ᠥᠨᠢ ᠤᠳᠠᠭᠠᠨ ᠲᠡᠦᠬᠡ ᠲᠡᠶ ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤ ᠪᠣᠯ ᠳ᠋ᠦᠩᠬᠣ᠂ ᠱᠢᠶᠡᠨᠪᠢ᠂ ᠬᠢᠳᠠᠨ᠂ ᠵᠦᠷᠴᠢᠨ᠂ ᠮᠣᠩᠭᠣᠯ ᠵᠡᠷᠭᠡ ᠤᠮᠠᠷᠠᠲᠤ ᠵᠢᠨ ᠦᠨᠳᠦᠰᠦᠲᠡᠨ ᠨᠣᠬᠦᠳ ᠤ᠋ᠨ ᠣᠷᠣᠱᠢᠨ ᠠᠮᠢᠳᠤᠷᠠᠵᠤ ᠠᠬᠰᠠᠨ ᠭᠠᠵᠠᠷ ᠪᠠᠢᠵᠤ᠂ ᠣᠯᠠᠨ ᠡᠱᠢᠲᠦ ᠨᠢᠭᠡ ᠴᠣᠭ᠍ᠴᠠᠵᠢᠬᠰᠠᠨ ᠦᠪ ᠰᠣᠶᠣᠯ ᠤ᠋ᠨ ᠬᠦᠨ ᠵᠣᠵᠠᠭᠠᠨ ᠢᠮ ᠲᠠᠮᠠᠭ᠎ᠠ ᠲᠠᠶ ᠪᠢᠯᠡ᠃
ᠪᠣᠭᠣᠷᠣᠯ ᠲᠡᠦᠬᠡ ᠵᠢᠨ ᠣᠷᠲᠣ ᠠᠶᠠᠨ ᠳ᠋ᠦ ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤ ᠶᠠᠭ ᠨᠢᠭᠡᠨ ᠰᠦᠷ ᠵᠢᠪᠬᠤᠯᠠᠩᠲᠤ ᠪᠠᠭᠠᠲᠣᠷᠯᠢᠬ ᠲᠤᠤᠯᠢᠰ ᠰᠢᠬ ᠵᠢᠨᠷ ᠡᠷᠳᠡᠨ ᠡᠲᠦᠭᠡ ᠵᠢᠨ ᠣᠯᠠᠷᠢᠯ ᠬᠤᠪᠢᠷᠠᠯᠲᠠ ᠵᠢ ᠲᠡᠮᠳᠡᠭ᠌ᠯᠡᠨ ᠣᠶᠠᠩᠭᠠᠷᠠᠬᠰᠠᠭᠠᠷ᠃
ᠦᠨᠢ ᠡᠷᠳᠡᠨ ᠤ᠋ ᠣᠯᠪᠠᠭ᠎ᠠ ᠣᠷᠣᠰᠬᠠᠯ ᠲᠠᠲᠠᠷᠠᠰᠢ ᠦᠭᠡᠢ ᠬᠢᠯᠪᠠᠭ᠎ᠠ
ᠶᠡᠬᠡ ᠬᠢᠩᠭᠠᠨ ᠳᠠᠪᠠᠭ᠎ᠠ ᠵᠢᠨ ᠡᠮᠦᠨ᠎ᠡ ᠬᠣᠷᠮᠣᠶ ᠪᠠ ᠬᠣᠷᠴᠢᠨ ᠤ᠋ ᠲᠠᠯ᠎ᠠ ᠨᠤᠲᠤᠭ ᠤ᠋ᠨ ᠥᠷᠥᠴᠡᠨ ᠳ᠋ᠤ ᠪᠠᠢᠷᠢᠯᠠᠬᠰᠠᠨ ᠬᠢᠩᠭᠠᠨ ᠠᠢᠮᠠᠬ ᠤ᠋ᠨ ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤ ᠪᠣᠯ ᠡᠷᠲᠡᠨ ᠡᠴᠡ ᠠᠪᠤᠭᠠᠳ ᠣᠯᠠᠨ ᠡᠱᠢᠲᠦ ᠰᠣᠶᠣᠯ ᠤ᠋ᠨ ᠠᠭᠤᠰᠤᠯᠴᠠᠯ᠂ ᠦᠨᠳᠦᠰᠦᠲᠡᠨ ᠤ᠋ ᠬᠠᠷᠢᠯᠴᠠᠭ᠎ᠠ ᠰᠣᠯᠢᠯᠴᠠᠯ ᠤ᠋ᠨ ᠠᠭᠣᠯᠵᠠᠷ ᠪᠣᠭᠣᠮᠲᠠ ᠪᠣᠯᠬᠣ ᠶᠣᠮ᠃ ᠲᠡᠦᠬᠡᠨ ᠲᠡᠭᠡᠷ᠎ᠡ ᠳ᠋ᠦᠩᠬᠣ᠂ ᠱᠢᠶᠠᠨᠪᠢ᠂ ᠬᠢᠳᠠᠨ᠂ ᠵᠦᠷᠴᠢᠨ᠂ ᠮᠣᠩᠭᠣᠯ ᠵᠡᠷᠭᠡ ᠤᠮᠠᠷᠠᠲᠤ ᠵᠢᠨ ᠦᠨᠳᠦᠰᠦᠲᠡᠨ ᠨᠣᠬᠦᠳ ᠡᠨᠳᠡ ᠠᠵᠦ ᠲᠦᠷᠦᠨ ᠠᠮᠢᠲᠣᠷᠠᠵᠦ᠂ ᠭᠡᠷᠡᠯ ᠰᠠᠴᠤᠷᠠᠩᠭᠤᠶ ᠰᠣᠶᠣᠯ ᠤ᠋ᠨ ᠮᠦᠷ ᠣᠯᠪᠠᠭ᠎ᠠ ᠵᠢ ᠦᠯᠡᠲᠡᠭᠡᠭᠰᠡᠨ ᠪᠢᠯᠡ᠃
ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤᠨ ᠤ᠋ ᠲᠣᠮᠲᠠ ᠪᠠ ᠡᠮᠦᠨᠡᠲᠦ ᠬᠡᠰᠡᠭ ᠡᠴᠡ ᠢᠯᠡᠷᠡᠭᠦᠯᠦᠭ᠌ᠰᠡᠨ ᠱᠢᠨ᠎ᠡ ᠴᠢᠯᠠᠭᠤᠨ ᠵᠡᠪᠰᠡᠭ ᠤ᠋ᠨ ᠦᠶ᠎ᠡ ᠵᠢᠨ 16 ᠪᠠᠭᠤᠷᠢ ᠨᠢ ᠠᠯᠢ ᠡᠷᠲᠡ ᠳᠣᠯᠣᠭ᠎ᠠ ᠨᠠᠶ᠋ᠮᠠᠨ ᠮᠢᠩᠭᠠᠨ ᠵᠢᠯ ᠤ᠋ᠨ ᠡᠮᠦᠨ᠎ᠡ ᠡᠨᠡ ᠨᠣᠲᠣᠬ ᠲᠦ᠍ ᠬᠥᠮᠦᠨ ᠲᠥᠷᠥᠯᠬᠢᠲᠡᠨ ᠣᠷᠣᠰᠢᠨ ᠠᠮᠢᠲᠣᠷᠠᠵᠦ ᠪᠠᠢᠬᠰᠠᠨ ᠢ᠋ ᠭᠡᠷᠡᠴᠢᠯᠡᠭᠰᠡᠨ ᠪᠠᠢᠨ᠎ᠠ᠃
ᠪᠦᠬᠦ᠌ ᠤᠯᠤᠰ ᠤ᠋ᠨ ᠬᠣᠶᠠᠷ ᠭᠣᠣᠯᠳᠠᠯᠭ᠎ᠠ ᠲᠠᠶ ᠲᠡᠦᠬᠡ ᠵᠢᠨ ᠳᠤᠷᠠᠰᠭᠠᠯᠲᠤ ᠵᠦᠢᠯᠡᠰ ᠤ᠋ᠨ ᠬᠠᠮᠠᠭᠠᠯᠠᠯᠲᠠ ᠵᠢᠨ ᠨᠢᠭᠡᠴᠢ ᠪᠣᠯᠬᠣ ᠠᠯᠲᠠᠨ ᠣᠯᠣᠰ ᠤ᠋ᠨ ᠪᠣᠷᠣ ᠬᠡᠷᠡᠮ ᠪᠣᠯᠤᠨ ᠲᠦᠯᠡᠭᠡᠮᠣᠲᠦ ᠵᠢᠨ ᠡᠷᠲᠡᠨ ᠤ᠋ ᠬᠤᠲᠠ ᠵᠢᠨ ᠪᠠᠭᠤᠷᠢ ᠪᠤᠯ ᠯᠢᠶᠣᠤ ᠣᠯᠣᠰ ᠠᠯᠲᠠᠨ ᠣᠯᠣᠰ ᠤ᠋ᠨ ᠦᠶ᠎ᠡ ᠵᠢᠨ ᠦᠨᠳᠦᠰᠦᠲᠡᠨ ᠨᠤᠭᠦᠳ ᠤ᠋ᠨ ᠬᠠᠷᠢᠯᠴᠠᠭ᠎ᠠ ᠶᠠᠪᠤᠯᠴᠠᠭ᠎ᠠ ᠵᠢᠨ ᠪᠠᠲᠣ ᠭᠡᠷᠡᠴᠢ ᠪᠣᠯᠬᠣ ᠶᠣᠮ᠃
ᠳᠥᠷᠪᠡᠨ ᠠᠢᠮᠠᠭ ᠠᠷᠪᠠᠨ ᠬᠣᠱᠢᠭᠤ ᠵᠢᠨ ᠴᠢᠭᠤᠯᠭᠠᠨ ᠪᠣᠯᠵᠦ ᠪᠠᠢᠬᠰᠠᠨ ᠵᠢᠷᠢᠮ ᠤ᠋ᠨ ᠴᠢᠭᠤᠯᠭᠠᠨ ᠤ᠋ ᠬᠠᠭᠤᠴᠢᠨ ᠪᠠᠭᠤᠷᠢ ᠨᠢ ᠡᠨᠡ ᠬᠦ᠌ ᠲᠠᠯ᠎ᠠ ᠨᠤᠲᠤᠭ ᠤ᠋ᠨ ᠴᠢᠬᠤᠯᠠ ᠪᠠᠯᠭᠠᠰᠤ ᠵᠢᠨ ᠴᠡᠴᠡᠭᠯᠡᠨ ᠬᠦᠭᠵᠢᠭᠰᠡᠨ ᠲᠡᠦᠬᠡ ᠵᠢ ᠬᠦᠦᠷᠨᠢᠭᠰᠡᠭᠡᠷ᠃
