《ᠠᠷᠰᠯᠠᠨ ᠵᠠᠭᠠᠨ᠎ᠤ ᠨᠤᠲᠤᠭ》 ᠲᠤ᠌ ᠱᠢᠨ᠎ᠡ ᠬᠤᠪᠢᠰᠤᠯᠳᠠ ᠦᠷᠨᠢᠨ᠎ᠠ
2025-07-06 11:21:33
ᠵᠣᠬᠢᠶᠠᠭ᠍ᠴᠢ᠄
ᠵᠧᠸ᠋ ᠱᠢᠤ ᠹᠠᠩ ᠬᠠᠨ ᠵᠢᠶ ᠸᠠᠩ ᠵᠢᠶ ᠴᠢᠩ ᠯᠢᠩ
ᠣᠩᠱᠢᠭ᠍ᠰᠠᠨ ᠣᠳᠠᠭ᠎ᠠ᠄
★★★☆☆

ᠡᠬᠡ ᠤᠯᠤᠰ᠎ᠤᠨ ᠨᠤᠲᠤᠭ ᠳᠡᠪᠢᠰᠭᠡᠷ᠎ᠤᠨ 《ᠳᠠᠬᠢᠶᠠᠨ ᠰᠠᠴᠢᠭ᠌》 ᠳᠡᠭᠡᠷ᠎ᠠ ᠪᠠᠢᠷᠢᠯᠠᠵᠤ ᠪᠠᠢᠭ᠎ᠠ ᠬᠥᠯᠥᠨ ᠪᠤᠢ᠌ᠷ ᠬᠤᠳᠠ᠎ᠶ᠋ᠢᠨ ᠵᠠᠯᠠᠢᠨᠠᠭᠤᠷ ᠲᠣᠭᠣᠷᠢᠭ ᠨᠢ ᠲᠠᠯ᠎ᠠ ᠨᠤᠲᠤᠭ᠎ᠤᠨ ᠨᠡᠯᠦᠭᠡᠷ ᠠᠭᠤᠳᠠᠮ᠎ᠢ ᠦᠵᠡᠬᠦᠯᠵᠤ ᠪᠠᠢᠬᠤ᠎ᠪᠠᠷ ᠪᠠᠷᠠᠬᠤ ᠦᠬᠡᠢ᠂ ᠦᠨᠢ ᠤᠳᠠᠭᠠᠨ ᠤᠨ ᠵᠢᠯ᠎ᠤᠨ ᠲᠤᠷᠰᠢᠬᠢ ᠪᠣᠯᠪᠠᠰᠤᠨ᠎ᠤ ᠤᠤᠷ ᠲᠤᠨᠳᠠᠰᠤ ᠵᠢ ᠬᠤᠷᠠᠮᠳᠤᠭᠤᠯᠤᠬᠰᠠᠨ ᠶᠤᠮ᠃

ᠬᠣᠲᠠ᠎ᠶ᠋ᠢᠨ ᠪᠦᠲᠦᠴᠡ ᠵᠦᠢ᠎ᠵᠢᠨ ᠳᠤᠲᠤᠷ᠎ᠠ᠂ ᠭᠤᠷᠪᠠᠨ ᠵᠤᠷᠪᠤᠰ ᠪᠣᠯᠪᠠᠰᠤᠨ᠎ᠤ ᠰᠤᠳᠠᠰᠤ ᠡᠨᠳᠡ ᠰᠤᠯᠪᠢᠴᠠᠨ ᠰᠦᠯᠵᠢᠯᠳᠦᠵᠦ᠍᠂ ᠴᠠᠭ ᠣᠷᠣᠨ ᠵᠠᠶ᠎ᠶ᠋ᠢ ᠰᠤᠨᠳᠠᠯᠠᠭ᠍ᠰᠠᠨ ᠤᠮᠠᠷᠠᠲᠤ ᠬᠢᠯᠢ᠎ᠶ᠋ᠢᠨ ᠨᠢᠬᠡᠨ ᠤᠷᠳᠤ ᠡᠪᠬᠡᠮᠡᠯ ᠵᠢᠷᠤᠭ᠎ᠢ ᠪᠦᠳᠦᠬᠡᠪᠠ —

ᠲᠦᠮᠡᠨ ᠵᠢᠯ᠎ᠦᠨ ᠡᠮᠦᠨ᠎ᠡ᠂ ᠡᠷᠲᠡᠨ᠎ᠦ ᠬᠥᠮᠦᠨ ᠲᠥᠷᠥᠯᠬᠢᠲᠡᠨ 《ᠵᠠᠯᠠᠢᠨᠠᠭᠤᠷᠴᠤᠳ》 ᠠᠷᠰᠯᠠᠨ ᠵᠠᠭᠠᠨ᠎ᠤ ᠰᠦᠷᠦᠭ᠎ᠢ ᠮᠥᠷᠳᠡᠨ᠂ ᠡᠨᠳᠡ᠎ᠡᠴᠡ ᠮᠤᠷᠳᠠᠨ ᠬᠣᠯᠠ ᠠᠶᠠᠯᠠᠵᠤ᠂ ᠵᠠᠮ᠎ᠲᠤᠵᠢ ᠵᠠᠯᠠᠢᠨᠠᠭᠤᠷ᠎ᠤᠨ ᠰᠣᠶᠣᠯ᠎ᠤᠨ ᠦᠷ᠎ᠠ ᠵᠢ ᠰᠠᠴᠤᠵᠤ ᠳᠡᠯᠭᠡᠷᠡᠭᠦᠯᠵᠡᠶ᠃

ᠮᠢᠩᠭᠠᠨ ᠵᠢᠯ᠎ᠦᠨ ᠡᠮᠦᠨ᠎ᠡ᠂ ᠲᠦᠸᠸ ᠪᠠ ᠱᠢᠶᠡᠨᠪᠢ ᠡᠨᠳᠡ 《ᠤᠰᠤᠨ᠎ᠤ ᠲᠤᠩᠭᠠᠯᠠᠭ ᠪᠡᠯᠴᠢᠭᠡᠷ᠎ᠤᠨ ᠰᠠᠢᠨ᠎ᠢ᠎ᠰᠤᠩᠭᠤᠨ ᠰᠠᠭᠤᠷᠢᠱᠢᠵᠤ》᠂ ᠨᠡᠭᠦᠳᠡᠯ ᠰᠣᠶᠣᠯ᠎ᠤᠨ ᠲᠤᠤᠯᠢᠰ᠎ᠢ ᠪᠢᠴᠢᠭ᠌ᠯᠡᠵᠤ ᠪᠢᠯᠡ᠃

ᠵᠠᠭᠤᠨ ᠵᠢᠯ᠎ᠦᠨ ᠡᠮᠦᠨ᠎ᠡ᠂ ᠨᠡᠭᠦᠷᠡᠰᠦᠨ ᠠᠭᠤᠷᠬᠠᠢ᠎ᠶ᠋ᠢ ᠢᠯᠡᠷᠡᠭᠦᠯᠦᠭ᠌ᠰᠡᠨ ᠨᠢ ᠥᠪᠥᠷ ᠮᠣᠩᠭᠣᠯ᠎ᠤᠨ ᠤᠢ᠍ᠢᠷ᠎ᠠ ᠦᠶ᠎ᠡ᠎ᠶ᠋ᠢᠨ ᠠᠵᠤ ᠦᠢᠯᠡᠳᠪᠦᠷᠢ᠎ᠶ᠋ᠢᠨ ᠥᠷ᠎ᠦᠨ ᠲᠤᠶᠠᠭ᠎ᠠ᠎ᠶ᠋ᠢ ᠠᠰᠠᠭᠠᠵᠤ᠂ ᠮᠠᠨ᠎ᠤ ᠤᠯᠤᠰ᠎ᠤᠨ ᠬᠠᠮᠤᠭ᠎ᠤᠨ ᠵᠠᠯᠠᠭᠤ ᠱᠢᠶᠠᠨ᠎ᠤ ᠲᠡᠰ᠎ᠤᠨ ᠵᠠᠰᠠᠭ ᠵᠠᠬᠢᠷᠭᠠᠨ᠎ᠤ ᠣᠷᠣᠨ᠎ᠤ ᠬᠤᠪᠢᠶᠠᠷᠢᠯᠠᠯ᠎ᠤᠨ ᠨᠢᠬᠡ ᠪᠤᠯᠵᠠᠢ᠃

ᠡᠷᠲᠡᠨ᠎ᠤ ᠪᠠ ᠤᠳᠤ ᠦᠶ᠎ᠠ᠎ᠬᠠᠷᠢᠯᠴᠠᠨ ᠰᠤᠯᠪᠢᠴᠠᠨ ᠬᠡᠷᠡᠯᠳᠦᠬᠦᠯᠵᠤ᠂ ᠤᠯᠠᠨ ᠡᠱᠢᠲᠦ ᠰᠣᠶᠣᠯ ᠡᠨᠳᠡ ᠠᠭᠤᠰᠤᠯᠴᠠᠨ᠂ ᠥᠪᠡᠷᠮᠢᠴᠡ ᠣᠨᠴᠠᠯᠢᠭ᠎ᠪᠦᠬᠦᠢ ᠬᠤᠳᠠ᠎ᠶ᠋ᠢᠨ ᠬᠡᠪ ᠨᠠᠮᠪᠠ᠎ᠶ᠋ᠢ ᠪᠦᠷᠢᠯᠳᠦᠭᠦᠯᠪᠡ᠃

ᠪᠠᠯᠠᠷ ᠡᠷᠲᠡᠨ ᠤ᠋ ᠤᠯᠠ ᠮᠦᠷ ᠪᠤᠭᠤᠷᠤᠯ ᠲᠡᠦᠭᠡ ᠵᠢᠨ ᠲᠤᠨᠳᠠᠰᠤ

ᠵᠠᠯᠠᠢᠨᠠᠭᠤᠷ᠎ᠤᠨ ᠮᠦᠽᠧᠶ᠎ᠳᠦ ᠣᠷᠣᠪᠠᠯ᠂ ᠴᠠᠭ ᠤᠷᠤᠨ ᠵᠠᠢ᠎ᠵᠢᠨ ᠬᠤᠨᠢᠶᠠᠰᠤ ᠨᠢᠳᠦᠨ ᠡᠮᠦᠨ᠎ᠡ ᠤᠨ ᠵᠢᠯ ᠳᠠᠷᠠᠭᠠᠯᠠᠨ ᠳᠡᠯᠭᠡᠭ᠌ᠳᠡᠨ᠎ᠡ᠄ ᠬᠠᠭᠤᠴᠢᠨ ᠴᠢᠯᠠᠭᠤᠨ ᠵᠡᠪᠰᠡᠭ᠎ᠦᠨ ᠦᠶ᠎ᠡ᠎ᠶ᠋ᠢᠨ ᠴᠠᠬᠢᠭᠤᠷ ᠴᠢᠯᠠᠭᠤᠨ ᠬᠤᠰᠤᠭᠤᠷ ᠨᠢ ᠡᠷᠲᠡᠨ᠎ᠦ ᠬᠥᠮᠦᠨ ᠲᠥᠷᠥᠯᠬᠢᠲᠡᠨ᠎ᠦ ᠣᠶᠤᠨ ᠤᠬᠠᠭᠠᠨ᠎ᠢ ᠬᠠᠷᠠᠭᠤᠯᠵᠤ᠂ ᠠᠷᠰᠯᠠᠨ ᠵᠠᠭᠠᠨ᠎ᠤ ᠴᠢᠯᠠᠭᠤᠵᠢᠮᠠᠯ᠎ᠤᠨ ᠠᠷᠵᠠᠭᠠᠷ ᠶᠠᠰᠤᠨ ᠡᠴᠡ ᠮᠥᠰᠥᠲᠦᠯᠭᠡ᠎ᠶ᠋ᠢᠨ ᠦᠶ᠎ᠡ᠎ᠶ᠋ᠢᠨ ᠤᠯᠠ ᠮᠦᠷ ᠬᠠᠷᠠᠭᠳᠠᠨ᠎ᠠ ᠁

