ᠬᠤᠷᠴᠢᠨ ᠵᠡᠭᠦᠨ ᠭᠠᠷᠤᠨ ᠬᠤᠢᠲᠦ ᠬᠤᠰᠢᠭᠤ — ᠠᠳᠤᠭᠤᠨ ᠰᠤᠶᠤᠯ ᠤ᠋ᠨ ᠥᠨᠢ ᠤᠳᠠᠭᠠᠨ ᠲᠡᠦᠬᠡ ᠲᠡᠶ ᠡᠷᠡᠯᠬᠡᠭ ᠵᠤᠷᠢᠭᠳᠠᠨ ᠤ᠋ ᠨᠤᠲᠤᠭ
2025-07-28 16:17:34
ᠵᠣᠬᠢᠶᠠᠭ᠍ᠴᠢ᠄
ᠱᠢᠤᠢ ᠱᠢᠶᠤᠤ ᠯᠠᠨ ᠰᠥᠩ ᠱᠤᠸᠠᠩ
ᠣᠩᠱᠢᠭ᠍ᠰᠠᠨ ᠣᠳᠠᠭ᠎ᠠ᠄
★★★☆☆

ᠲᠦᠯᠬᠡᠨ ᠤᠷᠤᠰᠬᠠᠯᠳᠦ ᠪᠠᠷᠠᠭᠤᠨ ᠯᠢᠶᠣᠤᠾᠧ ᠭᠣᠣᠯ ᠦᠶᠡᠯᠵᠡᠨ ᠤᠷᠤᠰᠴᠤ᠌᠂ ᠲᠦᠮᠡᠨ ᠪᠤᠳᠠᠰ ᠢ᠋ ᠤᠮᠳᠠᠯᠠᠨ ᠵᠡᠭᠦᠨ ᠯᠢᠶᠣᠤᠾᠧ ᠭᠣᠣᠯ ᠲᠠᠶ ᠨᠠᠢᠯᠠᠵᠤ᠂ ᠡᠮᠦᠨ᠎ᠠ ᠵᠦᠭ ᠢ᠋ ᠵᠤᠷᠢᠨ ᠲᠡᠮᠡᠥᠯᠤᠨ᠎ᠠ᠃

ᠪᠢᠨᠳᠤᠷᠢᠶᠠᠨ ᠨᠠᠭᠤᠷ ᠲᠦ᠍ ᠬᠦᠷᠢᠶᠡᠯᠡᠭ᠌ᠳᠡᠭ᠌ᠰᠡᠨ ᠱᠤᠩᠬᠤᠷ ᠤ᠋ᠨ ᠠᠭᠤᠯᠠ᠎ᠬᠥᠮᠦᠨ ᠪᠠᠢᠭᠠᠯᠢ ᠡᠶ᠎ᠠ ᠵᠤᠬᠢᠴᠠᠭᠰᠠᠨ ᠠᠮᠢ ᠠᠬᠤᠶ ᠶ᠋ᠢᠨ ᠢᠷᠠᠭᠤ ᠦᠵᠡᠮᠵᠢ ᠵᠢ ᠳᠡᠯᠭᠡᠨ᠎ᠡ᠃

ᠳᠥᠷᠪᠡᠨ ᠤᠲᠠᠰᠤᠲᠤ ᠬᠤᠭᠤᠷ ᠤ᠋ᠨ ᠬᠦᠭ ᠲᠦ᠍ ᠮᠣᠩᠭᠣᠯ ᠮᠣᠷᠢ ᠬᠤᠷᠳᠤᠯᠠᠨ ᠲᠠᠪᠬᠢᠵᠤ᠂ ᠮᠤᠷᠢᠨ ᠲᠤᠭᠤᠷᠠᠶ ᠡᠴᠡ ᠨᠢ ᠲᠡᠰᠪᠦᠷᠢ ᠬᠠᠲᠠᠭᠤᠵᠢᠯ᠎ᠬᠢᠭᠡᠳ ᠦᠶ᠎ᠡ ᠤᠯᠠᠷᠢᠨ ᠤᠯᠠᠮᠵᠢᠯᠠᠭ᠍ᠳᠠᠵᠤ ᠪᠠᠢᠭ᠎ᠠ ᠰᠣᠶᠣᠯ ᠤ᠋ᠨ ᠨᠢᠭᠤᠴᠠ ᠲᠡᠮᠳᠡᠭ ᠬᠠᠷᠠᠭᠳᠠᠨ᠎ᠠ᠃

ᠲᠦᠩᠯᠢᠶᠤᠤ ᠬᠤᠳᠠ ᠵᠢᠨ ᠬᠣᠷᠴᠢᠨ ᠵᠡᠭᠦᠨ ᠭᠠᠷᠤᠨ ᠬᠣᠢᠲᠤ ᠬᠣᠱᠢᠭᠤ ᠥᠨᠢ ᠤᠳᠠᠭᠠᠨ ᠲᠡᠥᠬᠡ ᠶ᠋ᠢᠨ ᠤᠷᠴᠢᠯ ᠳ᠋ᠦ ᠡᠴᠦᠰ ᠲᠡᠬᠡᠨ ᠤᠮᠠᠷᠠᠲᠤ ᠬᠢᠯᠢ ᠶ᠋ᠢᠨ ᠰᠣᠶᠣᠯ ᠢ᠋ ᠣᠢᠯᠠᠭᠠᠬᠤ ᠴᠢᠬᠤᠯᠠ ᠨᠢᠬᠡᠨ ᠴᠣᠩᠬᠣᠪᠴᠢ ᠪᠣᠯᠤᠭ᠍ᠰᠠᠨ ᠶᠤᠮ᠃

ᠰᠦᠷᠯᠢᠭ ᠦᠵᠡᠮᠵᠢᠳᠦ ᠠᠭᠤᠯᠠ ᠤᠰᠤ  ᠰᠤᠶᠤᠯ  ᠲᠡᠥᠬᠡ ᠶ᠋ᠢᠨ ᠰᠤᠳᠤᠨ ᠰᠠᠢᠬᠠᠨ ᠢ᠋  ᠦᠬᠦᠯᠡᠨ᠎ᠠ

ᠬᠣᠷᠴᠢᠨ ᠵᠡᠭᠦᠨ ᠭᠠᠷᠤᠨ ᠬᠣᠢᠲᠤ ᠬᠣᠱᠢᠭᠤᠨ ᠤ᠋ ᠮᠦᠽᠧᠶ ᠳ᠋ᠦ ᠲᠡᠥᠬᠡ ᠶ᠋ᠢᠨ ᠲᠤᠷᠠᠰᠬᠠᠯᠳᠦ ᠵᠦᠢᠯᠡᠰ ᠤ᠋ᠨ ᠥᠯᠢᠭᠡᠷ ᠬᠡᠪ ᠤ᠋ᠳ ᠲᠣᠭᠣᠷᠢᠨ ᠦᠵᠡᠭ᠌ᠴᠢᠳ ᠤ᠋ᠨ ᠬᠠᠷᠠᠭ᠎ᠠ ᠵᠢ ᠪᠤᠯᠢᠶᠠᠨ᠎ᠠ᠃ ᠪᠠᠯᠠᠷ ᠡᠷᠲᠡᠨ ᠤ᠋ ᠦᠶ᠎ᠡ ᠡᠴᠡ ᠡᠬᠢᠯᠡᠨ ᠤᠷᠢᠳᠤᠰ ᠳᠡᠭᠡᠳᠦᠰ ᠡᠨᠡ ᠬᠦ᠌ ᠨᠤᠲᠤᠭ ᠳᠡᠪᠢᠰᠭᠡᠷ ᠳᠡᠭᠡᠷ᠎ᠡ ᠱᠢᠷᠭᠠᠭᠤ ᠬᠥᠳᠡᠯᠮᠦᠷᠢ ᠪᠡᠷ ᠢ᠋ᠶ᠋ᠡᠨ ᠲᠡᠥᠬᠡ ᠵᠢ ᠪᠦᠲᠦᠭᠡᠵᠦ᠍᠂ ᠡᠷᠬᠢᠮ ᠨᠠᠨᠳᠢᠨ ᠥᠪ ᠬᠦᠷᠦᠩᠭᠡ ᠦᠯᠡᠳᠡᠭᠡᠭ᠌ᠰᠡᠨ ᠶᠤᠮ᠃

