ᠬᠣᠷᠴᠢᠨ ᠤ᠋ ᠲᠠᠯ᠎ᠠ ᠨᠤᠲᠤᠭ ᠤ᠋ᠨ ᠬᠣᠢᠲᠤ ᠬᠡᠰᠡᠭ ᠲᠦ᠍ ᠪᠠᠢᠷᠢᠯᠠᠭ᠎ᠠ ᠲᠦᠩᠯᠢᠶᠤᠤ ᠬᠤᠳᠠ ᠵᠢᠨ ᠵᠠᠷᠤᠳ ᠬᠣᠱᠢᠭᠤ ᠤᠯᠠᠨ ᠡᠴᠡ ᠤᠨᠴᠠᠭᠠᠢ ᠭᠠᠵᠠᠷ ᠵᠦᠢ ᠶ᠋ᠢᠨ ᠣᠷᠴᠢᠨ ᠨᠦᠬᠦᠴᠡᠯ ᠲᠠᠶ᠂ ᠡᠷᠲᠡᠨ ᠡᠴᠡ ᠠᠪᠤᠭᠠᠳ ᠬᠥᠮᠦᠨ ᠲᠥᠷᠥᠯᠬᠢᠲᠡᠨ ᠤ᠋ ᠤᠷᠤᠰᠢᠨ ᠠᠮᠢᠳᠤᠷᠠᠬᠤ᠌ ᠣᠷᠣᠨ ᠪᠠᠢᠵᠤ᠂ ᠱᠢᠨ᠎ᠡ ᠴᠢᠯᠠᠭᠤᠨ ᠵᠡᠪᠰᠡᠭ ᠤ᠋ᠨ ᠦᠶ᠎ᠡ ᠶ᠋ᠢᠨ ᠲᠡᠦᠬᠡ ᠶ᠋ᠢᠨ ᠪᠣᠯᠪᠠᠰᠤᠨ ᠤ᠋ ᠤᠯᠠ ᠮᠥᠷ ᠢ᠋ ᠦᠯᠡᠳᠡᠭᠡᠭ᠌ᠰᠡᠨ ᠭᠠᠵᠠᠷ ᠪᠤᠯᠬᠤ ᠶᠤᠮ᠃
ᠵᠠᠷᠤᠳ ᠤ᠋ᠨ ᠥᠷᠭᠡᠨ ᠠᠭᠤᠳᠠᠮ ᠲᠠᠯ᠎ᠠ ᠨᠤᠳᠤᠭ ᠪᠤᠯ ᠳ᠋ᠦᠩᠬᠤ᠂ ᠱᠢᠶᠡᠨᠪᠢ᠂ ᠬᠢᠳᠠᠨ ᠬᠦᠮᠦᠰ ᠤ᠋ᠨ ᠨᠡᠭᠦᠳᠡᠯᠯᠡᠨ ᠮᠠᠯᠵᠢᠵᠦ ᠪᠠᠢᠭᠰᠠᠨ ᠭᠠᠵᠠᠷ ᠮᠦᠨ᠃ ᠤᠷᠲᠤ ᠤᠳᠠᠭᠠᠨ ᠲᠡᠦᠬᠡ ᠶ᠋ᠢᠨ ᠶᠠᠪᠤᠴᠠ ᠳ᠋ᠦ ᠵᠠᠷᠤᠳ ᠤ᠋ᠨ ᠤᠳᠤᠷ ᠨᠡᠬᠦᠳᠡᠯ᠂ ᠬᠤᠭᠤᠷ ᠤ᠋ᠨ ᠦᠯᠢᠬᠡᠷ᠂ ᠵᠠᠷᠤᠳ ᠪᠠᠷ ᠵᠢᠷᠤᠭ ᠵᠡᠷᠭᠡ ᠡᠯᠪᠡᠭ ᠪᠠᠶᠠᠨ ᠰᠤᠶᠤᠯ ᠤ᠋ᠨ ᠦᠪ ᠦᠪᠯᠡᠭᠳᠡᠵᠡᠢ᠃
ᠤᠳᠬ᠎ᠠ ᠠᠭᠤᠯᠬᠤᠨ ᠭᠦᠨ ᠵᠤᠵᠠᠭᠠᠨ ᠰᠣᠶᠣᠯ ᠤ᠋ᠨ ᠰᠢᠮ᠎ᠠ ᠡᠯᠪᠡᠭ ᠪᠠᠶᠠᠯᠢᠭ
ᠵᠠᠷᠤᠳ ᠬᠣᠱᠢᠭᠤ ᠥᠨᠢ ᠤᠳᠠᠭᠠᠨ ᠲᠡᠦᠬᠡ ᠭᠦᠨ ᠵᠤᠵᠠᠭᠠᠨ ᠰᠣᠶᠣᠯ ᠲᠠᠶ᠃ 《ᠵᠠᠷᠤᠳ ᠬᠣᠱᠢᠭᠤ ᠪᠣᠯ ᠯᠢᠶᠣᠤ ᠤᠯᠤᠰ ᠪᠠ ᠠᠯᠲᠠᠨ ᠤᠯᠤᠰ ᠤ᠋ᠨ ᠰᠣᠶᠣᠯ ᠵᠢᠡᠷ ᠨᠡᠯᠢᠶᠡᠳ ᠪᠠᠶᠠᠯᠢᠭ ᠭᠠᠵᠠᠷ ᠪᠣᠯᠤᠨ᠎ᠠ᠂ ᠪᠠᠶᠠᠷᠲᠤᠬᠣᠱᠢᠭᠤ ᠪᠠᠯᠭᠠᠰᠤ ᠵᠢᠨ ᠡᠮᠦᠨ᠎ᠠ ᠬᠡᠰᠡᠭ ᠪᠣᠯ ᠪᠦᠬᠦ᠌ ᠤᠯᠤᠰ ᠤ᠋ᠨ ᠭᠣᠣᠯᠳᠠᠯᠭ᠎ᠠ ᠲᠠᠶ ᠲᠡᠦᠬᠡ ᠶ᠋ᠢᠨ ᠳᠤᠷᠠᠰᠭᠠᠯᠲᠤ ᠵᠦᠢᠯᠡᠰ ᠢ᠋ ᠬᠠᠮᠠᠭᠠᠯᠠᠬᠤ ᠨᠢᠭᠡᠴᠢ ᠪᠣᠯᠬᠤ ᠯᠢᠶᠣᠤ ᠢᠦᠢ ᠵᠧᠦ᠍ ᠶ᠋ᠢᠨ ᠬᠤᠲᠠ ᠶ᠋ᠢᠨ ᠪᠠᠭᠤᠷᠢ ᠪᠠᠢᠵᠤ ᠂ ᠬᠣᠢᠲᠤ ᠬᠡᠰᠡᠭ ᠨᠢ ᠪᠦᠬᠦ᠌ ᠤᠯᠤᠰ ᠤ᠋ᠨ ᠭᠣᠣᠯᠳᠠᠯᠭ᠎ᠠ ᠲᠠᠶ ᠲᠡᠦᠬᠡ ᠶ᠋ᠢᠨ ᠳᠤᠷᠠᠰᠭᠠᠯᠲᠤ ᠵᠦᠢᠯᠡᠰ ᠢ᠋ ᠬᠠᠮᠠᠭᠠᠯᠠᠬᠤ ᠨᠢᠭᠡᠴᠢ ᠪᠣᠯᠬᠤ ᠠᠯᠠᠭ ᠴᠠᠢᠵᠠ ᠶ᠋ᠢᠨ ᠪᠠᠭᠤᠷᠢ ᠪᠣᠯᠤᠨ᠎ᠠ》 ᠭᠡᠵᠤ ᠵᠠᠷᠤᠳ ᠬᠣᠱᠢᠭᠤᠨ ᠤ᠋ ᠲᠡᠦᠬᠡ ᠶ᠋ᠢᠨ ᠳᠤᠷᠠᠰᠭᠠᠯᠲᠤ ᠵᠦᠢᠯᠡᠰ ᠤ᠋ᠨ ᠬᠠᠮᠠᠭᠠᠯᠠᠯᠳᠠ ᠵᠢᠨ ᠲᠥᠪ ᠤ᠋ᠨ ᠡᠷᠬᠢᠯᠡᠭ᠌ᠴᠢ ᠸᠠᠩ ᠴᠧᠩ ᠲᠠᠨᠢᠯᠴᠠᠭᠤᠯᠤᠨ᠎ᠠ᠃
ᠯᠢᠶᠣᠤ ᠤᠯᠤᠰ ᠤ᠋ᠨ ᠦᠶ᠎ᠡ ᠳ᠋ᠦ 《ᠲᠠᠪᠤᠨ ᠨᠡᠢᠰᠯᠡᠯ ᠤ᠋ᠨ ᠳᠦᠷᠢᠮ》 ᠢ᠋ ᠬᠡᠷᠡᠭ᠌ᠵᠢᠭᠦᠯᠵᠦ᠍᠂ ᠣᠳᠣ ᠶ᠋ᠢᠨ ᠵᠠᠷᠤᠳ ᠬᠣᠱᠢᠭᠤᠨ ᠤ᠋ ᠰᠠᠭᠤᠭ᠎ᠠ ᠭᠠᠵᠠᠷ ᠲᠤᠬᠠᠶ ᠶ᠋ᠢᠨ ᠦᠶ᠎ᠡ ᠳ᠋ᠦ ᠳᠡᠭᠡᠳᠦ ᠨᠡᠢᠰᠯᠡᠯ ᠤ᠋ᠨ ᠵᠠᠮ ᠳ᠋ᠦ ᠬᠠᠷᠢᠶᠠᠯᠠᠭ᠍ᠳᠠᠨ᠂ ᠯᠢᠶᠣᠤ ᠤᠯᠤᠰ ᠤ᠋ᠨ ᠴᠢᠬᠤᠯᠠ ᠭᠠᠵᠠᠷ ᠪᠠᠢᠵᠠᠢ᠃ ᠠᠯᠲᠠᠨ ᠤᠯᠤᠰ ᠤ᠋ᠨ ᠦᠶ᠎ᠠ ᠳ᠋ᠦ᠂ ᠠᠯᠠᠭ ᠴᠠᠢᠵᠠ ᠡᠴᠡ ᠡᠮᠦᠨᠡᠱᠢᠬᠢ ᠨᠢ ᠪᠡᠭᠡᠵᠢᠩ ᠵᠠᠮ ᠪᠠᠢᠵᠤ᠂ ᠵᠠᠷᠤᠳ ᠬᠣᠱᠢᠭᠤ ᠣᠷᠴᠢᠮ ᠨᠢ ᠪᠡᠭᠡᠵᠢᠩ ᠵᠠᠮ ᠤ᠋ᠨ ᠬᠠᠷᠢᠶᠠᠨ ᠳ᠋ᠦ ᠬᠠᠷᠢᠶᠠᠯᠠᠭ᠍ᠳᠠᠨ᠂ ᠠᠯᠲᠠᠨ ᠤᠯᠤᠰ ᠤ᠋ᠨ ᠪᠤᠷᠤ ᠬᠡᠷᠡᠮ ᠤ᠋ᠨ ᠰᠡᠷᠭᠡᠢᠯᠡᠯᠲᠡ ᠶ᠋ᠢᠨ ᠱᠢᠰᠲ᠋ᠧᠮ ᠤ᠋ᠨ ᠨᠢᠭᠡ ᠬᠡᠰᠡᠭ ᠪᠣᠯᠬᠤ ᠪᠥᠭᠡᠳ ᠪᠠᠰᠠ ᠴᠤ᠌ ᠤᠷᠳᠤ ᠴᠠᠭᠠᠨ ᠬᠡᠷᠡᠮ ᠤ᠋ᠨ ᠭᠠᠳᠠᠨᠠᠬᠢ ᠲᠠᠩᠨᠠᠨ ᠮᠦᠷᠳᠡᠬᠦ ᠪᠠ ᠤᠷᠢᠳᠴᠢᠯᠠᠨ ᠰᠡᠷᠡᠮᠵᠢᠯᠡᠭᠦᠯᠬᠦ᠌ ᠵᠠᠩᠭᠢᠯᠠᠭ᠎ᠠ ᠶ᠋ᠢᠨ ᠴᠡᠭ ᠪᠠᠢᠵᠤ᠂ ᠬᠢᠯᠢ ᠶ᠋ᠢᠨ ᠬᠠᠮᠠᠭᠠᠯᠠᠯᠲᠠ ᠶ᠋ᠢᠨ ᠴᠡᠷᠢᠭ ᠠᠩᠭᠢ ᠰᠠᠭᠤᠵᠤ ᠪᠠᠢᠪᠠ᠃ ᠵᠠᠷᠤᠳ ᠬᠣᠱᠢᠭᠤ ᠵᠢᠴᠢ ᠡᠷᠭᠢᠨ ᠲᠣᠭᠣᠷᠢᠨ ᠡᠴᠡ ᠮᠠᠯᠲᠠᠵᠤ ᠭᠠᠷᠭᠠᠭ᠍ᠰᠠᠨ ᠵᠡᠪᠡ᠂ ᠮᠣᠷᠢᠨ ᠤ᠋ ᠡᠳ᠋ᠯᠡᠯ᠂ ᠴᠡᠷᠢᠭ ᠤ᠋ᠨ ᠶᠠᠪᠤᠳᠠᠯ ᠤ᠋ᠨ ᠲᠡᠮᠳᠡᠭ ᠫᠠᠢᠰᠠ ᠵᠡᠷᠭᠡ ᠲᠡᠦᠬᠡ ᠶ᠋ᠢᠨ ᠳᠤᠷᠠᠰᠭᠠᠯᠲᠤ ᠵᠦᠢᠯᠡᠰ ᠨᠢ ᠲᠤᠰ ᠭᠠᠵᠠᠷ ᠲᠦ᠍ ᠴᠡᠷᠢᠭ ᠰᠠᠭᠤᠵᠤ ᠪᠠᠢᠭ᠍ᠰᠠᠨ ᠲᠡᠦᠬᠡ ᠵᠢ ᠭᠡᠷᠡᠴᠢᠯᠡᠵᠦ᠍ ᠪᠠᠢᠨ᠎ᠠ᠃