《1933 ᠣᠨ᠎ᠳᠤ ᠵᠠᠯᠠᠢᠨᠠᠭᠤᠷ ᠨᠡᠭᠦᠷᠡᠰᠦᠨ ᠠᠭᠤᠷᠬᠠᠶ᠎ᠡᠴᠡ ᠠᠩᠬᠠᠨ᠎ᠤ ᠬᠥᠮᠦᠨ᠎ᠦ ᠲᠣᠯᠣᠭᠠᠶ᠎ᠶ᠋ᠢᠨ ᠶᠠᠰᠤ ᠣᠯᠳᠠᠪᠠ᠂ ᠡᠷᠲᠡᠨ᠎ᠦ ᠬᠥᠮᠦᠨ ᠲᠥᠷᠥᠯᠬᠢᠲᠡᠨ᠎ᠤ ᠤᠬᠠᠭᠠᠨᠲᠠᠨ ᠡᠴᠡ ᠲᠡᠭᠦᠨ᠎ᠢ 〈ᠵᠠᠯᠠᠢᠨᠠᠭᠤᠷ ᠬᠥᠮᠦᠨ〉 ᠭᠡᠵᠦ᠍ ᠨᠡᠷᠡᠯᠡᠵᠡᠶ》᠃ ᠵᠠᠯᠠᠢᠨᠠᠭᠤᠷ᠎ᠤᠨ ᠮᠦᠽᠧᠶ᠎ᠶ᠋ᠢᠨ ᠳᠠᠷᠤᠭ᠎ᠠ ᠵᠠᠩ ᡁᠢ ᠸᠸᠨ᠂ 2019 ᠣᠨ᠎ᠳᠤ᠂ ᠪᠡᠭᠡᠵᠢᠩ ᠶᠡᠬᠡ ᠰᠤᠷᠭᠠᠭᠤᠯᠢ᠎ᠶ᠋ᠢᠨ ᠡᠷᠲᠡᠨ᠎ᠦ ᠬᠠᠭᠤᠴᠢ ᠰᠤᠳᠤᠯᠤᠯ ᠲᠡᠦᠬᠡ ᠵᠢᠨ ᠲᠤᠷᠠᠰᠬᠠᠯᠳᠤ ᠵᠦᠢᠯᠡᠰ ᠬᠢᠬᠡᠳ ᠮᠦᠽᠸᠢ ᠵᠢᠨ ᠳᠡᠭᠡᠳᠦ ᠰᠤᠷᠭᠠᠭᠤᠯᠢ᠎ᠶ᠋ᠢᠨ ᠫᠷᠤᠹᠧᠰᠰᠤᠷ ᠦ᠋ ᠱᠢᠶᠤᠤ ᠬᠣᠩ ᠵᠠᠯᠠᠢᠨᠠᠭᠤᠷ᠎ᠤᠨ ᠮᠦᠽᠧᠶ᠎ᠳᠦ ᠬᠠᠳᠠᠭᠠᠯᠠᠬᠳᠠᠵᠤ ᠪᠠᠢᠭ᠎ᠠ 4 ᠵᠠᠯᠠᠢᠨᠠᠭᠤᠷ ᠬᠥᠮᠦᠨ ᠲᠥᠷᠥᠯᠬᠢᠲᠡᠨ᠎ᠦ ᠲᠣᠯᠣᠭᠠᠶ᠎ᠶ᠋ᠢᠨ ᠶᠠᠰᠤ᠎ᠳᠤ ᠬᠢᠭ᠌ᠰᠡᠨ ᠨᠡᠭᠦᠷᠡᠰᠦᠲᠥ᠋ᠷᠥᠭ᠌ᠴᠢ 14 ᠎ᠶ᠋ᠢᠨ ᠱᠢᠯᠭᠠᠨ ᠪᠠᠢᠴᠠᠭᠠᠯᠲᠠ᠎ᠶ᠋ᠢᠨ ᠮᠡᠳᠡᠭᠦᠯᠦᠯᠲᠡ᠎ᠶ᠋ᠢ ᠨᠡᠢᠲᠡᠯᠡᠪᠡ᠂ ᠨᠢᠭᠡᠳᠦᠭᠡᠷ ᠲᠣᠯᠣᠭᠠᠶ᠎ᠶ᠋ᠢᠨ ᠶᠠᠰᠤ᠎ᠨᠢ 10113 ᠵᠢᠯ᠂ ᠪᠤᠰᠤᠳ 3 ᠎ᠨᠢ ᠲᠣᠰ ᠲᠣᠰ 7400 ᠵᠢᠯ᠂ 1600 ᠵᠢᠯ ᠪᠠ 1000 ᠵᠢᠯ᠎ᠤᠨ ᠡᠮᠤᠨᠡᠬᠢ ᠬᠦᠮᠦᠨ᠎ᠤ ᠲᠤᠯᠤᠭᠠᠢ ᠵᠢᠨ ᠶᠠᠰᠤ ᠪᠣᠯᠤᠨ᠎ᠠ᠃ ᠡᠨᠡ ᠨᠢ ᠣᠢᠷ᠎ᠠ᠎ᠶ᠋ᠢᠨ ᠲᠦᠮᠡᠨ ᠵᠢᠯ᠎ᠦᠨ ᠲᠤᠷᠰᠢ᠂ ᠵᠠᠯᠠᠢᠨᠠᠭᠤᠷ ᠣᠷᠣᠨ᠎ᠳᠤ ᠬᠥᠮᠦᠨ ᠲᠥᠷᠥᠯᠬᠢᠲᠡᠨ ᠣᠷᠣᠱᠢᠨ ᠠᠮᠢᠳᠤᠷᠠᠭᠰᠠᠭᠠᠷ ᠢᠷᠡᠭᠰᠡᠨ ᠬᠡᠳᠡᠭ᠎ᠢ ᠬᠠᠷᠠᠭᠤᠯᠵᠤ ᠪᠠᠢᠨ᠎ᠠ ᠭᠡᠵᠦ ᠲᠠᠨᠢᠯᠴᠠᠭᠤᠯᠪᠠ᠃

ᠠᠯᠢ ᠡᠷᠲᠡ ᠬᠣᠶᠠᠷ ᠭᠤᠷᠪᠠᠨ ᠲᠦᠮᠡᠨ ᠵᠢᠯ᠎ᠦᠨ ᠡᠮᠦᠨ᠎ᠡ᠂ ᠵᠠᠯᠠᠢᠨᠠᠭᠤᠷ᠎ᠤᠨ ᠮᠥᠭᠥ᠎ᠶ᠋ᠢᠨ ᠠᠭᠤᠯᠠᠨ᠎ᠳᠤ ᠬᠠᠭᠤᠴᠢᠨ ᠴᠢᠯᠠᠭᠤᠨ ᠵᠡᠪᠰᠡᠭ᠎ᠦᠨ ᠦᠶ᠎ᠡ᠎ᠶ᠋ᠢᠨ ᠬᠥᠮᠦᠨ ᠲᠥᠷᠥᠯᠬᠢᠲᠡᠨ᠎ᠦ ᠠᠵᠢᠯᠯᠠᠭᠠᠨ᠎ᠤ ᠤᠯᠠ ᠮᠥᠷ ᠪᠠᠢᠪᠠ᠃ 《ᠵᠠᠯᠠᠢᠨᠠᠭᠤᠷ ᠬᠥᠮᠦᠨ》 ᠎ᠤ᠋ ᠡᠭᠦᠳᠦᠭ᠌ᠰᠡᠨ ᠡᠷᠲᠡᠨ᠎ᠦ ᠰᠣᠶᠣᠯ᠎ᠢ ᠠᠯᠳᠠᠷᠲᠤ ᠡᠷᠲᠡᠨ᠎ᠤ ᠬᠥᠮᠦᠨ ᠲᠥᠷᠥᠯᠬᠢᠲᠡᠨ᠎ᠦ ᠤᠬᠠᠭᠠᠨᠲᠠᠨ ᠫᠸᠢ ᠸᠸᠨ ᠵᠥᠩ 《ᠵᠠᠯᠠᠢᠨᠠᠭᠤᠷ ᠰᠣᠶᠣᠯ》 ᠭᠡᠵᠦ᠍ ᠨᠡᠷᠡᠯᠡᠵᠡᠶ᠃

2019 ᠣᠨ᠎ᠤ ᠬᠠᠮᠲᠤᠷᠠᠭ᠍ᠰᠠᠨ ᠬᠠᠭᠤᠴᠢ ᠰᠤᠳᠤᠯᠤᠯ᠎ᠤᠨ ᠠᠵᠢᠯᠯᠠᠭ᠎ᠠ ᠨᠢ ᠴᠠᠭ ᠣᠷᠣᠨ ᠵᠠᠢ᠎ᠶ᠋ᠢᠨ ᠨᠢᠭᠤᠴᠠ ᠵᠢ ᠲᠠᠢ᠌ᠯᠬᠤᠢ ᠮᠡᠲᠦ᠍᠎ᠪᠡᠷ 400 ᠭᠠᠷᠤᠢ ᠴᠢᠯᠠᠭᠤᠨ ᠪᠦᠲᠦᠭᠡᠭ᠌ᠳᠡᠬᠦᠨ᠎ᠢ ᠬᠥᠯᠳᠡᠭᠦᠦ ᠬᠥᠷᠥᠰᠥᠨ᠎ᠡᠴᠡ ᠰᠡᠷᠬᠦᠬᠡᠨ ᠠᠪᠴᠤ ᠠᠮᠢᠯᠠᠭᠤᠯᠪᠠ᠃ 《ᠲᠤᠬᠠᠢ᠎ᠶ᠋ᠢᠨ ᠵᠢᠯ᠎ᠳᠦ᠂ ᠪᠢᠳᠡ ᠳᠤᠮᠳᠠᠳᠤ ᠤᠯᠤᠰ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠡᠷᠲᠡᠨ᠎ᠦ ᠰᠡᠭᠡᠷᠲᠡᠨ ᠠᠮᠢᠳᠠᠨ ᠵᠢᠴᠢ ᠡᠷᠲᠡᠨ᠎ᠦ ᠬᠥᠮᠦᠨ ᠲᠥᠷᠥᠯᠬᠢᠲᠡᠨ᠎ᠦ ᠰᠤᠳᠤᠯᠭᠠᠨ᠎ᠤ ᠭᠠᠵᠠᠷ ᠪᠣᠯᠤᠨ ᠥᠪᠥᠷ ᠮᠣᠩᠭᠣᠯ᠎ᠤᠨ ᠮᠦᠽᠧᠢ᠎ᠲᠡᠶ ᠬᠠᠮᠲᠤᠷᠠᠨ ᠪᠠᠭᠤᠷᠢ᠎ᠳᠤ ᠬᠠᠭᠤᠴᠢ ᠰᠤᠳᠤᠯᠤᠯ᠎ᠤᠨ ᠪᠠᠢᠴᠠᠭᠠᠯᠲᠠ ᠬᠢᠵᠦ᠍᠂ ᠮᠠᠯᠲᠠᠵᠤ ᠭᠠᠷᠭᠠᠭ᠍ᠰᠠᠨ ᠲᠡᠦᠬᠡ᠎ᠶ᠋ᠢᠨ ᠳᠤᠷᠠᠰᠭᠠᠯᠲᠤ ᠵᠦᠢᠯᠡᠰ ᠨᠢ ᠳᠤᠮᠳᠠᠳᠤ ᠤᠯᠤᠰ᠎ᠤᠨ ᠤᠮᠠᠷᠠᠲᠤ᠎ᠶ᠋ᠢᠨ ᠬᠠᠭᠤᠴᠢᠨ ᠴᠢᠯᠠᠭᠤᠨ ᠵᠡᠪᠰᠡᠭ᠎ᠦᠨ ᠦᠶ᠎ᠡ᠎ᠶ᠋ᠢᠨ ᠬᠥᠮᠦᠨ ᠲᠥᠷᠥᠯᠬᠢᠲᠡᠨ᠎ᠦ ᠠᠵᠢᠯᠯᠠᠭ᠎ᠠ᠎ᠶ᠋ᠢ ᠰᠤᠳᠤᠯᠬᠤ᠎ᠳᠤ ᠦᠨ᠎ᠡ ᠦᠷᠳᠡᠭ᠎ᠲᠡᠶ ᠮᠡᠳᠡᠭᠡ ᠵᠠᠩᠭᠢ ᠬᠠᠩᠭᠠᠵᠠᠢ》᠃ ᠵᠠᠯᠠᠢᠨᠠᠭᠤᠷ᠎ᠤᠨ ᠮᠦᠽᠧᠢ᠎ᠶ᠋ᠢᠨ ᠳᠡᠳ᠋ ᠰᠤᠳᠤᠯᠤᠭ᠍ᠴᠢ ᠾᠧ ᠵᠢᠶᠠ᠎ᠶ᠋ᠢᠨ ᠦᠵᠡᠬᠦ᠌᠎ᠪᠡᠷ᠂ ᠡᠨᠡ ᠤᠳᠠᠭ᠎ᠠ᠎ᠶ᠋ᠢᠨ ᠮᠠᠯᠲᠠᠵᠤ ᠭᠠᠷᠭᠠᠭ᠍ᠰᠠᠨ ᠲᠡᠦᠬᠡ᠎ᠶ᠋ᠢᠨ ᠳᠤᠷᠠᠰᠭᠠᠯᠲᠤ ᠵᠦᠢᠯᠡᠰ ᠨᠢ ᠵᠠᠯᠠᠢᠨᠠᠭᠤᠷ ᠣᠷᠣᠨ᠎ᠳᠤ ᠬᠥᠮᠦᠨ ᠲᠥᠷᠥᠯᠬᠢᠲᠡᠨ ᠤᠷᠤᠰᠢᠨ ᠠᠮᠢᠳᠦᠷᠠᠵᠤ ᠪᠠᠢᠬᠰᠠᠭᠠᠷ ᠢᠷᠡᠭᠰᠡᠨ ᠭᠡᠬᠦ ᠨᠤᠲᠠᠯᠠᠯᠲᠠ᠎ᠶ᠋ᠢ ᠤᠯᠠᠮ ᠴᠢᠨᠠᠭ᠍ᠰᠢᠳᠠ ᠭᠡᠷᠡᠴᠢᠯᠡᠭ᠌ᠰᠡᠨ ᠪᠠᠢᠨ᠎ᠠ᠃

ᠰᠣᠶᠣᠯ ᠬᠡᠵᠤ ᠤᠰᠤ ᠮᠡᠲᠦ᠂ ᠲᠦᠮᠡᠨ ᠪᠣᠳᠠᠰ᠎ᠢ ᠤᠮᠳᠠᠯᠠᠨ᠎ᠠ᠃

1980 ᠣᠨ᠎ᠳᠤ᠂ ᠡᠷᠲᠡᠨ᠎ᠦ ᠠᠮᠢᠳᠤ ᠪᠣᠳᠠᠰ᠎ᠤᠨ ᠲᠤᠰᠭᠠᠶ ᠮᠡᠷᠭᠡᠵᠢᠯᠲᠡᠨ ᠵᠠᠯᠠᠢᠨᠠᠭᠤᠷ ᠣᠷᠣᠨ᠎ᠠᠴᠠ ᠭᠠᠵᠠᠷ ᠳᠤᠤᠷ᠎ᠠ 3 ᠲᠦᠮᠡᠨ ᠵᠢᠯ ᠮᠥᠩᠬᠡ ᠨᠣᠢᠷᠰᠤᠭ᠍ᠰᠠᠨ ᠠᠷᠰᠯᠠᠨ ᠵᠠᠭᠠᠨ᠎ᠤ ᠴᠢᠯᠠᠭᠤᠵᠢᠮᠠᠯ᠎ᠢ ᠢᠯᠡᠷᠡᠭᠦᠯᠪᠡ᠃ ᠡᠭᠦᠨ᠎ᠦ ᠳᠠᠷᠠᠭ᠎ᠠ ᠪᠠᠰᠠ ᠦᠰᠦᠲᠦ ᠬᠡᠷᠢᠰ᠂ ᠵᠡᠭᠦᠨ ᠬᠣᠢᠲᠤ᠎ᠶ᠋ᠢᠨ ᠵᠡᠷᠯᠢᠭ ᠦᠬᠡᠷ᠂ ᠪᠥᠬᠥᠩ ᠵᠡᠷᠭᠡ ᠬᠦᠶ᠋ᠲᠡᠨ ᠠᠭᠤᠷ ᠠᠮᠢᠰᠭᠤᠯ᠎ᠳᠦ ᠲᠡᠰᠪᠦᠷᠢᠲᠡᠶ ᠠᠮᠢᠲᠠᠳ᠎ᠢ ᠢᠯᠡᠷᠡᠭᠦᠯᠵᠡᠶ᠃ ᠳᠤᠮᠳᠠᠳᠤ ᠤᠯᠤᠰ᠎ᠤᠨ ᠱᠢᠨᠵᠢᠯᠡᠬᠦ᠌ ᠤᠬᠠᠭᠠᠨ᠎ᠤ ᠬᠦᠷᠢᠶᠡᠯᠡᠩ᠎ᠦᠨ ᠠᠺᠠᠳᠧᠮᠢᠴᠢ ᠵᠧᠸ᠋ ᠮᠢᠩ ᠵᠧᠨ ᠡᠨᠡ᠎ᠬᠦ᠌ ᠠᠮᠢᠲᠠᠨ᠎ᠤ ᠰᠦᠷᠦᠭ ᠎ᠢ 《ᠵᠠᠯᠠᠢᠨᠠᠭᠤᠷ᠎ᠤᠨ ᠬᠥᠬᠥᠲᠡᠨ ᠠᠮᠢᠲᠠᠨ᠎ᠤ ᠰᠦᠷᠦᠭ》 ᠭᠡᠵᠦ᠍ ᠨᠡᠷᠡᠢᠳᠴᠡᠶ᠃

2016 ᠣᠨ᠎ᠳᠤ᠂ ᠳᠤᠮᠳᠠᠳᠤ ᠤᠯᠤᠰ᠎ᠤᠨ ᠠᠷᠠᠳ᠎ᠤᠨ ᠤᠳᠭ᠎ᠠ ᠤᠷᠠᠯᠢᠭ᠍ᠴᠢᠳ᠎ᠤᠨ ᠡᠪᠯᠡᠯ᠎ᠡᠴᠡ ᠵᠠᠯᠠᠢᠨᠠᠭᠤᠷ ᠲᠣᠭᠣᠷᠢᠭ᠎ᠲᠤ 《ᠳᠤᠮᠳᠠᠳᠤ ᠤᠯᠤᠰ᠎ᠤᠨ ᠵᠠᠯᠠᠢᠨᠠᠭᠤᠷ ᠰᠣᠶᠣᠯ᠎ᠤᠨ ᠨᠤᠲᠤᠭ》᠂ 《ᠳᠤᠮᠳᠠᠳᠤ ᠤᠯᠤᠰ᠎ᠤᠨ ᠠᠷᠰᠯᠠᠨ ᠵᠠᠭᠠᠨ᠎ᠤ ᠰᠣᠶᠣᠯ᠎ᠤᠨ ᠰᠤᠳᠤᠯᠭᠠᠨ᠎ᠤ ᠰᠠᠭᠤᠷᠢᠨ》 ᠎ᠤ᠋ ᠴᠣᠯᠠ ᠣᠯᠭᠣᠪᠠ᠃

ᠡᠳᠦᠭᠡ᠂ ᠵᠠᠯᠠᠢᠨᠠᠭᠤᠷ ᠲᠣᠭᠣᠷᠢᠭ᠎ᠤᠨ ᠠᠷᠰᠯᠠᠨ ᠵᠠᠭᠠᠨ᠎ᠤ ᠵᠢᠭᠤᠯᠴᠢᠯᠠᠯ᠎ᠤᠨ ᠣᠷᠣᠨ᠎ᠳᠤ᠂ ᠬᠢᠨᠢᠰ᠎ᠤᠨ ᠲᠡᠮᠳᠡᠭ᠌ᠯᠡᠯ᠎ᠢ ᠡᠭᠦᠳᠦᠭ᠌ᠰᠡᠨ 《ᠬᠡᠪᠴᠢᠶ᠎ᠡ᠎ᠪᠡᠷ ᠬᠠᠮᠤᠭ᠎ᠤᠨ ᠶᠡᠬᠡ ᠠᠷᠰᠯᠠᠨ ᠵᠠᠭᠠᠨ᠎ᠤ ᠱᠤᠭᠤᠮᠠᠯ᠎ᠤᠨ ᠰᠦᠷᠦᠭ》 ᠤ᠋ᠨ ᠬᠡᠯᠪᠡᠷᠢ ᠪᠠᠢᠳᠠᠯ᠎ᠨᠢ ᠲᠣᠰ ᠲᠣᠰ ᠠᠳᠠᠯᠢ ᠥᠬᠡᠶ᠂ ᠠᠮᠢᠳᠤ ᠳᠦᠷᠰᠦᠯᠢᠭ ᠪᠠᠢᠵᠤ᠂ ᠶᠠᠭ ᠯᠠ ᠶᠢᠷᠲᠢᠨᠴᠦ᠎ᠵᠢᠨ ᠬᠦᠮᠦᠰ᠎ᠲᠤ ᠡᠨᠡ ᠬᠦ᠌ ᠭᠠᠵᠠᠷ ᠱᠢᠷᠣᠶ᠎ᠶ᠋ᠢᠨ ᠪᠠᠯᠠᠷ ᠡᠷᠲᠡᠨ᠎ᠤ ᠳᠤᠷᠠᠰᠤᠮᠵᠢ᠎ᠶ᠋ᠢ ᠱᠢᠪᠡᠨᠡᠵᠦ᠍ ᠪᠠᠢᠬᠤ ᠱᠢᠭ᠋ ᠲᠦᠷᠦᠭᠳᠡᠯ ᠦᠭᠬᠦ ᠶᠤᠮ᠃

ᠨᠡᠭᠦᠳᠡᠯ᠎ᠦᠨ ᠲᠤᠤᠯᠢᠰ ᠠᠭᠤᠰᠤᠯᠴᠠᠯ᠎ᠤᠨ ᠵᠠᠮ

ᠬᠠᠪᠤᠷ᠎ᠤᠨ ᠳᠤᠮᠳᠠ ᠰᠠᠷ᠎ᠠ᠎ᠳᠤ᠂ ᠵᠠᠯᠠᠢᠨᠠᠭᠤᠷ ᠮᠥᠨ ᠬᠦ᠌ ᠬᠠᠬᠢᠷ ᠬᠦᠢᠲᠡᠨ ᠬᠡᠪ᠎ᠢᠶᠡᠷ᠎ᠢᠶᠡᠨ᠃ ᠳᠠ ᠯᠠᠨ ᠡᠸ ᠯᠦᠸᠸ ᠮᠤ᠌ ᠭᠣᠣᠯ᠎ᠤᠨ ᠵᠡᠭᠦᠨ ᠡᠷᠭᠢ ᠲᠡᠬᠡᠷ᠎ᠡ᠂ ᠲᠦᠸᠸ ᠪᠠ ᠱᠢᠶᠡᠨᠪᠢ᠎ᠶ᠋ᠢᠨ 300 ᠭᠠᠷᠤᠢ ᠡᠷᠲᠡᠨ᠎ᠦ ᠤᠩᠭᠤᠨ᠎ᠤ᠋ ᠰᠦᠷᠦᠭ ᠪᠤᠢ᠃

