ᠡᠬᠡ ᠤᠯᠤᠰ ᠤ᠋ᠨ ᠤᠮᠠᠷᠠᠲᠤ ᠬᠢᠯᠢ ᠵᠢᠨ ᠦᠵᠡᠮᠵᠢᠲᠦ ᠰᠠᠢᠬᠠᠨ ᠵᠢᠷᠤᠭ ᠲᠦ᠍ ᠤᠯᠠᠭᠠᠨᠬᠣᠲᠠ ᠭᠡᠬᠦ ᠦᠩᠭᠡ ᠪᠣᠲᠣᠬ ᠶ᠋ᠢᠡᠷ ᠨᠡᠷᠡᠢᠲᠦᠭᠰᠡᠨ ᠬᠣᠲᠠ ᠨᠢ ᠥᠪᠡᠷᠮᠢᠴᠡ ᠴᠢᠬᠢᠮᠠᠶ ᠰᠣᠶᠣᠯ ᠣᠯᠠᠮᠵᠢᠯᠠᠯ ᠶ᠋ᠢᠡᠷ ᠲᠠᠲᠠᠭᠣᠷᠠᠰᠢ ᠦᠭᠡᠢ ᠢᠷᠠᠭᠣ ᠲᠤᠤᠯᠢᠰ ᠢ᠋ ᠪᠢᠴᠢᠭ᠌ᠯᠡᠭᠰᠡᠭᠡᠷ᠃
ᠡᠷᠳᠡᠨ ᠤ᠋ ᠬᠤᠳᠠ ᠵᠢᠨ ᠪᠠᠭᠤᠷᠢ ᠲᠡᠤᠬᠡ ᠬᠦᠤᠷᠨᠢᠨ ᠰᠦᠨᠳᠡᠷᠯᠡᠨ᠎ᠡ
ᠨᠠᠯᠠᠭᠠᠷ ᠵᠤᠨ ᠤ᠋ ᠨᠠᠮᠢᠷᠠᠭ᠎ᠠ ᠬᠣᠷ᠎ᠠ ᠵᠢ ᠵᠦᠰᠦᠨ ᠰᠤᠷᠪᠤᠯᠵᠢᠯᠠᠭ᠍ᠴᠢ ᠮᠠᠱᠢᠨ ᠲᠡᠷᠭᠡ ᠪᠡᠷ ᠤᠯᠠᠭᠠᠨᠬᠣᠲᠠ ᠵᠢᠨ ᠤᠯᠠᠭᠠᠨᠬᠠᠳᠠ ᠪᠠᠯᠭᠠᠰᠤᠨ ᠤ᠋ ᠣᠷᠢᠲᠣ ᠭᠦᠩᠵᠦ᠍ ᠵᠢᠨ ᠤᠩᠭᠤᠨ ᠡᠷᠳᠡᠨ ᠤ᠋ ᠬᠣᠲᠠ ᠵᠢᠨ ᠪᠠᠭᠤᠷᠢ ᠳ᠋ᠤ ᠬᠦᠷᠴᠦ ᠢᠷᠡᠪᠠ᠃ ᠡᠷᠲᠡᠨ ᠤ᠋ ᠬᠣᠲᠠ ᠵᠢ ᠳᠣᠲᠣᠷ ᠬᠣᠲᠠ ᠪᠠ ᠭᠠᠳᠠᠷ ᠬᠣᠲᠠ ᠭᠡᠵᠦ᠍ ᠬᠤᠪᠢᠶᠠᠵᠤ᠂ ᠭᠠᠳᠠᠷ ᠬᠣᠲᠠ ᠨᠢ ᠣᠷᠳᠣ ᠳᠥᠷᠪᠡᠯᠵᠢᠨ ᠬᠡᠯᠪᠡᠷᠢᠲᠡᠶ ᠪᠠᠢᠵᠦ᠂ ᠭᠠᠲᠠᠭᠣᠷ ᠨᠢ ᠣᠨᠠᠭᠣᠯᠢ ᠭᠣᠣᠯ ᠶ᠋ᠢᠡᠷ ᠬᠦᠷᠢᠶᠡᠯᠡᠵᠡᠢ ᠃
1975 ᠣᠨ ᠳ᠋ᠤ ᠣᠷᠢᠲᠣ ᠭᠦᠩᠵᠦ᠍ ᠵᠢᠨ ᠤᠩᠭᠤᠨ ᠡᠷᠲᠡᠨ ᠤ᠋ ᠬᠣᠲᠠ ᠵᠢ ᠲᠤᠷᠱᠢᠨ ᠮᠠᠯᠲᠠᠵᠤ᠂ ᠸᠠᠭᠠᠷ ᠤ᠋ᠨ ᠬᠡᠮᠬᠡᠷᠬᠡᠢ᠂ ᠴᠠᠭᠠᠨ ᠱᠠᠭᠠᠵᠠᠩ ᠲᠠᠪᠠᠭ ᠵᠢᠴᠢ ᠵᠢᠷᠭᠤᠭᠠᠨ ᠰᠡᠨᠵᠢᠲᠦ ᠲᠡᠮᠦᠷ ᠲᠣᠭᠣᠭ᠎ᠠ ᠵᠡᠷᠭᠡ ᠬᠡᠮᠬᠡᠳᠡᠭ ᠣᠯᠲᠠᠪᠠ᠃ ᠣᠷᠢᠲᠣ ᠭᠦᠩᠵᠦ᠍ ᠵᠢᠨ ᠣᠩᠭᠣᠨ ᠡᠷᠳᠡᠨ ᠤ᠋ ᠬᠣᠲᠠ ᠵᠢᠨ ᠪᠠᠭᠤᠷᠢ ᠵᠢᠨ ᠬᠡᠪᠴᠢᠶ᠎ᠡ ᠶᠡᠬᠡ᠂ ᠦᠯᠡᠳᠡᠭ᠌ᠳᠡᠯ ᠵᠦᠢᠯᠡᠰ ᠡᠯᠪᠡᠭ ᠪᠠᠶᠠᠯᠢᠭ ᠪᠠᠢᠵᠤ᠂ ᠬᠢᠩᠭᠠᠨ ᠠᠢᠮᠠᠭ ᠤ᠋ᠨ ᠡᠷᠲᠡᠨ ᠤ᠋ ᠲᠡᠦᠬᠡ ᠵᠢ ᠰᠤᠳᠤᠯᠬᠣ ᠳ᠋ᠤ ᠴᠢᠬᠤᠯᠠ ᠶᠡᠬᠡ ᠠᠴᠢ ᠬᠣᠯᠪᠣᠭ᠍ᠳᠠᠯ ᠲᠠᠶ ᠪᠠᠢᠵᠤ᠂ ᠣᠳᠣᠬᠠᠨ ᠳ᠋ᠤ ᠵᠢᠩᠬᠢᠨᠢ ᠪᠡᠷ ᠨᠡᠭᠡᠭᠡᠵᠦ ᠮᠠᠯᠲᠠᠭᠠᠳᠤᠶ ᠪᠢᠯᠡ᠃
ᠤᠯᠠᠭᠠᠨᠬᠣᠲᠠ ᠡᠴᠡ ᠬᠣᠷᠢᠶᠠᠵᠦ ᠴᠤᠭ᠍ᠯᠠᠭᠤᠯᠤᠭ᠍ᠰᠠᠨ ᠪᠣᠶᠣ ᠬᠠᠭᠣᠴᠢ ᠮᠠᠯᠲᠠᠯᠠᠭᠠ ᠡᠴᠡ ᠣᠯᠲᠠᠬᠰᠠᠨ ᠲᠡᠦᠬᠡ ᠵᠢᠨ ᠳᠤᠷᠠᠰᠭᠠᠯᠲᠤ ᠵᠦᠢᠯᠡᠰ ᠨᠢ ᠦᠵᠡᠭᠲᠡᠵᠦ ᠬᠠᠷᠠᠬᠲᠠᠬᠣᠢᠴᠠ ᠣᠶᠠᠩᠭ᠎ᠠ ᠵᠢᠨ ᠨᠣᠲ ᠰᠢᠬ ᠶ᠋ᠢᠡᠷ ᠡᠨᠡ ᠨᠤᠲᠤᠭ ᠤ᠋ᠨ ᠣᠨᠲᠠᠷᠠᠰᠢ ᠦᠭᠡᠢ ᠪᠣᠭᠣᠷᠣᠯ ᠲᠡᠦᠬᠡ ᠵᠢᠨ ᠣᠶᠠᠩᠭ᠎ᠠ ᠪᠣᠯᠵᠦ ᠣᠷᠣᠰᠣᠨ ᠬᠠᠩᠬᠢᠨᠠᠨ᠎ᠠ᠃
ᠬᠢᠩᠭᠠᠨ ᠠᠢᠮᠠᠭ ᠤ᠋ᠨ ᠮᠦᠽᠧᠢ ᠳ᠋ᠡᠬᠢ ᠳ᠋ᠦᠩᠬᠣ ᠵᠢᠨ ᠴᠡᠷᠢᠭ ᠡᠷᠡᠰ ᠤ᠋ᠨ ᠬᠦᠷᠡᠯ ᠬᠤᠶᠠᠭ᠂ ᠬᠦᠷᠡᠯ ᠳᠤᠭᠤᠯᠠᠭ᠎ᠠ ᠪᠣᠯ ᠡᠷᠲᠡᠨ ᠤ᠋ ᠨᠡᠭᠦᠳᠡᠯᠴᠢᠨ ᠦᠨᠳᠦᠰᠦᠲᠡᠨ ᠤ᠋ ᠣᠮᠣᠬᠯᠠᠩ ᠰᠦᠷᠵᠢᠬᠦᠨ ᠬᠦᠭ ᠠᠶᠠᠰ ᠤ᠋ᠨ ᠬᠦᠴᠦᠲᠦ ᠴᠣᠣᠷᠢᠶ᠎ᠠ ᠪᠣᠯᠬᠣ ᠶᠣᠮ; ᠱᠢᠶᠡᠨᠪᠢ ᠵᠢᠨ ᠢᠵᠠᠭᠤᠷᠲᠠᠨ ᠤ᠋ ᠱᠢᠷᠠ ᠲᠣᠷᠭᠠᠨ ᠳᠡᠪᠡᠯ ᠤ᠋ᠨ ᠡᠩᠭᠡᠷ ᠬᠣᠷᠮᠣᠢ ᠨᠢ ᠦᠪ ᠰᠣᠶᠣᠯ ᠤ᠋ᠨ ᠣᠯᠠᠮᠵᠢᠯᠠᠯ ᠤ᠋ᠨ ᠦᠨᠢ ᠡᠷᠳᠡᠨ ᠤ᠋ ᠮᠦᠷ ᠣᠯᠪᠠᠭ᠎ᠠ ᠵᠢ ᠬᠦᠦᠷᠨᠢᠨᠠ; ᠰᠦᠩ ᠤᠯᠤᠰ ᠯᠢᠶᠣᠤ ᠤᠯᠤᠰ ᠤ᠋ᠨ ᠦᠶ᠎ᠡ ᠵᠢᠨ ᠳ᠋ᠢᠩ ᠶᠣᠣ ᠵᠢᠨ ᠴᠡᠴᠡᠭ ᠤ᠋ᠨ ᠤᠭᠠᠯᠵᠠ ᠲᠠᠶ ᠲᠠᠪᠠᠭ᠂ ᠬᠣᠣᠰ ᠯᠣᠣ ᠵᠢᠨ ᠬᠡ ᠤᠭᠠᠯᠵᠠ ᠲᠠᠶ ᠵᠡᠰ ᠲᠣᠯᠢ ᠵᠡᠷᠭᠡ ᠨᠢ ᠭᠠᠵᠠᠷ ᠤ᠋ᠨ ᠬᠣᠯᠠ ᠵᠢ ᠲᠣᠪᠴᠢᠯᠠᠬᠰᠠᠨ ᠭᠠᠢᠬᠠᠮᠰᠢᠬ ᠢ᠋ ᠬᠠᠷᠠᠭᠣᠯᠣᠨᠠ; ᠶᠤᠸᠠᠨ ᠤᠯᠤᠰ ᠤ᠋ᠨ ᠦᠶ᠎ᠡ ᠵᠢᠨ ᠵᠢᠩ ᠳ᠋ᠧ ᠵᠧᠨ ᠤ᠋ ᠤᠭᠤᠷᠭᠠᠢ ᠵᠢᠨ ᠱᠠᠭᠠᠵᠠᠩ ᠨᠢ ᠲᠦᠮᠡᠨ ᠭᠠᠵᠠᠷ ᠢ᠋ ᠡᠪᠬᠡᠵᠦ ᠬᠣᠯᠪᠣᠬᠰᠠᠨ ᠣᠯᠠᠭ᠎ᠠ ᠦᠷᠲᠡᠭᠡ ᠵᠢ ᠬᠡᠷᠡᠴᠢᠯᠡᠨ᠎ᠠ᠃
《ᠡᠨᠡ ᠪᠣᠯ ᠳᠠᠷᠤᠢ ᠳᠤᠮᠳᠠᠳᠤ ᠤᠯᠤᠰ ᠤ᠋ᠨ ᠲᠡᠦᠬᠡ ᠮᠥᠨ᠂ ᠪᠠᠶᠠᠯᠢᠭ ᠠᠭᠣᠯᠭ᠎ᠠ ᠲᠠᠢ ᠮᠦᠷᠲᠡᠭᠡᠨ ᠪᠠᠬᠠᠷᠣᠮᠠ ᠰᠠᠢᠬᠠᠨ ᠦᠩᠭᠡ ᠢᠯᠭᠠᠷᠠᠵᠦ᠂ ᠮᠤᠷᠤᠢ ᠰᠠᠷᠤᠢ ᠠᠭᠠᠳ ᠭᠡᠷᠡᠯ ᠰᠠᠴᠤᠷᠠᠩᠭᠤᠢ ᠪᠠᠢᠵᠤ᠂ ᠦᠨᠳᠦᠰᠦᠲᠡᠨ ᠨᠤᠭᠦᠳ ᠤ᠋ᠨ ᠠᠷᠠᠳ ᠲᠦᠮᠡᠨ ᠬᠠᠷᠢᠯᠴᠠᠭ᠎ᠠ ᠶᠠᠪᠤᠯᠴᠠᠭ᠎ᠠ ᠰᠣᠯᠢᠯᠴᠠᠭ᠎ᠠ ᠠᠭᠤᠰᠤᠯᠴᠠᠯ ᠤ᠋ᠨ ᠳᠤᠮᠳᠠ ᠥᠨᠢ ᠤᠳᠠᠭᠠᠨ ᠲᠡᠦᠬᠡ ᠰᠣᠶᠣᠯ ᠢ᠋ ᠬᠠᠮᠲᠤ ᠪᠠᠷ ᠪᠢᠴᠢᠭ᠌ᠯᠡᠭᠰᠡᠨ ᠶᠤᠮ》 ᠭᠡᠵᠦ᠍ ᠬᠢᠩᠭᠠᠨ ᠠᠢᠮᠠᠭ ᠤ᠋ᠨ ᠮᠦᠽᠧᠶ ᠵᠢᠨ ᠳᠠᠷᠤᠭ᠎ᠠ ᠭᠤᠸᠠᠨ ᠢᠦᠶ ᠸᠸᠨ ᠶᠠᠷᠢᠨ᠎ᠠ᠃
ᠦᠩᠭᠡᠲᠦ ᠲᠤᠭ ᠨᠠᠮᠢᠷᠠᠨ ᠲᠡᠷᠪᠡᠯᠵᠡᠵᠦ ᠤᠴᠢ ᠦᠰᠦᠷᠦᠨ ᠠᠭᠣᠯᠠ ᠵᠢ ᠰᠢᠲᠠᠭᠠᠪᠠ
1947 ᠣᠨ ᠡᠴᠡ ᠡᠮᠦᠨ᠎ᠡ᠂ ᠤᠯᠠᠭᠠᠨᠬᠣᠲᠠ ᠵᠢ ᠸᠠᠩ ᠤ᠋ᠨ ᠰᠦᠮ᠎ᠡ ᠵᠡᠭᠡᠯᠢ ᠭᠡᠳᠡᠭ᠃ ᠲᠡᠭᠡᠪᠡᠯ 《ᠸᠠᠩ ᠤ᠋ᠨ ᠰᠦᠮ᠎ᠡ ᠵᠡᠭᠡᠯᠢ》 ᠡᠴᠡ ᠪᠠᠨ ᠬᠡᠷᠬᠢᠨ 《ᠤᠯᠠᠭᠠᠨᠬᠤᠳᠠ》 ᠪᠣᠯᠤᠭ᠍ᠰᠠᠨ ᠪᠤᠢ? ᠪᠢᠳᠡ ᠡᠨᠡ ᠬᠦ᠌ ᠠᠰᠠᠭᠤᠯᠲᠠ ᠵᠢ ᠡᠪᠦᠷᠯᠡᠨ 《5.1》 ᠤ᠋ ᠶᠡᠬᠡ ᠬᠤᠷᠠᠯ ᠤ᠋ᠨ ᠪᠠᠭᠤᠷᠢ ᠳ᠋ᠤ ᠬᠦᠷᠦᠯ᠎ᠡ᠃
