— 《ᠥᠪᠥᠷ ᠮᠣᠩᠭᠣᠯ᠎ᠤᠨ ᠰᠠᠢᠨ ᠬᠥᠮᠦᠨ》 ᠬᠦᠷᠢᠶ᠎ᠡ ᠬᠣᠱᠢᠭᠤᠨ᠎ᠤ ᠬᠦᠬᠦᠨ ᠪᠠᠯᠭᠠᠰᠤ ᠵᠢᠨ ᠱᠢᠩ ᠹᠠ ᠲᠣᠰᠭᠣᠨ᠎ᠤ ᠠᠷᠠᠳ ᠸᠠᠩ ᠵᠢᠩ ᠵᠢᠶᠦ᠋ᠨ᠎ᠢ ᠲᠡᠮᠳᠡᠭᠯᠡᠪᠡ
8 ᠰᠠᠷ᠎ᠠ᠎ᠶ᠋ᠢᠨ 1 ᠤ᠋ ᠡᠳᠦᠷ᠂ ᠲᠦᠩᠯᠢᠶᠣᠤ ᠬᠤᠳᠠ᠎ᠶ᠋ᠢᠨ ᠬᠦᠷᠢᠢ᠎ᠡ ᠬᠣᠱᠢᠭᠤᠨ᠎ᠤ ᠬᠦᠬᠦᠨ ᠪᠠᠯᠭᠠᠰᠤ᠎ᠶ᠋ᠢᠨ ᠱᠢᠩ ᠹᠠ ᠲᠣᠰᠭᠣᠨ᠎ᠳᠤ᠂ ᠵᠢᠮᠢᠰ᠎ᠦᠨ ᠮᠣᠳᠣ᠂ ᠲᠤᠷᠤᠭ ᠮᠣᠳᠣ ᠠᠭᠤᠯᠠ ᠵᠢᠯᠠᠭ᠎ᠠ ᠵᠢ ᠪᠦᠷᠭᠦᠵᠦ᠂ ᠪᠡᠯ ᠳᠡᠭᠡᠷ᠎ᠡ᠎ᠡᠴᠡ ᠠᠯᠤᠰ᠎ᠢ ᠪᠠᠷᠠᠯᠠᠬᠤ᠎ᠳᠤ ᠨᠢᠳᠦ ᠳᠦᠭᠦᠷᠡᠩ ᠨᠣᠭᠣᠭᠠᠨ ᠦᠩᠭᠡ ᠴᠡᠯᠭᠡᠷᠡᠨ ᠬᠠᠷᠠᠭ᠍ᠳᠠᠨ᠎ᠠ᠃ 《ᠬᠠᠷᠠᠭ᠎ᠠ ᠲᠦᠬᠦᠷᠡᠩ ᠤᠢ ᠮᠤᠳᠤᠳᠢ ᠡᠳᠡᠭᠡᠷ ᠵᠢᠯ᠎ᠦᠳ᠎ᠲᠦ ᠨᠢᠭᠡ ᠨᠢᠭᠡ ᠰᠠᠭᠤᠷᠢ᠎ᠪᠠᠷ ᠲᠠᠷᠢᠭ᠍ᠰᠠᠨ ᠶᠤᠮ》 ᠭᠡᠵᠦ᠍ ᠲᠣᠰᠭᠣᠨ᠎ᠤ ᠠᠷᠠᠳ ᠸᠠᠩ ᠵᠢᠩ ᠵᠢᠶᠦ᠋ᠨ ᠬᠡᠯᠡᠨ᠎ᠡ᠃
