ᠬᠣᠷᠴᠢᠨ ᠵᠡᠬᠦᠨ ᠭᠠᠷᠣᠨ ᠲᠣᠮᠲᠠᠲᠣ ᠬᠣᠰᠢᠭᠣ — ᠬᠠᠮᠪᠣ ᠵᠢᠨ ᠪᠠᠭᠣᠷᠢ ᠵᠢᠨ ᠣᠶᠠᠩᠭ᠎ᠠ ᠬᠠᠩᠬᠢᠨᠠᠨ ᠴᠤᠤᠷᠢᠶᠠᠳᠤᠨ᠎ᠠ
2025-07-27 12:02:22
ᠵᠣᠬᠢᠶᠠᠭ᠍ᠴᠢ᠄
ᠰᠦ᠍ ᠶᠦᠩ ᠱᠸᠩ᠂ ᠯᠢ ᠴᠢᠶᠠᠨ ᠂ ᠭᠣᠣ ᠢᠣᠢ ᠫᠦ
ᠣᠩᠱᠢᠭ᠍ᠰᠠᠨ ᠣᠳᠠᠭ᠎ᠠ᠄
★★★☆☆

ᠬᠠᠮᠪᠣ ᠵᠢᠨ ᠪᠠᠭᠣᠷᠢ ᠵᠢᠨ ᠸᠠᠭᠠᠷ ᠰᠠᠪᠠ ᠵᠢᠨ ᠬᠡᠯᠲᠡᠷᠬᠡᠢ ᠡᠴᠡ ᠥᠨᠢ ᠡᠷᠳᠡᠨ ᠤ᠋ ᠦᠣᠬᠡ ᠲᠡᠦᠬᠡ ᠣᠩᠰᠢᠬᠲᠠᠵᠦ᠂ ᠠᠲᠠᠯᠢ ᠪᠣᠰᠣ ᠴᠠᠬ ᠦᠶ᠎ᠡ ᠵᠢᠨ ᠦᠯᠡᠲᠡᠭᠲᠡᠯ ᠪᠠᠭᠣᠷᠢ ᠳ᠋ᠦ ᠦᠨᠳᠦᠰᠦᠲᠡᠨ ᠤ᠋ ᠠᠭᠣᠰᠣᠯᠴᠠᠯ ᠣᠶᠠᠯᠲᠣᠯ ᠤ᠋ᠨ ᠲᠣᠷᠠᠰᠣᠮᠵᠢ ᠬᠠᠲᠠᠭᠠᠯᠠᠬᠳᠠᠵᠤ ᠪᠠᠢᠨ᠎ᠠ᠃ ᠦᠨᠦᠲᠦᠷ ᠪᠣᠲᠠᠰ ᠤ᠋ᠨ ᠪᠣᠰᠣ ᠰᠣᠶᠣᠯ ᠤ᠋ᠨ ᠦᠪ ᠤ᠋ᠨ ᠦᠢᠯᠡᠳᠭᠡᠯ ᠤ᠋ᠨ ᠭᠠᠵᠠᠷ ᠨᠢ ᠣᠯᠠᠮᠵᠢᠯᠠᠯᠲᠣ ᠰᠣᠶᠣᠯ ᠬᠢᠭᠡᠳ ᠣᠲᠣ ᠦᠶ᠎ᠡ ᠵᠢᠨ ᠪᠣᠯᠪᠠᠰᠣᠨ ᠤ᠋ ᠣᠶᠠᠯᠲᠣᠯ ᠨᠡᠢᠯᠡᠯ ᠤ᠋ᠨ ᠬᠢᠯᠪᠠᠭ᠎ᠠ ᠰᠠᠴᠣᠷᠠᠭᠣᠯᠣᠨ᠎ᠠ᠃

ᠪᠠᠯᠠᠷ ᠡᠷᠳᠡᠨ ᠤ᠋ ᠪᠣᠯᠪᠠᠰᠣᠨ ᠤ᠋ ᠲᠦᠲᠡᠭ ᠢ᠋ ᠠᠰᠠᠭᠠᠬᠣ ᠡᠴᠡ ᠪᠣᠭᠣᠷᠣᠯ ᠲᠡᠦᠬᠡ ᠵᠢᠨ ᠣᠷᠲᠣ ᠠᠶᠠᠨ ᠳ᠋ᠡᠬᠢ ᠦᠨᠳᠦᠰᠦᠲᠡᠨ ᠤ᠋ ᠠᠭᠣᠰᠣᠯᠴᠠᠯ ᠬᠦᠷᠲᠡᠯ᠎ᠠ᠂ ᠲᠡᠷᠡᠴᠢᠯᠡᠨ ᠦᠨᠦᠲᠦᠷ ᠎ᠤᠨ ᠪᠣᠲᠠᠰ ᠤ᠋ᠨ ᠪᠣᠰᠣ ᠰᠣᠶᠣᠯ ᠤ᠋ᠨ ᠦᠪ ᠤ᠋ᠨ ᠰᠢᠨ᠎ᠡ ᠵᠢ ᠡᠬᠦᠳᠬᠦ ᠦᠢᠯᠡᠳᠦᠯᠭᠡ ᠬᠦᠷᠲᠡᠯ᠎ᠡ᠂ ᠲᠦᠩᠯᠢᠶᠤᠤ ᠬᠤᠳᠠ ᠵᠢᠨ ᠬᠣᠷᠴᠢᠨ ᠵᠡᠬᠦᠨ ᠭᠠᠷᠣᠨ ᠲᠣᠮᠲᠠᠲᠣ ᠬᠣᠰᠢᠭᠣ ᠲᠥᠪ ᠶᠣᠰᠣ ᠵᠢ ᠪᠠᠷᠢᠮᠲᠠᠯᠠᠵᠦ ᠱᠢᠨ᠎ᠡ ᠵᠢ ᠡᠭᠦᠳᠬᠦ᠌ ᠲᠣᠮᠲᠠ ᠬᠦᠭᠵᠢᠯ ᠤ᠋ᠨ ᠵᠢᠯᠣᠭᠣ ᠰᠣᠩᠭᠠᠨᠠᠮ᠃

ᠦᠨᠢ ᠡᠷᠳᠡᠨ ᠤ᠋ ᠣᠮᠠᠷᠠᠲᠣ ᠬᠢᠯᠢ ᠳ᠋ᠡᠬᠢ ᠬᠠᠮᠪᠣ ᠵᠢᠨ ᠪᠠᠭᠣᠷᠢ ᠵᠢᠨ ᠬᠠᠭᠣᠲᠠᠰᠣ

ᠬᠠᠮᠪᠣ ᠵᠢᠨ ᠪᠠᠭᠤᠷᠢ ᠵᠢ ᠬᠠᠮᠠᠭᠠᠯᠠᠬᠤ ᠦᠵᠡᠰᠬᠥᠯᠡᠨᠭ ᠎ᠤᠨ ᠣᠷᠳᠣᠨ ᠳ᠋ᠤ ᠣᠷᠣᠪᠠᠯ ᠲᠡᠷᠢ ᠲᠡᠭᠰᠢ ᠵᠢᠭᠲᠡᠷᠡᠭᠰᠡᠨ ᠭᠡᠷ ᠣᠷᠣᠮᠵᠢ ᠵᠢᠨ ᠣᠷᠣ ᠮᠦᠷ ᠲᠣᠲᠣᠬᠠᠨ ᠬᠠᠷᠠᠭᠲᠠᠵᠦ᠂ ᠤᠨ ᠵᠢᠯ ᠤ᠋ᠨ ᠡᠯᠡᠭᠡᠯᠲᠡ ᠳ᠋ᠦ ᠨᠡᠬᠦᠷᠡᠰᠦᠵᠢᠵᠦ ᠬᠣᠴᠣᠷᠣᠬᠰᠠᠨ ᠮᠣᠳᠣᠨ ᠪᠦᠲᠦᠴᠡ ᠲᠠᠢ ᠪᠠᠢᠱᠢᠩ ᠪᠠᠭᠣᠷᠢ ᠵᠢ ᠰᠠᠬᠢᠵᠦ ᠲᠣᠯᠠᠭᠠᠯᠠᠬᠣ ᠮᠡᠲᠦ᠃

ᠬᠠᠮᠪᠣ ᠵᠢᠨ ᠪᠠᠭᠤᠷᠢ ᠵᠢᠨ ᠭᠡᠷ ᠪᠠᠢᠱᠢᠩ ᠨᠤᠭᠤᠳ ᠨᠢ ᠬᠠᠷᠢᠴᠠᠩᠭᠤᠶ ᠨᠠᠮ ᠲᠡᠭ᠌ᠰᠢ ᠡᠯᠡᠰᠦᠷᠬᠡᠭ ᠭᠠᠵᠠᠷ ᠲᠦ᠍ ᠪᠠᠢᠷᠢᠯᠠᠵᠤ᠂ ᠣᠲᠣ ᠪᠣᠯᠲᠠᠯ᠎ᠠ ᠨᠡᠯᠢᠶᠡᠳ ᠪᠦᠷᠢᠨ ᠪᠦᠲᠦᠨ ᠬᠠᠲᠠᠭᠠᠯᠠᠬᠲᠠᠭᠰᠠᠭᠠᠷ᠃ ᠬᠠᠢᠨ ᠳᠣᠲᠣᠯᠠᠭ᠍ᠰᠠᠨ ᠵᠢᠡᠷ᠂ ᠲᠣᠰ ᠪᠠᠭᠤᠷᠢ ᠨᠢ ᠣᠲᠣ ᠡᠴᠡ ᠪᠠᠷᠣᠬ 5500 — 5000 ᠵᠢᠯ ᠤ᠋ᠨ ᠡᠮᠦᠨᠡᠬᠢ ᠱᠢᠨ᠎ᠡ ᠴᠢᠯᠠᠭᠤᠨ ᠵᠡᠪᠰᠡᠭ ᠤ᠋ᠨ ᠦᠶ᠎ᠠ ᠵᠢᠨ ᠬᠠᠭᠣᠴᠢ ᠪᠠᠭᠣᠷᠢ ᠪᠣᠯᠬᠣ ᠶᠣᠮ᠃