ᠬᠣᠯᠠ ᠡᠴᠡ ᠬᠠᠷᠠᠪᠠᠯ ᠬᠡᠪ ᠶᠡᠷᠦᠮᠲᠡᠭ ᠬᠣᠶᠠᠷ ᠳᠠᠪᠬᠤᠷ ᠠᠰᠠᠷ ᠬᠠᠷᠠᠭᠠᠨ ᠳ᠋ᠦ ᠲᠣᠰᠴᠣ᠂ 《5.1 ᠤ᠋ ᠬᠤᠷᠠᠯ ᠤ᠋ᠨ ᠪᠠᠭᠣᠷᠢ》 ᠭᠡᠬᠦ᠌ ᠪᠠᠲᠠᠷᠠᠭᠣᠨ ᠲᠤᠮᠤ ᠦᠰᠦᠭ ᠬᠢᠯᠠᠯᠵᠠᠨ᠎ᠠ᠃ 1947 ᠣᠨ ᠤ᠋ 4 ᠰᠠᠷ᠎ᠠ ᠵᠢᠨ 23 ᠤ᠋ ᠡᠳᠤᠷ ᠡᠴᠡ 5 ᠰᠠᠷ᠎ᠠ ᠵᠢᠨ 2 ᠤ᠋ᠨ ᠡᠳᠦᠷ ᠪᠣᠯᠲᠠᠯ᠎ᠠ᠂ ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠤᠳᠤᠷᠢᠳᠤᠯᠭ᠎ᠠ ᠳᠣᠣᠷ᠎ᠠ ᠥᠪᠥᠷ ᠮᠣᠩᠭᠣᠯ ᠤ᠋ᠨ ᠠᠷᠠᠳ ᠤ᠋ᠨ ᠲᠥᠯᠥᠭᠡᠯᠡᠭ᠌ᠴᠢᠳ ᠤ᠋ᠨ ᠬᠤᠷᠠᠯ ᠡᠨᠳᠡ ᠬᠤᠷᠠᠯᠳᠤᠵᠦ᠂ ᠮᠠᠨ ᠤ᠋ ᠤᠯᠤᠰ ᠤ᠋ᠨ ᠠᠩᠬᠠᠳᠠᠭ᠍ᠴᠢ ᠴᠥᠭᠡᠨ ᠲᠣᠭᠠᠲᠤ ᠦᠨᠳᠦᠰᠦᠲᠡᠨ ᠤ᠋ ᠥᠪᠡᠷᠲᠡᠭᠡᠨ ᠵᠠᠰᠠᠬᠤ ᠣᠷᠣᠨ ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠤᠳᠤᠷᠢᠳᠤᠯᠭ᠎ᠠ ᠳᠣᠣᠷ᠎ᠠ ᠪᠠᠢᠭᠤᠯᠤᠭ᠍ᠳᠠᠭ᠍ᠰᠠᠨ ᠵᠢᠡᠨ ᠲᠥᠪ ᠴᠢᠩᠭ᠎ᠠ ᠪᠠᠷ ᠲᠤᠩᠬᠠᠭ᠍ᠯᠠᠪᠠ᠃
《〈5.1 ᠤ᠋ ᠬᠤᠷᠠᠯ〉 ᠠᠮᠵᠢᠯᠲᠠ ᠲᠠᠶ ᠬᠤᠷᠠᠯᠳᠤᠭ᠍ᠰᠠᠨ ᠨᠢ ᠥᠪᠥᠷ ᠮᠣᠩᠭᠣᠯ ᠤ᠋ᠨ ᠦᠨᠳᠦᠰᠦᠲᠡᠨ ᠤ᠋ ᠴᠢᠯᠥᠭᠡᠯᠡᠯᠲᠡ ᠵᠢᠨ ᠬᠥᠳᠡᠯᠭᠡᠭᠡᠨ ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠤᠳᠤᠷᠢᠳᠤᠯᠭ᠎ᠠ ᠳᠣᠣᠷ᠎ᠠ ᠤᠷᠢᠳ ᠡᠮᠦᠨ᠎ᠡ ᠪᠠᠢᠭ᠎ᠠ ᠦᠭᠡᠢ ᠠᠭᠤᠤ ᠶᠡᠬᠡ ᠢᠯᠠᠯᠲᠠ ᠣᠯᠤᠭ᠍ᠰᠠᠨ ᠢ᠋ ᠬᠠᠷᠠᠭᠤᠯᠵᠤ ᠪᠠᠢᠨ᠎ᠠ》 ᠭᠡᠵᠦ᠍ ᠥᠪᠥᠷ ᠮᠣᠩᠭᠣᠯ ᠤ᠋ᠨ ᠦᠨᠳᠦᠰᠦᠲᠡᠨ ᠤ᠋ ᠴᠢᠯᠥᠭᠡᠯᠡᠯᠲᠡ ᠵᠢᠨ ᠳᠤᠷᠠᠰᠭᠠᠯ ᠤ᠋ᠨ ᠣᠷᠳᠣᠨ ᠤ᠋ ᠳᠡᠳ᠋ ᠳᠠᠷᠤᠭ᠎ᠠ ᠹᠠᠩ ᠸᠧᠶ ᠬᠡᠯᠠᠨ᠎ᠠ᠃