ᠱᠢᠩ ᠹᠠ ᠲᠣᠰᠭᠣᠨ ᠬᠦᠷᠢᠶ᠎ᠡ ᠬᠣᠱᠢᠭᠤᠨ᠎ᠤ ᠡᠮᠦᠨ᠎ᠡ ᠬᠡᠰᠡᠭ᠎ᠲᠦ ᠪᠠᠢᠷᠢᠯᠠᠵᠤ᠂ ᠪᠦᠬᠦ᠌ ᠲᠣᠰᠭᠣᠨ᠎ᠤ ᠬᠣᠶᠠᠷ ᠲᠦᠮᠡᠨ ᠮᠦ᠍ ᠲᠠᠷᠢᠶᠠᠨ ᠭᠠᠵᠠᠷ ᠨᠢ 60 ᠱᠢᠬᠠᠮ ᠶᠡᠬᠡ ᠪᠠᠭ᠎ᠠ ᠭᠤᠤ ᠵᠢᠯᠠᠭ᠎ᠠ᠎ᠵᠢᠨ ᠲᠤᠮᠳᠠᠭᠤᠷ ᠰᠦᠯᠵᠢᠯᠳᠦᠵᠦ᠍᠂ ᠸᠠᠩ ᠵᠢᠩ ᠵᠢᠶᠦ᠋ᠨ᠎ᠦ ᠬᠢᠨ ᠮᠦᠨ ᠡᠳᠡᠭᠡᠷ ᠭᠤᠤ ᠵᠢᠯᠠᠭ᠎ᠠ ᠵᠢᠨ ᠳᠣᠣᠷ᠎ᠠ ᠰᠠᠭᠤᠷᠢᠰᠢᠵᠤ ᠪᠠᠢᠳᠠᠭ᠃ 20 ᠳ᠋ᠤᠭᠠᠷ ᠵᠠᠭᠤᠨ᠎ᠤ ᠨᠠᠶᠠᠭᠠᠳ ᠣᠨ᠎ᠳᠤ᠂ ᠸᠠᠩ ᠵᠢᠩ ᠵᠢᠶᠦ᠋ᠨ᠎ᠦ ᠠᠪᠤ ᠸᠠᠩ ᠭᠦᠸᠧ ᠴᠢᠩ ᠵᠠᠰᠠᠭ᠎ᠤᠨ ᠣᠷᠳᠣᠨ᠎ᠤ ᠤᠷᠢᠶᠠᠯᠠᠭ᠎ᠠ᠎ᠶ᠋ᠢ ᠳᠠᠭᠠᠵᠤ᠂ ᠲᠣᠰᠭᠣᠨ᠎ᠤ 350 ᠮᠦ᠍ ᠬᠤᠪᠠᠬᠠᠢ ᠭᠤᠤ ᠵᠢᠯᠠᠭ᠎ᠠ᠎ᠶ᠋ᠢ ᠳᠠᠭᠠᠭᠠᠴᠢᠯᠠᠵᠤ᠂ ᠨᠢᠭᠡᠳᠦᠭᠡᠷ ᠦᠶ᠎ᠡ᠎ᠶ᠋ᠢᠨ ᠭᠤᠤ ᠵᠠᠰᠠᠭ᠍ᠴᠢ ᠪᠣᠯᠪᠠ᠃
《ᠲᠤᠮᠤᠭ᠎ᠠ ᠤᠷᠤᠭ᠍ᠰᠠᠨ ᠡᠴᠡ ᠪᠠᠨ ᠨᠠᠭᠠᠰᠢ ᠪᠢ ᠠᠪᠤ᠎ᠪᠡᠨ ᠳᠠᠭᠠᠵᠤ ᠮᠣᠳᠣ ᠲᠠᠷᠢᠭᠰᠠᠭᠠᠷ ᠢᠷᠡᠵᠡᠢ᠂ ᠬᠤᠵᠢᠮ ᠨᠢ ᠦᠪᠡᠷ ᠵᠢᠠᠨ ᠴᠸ᠋ ᠮᠤᠳᠤ ᠲᠠᠷᠢᠵᠤ ᠨᠤᠭᠤᠭᠠᠷᠠᠭᠤᠯᠬᠤ ᠠᠵᠢᠯ᠎ᠳᠤ ᠪᠠᠬ᠎ᠠ ᠲᠡᠢ ᠪᠤᠯᠤᠭᠰᠠᠠ ᠡ》 ᠭᠡᠵᠦ ᠸᠠᠩ ᠵᠢᠩ ᠵᠢᠶᠦ᠋ᠨ ᠡᠷᠬᠢᠴᠡᠬᠦᠯᠦᠨ᠎ᠡ᠃