《ᠬᠠᠮᠪᠣ ᠵᠢᠨ ᠪᠠᠭᠤᠷᠢ ᠪᠣᠯ ᠮᠠᠨ ᠤ᠋ ᠤᠯᠤᠰ ᠤ᠋ᠨ ᠬᠠᠭᠤᠴᠢ ᠰᠤᠳᠤᠯᠤᠯ ᠤ᠋ᠨ ᠠᠵᠢᠯᠲᠠᠳ ᠤᠮᠠᠷᠠᠲᠤ ᠥᠷᠭᠡᠷᠢᠭ ᠤ᠋ᠨ 43 ᠭᠷᠠᠳᠦ᠋ᠰ ᠡᠴᠡ ᠬᠣᠢᠰᠢᠬᠢ ᠭᠠᠵᠠᠷ ᠣᠷᠣᠨ ᠳ᠋ᠤ ᠠᠩᠬ᠎ᠠ ᠤᠳᠠᠭ᠎ᠠ ᠶᠡᠬᠡ ᠬᠡᠪᠴᠢᠶ᠎ᠡ ᠪᠡᠷ ᠮᠠᠯᠲᠠᠵᠦ ᠢᠯᠡᠷᠡᠬᠦᠯᠦᠭᠰᠡᠨ ᠪᠦᠷᠢᠨ ᠪᠦᠲᠦᠨ ᠬᠠᠳᠠᠭᠠᠯᠠᠭ᠍ᠳᠠᠵᠤ ᠪᠦᠬᠦᠢ ᠪᠠᠯᠠᠷ ᠡᠷᠲᠡᠨ ᠤ᠋ ᠰᠠᠭᠤᠷᠢᠱᠢᠯ ᠤ᠋ᠨ ᠪᠠᠭᠤᠷᠢ ᠪᠣᠯᠤᠨ᠎ᠠ》 ᠭᠡᠵᠦ ᠬᠠᠮᠪᠣ ᠵᠢᠨ ᠪᠠᠭᠤᠷᠢ ᠵᠢᠨ ᠦᠢᠯᠡᠴᠢᠯᠡᠭᠡᠨ ᠤ᠋ ᠲᠥᠪ ᠤ᠋ᠨ ᠡᠷᠬᠢᠯᠡᠭ᠌ᠴᠢ ᠳ᠋ᠦᠩ ᠵᠧ ᠲᠠᠨᠢᠯᠴᠠᠭᠣᠯᠣᠯ᠎ᠠ᠃ ᠲᠠᠷᠠ ᠪᠠᠰᠠ᠄ 《ᠲᠤᠰ ᠪᠠᠭᠤᠷᠢ ᠨᠢ ᠪᠠᠯᠠᠷ ᠡᠷᠲᠡᠨ ᠤ᠋ ᠭᠡᠷ ᠪᠠᠢᠱᠢᠩ ᠤ᠋ᠨ ᠪᠦᠲᠦᠴᠡ ᠲᠦᠯᠦᠪ ᠢ᠋ ᠨᠡᠯᠢᠶᠡᠳ ᠪᠦᠷᠢᠨ ᠪᠦᠲᠦᠨ ᠬᠠᠲᠠᠭᠠᠯᠠᠵᠦ᠂ ᠱᠢᠨ᠎ᠡ ᠴᠢᠯᠠᠭᠤᠨ ᠵᠡᠪᠰᠡᠭ ᠤ᠋ᠨ ᠦᠶ᠎ᠡ ᠵᠢᠨ ᠬᠠᠭᠠᠰ ᠨᠦᠬᠡᠨ ᠭᠡᠷ᠎ᠤᠨ ᠬᠡᠯᠪᠡᠷᠢᠲᠦ ᠪᠠᠢᠱᠢᠩ ᠤ᠋ᠨ ᠪᠠᠷᠢᠯᠭ᠎ᠠ ᠵᠢᠨ ᠪᠣᠷᠣ ᠲᠥᠯᠥᠪ ᠢ᠋ ᠲᠣᠰᠬᠠᠵᠦ᠂ ᠳᠤᠮᠳᠠᠳᠤ ᠤᠯᠤᠰ ᠴᠢᠨᠠᠭ᠍ᠰᠢᠯᠠᠨ ᠳᠡᠯᠡᠬᠡᠶ ᠵᠢᠨ ᠬᠡᠪᠴᠢᠶᠡᠨ ᠡᠴᠡ ᠦᠬᠦᠯᠡᠭᠰᠡᠨ ᠴᠦ᠍ ᠪᠠᠯᠠᠷ ᠡᠷᠲᠡᠨ ᠤ᠋ ᠰᠠᠭᠤᠷᠢᠱᠢᠯ ᠪᠠᠭᠤᠷᠢ ᠨᠣᠭᠣᠳ ᠤ᠋ᠨ ᠲᠣᠲᠣᠷᠠᠬᠢ ᠠᠩᠬᠠᠲᠠᠬᠴᠢ ᠪᠣᠯᠬᠣ ᠶᠤᠮ》 ᠬᠡᠵᠤ ᠬᠡᠯᠡᠨ᠎ᠠ᠃

2010 ᠣᠨ ᠡᠴᠡ 2014 ᠣᠨ ᠪᠣᠯᠲᠠᠯ᠎ᠠ᠂ ᠬᠠᠮᠪᠣ ᠵᠢᠨ ᠪᠠᠭᠤᠷᠢ ᠡᠴᠡ ᠨᠡᠢᠲᠡ 81 ᠭᠡᠷ ᠪᠠᠢᠱᠢᠩ᠂ 14 ᠪᠤᠯᠠᠰᠢ ᠵᠢ ᠢᠯᠡᠷᠡᠬᠦᠯᠵᠦ᠂ ᠴᠢᠯᠠᠭᠤᠨ ᠵᠡᠪᠰᠡᠭ᠂ ᠸᠠᠭᠠᠷ ᠰᠠᠪᠠ᠂ ᠬᠠᠰ ᠡᠳ᠋ᠯᠡᠯ᠂ ᠶᠠᠰᠤᠨ ᠡᠳ᠋ᠯᠡᠯ ᠵᠡᠷᠭᠡ ᠨᠡᠢᠲᠡ 2000 ᠭᠠᠷᠤᠶ ᠣᠯᠲᠠᠵᠠᠢ᠃ ᠬᠠᠮᠪᠣ ᠵᠢᠨ ᠪᠠᠭᠤᠷᠢ ᠵᠢᠨ ᠢᠯᠡᠷᠡᠭᠦᠯᠦᠯᠲᠡ ᠨᠢ ᠬᠠᠭᠤᠴᠢ ᠰᠤᠳᠤᠯᠤᠯ ᠤ᠋ᠨ ᠡᠳᠡᠭᠡᠳ ᠤ᠋ᠨ ᠬᠢᠨ ᠢ᠋ ᠲᠣᠷᠬᠢᠭᠣᠯᠪᠠ᠃ ᠦᠪᠦᠷ ᠮᠣᠩᠭᠣᠯ ᠤ᠋ᠨ ᠲᠡᠦᠬᠡ ᠵᠢᠨ ᠳᠤᠷᠠᠰᠭᠠᠯᠲᠤ ᠵᠦᠢᠯᠡᠰ ᠬᠠᠭᠤᠴᠢ ᠰᠤᠳᠤᠯᠤᠯ ᠤ᠋ᠨ ᠰᠤᠳᠤᠯᠭᠠᠨ ᠤ᠋ ᠬᠦᠷᠢᠶᠡᠯᠡᠩ ᠤ᠋ᠨ ᠳᠡᠳ᠋ ᠳᠠᠷᠤᠭ᠎ᠠ ᠭᠸ ᡁᠢ ᠶᠦᠩ᠄ 《ᠬᠠᠮᠪᠣ ᠵᠢᠨ ᠪᠠᠭᠤᠷᠢ ᠵᠢᠨ ᠢᠯᠡᠷᠡᠬᠦᠯᠦᠯᠲᠡ ᠨᠢ ᠪᠠᠷᠠᠭᠤᠨ ᠯᠢᠶᠣᠤᠾᠧ ᠭᠣᠣᠯ ᠤ᠋ᠨ ᠰᠠᠪᠠ ᠲᠠᠭᠠᠣ ᠳ᠋ᠡᠬᠢ ᠬᠣᠷᠴᠢᠨ ᠨᠣᠲᠣᠬ ᠪᠣᠯ ᠳᠤᠮᠳᠠᠳᠤ ᠵᠢᠨ ᠡᠷᠲᠡᠨ ᠤ᠋ ᠪᠣᠯᠪᠠᠰᠤᠨ ᠤ᠋ ᠡᠭᠦᠰᠦᠯ ᠭᠠᠵᠠᠷ ᠤ᠋ᠨ ᠨᠢᠭᠡ ᠪᠣᠯᠬᠤ ᠵᠢ ᠭᠦᠢᠴᠡᠳ ᠭᠡᠷᠡᠴᠢᠯᠡᠪᠠ》 ᠭᠡᠵᠦ᠍ ᠶᠠᠷᠢᠵᠦ ᠪᠠᠢᠯ᠎ᠠ᠃