1959 ᠣᠨ᠎ᠳᠤ᠂ ᠳᠠ ᠯᠠᠨ ᠡᠸ ᠯᠦᠸᠸ ᠮᠤ᠌ ᠭᠣᠣᠯ᠎ᠤᠨ ᠵᠡᠭᠦᠨ ᠡᠷᠭᠢ᠎ᠳᠡᠬᠢ ᠲᠦᠸᠸ ᠪᠠ ᠱᠢᠶᠡᠨᠪᠢ᠎ᠶ᠋ᠢᠨ ᠡᠷᠲᠡᠨ᠎ᠦ ᠣᠩᠭᠣᠨ᠎ᠤ ᠰᠦᠷᠦᠭ᠎ᠡᠴᠡ 《ᠨᠢᠰᠭᠦ ᠮᠣᠷᠢᠨ᠎ᠤ ᠬᠡ᠎ᠲᠡᠶ ᠰᠢᠵᠢᠷ ᠠᠯᠲᠠᠠ᠎ᠬᠦᠷᠡᠯ ᠴᠢᠮᠡᠭᠯᠡᠯ᠎ᠤᠨ ᠫᠠᠢᠰᠠ》 ᠵᠢ ᠢᠯᠡᠷᠠᠬᠦᠯᠪᠠ᠃

ᠬᠣᠲᠠ᠎ᠶ᠋ᠢᠨ ᠰᠣᠶᠣᠯ᠎ᠤᠨ ᠰᠤᠳᠠᠰᠤ᠂ ᠨᠢᠭᠡ ᠬᠣᠲᠠ᠎ᠶ᠋ᠢᠨ ᠤᠷᠤᠯᠠᠭᠤᠯᠵᠤ ᠪᠣᠯᠤᠰᠢ ᠦᠭᠡᠢ ᠢᠳᠡᠭᠡᠯ ᠵᠤᠷᠢᠭ᠃

ᠱᠢᠨ᠎ᠡ᠎ᠪᠡᠷ ᠪᠠᠷᠢᠭ᠍ᠰᠠᠨ ᠹᠸᠢ ᠮᠠ ᠠᠭᠤᠳᠠᠮ ᠲᠠᠯᠠᠪᠠᠶ ᠳᠡᠭᠡᠷ᠎ᠡ ᠨᠢᠬᠡᠨ ᠬᠦᠷᠡᠯ ᠱᠤᠭᠤᠮᠠᠯ ᠰᠡᠬᠦᠢᠨ᠎ᠡ᠃ ᠱᠢᠳᠢᠲᠦ ᠬᠦᠷᠦᠭᠡᠰᠦ᠎ᠵᠢᠨ ᠣᠮᠣᠭᠯᠠᠩ ᠰᠦᠷᠲᠦ ᠳᠦᠷᠢ ᠪᠠᠢᠳᠠᠯ ᠨᠢ ᠶᠠᠭ ᠡᠨᠡ ᠬᠣᠲᠠ᠎ᠶ᠋ᠢᠨ ᠣᠶᠤᠨ ᠰᠠᠨᠠᠭᠠᠨ᠎ᠤ ᠲᠣᠲ᠋ᠧᠮ ᠮᠡᠲᠦ᠄ 《ᠡᠷᠡᠯᠭᠡᠭ ᠪᠦᠷᠭᠦᠳ ᠮᠡᠳᠦ ᠪᠡᠷ᠎ᠲᠡᠦᠬᠡ ᠵᠢᠨ ᠤᠬᠳᠠᠷᠭᠤᠢ ᠪᠡᠷ ᠬᠠᠯᠢᠨ ᠦᠩᠬᠡᠷᠡᠬᠦ》 ᠨᠡᠭᠦᠳᠡᠯ ᠮᠠᠯᠵᠢᠯ᠎ᠤᠨ ᠣᠮᠣᠭᠯᠠᠩ ᠰᠡᠳᠬᠢᠯᠬᠡ ᠵᠢ ᠠᠴᠢᠶᠠᠯᠠᠭ᠍ᠰᠠᠨ ᠮᠥᠷᠲᠡᠭᠡᠨ ᠪᠠᠰᠠ 《ᠣᠯᠠᠨ ᠡᠱᠢᠲᠦ ᠨᠢᠭᠡ ᠴᠣᠭ᠍ᠴᠠ》 ᠶ᠋ᠢᠨ ᠰᠣᠶᠣᠯ᠎ᠤᠨ ᠭᠧᠨ᠎ᠢ ᠭᠦᠨ ᠦᠨᠳᠦᠰᠦᠯᠡᠭᠦᠯᠪᠠ᠃

ᠵᠠᠯᠠᠢᠨᠠᠭᠤᠷ ᠪᠣᠯ ᠳᠤᠮᠳᠠᠳᠤ ᠤᠯᠤᠰ᠎ᠤᠨ ᠤᠮᠠᠷᠠᠲᠤ᠎ᠶ᠋ᠢᠨ ᠲᠠᠯ᠎ᠠ ᠨᠤᠲᠤᠭ᠎ᠤᠨ ᠰᠣᠶᠣᠯ᠎ᠤᠨ ᠡᠭᠦᠰᠦᠯ᠎ᠦᠨ ᠭᠠᠵᠠᠷ᠎ᠤᠨ ᠨᠢᠭᠡ ᠪᠣᠯᠤᠨ᠎ᠠ᠂ ᠡᠨᠡ᠎ᠬᠦ᠌ ᠭᠠᠢᠬᠠᠮᠱᠢᠭ᠍ᠲᠤ ᠨᠤᠲᠤᠭ ᠡᠴᠡ ᠠᠬᠢᠨ ᠲᠡᠬᠢᠨ ᠪᠠᠶᠠᠷᠳᠤ ᠴᠢᠮᠡᠬᠡ ᠲᠠᠮᠵᠢᠭᠤᠯᠤᠬᠳᠠᠵᠤ ᠢᠷᠡᠪᠡ᠃

2011 ᠣᠨ᠎ᠳᠤ᠂ ᠮᠦᠭᠦ᠎ᠶ᠋ᠢᠨ ᠠᠭᠤᠯᠠ᠎ᠵᠢᠨ ᠪᠠᠷᠠᠭᠤᠨ ᠲᠠᠯ᠎ᠠ᠎ᠡᠴᠡ ᠲᠦᠸᠸ ᠪᠠ ᠱᠢᠶᠡᠨᠪᠢ᠎ᠶ᠋ᠢᠨ ᠡᠷᠲᠡᠨ᠎ᠦ ᠤᠩᠭᠤᠨ᠎ᠤ ᠰᠦᠷᠦᠭ᠎ᠢ ᠳᠠᠬᠢᠨᠲᠠ ᠢᠯᠡᠷᠡᠭᠦᠯᠦᠭ᠌ᠰᠡᠨ ᠪᠥᠭᠡᠳ ᠬᠠᠨ ᠤᠯᠤᠰ᠎ᠤᠨ ᠵᠦᠨᠭᠶᠤᠸᠠᠨ ᠣᠷᠣᠨ᠎ᠤ ᠱᠢᠷᠳᠡᠮᠡᠯ ᠰᠠᠪᠠ᠂ ᠷᠣᠮᠠ ᠬᠠᠭᠠᠨᠲᠤ ᠤᠯᠤᠰ᠎ᠲᠤ ᠦᠢᠯᠡᠳᠦᠭᠰᠡᠨ ᠠᠯᠲᠠ ᠢᠯᠲᠠᠰᠤ᠎ᠬᠠᠪᠴᠢᠭᠤᠯᠤᠭᠰᠠᠨ ᠱᠢᠯ ᠰᠤᠪᠤᠳ᠎ᠤᠨ ᠴᠢᠮᠡᠭ᠌ᠯᠡᠯ᠎ᠦᠨ ᠡᠳ᠋ ᠵᠡᠷᠭᠡ ᠲᠡᠦᠬᠡ᠎ᠶ᠋ᠢᠨ ᠳᠤᠷᠠᠰᠭᠠᠯᠲᠤ ᠵᠦᠢᠯᠡᠰ᠎ᠢ ᠮᠠᠯᠲᠠᠨ ᠭᠠᠷᠭᠠᠪᠠ᠃

ᠾᠧ ᠵᠢᠶᠠ᠄ 《ᠲᠦᠸᠸ ᠪᠠ ᠱᠢᠶᠡᠨᠪᠢ ᠠᠢᠮᠠᠭ ᠪᠣᠯ ᠤᠮᠠᠷᠠᠲᠤ᠎ᠶ᠋ᠢᠨ ᠨᠡᠭᠦᠳᠡᠯᠴᠢᠨ ᠦᠨᠳᠦᠰᠦᠲᠡᠨ᠎ᠦ ᠳᠤᠮᠳᠠᠳᠤ᠎ᠶ᠋ᠢᠨ ᠦᠨᠳᠦᠰᠦᠲᠡᠨ᠎ᠦ ᠶᠡᠬᠡ ᠬᠡᠷ ᠪᠦᠯᠢ᠎ᠳᠦ ᠰᠠᠨᠠᠭᠠᠴᠢᠯᠠᠭ᠎ᠠ᠎ᠡᠴᠡ᠎ᠪᠠᠨ ᠠᠭᠤᠰᠤᠯᠴᠠᠭ᠍ᠰᠠᠨ ᠲᠡᠦᠬᠡᠨ ᠥᠯᠢᠭᠡᠷ ᠵᠢᠱ᠌ᠢᠶ᠎ᠡ ᠪᠣᠯᠤᠨ᠎ᠠ᠃ ᠡᠲᠡᠭᠡᠷ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠨᠢ ᠮᠠᠰᠢ ᠢᠯᠡᠷᠬᠡᠶ ᠰᠣᠶᠣᠯ᠎ᠤᠨ ᠰᠣᠯᠢᠯᠴᠠᠭᠠᠨ᠎ᠤ ᠠᠭᠤᠯᠤᠭ᠍ᠳᠠᠬᠤᠨ᠎ᠲᠠᠶ ᠶᠤᠮ᠂ ᠡᠨᠡ᠎ᠨᠢ ᠲᠦᠸᠸ ᠪᠠ ᠱᠢᠶᠡᠨᠪᠢ᠎ᠶ᠋ᠢᠨ ᠲᠠᠯ᠎ᠠ ᠨᠤᠲᠤᠭ᠎ᠤᠨ ᠲᠣᠷᠭᠠᠨ ᠵᠠᠮ᠎ᠢᠶᠠᠷ ᠳᠡᠮᠵᠢᠨ ᠠᠯᠢ ᠡᠷᠲᠡ ᠵᠦᠩᠶᠤᠸᠠᠨ ᠣᠷᠣᠨ ᠴᠢᠨᠠᠭ᠍ᠰᠢᠯᠠᠪᠠᠯ ᠨᠠᠩ ᠠᠯᠤᠰ ᠬᠣᠯᠠ ᠧᠦ᠋ᠷᠣᠫᠠ ᠲᠢᠪ᠎ᠦᠨ ᠭᠠᠵᠠᠷ ᠣᠷᠣᠨ᠎ᠲᠠᠶ ᠰᠣᠯᠢᠯᠴᠠᠭ᠎ᠠ ᠬᠢᠵᠦ᠍ ᠬᠠᠷᠢᠯᠴᠠᠨ ᠲᠣᠯᠢ ᠪᠤᠯᠭᠠᠬᠰᠠᠨ᠎ᠢ ᠬᠠᠷᠠᠭᠤᠯᠵᠤ ᠪᠠᠢᠨ᠎ᠠ》 ᠭᠡᠵᠦ ᠲᠠᠨᠢᠯᠴᠠᠭᠤᠯᠪᠠ᠃