ᠲᠠᠯ᠎ᠠ ᠨᠤᠲᠤᠭ ᠤ᠋ᠨ 《ᠪᠣᠷᠣ ᠬᠣᠲᠠ》 ᠬᠡᠮᠡᠭᠲᠡᠭᠰᠡᠨ ᠲᠦᠱᠢᠶᠡᠲᠦ ᠴᠢᠨ ᠸᠠᠩ ᠤ᠋ᠨ ᠣᠷᠳᠣᠨ ᠨᠢ ᠬᠣᠷᠴᠢᠨ ᠤ᠋ ᠲᠠᠯ᠎ᠠ ᠨᠣᠲᠣᠬ ᠤ᠋ᠨ ᠵᠠᠭᠤᠨ ᠵᠢᠯ ᠤ᠋ᠨ ᠮᠠᠨᠳᠤᠯ ᠪᠠᠭᠤᠷᠠᠯ ᠢ᠋ ᠦᠬᠦᠯᠡᠬᠦ ᠶᠣᠮ᠃
ᠣᠲᠣᠬᠠᠨ ᠪᠤᠯᠳᠠᠯ᠎ᠠ ᠬᠣᠷᠴᠢᠨ ᠪᠠᠷᠠᠭᠣᠨ ᠭᠠᠷᠣᠨ ᠲᠣᠮᠲᠠᠲᠣ ᠬᠣᠰᠢᠭᠣ ᠡᠴᠡ ᠢᠯᠡᠷᠡᠬᠦᠯᠦᠭᠰᠡᠨ ᠡᠯ᠎ᠡ ᠲᠥᠷᠥᠯ ᠤ᠋ᠨ ᠲᠡᠦᠬᠡ ᠵᠢᠨ ᠳᠤᠷᠠᠰᠭᠠᠯᠲᠤ ᠵᠦᠢᠯᠡᠰ 187 ᠪᠠᠢᠵᠦ᠂ ᠭᠡᠷ ᠪᠠᠢᠰᠢᠩ᠂ ᠬᠣᠲᠠ ᠰᠠᠭᠣᠷᠢᠨ᠂ ᠣᠩᠭᠣᠨ ᠪᠤᠯᠠᠰᠢ᠂ ᠰᠦᠮ᠎ᠡ ᠬᠡᠢᠳ ᠵᠡᠷᠭᠡ ᠦᠯᠡᠲᠡᠭᠲᠡᠯ ᠪᠠᠭᠣᠷᠢ ᠨᠢ ᠤᠨ ᠴᠠᠭ ᠤ᠋ᠨ ᠬᠦᠷᠲᠦ᠂ ᠤᠯᠠᠷᠢᠯ ᠬᠣᠪᠢᠰᠣᠯ ᠤ᠋ᠨ ᠠᠶᠠᠨ ᠳ᠋ᠡᠬᠢ ᠬᠣᠷᠴᠢᠨ ᠤ᠋ ᠲᠠᠯ᠎ᠠ ᠨᠣᠲᠣᠬ ᠤ᠋ᠨ ᠲᠠᠯᠠᠢ ᠪᠠᠶᠠᠨ᠂ ᠦᠨᠢ ᠡᠷᠳᠡᠨ ᠤ᠋ ᠮᠦᠷᠲᠡᠭᠡᠨ ᠦᠪ ᠵᠣᠵᠠᠭᠠᠨ ᠲᠡᠦᠬᠡ ᠰᠣᠶᠣᠯ ᠢ᠋ ᠬᠣᠷᠴᠢᠨ ᠪᠠᠷᠠᠭᠤᠨ ᠭᠠᠷᠤᠨ ᠳᠤᠮᠳᠠᠲᠦ ᠬᠣᠱᠢᠭᠤᠨ ᠤ᠋ ᠣᠢ ᠴᠡᠭᠡᠵᠢᠯᠡᠬᠦᠢ ᠳ᠋ᠦ ᠰᠡᠢᠯᠵᠦ ᠰᠢᠩᠭᠡᠭᠡᠭᠰᠡᠨ ᠪᠢᠯᠡ᠃
ᠣᠯᠠᠨ ᠡᠱᠢᠲᠦ ᠰᠣᠶᠣᠯ ᠠᠭᠣᠰᠣᠯᠴᠠᠵᠦ ᠣᠶᠠᠯᠲᠣᠯ ᠨᠢᠭᠡᠲᠦᠯ ᠤ᠋ᠨ ᠭᠠᠢᠬᠠᠮᠰᠢᠬ ᠢ᠋ ᠪᠢᠴᠢᠭᠯᠡᠨ᠎ᠡ
ᠣᠯᠠᠩᠬᠢ ᠵᠢᠭᠤᠯᠴᠢᠯᠠᠭᠰᠠᠳ ᠲᠦ᠍ ᠠᠪᠴᠤ᠌ ᠬᠡᠯᠡᠪᠡᠯ᠂ ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤᠨ ᠤ᠋ ᠮᠦᠽᠧᠶ ᠳ᠋ᠤ ᠬᠦᠷᠴᠦ ᠬᠣᠷᠸ᠎ᠠ ᠳ᠋ᠦ ᠬᠣᠣᠰ ᠦᠭᠡᠢ ᠬᠣᠪᠣᠷ ᠡᠷᠳᠡᠨᠢ ᠬᠡᠮᠡᠭᠲᠡᠭᠰᠡᠨ ᠤᠯᠤᠰ ᠤ᠋ᠨ ᠨᠢᠭᠡᠳᠦᠭᠡᠷ ᠳᠡᠰ ᠤ᠋ᠨ ᠲᠡᠦᠬᠡ ᠵᠢᠨ ᠳᠤᠷᠠᠰᠭᠠᠯᠲᠤ ᠵᠦᠶ᠋ᠯᠡᠰ ᠪᠣᠯᠬᠤ《ᠶᠡᠬᠡ ᠶᠤᠸᠠᠨ ᠤᠯᠤᠰ ᠤ᠋ᠨ ᠵᠢᠷᠭᠣᠭᠠᠨ ᠵᠦᠢᠯ ᠤ᠋ᠨ ᠦᠰᠦᠭᠲᠦ ᠰᠥᠨᠢ ᠵᠢᠨ ᠴᠠᠭ᠍ᠳᠠᠭᠤᠯ ᠤ᠋ᠨ ᠬᠦᠷᠡᠯ ᠫᠠᠢᠰᠠ》 ᠶ᠋ᠢ ᠵᠠᠪᠠᠯ ᠦᠵᠡᠬᠦ ᠬᠦᠰᠡᠯ ᠲᠠᠢ ᠶᠤᠮᠰᠠᠨ᠃ ᠮᠦᠽᠸᠢ ᠵᠢᠨ ᠳᠡᠳ᠋ ᠳᠠᠷᠤᠭ᠎ᠠ ᠪᠦᠦ ᠢᠦᠢ ᠷᠠᠨ ᠤ᠋ ᠲᠠᠨᠢᠯᠴᠠᠭᠣᠯᠣᠬᠰᠠᠨ ᠶ᠋ᠢᠡᠷ᠂ ᠡᠨᠡ ᠬᠦ᠌ ᠵᠠᠷᠯᠢᠬ ᠤ᠋ᠨ ᠫᠠᠢᠰᠠ ᠵᠢ 1985 ᠣᠨ ᠳ᠋ᠤ ᠪᠠᠷᠠᠭᠣᠨ ᠲᠦᠷᠦᠯᠵᠢ ᠰᠣᠮᠣ ᠡᠴᠡ ᠴᠤᠭ᠍ᠯᠠᠭᠤᠯᠵᠦ᠂ ᠪᠦᠬᠦ ᠲᠡᠯᠡᠬᠡᠢ ᠳ᠋ᠦ ᠣᠳᠣᠬᠠᠨ ᠪᠣᠯᠲᠠᠯ᠎ᠠ ᠣᠯᠲᠠᠬᠰᠠᠨ ᠶᠤᠸᠠᠨ ᠤᠯᠤᠰ ᠤ᠋ᠨ ᠦᠶ᠎ᠡ ᠵᠢᠨ 17 ᠫᠠᠢᠰᠠ ᠱᠣᠰᠢᠭ᠎ᠠ ᠲᠣᠲᠣᠷᠠᠬᠢ ᠴᠣᠷ ᠤ᠋ᠨ ᠭᠠᠬᠴᠠ ᠵᠢᠷᠭᠤᠭᠠᠨ ᠵᠦᠢᠯ ᠤ᠋ᠨ ᠦᠰᠦᠭ ᠰᠡᠢᠯᠦᠭ᠌ᠰᠡᠨ ᠫᠠᠢᠰᠠ ᠪᠣᠯᠬᠣ ᠠᠵᠢ᠃
ᠵᠢᠷᠭᠤᠭᠠᠨ ᠵᠦᠢᠯ ᠤ᠋ᠨ ᠦᠰᠦᠭᠲᠦ ᠰᠥᠨᠢ ᠵᠢᠨ ᠴᠠᠬᠲᠠᠭᠣᠯ ᠤ᠋ᠨ ᠫᠠᠢᠰᠠ ᠳᠡᠭᠡᠷᠡᠬᠢ ᠵᠢᠷᠭᠤᠭᠠᠨ ᠵᠦᠢᠯ ᠤ᠋ᠨ ᠦᠰᠦᠭ ᠨᠢ ᠬᠣᠷᠴᠢᠨ ᠨᠣᠲᠣᠬ ᠤ᠋ᠨ ᠦᠨᠳᠦᠰᠦᠲᠡᠨ ᠤ᠋ ᠠᠭᠤᠰᠤᠯᠴᠠᠯ ᠤ᠋ᠨ ᠠᠮᠢᠳᠤᠯᠢᠭ ᠲᠣᠰᠬᠠᠯ ᠪᠣᠯᠬᠣ ᠶᠣᠮ᠃ ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤᠨ ᠤ᠋ ᠮᠦᠽᠧᠶ ᠳ᠋ᠤ ᠬᠠᠳᠠᠭᠠᠯᠠᠭᠠᠰᠣᠲᠠᠢ ᠡᠯ᠎ᠡ ᠲᠥᠷᠥᠯ ᠤ᠋ᠨ ᠲᠡᠦᠬᠡ ᠵᠢᠨ ᠳᠤᠷᠠᠰᠭᠠᠯᠲᠤ ᠵᠦᠶ᠋ᠯᠡᠰ 5598 ᠪᠠᠢᠵᠤ᠂ ᠤᠨ ᠴᠠᠬ ᠢ᠋ ᠠᠴᠢᠶᠠᠯᠠᠵᠦ ᠥᠩᠭᠡ ᠢᠯᠭᠠᠷᠠᠬᠰᠠᠨ ᠡᠳᠡᠭᠡᠷ ᠲᠡᠦᠬᠡ ᠵᠢᠨ ᠳᠤᠷᠠᠰᠭᠠᠯᠲᠤ ᠵᠦᠶ᠋ᠯᠡᠰ ᠨᠢ ᠠᠳᠠᠯᠢ ᠪᠤᠰᠤ ᠴᠠᠭ ᠵᠠᠢ ᠵᠢ ᠠᠭᠣᠰᠬᠠᠨ ᠰᠢᠬᠢᠳᠭᠡᠭᠡᠵᠦ᠂ ᠦᠨᠳᠦᠰᠦᠲᠡᠨ ᠨᠤᠭᠦᠳ ᠤ᠋ᠨ ᠬᠠᠷᠢᠯᠴᠠᠭ᠎ᠠ ᠶᠠᠪᠤᠯᠴᠠᠭ᠎ᠠ ᠠᠭᠤᠰᠤᠯᠴᠠᠯ ᠤ᠋ᠨ ᠲᠡᠦᠬᠡ ᠵᠢᠨ ᠢᠮ ᠲᠠᠮᠠᠭ᠎ᠠ ᠵᠢ ᠬᠠᠲᠠᠭᠠᠯᠠᠵᠦ᠂ ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤᠨ ᠤ᠋ ᠥᠩᠭᠡ ᠪᠤᠳᠤᠭ ᠢ᠋ ᠤᠯᠠᠮ ᠦᠳᠭᠡᠨ ᠪᠠᠶᠠᠯᠢᠬ ᠪᠣᠯᠭᠠᠵᠠᠶ᠃