ᠤᠷᠭᠤᠮᠠᠯ ᠤ᠋ᠨ ᠬᠠᠭᠤᠴᠢ ᠰᠤᠳᠤᠯᠤᠯ ᠤ᠋ᠨ ᠲᠤᠰᠭᠠᠢ ᠮᠡᠷᠭᠡᠵᠢᠯᠲᠡᠨ᠂ ᠤᠯᠠᠭᠠᠨᠬᠠᠳᠠ ᠳᠡᠭᠡᠳᠦ ᠰᠤᠷᠭᠠᠭᠤᠯᠢ ᠵᠢᠨ ᠳᠡᠳ᠋ ᠵᠠᠬᠢᠷᠤᠯ ᠰᠦᠨ ᠶᠦᠩ ᠭᠠᠩ 2012 ᠣᠨ ᠡᠴᠡ 2013 ᠣᠨ ᠪᠣᠯᠲᠠᠯ᠎ᠠ᠂ ᠬᠠᠮᠪᠣ ᠵᠢᠨ ᠪᠠᠭᠤᠷᠢ ᠡᠴᠡ ᠦᠯᠢᠭᠡᠷ ᠠᠪᠬᠤ᠂ ᠬᠦᠪᠦᠬᠦᠯᠦᠨ ᠰᠣᠩᠭᠣᠬᠤ ᠪᠠ ᠦᠷ᠎ᠡ ᠵᠢᠨ ᠲᠦᠷᠦᠯ ᠵᠦᠢᠯ ᠢ᠋ ᠬᠢᠨᠠᠨ ᠲᠣᠭ᠍ᠲᠠᠭᠠᠬᠤ ᠠᠵᠢᠯ ᠬᠢᠵᠦ᠍᠂ ᠨᠡᠢ᠌ᠲᠡ 638 ᠮᠥᠬᠥᠯᠢᠭ ᠰᠢᠯᠦᠭᠡᠢ᠂ ᠨᠠᠷᠢᠮᠤ ᠪᠠ ᠣᠯᠣᠰᠣ ᠵᠡᠷᠭᠡ 3 ᠲᠦᠷᠦᠯ ᠤ᠋ᠨ ᠲᠠᠷᠢᠮᠠᠯ ᠤ᠋ᠨ ᠦᠷ᠎ᠡ ᠵᠢ ᠮᠠᠯᠲᠠᠵᠤ ᠭᠠᠷᠭᠠᠵᠠᠢ᠃ 《ᠪᠠᠷᠠᠭᠤᠨ ᠯᠢᠶᠣᠤᠾᠧ ᠭᠣᠣᠯ ᠤ᠋ᠨ ᠳᠡᠭᠡᠳᠦ ᠤᠷᠤᠰᠭᠠᠯ ᠲᠠᠭᠠᠣ ᠭᠠᠵᠠᠷ ᠣᠷᠣᠨ ᠪᠣᠯ ᠳᠤᠮᠳᠠᠳᠤ ᠤᠯᠤᠰ ᠤ᠋ᠨ ᠤᠮᠠᠷᠠᠲᠤ ᠵᠢᠨ ᠬᠠᠭᠤᠷᠠᠶ ᠲᠠᠷᠢᠶᠠᠯᠠᠩ ᠤ᠋ᠨ ᠡᠭᠦᠰᠦᠯ ᠭᠠᠵᠠᠷ ᠤ᠋ᠨ ᠨᠢᠭᠡ ᠪᠣᠯᠤᠨ᠎ᠠ᠂ ᠬᠠᠮᠪᠣ ᠵᠢᠨ ᠪᠠᠭᠣᠷᠢ ᠵᠢᠨ ᠰᠠᠭᠣᠷᠢᠨ ᠤ᠋ ᠢᠷᠭᠡᠳ ᠬᠠᠭᠤᠷᠠᠶ ᠲᠠᠷᠢᠶᠠᠨ ᠤ᠋ ᠨᠠᠷᠢᠮᠤ᠂ ᠱᠢᠰᠢ ᠲᠠᠷᠢᠬᠤ ᠪᠠᠷ ᠭᠣᠣᠯ ᠪᠣᠯᠭᠠᠵᠤ ᠪᠠᠢᠭᠰᠠᠨ ᠨᠢ ᠪᠠᠷᠠᠭᠤᠨ ᠯᠢᠶᠣᠤᠾᠧ ᠭᠣᠣᠯ ᠤ᠋ᠨ ᠳᠡᠭᠡᠳᠦ ᠤᠷᠤᠰᠭᠠᠯ ᠲᠠᠭᠠᠣ ᠭᠠᠵᠠᠷ ᠣᠷᠣᠨ ᠤ᠋ ᠬᠠᠭᠤᠷᠠᠶ ᠲᠠᠷᠢᠶᠠᠯᠠᠩ ᠤ᠋ᠨ ᠠᠵᠤ ᠠᠬᠤᠶ ᠵᠢᠨ ᠤᠯᠠᠮᠵᠢᠯᠠᠯ ᠢ᠋ ᠣᠯᠠᠮᠵᠢᠯᠠᠬᠰᠠᠨ ᠪᠠᠢᠵᠦ ᠲᠠᠭᠠᠷᠠᠨ᠎ᠠ》 ᠭᠡᠵᠦ᠍ ᠰᠦᠨ ᠶᠦᠩ ᠭᠠᠩ ᠬᠡᠯᠡᠨ᠎ᠡ᠃

ᠳᠤᠮᠳᠠᠳᠤ ᠤᠯᠤᠰ ᠤ᠋ᠨ ᠲᠡᠦᠬᠡ ᠰᠤᠳᠤᠯᠭᠠᠨ ᠤ᠋ ᠬᠦᠷᠢᠶᠡᠯᠡᠩ ᠤ᠋ᠨ ᠳᠡᠳ᠋ ᠳᠠᠷᠤᠭ᠎ᠠ᠂ ᠰᠤᠳᠤᠯᠤᠭ᠍ᠴᠢ ᠯᠢᠦ ᠭᠦᠸᠧ ᠱᠢᠶᠠᠩ ᠤ᠋ᠨ ᠦᠵᠡᠬᠦ᠌ ᠪᠡᠷ᠂ ᠬᠠᠮᠪᠣ ᠵᠢᠨ ᠪᠠᠭᠤᠷᠢ ᠪᠣᠯ ᠨᠢᠦ ᠾᠧ ᠯᠢᠶᠠᠩ ᠤ᠋ᠨ ᠪᠠᠭᠤᠷᠢ ᠵᠢᠨ ᠣᠷᠣᠰᠢᠭᠣᠯᠭ᠎ᠠ ᠪᠠ ᠲᠠᠬᠢᠯᠭ᠎ᠠ ᠵᠢᠨ ᠲᠥᠪ ᠤ᠋ᠨ ᠳᠠᠷᠠᠭ᠎ᠠ ᠵᠢᠬᠰᠠᠭᠠᠬᠣ ᠬᠠᠭᠣᠴᠢ ᠪᠠᠭᠣᠷᠢ ᠪᠣᠯᠣᠨ᠎ᠠ᠃ ᠬᠠᠮᠪᠣ ᠵᠢᠨ ᠪᠠᠭᠣᠷᠢ ᠡᠴᠡ ᠣᠯᠲᠠᠬᠰᠠᠨ ᠸᠠᠭᠠᠷ ᠭᠠᠬᠠᠢ ᠨᠢ ᠯᠣᠣ ᠵᠢᠨ ᠲᠣᠲ᠋ᠸᠮ ᠰᠢᠲᠦᠯᠭᠡ ᠲᠡᠶ ᠨᠢᠭ᠍ᠲᠠ ᠬᠠᠷᠢᠴᠠᠭ᠎ᠠ ᠲᠠᠶ ᠪᠠᠢᠵᠤ᠂ ᠲᠠᠷᠢᠶᠠᠯᠠᠩ ᠦᠢᠯᠡᠳᠪᠦᠷᠢᠯᠡᠯ ᠤ᠋ᠨ ᠡᠯᠪᠡᠭ ᠬᠤᠷᠢᠶᠠᠯᠲᠠ ᠵᠢ ᠬᠦᠰᠡᠨ ᠳᠠᠭᠠᠳᠭᠠᠬᠰᠡᠨ ᠰᠢᠨᠵᠢ ᠲᠠᠢ᠃