ᠪᠠᠷᠠᠭᠤᠨ ᠯᠢᠶᠣᠤᠾᠧ ᠭᠣᠣᠯ ᠶᠠᠭ ᠯᠠ ᠴᠠᠭ ᠮᠥᠴᠡ ᠶ᠋ᠢᠨ ᠬᠣᠯᠪᠣᠭᠠᠰᠤ ᠮᠡᠲᠦ ᠪᠠᠢᠵᠤ᠂ ᠱᠢᠩ ᠯᠦᠩ ᠸᠠ ᠶ᠋ᠢᠨ ᠰᠣᠶᠣᠯ᠂ ᠵᠤᠤ ᠪᠦᠦ ᠭᠸᠤ ᠰᠣᠶᠣᠯ᠂ ᠬᠤᠩᠱᠠᠨ ᠰᠣᠶᠣᠯ᠂ ᠱᠢᠶᠠ ᠵᠢᠶᠠ ᠳ᠋ᠢᠶᠠᠨ ᠤ᠋ ᠳᠤᠤᠷᠠᠳᠤ ᠳᠠᠪᠬᠤᠷᠭ᠎ᠠ ᠶ᠋ᠢᠨ ᠰᠣᠶᠣᠯ ᠡᠨᠡ ᠭᠠᠵᠠᠷ ᠲᠦ᠍ ᠬᠥᠭ᠌ᠵᠢᠨ ᠮᠠᠨᠳᠤᠵᠦ ᠤᠷᠤᠭᠤᠳᠠᠨ ᠲᠤᠷᠤᠢᠳᠠᠭᠰᠠᠨ ᠢ᠋ ᠦᠬᠦᠯᠡᠨ ᠤᠷᠤᠰᠤᠨ᠎ᠠ᠃

ᠬᠣᠷᠴᠢᠨ ᠵᠡᠭᠦᠨ ᠭᠠᠷᠤᠨ ᠬᠣᠢᠲᠤ ᠬᠣᠱᠢᠭᠤᠨ ᠤ᠋ ᠮᠦᠽᠧᠶ ᠳ᠋ᠦ ᠳᠡᠯᠭᠡᠨ ᠦᠵᠡᠭᠦᠯᠵᠦ᠍ ᠪᠠᠢᠭ᠎ᠠ ᠬᠠᠰ ᠡᠳ᠋ᠯᠡᠯ᠂ ᠬᠣᠪᠣᠷ ᠨᠠᠨᠳᠢᠨ ᠬᠠᠰ ᠰᠣᠨᠳᠣᠷ᠂ ᠪᠠᠰᠠ ᠠᠩ ᠠᠩᠨᠠᠯ ᠤ᠋ᠨ ᠬᠡᠷᠡᠭ᠌ᠴᠡᠭᠡ ᠡᠴᠡ ᠠᠭᠠᠵᠢᠮ ᠢ᠋ᠶ᠋ᠠᠷ  ᠡᠷᠬᠡ  ᠶ᠋ᠢᠨ  ᠪᠡᠯᠭᠡ  ᠲᠡᠮᠳᠡᠭ ᠪᠣᠯᠤᠭ᠍ᠰᠠᠨ ᠬᠠᠰ ᠬᠢᠲᠤᠭ᠎ᠠ ᠬᠠᠰ ᠰᠦᠬᠡ ᠨᠢ ᠪᠠᠷᠠᠭᠤᠨ ᠯᠢᠶᠣᠤ ᠾᠧ ᠭᠣᠣᠯ ᠤ᠋ᠨ ᠰᠠᠪᠠ ᠭᠠᠵᠠᠷ ᠤ᠋ᠨ ᠱᠢᠨ᠎ᠡ ᠴᠢᠯᠠᠭᠤᠨ ᠵᠡᠪᠰᠡᠭ ᠤ᠋ᠨ ᠦᠶ᠎ᠡ ᠶ᠋ᠢᠨ ᠬᠥᠭ᠌ᠵᠢᠯᠲᠡ ᠶ᠋ᠢᠨ ᠲᠦᠪᠰᠢᠨ ᠢ᠋ ᠬᠠᠷᠠᠭᠤᠯᠵᠤ ᠪᠠᠢᠨ᠎ᠠ᠃

2003 ᠣᠨ ᠳ᠋ᠦ ᠲᠤᠭᠤᠯᠵᠢᠨ ᠠᠭᠤᠯᠠ ᠡᠴᠡ ᠯᠢᠶᠣᠤ ᠤᠯᠤᠰ ᠤ᠋ᠨ ᠣᠩᠭᠣᠨ ᠢ᠋ ᠢᠯᠡᠷᠡᠬᠦᠯᠵᠦ᠂ ᠮᠢᠩᠭᠠᠨ ᠵᠢᠯ ᠤ᠋ᠨ ᠡᠷᠲᠡᠨ ᠤ᠋ ᠣᠩᠭᠣᠨ ᠨᠢ 2003 ᠣᠨ ᠤ᠋ 《ᠪᠦᠬᠦ᠌ ᠤᠯᠤᠰ ᠤ᠋ᠨ ᠠᠷᠪᠠᠨ ᠶᠡᠬᠡ ᠬᠠᠭᠤᠴᠢ ᠰᠤᠳᠤᠯᠤᠯ ᠤ᠋ᠨ ᠱᠢᠨ᠎ᠡ ᠢᠯᠡᠷᠡᠭᠦᠯᠦᠯᠲᠡ》 ᠶ᠋ᠢᠨ ᠢᠷᠠᠭᠤ ᠠᠯᠳᠠᠷ ᠢ᠋ ᠲᠤᠰᠴᠠᠢ᠃

ᠰᠤᠳᠤᠯᠭᠠᠲᠠᠳ ᠤ᠋ᠨ ᠦᠵᠡᠬᠦ᠌ ᠪᠡᠷ᠂ ᠣᠩᠭᠣᠨ ᠳᠣᠲᠣᠷ᠎ᠠ ᠡᠴᠡ ᠢᠯᠡᠷᠡᠭᠦᠯᠦᠭ᠌ᠰᠡᠨ ᠭᠣᠶᠣᠮᠰᠣᠭ ᠬᠡᠬᠡᠨᠴᠢᠷ ᠬᠤᠪᠴᠠᠰᠤ ᠵᠠᠰᠠᠯ᠂ ᠠᠯᠲᠠᠨ ᠰᠢᠷᠠᠮᠠᠯ ᠲᠠᠢ ᠮᠣᠳᠣᠨ ᠠᠪᠰᠠ᠂ ᠶᠡᠬᠡ ᠬᠡᠮᠵᠢᠶᠡᠨ ᠤ᠋ ᠠᠯᠲᠠ ᠮᠥᠩᠭᠥᠨ ᠡᠳ᠋ᠯᠡᠯ ᠪᠠ ᠬᠣᠪᠣᠷ ᠨᠠᠨᠳᠢᠨ ᠱᠢᠯ ᠰᠠᠪᠠ ᠬᠡᠷᠡᠭ᠌ᠰᠡᠯ ᠵᠡᠷᠭᠡ ᠨᠢ ᠯᠢᠶᠣᠤ ᠤᠯᠤᠰ ᠤ᠋ᠨ ᠦᠶ᠎ᠡ ᠶ᠋ᠢᠨ ᠤᠯᠤᠰ ᠲᠥᠷᠥ᠍᠂ ᠠᠵᠤ ᠠᠬᠤᠶ᠂ ᠰᠣᠶᠣᠯ ᠢ᠋ ᠰᠤᠳᠤᠯᠬᠤ ᠳ᠋ᠦ ᠴᠢᠬᠤᠯᠠ ᠯᠠᠪᠯᠠᠯᠲᠠ ᠶ᠋ᠢᠨ ᠮᠠᠲ᠋ᠧᠷᠢᠶᠠᠯ ᠬᠠᠩᠭᠠᠪᠠ᠃ ᠡᠨᠳᠡ ᠡᠴᠡ ᠢᠯᠡᠷᠡᠬᠦᠯᠦᠭᠰᠡᠨ ᠠᠷᠢᠶᠠᠲᠠᠨ ᠤ᠋ ᠬᠡ ᠤᠭᠠᠯᠵᠠ ᠪᠤᠯ ᠡᠷᠲᠡ ᠦᠶ᠎ᠡ ᠳ᠋ᠡᠬᠢ ᠨᠡᠭᠦᠳᠡᠯᠴᠢᠨ ᠦᠨᠳᠦᠰᠦᠲᠡᠨ ᠤ᠋ ᠤᠯᠠᠮᠵᠢᠯᠠᠯᠲᠤ ᠬᠡ ᠤᠭᠠᠯᠵᠠ ᠪᠤᠯᠤᠨ᠎ᠠ᠂ ᠲᠤᠬᠠᠢ ᠵᠢᠨ ᠬᠦᠮᠦᠰ ᠪᠠᠰᠠ ᠠᠯᠲᠠᠨ ᠡᠳ᠋ᠯᠡᠯ ᠢ᠋ᠶ᠋ᠡᠷ ᠪᠡᠶ᠎ᠡ ᠪᠡᠨ ᠴᠢᠮᠡᠭ᠌ᠯᠡᠬᠦ᠌ ᠳᠤᠷᠠᠲᠠᠶ᠂ ᠡᠢᠮᠦᠷᠬᠦᠤ  ᠵᠠᠩᠱᠢᠯ ᠨᠢ  ᠳᠤᠮᠳᠠᠳᠤ ᠣᠷᠣᠨ ᠳ᠋ᠦ ᠤᠯᠠᠮᠵᠢᠯᠠᠭ᠍ᠳᠠᠨ ᠬᠦᠷᠴᠦ᠍᠂ ᠠᠭᠠᠵᠢᠮ ᠢ᠋ᠶ᠋ᠠᠷ ᠳᠤᠮᠳᠠᠳᠤ ᠣᠷᠣᠨ ᠤ᠋ ᠬᠠᠰ ᠢ᠋ᠶ᠋ᠠᠷ ᠭᠤᠤᠯᠯᠠᠳᠠᠭ ᠵᠠᠩ ᠠᠭᠠᠯᠢ ᠲᠠᠶ ᠠᠭᠤᠰᠤᠯᠴᠠᠭ᠍ᠰᠠᠨ ᠪᠠᠢᠨ᠎ᠠ᠃

ᠲᠡᠦᠬᠡ ᠶ᠋ᠢᠨ ᠳᠤᠷᠠᠰᠭᠠᠯᠲᠤ ᠵᠦᠶ᠋ᠯᠡᠰ ᠨᠢ ᠲᠡᠦᠬᠡ ᠵᠢ ᠦᠬᠦᠯᠡᠨ᠎ᠠ᠃ ᠭᠤᠷᠪᠠᠨ ᠬᠦᠯᠳᠦ ᠸᠠᠭᠠᠷᠤᠨ ᠲᠤᠭᠤᠭ᠎ᠠ ᠨᠢ ᠰᠢᠨ᠎ᠠ ᠴᠢᠯᠠᠭᠤᠨ ᠵᠡᠪᠰᠡᠭ ᠤ᠋ᠨ ᠴᠠᠭ ᠦᠶ᠎ᠠ ᠶ᠋ᠢᠨ ᠬᠦᠮᠦᠰ ᠭᠠᠯ ᠲᠤᠭᠤᠭᠠᠠ ᠤ᠋ ᠬᠡᠷᠡᠭᠰᠡᠯ ᠢ᠋ ᠡᠬᠦᠳᠴᠦ ᠬᠡᠷᠡᠭᠯᠡᠭᠰᠡᠨ ᠢ᠋ ᠬᠠᠷᠠᠭᠤᠯᠵᠦ᠂ ᠬᠥᠮᠦᠨ ᠠᠷᠢᠶᠠᠳᠠᠨ ᠤ᠋ ᠬᠡ ᠤᠭᠠᠯᠵᠠ ᠲᠠᠶ ᠬᠦᠷᠡᠯ ᠡᠳ᠋ᠯᠡᠯ ᠨᠢ ᠣᠯᠠᠨ ᠡᠱᠢᠲᠦ ᠰᠣᠶᠣᠯ ᠤ᠋ᠨ ᠠᠭᠤᠰᠤᠯᠴᠠᠯ ᠢ᠋ ᠦᠬᠦᠯᠡᠵᠦ᠂ ᠪᠠᠷᠠᠭᠤᠨ ᠯᠢᠶᠣᠤ ᠾᠧ ᠭᠤᠤᠯ ᠤ᠋ᠨ ᠬᠦᠷᠳᠡᠬᠡᠯ ᠳᠤᠤᠷ᠎ᠠ ᠡᠨᠳᠡ ᠡᠷᠲᠡᠨ ᠡᠴᠡ ᠪᠡᠨ ᠠᠪᠤᠭᠠᠳ ᠦᠨᠳᠦᠰᠦᠲᠡᠨ ᠨᠤᠭᠦᠳ ᠤ᠋ᠨ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠤ᠋ᠨ ᠬᠠᠯᠠᠭᠤᠨ ᠬᠥᠷᠥᠰᠥ᠍ ᠪᠤᠯᠵᠦ᠂ ᠠᠳᠠᠯᠢ ᠪᠤᠰᠤ ᠰᠣᠶᠣᠯ ᠤ᠋ᠨ ᠮᠥᠷᠭᠥᠯᠳᠦᠯ ᠠᠭᠤᠰᠤᠯᠴᠠᠯ ᠤ᠋ᠨ ᠲᠠᠪᠴᠠᠩ ᠪᠣᠯᠤᠭ᠍ᠰᠠᠭᠠᠷ ᠢᠷᠡᠭ᠌ᠰᠡᠨ ᠭᠡᠳᠡᠭ ᠢ᠋ ᠬᠡᠷᠡᠴᠢᠯᠡᠨ᠎ᠠ᠃