1947 ᠣᠨ ᠤ᠋ 7 ᠰᠠᠷ᠎ᠠ ᠳ᠋ᠤ᠂ ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠥᠪᠥᠷ ᠮᠣᠩᠭᠣᠯ ᠤ᠋ᠨ ᠠᠵᠢᠯ ᠤ᠋ᠨ ᠬᠣᠷᠢᠶ᠎ᠠ ᠸᠠᠩ ᠤ᠋ᠨ ᠰᠦᠮ᠎ᠡ ᠵᠡᠭᠡᠯᠢ ᠳ᠋ᠤ ᠪᠠᠢᠭᠤᠯᠤᠭ᠍ᠳᠠᠭ᠍ᠰᠠᠨ ᠵᠢᠡᠨ ᠲᠤᠩᠬᠠᠭ᠍ᠯᠠᠪᠠ᠃ ᠡᠨᠡ ᠨᠢ ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠥᠪᠥᠷ ᠮᠣᠩᠭᠣᠯ ᠣᠷᠣᠨ ᠳ᠋ᠡᠬᠢ ᠨᠢᠭᠡᠳᠦᠭ᠌ᠰᠡᠨ ᠤᠳᠤᠷᠢᠳᠭᠤ ᠪᠠᠢᠭᠤᠯᠭ᠎ᠠ ᠵᠢᠩᠬᠢᠨᠢ ᠪᠡᠷ ᠪᠠᠢᠭᠤᠯᠤᠭ᠍ᠳᠠᠭ᠍ᠰᠠᠨ ᠢ᠋ ᠬᠠᠷᠠᠭᠤᠯᠵᠤ ᠪᠠᠢᠭ᠎ᠠ ᠪᠢᠯᠡ᠃
ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠥᠪᠥᠷ ᠮᠣᠩᠭᠣᠯ ᠤ᠋ᠨ ᠠᠵᠢᠯ ᠤ᠋ᠨ ᠬᠣᠷᠢᠶ᠎ᠠ ᠵᠢᠨ ᠠᠯᠪᠠᠯᠠᠵᠤ ᠪᠠᠢᠭ᠍ᠰᠠᠨ ᠬᠠᠭᠤᠴᠢᠨ ᠪᠠᠭᠤᠷᠢ ᠳ᠋ᠦ ᠴᠠᠬᠢᠯᠭᠠᠨ ᠮᠡᠳᠡᠭᠡ ᠢᠯᠡᠭᠡᠬᠦ《ᠲᠢᠬ ᠲᠠᠬ》ᠭᠡᠬᠦ ᠳᠠᠭᠤᠨ ᠲᠣᠭᠣᠷᠢᠨ ᠦᠵᠡᠬᠦ᠌ ᠪᠦᠬᠦ ᠶᠠᠪᠤᠴᠠ ᠳ᠋ᠦ ᠠᠶᠠᠯᠲᠠᠨ ᠲᠠᠭᠣᠷᠢᠰᠣᠨᠠ᠃ ᠲᠡᠷᠡ ᠬᠦ᠌ ᠲᠡᠦᠬᠡᠨ ᠴᠠᠭ ᠦᠶ᠎ᠡ ᠳ᠋ᠤ ᠂ ᠸᠠᠩ ᠤ᠋ᠨ ᠰᠦᠮ᠎ᠡ ᠵᠡᠭᠡᠯᠢ ᠨᠢ ᠬᠤᠪᠢᠰᠭᠠᠯ ᠤ᠋ᠨ ᠵᠢᠯᠣᠭᠣᠳᠭᠤ ᠲᠥᠪ ᠪᠣᠯᠤᠭ᠍ᠰᠠᠨ ᠤ᠋ ᠬᠤᠪᠢ ᠳ᠋ᠤ ᠡᠯ᠎ᠡ ᠵᠦᠢᠯ ᠤ᠋ᠨ ᠴᠢᠬᠤᠯᠠ ᠶᠡᠬᠡ ᠱᠢᠢᠳᠪᠦᠷᠢᠲᠦ ᠪᠤᠳᠤᠯᠭ᠎ᠠ ᠵᠢ ᠪᠦᠷ ᠡᠨᠲᠡ ᠡᠴᠡ ᠲᠣᠬᠲᠠᠭᠠᠨ ᠨᠡᠢᠲᠡᠯᠡᠵᠦ᠍᠂ ᠡᠯ᠎ᠡ ᠴᠢᠬᠤᠯᠠ ᠶᠡᠬᠡ ᠬᠥᠳᠡᠯᠭᠡᠭᠡᠨ ᠪᠣᠯᠤᠨ ᠥᠭᠡᠷᠡᠴᠢᠯᠡᠯᠲᠡ ᠨᠢ ᠪᠦᠷ ᠡᠨᠳᠡ ᠡᠴᠡ ᠡᠬᠢᠯᠡᠨ ᠥᠪᠥᠷ ᠮᠣᠩᠭᠣᠯ ᠳ᠋ᠤ ᠲᠠᠷᠬᠠᠨ ᠲᠦᠭᠡᠵᠦ ᠪᠠᠢᠬᠰᠠᠨ ᠶᠣᠮ᠃