ᠵᠠᠷᠤᠳ ᠬᠣᠱᠢᠭᠤ ᠶᠤᠸᠠᠨ ᠤᠯᠤᠰ ᠤ᠋ᠨ ᠦᠶ᠎ᠡ ᠳ᠋ᠦ ᠱᠠᠩᠳᠤ ᠵᠠᠮ ᠳ᠋ᠦ ᠬᠠᠷᠢᠶᠠᠯᠠᠭ᠍ᠳᠠᠳᠠᠭ᠃ ᠶᠤᠸᠠᠨ ᠤᠯᠤᠰ ᠡᠴᠡ ᠬᠣᠢᠰᠢ᠂ ᠡᠨᠳᠡᠬᠢ ᠨᠢ ᠬᠣᠩᠭᠢᠷᠠᠳ ᠠᠢᠮᠠᠭ ᠤ᠋ᠨ ᠡᠷᠭᠦᠮᠵᠢᠯᠡᠯ ᠤ᠋ᠨ ᠭᠠᠵᠠᠷ ᠪᠣᠯᠵᠤ᠂ ᠴᠡᠷᠢᠭ ᠤ᠋ᠨ ᠶᠠᠪᠤᠳᠠᠯ ᠤ᠋ᠨ ᠪᠠᠢᠷᠢ ᠰᠠᠭᠤᠷᠢ ᠨᠢ ᠪᠠᠭᠤᠷᠠᠪᠠ᠃
ᠡᠶᠡᠪᠡᠷ ᠵᠠᠰᠠᠭ᠍ᠴᠢ ᠶ᠋ᠢᠨ ᠲᠠᠪᠤᠳᠤᠭᠠᠷ ᠣᠨ (1648 ᠣᠨ) ᠳ᠋ᠦ᠂ ᠴᠢᠩ ᠤ᠋ᠨ ᠲᠦᠷᠦ᠍ ᠡᠴᠡ ᠵᠠᠷᠤᠳ ᠢ᠋ ᠵᠠᠷᠤᠳ ᠵᠡᠭᠦᠨ ᠭᠠᠷᠤᠨ ᠪᠠ ᠵᠠᠷᠤᠳ ᠪᠠᠷᠠᠭᠤᠨ ᠭᠠᠷᠤᠨ ᠬᠡᠮᠡᠨ ᠬᠣᠶᠠᠷ ᠵᠠᠰᠠᠭ ᠵᠠᠬᠢᠷᠭᠠᠨ ᠤ᠋ ᠬᠣᠱᠢᠭᠤ ᠪᠣᠯᠭᠠᠵᠤ᠂ ᠵᠠᠷᠤᠳ ᠵᠡᠭᠦᠨ ᠪᠠᠷᠠᠭᠤᠨ ᠬᠣᠶᠠᠷ ᠬᠣᠱᠢᠭᠤ ᠵᠢ ᠵᠤᠤ ᠤᠳᠠ ᠶ᠋ᠢᠨ ᠴᠢᠭᠤᠯᠭᠠᠨ ᠳ᠋ᠦ ᠬᠠᠷᠢᠶᠠᠯᠠᠭᠤᠯᠵᠠᠢ᠃ ᠢᠷᠭᠡᠨ ᠤᠯᠤᠰ ᠤ᠋ᠨ ᠬᠣᠷᠢᠨ ᠳᠥᠷᠪᠡᠳᠦᠭᠡᠷ ᠣᠨ (1935 ᠣᠨ) ᠪᠣᠯᠬᠤ ᠳ᠋ᠦ ᠵᠠᠷᠤᠳ ᠵᠡᠭᠦᠨ ᠪᠠᠷᠠᠭᠤᠨ ᠬᠣᠶᠠᠷ ᠬᠣᠱᠢᠭᠤ ᠵᠢ ᠨᠡᠢᠯᠡᠭᠦᠯᠦᠭᠡᠳ ᠵᠠᠷᠤᠳ ᠬᠣᠱᠢᠭᠤ ᠪᠣᠯᠭᠠᠵᠠᠢ᠃
ᠤᠷᠠᠨ ᠳᠠᠷᠬᠠᠨ ᠤ᠋ ᠵᠣᠷᠢᠭ ᠰᠠᠨᠠᠭ᠎ᠠ ᠵᠢ ᠪᠠᠷᠢᠮᠳᠠᠯᠠᠨ ᠪᠣᠳᠠᠰ ᠤ᠋ᠨ ᠪᠤᠰᠤ ᠰᠣᠶᠣᠯ ᠤ᠋ᠨ ᠥᠪ ᠢ᠋ ᠤᠯᠠᠮᠵᠢᠯᠠᠨ᠎ᠠ
ᠰᠣᠶᠣᠯ ᠪᠣᠯ ᠲᠡᠦᠬᠡ ᠶ᠋ᠢᠨ ᠲᠤᠨᠳᠠᠰᠤ᠂ ᠬᠥᠭ᠌ᠵᠢᠯᠲᠡ ᠶ᠋ᠢᠨ ᠵᠥᠭᠡᠯᠡᠨ ᠪᠣᠳᠠᠲᠤ ᠬᠦᠴᠦᠨ ᠮᠥᠨ᠃ ᠵᠠᠷᠤᠳ ᠬᠣᠱᠢᠭᠤᠨ ᠤ᠋ ᠮᠠᠰᠢ ᠤᠯᠠᠨ ᠪᠣᠳᠠᠰ ᠤ᠋ᠨ ᠪᠤᠰᠤ ᠰᠣᠶᠣᠯ ᠤ᠋ᠨ ᠥᠪ ᠡᠴᠡ ᠤᠮᠠᠷᠠᠲᠤ ᠬᠢᠯᠢ ᠶ᠋ᠢᠨ ᠰᠣᠶᠣᠯ ᠤ᠋ᠨ ᠷᠢᠳᠢ ᠱᠢᠳᠢ ᠢᠯᠡᠷᠡᠵᠦ᠍ ᠪᠠᠢᠨ᠎ᠠ᠃
