᠎ᠤᠨ ᠲᠦᠷᠦᠯ ᠲᠡᠮᠳᠡᠭ᠎ᠢ ᠡᠭᠦᠳᠴᠦ᠍᠂ ᠤᠮᠠᠷᠠᠲᠤ ᠬᠢᠯᠢ᠎ᠶ᠋ᠢᠨ ᠰᠣᠶᠣᠯ᠎ᠤᠨ ᠥᠪᠡᠷᠮᠢᠴᠡ ᠭᠠᠢᠬᠠᠮᠰᠢᠬ᠎ᠢ ᠬᠠᠷᠠᠭᠣᠯᠵᠦ᠂ ᠪᠦᠬᠦ᠌ ᠬᠣᠱᠢᠭᠤᠨ᠎ᠤ ᠡᠯ᠎ᠡ ᠲᠦᠷᠦᠯ᠎ᠦᠨ ᠦᠢᠯᠡᠰ᠎ᠦᠨ ᠴᠢᠨᠠᠷ ᠰᠠᠢᠲᠠᠢ ᠬᠥᠭ᠌ᠵᠢᠯᠲᠡ᠎ᠶ᠋ᠢ ᠠᠬᠢᠭᠤᠯᠵᠠᠢ᠃

ᠴᠠᠬ᠎ᠤᠨ ᠬᠦᠷᠲᠦ ᠪᠦᠮᠪᠦᠷᠢᠭᠰᠡᠭᠡᠷ᠃ ᠬᠥᠭ᠌ᠵᠢᠯᠲᠡ᠎ᠶ᠋ᠢᠨ ᠵᠢᠯᠣᠭᠣ ᠰᠣᠩᠭᠠᠬᠰᠠᠨ ᠬᠦᠯᠭᠡ ᠣᠩᠭᠣᠴᠠ ᠬᠦᠴᠦᠲᠦ ᠳᠠᠪᠠᠯᠭᠠᠨ᠎ᠢ ᠵᠦᠰᠦᠨ ᠤᠷᠤᠭ᠍ᠰᠢᠯᠠᠨ᠎ᠠ᠃ ᠥᠨᠥᠳᠦᠷ ᠣᠷᠴᠣᠨ᠎ᠤ ᠥᠪᠡᠷᠲᠡᠭᠡᠨ ᠵᠠᠰᠠᠬᠤ ᠬᠣᠱᠢᠭᠤ ᠡᠷᠡᠮᠡᠬᠡᠢᠯᠡᠨ ᠣᠷᠣᠬᠰᠢᠯᠠᠬᠣ ᠭᠣᠢᠳᠠ ᠰᠠᠢᠬᠠᠨ ᠬᠠᠭᠤᠳᠠᠰᠤ᠎ᠶ᠋ᠢ ᠪᠢᠴᠢᠭ᠌ᠯᠡᠵᠦ᠍ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠵᠣᠣ ᠱᠦ᠍ ᠭᠤᠸᠠᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号