ᠳᠠᠢᠴᠢᠨᠲᠠᠯᠠ ᠵᠢᠨ ᠭᠤᠷᠪᠠᠳᠤᠭᠠᠷ ᠨᠣᠮᠧᠷᠲᠤ ᠯᠢᠶᠣᠤ ᠤᠯᠤᠰ ᠤ᠋ᠨ ᠣᠩᠭᠣᠨ ᠡᠴᠡ ᠮᠠᠯᠲᠠᠵᠤ ᠭᠠᠷᠭᠠᠭ᠍ᠰᠠᠨ ᠴᠠᠴᠤᠭ᠍ᠲᠤ ᠪᠦᠴᠡ ᠬᠡᠮᠡᠷᠯᠢᠭ ᠳᠡᠪᠡᠯ ᠪᠣᠯ ᠯᠢᠶᠣᠤ ᠤᠯᠤᠰ ᠤ᠋ᠨ ᠡᠬᠢᠨ ᠤ᠋ ᠦᠶ᠎ᠡ ᠵᠢᠨ ᠬᠤᠪᠴᠠᠰᠤ ᠵᠠᠰᠠᠯ ᠤ᠋ᠨ ᠨᠡᠢᠲᠡᠯᠢᠭ ᠲᠥᠯᠥᠭᠡᠯᠡᠭ᠌ᠴᠢ ᠪᠣᠯᠬᠤ ᠪᠥᠭᠡᠳ ᠲᠠᠩ ᠤᠯᠤᠰ ᠤ᠋ᠨ ᠰᠡᠭᠦᠯᠴᠢ ᠵᠢᠨ ᠦᠶ᠎ᠡ ᠵᠢᠨ ᠬᠤᠪᠴᠠᠰᠤ ᠵᠠᠰᠠᠯ ᠤ᠋ᠨ ᠣᠯᠠ ᠮᠦᠷ ᠢ᠋ ᠬᠠᠲᠠᠭᠠᠯᠠᠪᠠ᠃ 2009 ᠣᠨ ᠳ᠋ᠤ ᠴᠤᠭ᠍ᠯᠠᠭᠤᠯᠤᠭ᠍ᠰᠠᠨ ᠶᠤᠸᠠᠨ ᠤᠯᠤᠰ ᠤ᠋ᠨ ᠦᠶ᠎ᠡ ᠵᠢᠨ ᠴᠣᠭᠣᠯᠪᠣᠷᠢ ᠬᠠᠰ ᠰᠡᠢᠯᠦᠮᠡᠯ ᠤ᠋ᠨ ᠣᠷᠠᠯᠠᠯ ᠬᠢᠴᠡ ᠨᠢ ᠨᠠᠷᠢᠯᠢᠬ᠂ ᠪᠡᠶᠡᠲᠦ ᠮᠡᠳᠡᠷᠡᠮᠵᠢ ᠪᠡᠷ ᠪᠠᠶᠠᠯᠢᠬ ᠰᠠᠢᠬᠠᠨ ᠠᠵᠢ᠃《ᠬᠠᠰ ᠰᠡᠢᠯᠦᠮᠡᠯ》ᠪᠣᠯ ᠠᠯᠲᠠᠨ ᠤᠯᠤᠰ ᠶᠤᠸᠠᠨ ᠤᠯᠤᠰ ᠤ᠋ᠨ ᠦᠶ᠎ᠡ ᠳ᠋ᠤ ᠳᠡᠯᠭᠡᠷᠡᠵᠦ᠍ ᠪᠠᠢᠭ᠍ᠰᠠᠨ ᠬᠠᠰ ᠡᠳ᠋ᠯᠡᠯ ᠤ᠋ᠨ ᠰᠡᠳᠦᠪᠯᠡᠬᠦᠨ ᠪᠠᠢᠵᠦ᠂ ᠨᠡᠭᠦᠳᠡᠯᠴᠢᠨ ᠦᠨᠳᠦᠰᠦᠲᠡᠨ ᠤ᠋ ᠰᠣᠶᠣᠯ ᠢ᠋ ᠲᠤᠰᠬᠠᠪᠠ ᠁
ᠬᠣᠪᠣᠷ ᠨᠠᠨᠳᠢᠨ ᠲᠡᠦᠬᠡ ᠵᠢᠨ ᠳᠤᠷᠠᠰᠭᠠᠯᠲᠤ ᠵᠦᠶ᠋ᠯᠡᠰ ᠨᠢ ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤ ᠪᠣᠯ ᠣᠯᠠᠨ ᠡᠱᠢᠲᠦ ᠰᠣᠶᠣᠯ ᠪᠣᠯᠪᠠᠰᠤᠨ ᠤ᠋ ᠦᠩ ᠰᠢᠮᠡᠯᠢᠭ ᠬᠦᠷᠦᠰᠦ ᠪᠣᠯᠬᠣ ᠭᠦᠨ ᠵᠤᠵᠠᠭᠠᠨ ᠰᠣᠶᠣᠯ ᠤ᠋ᠨ ᠲᠣᠨᠳᠠᠰᠤ ᠵᠢ ᠢᠯᠡᠷᠡᠭᠦᠯᠵᠦ᠍᠂ ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤ ᠬᠢᠭᠡᠳ ᠳᠤᠮᠳᠠᠳᠤ ᠣᠷᠣᠨ ᠤ᠋ ᠨᠢᠭ᠍ᠲᠠ ᠬᠠᠷᠢᠯᠴᠠᠭ᠎ᠠ ᠵᠢ ᠲᠣᠰᠬᠠᠬᠰᠠᠨ ᠪᠠᠢᠨ᠎ᠠ᠃