ᠨᠡᠯᠦᠭᠡᠷ ᠪᠠᠶᠠᠯᠢᠭ ᠲᠡᠦᠬᠡᠨ ᠮᠠᠲ᠋ᠧᠷᠢᠶᠠᠯ ᠪᠣᠯᠤᠨ ᠡᠬᠡ ᠭᠠᠵᠠᠷ᠎ᠡᠴᠡ ᠢᠯᠡᠷᠡᠬᠦᠯᠦᠭᠰᠡᠨ ᠤᠯᠠ ᠮᠥᠷ ᠬᠠᠷᠢᠯᠴᠠᠨ ᠭᠡᠷᠡᠴᠢᠯᠡᠭ᠌ᠰᠡᠨ ᠨᠢ᠄ ᠬᠣᠶᠠᠷ ᠮᠢᠩᠭ᠎ᠠ ᠭᠠᠷᠤᠶ ᠵᠢᠯ᠎ᠦᠨ ᠡᠮᠦᠨ᠎ᠡ᠂ ᠶᠡᠬᠡ ᠬᠢᠩᠭᠠᠨ ᠳᠠᠪᠠᠭ᠎ᠠ᠎ᠡᠴᠡ ᠡᠬᠢ ᠡᠭᠦᠰᠦᠯ ᠲᠠᠢ ᠲᠦᠸᠸ ᠪᠠ ᠱᠢᠶᠡᠨᠪᠢ᠂ ᠣᠶ ᠱᠢᠭᠤᠶ᠎ᠡᠴᠡ ᠭᠠᠷᠴᠤ᠌ ᠢᠷᠡᠨ᠂ 《ᠶᠡᠬᠡ ᠤᠰᠤᠨ》 (ᠣᠳᠣ᠎ᠶ᠋ᠢᠨ ᠬᠥᠯᠥᠨ ᠨᠠᠭᠤᠷ) ᠳ᠋ᠤ ᠨᠡᠭᠦᠵᠦ᠍᠂ ᠡᠨᠳᠡ 200 ᠭᠠᠷᠤᠶ ᠵᠢᠯ ᠠᠮᠢᠳᠤᠷᠠᠵᠠᠶ᠃ ᠲᠡᠭᠦᠨ᠎ᠡᠴᠡ ᠬᠣᠢᠰᠢ᠂ ᠬᠢᠳᠠᠨ᠂ ᠵᠦᠷᠴᠢᠨ ᠵᠡᠷᠭᠡ ᠨᠡᠭᠦᠳᠡᠯᠴᠢᠨ ᠦᠨᠳᠦᠰᠦᠲᠡᠨ ᠡᠨᠳᠡ ᠬᠤᠢᠨ᠎ᠠ ᠬᠤᠢᠨ᠎ᠠ ᠡᠴᠡ ᠪᠡᠨ ᠲᠡᠦᠬᠡ ᠵᠢᠨ ᠲᠠᠪᠴᠠᠩ᠎ᠳᠤ ᠭᠠᠷᠴᠤ᠌᠂ ᠬᠦᠨᠳᠦ ᠵᠡᠪᠰᠡᠭ ᠬᠦᠯᠦᠭ᠎ᠤᠨ ᠲᠤᠭᠤᠷᠠᠢ ᠲᠠᠴᠢᠬᠢᠨᠠᠬᠰᠠᠨ ᠲᠠᠢᠨ ᠲᠠᠵᠢᠨ᠎ᠤ ᠲᠡᠦᠬᠡ ᠵᠢ ᠦᠩᠬᠡᠷᠡᠬᠡᠵᠤ᠂ ᠡᠴᠦᠰ᠎ᠲᠡᠬᠡᠨ ᠳᠤᠮᠳᠠᠳᠤ᠎ᠶ᠋ᠢᠨ ᠪᠣᠯᠪᠠᠰᠤᠨ᠎ᠤ ᠰᠦᠷ ᠳᠠᠯᠠᠢᠴᠠᠲᠠᠢ ᠤᠷᠳᠤ ᠶᠡᠬᠡ ᠮᠥᠷᠡᠨ᠎ᠳᠦ ᠴᠢᠳᠭᠤᠯᠠᠭ᠍ᠰᠠᠨ ᠠᠵᠢ᠃

ᠶᠠᠭ ᠲᠡᠦᠬᠡᠴᠢᠨ ᠵᠢᠶᠠᠨ ᠪᠥᠸᠧ ᠽᠠᠨ ᠤ᠋ ᠵᠢᠭᠠᠵᠤ ᠭᠠᠷᠭᠠᠭ᠍ᠰᠠᠨᠴᠢᠯᠠᠨ᠄《ᠡᠳ᠋ᠡᠭᠡᠷ ᠦᠨᠳᠦᠰᠦᠲᠡᠨ ᠬᠤᠢᠨ᠎ᠠ ᠬᠤᠢᠨ᠎ᠠ ᠡᠴᠡ ᠪᠡᠨ ᠡᠨᠡ ᠭᠠᠵᠠᠷ ᠣᠷᠣᠨ᠎ᠳᠤ ᠣᠷᠣᠵᠤ ᠢᠷᠡᠨ᠂ ᠨᠢᠭᠡ ᠨᠢᠭᠡ᠎ᠪᠡᠷ ᠲᠡᠦᠬᠡ᠎ᠶ᠋ᠢᠨ ᠲᠠᠪᠴᠠᠩ᠎ᠳᠤ ᠭᠠᠷᠴᠤ᠌᠂ ᠪᠠᠰᠠ ᠨᠢᠭᠡ ᠨᠢᠭᠡ ᠪᠡᠷ ᠡᠨᠡ ᠭᠠᠵᠠᠷ ᠣᠷᠣᠨ᠎ᠡᠴᠡ ᠠᠷᠢᠯᠵᠤ᠂ ᠲᠡᠦᠬᠡ᠎ᠶ᠋ᠢᠨ ᠲᠠᠪᠴᠠᠩ᠎ᠡᠴᠡ ᠤᠬᠤᠷᠢᠨ ᠭᠠᠷᠪᠠ ᠁ ᠳᠡᠳ᠋ᠡ ᠡᠷᠡᠯᠬᠡᠭ ᠪᠦᠷᠭᠦᠳ ᠱᠢᠭ ᠲᠡᠦᠬᠡ ᠵᠢᠨ ᠤᠬᠳᠠᠷᠭᠤᠢ ᠪᠡᠷ ᠬᠠᠯᠢᠨ ᠥᠩᠭᠡᠷᠡᠵᠦ᠍᠂ ᠣᠯᠠᠩᠬᠢ ᠨᠢ ᠣᠷᠣ ᠮᠥᠷ ᠦᠭᠡᠢ ᠨᠢᠰᠦᠨ ᠣᠳᠴᠤ᠌᠂ ᠦᠯᠡᠳᠡᠭ᠌ᠰᠡᠨ ᠨᠢ ᠵᠥᠪᠬᠡᠨ ᠲᠡᠦᠬᠡ᠎ᠶ᠋ᠢᠨ ᠦᠯᠡᠳᠡᠭ᠌ᠳᠡᠯ ᠪᠠᠭᠤᠷᠢ ᠪᠤᠶᠤ ᠦᠯᠡᠳᠡᠭ᠌ᠳᠡᠯ ᠪᠤᠳᠠᠰ ᠲᠡᠳᠦᠢ ᠪᠠᠢᠵᠤ᠂ ᠡᠵᠡᠭᠦᠢ ᠬᠦᠨ ᠡᠯᠤᠢ ᠬᠤᠯᠤᠢ ᠵᠢᠨ ᠬᠣᠭᠣᠷᠣᠨᠳᠣ ᠬᠣᠭᠣᠰᠣᠳᠠᠨ ᠠᠷᠢᠯᠵᠤ᠂ ᠲᠡᠳ᠋ᠡᠨ᠎ᠦ ᠥᠩᠭᠡᠷᠡᠭ᠌ᠰᠡᠨ᠎ᠦ ᠬᠥᠭ᠌ᠵᠢᠯ ᠴᠡᠴᠡᠭ᠌ᠯᠡᠯ᠎ᠢ ᠲᠣᠭᠠᠴᠢᠨ ᠦᠬᠦᠯᠡᠨ᠎ᠠ》 ᠭᠡᠪᠡ᠃

 ᠨᠡᠭᠦᠷᠡᠰᠦ ᠡᠴᠡ ᠪᠤᠯᠤᠭᠰᠠᠨ ᠮᠠᠨᠳᠤᠯ ᠪᠠᠭᠤᠷᠠᠯ ᠪᠡᠷᠬᠡ ᠪᠡᠷᠳᠠᠭ᠎ᠠ ᠵᠢ ᠲᠤᠭᠤᠯᠤᠭᠰᠠᠨ ᠲᠠᠬᠢᠨ ᠠᠮᠢᠯᠠᠯ

ᠵᠠᠯᠠᠢᠨᠠᠭᠤᠷ ᠬᠡᠳᠦᠢᠪᠡᠷ ᠨᠡᠭᠦᠷᠡᠰᠦ᠎ᠪᠡᠷ ᠬᠥᠭ᠌ᠵᠢᠨ ᠮᠠᠨᠳᠤᠭ᠍ᠰᠠᠨ ᠪᠣᠯᠪᠠᠴᠤ᠌᠂ ᠪᠠᠰᠠ ᠨᠡᠭᠦᠷᠡᠰᠦ ᠡᠴᠡ ᠪᠤᠯᠵᠤ ᠤᠯᠠᠷᠢᠯ ᠬᠤᠪᠢᠷᠠᠯ᠎ᠢ ᠥᠩᠭᠡᠷᠡᠭᠡᠭ᠌ᠰᠡᠨ ᠶᠤᠮ᠃

1902 ᠣᠨ᠎ᠳᠤ᠂ ᠴᠠᠭᠠᠨ ᠬᠠᠭᠠᠨᠲᠤ ᠣᠷᠣᠰ ᠳᠤᠮᠳᠠᠳᠤ ᠤᠯᠤᠰ ᠤ᠋ᠨ ᠵᠡᠭᠦᠨ ᠬᠡᠰᠡᠭ ᠤ᠋ᠨ ᠲᠡᠮᠦᠷ ᠵᠠᠮ᠎ᠢ ᠳᠡᠪᠢᠰᠭᠦ ᠦᠶ᠎ᠡ᠎ᠳᠦ ᠡᠨᠳᠡ᠎ᠡᠴᠡ ᠨᠡᠭᠦᠷᠡᠰᠦᠨ ᠠᠭᠤᠷᠬᠠᠶ᠎ᠶ᠋ᠢ ᠬᠠᠢᠨ ᠣᠯᠵᠤ᠂ 《ᠵᠠᠯᠠᠢᠨᠠᠭᠤᠷ》 ᠥᠷᠲᠡᠭᠡ ᠴᠡᠭ ᠪᠣᠯᠤᠭ᠍ᠰᠠᠨ᠎ᠤ ᠬᠤᠪᠢ᠎ᠳᠤ ᠭᠠᠵᠠᠷ᠎ᠤᠨ ᠵᠢᠷᠤᠭ ᠳᠡᠭᠡᠷ᠎ᠡ ᠲᠡᠮᠳᠡᠭ᠌ᠯᠡᠭ᠌ᠳᠡᠵᠦ᠍᠂ ᠠᠭᠤᠷᠬᠠᠶ᠎ᠶ᠋ᠢᠨ ᠣᠷᠣᠨ᠎ᠤ ᠵᠠᠭᠤᠨ ᠵᠢᠯ᠎ᠦᠨ ᠲᠡᠦᠬᠡ ᠡᠭᠦᠨ᠎ᠡᠴᠡ ᠡᠬᠢᠯᠡᠭᠰᠡᠨ ᠪᠢᠯᠡ᠃

ᠲᠡᠬᠦᠨ ᠡᠴᠡ ᠳᠠᠷᠠᠭᠠᠴᠢ᠎ᠶ᠋ᠢᠨ ᠬᠡᠳᠦᠨ ᠠᠷᠪᠠᠨ ᠵᠢᠯ᠎ᠳᠦ᠂ ᠡᠯᠪᠡᠭ ᠪᠠᠶᠠᠯᠢᠭ ᠨᠡᠭᠦᠷᠡᠰᠦᠨ᠎ᠦ ᠡᠬᠢ ᠪᠠᠶᠠᠯᠢᠭ ᠳᠡᠭᠡᠷᠡᠮᠳᠡᠯᠬᠡ᠎ᠳᠦ ᠤᠴᠠᠷᠠᠪᠠ᠃