ᠬᠠᠮᠪᠣ ᠵᠢᠨ ᠪᠠᠭᠤᠷᠢ ᠡᠴᠡ ᠣᠯᠳᠠᠭ᠍ᠰᠠᠨ ᠬᠠᠰ ᠡᠳ᠋ᠯᠡᠯ ᠳ᠋ᠤ ᠭᠣᠣᠯᠳᠠᠭᠤ ᠬᠠᠪᠢᠷᠭᠠᠨ ᠬᠠᠰ᠂ ᠬᠠᠰ ᠲᠦᠮᠦᠭᠡ ᠵᠡᠷᠭᠡ ᠪᠤᠶ᠃ ᠲᠡᠳᠡᠭᠡᠷ ᠤ᠋ᠨ ᠬᠡᠯᠪᠡᠷᠢ ᠳᠦᠷᠰᠦ ᠨᠢ ᠣᠷᠠᠨ ᠨᠠᠷᠢᠯᠢᠬ᠂ ᠬᠢᠴᠡ ᠪᠦᠲᠦᠴᠡ ᠨᠢ ᠭᠣᠶᠣ ᠴᠡᠮᠴᠡᠭᠡᠷ ᠪᠠᠢᠲᠠᠬ᠃ ᠬᠣᠷᠴᠢᠨ ᠨᠤᠲᠤᠭ ᠡᠴᠡ ᠬᠠᠰ ᠭᠠᠷᠳᠠᠭ ᠥᠬᠡᠶ᠂ ᠬᠠᠮᠪᠣ ᠵᠢᠨ ᠪᠠᠭᠤᠷᠢ ᠡᠴᠡ ᠣᠯᠳᠠᠭ᠍ᠰᠠᠨ ᠬᠠᠰ ᠡᠳ᠋ᠯᠡᠯ ᠤ᠋ᠨ ᠶᠠᠰᠣ ᠴᠢᠨᠠᠷ ᠨᠢ ᠠᠭᠣᠯᠠ ᠵᠢᠨ ᠬᠠᠰ ᠪᠣᠯᠤᠨ᠎ᠠ᠃ ᠲᠤᠰᠭᠠᠶ ᠮᠡᠷᠭᠡᠵᠢᠯᠲᠡᠨ ᠤ᠋ ᠲᠠᠭᠠᠮᠠᠭ᠍ᠯᠠᠬᠰᠠᠨ ᠶ᠋ᠢᠡᠷ᠂ ᠡᠳᠡᠭᠡᠷ ᠬᠠᠰ ᠡᠳ᠋ᠯᠡᠯ ᠨᠢ ᠪᠠᠷᠤᠭ ᠠᠢᠮᠠᠭ ᠤ᠋ᠨ ᠬᠣᠭᠣᠷᠣᠨᠳᠣᠬᠢ ᠪᠣᠳᠠᠰ ᠤ᠋ᠨ ᠰᠣᠯᠢᠯᠴᠠᠭ᠎ᠠ ᠪᠠᠷ ᠲᠠᠮᠵᠢᠬᠰᠠᠨ ᠡᠳ᠋ᠯᠡᠯ ᠪᠠᠢᠵᠤ ᠮᠡᠳᠡᠨ᠎ᠡ᠃ 《ᠬᠤᠩᠱᠠᠨ ᠰᠣᠶᠣᠯ ᠤ᠋ᠨ ᠣᠷᠣᠰᠢᠭᠣᠯᠭ᠎ᠠ ᠳ᠋ᠦ ᠲᠠᠭᠠᠯᠲᠣᠭᠣᠯᠣᠬᠰᠠᠨ ᠬᠠᠰ ᠡᠳ᠋ᠯᠡᠯ ᠯᠣᠭᠡ ᠠᠳᠠᠯᠢ ᠪᠣᠰᠣ ᠵᠦᠢᠯ ᠭᠡᠪᠡᠯ᠂ ᠬᠠᠮᠪᠣ ᠵᠢᠨ ᠪᠠᠭᠣᠷᠢ ᠵᠢᠨ ᠬᠠᠰ ᠡᠳ᠋ᠯᠡᠯ ᠨᠢ ᠭᠣᠣᠯᠲᠠᠭᠣ ᠲᠣᠮᠣ ᠳᠤᠮᠳᠠ ᠬᠡᠯᠪᠡᠷᠢ ᠵᠢᠨ ᠣᠷᠣᠴᠠ ᠪᠠᠢᠱᠢᠩ ᠳ᠋ᠤ ᠲᠥᠪᠯᠡᠷᠡᠵᠦ᠂ ᠲᠤᠬᠠᠶ ᠵᠢᠨ ᠦᠶ᠎ᠡ ᠳ᠋ᠦ ᠪᠡᠶ᠎ᠡ ᠵᠢᠨ ᠭᠠᠷᠤᠯ ᠪᠠ ᠪᠠᠢᠷᠢ ᠰᠠᠭᠤᠷᠢ ᠵᠢᠨ ᠲᠠᠯ᠎ᠠ ᠪᠠᠷ ᠵᠥᠷᠢᠶ᠎ᠡ ᠲᠡᠶ ᠪᠣᠯᠤᠭ᠍ᠰᠠᠨ ᠢ᠋ ᠬᠠᠷᠠᠭᠣᠯᠣᠨ᠎ᠠ》 ᠭᠡᠵᠦ᠍ ᠳ᠋ᠦᠩ ᠵᠧ ᠶᠠᠷᠢᠨ᠎ᠠ᠃

ᠬᠠᠮᠪᠣ ᠵᠢᠨ ᠪᠠᠭᠤᠷᠢ ᠵᠢᠨ ᠭᠡᠷ ᠪᠠᠢᠱᠢᠩ ᠡᠴᠡ ᠪᠠᠰᠠ ᠶᠡᠬᠡ ᠬᠡᠮᠵᠢᠶᠡᠨ ᠤ᠋ ᠬᠡᠪ ᠤ᠋ᠨ ᠪᠤᠰᠤ ᠪᠠᠷ ᠦᠬᠦᠭᠰᠡᠨ ᠬᠦᠮᠦᠰ ᠤ᠋ᠨ ᠲᠠᠯᠠᠪᠠᠢ ᠢᠯᠡᠷᠡᠭᠦᠯᠵᠦ᠍ ᠂ ᠣᠨᠴᠠᠭᠠᠢᠯᠠᠨ ᠲᠡᠬᠦᠨ ᠤ᠋ ᠲᠣᠲᠣᠷᠠᠬᠢ 18 ᠲᠡᠭ᠌ᠰᠢ ᠳᠥᠷᠪᠡᠯᠵᠢᠨ ᠮᠧᠲ᠋ᠷ ᠪᠦᠬᠦᠢ ᠪᠠᠢᠱᠢᠩ ᠡᠴᠡ 97 ᠠᠷᠠᠬ ᠶᠠᠰᠣ ᠵᠢ ᠢᠯᠡᠷᠡᠭᠦᠯᠵᠦ᠍ ᠣᠯᠠᠨ ᠬᠦᠮᠦᠨ ᠢ᠋ ᠰᠣᠴᠢᠭᠠᠵᠠᠢ᠃ 《ᠬᠡᠭᠦᠷ ᠢ᠋ ᠵᠠᠳᠠᠯᠤᠨ ᠱᠢᠨᠵᠢᠯᠡᠬᠦ᠌᠎ᠪᠡᠷ ᠳᠡᠮᠵᠢᠨ ᠬᠠᠮᠪᠣ ᠵᠢᠨ ᠪᠠᠭᠣᠷᠢ ᠵᠢᠨ ᠵᠠᠯᠠᠭᠤᠰ ᠤ᠋ᠨ ᠵᠠᠷᠢᠮ ᠨᠢ ᠠᠶᠣᠯ ᠭᠠᠮᠱᠢᠭ ᠡᠴᠡ ᠮᠣᠯᠲᠣᠷᠠᠨ ᠠᠮᠢ ᠮᠡᠨᠲᠦ ᠭᠠᠷᠣᠬᠰᠠᠨ ᠪᠠᠢᠵᠦ ᠮᠡᠳᠡᠨ᠎ᠡ᠃ ᠲᠡᠳᠡ ᠭᠡᠷ ᠨᠤᠲᠤᠭ ᠡᠴᠡ ᠪᠠᠨ ᠠᠶᠠᠷᠯᠠᠵᠦ ᠠᠯᠣᠰ ᠬᠣᠯᠠ ᠭᠠᠵᠠᠷ ᠲᠦᠷᠪᠡᠨ ᠲᠣᠲᠠᠭᠠᠬᠰᠠᠨ ᠪᠠᠢᠵᠦ ᠮᠠᠭᠠᠳ ᠦᠭᠡᠶ᠂ ᠠᠯᠢ ᠡᠰᠡᠬᠦᠯ᠎ᠡ ᠬᠥᠷᠰᠢ ᠵᠡᠷᠭᠡᠯᠡᠳᠡᠭᠡ ᠵᠢᠨ ᠪᠤᠰᠤᠳ ᠠᠢᠮᠠᠬ ᠲᠦ᠍ ᠠᠭᠤᠰᠤᠬᠰᠠᠨ ᠪᠠᠢᠵᠦ ᠮᠡᠳᠡᠨ᠎ᠡ᠂ ᠱᠢᠨ᠎ᠡ ᠰᠠᠭᠤᠷᠢᠱᠢᠯ ᠳ᠋ᠦ ᠨᠣᠲᠣᠬᠰᠢᠵᠦ ᠠᠵᠤ ᠲᠥᠷᠥᠭᠰᠡᠨ ᠴᠦ᠍ ᠪᠠᠢᠵᠦ ᠮᠠᠭᠠᠳ ᠦᠭᠡᠶ ᠁》《ᠬᠠᠮᠪᠣ ᠵᠢᠨ ᠪᠠᠭᠣᠷᠢ ᠵᠢᠨ ᠨᠢᠭᠤᠴᠠ ᠵᠢ ᠬᠠᠢᠬᠣᠢ》 ᠭᠡᠬᠦ ᠮᠦᠽᠸᠢ ᠵᠢᠨ ᠦᠵᠡᠰᠬᠥᠯᠡᠨᠭ  ᠨᠢ ᠬᠥᠮᠦᠰ ᠲᠦ᠍ ᠬᠢᠵᠠᠭᠠᠯᠠᠰᠢ ᠦᠭᠡᠢ ᠬᠣᠯᠪᠣᠨ ᠪᠣᠲᠣᠯᠲᠠ ᠣᠯᠭᠣᠬᠣ ᠶᠣᠮ᠃