ᠮᠣᠷᠢᠨ ᠲᠤᠭᠤᠷᠠᠢ ᠳᠠᠴᠢᠬᠢᠨᠠᠵᠦ ᠡᠷᠲᠡᠨ ᠡᠳᠦᠭᠡ ᠵᠢ ᠬᠤᠯᠪᠤᠨ᠎ᠠ

ᠬᠣᠷᠴᠢᠨ ᠵᠡᠭᠦᠨ ᠭᠠᠷᠤᠨ ᠬᠣᠢᠲᠤ ᠬᠣᠱᠢᠭᠤ ᠪᠣᠯ ᠡᠷᠲᠡᠨ ᠡᠴᠡ ᠠᠪᠤᠭᠠᠳ ᠠᠳᠤᠭᠤ ᠮᠠᠯᠵᠢᠬᠤ ᠲᠣᠮᠣ ᠬᠣᠱᠢᠭᠤ ᠪᠠᠢᠵᠤ᠂ ᠠᠳᠤᠭᠤᠨ ᠰᠣᠶᠣᠯ ᠤ᠋ᠨ ᠥᠨᠢ ᠤᠳᠠᠭᠠᠨ ᠲᠡᠦᠬᠡ ᠲᠡᠶ ᠶᠤᠮ᠃ ᠬᠣᠷᠴᠢᠨ ᠵᠡᠭᠦᠨ ᠭᠠᠷᠤᠨ ᠬᠣᠢᠲᠤ ᠬᠣᠱᠢᠭᠤᠨ ᠳ᠋ᠦ ᠪᠠᠢᠳᠠᠭ ᠱᠢᠶᠡᠨᠪᠢ ᠶ᠋ᠢᠨ ᠤᠩᠭᠤᠨ ᠡᠴᠡ ᠶᠡᠬᠡ ᠬᠡᠮᠵᠢᠶ᠎ᠠ ᠵᠢᠨ ᠮᠤᠷᠢᠨ ᠤ᠋ ᠬᠡ ᠤᠭᠠᠯᠵᠠ ᠲᠠᠶ ᠸᠠᠭᠠᠷ ᠰᠠᠪᠠ ᠣᠯᠳᠠᠵᠦ᠂ ᠸᠠᠭᠠᠷ ᠰᠠᠪᠠ ᠳᠡᠭᠡᠷ᠎ᠠ ᠨᠢ ᠲᠦᠮᠡᠨ ᠠᠭ᠍ᠳᠠ ᠶ᠋ᠢᠨ ᠲᠦᠪᠡᠷᠭᠡᠨ᠂ ᠰᠠᠢᠪᠤᠷ ᠮᠤᠷᠢ᠂ ᠡᠮᠨᠢᠭ ᠰᠤᠷᠭᠠᠬᠤ᠂ ᠪᠠᠰᠠ ᠮᠣᠷᠢ ᠪᠠᠷ ᠭᠣᠣᠯᠯᠠᠭ᠍ᠰᠠᠨ ᠨᠡᠢᠯᠡᠮᠡᠯ ᠵᠢᠷᠤᠭ ᠳᠦᠷᠰᠦ ᠤᠯᠠᠨ ᠪᠠᠢᠵᠠᠢ᠃

ᠬᠣᠷᠴᠢᠨ ᠵᠡᠭᠦᠨ ᠭᠠᠷᠤᠨ ᠬᠣᠢᠲᠤ ᠬᠣᠱᠢᠭᠤᠨ ᠤ᠋ ᠮᠦᠽᠧᠶ ᠶ᠋ᠢᠨ ᠳᠠᠷᠤᠭ᠎ᠠ ᠪᠦᠦ ᠪᠢᠨ ᠪᠢᠨ ᠤ᠋ ᠲᠠᠨᠢᠯᠴᠠᠭᠤᠯᠤᠭᠰᠠᠨ ᠵᠢᠡᠷ᠂ ᠡᠲᠡᠭᠡᠷ ᠳᠠᠪᠬᠢᠭ᠎ᠠ ᠮᠣᠷᠢᠨ ᠤ᠋ ᠬᠡ ᠲᠡᠶ ᠸᠠᠭᠠᠷ ᠰᠠᠪᠠ ᠨᠢ ᠤᠷᠠᠯᠢᠭ ᠤ᠋ᠨ ᠪᠦᠲᠦᠭᠡᠯ ᠪᠣᠯᠬᠤ ᠪᠠᠷ ᠪᠠᠷᠠᠬᠤ ᠥᠬᠡᠶ ᠨᠠᠩ ᠴᠤ᠌ ᠲᠡᠦᠬᠡ ᠶ᠋ᠢᠨ ᠭᠡᠷᠡᠴᠢ ᠪᠤᠯᠬᠤ ᠶᠤᠮ᠂ ᠡᠨᠡ ᠨᠢ ᠲᠤᠬᠠᠶ ᠶ᠋ᠢᠨ ᠦᠶ᠎ᠡ ᠶ᠋ᠢᠨ ᠬᠥᠮᠦᠰ ᠤ᠋ᠨ ᠠᠳᠤᠭᠤᠨ ᠳ᠋ᠦ ᠬᠠᠢᠷᠠᠳᠠᠢ ᠵᠠᠩ ᠠᠷᠠᠨᠰᠢᠨ ᠬᠢᠭᠡᠳ ᠠᠳᠤᠭᠤ ᠨᠢ ᠬᠥᠮᠦᠰ ᠤ᠋ᠨ ᠦᠶ᠋ᠯᠡᠳᠪᠦᠷᠢᠯᠡᠯ ᠠᠮᠢᠳᠤᠷᠠᠯ ᠳ᠋ᠤ ᠬᠢᠷᠢ ᠵᠡᠷᠬᠡ ᠵᠢᠨ ᠴᠢᠬᠤᠯᠠ ᠪᠠᠢᠷᠢ ᠰᠠᠭᠤᠷᠢ ᠲᠠᠢ ᠪᠠᠢᠭᠰᠠᠨ ᠢ᠋ ᠬᠠᠷᠠᠭᠤᠯᠵᠤ ᠪᠠᠢᠨ᠎ᠠ᠃

《ᠮᠤᠷᠢᠨ ᠡᠳ᠋ᠯᠡᠯ ᠬᠢᠬᠦ᠌ ᠪᠤᠯ ᠮᠣᠳᠣᠨ ᠤᠷᠠᠯᠠᠯ᠂ ᠬᠠᠳᠭᠤᠮᠠᠯ᠂ ᠠᠷᠠᠰᠤ ᠨᠣᠣᠰᠣᠨ ᠤ᠋ ᠤᠷᠠᠯᠠᠯ᠂ ᠲᠡᠮᠦᠷ ᠤ᠋ᠨ ᠳᠠᠷᠬᠠᠨ ᠢ᠋ ᠨᠢᠭᠡᠳᠭᠡᠭ᠌ᠰᠡᠨ ᠠᠷᠠᠳ ᠤ᠋ᠨ ᠭᠠᠷ ᠤᠷᠠᠯᠠᠯ ᠮᠦᠨ》᠃ ᠪᠦᠦ ᠸᠸᠨ ᠱᠢᠤᠸᠠᠢ ᠪᠣᠯ ᠲᠦᠩᠯᠢᠶᠣᠤ ᠵᠢᠨ ᠬᠣᠲᠠ ᠶ᠋ᠢᠨ ᠲᠠᠰ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠲᠥᠯᠥᠭᠡᠯᠡᠬᠦ᠌ ᠴᠢᠨᠠᠷᠲᠠᠶ ᠲᠦᠷᠦᠯ ᠵᠦᠶ᠋ᠯ ᠪᠣᠯᠬᠤ ᠮᠣᠩᠭᠣᠯ ᠦᠨᠳᠦᠰᠦᠲᠡᠨ ᠤ᠋ ᠮᠣᠷᠢᠨ ᠡᠳ᠋ᠯᠡᠯ ᠬᠢᠬᠦ ᠤᠷ᠎ᠠ ᠮᠡᠷᠭᠡᠵᠢᠯ ᠤ᠋ᠨ ᠲᠥᠯᠥᠭᠡᠯᠡᠬᠦ᠌ ᠴᠢᠨᠠᠷᠲᠠᠶ ᠦᠪᠯᠡᠨ ᠤᠯᠠᠮᠵᠢᠯᠠᠭᠴᠢ ᠪᠤᠯᠤᠨ᠎ᠠ᠃ ᠲᠡᠬᠦᠨ ᠤ᠋ ᠬᠡᠯᠡᠬᠦ᠌ ᠪᠡᠷ᠂ ᠡᠮᠡᠭᠡᠯ ᠤ᠋ᠨ ᠳᠠᠷᠬᠠᠳ ᠲᠦ᠍ ᠬᠡᠪ ᠪᠠ ᠮᠠᠱᠢᠨ ᠪᠠᠢᠳᠠᠭ ᠦᠭᠡᠢ᠂ ᠪᠦᠷ ᠮᠡᠷᠭᠡᠵᠢᠯ ᠪᠠ ᠲᠤᠷᠱᠢᠯᠭ᠎ᠠ ᠪᠠᠷ ᠢ᠋ᠶ᠋ᠠᠨ ᠪᠡᠶᠡᠯᠡᠭᠦᠯᠳᠡᠭ᠃ ᠬᠣᠷᠴᠢᠨ ᠵᠡᠭᠦᠨ ᠭᠠᠷᠤᠨ ᠬᠣᠢᠲᠤ ᠬᠣᠱᠢᠭᠤ ᠤᠷᠲᠤ ᠬᠤᠭᠤᠴᠠᠭᠠᠨ ᠤ᠋ ᠦᠢᠯᠡᠳᠪᠦᠷᠢᠯᠡᠯ ᠤ᠋ᠨ ᠶᠠᠪᠤᠴᠠ ᠳ᠋ᠦ ᠮᠤᠷᠢᠨ ᠡᠳ᠋ᠯᠡᠯ ᠬᠢᠬᠦ᠌ ᠪᠠᠶᠠᠯᠢᠭ ᠤᠷ᠎ᠠ ᠮᠡᠷᠭᠡᠵᠢᠯ ᠪᠣᠯᠤᠨ ᠲᠤᠷᠱᠢᠯᠭ᠎ᠠ ᠬᠤᠷᠠᠮᠳᠤᠭᠤᠯᠵᠤ ᠂ ᠮᠤᠷᠢᠨ ᠡᠳ᠋ᠯᠡᠯ ᠬᠢᠬᠦ᠌ ᠭᠠᠷ ᠤᠷᠠᠴᠤᠳ ᠲᠠᠶ ᠪᠣᠯᠵᠠᠢ᠃