ᠵᠠᠷᠤᠳ ᠬᠣᠱᠢᠭᠤᠨ ᠤ᠋ ᠰᠣᠶᠣᠯ ᠵᠢᠭᠤᠯᠴᠢᠯᠠᠯ ᠤ᠋ᠨ ᠲᠣᠪᠴᠢᠶ᠎ᠠ ᠵᠢᠨ ᠳᠡᠳ᠋ ᠳᠠᠷᠤᠭ᠎ᠠ ᠶᠠᠩ ᠯᠢ ᡁᠢ ᠵᠢᠨ ᠲᠠᠨᠢᠯᠴᠠᠭᠤᠯᠤᠭᠰᠠᠨ ᠵᠢᠡᠷ᠂ ᠵᠠᠷᠤᠳ ᠬᠣᠱᠢᠭᠤᠨ ᠳ᠋ᠦ ᠣᠲᠣ ᠤᠯᠤᠰ ᠤ᠋ᠨ ᠲᠠᠰ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠲᠥᠯᠥᠭᠡᠯᠡᠬᠦ᠌ ᠴᠢᠨᠠᠷᠲᠠᠶ ᠲᠦᠷᠦᠯ ᠵᠦᠶ᠋ᠯ 1᠂ ᠦᠪᠯᠡᠨ ᠤᠯᠠᠮᠵᠢᠯᠠᠭ᠍ᠴᠢ 1 ᠪᠣᠶ; ᠥᠪᠡᠷᠲᠡᠭᠡᠨ ᠵᠠᠰᠠᠬᠤ ᠣᠷᠣᠨ ᠤ᠋ ᠲᠠᠰ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠲᠥᠯᠥᠭᠡᠯᠡᠬᠦ᠌ ᠴᠢᠨᠠᠷᠲᠠᠶ ᠲᠥᠷᠥᠯ ᠵᠦᠶ᠋ᠯ 8᠂ ᠦᠪᠯᠡᠨ ᠤᠯᠠᠮᠵᠢᠯᠠᠬᠴᠢ 15 ᠪᠣᠶ᠃ ᠡᠭᠦᠨ ᠳ᠋ᠦ ᠣᠲᠣᠷ ᠨᠡᠬᠦᠳᠡᠯ ᠨᠢ ᠡᠨᠡ ᠵᠢᠯ ᠤ᠋ᠨ 3 ᠰᠠᠷ᠎ᠠ ᠳ᠋ᠦ ᠥᠪᠡᠷᠲᠡᠭᠡᠨ ᠵᠠᠰᠠᠬᠤ ᠣᠷᠣᠨ ᠤ᠋ ᠲᠠᠰ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠲᠥᠯᠥᠭᠡᠯᠡᠬᠦ᠌ ᠴᠢᠨᠠᠷᠲᠠᠶ ᠲᠥᠷᠥᠯ ᠵᠦᠶ᠋ᠯ ᠢ᠋ᠶ᠋ᠡᠷ ᠰᠤᠩᠭᠤᠭᠳᠠᠪᠠ᠃
ᠵᠠᠷᠤᠳ ᠤ᠋ᠨ ᠲᠠᠯ᠎ᠠ ᠨᠤᠲᠤᠭ ᠨᠢ 《ᠳᠤᠮᠳᠠᠳᠤ ᠤᠯᠤᠰ ᠤ᠋ᠨ ᠬᠠᠮᠤᠭ ᠤ᠋ᠨ ᠭᠣᠶᠣ ᠠᠭᠤᠯᠠᠷᠬᠠᠭ ᠭᠠᠵᠠᠷ ᠤ᠋ᠨ ᠲᠠᠯ᠎ᠠ ᠨᠤᠲᠤᠭ》 ᠭᠡᠰᠡᠨ ᠰᠠᠢᠬᠠᠨ ᠠᠯᠳᠠᠷᠲᠠᠶ ᠶᠤᠮ᠃ ᠲᠤᠰ ᠬᠣᠱᠢᠭᠤᠨ ᠤ᠋ ᠪᠠᠷᠠᠭᠤᠨ ᠬᠣᠢᠲᠤ ᠬᠡᠰᠡᠭ ᠲᠦ᠍ ᠪᠠᠢᠷᠢᠯᠠᠭ᠎ᠠ ᠭᠡᠷᠴᠢᠯᠠᠭᠤ ᠰᠤᠮᠤ ᠶ᠋ᠢᠨ ᠵᠤᠰᠠᠯᠠᠩ ᠤ᠋ᠨ ᠭᠠᠵᠠᠷ ᠪᠣᠯ ᠪᠦᠷᠢᠨ ᠪᠦᠲᠦᠨ ᠬᠠᠳᠠᠭᠠᠯᠠᠭ᠍ᠳᠠᠭ᠍ᠰᠠᠨ ᠪᠠᠢᠭᠠᠯᠢ ᠵᠢᠨ ᠲᠠᠯ᠎ᠠ ᠨᠤᠲᠤᠭ ᠪᠣᠯᠤᠨ᠎ᠠ᠂ ᠡᠨᠳᠡᠬᠢ 500 ᠭᠠᠷᠤᠶ ᠡᠷᠦᠬᠡ ᠮᠠᠯᠴᠢᠨ ᠦᠶ᠎ᠡ ᠤᠯᠠᠷᠢᠨ ᠤᠰᠤ ᠪᠡᠯᠴᠢᠭᠡᠷ ᠢ᠋ ᠳᠠᠭᠠᠨ ᠨᠡᠭᠦᠳᠡᠯᠯᠡᠨ ᠠᠮᠢᠳᠤᠷᠠᠵᠤ᠂ ᠵᠢᠯ ᠪᠦᠷᠢ ᠶ᠋ᠢᠨ 6 ᠰᠠᠷ᠎ᠠ ᠳ᠋ᠦ 100 ᠺᠢᠯᠣᠮᠧᠲ᠋ᠷ ᠤ᠋ᠨ ᠴᠠᠭᠠᠨᠠᠬᠢ ᠵᠤᠰᠠᠭᠠᠯ ᠳ᠋ᠠᠭᠠᠨ ᠭᠠᠷᠴᠦ᠂ ᠨᠠᠮᠤᠷ ᠨᠢ ᠲᠠᠷᠭᠤ ᠬᠦᠴᠦ᠍ ᠲᠡᠶ ᠮᠠᠯ ᠣᠨᠣᠭ᠎ᠠ ᠪᠠᠨ ᠬᠤᠮᠢᠨ ᠡᠪᠤᠯᠵᠢᠶ᠎ᠠ ᠳ᠋ᠡᠬᠡᠨ ᠪᠤᠴᠠᠳᠠᠭ ᠶᠤᠮ᠃
ᠵᠠᠷᠤᠳ ᠬᠣᠱᠢᠭᠤ ᠪᠣᠯ ᠪᠦᠬᠦ᠌ ᠤᠯᠤᠰ ᠲᠦ᠍ ᠠᠯᠳᠠᠷᠱᠢᠭ᠍ᠰᠠᠨ 《ᠳᠤᠮᠳᠠᠳᠤ ᠤᠯᠤᠰ ᠤ᠋ᠨ ᠬᠤᠭᠤᠷ ᠤ᠋ᠨ ᠦᠯᠢᠭᠡᠷ ᠤ᠋ᠨ ᠨᠤᠲᠤᠭ》 ᠪᠣᠯᠤᠨ᠎ᠠ᠃ ᠬᠤᠭᠤᠷ ᠤ᠋ᠨ ᠦᠯᠢᠭᠡᠷ ᠨᠢ ᠰᠦᠩ ᠤᠯᠤᠰ ᠶᠤᠸᠠᠨ ᠤᠯᠤᠰ ᠤ᠋ᠨ ᠦᠶ᠎ᠡ ᠳ᠋ᠦ ᠡᠭᠦᠰᠴᠦ᠍᠂ ᠴᠢᠩ ᠤᠯᠤᠰ ᠤ᠋ᠨ ᠰᠡᠭᠦᠯᠴᠢ ᠢᠷᠭᠡᠨ ᠤᠯᠤᠰ ᠤ᠋ᠨ ᠡᠬᠢ ᠪᠡᠷ ᠬᠥᠭ᠌ᠵᠢᠭ᠌ᠰᠡᠨ ᠶᠤᠮ᠃ ᠵᠠᠷᠤᠳ ᠬᠣᠱᠢᠭᠤᠨ ᠳ᠋ᠤ ᠳᠠᠭᠤᠤᠷᠢᠯᠢᠭ ᠤ᠋ᠨ ᠶᠡᠬᠡ ᠳᠠᠷᠬᠠᠨ ᠫᠠᠵᠠᠢ᠂ ᠮᠤᠤᠡᠦ᠋ᠬᠢᠨ ᠵᠡᠷᠭᠡ ᠳᠤᠮᠳᠠᠳᠤ ᠭᠠᠳᠠᠭᠠᠳᠤ ᠳ᠋ᠦ ᠨᠡᠷ᠎ᠡ ᠠᠯᠳᠠᠷᠱᠢᠭ᠍ᠰᠠᠨ ᠤᠷᠠᠯᠢᠭᠴᠢᠳ ᠲᠠᠢ᠃ 2006 ᠣᠨ ᠳ᠋ᠦ ᠵᠠᠷᠤᠳ ᠬᠣᠱᠢᠭᠤᠨ ᠤ᠋ ᠬᠤᠭᠤᠷ ᠤ᠋ᠨ ᠦᠯᠢᠭᠡᠷ ᠤᠯᠤᠰ ᠤ᠋ᠨ ᠲᠡᠰ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠵᠢᠡᠷ ᠪᠦᠷᠢᠳᠬᠡᠭᠳᠡᠪᠡ᠃
ᠬᠤᠭᠤᠷ ᠤ᠋ᠨ ᠦᠯᠢᠭᠡᠷ ᠲᠡᠶ ᠬᠠᠷᠢᠴᠠᠭᠤᠯᠪᠠᠯ᠂ ᠵᠠᠷᠤᠳ ᠪᠠᠷ ᠵᠢᠷᠤᠭ ᠨᠢ ᠤᠷᠤᠢᠬᠠᠨ ᠡᠬᠦᠰᠴᠦ ᠬᠦᠭᠵᠢᠭᠰᠡᠨ ᠪᠣᠯᠪᠠᠴᠤ᠌ ᠡᠬᠡᠬᠡ ᠠᠳᠠᠯᠢ ᠨᠡᠷ᠎ᠠ ᠨᠦᠯᠦᠬᠡ ᠶᠡᠬᠡᠳᠡᠢ ᠪᠤᠯᠵᠠᠢ᠃ ᠵᠠᠷᠤᠳ ᠪᠠᠷ ᠵᠢᠷᠤᠭ 20 ᠳ᠋ᠤᠭᠠᠷ ᠵᠠᠭᠤᠨ ᠤ᠋ ᠲᠠᠪᠢᠭᠠᠳ ᠣᠨ ᠤ᠋ ᠡᠬᠢ ᠪᠡᠷ ᠡᠭᠦᠰᠴᠦ᠍᠂ ᠣᠳᠣᠬᠠᠨ ᠪᠣᠯᠲᠠᠯ᠎ᠠ 300 ᠭᠠᠷᠤᠶ ᠪᠠᠷ ᠵᠢᠷᠤᠭ ᠤ᠋ᠨ ᠴᠢᠳᠠᠪᠤᠷᠢᠲᠠᠨ ᠴᠤᠯᠭᠤᠷᠠᠵᠦ᠂ ᠦᠷᠭᠦᠯᠵᠢ ᠠᠮᠧᠷᠢᠺᠠ᠂ ᠣᠷᠣᠰ᠂ ᠶᠠᠫᠣᠨ ᠵᠡᠷᠭᠡ ᠤᠯᠤᠰ ᠲᠦ᠍ ᠳᠡᠯᠭᠡᠨ ᠦᠵᠡᠭᠦᠯᠬᠡ ᠬᠢᠵᠦ ᠪᠠᠢᠨ᠎ᠠ᠃
ᠬᠠᠭᠤᠴᠢᠨ ᠬᠣᠲᠠ ᠶ᠋ᠢᠨ ᠬᠡᠪ ᠰᠤᠷᠲᠠᠯ ᠪᠣᠯᠪᠠᠰᠤᠨ ᠤ᠋ ᠦᠷ᠎ᠠ ᠵᠢ ᠨᠢᠭ᠍ᠲᠠᠷᠠᠭᠤᠯᠤᠨᠠ