1947 ᠣᠨ ᠤ᠋ 11 ᠰᠠᠷ᠎ᠠ ᠵᠢᠨ 26 ᠤ᠋ ᠡᠳᠦᠷ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠵᠠᠰᠠᠭ ᠤ᠋ᠨ ᠣᠷᠳᠣᠨ ᠡᠴᠡ ᠵᠠᠰᠠᠭ ᠤ᠋ᠨ ᠣᠷᠳᠣᠨ ᠤ᠋ ᠭᠡᠱᠢᠭᠦᠳ ᠤ᠋ᠨ ᠬᠤᠷᠠᠯ ᠢ᠋ ᠬᠤᠷᠠᠯᠳᠤᠭᠤᠯᠵᠤ᠂ ᠸᠠᠩ ᠤ᠋ᠨ ᠰᠦᠮ᠎ᠡ ᠵᠡᠭᠡᠯᠢ ᠵᠢ ᠬᠤᠳᠠ ᠪᠣᠯᠭᠠᠨ ᠲᠡᠰ ᠳᠡᠪᠱᠢᠭᠦᠯᠵᠦ᠍᠂ ᠤᠯᠠᠭᠠᠨᠬᠣᠲᠠ ᠬᠡᠮᠡᠨ ᠥᠭᠡᠷᠡᠴᠢᠯᠡᠨ ᠨᠡᠷᠡᠯᠡᠭᠰᠡᠨ ᠪᠢᠯᠡ᠃
ᠬᠣᠪᠢᠰᠬᠠᠯ ᠤ᠋ᠨ ᠰᠣᠶᠣᠯ ᠤ᠋ᠨ ᠡᠬᠢ ᠪᠠᠶᠠᠯᠢᠭ ᠵᠢᠭᠤᠯᠴᠢᠯᠠᠯ ᠤ᠋ᠨ ᠬᠠᠯᠠᠮᠰᠢᠯ ᠪᠣᠯᠵᠦ ᠬᠦᠭᠵᠢᠨ ᠪᠠᠳᠠᠷᠠᠪᠠ
ᠦᠪ ᠵᠤᠵᠠᠭᠠᠨ ᠲᠡᠦᠬᠡ ᠵᠢᠨ ᠣᠯᠠᠮᠵᠢᠯᠠᠯ ᠲᠠᠢ ᠣᠯᠠᠭᠠᠨᠬᠣᠲᠠ ᠬᠤᠪᠢᠰᠭᠠᠯ ᠤ᠋ᠨ ᠰᠣᠶᠣᠯ ᠤ᠋ᠨ ᠤᠳᠤᠮᠱᠢᠯ ᠢ᠋ ᠬᠠᠳᠠᠭᠠᠯᠠᠭ᠍ᠰᠠᠭᠠᠷ᠃ ᠤᠳᠤᠬᠠᠨ ᠳ᠋ᠦ ᠥᠪᠥᠷ ᠮᠣᠩᠭᠣᠯ ᠤ᠋ᠨ ᠦᠨᠳᠦᠰᠦᠲᠡᠨ ᠤ᠋ ᠴᠢᠯᠥᠭᠡᠯᠡᠯᠲᠡ ᠵᠢᠨ ᠳᠤᠷᠠᠰᠭᠠᠯ ᠤ᠋ᠨ ᠣᠷᠳᠣᠨ᠂ 《5.1》 ᠤ᠋ ᠶᠡᠬᠡ ᠬᠤᠷᠠᠯ ᠤ᠋ᠨ ᠪᠠᠭᠤᠷᠢ᠂ ᠳᠤᠮᠳᠠᠳᠤ ᠤᠯᠤᠰ ᠤ᠋ᠨ ᠡᠪ ᠬᠠᠮᠲᠤ ᠨᠠᠮ ᠤ᠋ᠨ ᠥᠪᠥᠷ ᠮᠣᠩᠭᠣᠯ ᠤ᠋ᠨ ᠠᠵᠢᠯ ᠤ᠋ᠨ ᠬᠤᠷᠢᠶ᠎ᠠ ᠵᠢᠨ ᠠᠯᠪᠠᠨ ᠭᠡᠷ ᠤ᠋ᠨ ᠬᠠᠭᠤᠴᠢᠨ ᠪᠠᠭᠤᠷᠢ᠂ ᠤᠯᠠᠭᠠᠨᠬᠦᠦ᠍ ᠵᠢᠨ ᠠᠯᠪᠠᠨ ᠭᠡᠷ ᠤ᠋ᠨ ᠬᠠᠭᠤᠴᠢᠨ ᠪᠠᠭᠤᠷᠢ ᠭᠡᠬᠦ᠌ 《ᠨᠢᠭᠡ ᠣᠷᠳᠣᠨ ᠭᠤᠷᠪᠠᠨ ᠪᠠᠭᠤᠷᠢ》 ᠪᠡᠷ ᠭᠣᠣᠯ ᠪᠣᠯᠭᠠᠭ᠍ᠰᠠᠨ ᠬᠤᠪᠢᠰᠭᠠᠯ ᠤ᠋ᠨ ᠵᠢᠭᠤᠯᠴᠢᠯᠠᠯ ᠤ᠋ᠨ ᠦᠵᠡᠮᠵᠢ ᠵᠢᠭ᠍ᠰᠠᠯ ᠨᠢ ᠬᠢᠩᠭᠠᠨ ᠠᠢᠮᠠᠭ ᠤ᠋ᠨ ᠤᠮᠠᠷᠠᠲᠤ ᠬᠢᠯᠢ ᠵᠢᠨ ᠰᠣᠶᠣᠯ ᠤ᠋ᠨ ᠪᠠᠢᠭᠤᠯᠤᠯᠲᠠ ᠵᠢ ᠠᠬᠢᠭᠤᠯᠵᠦ᠂ ᠳᠤᠮᠳᠠᠳᠤ ᠵᠢᠨ ᠦᠨᠳᠦᠰᠦᠲᠡᠨ ᠤ᠋ ᠬᠠᠮᠲᠤ ᠵᠢᠨ ᠴᠣᠭ᠍ᠴᠠ ᠵᠢᠨ ᠤᠬᠠᠮᠰᠠᠷ ᠢ᠋ ᠪᠠᠲᠤ ᠴᠣᠭ᠍ᠴᠠᠯᠠᠬᠤ ᠴᠢᠬᠤᠯᠠ ᠰᠠᠭᠤᠷᠢᠨ ᠪᠣᠯᠵᠠᠢ᠃
ᠬᠤᠪᠢᠰᠭᠠᠯ ᠤ᠋ᠨ ᠦᠯᠢᠭᠡᠷ ᠢ᠋ ᠠᠭᠤᠳᠠᠯᠤᠨ᠂ ᠬᠤᠪᠢᠰᠭᠠᠯ ᠤ᠋ᠨ ᠤᠯᠠ ᠮᠥᠷ ᠢ᠋ ᠮᠦᠷᠲᠡᠵᠦ᠂ ᠬᠤᠪᠢᠰᠭᠠᠯ ᠤ᠋ᠨ ᠰᠣᠶᠣᠯ ᠢ᠋ ᠣᠢᠯᠠᠭᠠᠨ᠂ ᠬᠤᠪᠢᠰᠭᠠᠯ ᠤ᠋ᠨ ᠵᠣᠷᠢᠭ ᠰᠠᠨᠠᠭ᠎ᠠ ᠵᠢ ᠤᠯᠠᠮᠵᠢᠯᠠᠨ᠎ᠠ᠃ ᠤᠢ᠍ᠢᠷᠠ ᠵᠢᠨ ᠵᠢᠯ ᠡᠴᠡ ᠨᠠᠭᠠᠰᠢ᠂ ᠤᠯᠠᠭᠠᠨᠬᠣᠲᠠ ᠵᠢᠨ ᠬᠢᠨ ᠳᠤᠮᠳᠠᠳᠤ ᠵᠢᠨ ᠦᠨᠳᠦᠰᠦᠲᠡᠨ ᠤ᠋ ᠬᠠᠮᠲᠤ ᠵᠢᠨ ᠴᠣᠭ᠍ᠴᠠ ᠵᠢᠨ ᠤᠬᠠᠮᠰᠠᠷ ᠢ᠋ ᠪᠠᠲᠤ ᠴᠣᠭ᠍ᠴᠠᠯᠠᠬᠤ ᠪᠠᠷ ᠭᠣᠣᠯ ᠱᠢᠵᠢᠮ ᠪᠣᠯᠭᠠᠨ᠂ ᠬᠠᠮᠠᠭᠠᠯᠠᠬᠤ ᠵᠢ ᠲᠡᠷᠢᠭᠦᠨ ᠳ᠋ᠤ ᠲᠠᠯᠪᠢᠬᠤ᠂ ᠤᠯᠠᠮᠵᠢᠯᠠᠬᠤ ᠪᠠᠷ ᠭᠣᠣᠯᠳᠠᠯᠭ᠎ᠠ ᠪᠣᠯᠭᠠᠬᠤ᠂ ᠣᠯᠠᠷᠢᠭᠣᠯᠣᠨ ᠬᠡᠷᠡᠭᠯᠡᠬᠦ ᠵᠢ ᠪᠠᠷᠢᠮᠲᠠᠯᠠᠵᠤ᠂ ᠬᠤᠪᠢᠰᠭᠠᠯ ᠤ᠋ᠨ ᠰᠣᠶᠣᠯ ᠤ᠋ᠨ ᠡᠬᠢ ᠪᠠᠶᠠᠯᠢᠭ ᠤ᠋ᠨ ᠲᠠᠯᠠᠢ ᠪᠠᠶᠠᠨ ᠦᠪ ᠢ᠋ ᠰᠢᠨᠵᠢᠯᠡᠬᠦ ᠤᠬᠠᠭᠠᠨᠴᠢ ᠵᠦᠢ ᠵᠤᠬᠢᠰᠳᠠᠢ ᠪᠡᠷ ᠠᠭᠣᠲᠠᠯᠣᠨ ᠠᠰᠢᠬᠯᠠᠭᠰᠠᠨ ᠪᠠᠢᠨ᠎ᠠ᠃
《ᠪᠢᠳᠡ 3 ᠵᠢᠯ ᠤ᠋ᠨ ᠴᠠᠭ ᠬᠡᠷᠡᠭᠰᠡᠵᠦ᠂ ᠬᠣᠪᠢᠰᠬᠠᠯ ᠤ᠋ᠨ ᠣᠲᠣᠮᠰᠢᠯᠲᠦ ᠲᠠᠯ᠎ᠠ ᠨᠤᠲᠤᠭ ᠤ᠋ᠨ ᠤᠯᠠᠭᠠᠨᠬᠤᠳᠠ ᠵᠢᠨ ᠲᠡᠤᠬᠡ ᠰᠤᠶᠤᠯ ᠪᠠ ᠵᠢᠭᠤᠯᠴᠢᠯᠠᠯ ᠢ᠋ ᠪᠦᠬᠦ᠌ ᠤᠯᠤᠰ ᠤ᠋ᠨ 100 ᠬᠤᠳᠠ ᠱᠢᠶᠠᠨ ᠲᠣᠭᠣᠷᠢᠭ ᠲᠦ᠍ ᠬᠦᠷᠬᠡᠨ᠂ ᠤᠮᠠᠷᠠᠲᠤ ᠬᠢᠯᠢ ᠵᠢᠨ ᠰᠣᠶᠣᠯ ᠢ᠋ ᠤᠬᠠᠭᠤᠯᠤᠨ ᠲᠠᠨᠢᠯᠴᠠᠭᠤᠯᠵᠤ᠂ ᠬᠤᠳᠠ ᠪᠣᠯᠤᠨ ᠬᠤᠳᠠ ᠵᠢᠨ ᠬᠣᠭᠣᠷᠣᠨᠳᠣᠬᠢ ᠥᠪᠡᠷᠮᠢᠴᠡ ᠰᠣᠶᠣᠯ ᠤ᠋ᠨ ᠱᠢᠳᠢ ᠵᠢ ᠮᠡᠳᠡᠷᠡᠭᠦᠯᠬᠦ᠌ ᠪᠡᠷ ᠲᠥᠯᠥᠪᠯᠡᠵᠦ᠍ ᠪᠠᠢᠨ᠎ᠠ》 ᠭᠡᠵᠦ᠍ ᠤᠯᠠᠭᠠᠨᠬᠣᠲᠠ ᠵᠢᠨ ᠨᠠᠮ ᠤ᠋ᠨ ᠬᠤᠷᠢᠶ᠎ᠠ ᠵᠢᠨ ᠤᠬᠠᠭᠤᠯᠬᠤ ᠬᠡᠯᠲᠡᠰ ᠤ᠋ᠨ ᠳᠡᠳ᠋ ᠳᠠᠷᠤᠭ᠎ᠠ ᠵᠦ᠍ ᠯᠢᠶᠠᠨ ᠴᠢᠶᠦ᠋ᠨ ᠬᠡᠯᠡᠵᠦ ᠪᠠᠢᠯ᠎ᠠ᠃
2024 ᠣᠨ ᠤ᠋ ᠡᠬᠢ ᠪᠡᠷ᠂ ᠤᠯᠠᠭᠠᠨᠬᠣᠲᠠ《ᠵᠠᠭᠤᠨ ᠬᠣᠲᠠ ᠮᠢᠩᠭᠠᠨ ᠬᠠᠯᠬᠠᠪᠴᠢ·ᠬᠣᠪᠢᠰᠬᠠᠯ ᠤ᠋ᠨ ᠬᠣᠲᠠ ᠵᠢᠨ ᠰᠠᠭᠣᠬᠲᠠᠯ 》 ᠤᠮᠠᠷᠠᠲᠤ ᠬᠢᠯᠢ ᠵᠢᠨ ᠰᠣᠶᠣᠯ ᠤ᠋ᠨ ᠤᠯᠠᠭᠠᠨᠬᠣᠲᠠ ᠵᠢᠨ ᠭᠤᠤᠯ ᠰᠡᠳᠦᠪᠲᠦ ᠤᠬᠠᠭᠤᠯᠭ᠎ᠠ ᠵᠢᠨ ᠠᠵᠢᠯᠯᠠᠭ᠎ᠠ ᠵᠢ ᠱᠢᠨ᠎ᠡ ᠵᠢ ᠡᠭᠦᠳᠦᠨ ᠦᠷᠨᠢᠬᠦᠯᠪᠡ᠃ ᠣᠳᠣᠬᠠᠨ ᠪᠣᠯᠲᠠᠯ᠎ᠠ ᠨᠢᠭᠡᠨᠲᠡ ᠱᠠᠨᠳᠦ᠋ᠩ᠂ ᠾᠸᠪᠸᠢ᠂ ᠲᠥᠪᠡᠳ ᠵᠡᠷᠭᠡ 24 ᠮᠤᠵᠢ᠂ ᠰᠢᠭᠤᠳ ᠬᠠᠷᠢᠢᠠ ᠬᠤᠳᠠ ᠪᠠ ᠥᠪᠡᠷᠲᠡᠭᠡᠨ ᠵᠠᠰᠠᠬᠤ ᠣᠷᠣᠨ ᠤ᠋ 62 ᠬᠣᠲᠠ ᠱᠢᠶᠠᠨ ᠲᠣᠭᠣᠷᠢᠭ ᠲᠠᠶ ᠲᠠᠮᠵᠢᠭᠣᠯᠭᠠ ᠬᠣᠯᠪᠣᠭ᠎ᠠ ᠵᠢᠨ ᠬᠠᠷᠢᠴᠠᠭ᠎ᠠ ᠪᠠᠢᠭᠤᠯᠤᠨ᠂ ᠲᠥᠪᠯᠡᠷᠡᠭᠦᠯᠦᠨ ᠤᠬᠠᠭᠤᠯᠬᠤ ᠠᠵᠢᠯᠯᠠᠭ᠎ᠠ ᠵᠢ 32 ᠬᠤᠭᠤᠴᠠᠭ᠎ᠠ ᠥᠷᠨᠢᠭᠦᠯᠵᠦ᠍ ᠂ ᠦᠷᠭᠡᠨ ᠲᠡᠯᠭᠡᠷ ᠪᠦᠷᠬᠦᠴᠡ ᠲᠠᠢ᠂ ᠢᠯᠡ ᠲᠣᠳᠣ ᠣᠨᠴᠠᠯᠢᠭ ᠲᠠᠶ ᠰᠣᠶᠣᠯ ᠤ᠋ᠨ ᠲᠠᠮᠵᠢᠭᠣᠯᠭᠠ ᠵᠢᠨ ᠡᠩᠨᠡᠭᠡ ᠵᠢ ᠠᠩᠬ᠎ᠠ ᠠᠯᠬᠤᠮ ᠪᠦᠷᠢᠯᠳᠦᠭᠦᠯᠦᠭᠰᠡᠨ ᠠᠵᠢ᠃