ᠦᠨᠢ ᠡᠷᠳᠡᠨ ᠤ᠋ ᠣᠯᠪᠠᠭ᠎ᠠ ᠳ᠋ᠡᠬᠢ ᠠᠭᠤᠰᠤᠯᠴᠠᠨ ᠬᠦᠭᠵᠢᠭᠰᠡᠨ ᠤᠯᠠ ᠮᠦᠷ

ᠴᠤᠤᠯ ᠭᠣᠣᠯ ᠤ᠋ᠨ ᠣᠰᠣ ᠵᠢ ᠯᠢᠶᠣᠤᠾᠧ ᠭᠣᠣᠯ ᠳ᠋ᠤ ᠲᠠᠳᠠᠬᠤ ᠢᠨᠵᠧᠨᠧᠷᠢᠩ ᠤ᠋ᠨ ᠭᠣᠣᠯ ᠱᠤᠭᠤᠮ ᠤ᠋ᠨ ᠲᠦᠷᠦᠯ ᠵᠦᠢᠯ ᠤ᠋ᠨ ᠪᠦᠳᠦᠭᠡᠨ ᠪᠠᠢᠭᠤᠯᠤᠯᠲᠠ ᠳ᠋ᠤ ᠬᠠᠮᠵᠢᠯᠴᠠᠬᠤ ᠵᠢᠨ ᠲᠥᠯᠥᠭᠡ ᠥᠷᠨᠢᠭᠦᠯᠦᠭᠰᠡᠨ ᠬᠠᠭᠤᠴᠢ ᠰᠤᠳᠤᠯᠤᠯ ᠤ᠋ᠨ ᠮᠠᠯᠲᠠᠯᠭ᠎ᠠ ᠨᠢ ᠬᠥᠮᠦᠰ ᠲᠦ᠍ ᠱᠢᠨ᠎ᠡ ᠢᠯᠡᠷᠡᠬᠦᠯᠦᠯᠲᠡ ᠣᠯᠭᠣᠵᠠᠢ᠃

《ᠪᠠᠭ᠎ᠠ ᠬᠦᠭᠡᠭᠡᠷ ᠤ᠋ᠨ ᠮᠠᠯᠲᠠᠯᠭ᠎ᠠ ᠡᠴᠡ ᠢᠯᠡᠷᠡᠬᠦᠯᠦᠭᠰᠡᠨ F1 ᠪᠣᠯᠤᠨ F2 ᠪᠠᠢᠰᠢᠩ ᠤ᠋ᠨ ᠪᠠᠭᠤᠷᠢ ᠪᠣᠯ ᠤᠯᠤᠰ ᠤ᠋ᠨ ᠳᠣᠲᠣᠭᠠᠳᠤ ᠳ᠋ᠤ ᠠᠩᠬ᠎ᠠ ᠤᠳᠠᠭ᠎ᠠ ᠵᠢᠩᠬᠢᠨᠢ ᠪᠡᠷ ᠮᠠᠯᠲᠠᠵᠤ ᠭᠠᠷᠭᠠᠭ᠍ᠰᠠᠨ ᠱᠢᠶᠡᠨᠪᠢ ᠵᠢᠨ ᠣᠷᠣᠨ ᠰᠠᠭᠤᠴᠠ ᠵᠢᠨ ᠪᠠᠭᠤᠷᠢ ᠪᠣᠯᠤᠨ᠎ᠠ᠂ ᠢᠯᠠᠩᠭᠤᠶ᠎ᠠ F1 ᠣᠷᠣᠨ ᠰᠠᠭᠤᠴᠠ ᠡᠴᠡ ᠮᠠᠯᠲᠠᠵᠤ ᠭᠠᠷᠭᠠᠭ᠍ᠰᠠᠨ ᠮᠣᠷᠢᠨ ᠲᠠᠬ᠎ᠠ ᠵᠢᠨ ᠬᠠᠳᠠᠭᠠᠰᠤ ᠨᠢ ᠱᠢᠶᠡᠨᠪᠢᠴᠣᠳ ᠡᠷᠲᠡ ᠦᠶ᠎ᠡ ᠡᠴᠡ ᠡᠬᠢᠯᠡᠨ ᠲᠠᠬ᠎ᠠ ᠬᠡᠷᠡᠭᠯᠡᠵᠦ ᠪᠠᠢᠬᠰᠠᠨ ᠭᠡᠳᠡᠭ ᠢ᠋ ᠭᠡᠷᠡᠴᠢᠯᠡᠪᠠ᠃ ᠡᠨᠡ ᠨᠢ ᠣᠳᠣᠬᠠᠨ ᠪᠣᠯᠲᠠᠯ᠎ᠠ ᠤᠯᠤᠰ ᠤ᠋ᠨ ᠳᠣᠲᠣᠭᠠᠳᠤ ᠡᠴᠡ ᠢᠯᠡᠷᠡᠭᠦᠯᠦᠭ᠌ᠰᠡᠨ ᠬᠠᠮᠤᠭ ᠤ᠋ᠨ ᠡᠷᠲᠡᠨ ᠤ᠋ ᠲᠠᠬ᠎ᠠ ᠵᠢᠨ ᠪᠣᠳᠠᠲᠤ ᠭᠡᠷᠡᠴᠢ ᠪᠠᠷᠢᠮᠲᠠ ᠪᠣᠯᠵᠤ ᠮᠡᠳᠡᠨ᠎ᠡ》 ᠭᠡᠵᠦ ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤᠨ ᠤ᠋ ᠮᠦᠽᠧᠢ ᠵᠢᠨ ᠳᠠᠷᠤᠭ᠎ᠠ ᠪᠠᠢ ᠭᠡᠷᠡᠯᠲᠦ ᠬᠡᠯᠡᠨ᠎ᠡ᠃

ᠱᠢᠶᠠᠨᠪᠢᠴᠣᠳ ᠶᠡᠬᠡ ᠬᠢᠩᠭᠠᠨ ᠳᠠᠪᠠᠭ᠎ᠠ ᠡᠴᠡ ᠪᠠᠷᠠᠭᠣᠨᠰᠢ ᠨᠡᠬᠦᠲᠡᠯᠯᠡᠨ ᠤᠮᠠᠷᠠᠲᠤ ᠸᠧᠶ ᠤᠯᠤᠰ ᠤ᠋ᠨ ᠬᠠᠭᠠᠨᠲᠤ ᠲᠥᠷᠥ ᠵᠢ ᠪᠠᠢᠭᠤᠯᠵᠤ᠂ ᠦᠨᠳᠦᠰᠦᠲᠡᠨ ᠤ᠋ ᠠᠭᠣᠰᠣᠯᠴᠠᠯ ᠳ᠋ᠤ ᠠᠰᠣᠷᠣ ᠶᠡᠬᠡ ᠬᠤᠪᠢ ᠨᠡᠮᠡᠷᠢ ᠦᠵᠡᠭᠦᠯᠵᠦ᠍᠂ ᠳᠤᠮᠳᠠᠳᠤ ᠤᠯᠤᠰ ᠤ᠋ᠨ ᠲᠡᠦᠬᠡᠨ ᠳ᠋ᠤ ᠲᠣᠪᠣᠢᠮ᠎ᠠ ᠪᠠᠢᠷᠢ ᠰᠠᠭᠤᠷᠢ ᠵᠢ ᠡᠵᠡᠯᠡᠭ᠌ᠰᠡᠨ ᠶᠤᠮ᠃

ᠭᠢᠷᠢᠨ ᠶᠡᠬᠡ ᠰᠤᠷᠭᠠᠭᠤᠯᠢ ᠵᠢᠨ ᠫᠷᠤᠹᠸᠰᠰᠤᠷ ᠵᠣᠣ ᠶᠦᠩ ᠴᠦᠨ 《ᠳᠤᠮᠳᠠᠳᠤ ᠤᠯᠤᠰ ᠤ᠋ᠨ ᠬᠠᠮᠲᠣ ᠵᠢᠨ ᠲᠠᠨᠢᠯᠲᠠ᠄ ᠬᠢᠯᠢ ᠬᠢᠵᠠᠭᠠᠷ ᠤ᠋ᠨ ᠦᠨᠳᠦᠰᠦᠲᠡᠨ ᠬᠢᠭᠡᠳ ᠳᠣᠲᠣᠷ ᠭᠠᠵᠠᠷ ᠤ᠋ᠨ ᠦᠨᠳᠦᠰᠦᠲᠡᠨ ᠤ᠋ 〈ᠨᠢᠭᠡᠳᠦᠮᠡᠯ ᠴᠢᠨᠠᠷ〉 ᠤ᠋ᠨ ᠰᠤᠳᠤᠯᠤᠯ》 ᠭᠡᠬᠦ᠌ ᠵᠣᠬᠢᠶᠠᠯ ᠳ᠋ᠠᠭᠠᠨ 《ᠲᠣᠪᠠ ᠱᠢᠶᠡᠨᠪᠢ ᠤᠮᠠᠷᠠᠲᠤ ᠸᠧᠶ ᠤᠯᠤᠰ ᠢ᠋ ᠪᠠᠢᠭᠤᠯᠵᠤ᠂ ᠬᠣᠸᠠᠩᠳᠢ ᠵᠢᠨ ᠬᠥᠪᠡᠭᠦᠨ ᠴᠠᠩ ᠢ ᠵᠢᠨ ᠣᠳᠬᠣᠨ ᠬᠦᠪᠡᠬᠦᠨ ᠱᠣᠸ᠋ ᠽᠢ ᠵᠢ ᠦᠪᠡᠷ ᠤ᠋ᠨ ᠶ᠋ᠢᠡᠨ ᠡᠪᠦᠭᠡ ᠳᠡᠭᠡᠳᠦᠰ ᠬᠡᠮᠡᠵᠦ᠂ 〈ᠶᠠᠨᠳᠢ ᠬᠣᠸᠠᠩᠳᠢ ᠵᠢᠨ ᠬᠣᠢᠴᠢᠰ〉 ᠬᠡᠮᠡᠨ ᠦᠪᠡᠷ ᠢ᠋ ᠪᠠᠨ ᠨᠡᠷᠡᠢᠳᠴᠦ ᠪᠠᠢᠬᠰᠠᠨ》 ᠭᠡᠵᠦ᠍ ᠳᠤᠷᠠᠳᠤᠨ ᠭᠠᠷᠭᠠᠵᠠᠶ᠃