ᠰᠣᠶᠣᠯ ᠥᠩᠭᠡᠷᠡᠭ᠌ᠰᠡᠨ ᠢ᠋ ᠲᠡᠮᠳᠡᠭ᠌ᠯᠡᠵᠦ᠍᠂ ᠣᠳᠣ ᠵᠢ ᠲᠣᠭᠠᠴᠢᠵᠤ᠂ ᠢᠷᠡᠭᠡᠳᠦᠶ ᠵᠢ ᠬᠠᠷᠠᠭᠤᠯᠤᠨ᠎ᠠ᠃ ᠵᠠᠷᠤᠳ ᠬᠣᠱᠢᠭᠤᠨ ᠳ᠋ᠦ ᠡᠮᠦᠨ᠎ᠡ ᠪᠤᠯᠠᠭ᠍ᠲᠤ ᠲᠣᠰᠭᠣᠨ ᠤ᠋ ᠡᠷᠲᠡᠨ ᠤ᠋ ᠪᠠᠭᠤᠷᠢ᠂ ᠯᠢᠶᠣᠤ ᠤᠯᠤᠰ ᠤ᠋ᠨ ᠦᠶ᠎ᠡ ᠶ᠋ᠢᠨ ᠢᠦᠶ ᠵᠧᠸ᠋ ᠬᠣᠲᠠ ᠶ᠋ᠢᠨ ᠪᠠᠭᠤᠷᠢ᠂ ᠠᠮᠠᠰᠠᠷ ᠤ᠋ᠨ ᠪᠠᠭᠤᠷᠢ᠂ ᠳ᠋ᠠ ᠾᠧᠢ ᠱᠠᠨ ᠤ᠋ ᠬᠥᠮᠦᠨ ᠲᠦᠷᠰᠦᠳᠦ ᠬᠠᠲᠠᠨ ᠵᠢᠷᠤᠭ ᠤ᠋ᠨ ᠪᠠᠭᠤᠷᠢ᠂ ᠱᠦᠶ ᠴᠢᠤᠸᠠᠨ ᠭᠸᠤ ᠵᠢᠨ ᠯᠢᠶᠣᠤ ᠤᠯᠤᠰ ᠤ᠋ᠨ ᠣᠩᠭᠣᠨ ᠵᠡᠷᠭᠡ 33 ᠰᠣᠶᠣᠯ ᠤ᠋ᠨ ᠪᠠᠭᠤᠷᠢ ᠲᠠᠶ᠃
ᠡᠮᠦᠨ᠎ᠡ ᠪᠤᠯᠠᠭ᠍ᠲᠤ ᠲᠣᠰᠭᠣᠨ ᠤ᠋ ᠡᠷᠲᠡᠨ ᠤ᠋ ᠪᠠᠭᠤᠷᠢ ᠪᠣᠯ ᠤᠳᠤ ᠡᠴᠡ 5000 — 4500 ᠵᠢᠯ ᠤ᠋ᠨ ᠡᠮᠦᠨᠡᠬᠢ ᠱᠢᠨ᠎ᠡ ᠴᠢᠯᠠᠭᠤᠨ ᠵᠡᠪᠰᠡᠭ ᠤ᠋ᠨ ᠰᠡᠭᠦᠯᠴᠢ ᠶ᠋ᠢᠨ ᠦᠶ᠎ᠡ ᠶ᠋ᠢᠨ ᠪᠠᠭᠤᠷᠢ ᠪᠣᠯᠤᠨ᠎ᠠ᠂ ᠵᠠᠷᠤᠳ ᠬᠣᠱᠢᠭᠤᠨ ᠤ᠋ ᠡᠮᠦᠨ᠎ᠡ ᠪᠤᠯᠠᠭ᠍ᠲᠤ ᠲᠣᠰᠭᠣᠨ ᠡᠴᠡ ᠢᠯᠡᠷᠡᠭᠦᠯᠦᠭ᠌ᠰᠡᠨ ᠪᠤᠯᠬᠤᠷ ᠢᠩᠭᠢᠵᠦ᠍ ᠨᠡᠷᠡᠯᠡᠭ᠌ᠳᠡᠵᠠᠢ᠃ ᠲᠡᠷᠡ ᠦᠶ᠎ᠡ ᠶ᠋ᠢᠨ ᠬᠦᠮᠦᠰ ᠠᠩ ᠠᠩᠨᠠᠯ᠂ ᠲᠡᠭᠦᠵᠦ᠍ ᠴᠤᠭ᠍ᠯᠠᠭᠤᠯᠬᠤ ᠪᠠ ᠪᠠᠯᠠᠷ ᠡᠷᠲᠡᠨ ᠤ᠋ ᠲᠠᠷᠢᠶᠠᠯᠠᠩ ᠢ᠋ᠶ᠋ᠡᠷ ᠠᠮᠢᠳᠤᠷᠠᠯ ᠦᠢᠯᠡᠰ ᠪᠤᠯᠭᠠᠵᠦ᠂ ᠮᠥᠨ ᠨᠡᠯᠢᠶᠡᠳ ᠥᠨᠳᠥᠷ ᠲᠦᠪᠱᠢᠨ ᠪᠦᠬᠦᠢ ᠴᠢᠯᠠᠭᠤᠨ ᠵᠡᠪᠰᠡᠭ᠂ ᠸᠠᠭᠠᠷ ᠰᠠᠪᠠ᠂ ᠬᠠᠰ ᠡᠳ᠋ᠯᠡᠯ ᠬᠢᠬᠦ᠌ ᠮᠡᠷᠭᠡᠵᠢᠯ ᠢ᠋ ᠡᠵᠡᠮᠱᠢᠭ᠌ᠰᠡᠨ ᠪᠠᠢᠨ᠎ᠠ᠃ ᠡᠮᠦᠨ᠎ᠡ ᠪᠤᠯᠠᠭ᠍ᠲᠤ ᠶ᠋ᠢᠨ ᠮᠦᠽᠧᠶ ᠳ᠋ᠦ ᠬᠠᠳᠠᠭᠠᠯᠠᠵᠤ ᠪᠠᠢᠭ᠎ᠠ ᠴᠢᠯᠠᠭᠤᠨ ᠰᠦᠬᠡ᠂ ᠶᠠᠰᠤᠨ ᠵᠡᠭᠦᠦ᠂ ᠸᠠᠭᠠᠷ ᠰᠠᠪᠠ᠂ ᠸᠠᠭᠠᠷ ᠳᠡᠪᠦᠷ᠎ᠡ ᠵᠡᠷᠭᠡ ᠠᠮᠢᠳᠤᠷᠠᠯ ᠤ᠋ᠨ ᠬᠡᠷᠡᠭ᠌ᠰᠡᠯ᠂ ᠨᠠᠷᠢᠯᠢᠭ ᠰᠠᠢᠬᠠᠨ ᠬᠠᠰ ᠡᠳ᠋ᠯᠡᠯ ᠪᠠ ᠬᠢᠰᠤᠭ᠎ᠠ ᠶ᠋ᠢᠨ ᠵᠠᠰᠠᠯ ᠴᠢᠮᠡᠭ᠌ᠯᠡᠯ ᠨᠢ ᠬᠥᠮᠦᠰ ᠲᠦ᠍ ᠡᠨᠡ ᠨᠤᠲᠤᠭ ᠤ᠋ᠨ ᠤᠷᠢᠳᠤᠰ ᠤ᠋ᠨ ᠣᠶᠤᠨ ᠤᠬᠠᠭᠠᠨ ᠪᠠ ᠪᠦᠲᠦᠭᠡᠯᠴᠢ ᠴᠢᠳᠠᠪᠤᠷᠢ ᠵᠢ ᠦᠵᠡᠭᠦᠯᠵᠦ᠍ ᠪᠠᠢᠨ᠎ᠠ᠃