ᠵᠠᠯᠠᠢᠨᠠᠭᠤᠷ ᠲᠣᠭᠣᠷᠢᠭ᠎ᠤᠨ ᠬᠣᠶᠠᠳᠤᠭᠠᠷ ᠵᠡᠭᠡᠯᠢ ᠭᠤᠳᠤᠮᠵᠢ᠎ᠶ᠋ᠢᠨ ᠬᠡᠷᠡᠭ ᠡᠷᠬᠢᠯᠡᠬᠦ᠌ ᠭᠠᠵᠠᠷ᠎ᠤᠨ ᠳ᠋ᠦᠩᠹᠧᠩ ᠨᠡᠢᠭᠡᠮ ᠲᠣᠭᠣᠷᠢᠭ᠂ ᠪᠢᠨ ᠵᠧᠦ ᠱᠤᠭᠤᠮ (ᠤᠤᠯ᠎ᠤᠨ ᠳᠤᠮᠳᠠᠳᠤ ᠤᠯᠤᠰ ᠤ᠋ᠨ ᠵᠡᠭᠦᠨ ᠬᠡᠰᠡᠭ ᠤ᠋ᠨ ᠲᠡᠮᠦᠷ ᠵᠠᠮ) ᠡᠴᠡ ᠡᠮᠦᠨᠡᠰᠢ᠂ ᠪᠦ᠋ ᠰᠧᠨ ᠵᠡᠭᠡᠯᠢ᠎ᠡᠴᠡ ᠤᠮᠠᠷᠠᠰᠢ ᠬᠡᠰᠡᠭ ᠲᠤ᠌ ᠣᠷᠣᠰ ᠮᠠᠶᠢᠭ᠎ᠤᠨ᠂ ᠶᠠᠫᠣᠨ ᠮᠠᠶᠢᠭ᠎ᠤᠨ ᠪᠠᠷᠢᠯᠭ᠎ᠠ ᠰᠦᠨᠳᠡᠷᠯᠡᠨ ᠵᠤᠬᠰᠤᠭᠠᠳ ᠨᠢᠭᠡᠨᠳᠡ ᠵᠠᠭᠤᠨ ᠵᠢᠯ᠎ᠤᠨ ᠲᠡᠦᠬᠡ ᠵᠢ ᠦᠵᠡᠵᠤ ᠪᠤᠢ᠃

ᠣᠷᠣᠰ ᠮᠠᠶᠢᠭ᠎ᠤᠨ ᠪᠠᠷᠢᠯᠭ᠎ᠠ ᠨᠢ ᠴᠢᠩ ᠤᠯᠤᠰ᠎ᠤᠨ ᠰᠡᠭᠦᠯᠴᠢ ᠢᠷᠭᠡᠨ ᠤᠯᠤᠰ᠎ᠤᠨ ᠡᠬᠢᠨ᠎ᠦ ᠦᠶ᠎ᠡ᠎ᠶ᠋ᠢᠨ ᠪᠠᠷᠢᠯᠭ᠎ᠠ ᠪᠠᠢᠵᠤ᠂ ᠴᠠᠭᠠᠨ ᠬᠠᠭᠠᠨᠲᠤ ᠣᠷᠣᠰ᠎ᠤᠨ ᠵᠠᠯᠠᠢᠨᠠᠭᠤᠷ᠎ᠲᠤ ᠠᠭᠤᠷᠬᠠᠶ ᠮᠠᠯᠲᠠᠬᠤ᠎ᠦᠶ᠎ᠡ ᠳ᠋ᠤ ᠪᠠᠢᠭᠤᠯᠤᠭ᠍ᠰᠠᠨ ᠣᠷᠣᠨ ᠰᠠᠭᠤᠴᠠ ᠪᠣᠯᠤᠨ᠎ᠠ᠃

ᠶᠠᠫᠣᠨ ᠮᠠᠶᠢᠭ᠎ᠤᠨ ᠪᠠᠷᠢᠯᠭ᠎ᠠ ᠪᠣᠯ 1935 ᠣᠨ᠎ᠳᠤ ᠶᠠᠫᠣᠨ᠎ᠤ ᠡᠵᠡᠷᠬᠡᠭ ᠲᠦᠷᠢᠮᠡᠬᠡᠢᠲᠡᠨ ᠵᠠᠯᠠᠢᠨᠠᠭᠤᠷ᠎ᠢ ᠡᠵᠡᠯᠡᠵᠦ᠍᠂ ᠨᠡᠭᠦᠷᠡᠰᠦᠨ᠎ᠦ ᠡᠬᠢ ᠪᠠᠶᠠᠯᠢᠭ᠎ᠢ ᠶᠡᠬᠡ᠎ᠪᠡᠷ ᠪᠤᠯᠢᠶᠠᠨ ᠳᠡᠭᠡᠷᠡᠮᠳᠡᠵᠦ᠍᠂ ᠵᠠᠯᠠᠢᠨᠠᠭᠤᠷ᠎ᠤᠨ ᠠᠷᠠᠳ ᠲᠦᠮᠡᠨ᠎ᠳᠦ ᠬᠠᠷᠭᠢᠰ ᠬᠡᠷᠴᠡᠭᠡᠶ ᠳᠠᠷᠤᠯᠠᠯ ᠶᠠᠪᠤᠭᠤᠯᠤᠭ᠍ᠰᠠᠨ ᠬᠦᠴᠦᠲᠡᠶ ᠭᠡᠷᠡᠴᠢ ᠪᠣᠯᠤᠨ᠎ᠠ᠃

ᠵᠠᠯᠠᠢᠨᠠᠭᠤᠷ᠎ᠤᠨ ᠲᠡᠦᠬᠡ᠎ᠶ᠋ᠢᠨ ᠳᠤᠷᠠᠰᠭᠠᠯᠲᠤ ᠵᠦᠶ᠋ᠯᠡᠰ᠎ᠦᠨ ᠲᠣᠪᠴᠢᠶᠠᠨ᠎ᠤ ᠠᠵᠢᠯᠲᠠᠨ ᠴᠢᠨ ᠬᠣᠩ ᠪᠢᠨ ᠄《ᠵᠠᠯᠠᠢᠨᠠᠭᠤᠷ ᠲᠣᠭᠣᠷᠢᠭ ᠳᠡᠬᠢ ᠳᠤᠮᠳᠠᠳᠤ ᠤᠯᠤᠰ ᠤ᠋ᠨ ᠵᠡᠭᠦᠨ ᠬᠡᠰᠡᠭ ᠤ᠋ᠨ ᠲᠡᠮᠦᠷ ᠵᠠᠮ᠎ᠤᠨ ᠤᠷᠤᠰ ᠶᠠᠫᠣᠨ᠎ᠤ ᠪᠠᠷᠢᠯᠭ᠎ᠠ᠎ᠶ᠋ᠢᠨ ᠰᠦᠷᠦᠭ᠎ᠦᠨ ᠲᠡᠦᠬᠡ ᠰᠣᠶᠣᠯ᠎ᠤᠨ ᠵᠡᠭᠡᠯᠢ ᠲᠣᠭᠣᠷᠢᠭ ᠨᠢ ᠳᠤᠮᠳᠠᠳᠤ᠎ᠶ᠋ᠢᠨ ᠦᠨᠳᠦᠰᠦᠲᠡᠨ᠎ᠦ ᠭᠤᠲᠤᠮᠱᠢᠭ᠍ᠲᠤ ᠲᠡᠦᠬᠡ᠎ᠶ᠋ᠢ ᠭᠡᠷᠡᠴᠢᠯᠡᠭ᠌ᠰᠡᠨ᠎ᠢᠶᠡᠷ ᠪᠠᠷᠠᠬᠤ ᠦᠭᠡᠢ ᠳᠤᠮᠳᠠᠳᠤ᠎ᠶ᠋ᠢᠨ ᠦᠨᠳᠦᠰᠦᠲᠡᠨ᠎ᠦ ᠬᠥᠭ᠌ᠵᠢᠯ ᠮᠠᠨᠳᠤᠯ᠎ᠤᠨ ᠲᠡᠦᠬᠡ᠎ᠵᠢ ᠴᠤ᠌ ᠭᠡᠷᠡᠴᠢᠯᠡᠵᠤ ᠪᠠᠢᠨ᠎ᠠ》 ᠭᠡᠪᠡ᠃

2017 ᠣᠨ᠎ᠳᠤ᠂ ᠬᠠᠮᠤᠭ᠎ᠤᠨ ᠰᠡᠭᠦᠯᠴᠢ᠎ᠶ᠋ᠢᠨ ᠨᠢᠭᠡ ᠲᠡᠷᠭᠡ ᠨᠡᠭᠦᠷᠡᠰᠦ᠎ᠶ᠋ᠢ ᠵᠠᠳᠠᠭᠠᠢ ᠨᠡᠬᠦᠷᠡᠰᠦᠨ ᠠᠭᠤᠷᠬᠠᠢ᠎ᠡᠴᠡ ᠵᠥᠭᠡᠭᠡᠪᠦᠷᠢᠯᠡᠨ ᠭᠠᠷᠭᠠᠵᠤ᠂ ᠵᠠᠯᠠᠢᠨᠠᠭᠤᠷ ᠵᠠᠳᠠᠭᠠᠢ ᠨᠡᠬᠦᠷᠡᠰᠦᠨ ᠠᠭᠤᠷᠬᠠᠢ᠎ᠶ᠋ᠢ ᠵᠠᠭᠤᠨ ᠵᠢᠯ ᠨᠡᠭᠡᠭᠡᠨ ᠮᠠᠯᠲᠠᠭ᠍ᠰᠠᠨ ᠲᠡᠦᠬᠡ᠎ᠶ᠋ᠢ ᠪᠡᠶᠡᠯᠡᠭᠦᠯᠪᠠ᠂ ᠲᠡᠬᠦᠨ ᠡᠴᠡ ᠰᠡᠬᠦᠯᠡᠷ ᠪᠣᠬᠢᠷᠲᠤᠯ ᠦᠭᠡᠢ᠎ᠲᠡᠢᠰᠢ ᠬᠡᠯᠪᠡᠷᠢ᠎ᠪᠡᠨ ᠬᠤᠪᠢᠷᠠᠭᠤᠯᠬᠤ ᠱᠢᠨ᠎ᠡ ᠬᠠᠭᠤᠳᠠᠰᠤ᠎ᠶ᠋ᠢ ᠨᠡᠬᠡᠬᠡᠪᠡ᠃

ᠵᠠᠯᠠᠢᠨᠠᠭᠤᠷ ᠲᠣᠭᠣᠷᠢᠭ᠎ᠤᠨ ᠬᠠᠢᠨ ᠳᠣᠲᠣᠯᠠᠭ᠍ᠰᠠᠨ ᠨᠡᠭᠦᠷᠡᠰᠦᠨ ᠠᠭᠤᠷᠬᠠᠶ᠎ᠶ᠋ᠢᠨ ᠭᠠᠵᠠᠷ ᠱᠢᠨᠵᠢᠯᠡᠭᠡᠨ᠎ᠦ ᠬᠠᠳᠠᠭᠠᠯᠠᠭ᠍ᠳᠠᠴᠠ 100 ᠳ᠋ᠦᠩᠱᠢᠭᠤᠷ ᠲᠣᠨ᠂ ᠣᠲᠣ᠎ᠶ᠋ᠢᠨ ᠬᠤᠸᠠ ᠨᠸᠩ ᠵᠠᠯᠠᠢᠨᠠᠭᠤᠷ ᠨᠡᠭᠦᠷᠡᠰᠦᠨ᠎ᠦ ᠦᠶ᠋ᠯᠡᠰ᠎ᠦᠨ ᠬᠢᠵᠠᠭᠠᠷᠲᠤ ᠺᠣᠮᠫᠠᠨᠢ᠎ᠶ᠋ᠢᠨ ᠠᠭᠤᠷᠬᠠᠶ᠎ᠮᠠᠯᠳᠠᠬᠤ ᠡᠷᠬᠡ᠎ᠲᠡᠶ ᠨᠡᠭᠦᠷᠡᠰᠦᠨ ᠠᠭᠤᠷᠬᠠᠶ᠎ᠶ᠋ᠢᠨ ᠭᠠᠵᠠᠷ ᠱᠢᠨᠵᠢᠯᠡᠭᠡᠨ᠎ᠦ ᠬᠠᠳᠠᠭᠠᠯᠠᠭ᠍ᠳᠠᠴᠠ 42.48 ᠳ᠋ᠦᠩᠱᠢᠭᠤᠷ ᠲᠣᠨ ᠪᠠᠢᠵᠤ᠂ ᠥᠪᠡᠷᠮᠢᠴᠡ ᠤᠨᠴᠠᠯᠢᠭ ᠪᠦᠬᠦᠢ《ᠵᠠᠭᠤᠨ ᠵᠢᠯ᠎ᠦᠨ ᠠᠭᠤᠷᠬᠠᠶ᠎ᠶ᠋ᠢᠨ ᠰᠣᠶᠣᠯ》 ᠢ᠋ ᠪᠣᠶ ᠪᠣᠯᠭᠠᠪᠠ᠃