ᠥᠨᠥᠳᠦᠷ᠂ ᠨᠡᠢᠭᠡᠮ ᠤ᠋ᠨ ᠬᠥᠭ᠌ᠵᠢᠯᠲᠡ ᠵᠢ ᠳᠠᠭᠠᠯᠳᠤᠨ ᠨᠠᠷᠢᠯᠢᠭ ᠰᠠᠢᠬᠠᠨ ᠤᠯᠠᠮᠵᠢᠯᠠᠯᠲᠤ ᠡᠮᠡᠭᠡᠯ ᠤ᠋ᠨ ᠣᠯᠠᠩᠬᠢ ᠨᠢ ᠭᠠᠷ ᠤᠷᠠᠯᠠᠯ ᠤ᠋ᠨ ᠡᠳ᠋ ᠪᠤᠶᠤ ᠦᠵᠡᠮᠦᠷᠢ ᠶ᠋ᠢᠨ ᠡᠳ᠋ ᠪᠤᠯᠵᠦ᠍᠂ ᠤᠯᠠᠮᠵᠢᠯᠠᠯᠲᠤ ᠭᠠᠷ ᠤᠷᠠᠯᠠᠯ ᠢ᠋ ᠬᠠᠳᠠᠭᠠᠯᠠᠭ᠍ᠰᠠᠨ ᠢ᠋ᠶ᠋ᠠᠷ ᠪᠠᠷᠠᠬᠤ ᠥᠬᠡᠶ ᠪᠠᠰᠠ ᠣᠲᠣ ᠦᠶ᠎ᠡ ᠶ᠋ᠢᠨ ᠭᠤᠤ᠎ᠠ ᠲᠠᠭᠠᠱᠢᠶᠠᠯ ᠳ᠋ᠦ ᠠᠭᠤᠰᠤᠨ ᠣᠷᠣᠵᠤ ᠵᠢᠭᠤᠯᠴᠢᠯᠠᠭᠰᠠᠳ ᠤ᠋ᠨ ᠪᠠᠬ᠎ᠠ ᠵᠢ ᠲᠠᠲᠠᠨ᠎ᠠ᠃ ᠡᠨᠡ ᠬᠦ᠌ ᠱᠢᠯᠢᠳᠡᠭ ᠤᠯᠠᠮᠵᠢᠯᠠᠯᠲᠤ ᠭᠠᠷ ᠤᠷᠠᠯᠠᠯ ᠢ᠋ᠶ᠋ᠠᠨ ᠦᠶ᠎ᠡ ᠶ᠋ᠢᠨ ᠦᠶ᠎ᠡ ᠳ᠋ᠦ ᠤᠯᠠᠮᠵᠢᠯᠠᠬᠤ ᠶ᠋ᠢᠨ ᠲᠥᠯᠥᠭᠡ ᠪᠦᠦ ᠸᠸᠨ ᠱᠢᠤᠸᠠᠢ ᠠᠯᠪᠠᠨ ᠵᠢᠷᠤᠮ ᠤ᠋ᠨ ᠤᠷ᠎ᠠ ᠮᠡᠷᠬᠡᠵᠢᠯ ᠤ᠋ᠨ ᠬᠢᠴᠢᠶᠡᠯ ᠣᠷᠣᠵᠤ᠂ ᠡᠪᠤᠬᠡ ᠳᠡᠭᠡᠳᠦᠰ ᠡᠴᠡ ᠤᠯᠠᠮᠵᠢᠯᠠᠵᠤ ᠢᠷᠡᠭᠰᠡᠨ ᠮᠣᠷᠢᠨ ᠡᠳ᠋ᠯᠡᠯ ᠬᠢᠬᠦ᠌ ᠤᠷ᠎ᠠ ᠮᠡᠷᠭᠡᠵᠢᠯ ᠵᠢᠨᠨ ᠤᠯᠠᠮᠵᠢᠯᠠᠵᠦ ᠶᠠᠪᠤᠨ᠎ᠠ᠃

ᠱᠢᠯᠢᠳᠡᠭ ᠤᠯᠠᠮᠵᠢᠯᠠᠯᠲᠤ ᠰᠣᠶᠣᠯ ᠢ᠋ ᠪᠦᠲᠦᠭᠡᠯᠴᠢ ᠴᠢᠨᠠᠷᠲᠠᠶ ᠪᠠᠷ ᠬᠤᠪᠢᠷᠠᠭᠤᠯᠵᠤ᠂ ᠱᠢᠨ᠎ᠡ ᠵᠢ ᠡᠭᠦᠳᠬᠦ᠌ ᠴᠢᠨᠠᠷᠲᠠᠶ ᠪᠠᠷ ᠬᠥᠭ᠌ᠵᠢᠭᠦᠯᠦᠨ᠎ᠠ᠃ ᠤᠷᠠᠨ ᠬᠡᠯᠡᠴᠡ ᠤᠶᠠᠩᠭ᠎ᠠ ᠨᠤᠭᠤᠯᠤᠭ᠎ᠠ ᠲᠠᠢ ᠬᠤᠯᠪᠤᠭ᠎ᠠ ᠨᠢ ᠬᠤᠷᠴᠢᠨ ᠨᠤᠲᠤᠭ ᠤ᠋ᠨ ᠲᠡᠥᠬᠡ ᠰᠤᠶᠤᠯ ᠢ᠋ ᠤᠯᠠᠮᠵᠢᠯᠠᠨ᠂ ᠮᠠᠰᠢ ᠬᠦᠷᠢᠶᠡᠯᠡᠯ ᠲᠡᠶ ᠪᠠᠢᠳᠠᠭ; ᠤᠯᠤᠰ ᠤ᠋ᠨ ᠲᠠᠰ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠲᠥᠯᠥᠭᠡᠯᠡᠬᠦ᠌ ᠴᠢᠨᠠᠷᠲᠠᠶ ᠲᠥᠷᠥᠯ ᠵᠦᠶ᠋ᠯ᠎ᠪᠤᠯᠬᠤ ᠮᠣᠩᠭᠣᠯ ᠡᠮᠨᠡᠯᠭᠡ ᠶ᠋ᠢᠨ ᠶᠠᠰᠤ ᠪᠠᠷᠢᠬᠤ ᠵᠠᠰᠠᠯ ᠢ᠋ ᠤᠯᠠᠮᠵᠢᠯᠠᠨ ᠵᠠᠯᠭᠠᠮᠵᠢᠯᠠᠬᠤ ᠲᠤᠮᠳᠠ ᠱᠢᠨ᠎ᠡ ᠵᠢ ᠡᠭᠦᠳᠤᠨ ᠬᠦᠭᠵᠢᠬᠦᠯᠤᠨ᠎ᠠ ᠁ ᠬᠥᠮᠦᠰ ᠬᠣᠷᠴᠢᠨ ᠵᠡᠭᠦᠨ ᠭᠠᠷᠤᠨ ᠬᠣᠢᠲᠤ ᠬᠣᠱᠢᠭᠤ ᠡᠴᠡ ᠤᠯᠠᠮᠵᠢᠯᠠᠯᠲᠤ ᠮᠡᠷᠭᠡᠵᠢᠯ ᠪᠠ ᠣᠶᠤᠨ ᠤᠬᠠᠭᠠᠨ ᠢ᠋ ᠣᠢᠯᠠᠭᠠᠬᠤ ᠶ᠋ᠢᠨ ᠬᠠᠮᠲᠤ ᠤᠮᠠᠷᠠᠲᠤ ᠬᠢᠯᠢ ᠶ᠋ᠢᠨ ᠰᠣᠶᠣᠯ ᠤ᠋ᠨ ᠥᠪᠡᠷᠮᠢᠴᠡ ᠷᠢᠳᠢ ᠱᠢᠳᠢ ᠵᠢ ᠮᠡᠳᠡᠷᠡᠵᠦ᠍ ᠪᠠᠢᠨ᠎ᠠ᠃