ᠪᠠᠷᠠᠭᠤᠨ ᠯᠢᠶᠣᠤᠾᠧ ᠭᠣᠣᠯ ᠤ᠋ᠨ ᠰᠠᠪᠠ ᠭᠠᠵᠠᠷ ᠪᠣᠯ ᠱᠢᠶᠡᠨᠪᠢ᠂ ᠦᠬᠣᠸᠠᠨ᠂ ᠱ᠌ᠢᠸᠸᠢ᠂ ᠬᠢᠳᠠᠨ ᠵᠡᠷᠭᠡ ᠨᠡᠭᠦᠳᠡᠯᠴᠢᠨ ᠦᠨᠳᠦᠰᠦᠲᠡᠨ ᠤ᠋ ᠬᠥᠭ᠌ᠵᠢᠨ ᠮᠠᠨᠳᠤᠵᠦ᠂ ᠬᠣᠢᠰᠢ ᠣᠷᠣᠬᠰᠢ ᠲᠠᠢᠯᠠᠵᠦ ᠶᠠᠪᠣᠬᠰᠠᠨ ᠨᠣᠲᠣᠬ ᠪᠣᠯᠬᠤ ᠪᠥᠭᠡᠳ ᠪᠠᠰᠠ ᠴᠤ᠌ ᠡᠷᠲᠡᠨ ᠤ᠋ ᠤᠮᠠᠷᠠᠲᠤ ᠵᠢᠨ ᠲᠠᠯ᠎ᠠ ᠨᠤᠲᠤᠭ ᠤ᠋ᠨ ᠨᠡᠭᠦᠳᠡᠯ ᠮᠠᠯᠵᠢᠯ ᠎ᠤᠨ ᠰᠣᠶᠣᠯ ᠬᠢᠭᠡᠳ  ᠲᠤᠮᠳᠠᠳᠤ ᠣᠷᠣᠨ ᠤ᠋ ᠲᠠᠷᠢᠶᠠᠯᠠᠬᠤ ᠰᠣᠶᠣᠯ ᠤ᠋ᠨ ᠴᠢᠬᠤᠯᠠ ᠠᠭᠤᠯᠵᠠᠷ ᠣᠷᠣᠨ ᠪᠤᠯᠤᠨ᠎ᠠ᠃

ᠵᠢᠷᠭᠣᠭᠠᠨᠭᠡᠷ ᠤ᠋ᠨ ᠪᠠᠭᠤᠷᠢ ᠡᠴᠡ ᠣᠯᠳᠠᠭ᠍ᠰᠠᠨ ᠬᠣᠣᠰ ᠮᠣᠷᠢᠨ ᠤ᠋ ᠲᠣᠯᠣᠭᠠᠢᠲᠦ ᠠᠯᠲᠠᠨ ᠮᠧᠳᠠᠯ ᠤ᠋ᠨ ᠵᠢᠮᠰᠡᠭ ᠨᠢ ᠱᠢᠶᠡᠨᠪᠢ ᠬᠥᠮᠦᠨ ᠤ᠋ ᠮᠣᠷᠢ ᠵᠢ ᠪᠠᠬᠠᠷᠬᠠᠨ ᠬᠠᠢᠷᠠᠯᠠᠳᠠᠭ᠎ᠢ ᠭᠦᠢᠴᠡᠳ ᠢᠯᠡᠷᠡᠭᠦᠯᠵᠦ᠍᠂ ᠣᠷᠠᠯᠠᠵᠦ ᠰᠡᠢᠯᠦᠭᠰᠡᠨ ᠤᠷ᠎ᠠ ᠮᠡᠷᠭᠡᠵᠢᠯ ᠨᠢ ᠲᠤᠮᠳᠠᠳᠤ ᠣᠷᠣᠨ ᠤ᠋ ᠰᠣᠶᠣᠯ ᠤ᠋ᠨ ᠣᠨᠴᠠᠯᠢᠭ ᠢ᠋ ᠢᠯᠡᠷᠬᠡᠢ ᠬᠠᠲᠠᠭᠠᠯᠠᠬᠰᠠᠨ ᠠᠵᠢ᠃

ᠵᠠᠮᠲᠣ ᠳ᠋ᠡᠬᠢ ᠯᠢᠶᠣᠣ ᠣᠯᠣᠰ ᠤ᠋ᠨ ᠦᠶ᠎ᠡ ᠵᠢᠨ ᠣᠩᠭᠣᠨ ᠡᠴᠡ ᠣᠯᠳᠠᠭ᠍ᠰᠠᠨ ᠭᠤᠷᠪᠠᠨ ᠥᠩᠭᠡᠲᠦ ᠳᠥᠷᠪᠡᠯᠵᠢᠨ ᠲᠠᠪᠠᠭ ᠨᠢ ᠲᠠᠩ ᠤᠯᠤᠰ ᠤ᠋ᠨ ᠭᠤᠷᠪᠠᠨ ᠥᠩᠭᠡᠳᠤ ᠸᠠᠭᠠᠷ᠎ᠢ ᠱᠢᠲᠠᠭᠠᠨ ᠦᠢᠯᠡᠳᠬᠦ᠌ ᠮᠡᠷᠭᠡᠵᠢᠯ ᠢ᠋ ᠤᠯᠠᠮᠵᠢᠯᠠᠵᠤ᠂ ᠬᠡ ᠤᠭᠠᠯᠵᠠ ᠨᠢ ᠵᠦᠩᠶᠦᠸᠠᠨ ᠣᠷᠣᠨ ᠤ᠋ ᠤᠯᠠᠮᠵᠢᠯᠠᠯᠲᠤ ᠮᠠᠨᠳᠠᠷᠠᠸ᠎ᠠ ᠴᠡᠴᠡᠭ ᠤ᠋ᠨ ᠬᠡ ᠤᠭᠠᠯᠵᠠ ᠪᠣᠯᠬᠣ ᠪᠥᠭᠡᠳ ᠪᠠᠰᠠ ᠬᠢᠳᠠᠨ ᠦᠨᠳᠦᠰᠦᠲᠡᠨ ᠤ᠋ ᠡᠭᠦᠯᠡᠨ ᠬᠡ ᠵᠢ ᠣᠶᠠᠯᠲᠣᠭᠣᠯᠣᠬᠰᠠᠨ ᠪᠠᠢᠳᠠᠭ᠃

ᠲᠠᠬᠢᠮᠲᠠᠭᠣ ᠠᠮᠣᠷᠯᠢᠩᠭᠣᠢ ᠭᠡᠭᠡᠨ ᠰᠤᠤᠲᠦ ᠬᠣᠸᠠᠩᠬᠡᠦ ᠵᠢᠨ ᠲᠥᠷᠥᠭ᠌ᠰᠡᠨ ᠭᠠᠵᠠᠷ ᠪᠣᠯᠬᠣ ᠳᠠᠷᠬᠠᠨ ᠴᠢᠨ ᠸᠠᠩ ᠤ᠋ᠨ ᠣᠷᠳᠣᠨ ᠪᠣᠯ 《ᠶᠣᠰᠣᠯᠠᠯ》 ᠢ᠋ ᠡᠷᠬᠢᠮᠯᠡᠭᠰᠡᠨ ᠪᠠᠷᠢᠯᠭ᠎ᠠ ᠶ᠋ᠢᠨ ᠨᠡᠢᠲᠡᠯᠢᠭ ᠵᠢᠱᠶ᠋ᠶ᠎ᠡ ᠪᠣᠯᠬᠣ ᠶᠣᠮ᠃

ᠤᠨ ᠵᠢᠯ ᠤ᠋ᠨ ᠣᠷᠴᠢᠯ ᠳ᠋ᠦ ᠡᠨᠳᠡᠬᠢ ᠵᠢᠨ ᠬᠢᠨ ᠠᠭᠤᠰᠤᠯᠴᠠᠨ ᠬᠦᠭᠵᠢᠵᠤ ᠱᠢᠨ᠎ᠡ ᠵᠢ ᠡᠭᠦᠳᠬᠦ᠌ ᠴᠤᠭ ᠵᠢᠪᠬᠤᠭ᠎ᠠ ᠪᠠᠨ ᠪᠠᠷᠢᠮᠲᠠᠯᠠᠵᠦ᠂ 《ᠡᠶ᠎ᠡ ᠨᠠᠢᠷᠲᠠᠢ ᠪᠠᠷ ᠬᠠᠮᠲᠤ ᠣᠷᠣᠱᠢᠬᠤ》 ᠤᠶᠤᠨ ᠤᠬᠠᠭᠠᠨ ᠶ᠋ᠢᠡᠷ ᠳᠤᠮᠳᠠᠳᠤ ᠵᠢᠨ ᠦᠨᠳᠦᠰᠦᠲᠡᠨ ᠤ᠋ ᠬᠠᠮᠲᠤ ᠵᠢᠨ ᠴᠣᠭ᠍ᠴᠠ ᠵᠢᠨ ᠠᠮᠢᠳᠤᠯᠢᠭ ᠵᠢᠱᠶ᠋ᠶ᠎ᠡ ᠪᠣᠯᠣᠬᠰᠠᠨ ᠪᠢᠯᠡ᠃

ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠳᠡᠯᠡᠬᠡᠶ ᠵᠢ ᠵᠣᠷᠢᠬᠰᠠᠨ ᠠᠶᠠᠨ

ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤᠨ ᠤ᠋ ᠮᠦᠽᠧᠢ ᠵᠢᠨ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠦᠵᠡᠭᠦᠯᠭᠡ ᠵᠢᠨ ᠲᠢᠩᠬᠢᠮ ᠳ᠋ᠤ ᠮᠣᠩᠭᠣᠯ ᠬᠤᠪᠴᠠᠰᠤ ᠵᠠᠰᠠᠯ᠂ ᠮᠣᠩᠭᠣᠯ ᠦᠨᠳᠦᠰᠦᠲᠡᠨ ᠤ᠋ ᠬᠠᠳᠭᠤᠮᠠᠯ᠂ ᠳᠥᠷᠪᠡᠨ ᠤᠲᠠᠰᠤᠲᠤ ᠬᠤᠭᠤᠷ᠂ ᠮᠣᠩᠭᠣᠯ ᠬᠦᠵᠢ ᠬᠢᠬᠦ᠌ ᠤᠷ᠎ᠠ ᠮᠡᠷᠭᠡᠵᠢᠯ ᠵᠡᠷᠭᠡ 18 ᠵᠦᠶ᠋ᠯ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠢ᠋ ᠳᠡᠯᠭᠡᠨ ᠦᠵᠡᠭᠦᠯᠵᠤ ᠪᠠᠢᠨ᠎ᠠ᠃ 《ᠪᠢᠳᠡᠨ ᠤ᠋ ᠡᠨᠳᠡ ᠪᠣᠳᠠᠰ ᠤ᠋ᠨ ᠪᠤᠰᠤ ᠰᠣᠶᠣᠯ ᠤ᠋ᠨ ᠥᠪ ᠪᠣᠯ ᠦᠵᠡᠬᠦᠯᠭᠡ ᠵᠢᠨ ᠬᠡᠪ ᠵᠠᠭ᠍ᠪᠤᠷ ᠪᠢᠰᠢ᠂ ᠬᠠᠷᠢᠨ ᠰᠣᠶᠣᠯ ᠤ᠋ᠨ ᠨᠡᠬᠦᠲᠡᠯ ᠠᠮᠢᠳᠤᠷᠠᠯ ᠤ᠋ᠨ ᠬᠦᠴᠦᠨ ᠮᠥᠨ》 ᠭᠡᠵᠦ᠍ ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤᠨ ᠤ᠋ ᠰᠣᠶᠣᠯ ᠤ᠋ᠨ ᠥᠪ ᠢ᠋ ᠬᠠᠮᠠᠭᠠᠯᠠᠬᠣ ᠲᠥᠪ ᠤ᠋ᠨ ᠡᠷᠬᠢᠯᠡᠭ᠌ᠴᠢ ᠪᠦᠦ ᠱᠢᠶᠠᠩ ᠢᠦᠢ ᠬᠡᠯᠡᠨ᠎ᠠ᠃

ᠤᠪᠤᠭ᠎ᠠ ᠰᠤᠮᠤ ᠵᠢᠨ ᠪᠠᠶᠠᠠᠠᠤᠪᠤᠭ᠎ᠠ ᠭᠠᠴᠠᠭ᠎ᠠ ᠵᠢᠨ ᠬᠠᠳᠭᠤᠮᠠᠯ ᠤ᠋ᠨ ᠦᠢᠯᠡᠳᠭᠡᠯ ᠤ᠋ᠨ ᠭᠠᠵᠠᠷ ᠲᠦ᠍ 30 ᠭᠠᠷᠤᠢ ᠬᠠᠳᠭᠤᠮᠠᠯᠴᠢᠨ ᠪᠦᠰᠡᠬᠦᠢ ᠬᠦᠪᠦᠯᠵᠡᠬᠦ ᠡᠭᠦᠯᠡ᠂ ᠬᠣᠷᠲᠣᠨ ᠬᠦᠯᠦᠭ᠂ ᠬᠣᠸᠠᠷ ᠴᠡᠴᠡᠭ ᠵᠡᠷᠭᠡ ᠵᠢ ᠬᠤᠪᠴᠠᠰᠤ ᠬᠤᠨᠠᠷ ᠲᠦ᠍ ᠬᠠᠳᠬᠣᠮᠠᠯᠯᠠᠨ ᠣᠷᠠᠯᠠᠵᠦ ᠶᠠᠭᠠᠷᠠᠯᠳᠤᠨ᠎ᠠ᠃ ᠦᠶ᠋ᠯᠡᠳᠭᠡᠯ ᠤ᠋ᠨ ᠭᠠᠵᠠᠷ ᠤ᠋ᠨ ᠬᠢᠨ 《ᠵᠠᠰᠠᠭ ᠤ᠋ᠨ ᠣᠷᠳᠣᠨ + ᠲᠣᠰᠭᠣᠨ ᠤ᠋ ᠬᠠᠮᠲᠤ ᠨᠡᠢᠲᠡ + ᠠᠵᠤ ᠠᠬᠤᠢᠯᠠᠯ + ᠮᠠᠯᠴᠢᠨ ᠲᠠᠷᠢᠶᠠᠴᠢᠨ》 ᠤ᠋ ᠡᠵᠡᠩᠨᠡᠯᠲᠡ ᠵᠢᠨ ᠵᠠᠭ᠍ᠪᠤᠷ ᠵᠢᠡᠷ ᠵᠢᠯ ᠳ᠋ᠤ ᠲᠦᠮᠡ ᠭᠠᠷᠤᠶ ᠵᠠᠬ᠎ᠠ ᠦᠨᠳᠦᠰᠦᠲᠡᠨ ᠤ᠋ ᠬᠤᠪᠴᠠᠰᠤ ᠣᠷᠠᠯᠠᠨ ᠤᠶᠤᠵᠤ᠂ ᠬᠠᠳᠭᠤᠮᠠᠯᠴᠢᠨ ᠨᠢᠭᠡᠪᠦᠷᠢ ᠵᠢᠨ ᠵᠢᠯ ᠤ᠋ᠨ ᠲᠣᠮᠲᠠᠴᠢ ᠣᠷᠣᠯᠭ᠎ᠠ 3 ᠲᠦᠮᠡᠨ ᠲᠥᠭᠥᠷᠢᠭ ᠨᠡᠮᠡᠭ᠌ᠳᠡᠵᠡᠢ᠃

ᠪᠦᠦ ᠺᠠᠩ ᠪᠠᠯᠭᠠᠰᠤ ᠵᠢᠨ ᠪᠠᠶᠠᠨᠬᠤᠱᠢᠭᠤ ᠭᠠᠴᠠᠭᠠᠨ ᠤ᠋ ᠮᠣᠩᠭᠣᠯ ᠬᠦᠵᠢ ᠬᠢᠬᠦ ᠦᠢᠯᠡᠳᠪᠦᠷᠢ ᠨᠢ ᠴᠢᠩ ᠤᠯᠤᠰ ᠤ᠋ᠨ ᠡᠩᠬᠡ ᠠᠮᠤᠭᠤᠯᠠᠩ ᠤ᠋ᠨ ᠦᠶ᠎ᠡ ᠡᠴᠡ ᠡᠭᠦᠰᠦᠯ ᠲᠠᠢ ᠬᠦᠵᠢ ᠬᠢᠬᠦ ᠮᠡᠷᠭᠡᠵᠢᠯ ᠢ᠋ ᠣᠲᠣᠬᠠᠨ ᠪᠣᠯᠲᠠᠯ᠎ᠠ ᠣᠯᠠᠮᠵᠢᠯᠠᠵᠦ᠂ 《 ᠬᠠᠭ᠍ᠰᠠᠭᠠᠬᠤ᠂ ᠬᠠᠭᠤᠷᠬᠤ᠂ ᠤᠲᠤᠬᠤ᠂ ᠴᠢᠨᠠᠬᠤ᠂ ᠳᠡᠪᠲᠦᠭᠡᠬᠦ᠂ ᠪᠣᠴᠠᠯᠭᠠᠬᠣ᠂ ᠣᠶᠠᠬᠣ᠂ ᠨᠣᠷᠭᠠᠬᠤ᠂ ᠲᠡᠵᠢᠭᠡᠬᠦ᠂ ᠳᠡᠭᠦᠵᠢᠯᠡᠬᠦ᠌》 ᠵᠡᠷᠭᠡ 10 ᠳᠠᠷᠠᠭᠠᠯᠠᠯ ᠢ᠋ ᠪᠠᠷᠢᠮᠲᠠᠯᠠᠭ᠍ᠰᠠᠭᠠᠷ᠃ ᠬᠦᠵᠢ ᠵᠢᠨ ᠦᠢᠯᠡᠳᠪᠦᠷᠢ ᠵᠢᠨ ᠪᠦᠲᠦᠭᠡᠭ᠌ᠳᠡᠬᠦᠨ ᠨᠢ ᠮᠠᠯᠠᠢ᠌ᠱᠢᠶ᠎ᠠ᠂ ᠶᠠᠫᠣᠨ ᠵᠡᠷᠭᠡ 10 ᠭᠠᠷᠤᠢ ᠤᠯᠤᠰ ᠲᠦ᠍ ᠪᠣᠷᠣᠯᠠᠭᠤᠯᠤᠭ᠍ᠳᠠᠵᠤ᠂ ᠰᠦᠯᠵᠢᠶᠡᠨ ᠤ᠋ ᠱᠢᠭᠤᠳ ᠨᠡᠪᠲᠡᠷᠡᠭᠦᠯᠭᠡ ᠵᠢᠨ ᠲᠠᠰᠣᠬ ᠲᠦ᠍ ᠬᠦᠬᠡ ᠤᠲᠤᠭ᠎ᠠ ᠰᠤᠭᠤᠨᠠᠭ᠍ᠯᠠᠭ᠍ᠰᠠᠨ ᠠᠩᠬᠢᠯᠣᠮ᠎ᠠ ᠬᠦᠵᠢ ᠨᠢ ᠵᠠᠯᠠᠭᠤᠴᠤᠳ ᠤ᠋ᠨ ᠪᠠᠬᠠᠷᠬᠠᠯ ᠢ᠋ ᠲᠠᠲᠠᠬᠰᠠᠨ 《ᠳᠣᠷᠣᠨᠠᠳᠠᠬᠢᠨ ᠤ᠋ ᠰᠣᠲᠣᠨ ᠦᠨᠦᠷ》 ᠪᠣᠯᠤᠭ᠍ᠰᠠᠨ ᠪᠠᠢᠨ᠎ᠠ᠃

ᠦᠪ ᠵᠣᠵᠠᠭᠠᠨ ᠰᠣᠶᠣᠯ ᠤ᠋ᠨ ᠭᠸᠨ ᠳ᠋ᠤ ᠤᠳᠤ ᠦᠶ᠎ᠡ ᠵᠢᠨ ᠨᠡᠢᠭᠡᠮ ᠤ᠋ᠨ ᠦᠷᠳᠡᠭ ᠢ᠋ ᠠᠭᠣᠰᠣᠯᠴᠠᠭᠣᠯᠣᠨ ᠨᠡᠢᠳᠭᠡᠪᠡᠯ ᠰᠠᠶᠢ ᠯᠣᠲᠣ ᠶᠡᠬᠡ ᠰᠣᠶᠣᠯ ᠤ᠋ᠨ ᠡᠨᠧᠷᠭᠢ ᠬᠢᠭᠡᠳ ᠵᠠᠬ᠎ᠠ ᠳᠡᠯᠭᠡᠭᠦᠷ ᠤ᠋ᠨ ᠲᠠᠯᠳᠠ ᠬᠦᠴᠦᠨ ᠢ᠋ ᠪᠠᠳᠠᠷᠠᠭᠤᠯᠵᠤ ᠴᠢᠳᠠᠨ᠎ᠠ᠃ 《ᠪᠣᠲᠠᠰ ᠤ᠋ᠨ ᠪᠣᠰᠣ ᠰᠣᠶᠣᠯ ᠤ᠋ᠨ ᠦᠪ ᠤ᠋ᠨ ᠵᠠᠯᠭᠠᠮᠵᠢᠯᠠᠭ᠍ᠴᠢ ᠵᠢ ᠪᠣᠯᠪᠠᠰᠤᠷᠠᠭᠤᠯᠬᠣ ᠲᠥᠯᠥᠪᠯᠡᠭᠡ》 ᠵᠢ ᠬᠡᠷᠡᠭᠵᠢᠬᠦᠯᠬᠦ᠂ 《ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠦᠶ᠋ᠯᠡᠳᠭᠡᠯ ᠤ᠋ᠨ ᠭᠠᠵᠠᠷ ᠢ᠋ ᠬᠢᠨᠡᠨ ᠲᠣᠭ᠍ᠲᠠᠭᠠᠬᠤ ᠪᠠᠷᠢᠮᠵᠢᠶ᠎ᠠ》 ᠵᠢ ᠲᠣᠬᠲᠠᠭᠠᠬᠤ᠂ 《ᠰᠦᠯᠵᠢᠶᠡᠨ ᠳᠡᠭᠡᠷ᠎ᠡ + ᠠᠬᠤᠢ ᠲᠠᠯᠠᠪᠠᠢ》 ᠵᠢᠨ ᠪᠣᠷᠣᠯᠠᠭᠤᠯᠭ᠎ᠠ ᠵᠢᠨ ᠲᠠᠪᠴᠠᠩ ᠢ᠋ ᠪᠠᠢᠭᠤᠯᠬᠣ ᠭᠡᠬᠦᠴᠢᠯᠡᠨ ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤᠨ ᠤ᠋ ᠪᠣᠳᠠᠰ ᠤ᠋ᠨ ᠪᠤᠰᠤ ᠰᠣᠶᠣᠯ ᠤ᠋ᠨ ᠥᠪ ᠢ᠋ ᠬᠠᠮᠠᠭᠠᠯᠠᠬᠣ ᠠᠵᠢᠯ ᠳ᠋ᠤ ᠨᠢᠬᠡᠨᠳᠡ 《ᠰᠣᠶᠣᠯ ᠤ᠋ᠨ ᠥᠷᠲᠡᠭ ᠬᠢᠭᠡᠳ ᠠᠵᠤ ᠠᠬᠤᠶ ᠵᠢᠨ ᠥᠷᠲᠡᠭ ᠬᠠᠮᠲᠤ ᠣᠷᠣᠱᠢᠵᠦ᠂ ᠤᠯᠠᠮᠵᠢᠯᠠᠯᠲᠤ ᠭᠸᠨ ᠬᠢᠭᠡᠳ ᠣᠲᠣ ᠦᠶ᠎ᠡ ᠵᠢᠨ ᠡᠯᠧᠮᠧᠨ᠋ᠲ ᠢ᠋ ᠠᠭᠤᠰᠤᠯᠴᠠᠭᠤᠯᠬᠤ》 ᠱᠢᠨ᠎ᠡ ᠵᠠᠮ ᠢ᠋ ᠨᠡᠭᠡᠭᠡᠪᠡ᠃

ᠬᠠᠮᠪᠣ ᠵᠢᠨ ᠪᠠᠭᠤᠷᠢ ᠵᠢ ᠰᠤᠳᠤᠯᠬᠤ ᠰᠠᠭᠤᠷᠢᠨ ᠤ᠋ ᠪᠠᠢᠭᠤᠯᠤᠯᠲᠠ ᠵᠢᠨ ᠲᠥᠷᠥᠯ ᠵᠦᠶ᠋ᠯ ᠢ᠋ ᠬᠡᠷᠡᠭᠵᠢᠬᠦᠯᠬᠦ᠂ ᠲᠣᠮᠣ ᠬᠡᠯᠪᠡᠷᠢ ᠵᠢᠨ ᠰᠣᠶᠣᠯ ᠵᠢᠭᠤᠯᠴᠢᠯᠠᠯ ᠤ᠋ᠨ ᠠᠵᠢᠯᠯᠠᠭ᠎ᠠ ᠥᠷᠨᠢᠭᠦᠯᠬᠦ᠂ ᠬᠣᠷᠴᠢᠨ ᠵᠡᠭᠦᠨ ᠭᠠᠷᠤᠨ ᠳᠤᠮᠳᠠᠳᠤ ᠬᠣᠱᠢᠭᠤᠨ ᠤ᠋ ᠣᠨᠴᠠᠯᠢᠭ ᠪᠦᠬᠦᠢ ᠰᠣᠶᠣᠯ ᠤ᠋ᠨ ᠪᠦᠲᠦᠭᠡᠯᠴᠢ ᠦᠢᠯᠡᠳᠬᠦᠨ ᠢ᠋ ᠨᠡᠭᠡᠭᠡᠨ ᠬᠥᠭ᠌ᠵᠢᠭᠦᠯᠬᠦ ᠵᠡᠷᠭᠡ ᠠᠯᠢ ᠣᠯᠠᠨ ᠱᠢᠨ᠎ᠡ ᠲᠥᠯᠥᠪᠯᠡᠭᠡ ᠵᠢ ᠪᠣᠲᠠᠲᠠᠢ ᠬᠡᠷᠡᠭ᠌ᠵᠢᠭᠦᠯᠬᠦ᠌ ᠨᠠᠷᠢᠨ ᠲᠠᠩᠰᠠᠨ ᠳ᠋ᠤ ᠵᠢᠬᠰᠠᠭᠠᠪᠠ᠃ ᠯᠠᠪᠳᠠᠭᠤᠨ ᠪᠠᠲᠣᠲᠠᠢ ᠡᠳᠡᠭᠡᠷ ᠦᠢᠯᠡᠳᠦᠯᠭᠡ ᠨᠢ ᠤᠮᠠᠷᠠᠲᠤ ᠬᠢᠯᠢ ᠵᠢᠨ ᠰᠣᠶᠣᠯ ᠤ᠋ᠨ ᠴᠡᠴᠡᠭ᠌ᠯᠡᠯᠲᠡ ᠵᠢᠨ ᠦᠷᠭᠡᠨ ᠮᠦᠷᠡᠨ ᠳ᠋ᠦ ᠡᠷᠴᠢᠲᠦ ᠴᠢᠳᠬᠣᠯᠠᠩ ᠪᠣᠯᠵᠦ ᠠᠭᠣᠰᠤᠨ ᠢᠲᠡ ᠬᠦᠴᠦ ᠨᠡᠮᠡᠷᠢᠯᠡᠬᠦ ᠨᠢ ᠯᠠᠪᠲᠠᠢ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠬᠦᠰᠡᠯᠡᠩ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号