ᠵᠠᠷᠤᠳ ᠬᠣᠱᠢᠭᠤᠨ ᠤ᠋ ᠰᠣᠶᠣᠯ ᠪᠠ ᠵᠢᠭᠤᠯᠴᠢᠯᠠᠯ ᠤ᠋ᠨ ᠲᠤᠪᠴᠢᠶ᠎ᠠ ᠵᠢᠨ ᠳᠠᠷᠤᠭ᠎ᠠ ᠴᠧᠨ ᠵᠢᠩ ᠮᠢᠩ ᠤ᠋ᠨ ᠬᠡᠯᠡᠬᠦ ᠪᠡᠷ᠂ ᠡᠮᠦᠨ᠎ᠡ ᠪᠤᠯᠠᠭ᠍ᠲᠤ ᠶ᠋ᠢᠨ ᠪᠠᠯᠠᠷ ᠡᠷᠲᠡᠨ ᠤ᠋ ᠰᠣᠶᠣᠯ ᠤ᠋ᠨ ᠪᠠᠭᠤᠷᠢ ᠪᠣᠯ ᠪᠠᠷᠠᠭᠤᠨ ᠯᠢᠶᠣᠤᠾᠧ ᠭᠣᠣᠯ ᠤ᠋ᠨ ᠪᠣᠯᠪᠠᠰᠤᠨ ᠤ᠋ ᠡᠬᠢ ᠰᠤᠷᠪᠤᠯᠵᠢ ᠶ᠋ᠢᠨ ᠨᠢᠭᠡ ᠪᠤᠯᠤᠨ᠎ᠠ᠃ ᠡᠨᠡ ᠨᠢ ᠯᠢᠶᠣᠤᠾᠧ ᠭᠣᠣᠯ ᠤ᠋ᠨ ᠰᠠᠪᠠ ᠭᠠᠵᠠᠷ ᠴᠦ᠍ ᠳᠤᠮᠳᠠᠳᠤ ᠶ᠋ᠢᠨ ᠦᠨᠳᠦᠰᠦᠲᠡᠨ ᠤ᠋ ᠡᠭᠦᠰᠦᠯ ᠤ᠋ᠨ ᠭᠠᠵᠠᠷ ᠮᠥᠨ ᠭᠡᠰᠡᠨ ᠨᠤᠲᠠᠯᠠᠯᠲᠠ ᠵᠢ ᠬᠡᠷᠡᠴᠢᠯᠡᠵᠡᠢ᠃ 2006 ᠣᠨ ᠡᠴᠡ 2008 ᠣᠨ ᠪᠣᠯᠲᠠᠯ᠎ᠠ ᠡᠮᠦᠨ᠎ᠡ ᠪᠤᠯᠠᠭ᠍ᠲᠤ ᠶ᠋ᠢᠨ ᠰᠤᠶᠤᠯ ᠤᠨ ᠪᠠᠭᠤᠷᠢ 《ᠳᠤᠮᠳᠠᠳᠤ ᠤᠯᠤᠰ ᠤ᠋ᠨ ᠠᠷᠪᠠᠨ ᠶᠡᠬᠡ ᠬᠠᠭᠤᠴᠢ ᠰᠤᠳᠤᠯᠤᠯ ᠤ᠋ᠨ ᠱᠢᠨ᠎ᠡ ᠢᠯᠡᠷᠡᠭᠦᠯᠦᠯᠲᠡ》 ᠪᠡᠷ ᠨᠡᠷ᠎ᠡ ᠳᠤᠷᠠᠳᠤᠭ᠍ᠳᠠᠵᠦ᠂ 2008 ᠣᠨ ᠳ᠋ᠦ 《2007 — 2008 ᠣᠨ ᠤ᠋ ᠳᠤᠮᠳᠠᠳᠤ ᠤᠯᠤᠰ ᠤ᠋ᠨ ᠬᠡᠭᠡᠷ᠎ᠡ ᠶ᠋ᠢᠨ ᠬᠠᠭᠤᠴᠢ ᠰᠤᠳᠤᠯᠤᠯ ᠤ᠋ᠨ ᠶᠠᠷᠢᠶᠠᠨ ᠤ᠋ ᠲᠠᠪᠴᠠᠩ》 ᠤ᠋ᠨ ᠵᠢᠷᠭᠤᠭᠠᠨ ᠶᠡᠬᠡ ᠬᠠᠭᠤᠴᠢ ᠰᠤᠳᠤᠯᠤᠯ ᠤ᠋ᠨ ᠱᠢᠨ᠎ᠡ ᠢᠯᠡᠷᠡᠭᠦᠯᠦᠯᠲᠡ ᠳ᠋ᠦ ᠨᠡᠷ᠎ᠡ ᠳᠤᠷᠠᠳᠤᠭ᠍ᠳᠠᠭᠰᠠᠨ ᠠᠵᠢ᠃
ᠳᠤᠮᠳᠠᠳᠤ ᠤᠯᠤᠰ ᠤ᠋ᠨ ᠠᠯᠳᠠᠷᠲᠤ ᠬᠠᠭᠤᠴᠢ ᠰᠤᠳᠤᠯᠤᠭ᠍ᠴᠢ ᠶᠠᠨ ᠸᠸᠨ ᠮᠢᠩ ᠤ᠋ᠨ ᠬᠡᠯᠡᠬᠦ ᠪᠡᠷ᠂ ᠡᠮᠦᠨ᠎ᠡ ᠪᠤᠯᠠᠭ᠍ᠲᠤ ᠲᠣᠰᠭᠣᠨ ᠤ᠋ ᠡᠷᠲᠡᠨ ᠤ᠋ ᠪᠠᠭᠤᠷᠢ ᠡᠴᠡ ᠢᠯᠡᠷᠡᠭᠦᠯᠦᠭ᠌ᠰᠡᠨ ᠣᠯᠠᠨ ᠡᠱᠢᠲᠦ ᠰᠣᠶᠣᠯ ᠤ᠋ᠨ ᠦᠵᠡᠭ᠌ᠳᠡᠯ ᠨᠢ ᠵᠠᠷᠤᠳ ᠬᠣᠱᠢᠭᠤᠨ ᠤ᠋ ᠣᠨᠴᠠᠭᠠᠶ ᠭᠠᠵᠠᠷ ᠵᠦᠶ ᠶ᠋ᠢᠨ ᠨᠥᠬᠥᠴᠡᠯ ᠪᠠ ᠪᠠᠢᠭᠠᠯᠢ ᠶ᠋ᠢᠨ ᠣᠷᠴᠢᠨ ᠲᠣᠭᠣᠷᠢᠨ ᠲᠠᠶ ᠬᠣᠯᠪᠣᠭ᠎ᠠ ᠲᠠᠶ ᠪᠠᠢᠵᠤ ᠮᠡᠳᠡᠨ᠎ᠡ᠂ ᠡᠨᠡ ᠭᠠᠵᠠᠷ ᠨᠢ ᠪᠠᠯᠠᠷ ᠡᠷᠲᠡᠨ ᠤ᠋ ᠦᠶ᠎ᠡ ᠳ᠋ᠦ ᠳᠠᠷᠤᠶ ᠵᠠᠮ ᠬᠠᠷᠢᠯᠴᠠᠭᠠᠨ ᠤ᠋ ᠴᠢᠬᠤᠯᠠ ᠬᠦᠢᠰᠦ ᠪᠠᠢᠭᠰᠠᠨ ᠮᠠᠭᠠᠳ ᠦᠭᠡᠢ᠃ ᠡᠮᠦᠨ᠎ᠡ ᠪᠤᠯᠠᠭ᠍ᠲᠤ ᠵᠢᠨ ᠪᠠᠭᠤᠷᠢ ᠶ᠋ᠢᠨ ᠣᠨ ᠵᠢᠯ ᠨᠢ ᠲᠣᠳᠣᠷᠬᠠᠢ᠂ ᠦᠷᠬᠦᠯᠵᠢᠯᠡᠭᠰᠡᠨ ᠴᠠᠭ ᠨᠢ ᠤᠷᠳᠤ᠂ ᠬᠡᠳᠦᠨ ᠵᠦᠢᠯ ᠤ᠋ᠨ ᠰᠣᠶᠣᠯ ᠤ᠋ᠨ ᠠᠭᠤᠰᠤᠯᠴᠠᠯ ᠲᠠᠢ ᠶᠤᠮ ᠃
ᠲᠡᠦᠬᠡ ᠪᠣᠯ ᠡᠬᠢ᠂ ᠰᠣᠶᠣᠯ ᠪᠣᠯ ᠰᠦᠨᠡᠰᠦ᠃ ᠰᠣᠶᠣᠯ ᠤ᠋ᠨ ᠥᠪ ᠢ᠋ ᠠᠮᠢᠯᠠᠭᠤᠯᠵᠤ ᠤᠮᠠᠷᠠᠲᠤ ᠬᠢᠯᠢ ᠶ᠋ᠢᠨ ᠰᠣᠶᠣᠯ ᠤ᠋ᠨ ᠪᠠᠢᠭᠤᠯᠤᠯᠲᠠ ᠵᠢ ᠳᠡᠭᠡᠭ᠌ᠰᠢᠯᠡᠭᠦᠯᠬᠦ᠌ ᠶ᠋ᠢᠨ ᠲᠥᠯᠥᠭᠡ᠂ ᠵᠠᠷᠤᠳ ᠬᠣᠱᠢᠭᠤ ᠲᠤᠬᠠᠢ ᠶ᠋ᠢᠨ ᠭᠠᠵᠠᠷ ᠤ᠋ᠨ ᠵᠢᠡᠨ ᠰᠣᠶᠣᠯ ᠤ᠋ᠨ ᠡᠬᠢ ᠪᠠᠶᠠᠯᠢᠭ ᠢ᠋ ᠭᠦᠢᠴᠡᠳ ᠠᠭᠤᠳᠠᠯᠤᠨ ᠠᠱᠢᠭ᠍ᠯᠠᠵᠤ᠂ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠳ᠋ᠠᠢᠲ᠋ᠠ ᠬᠥᠮᠥᠷᠭᠡ ᠵᠢ ᠪᠠᠢᠭᠤᠯᠤᠨ᠂ ᠡᠮᠦᠨ᠎ᠠ ᠪᠤᠯᠠᠭᠳᠦ ᠮᠦᠽᠧᠢ ᠶ᠋ᠢᠨ ᠰᠦᠯᠵᠢᠶᠡᠨ ᠳᠡᠭᠡᠷᠡᠬᠢ ᠲᠠᠪᠴᠠᠩ ᠢ᠋ ᠲᠡᠭᠦᠯᠳᠡᠷᠵᠢᠭᠦᠯᠵᠦ᠍᠂ ᠳᠤᠮᠳᠠᠳᠤ ᠶ᠋ᠢᠨ ᠱᠢᠯᠢᠳᠡᠭ ᠤᠯᠠᠮᠵᠢᠯᠠᠯᠲᠤ ᠰᠣᠶᠣᠯ ᠢ᠋ ᠤᠯᠠᠮᠵᠢᠯᠠᠨ ᠪᠠᠳᠠᠷᠠᠭᠤᠯᠬᠤ ᠪᠠᠷ ᠬᠠᠷᠠᠯᠲᠠ ᠪᠣᠯᠭᠠᠵᠤ᠂ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠦᠳᠡᠱᠢᠯᠡᠭᠡ᠂ ᠬᠤᠭᠤᠷ ᠤ᠋ᠨ ᠦᠯᠢᠭᠡᠷ ᠤ᠋ᠨ ᠤᠷᠤᠯᠳᠤᠭᠠᠨ᠂ ᠠᠷᠠᠳ ᠤ᠋ᠨ ᠵᠠᠩ ᠦᠢᠯᠡ ᠶ᠋ᠢᠨ ᠬᠠᠮᠲᠤᠷᠠᠭ᠍ᠰᠠᠨ ᠲᠣᠭ᠍ᠯᠠᠯᠲᠠ ᠵᠡᠷᠭᠡ ᠠᠷᠭ᠎ᠠ ᠬᠡᠯᠪᠡᠷᠢᠪᠡᠷ ᠲᠠᠮᠵᠢᠨ ᠤᠮᠠᠷᠠᠲᠤ ᠬᠢᠯᠢ ᠶ᠋ᠢᠨ ᠰᠣᠶᠣᠯ ᠤ᠋ᠨ ᠤᠨᠴᠠᠯᠢᠬ᠍ᠳᠤ ᠲᠦᠷᠦᠯ ᠲᠡᠮᠳᠡᠭ ᠢ᠋ ᠪᠦᠬᠦ᠌ ᠲᠠᠯ᠎ᠠ ᠪᠠᠷ ᠴᠤᠭᠴᠠᠯᠠᠵᠦ᠂ ᠠᠷᠠᠳ ᠤᠯᠠᠨ ᠳ᠋ᠦ ᠤᠮᠠᠷᠠᠲᠤ ᠬᠢᠯᠢ ᠶ᠋ᠢᠨ ᠰᠣᠶᠣᠯ ᠤ᠋ᠨ ᠪᠠᠢᠭᠤᠯᠤᠯᠲᠠ ᠶ᠋ᠢᠨ ᠦᠷ᠎ᠡ ᠪᠦᠲᠦᠭᠡᠯ ᠢ᠋ ᠡᠳ᠋ᠯᠡᠬᠦᠯᠵᠤ ᠪᠠᠢᠨ᠎ᠠ᠃