ᠦᠷᠯᠦᠭ ᠪᠠᠭᠠᠲᠤᠷ ᠮᠤᠷᠳᠠᠭᠰᠠᠨ ᠤᠷᠤᠨ ᠡᠴᠡ ᠴᠠᠭ ᠦᠶ᠎ᠡ ᠵᠢᠨ ᠮᠠᠭᠳᠠᠭᠠᠯ ᠳᠠᠭᠤᠤ ᠬᠠᠩᠬᠢᠨᠠᠨ᠎ᠠ

ᠮᠢᠩᠭᠠᠨ ᠮᠢᠩᠭᠠᠨ ᠢ᠋ᠶ᠋ᠡᠷ ᠬᠦᠬᠡᠷᠡᠨ ᠬᠦᠬᠡᠷᠡᠭᠰᠡᠭᠡᠷ᠂ ᠮᠤᠨᠭᠭᠤᠯ ᠤ᠋ᠨ ᠳᠠᠯ᠎ᠠ ᠮᠢᠨᠢ ᠮᠦᠩᠬᠡᠷᠡᠨ ᠮᠦᠩᠬᠡᠷᠡᠨ᠎ᠠ ᠁ 《ᠦᠷᠯᠦᠭ ᠪᠠᠭᠠᠲᠤᠷ ᠤ᠋ᠨ ᠮᠤᠷᠳᠠᠭᠰᠠᠨ ᠤᠷᠤᠨ》 ᠬᠡᠬᠦ ᠡᠨᠡ ᠬᠦ᠌ ᠳᠠᠭᠤᠤ ᠨᠢ ᠬᠣᠷᠴᠢᠨ ᠵᠡᠭᠦᠨ ᠭᠠᠷᠤᠨ ᠬᠣᠢᠲᠤ ᠬᠣᠱᠢᠭᠤᠨ ᠤ᠋ ᠨᠤᠲᠤᠭ ᠳᠡᠪᠢᠰᠭᠡᠷ ᠳᠡᠭᠡᠷᠡᠬᠢ ᠲᠤᠤᠯᠢᠶᠠᠨᠳᠦ ᠲᠡᠥᠬᠡ ᠭᠠᠢᠬᠠᠮᠱᠢᠭᠳᠦ ᠦᠯᠢᠬᠡᠷ ᠢ᠋ ᠰᠡᠳᠭᠢᠯ ᠬᠥᠳᠡᠯᠭᠡᠮ᠎ᠡ ᠳᠠᠭᠤᠯᠠᠵᠠᠢ᠃

ᠵᠢᠷᠭᠠᠯᠠᠩ ᠪᠠᠯᠭᠠᠰᠤᠨ ᠳ᠋ᠦ ᠪᠠᠢᠷᠢᠯᠠᠭ᠎ᠠ ᠲᠦᠩᠯᠢᠶᠣᠤ ᠬᠤᠳᠠ ᠶ᠋ᠢᠨ ᠬᠣᠷᠴᠢᠨ ᠵᠠᠩ ᠦᠢᠯᠡ ᠲᠡᠦᠬᠡ ᠰᠣᠶᠣᠯ ᠤ᠋ᠨ ᠬᠦᠷᠢᠶᠡᠯᠡᠩ ᠳ᠋ᠦ ᠨᠢᠭᠡᠨ ᠭᠣᠢᠳᠠ ᠰᠠᠢᠬᠠᠨ ᠭᠦᠳᠦᠭᠦᠷ ᠱᠤᠭᠤᠮᠠᠯ ᠪᠠᠢᠳᠠᠭ ᠨᠢ ᠤᠯᠤᠰ ᠤ᠋ᠨ ᠨᠡᠷ᠎ᠡ ᠬᠦᠨᠳᠦ᠍ ᠵᠢ ᠬᠠᠮᠠᠭᠠᠯᠠᠬᠤ ᠶ᠋ᠢᠨ ᠲᠥᠯᠥᠭᠡ ᠠᠯᠢᠪᠠ ᠪᠠᠨ ᠵᠤᠷᠢᠭᠤᠯᠤᠨ ᠲᠡᠮᠡᠴᠡᠭᠰᠡᠨ ᠨᠢᠭᠡᠨ ᠦᠶ᠎ᠡ ᠶ᠋ᠢᠨ ᠨᠡᠷᠡᠳᠤ ᠵᠠᠩᠵᠤᠨ ᠰᠡᠩᠭᠡᠷᠢᠨᠴᠢᠨ ᠤ᠋ ᠲᠢᠶᠠᠨᠵᠢᠨ ᠤ᠋ ᠳ᠋ᠠ ᠬᠦ᠋ ᠺᠸᠤ ᠵᠢᠨ  ᠳᠠᠢᠯᠠᠯᠳᠤᠭᠠᠨ ᠳ᠋ᠦ  ᠠᠨᠭ᠌ᠭ᠌ᠯᠢ  ᠹᠷᠠᠨᠼᠢ ᠶ᠋ᠢᠨ  ᠬᠣᠯᠪᠣᠭᠠᠲᠤ  ᠴᠡᠷᠢᠭ  ᠢ᠋  ᠶᠡᠬᠡ ᠪᠡᠷ ᠢᠯᠠᠵᠤ᠂ ᠳᠣᠲᠣᠭᠠᠳᠤ ᠭᠠᠳᠠᠭᠠᠳᠤ ᠳ᠋ᠦ ᠨᠡᠷ᠎ᠡ ᠠᠯᠳᠠᠷ ᠢ᠋ᠶ᠋ᠠᠨ ᠮᠠᠨᠳᠤᠭᠤᠯᠤᠭ᠍ᠰᠠᠨ ᠦᠯᠢᠬᠡᠷ ᠢ᠋ ᠦᠵᠡᠬᠦᠯᠦᠨ᠎ᠠ᠃

ᠴᠢᠯᠥᠭᠡᠯᠡᠬᠦ᠌ ᠳᠠᠢ᠌ᠨ ᠤ᠋ ᠦᠶ᠎ᠠ ᠳ᠋ᠦ᠂ ᠬᠣᠷᠴᠢᠨ ᠵᠡᠭᠦᠨ ᠭᠠᠷᠤᠨ ᠬᠣᠢᠲᠤ ᠬᠣᠱᠢᠭᠤᠨ ᠤ᠋ ᠡᠷᠡᠯᠬᠡᠭ ᠪᠠᠭᠠᠲᠤᠷ ᠬᠥᠪᠡᠭᠦᠳ ᠥᠬᠢᠳ ᠡᠷᠡᠯᠬᠡᠭᠯᠡᠨ ᠪᠤᠰᠴᠤ᠂ ᠤᠮᠤᠭ ᠵᠤᠷᠢᠭᠳᠦ 1184 ᠵᠠᠯᠠᠭᠤ ᠡᠷᠡᠰ ᠱᠢᠭᠤᠷᠬᠠᠢ ᠪᠠᠷ ᠳᠤᠮᠳᠠᠳᠤ ᠤᠯᠤᠰ ᠤ᠋ᠨ ᠠᠷᠠᠳ ᠤ᠋ᠨ ᠴᠢᠯᠥᠭᠡᠯᠡᠬᠦ᠌ ᠴᠡᠷᠢᠭ ᠲᠦ᠍ ᠮᠤᠷᠳᠠᠭᠰᠠᠨ ᠶᠤᠮ᠃