《ᠶᠡᠷᠡᠭᠡᠳ ᠣᠨ ᠡᠴᠡ ᠰᠡᠭᠦᠯᠡᠷ ᠲᠥᠷᠥᠭ᠌ᠰᠡᠨ》 ᠯᠦ᠍ ᠢ ᠮᠢᠩ ᠪᠣᠯ 《ᠨᠡᠭᠦᠷᠡᠰᠦᠨ ᠠᠵᠢᠯᠳᠠᠨ ᠤ᠋ ᠭᠤᠷᠪᠠᠳᠤᠭᠠᠷ ᠦᠶ᠎ᠡ》 ᠵᠢᠨ ᠬᠢᠨ ᠪᠠᠢᠵᠤ᠂ ᠬᠡᠯᠪᠡᠷᠢ᠎ᠪᠡᠨ ᠬᠤᠪᠢᠷᠠᠭᠤᠯᠬᠤ᠎ᠶ᠋ᠢᠨ ᠭᠡᠷᠡᠴᠢᠯᠡᠭ᠌ᠴᠢ ᠪᠠ ᠠᠬᠢᠭᠤᠯᠤᠭ᠍ᠴᠢ ᠮᠥᠨ᠃ 2012 ᠣᠨ᠎ᠡᠴᠡ ᠤᠳᠤ ᠪᠣᠯᠲᠠᠯ᠎ᠠ᠂ ᠲᠡᠷᠡ ᠤᠷᠢᠳ ᠬᠣᠵᠢᠳ ᠲᠦᠷᠭᠡᠨ ᠪᠦᠰᠡ ᠰᠣᠯᠢᠬᠤ ᠮᠡᠷᠭᠡᠵᠢᠯ᠂ ᠠᠷᠠᠰᠤᠨ ᠪᠦᠰᠡ᠎ᠶ᠋ᠢᠨ ᠮᠠᠱᠢᠨ᠎ᠤ ᠬᠠᠮᠠᠭᠠᠯᠠᠯᠲᠠ᠎ᠶ᠋ᠢᠨ ᠲᠣᠣᠷ᠎ᠢ ᠪᠢᠲᠡᠭᠦᠮᠵᠢᠯᠡᠬᠦ᠌ ᠮᠡᠷᠭᠡᠵᠢᠯ ᠵᠡᠷᠭᠡ 60 ᠭᠠᠷᠤᠢ 《ᠭᠠᠢᠬᠠᠮᠰᠢᠬᠳᠤ ᠱᠢᠨᠵᠢᠯᠡᠬᠦ᠌ ᠤᠬᠠᠭᠠᠨ ᠲᠸᠭᠨᠢᠭ ᠮᠡᠷᠭᠡᠵᠢᠯ》 ᠢ᠋ ᠰᠤᠳᠤᠯᠤᠨ ᠨᠡᠬᠡᠬᠡᠵᠤ᠂ ᠪᠦᠬᠦ᠌ ᠤᠯᠤᠰ᠎ᠤᠨ 《5·1》 ᠤ᠋ ᠬᠥᠳᠡᠯᠮᠦᠷᠢ᠎ᠶ᠋ᠢᠨ ᠱᠠᠩᠨᠠᠯ᠂ ᠲᠥᠪ᠎ᠦᠨ ᠠᠵᠤ ᠠᠬᠤᠢᠯᠠᠯ᠎ᠤᠨ ᠮᠡᠷᠭᠡᠵᠢᠯ᠎ᠦᠨ ᠴᠢᠳᠠᠪᠤᠷᠢᠲᠠᠨ᠂ ᠥᠪᠡᠷᠲᠡᠭᠡᠨ ᠵᠠᠰᠠᠬᠤ ᠣᠷᠣᠨ᠎ᠤ ᠬᠥᠳᠡᠯᠮᠦᠷᠢ᠎ᠶ᠋ᠢᠨ ᠵᠢᠱ᠌ᠢᠶᠡᠴᠢ ᠵᠡᠷᠭᠡ ᠢᠷᠠᠭᠤ ᠠᠯᠳᠠᠷ᠎ᠢ ᠬᠦᠷᠳᠡᠵᠠᠢ᠃

ᠲᠡᠭᠦᠨ᠎ᠦ ᠦᠯᠢᠭᠡᠷ ᠨᠢ ᠶᠠᠭ ᠵᠠᠯᠠᠢᠨᠠᠭᠤᠷ᠎ᠤᠨ ᠬᠦᠭᠵᠢᠯᠳᠠ ᠵᠢᠨ ᠬᠤᠷᠢᠶᠠᠩᠭᠤᠢ ᠳᠦᠷᠰᠦ ᠮᠡᠲᠦ᠂ ᠬᠠᠯᠠ ᠵᠣᠪᠠᠯᠠᠩ᠎ᠤᠨ ᠳᠤᠮᠳᠠ ᠵᠠᠩ ᠴᠢᠨᠠᠷ᠎ᠢᠶᠠᠨ ᠳᠠᠪᠲᠠᠨ ᠪᠣᠯᠪᠠᠰᠤᠷᠠᠭᠤᠯᠵᠤ᠂ ᠬᠦᠴᠢᠷᠳᠡᠯ᠎ᠦᠨ ᠳᠤᠮᠳᠠ ᠱᠢᠨ᠎ᠡ᠎ᠶ᠋ᠢ ᠡᠭᠦᠳᠪᠡ᠃

ᠣᠢᠷ᠎ᠠ᠎ᠶ᠋ᠢᠨ ᠵᠢᠯ᠎ᠡᠴᠡ ᠨᠠᠭᠠᠰᠢ᠂ ᠵᠠᠯᠠᠢᠨᠠᠭᠤᠷ ᠲᠣᠭᠣᠷᠢᠭ《ᠠᠮᠢ ᠠᠬᠤᠶ᠎ᠶ᠋ᠢ ᠤᠷᠢᠳ᠎ᠢᠶᠠᠷ ᠪᠣᠳᠣᠯᠬᠢᠯᠠᠬᠤ᠂ ᠪᠣᠬᠢᠷᠲᠤᠯ ᠥᠬᠡᠶ ᠬᠥᠭ᠌ᠵᠢᠭᠦᠯᠬᠦ᠌》 ᠣᠢᠯᠠᠭᠠᠭ᠍ᠳᠠᠬᠤᠨ᠎ᠢ ᠦᠢᠯᠡᠳᠦᠯᠬᠡᠵᠢᠬᠦᠯᠵᠤ᠂ ᠠᠮᠢ ᠠᠬᠤᠶ᠎ᠶ᠋ᠢ ᠰᠡᠷᠭᠦᠭᠡᠬᠦ᠌ ᠪᠠ ᠠᠵᠤ ᠦᠶ᠋ᠯᠡᠰ᠎ᠦᠨ ᠬᠡᠯᠪᠡᠷᠢ᠎ᠶ᠋ᠢ ᠬᠤᠪᠢᠷᠠᠭᠤᠯᠤᠨ ᠲᠠᠰ ᠳᠡᠪᠱᠢᠭᠦᠯᠬᠦ᠌᠎ᠶ᠋ᠢ ᠶᠡᠬᠡ᠎ᠪᠡᠷ ᠠᠬᠢᠭᠤᠯᠵᠤ᠂ 《ᠬᠠᠷ᠎ᠠ ᠥᠩᠭᠡ》 ᠡᠴᠡ 《ᠨᠤᠭᠤᠭᠠᠨ ᠦᠩᠬᠡ》 ᠲᠡᠢᠰᠢ ᠬᠡᠯᠪᠡᠷᠢ᠎ᠪᠡᠨ ᠬᠤᠪᠢᠷᠠᠭᠤᠯᠬᠤ ᠵᠠᠮ᠎ᠢᠶᠠᠷ ᠵᠠᠮᠨᠠᠵᠤ᠂ ᠠᠯᠬᠤᠮ ᠠᠯᠬᠤᠮ᠎ᠢᠶᠠᠷ ᠠᠮᠢ ᠠᠬᠤᠶ᠎ᠶ᠋ᠢᠨ ᠵᠢᠭᠤᠯᠴᠢᠯᠠᠯ᠎ᠤᠨ ᠱᠢᠨ᠎ᠡ ᠬᠣᠲᠠ ᠪᠣᠯᠵᠣ ᠬᠦᠭᠵᠢᠪᠠ᠃

ᠬᠠᠭᠤᠴᠢᠨ ᠠᠭᠤᠷᠬᠠᠢ᠎ᠶ᠋ᠢᠨ ᠣᠷᠣᠨ᠎ᠢᠶᠠᠷ ᠠᠯᠬᠤᠯᠠᠨ ᠶᠠᠪᠤᠬᠤ ᠳ᠋ᠤ᠂ ᠠᠭᠤᠷᠬᠠᠢ᠎ᠶ᠋ᠢᠨ ᠨᠦᠬᠡ᠎ᠶ᠋ᠢ ᠠᠮᠢ ᠠᠬᠤᠢ᠎ᠶ᠋ᠢᠨ ᠴᠡᠴᠡᠷᠯᠢᠭ ᠪᠣᠯᠭᠠᠨ ᠬᠤᠪᠢᠷᠠᠭᠤᠯᠵᠤ᠂ ᠴᠠᠪᠴᠢᠮ᠎ᠠ ᠬᠠᠳᠠ᠎ᠶ᠋ᠢ ᠨᠤᠭᠤ ᠭᠠᠵᠠᠷ᠎ᠤᠨ ᠱᠢᠨ᠎ᠡ ᠬᠤᠪᠴᠠᠰᠤ᠎ᠪᠠᠷ ᠴᠢᠮᠡᠵᠦ᠍᠂ ᠠᠵᠤ ᠦᠢᠯᠡᠳᠪᠦᠷᠢ᠎ᠶ᠋ᠢᠨ ᠪᠠᠭᠤᠷᠢ᠎ᠶ᠋ᠢ ᠤᠷᠠᠯᠢᠭ᠎ᠤᠨ ᠠᠭᠤᠳᠠᠮ ᠲᠠᠯᠠᠪᠠᠢ ᠪᠣᠯᠭᠠᠨ ᠪᠠᠢᠭᠤᠯᠪᠠ  ᠁ ᠢᠩᠭᠢᠵᠤ ᠠᠵᠤ ᠦᠢᠯᠡᠳᠪᠦᠷᠢ᠎ᠶ᠋ᠢᠨ ᠪᠣᠯᠪᠠᠰᠤᠨ᠎ᠤ ᠣᠮᠣᠭᠯᠠᠩ ᠰᠦᠷ ᠪᠠ ᠪᠠᠢᠭᠠᠯᠢ᠎ᠶ᠋ᠢᠨ ᠭᠤᠤ᠎ᠠ ᠰᠠᠢᠬᠠᠨ᠎ᠡᠨᠳᠡ ᠡᠪᠯᠡᠷᠡᠨ ᠠᠭᠤᠰᠤᠯᠴᠠᠪᠠ᠃