ᠰᠣᠶᠣᠯ ᠣᠯᠠᠮᠵᠢᠯᠠᠯ ᠢ᠋ ᠵᠠᠯᠭᠠᠮᠵᠢᠯᠠᠵᠦ ᠰᠣᠲᠣᠨ ᠠᠯᠲᠠᠷ ᠶ᠋ᠢᠡᠨ ᠲᠠᠭᠣᠷᠢᠰᠣᠭᠣᠯᠣᠨᠠ
ᠴᠢᠩ ᠤᠯᠤᠰ ᠤ᠋ᠨ ᠦᠶ᠎ᠡ ᠡᠴᠡ ᠡᠭᠦᠰᠦᠯ ᠲᠡᠶ ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤᠨ ᠤ᠋ ᠮᠣᠩᠭᠣᠯ ᠬᠠᠳᠭᠤᠮᠠᠯ (ᠲᠦᠱᠢᠶᠡᠲᠦ ᠬᠠᠳᠭᠤᠮᠠᠯ) ᠨᠢ ᠠᠯᠢ ᠡᠷᠳᠡ ᠡᠴᠡ ᠠᠯᠲᠠᠷᠰᠢᠵᠦ᠂ ᠦᠨᠳᠦᠰᠦᠲᠡᠨ ᠤ᠋ ᠤᠯᠠᠮᠵᠢᠯᠠᠯᠲᠤ ᠬᠡ ᠤᠭᠠᠯᠵᠠ ᠵᠢᠨ ᠤᠷᠠᠯᠢᠭ᠂ ᠭᠠᠷ ᠤᠷᠠᠯᠠᠯ᠂ ᠬᠤᠪᠴᠠᠰᠤ ᠵᠠᠰᠠᠯ ᠤ᠋ᠨ ᠰᠣᠶᠣᠯ ᠵᠢᠴᠢ ᠬᠣᠷᠴᠢᠨ ᠠᠷᠠᠳ ᠤ᠋ᠨ ᠵᠠᠩ ᠵᠠᠩᠱᠢᠯ ᠢ᠋ ᠰᠤᠳᠤᠯᠬᠤ ᠳ᠋ᠤ ᠬᠣᠪᠣᠷ ᠨᠠᠨᠳᠢᠨ ᠪᠣᠳᠠᠲᠤ ᠮᠠᠲ᠋ᠧᠷᠢᠶᠠᠯ ᠪᠣᠯᠤᠭ᠍ᠰᠠᠨ ᠶᠤᠮ᠃ ᠡᠳᠦᠭᠡ ᠡᠨᠡ ᠬᠦ᠌ ᠡᠷᠲᠡᠨ ᠡᠴᠡ ᠣᠯᠠᠮᠵᠢᠯᠠᠬᠳᠠᠵᠤ ᠢᠷᠡᠭᠰᠡᠨ ᠤᠷ᠎ᠠ ᠮᠡᠷᠭᠡᠵᠢᠯ ᠨᠢ ᠨᠢᠬᠡᠨᠳᠡ ᠲᠤᠬᠠᠢ ᠵᠢᠨ ᠭᠠᠵᠠᠷ ᠤ᠋ᠨ ᠤᠯᠠᠨ ᠲᠦᠮᠡᠨ ᠤ᠋ ᠪᠠᠶᠠᠵᠢᠯ ᠤ᠋ᠨ ᠠᠵᠤ ᠦᠢᠯᠡᠰ ᠪᠣᠯᠪᠠ᠃
ᠥᠨᠢ ᠤᠳᠠᠭᠠᠨ ᠲᠡᠦᠬᠡ ᠲᠡᠶ ᠡᠨᠡ ᠬᠦ᠌ ᠵᠢᠵᠢᠭ ᠬᠤᠳᠠ ᠳ᠋ᠤ ᠠᠳᠠᠯᠢ ᠪᠤᠰᠤ ᠦᠨᠳᠦᠰᠦᠲᠡᠨ᠂ ᠠᠳᠠᠯᠢ ᠪᠤᠰᠤ ᠰᠣᠶᠣᠯ ᠠᠭᠤᠰᠤᠯᠴᠠᠨ ᠬᠠᠮᠲᠤ ᠪᠠᠷ ᠣᠷᠣᠱᠢᠵᠤ᠂ ᠡᠯᠪᠡᠭ ᠪᠠᠶᠠᠯᠢᠭ ᠮᠦᠷᠲᠡᠬᠡᠨ ᠢᠯᠠ ᠲᠣᠲᠣ ᠣᠨᠴᠠᠯᠢᠬ ᠲᠠᠢ ᠰᠣᠶᠣᠯ ᠪᠣᠯᠪᠠᠰᠤᠨ ᠰᠢᠨ᠎ᠠ ᠳᠦᠷᠰᠦ ᠪᠠᠢᠳᠠᠯ ᠪᠣᠯᠤᠨ ᠤᠯᠠᠨ ᠡᠱᠢᠲᠦ ᠨᠢᠭᠡ ᠴᠤᠬ᠍ᠴᠠᠵᠢᠬ᠍ᠰᠠᠨ ᠥᠪᠡᠷᠮᠢᠴᠡ ᠵᠠᠩ ᠦᠢᠯᠡ ᠵᠢ ᠬᠠᠮᠲᠤ ᠪᠠᠷ ᠱᠤᠭᠤᠵᠤ᠂ ᠤᠮᠠᠷᠠᠲᠤ ᠬᠢᠯᠢ ᠵᠢᠨ ᠰᠣᠶᠣᠯ ᠤ᠋ᠨ ᠥᠪᠡᠷᠮᠢᠴᠡ ᠱᠢᠳᠢ ᠵᠢ ᠭᠦᠢᠴᠡᠳ ᠢᠯᠡᠷᠡᠭᠦᠯᠦᠭᠰᠡᠨ ᠪᠠᠢᠨ᠎ᠠ᠃
ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤ ᠪᠣᠯ ᠬᠣᠷᠴᠢᠨ ᠰᠣᠶᠣᠯ ᠤ᠋ᠨ ᠡᠭᠦᠰᠦᠯ ᠮᠠᠨᠲᠣᠯ ᠤ᠋ᠨ ᠴᠢᠬᠣᠯᠠ ᠭᠠᠵᠠᠷ ᠮᠥᠨ᠃ ᠣᠲᠣᠬᠠᠨ ᠳ᠋ᠦ ᠨᠢᠭᠡᠨᠲᠡ ᠪᠥᠬᠥ᠌ ᠤᠯᠤᠰ ᠤ᠋ᠨ ᠰᠣᠶᠣᠯ ᠤ᠋ᠨ ᠲᠡᠷᠢᠭᠦᠨ ᠤ᠋ ᠬᠣᠱᠢᠭᠤ ᠂ ᠳᠤᠮᠳᠠᠳᠤ ᠤᠯᠤᠰ ᠤ᠋ᠨ ᠠᠷᠠᠳ ᠤ᠋ᠨ ᠰᠣᠶᠣᠯ ᠤᠷᠠᠯᠢᠭ ᠤ᠋ᠨ ᠨᠤᠲᠤᠭ᠂ ᠳᠤᠮᠳᠠᠳᠤ ᠤᠯᠤᠰ ᠤ᠋ᠨ ᠮᠣᠩᠭᠣᠯ ᠦᠨᠳᠦᠰᠦᠲᠡᠨ ᠤ᠋ ᠬᠠᠳᠭᠤᠮᠠᠯ ᠣᠷᠠᠯᠢᠬ ᠤ᠋ᠨ ᠨᠤᠲᠤᠭ᠂ ᠪᠥᠬᠥ᠌ ᠣᠷᠣᠨ ᠤ᠋ ᠥᠯᠢᠭᠡᠷ ᠤ᠋ᠨ ᠨᠤᠲᠤᠭ᠂ ᠠᠨᠳᠠᠶ ᠵᠢᠨ ᠦᠯᠦᠭᠡᠢ᠂ ᠳᠥᠷᠪᠡᠨ ᠤᠲᠠᠰᠤᠲᠤ ᠬᠤᠭᠤᠷ ᠤ᠋ᠨ ᠦᠯᠦᠭᠡᠢ᠂ ᠬᠣᠷᠴᠢᠨ ᠠᠷᠠᠳ ᠤ᠋ᠨ ᠳᠠᠭᠤᠤ ᠵᠢᠨ ᠦᠯᠦᠭᠡᠢ᠂ ᠬᠣᠷᠴᠢᠨ ᠬᠤᠪᠴᠠᠰᠤ ᠵᠠᠰᠠᠯ ᠤ᠋ᠨ ᠨᠤᠲᠤᠭ᠂ ᠮᠣᠩᠭᠣᠯ ᠤᠷᠠᠨ ᠪᠢᠴᠢᠯᠭᠡ ᠵᠢᠨ ᠦᠯᠦᠭᠡᠢ ᠭᠡᠰᠡᠨ ᠣᠯᠠᠨ ᠢᠷᠠᠭᠣ ᠠᠯᠲᠠᠷ ᠲᠠᠢ ᠪᠣᠯᠵᠠᠢ᠃ ᠡᠬᠦᠨ ᠡᠴᠡ ᠭᠠᠲᠠᠨ᠎ᠠ ᠪᠠᠰᠠ ᠥᠯᠢᠭᠡᠷ᠂ ᠮᠣᠩᠭᠣᠯ ᠦᠨᠳᠦᠰᠦᠲᠡᠨ ᠤ᠋ ᠲᠠᠲᠠᠵᠦ ᠬᠣᠭᠣᠷᠲᠠᠬᠣ ᠬᠦᠭ᠌ᠵᠢᠮᠳᠡᠬᠦᠷ ᠦᠶ᠋ᠯᠡᠳᠬᠦ᠌ ᠮᠡᠷᠭᠡᠵᠢᠯ᠂ ᠬᠣᠷᠴᠢᠨ ᠤ᠋ ᠮᠣᠩᠭᠣᠯ ᠡᠮ ᠡᠮᠨᠡᠯᠭᠡ ᠵᠢᠨ ᠤᠬᠢᠶᠠᠯᠭ᠎ᠠ ᠵᠠᠰᠠᠯ᠂ ᠮᠣᠩᠭᠣᠯ ᠦᠨᠳᠦᠰᠦᠲᠡᠨ ᠤ᠋ ᠳᠥᠷᠪᠡᠨ ᠤᠲᠠᠰᠤᠲᠤ ᠬᠤᠭᠤᠷ ᠤ᠋ᠨ ᠬᠥᠭ᠌ᠵᠢᠮ᠂ ᠮᠣᠩᠭᠣᠯ ᠦᠨᠳᠦᠰᠦᠲᠡᠨ ᠤ᠋ ᠬᠠᠳᠭᠤᠮᠠᠯ (ᠲᠦᠱᠢᠶᠡᠲᠦ ᠬᠠᠳᠭᠤᠮᠠᠯ) ᠵᠡᠷᠭᠡ ᠤᠯᠤᠰ ᠤ᠋ᠨ ᠲᠠᠰ ᠤ᠋ᠨ ᠪᠣᠳᠠᠰ ᠤ᠋ᠨ ᠪᠤᠰᠤ ᠰᠣᠶᠣᠯ ᠤ᠋ᠨ ᠥᠪ ᠤ᠋ᠨ ᠲᠥᠯᠥᠭᠡᠯᠡᠬᠦ᠌ ᠴᠢᠨᠠᠷᠲᠠᠶ 5 ᠲᠥᠷᠥᠯ ᠵᠦᠶ᠋ᠯ ᠪᠣᠶ᠃
ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤᠨ ᠤ᠋ ᠨᠠᠮ ᠤ᠋ᠨ ᠬᠣᠷᠢᠶ᠎ᠠ ᠵᠢᠨ ᠤᠬᠠᠭᠤᠯᠬᠤ ᠬᠡᠯᠲᠡᠰ ᠤ᠋ᠨ ᠳᠡᠳ᠋ ᠳᠠᠷᠤᠭ᠎ᠠ ᠬᠤᠷᠴᠠ ᠵᠢᠨ ᠬᠡᠯᠡᠬᠦ ᠪᠡᠷ᠂ ᠤᠢ᠍ᠢᠷᠠ ᠵᠢᠨ ᠵᠢᠯ ᠡᠴᠡ ᠨᠠᠭᠠᠰᠢ ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤ ᠤᠮᠠᠷᠠᠲᠤ ᠬᠢᠯᠢ ᠵᠢᠨ ᠰᠣᠶᠣᠯ ᠤ᠋ᠨ ᠪᠠᠢᠭᠤᠯᠤᠯᠲᠠ ᠵᠢ ᠰᠠᠢᠲᠤᠷ ᠬᠢᠵᠦ᠍᠂ ᠤᠯᠠᠨ ᠲᠠᠯ᠎ᠠ ᠪᠠᠷ ᠦᠷ᠎ᠡ ᠪᠦᠲᠦᠮᠵᠢ ᠤᠯᠪᠠ᠃ ᠰᠣᠶᠣᠯ ᠤ᠋ᠨ ᠥᠪ ᠤ᠋ᠨ ᠬᠠᠮᠠᠭᠠᠯᠠᠯᠲᠠ ᠵᠢ ᠯᠠᠪᠳᠠᠭᠤᠨ ᠪᠠᠲᠤᠲᠠᠶ ᠠᠬᠢᠭᠤᠯᠵᠤ᠂ ᠰᠣᠶᠣᠯ ᠵᠢᠭᠤᠯᠴᠢᠯᠠᠯ ᠤ᠋ᠨ ᠠᠭᠤᠰᠤᠯᠴᠠᠯ ᠤ᠋ᠨ ᠬᠢᠯᠠᠰ ᠴᠡᠭ ᠣᠲᠣᠨ ᠮᠡᠲᠦ ᠲᠦᠭᠡᠵᠦ᠂ ᠤᠮᠠᠷᠠᠲᠤ ᠬᠢᠯᠢ ᠵᠢᠨ ᠰᠣᠶᠣᠯ ᠢ᠋ ᠦᠨᠳᠦᠰᠦᠨ ᠱᠠᠲᠤᠨ ᠳ᠋ᠤ ᠦᠨᠳᠦᠰᠦᠯᠡᠭᠦᠯᠵᠦ᠍᠂ ᠣᠯᠠᠨ ᠲᠦᠮᠡᠨ ᠤ᠋ ᠣᠶᠤᠨ ᠤ᠋ ᠠᠮᠢᠳᠤᠷᠠᠯ ᠢ᠋ ᠪᠠᠶᠠᠯᠢᠬᠵᠢᠭᠣᠯᠣᠬᠰᠠᠨ ᠪᠠᠢᠨ᠎ᠠ᠃
ᠬᠣᠷᠴᠢᠨ ᠪᠠᠷᠠᠭᠤᠨ ᠭᠠᠷᠤᠨ ᠳᠤᠮᠳᠠᠳᠤ ᠬᠣᠱᠢᠭᠤ ᠶᠠᠭ ᠯᠠ ᠶᠡᠬᠡ ᠬᠢᠩᠭᠠᠨ ᠳᠠᠪᠠᠭ᠎ᠠ ᠵᠢᠨ ᠰᠣᠶᠣᠯ ᠤ᠋ᠨ ᠪᠦᠰᠡ ᠳ᠋ᠡᠬᠢ ᠲᠡᠦᠬᠡ ᠵᠢᠨ ᠢᠷᠠᠭᠣ ᠲᠠᠭᠣᠯᠠᠯ ᠱᠢᠭ᠋ ᠲᠦᠮᠡ ᠮᠢᠩᠭᠠᠨ ᠵᠢᠯ ᠤ᠋ᠨ ᠪᠣᠯᠪᠠᠰᠤᠨ ᠤ᠋ ᠠᠭᠤᠰᠤᠯᠴᠠᠯ ᠤ᠋ᠨ ᠰᠦᠷ ᠪᠠᠲᠠᠷᠠᠭᠣᠨ ᠡᠭᠡᠰᠢᠭᠯᠡᠩ ᠢ᠋ ᠬᠠᠩᠬᠢᠨᠠᠭᠤᠯᠤᠨ ᠴᠣᠣᠷᠢᠶᠠᠲᠣᠭᠣᠯᠣᠬᠰᠠᠭᠠᠷ᠁