ᠪᠠᠭᠠᠲᠤᠷ ᠢᠳᠡᠲᠡᠨ ᠤ᠋ ᠵᠤᠷᠢᠭ ᠰᠠᠨᠠᠭ᠎ᠠ᠂ ᠬᠦᠨ ᠵᠤᠵᠠᠭᠠᠨ ᠰᠣᠶᠣᠯ ᠤ᠋ᠨ ᠠᠭᠤᠯᠤᠭ᠍ᠳᠠᠬᠤᠨ ᠪᠣᠯᠤᠨ ᠠᠳᠤᠭᠤᠳᠦ ᠨᠤᠲᠤᠭ ᠤ᠋ᠨ ᠥᠨᠢ ᠤᠳᠠᠭᠠᠨ ᠤᠯᠠᠮᠵᠢᠯᠠᠯ ᠢ᠋ ᠠᠴᠢᠶᠠᠯᠠᠵᠤ᠂ ᠬᠣᠷᠴᠢᠨ ᠵᠡᠭᠦᠨ ᠭᠠᠷᠤᠨ ᠬᠣᠢᠲᠤ ᠬᠣᠱᠢᠭᠤ 《ᠬᠠᠨ ᠬᠦᠯᠦᠭ ᠤ᠋ᠨ ᠨᠤᠲᠤᠭ》 ᠵᠡᠷᠭᠡ ᠮᠠᠰᠢ ᠣᠯᠠᠨ ᠢᠷᠠᠭᠤ ᠠᠯᠳᠠᠷ ᠢ᠋ ᠬᠦᠷᠲᠡᠵᠠᠢ᠃

20 ᠳ᠋ᠤᠭᠠᠷ ᠵᠠᠭᠤᠨ ᠤ᠋ ᠶᠡᠷᠡᠭᠡᠳ ᠣᠨ ᠡᠴᠡ ᠡᠬᠢᠯᠡᠨ ᠬᠣᠷᠴᠢᠨ ᠵᠡᠭᠦᠨ ᠭᠠᠷᠤᠨ ᠬᠣᠢᠲᠤ ᠬᠣᠱᠢᠭᠤᠨ ᠤ᠋ ᠬᠤᠷᠳᠤᠨ ᠮᠤᠷᠢᠳ ᠡᠯ᠎ᠡ ᠤᠷᠤᠯᠳᠤᠭᠠᠨ ᠳ᠋ᠦ ᠣᠮᠣᠭ᠍ᠰᠢᠭᠤᠱᠢᠲᠠᠶ ᠬᠢᠷᠢ ᠪᠦᠲᠦᠮᠵᠢ ᠣᠯᠵᠠᠶ᠃ 1992 ᠣᠨ ᠳ᠋ᠦ ᠭᠤᠸᠠᠩᠵᠧᠦ᠍ ᠳ᠋ᠦ ᠶᠠᠪᠤᠭ᠍ᠳᠠᠭ᠍ᠰᠠᠨ 《ᠠᠯᠲᠠᠨ ᠬᠦᠯᠦᠭ ᠬᠤᠨᠳᠠᠭᠠᠲᠤ》ᠳᠤᠮᠳᠠᠳᠤ ᠤᠯᠤᠰ ᠤ᠋ᠨ ᠮᠣᠷᠢᠨ ᠸᠠᠩ ᠤ᠋ᠨ ᠤᠷᠢᠯᠭ᠎ᠠ ᠶ᠋ᠢᠨ ᠤᠷᠤᠯᠳᠤᠭᠠᠨ ᠳ᠋ᠤ ᠬᠣᠷᠴᠢᠨ ᠵᠡᠭᠦᠨ ᠭᠠᠷᠤᠨ ᠬᠣᠢᠲᠤ ᠬᠣᠱᠢᠭᠤᠨ ᠤ᠋ ᠵᠠᠨ᠎ᠠ ᠶ᠋ᠢᠨ ᠮᠤᠷᠢ ᠰᠢᠯᠢᠳᠡᠭ ᠬᠢᠷᠢ ᠪᠦᠳᠦᠮᠵᠢ ᠤᠯᠵᠦ᠂ ᠵᠠᠨ᠎ᠠ 《ᠳᠤᠮᠳᠠᠳᠤ ᠤᠯᠤᠰ ᠤ᠋ᠨ ᠮᠣᠷᠢᠨ ᠸᠠᠩ》 ᠤ᠋ᠨ ᠴᠤᠯᠠ ᠬᠦᠷᠳᠡᠵᠡᠢ᠃ 2015 ᠣᠨ ᠳ᠋ᠦ ᠠᠷᠪᠠᠳᠤᠭᠠᠷ ᠬᠤᠭᠤᠴᠠᠭᠠᠨ ᠤ᠋ ᠪᠥᠬᠥ᠌ ᠤᠯᠤᠰ ᠤ᠋ᠨ ᠴᠥᠭᠡᠨ ᠲᠣᠭᠠᠲᠤ ᠦᠨᠳᠦᠰᠦᠲᠡᠨ ᠤ᠋ ᠤᠯᠠᠮᠵᠢᠯᠠᠯᠲᠤ ᠪᠡᠶ᠎ᠡ ᠶ᠋ᠢᠨ ᠲᠠᠮᠢᠷ ᠤ᠋ᠨ ᠴᠤᠭ᠍ᠯᠠᠭᠠᠨ ᠳ᠋ᠤ ᠬᠣᠷᠴᠢᠨ ᠵᠡᠭᠦᠨ ᠭᠠᠷᠤᠨ ᠬᠣᠢᠲᠤ ᠬᠣᠱᠢᠭᠤᠨ ᠤ᠋ ᠲᠠᠮᠢᠷᠴᠢᠳ ᠮᠣᠷᠢᠨ ᠮᠡᠷᠭᠡᠵᠢᠯ ᠤ᠋ᠨ ᠤᠷᠤᠯᠳᠤᠭᠠᠨ ᠤ᠋ ᠲᠥᠷᠥᠯ ᠵᠦᠶ᠋ᠯ ᠤ᠋ᠨ ᠨᠢᠭᠡᠳᠦᠭᠡᠷ ᠳᠡᠰ ᠤ᠋ᠨ ᠱᠠᠩᠨᠠᠯ ᠢ᠋ 4 ᠣᠯᠵᠤ᠂ 《ᠬᠠᠨ ᠬᠦᠯᠦᠭ ᠤ᠋ᠨ ᠨᠤᠲᠤᠭ》 ᠭᠡᠬᠦ᠌ ᠢᠷᠠᠭᠤ ᠠᠯᠳᠠᠷ ᠢ᠋ ᠦᠷᠭᠦᠯᠵᠢᠯᠡᠨ ᠮᠠᠨᠳᠤᠭᠤᠯᠵᠠᠢ ᠃

ᠬᠣᠷᠴᠢᠨ ᠵᠡᠭᠦᠨ ᠭᠠᠷᠤᠨ ᠬᠣᠢᠲᠤ ᠬᠣᠱᠢᠭᠤᠨ ᠤ᠋ ᠠᠳᠤᠭᠤᠨ ᠤ᠋ ᠠᠵᠤ ᠦᠢᠯᠡᠰ ᠲᠠᠰᠤᠷᠠᠯᠳᠠ ᠦᠬᠡᠢ ᠬᠥᠭ᠌ᠵᠢᠨ ᠪᠤᠵᠠᠭᠠᠢᠷᠠᠵᠤ᠂ ᠠᠳᠤᠭᠤᠨ ᠰᠣᠶᠣᠯ ᠤᠯᠠᠮ ᠡᠴᠡ ᠤᠯᠠᠮ ᠥᠷᠨᠢᠨ ᠬᠥᠭ᠌ᠵᠢᠵᠤ ᠪᠤᠢ᠃ ᠤᠳᠤ ᠪᠦᠬᠦ ᠬᠣᠱᠢᠭᠤᠨ ᠤ᠋ ᠠᠳᠤᠭᠤ 6300 ᠵᠢ ᠳᠠᠪᠠᠨ᠂ ᠣᠢᠷ᠎ᠠ ᠶ᠋ᠢᠨ ᠵᠢᠯ ᠳ᠋ᠤ ᠮᠠᠰᠢ ᠣᠯᠠᠨ ᠮᠠᠯᠴᠢᠨ ᠲᠠᠷᠢᠶᠠᠴᠢᠨ ᠠᠳᠤᠭᠤ ᠪᠠᠨ ᠦᠰᠬᠡᠬᠦ ᠪᠠ ᠠᠳᠤᠭᠤᠨ᠎ᠤ ᠡᠬᠦᠯᠳᠡᠷ ᠵᠢᠡᠨ ᠰᠠᠢᠵᠢᠷᠠᠭᠤᠯᠬᠤ ᠪᠠᠷ ᠬᠦᠴᠦᠯᠡᠨ ᠴᠢᠷᠮᠠᠢᠵᠤ᠂ ᠮᠣᠩᠭᠣᠯ ᠮᠣᠷᠢ ᠲᠡᠵᠢᠭᠡᠬᠦ᠌᠂ ᠰᠤᠷᠭᠠᠬᠤ᠂ ᠤᠷᠤᠯᠳᠤᠭᠤᠯᠬᠤ ᠤᠷ᠎ᠠ ᠮᠡᠷᠭᠡᠵᠢᠯ ᠢ᠋ ᠲᠠᠰᠤᠷᠠᠯᠲᠠ ᠥᠬᠡᠶ ᠳᠡᠯᠭᠡᠷᠡᠭᠦᠯᠪᠡ᠃ ᠬᠣᠱᠢᠭᠤᠨ ᠡᠴᠡ ᠪᠠᠰᠠ ᠮᠠᠯᠴᠢᠨ ᠲᠠᠷᠢᠶᠠᠴᠢᠨ᠂ ᠰᠤᠷᠭᠠᠭᠤᠯᠢ᠂ ᠰᠣᠶᠣᠯ ᠵᠢᠭᠤᠯᠴᠢᠯᠠᠯ᠂ ᠤᠷᠤᠯᠳᠤᠭᠠᠨ ᠦᠵᠡᠭᠦᠯᠭᠡ᠂ ᠱᠢᠨᠵᠢᠯᠡᠬᠦ᠌ ᠤᠬᠠᠭᠠᠨ ᠲᠸᠭ᠌ᠨᠢ᠌ᠡ᠋ ᠮᠡᠷᠭᠡᠵᠢᠯ ᠢ᠋ ᠰᠤᠳᠤᠯᠤᠨ ᠨᠡᠭᠡᠭᠡᠬᠦ᠌ ᠵᠡᠷᠭᠡ ᠤᠯᠠᠨ ᠬᠦᠷᠢᠶ᠎ᠡ ᠴᠠᠷᠠᠭ᠎ᠠ ᠵᠢ ᠨᠢᠭᠳᠠ ᠬᠣᠯᠪᠣᠭ᠍ᠰᠠᠨ ᠪᠥᠭᠡᠳ ᠮᠣᠩᠭᠣᠯ ᠮᠤᠷᠢᠨ ᠤ᠋ ᠵᠣᠷᠢᠭ ᠰᠠᠨᠠᠭ᠎ᠠ ᠵᠢᠨ ᠲᠣᠭᠣᠷᠢᠨ ᠳ᠋ᠦ ᠨᠡᠢᠲᠡᠯᠢᠭ ᠬᠥᠮᠦᠰ ᠢ᠋ ᠭᠦᠨᠵᠡᠭᠡᠢ ᠠᠭᠤᠳᠠᠯᠵᠤ᠂ ᠲᠤᠰ ᠭᠠᠵᠠᠷ ᠤ᠋ᠨ ᠦᠯᠢᠭᠡᠷ ᠢ᠋ᠶ᠋ᠡᠨ ᠱᠢᠰᠲ᠋ᠧᠮ ᠲᠡᠶ ᠡᠮᠬᠢᠯᠡᠨ᠂ ᠰᠣᠶᠣᠯ ᠤ᠋ᠨ ᠰᠠᠭᠤᠷᠢ ᠪᠠᠨ ᠪᠡᠬᠢᠵᠢᠭᠦᠯᠵᠦ᠍᠂ ᠡᠷᠡᠮᠡᠬᠡᠢᠯᠡᠨ ᠤᠷᠤᠭ᠍ᠰᠢᠯᠠᠬᠤ ᠬᠦᠴᠦᠨ ᠴᠢᠳᠠᠯ ᠢ᠋ ᠨᠢᠭᠳᠠᠷᠠᠭᠤᠯᠵᠤ᠂《ᠬᠠᠨ ᠬᠦᠯᠦᠭ ᠤ᠋ᠨ ᠨᠤᠲᠤᠭ》 ᠭᠡᠬᠦ᠌ ᠡᠨᠡ ᠬᠦ᠌ ᠰᠣᠶᠣᠯ ᠤ᠋ᠨ ᠲᠦᠷᠦᠯ ᠲᠡᠮᠳᠡᠭ ᠵᠢᠡᠨ ᠪᠦᠬᠦ᠌ ᠲᠠᠯ᠎ᠠ ᠪᠠᠷ ᠲᠠᠭᠤᠷᠢᠰᠤᠭᠤᠯᠵᠤ ᠪᠠᠢᠨ᠎ᠠ᠃

ᠬᠣᠷᠴᠢᠨ ᠤ᠋ ᠳᠠᠯ᠎ᠠ ᠨᠤᠮᠢᠨ ᠳᠠᠪᠠᠯᠭᠠᠨ ᠬᠠᠶᠠᠯᠠᠵᠦ᠂ ᠪᠠᠷᠠᠭᠤᠨ ᠯᠢᠶᠣᠤᠾᠧ ᠭᠣᠣᠯ ᠨᠠᠮᠤᠭᠤᠬᠠᠨ ᠤᠷᠤᠰᠤᠨ᠎ᠠ᠃ ᠬᠣᠷᠴᠢᠨ ᠵᠡᠭᠦᠨ ᠭᠠᠷᠤᠨ ᠬᠣᠢᠲᠤ ᠬᠣᠱᠢᠭᠤᠨ ᠤ᠋ ᠬᠥᠮᠦᠰ ᠡᠬᠡ ᠤᠯᠤᠰ ᠤ᠋ᠨ ᠤᠮᠠᠷᠠᠲᠤ ᠬᠢᠯᠢ ᠶ᠋ᠢᠨ ᠴᠣ ᠱᠢᠨ᠎ᠡ ᠭᠠᠢᠬᠠᠮᠱᠢᠭ ᠢ᠋ ᠬᠦᠴᠦᠯᠡᠨ ᠱᠤᠭᠤᠵᠤ᠂ ᠭᠦᠨ ᠵᠤᠵᠠᠭᠠᠨ ᠰᠣᠶᠣᠯ ᠤ᠋ᠨ ᠠᠭᠤᠯᠤᠭ᠍ᠳᠠᠬᠤᠨ ᠢ᠋ ᠠᠭᠤᠳᠠᠯᠤᠨ ᠮᠣᠩᠭᠣᠯ ᠮᠣᠷᠢᠨ ᠤ᠋ ᠵᠣᠷᠢᠭ ᠰᠠᠨᠠᠭ᠎ᠠ ᠵᠢ ᠪᠠᠳᠠᠷᠠᠭᠤᠯᠵᠤ᠂ ᠴᠠᠭ ᠦᠶ᠎ᠡ ᠶ᠋ᠢᠨ ᠬᠦᠴᠦᠷᠬᠡᠭ ᠠᠶᠠᠰ ᠢ᠋ ᠬᠠᠮᠲᠤ ᠪᠠᠷ ᠴᠢᠪᠬᠠᠳᠠᠵᠤ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号