ᠬᠥᠯᠥᠨ ᠨᠠᠭᠤᠷ᠎ᠤᠨ ᠱᠢᠯᠢᠳᠡᠭ ᠰᠠᠢᠨ ᠠᠮᠢ ᠠᠬᠤᠶ ᠣᠷᠴᠢᠨ ᠲᠣᠭᠣᠷᠢᠨ ᠪᠠ ᠥᠪᠡᠷᠮᠢᠴᠡ ᠲᠠᠲᠠᠬᠤ ᠬᠦᠴᠦᠨ᠎ᠲᠡᠶ ᠰᠣᠶᠣᠯ ᠢᠷᠭᠡᠨᠱᠢᠯ᠎ᠦᠨ ᠲᠡᠦᠬᠡ᠎ᠶ᠋ᠢ ᠠᠱᠢᠭ᠍ᠯᠠᠨ᠂ ᠵᠠᠯᠠᠢᠨᠠᠭᠤᠷ ᠲᠣᠭᠣᠷᠢᠭ ᠰᠣᠶᠣᠯ ᠵᠢᠭᠤᠯᠴᠢᠯᠠᠯ ᠵᠡᠷᠭᠡ ᠱᠢᠨ᠎ᠡ᠎ᠪᠡᠷ ᠬᠥᠭ᠌ᠵᠢᠭ᠌ᠰᠡᠨ ᠠᠵᠤ ᠦᠶ᠋ᠯᠡᠰ᠎ᠢ ᠶᠡᠬᠡ ᠪᠡᠷ ᠬᠥᠭ᠌ᠵᠢᠭᠦᠯᠵᠦ᠍᠂ ᠤᠯᠠᠮᠵᠢᠯᠠᠯᠲᠤ ᠠᠵᠤ ᠦᠶ᠋ᠯᠡᠰ᠎ᠦᠨ ᠬᠡᠯᠪᠡᠷᠢ᠎ᠪᠡᠨ ᠬᠤᠪᠢᠷᠠᠭᠤᠯᠤᠨ ᠲᠠᠰ ᠳᠡᠪᠱᠢᠬᠦ᠌᠎ᠶ᠋ᠢ ᠠᠬᠢᠭᠤᠯᠪᠠ᠃ ᠵᠠᠯᠠᠢᠨᠠᠭᠤᠷ ᠤ᠋ᠨ ᠮᠦᠽᠧᠶ᠂ ᠠᠭᠤᠷ᠎ᠤᠨ ᠪᠤᠬ᠎ᠠ ᠲᠡᠷᠭᠡᠨ᠎ᠦ ᠮᠦᠽᠧᠶ᠂ ᠵᠠᠭᠤᠨ ᠵᠢᠯ᠎ᠦᠨ ᠠᠭᠤᠷᠬᠠᠶ᠎ᠶ᠋ᠢᠨ ᠠᠮᠢ ᠠᠬᠤᠶ᠎ᠶ᠋ᠢᠨ ᠪᠠᠭᠤᠷᠢ᠎ᠶ᠋ᠢᠨ ᠮᠦᠽᠧᠶ᠂ ᠠᠷᠰᠯᠠᠨ ᠵᠠᠭᠠᠨ ᠤ᠋ ᠴᠡᠴᠡᠷᠯᠢᠭ ᠵᠡᠷᠭᠡ ᠭᠠᠵᠠᠷ ᠨᠢ ᠵᠢᠭᠤᠯᠴᠢᠯᠠᠭ᠍ᠰᠡᠳ᠎ᠤᠨ ᠪᠠᠬᠠᠷᠬᠠᠯ᠎ᠢ ᠶᠡᠬᠡᠳᠡ ᠲᠠᠲᠠᠵᠤ ᠪᠠᠢᠨ᠎ᠠ᠃

2024 ᠣᠨ᠎ᠳᠤ᠂ 《ᠬᠥᠯᠥᠨ ᠨᠠᠭᠤᠷ᠎ᠤᠨ ᠬᠥᠪᠡᠭᠡᠨ᠎ᠡ·ᠠᠷᠰᠯᠠᠨ ᠵᠠᠭᠠᠨ ᠤ᠋ ᠨᠤᠲᠤᠭ》ᠭᠡᠬᠦ᠌ ᠲᠦᠷᠦᠯ ᠲᠡᠮᠳᠡᠭ᠎ᠦᠨ ᠨᠥᠯᠥᠭᠡᠯᠡᠬᠦ᠌ ᠬᠦᠴᠦᠨ ᠦᠷᠭᠦᠯᠵᠢᠯᠡᠨ ᠴᠢᠩᠭᠠᠷᠠᠵᠤ᠂ 《ᠮᠥᠩᠭᠥᠨ ᠴᠠᠭᠠᠨ ᠵᠠᠯᠠᠢᠨᠠᠭᠤᠷ》᠂ ᠳᠤᠮᠳᠠᠳᠤ ᠣᠷᠣᠰ ᠮᠣᠩᠭᠣᠯ᠎ᠤᠨ 《ᠠᠷᠰᠯᠠᠨ ᠵᠠᠭᠠᠨ ᠤ᠋ ᠨᠤᠲᠤᠭ》 ᠭᠡᠬᠦ᠌ ᠴᠠᠰᠤᠲᠤ ᠭᠠᠵᠠᠷ᠎ᠤᠨ ᠬᠠᠨᠳᠤᠯᠭ᠎ᠠ᠎ᠲᠠᠶ ᠤᠷᠢᠯᠭ᠎ᠠ᠎ᠶ᠋ᠢᠨ ᠤᠷᠤᠯᠳᠤᠭᠠᠨ᠂ ᠲᠠᠪᠤᠨ ᠰᠠᠷ᠎ᠠ᠎ᠶ᠋ᠢᠨ ᠱᠢᠨ᠎ᠡ᠎ᠶ᠋ᠢᠨ ᠲᠠᠪᠤᠨ᠎ᠤ ᠵᠠᠩ ᠦᠶ᠋ᠯᠡ ᠰᠣᠶᠣᠯ᠎ᠤᠨ ᠨᠠᠢᠷ᠂ ᠠᠷᠰᠯᠠᠨ ᠵᠠᠭᠠᠨ ᠤ᠋ ᠨᠠᠭᠠᠳᠤᠮ᠎ᠤᠨ ᠬᠦᠷᠢᠶᠡᠯᠡᠩ ᠬᠥᠳᠡᠭᠡ ᠨᠤᠲᠤᠭ᠎ᠤᠨ ᠮᠠᠯᠵᠢᠯ᠎ᠤᠨ ᠳᠠᠭᠤᠤ ᠠᠮᠲᠠᠲᠤ ᠢᠳᠡᠭᠡᠨ᠎ᠦ ᠨᠠᠢᠷ ᠵᠡᠷᠭᠡ ᠱᠢᠷᠢᠰ ᠠᠵᠢᠯᠯᠠᠭ᠎ᠠ ᠬᠥᠷ ᠬᠥᠭ᠌ᠵᠢᠶᠡᠨ᠎ᠢᠶᠡᠷ ᠪᠢᠯᠬᠠᠨ᠎ᠠ᠃ ᠵᠠᠯᠠᠢᠨᠠᠭᠤᠷ ᠲᠣᠭᠣᠷᠢᠭ ᠪᠦᠬᠦ᠌ ᠵᠢᠯ᠎ᠳᠦ ᠤᠯᠤᠰ᠎ᠤᠨ ᠳᠣᠲᠣᠭᠠᠳᠤ ᠭᠠᠳᠠᠭᠠᠳᠤ᠎ᠶ᠋ᠢᠨ ᠵᠢᠭᠤᠯᠴᠢᠯᠠᠭ᠍ᠰᠡᠳ᠎ᠢ ᠨᠡᠢᠲᠡ 90 ᠲᠦᠮᠡᠨ ᠬᠥᠮᠦᠨ ᠤᠳᠠᠭ᠎ᠠ ᠬᠦᠯᠢᠶᠡᠨ ᠠᠪᠴᠤ᠌᠂ ᠵᠢᠭᠤᠯᠴᠢᠯᠠᠯ᠎ᠤᠨ ᠦᠢᠯᠡᠰ᠎ᠦᠨ ᠶᠡᠷᠦᠩᠬᠡᠶ ᠣᠷᠣᠯᠭ᠎ᠠ 12 ᠳ᠋ᠦᠩᠱᠢᠭᠤᠷ ᠲᠥᠭᠥᠷᠢᠭ ᠲᠤ᠌ ᠬᠦᠷᠴᠤ ᠪᠤᠢ᠃

ᠡᠨᠡ ᠨᠤᠳᠤᠭ ᠲᠤ᠌ ᠲᠦᠮᠡᠨ ᠪᠣᠳᠠᠰ ᠠᠮᠢᠯᠠᠨ ᠲᠥᠯᠵᠢᠵᠦ᠂ ᠦᠶ᠎ᠡ ᠵᠢᠨ ᠦᠶ᠎ᠡ ᠲᠠᠰᠤᠷᠠᠰᠢ ᠦᠭᠡᠢ᠃

ᠵᠠᠯᠠᠢᠨᠠᠭᠤᠷ᠂ ᠳᠤᠮᠳᠠᠳᠤ ᠣᠷᠣᠰ᠎ᠤᠨ ᠬᠢᠯᠢ᠎ᠳᠦ ᠪᠠᠢᠷᠢᠯᠠᠭ᠎ᠠ ᠡᠨᠡ ᠬᠦ᠌ ᠲᠠᠯ᠎ᠠ ᠨᠤᠲᠤᠭ᠎ᠤᠨ ᠭᠡᠷᠡᠯᠲᠦ ᠰᠤᠪᠤᠳ ᠨᠢ ᠬᠠᠭᠤᠴᠢᠨ ᠴᠢᠯᠠᠭᠤᠨ ᠵᠡᠪᠰᠡᠭ᠎ᠦᠨ ᠦᠶ᠎ᠡ᠎ᠶ᠋ᠢᠨ ᠲᠦᠳᠡᠭ ᠭᠠᠯ᠂ ᠱᠢᠶᠡᠨᠪᠢ᠎ᠶ᠋ᠢᠨ ᠮᠣᠷᠢᠲᠤ ᠴᠡᠷᠢᠭ᠎ᠦᠨ ᠬᠦᠷᠡᠯ ᠬᠣᠩᠬᠣ᠂ ᠠᠭᠤᠷ᠎ᠤᠨ ᠪᠤᠬ᠎ᠠ ᠲᠡᠷᠭᠡᠨ᠎ᠦ ᠬᠦᠩᠭᠢᠨᠡᠭᠰᠡᠨ ᠳᠠᠭᠤᠨ ᠪᠣᠯᠤᠨ ᠱᠢᠨ᠎ᠡ ᠡᠨᠧᠷᠭᠢ᠎ᠶ᠋ᠢᠨ ᠰᠠᠯᠬᠢᠨ ᠬᠦᠷᠳᠤ ᠵᠢᠨ ᠨᠠᠮ ᠠᠶᠠᠯᠭᠤ ᠪᠡᠷ ᠰᠦᠷᠯᠢᠭ ᠵᠢᠪᠬᠤᠭᠠᠲᠤ ᠬᠥᠭ᠌ᠵᠢᠯᠲᠡ᠎ᠶ᠋ᠢᠨ ᠦᠵᠡᠮᠵᠢᠳᠤ ᠵᠢᠷᠤᠭ᠎ᠢ  ᠪᠦᠲᠦᠭᠡᠵᠦ᠍ ᠪᠠᠢᠬᠤ ᠪᠥᠭᠡᠳ ᠲᠦᠮᠡᠨ ᠤᠨ᠎ᠢ ᠲᠤᠭᠤᠯᠤᠬᠰᠠᠨ ᠲᠡᠦᠬᠡ᠎ᠶ᠋ᠢᠨ ᠱᠢᠨ᠎ᠡ ᠬᠠᠭᠤᠳᠠᠰᠤ᠎ᠶ᠋ᠢ ᠦᠷᠭᠦᠯᠵᠢᠯᠡᠨ ᠪᠢᠴᠢᠭ᠌ᠯᠡᠭᠰᠡᠭᠡᠷ ᠪᠠᠢᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号