ᠡᠬᠦᠳᠡᠨ ᠡᠴᠡ ᠠᠭᠤᠯᠠᠨ ᠵᠠᠮ ᠲᠠᠬᠢᠷᠯᠠᠨ ᠮᠤᠷᠦᠯᠵᠡᠵᠤ᠂ ᠵᠠᠭᠤᠨ ᠭᠠᠵᠠᠷ ᠮᠢᠩᠭᠠᠨ ᠵᠢᠩ᠎ᠢ ᠡᠬᠦᠷᠴᠦ ᠲᠠᠮᠨᠠᠬᠤ ᠯᠠ ᠬᠡᠷᠡᠭᠳᠡᠢ᠃ 70 ᠭᠷᠠᠳᠦ᠋ᠰ᠎ᠤᠨ ᠬᠦᠳᠦᠯ ᠵᠢᠡᠷ ᠨᠢᠭᠡ ᠠᠯᠬᠤᠮ ᠠᠯᠬᠤᠬᠤ ᠳ᠋ᠤ ᠴᠸ᠋ ᠲᠤᠢᠯ᠎ᠤᠨ ᠬᠦᠴᠢᠷ ᠃ ᠸᠠᠩ ᠵᠢᠩ ᠵᠢᠶᠦ᠋ᠨ᠎ᠦ ᠬᠢᠨ ᠵᠢᠵᠢᠭᠭᠡᠨ ᠲᠦᠯᠬᠢᠬᠦ᠌ ᠲᠡᠷᠭᠡᠵᠠᠷᠤᠵᠤ ᠭᠤᠤᠲᠤᠳᠤᠷᠠ ᠳᠥᠭᠥᠮ ᠪᠦᠳᠦᠴᠡᠳᠦ ᠪᠠᠢᠱᠢᠩ ᠪᠤᠰᠭᠠᠵᠠᠢ᠃ ᠬᠦᠷᠵᠡ᠎ᠪᠡᠷ ᠡᠭ᠌ᠴᠡ ᠬᠥᠲᠥᠯ ᠳᠡᠭᠡᠷ᠎ᠡ ᠵᠢᠭᠠᠰᠤᠨ ᠬᠠᠢᠷᠰᠤᠨ ᠬᠡᠯᠪᠡᠷᠢ ᠵᠢᠨ ᠨᠦᠬᠡ ᠮᠠᠯᠲᠠᠵᠤ᠂ ᠨᠠᠯᠠᠤ ᠬᠥᠲᠥᠯ ᠳᠡᠭᠡᠷ᠎ᠡ ᠬᠡᠪᠲᠡᠭᠡ ᠨᠦᠬᠡ ᠮᠠᠯᠲᠠᠵᠤ᠂ ᠭᠤᠤ᠎ᠶ᠋ᠢᠨ ᠢᠷᠣᠭᠠᠷ ᠲᠦ᠍ ᠬᠠᠱᠢᠯᠭ᠎ᠠ ᠪᠠᠷᠢᠵᠠᠢ᠃ ᠠᠭᠤᠯᠠᠨ ᠳᠡᠭᠡᠷ᠎ᠡ ᠤᠰᠤ ᠦᠭᠡᠢ ᠪᠤᠯᠬᠤᠷ ᠵᠥᠪᠬᠡᠨ ᠭᠤᠤ᠎ᠶ᠋ᠢᠨ ᠳᠣᠣᠷᠠᠬᠢ ᠬᠤᠳᠳᠤᠭ᠎ᠠᠴᠠ ᠤᠰᠤ ᠲᠠᠮᠨᠠᠵᠤ ᠮᠣᠳᠣ ᠤᠰᠤᠯᠠᠨ᠎ᠠ᠂ ᠪᠣᠷᠣᠭᠠᠨ᠎ᠤ ᠤᠯᠠᠷᠢᠯ ᠪᠣᠯᠬᠤ ᠪᠦᠷᠢ᠂ ᠰᠠᠶᠢᠬᠠᠨ ᠵᠠᠰᠠᠭ᠍ᠰᠠᠨ ᠭᠤᠤ᠎ᠶ᠋ᠢᠨ ᠬᠦᠪᠡᠭᠡ᠂ ᠭᠤᠤ᠎ᠶ᠋ᠢᠨ ᠢᠷᠣᠭᠠᠷ᠎ᠤᠨ ᠬᠠᠱᠢᠯᠭ᠎ᠠ ᠨᠢ ᠪᠤᠷᠤᠭᠠᠨ᠎ᠤ ᠤᠰᠤᠨ ᠳ᠋ᠤ ᠬᠣᠷᠣᠮᠬᠠᠨ ᠵᠠᠭᠤᠷ᠎ᠠ ᠡᠪᠳᠡᠭ᠌ᠳᠡᠳᠡᠭ᠃ ᠭᠡᠲᠡᠯ᠎ᠡ ᠨᠥᠬᠥᠴᠡᠯ ᠬᠡᠳᠦᠢ ᠬᠠᠲᠠᠭᠤᠵᠢᠯᠲᠠᠢ ᠪᠠᠢᠭ᠍ᠰᠠᠨ ᠴᠤ᠌᠂ ᠡᠨᠡ ᠭᠡᠷ᠎ᠦᠨ ᠬᠥᠮᠦᠰ ᠲᠠᠴᠢᠷ ᠭᠤᠤ᠎ᠶ᠋ᠢ ᠵᠠᠰᠠᠬᠤ ᠡᠷᠡᠰ ᠵᠣᠷᠢᠭ᠎ᠢᠶᠠᠨ ᠥᠴᠦᠬᠡᠨ ᠴᠦ᠍ ᠭᠤᠢᠪᠢᠯᠵᠠᠭᠤᠯᠤᠭ᠍ᠰᠠᠨ ᠦᠭᠡᠢ᠃ ᠨᠢᠳᠦ ᠢᠷᠮᠡᠬᠦ᠌ ᠵᠠᠭᠤᠷ᠎ᠠ ᠠᠷᠪᠠᠨ ᠬᠡᠳᠦᠨ ᠵᠢᠯ ᠥᠩᠭᠡᠷᠡᠴᠢᠬᠡᠯ᠎ᠡ᠂ ᠲᠠᠳᠠ ᠨᠤᠲᠤᠭ᠎ᠤᠨ ᠠᠷᠭ᠎ᠠ᠎ᠪᠠᠷ ᠬᠡᠳᠦᠨ ᠲᠦᠮᠡᠨ ᠰᠠᠭᠤᠷᠢ ᠴᠢᠬᠢ ᠮᠣᠳᠣ᠎ᠶ᠋ᠢ ᠲᠠᠴᠢᠷ ᠭᠤᠤ᠎ᠳᠤ ᠡᠳᠡᠭᠡᠷᠡᠭᠦᠯᠵᠦ᠂ ᠠᠮᠢ ᠨᠠᠰᠤᠨ᠎ᠤ ᠨᠣᠭᠣᠭᠠᠨ ᠥᠩᠭᠡ᠎ᠶ᠋ᠢ ᠪᠤᠢ ᠪᠤᠯᠭᠠᠪᠠ᠃
2015 ᠣᠨ᠎ᠳᠤ᠂ ᠸᠠᠩ ᠭᠦᠸᠧ ᠴᠢᠩ ᠡᠪᠡᠳᠴᠢᠨ᠎ᠢᠶᠡᠷ ᠨᠠᠰᠤ ᠪᠠᠷᠠᠵᠤ᠂ ᠭᠦᠨ ᠬᠠᠢᠷᠠᠳᠠᠢ ᠠᠭᠤᠯᠠᠨ ᠭᠤᠤᠳ᠋ᠠᠭᠠᠨ ᠮᠥᠩᠬᠡ ᠨᠣᠢᠷᠰᠤᠵᠠᠢ᠃ ᠸᠠᠩ ᠵᠢᠩ ᠵᠢᠶᠦ᠋ᠨ ᠡᠬᠡᠨᠡᠷᠲᠡᠶᠪᠡᠨ ᠭᠤᠤ ᠵᠢᠯᠠᠭ᠎ᠠ᠎ᠶ᠋ᠢ ᠵᠠᠰᠠᠬᠤ ᠪᠤᠤᠬᠢᠢ᠎ᠠ᠎ᠶ᠋ᠢ ᠲᠤᠰᠴᠤ᠌᠂ ᠬᠣᠶᠠᠳᠡᠬᠢ ᠦᠶ᠎ᠡ᠎ᠶ᠋ᠢᠨ ᠭᠤᠤ ᠵᠠᠰᠠᠬᠴᠢ ᠵᠢᠨ ᠬᠦᠨᠳᠦ ᠡᠭᠦᠷᠭᠡ᠎ᠶ᠋ᠢ ᠡᠭᠦᠷᠭᠡᠯᠡᠪᠡ᠃
ᠵᠢᠯ ᠪᠦᠷᠢ᠎ᠶ᠋ᠢᠨ ᠬᠠᠪᠤᠷ᠎ᠤᠨ ᠠᠭᠤᠷ ᠤᠷᠤᠮᠠᠭᠴᠠ ᠸᠠᠩ ᠵᠢᠩ ᠵᠢᠶᠦ᠋ᠨ ᠨᠢᠭᠡ ᠵᠢᠯ᠎ᠤᠨ ᠶᠠᠭᠠᠷᠠᠯᠲᠠᠢ ᠠᠵᠢᠯ ᠵᠢᠡᠨ ᠡᠬᠢᠯᠡᠭᠦᠯᠦᠨ᠎ᠡ᠂ ᠡᠨᠡ ᠭᠠᠵᠠᠷ 35 ᠵᠢᠯ ᠠᠵᠢᠯᠯᠠᠵᠤ ᠬᠦᠳᠡᠯᠮᠦᠷᠢᠯᠡᠭᠰᠡᠨ ᠲᠡᠷᠡ ᠪᠡᠷ ᠡᠭ᠌ᠴᠡ ᠬᠥᠲᠥᠯ ᠳᠡᠭᠡᠷ᠎ᠡ ᠴᠦ᠍ ᠲᠡᠭ᠌ᠰᠢ ᠭᠠᠵᠠᠷ ᠮᠠᠲᠤ ᠠᠯᠬᠤᠵᠤ ᠶᠠᠪᠤᠳᠠᠬ ᠪᠤᠯᠵᠠᠢ᠃ ᠸᠠᠩ ᠵᠢᠩ ᠵᠢᠶᠦ᠋ᠨ ᠬᠠᠢᠴᠢᠯᠠᠵᠦ ᠵᠠᠰᠠᠬᠤ᠂ ᠮᠠᠯᠲᠠᠵᠤ ᠬᠤᠰᠤᠬᠤ ᠬᠡᠬᠦᠴᠢᠯᠡᠨ ᠠᠭᠤᠯᠠᠨ᠎ᠳᠤ ᠭᠠᠷᠤᠮᠠᠭ᠍ᠴᠠ ᠨᠢᠭᠡ ᠡᠳᠦᠷ ᠪᠤᠯᠴᠢᠬᠠᠳᠠᠬ᠃ ᠵᠠᠷᠢᠮ ᠰᠠᠳᠤᠨ ᠲᠥᠷᠥᠯ ᠨᠢ ᠸᠠᠩ ᠵᠢᠩ ᠵᠢᠶᠦ᠋ᠨ᠎ᠢ ᠠᠭᠤᠯᠠᠨ᠎ᠳᠤ ᠭᠠᠷᠴᠤ᠌ ᠲᠠᠴᠢᠷ ᠭᠤᠤ᠎ᠳᠤ ᠮᠣᠳᠣ ᠲᠠᠷᠢᠬᠤ ᠡᠴᠡ ᠭᠠᠳᠠᠭ᠍ᠰᠢ ᠭᠠᠷᠴᠤ᠌ ᠬᠥᠯᠥᠰᠥᠨ ᠠᠵᠢᠯ ᠬᠢᠬᠦ᠌ ᠨᠢ ᠬᠠᠷᠢᠴᠠᠩᠭᠤᠶ ᠬᠥᠩᠭᠡᠨ ᠪᠦᠭᠡᠳ ᠵᠣᠭᠣᠰ ᠣᠯᠬᠤ ᠨᠢ ᠴᠦ᠍ ᠠᠮᠠᠷᠬᠠᠨ ᠭᠡᠵᠦ ᠢᠳᠬᠠᠪᠠ᠃ ᠭᠡᠪᠡᠴᠦ᠍ ᠸᠠᠩ ᠵᠢᠩ ᠵᠢᠶᠦ᠋ᠨ ᠶᠡᠷᠦ᠍᠎ᠡᠴᠡ ᠭᠤᠢᠪᠢᠯᠵᠠᠵᠤ ᠥᠩᠭᠡᠷᠡᠭᠡ ᠦᠭᠡᠢ᠃ 《ᠮᠣᠳᠣ ᠵᠠᠢᠯᠠᠵᠤ ᠭᠤᠤ ᠵᠢᠯᠠᠭ᠎ᠠ ᠵᠢ ᠵᠠᠰᠠᠬᠤ ᠪᠣᠯ ᠠᠮᠢ ᠵᠢᠭᠤᠬᠤ ᠠᠷᠭ᠎ᠠ ᠬᠡᠯᠪᠡᠷᠢ ᠪᠣᠯᠬᠤ᠎ᠪᠠᠷ ᠪᠠᠷᠠᠬᠤ ᠦᠬᠡᠢ᠂ ᠨᠡᠩ ᠴᠤ᠌ ᠦᠷ᠎ᠡ ᠬᠣᠢᠴᠢᠰ᠎ᠲᠠᠭᠠᠨ ᠪᠤᠶᠠᠨ ᠦᠢᠯᠡᠳᠬᠦ᠌ ᠶᠡᠬᠡ ᠶᠠᠪᠤᠳᠠᠯ ᠮᠥᠨ᠂ ᠬᠡᠳᠦᠢ ᠬᠦᠴᠢᠷᠲᠡᠢ ᠪᠠᠢᠯ᠎ᠠ ᠴᠤ᠌ ᠭᠡᠰᠡᠨ ᠦᠨ᠎ᠡ ᠦᠷᠳᠡᠭ ᠵᠢᠡᠷ ᠶᠡᠭᠡ ᠶᠤᠮ》 ᠬᠡᠵᠦ ᠸᠠᠩ ᠵᠢᠩ ᠵᠢᠶᠦ᠋ᠨ ᠡᠷᠡᠰ ᠱᠢᠭᠤᠷᠬᠠᠶ᠎ᠪᠠᠷ ᠬᠡᠯᠡᠪᠡ᠃
《ᠭᠤᠤ ᠵᠠᠰᠠᠭ᠍ᠴᠢ ᠬᠦᠮᠦᠨ ᠭᠡᠵᠦ ᠮᠣᠳᠣ ᠲᠠᠢ ᠠᠳᠠᠯᠢ ᠶᠤᠮ᠃ ᠠᠮᠢᠳᠤᠪᠠᠢᠬᠤ ᠳ᠋ᠤ ᠪᠠᠨ ᠰᠠᠯᠬᠢ ᠡᠯᠡᠰᠦ᠎ᠶ᠋ᠢ ᠬᠠᠯᠬᠠᠯᠠᠵᠤ᠂ ᠬᠤᠪᠠᠬᠠᠢᠷᠠᠵᠤ ᠬᠠᠳᠠᠪᠠᠯ ᠲᠦᠯᠡᠭᠡ ᠪᠣᠯᠤᠨ᠎ᠠ》 ᠭᠡᠵᠦ ᠬᠡᠯᠡᠭᠰᠡᠨ ᠠᠪᠤ᠎ᠶ᠋ᠢᠨ᠎ᠢᠶᠡᠨ ᠦᠭᠡ᠎ᠶ᠋ᠢ ᠸᠠᠩ ᠵᠢᠩ ᠵᠢᠶᠦ᠋ᠨ ᠬᠡᠵᠢᠶᠡᠳᠡ ᠴᠡᠭᠡᠵᠢᠯᠡᠵᠦ᠍ ᠶᠠᠪᠤᠳᠠᠭ᠃ ᠵᠢᠯ ᠲᠤᠷᠰᠢ ᠲᠡᠷᠡ ᠡᠨᠡ ᠬᠦ᠌ ᠠᠭᠤᠯᠠᠨ ᠭᠤᠤ᠎ᠶ᠋ᠢ ᠰᠠᠬᠢᠨ ᠬᠠᠮᠠᠭᠠᠯᠠᠵᠤ᠂ ᠭᠠᠵᠠᠷ ᠲᠡᠭ᠌ᠰᠢᠯᠡᠬᠦ᠂ ᠬᠤᠳᠳᠤᠭ ᠮᠠᠯᠲᠠᠬᠤ᠂ ᠵᠤᠯᠵᠠᠭ᠎ᠠ ᠮᠣᠳᠣ ᠬᠤᠳᠠᠯᠳᠤᠨ ᠠᠪᠬᠤ ᠬᠡᠬᠦᠴᠢᠯᠡᠨ ᠪᠠᠷᠤᠭ ᠪᠦᠬᠦ᠌ ᠬᠠᠳᠠᠭᠠᠯᠠᠮᠵᠢ ᠪᠠᠨ ᠵᠠᠷᠤᠵᠤ ᠪᠠᠷᠠᠭᠠᠪᠠ᠃ ᠵᠠᠷᠤᠳᠠᠯ ᠵᠢᠡᠨ ᠠᠷᠪᠢᠯᠠᠬᠤ᠎ᠶ᠋ᠢᠨ ᠲᠥᠯᠥᠭᠡ᠂ ᠲᠡᠷᠡ ᠥᠪᠡᠷ᠎ᠢᠶᠡᠨ ᠡᠭᠦᠯᠳᠡᠷ ᠰᠠᠢᠵᠢᠷᠠᠭᠤᠯᠬᠤ᠎ᠶ᠋ᠢ ᠪᠣᠳᠣᠯᠬᠢᠯᠠᠵᠤ᠂ ᠵᠢᠮᠢᠰ᠎ᠦᠨ ᠮᠣᠳᠣ᠎ᠶ᠋ᠢ ᠵᠠᠯᠭᠠᠵᠤ ᠪᠣᠢᠵᠢᠭᠤᠯᠬᠤ᠎ᠶ᠋ᠢ ᠰᠤᠳᠤᠯᠵᠤ᠂ ᠤᠤᠯ᠎ᠤᠨ ᠨᠢᠭᠡ ᠪᠦᠯᠦᠭ ᠬᠠᠭᠤᠴᠢᠨ ᠡᠭᠦᠯᠳᠡᠷ᠎ᠦᠨ ᠵᠢᠮᠢᠰ᠎ᠦᠨ ᠮᠣᠳᠣ᠎ᠪᠠᠷ ᠵᠠᠯᠭᠠᠳᠠᠰᠤ ᠬᠢᠵᠦ᠍᠂ ᠳᠡᠭᠡᠷ᠎ᠡ ᠨᠢ ᠯᠦᠩ ᠹᠧᠩ ᠵᠢᠮᠢᠰ᠂ ᠠᠯᠮᠤᠷᠠᠳ᠎ᠦᠨ ᠠᠯᠢᠮ᠎ᠠ ᠵᠡᠷᠭᠡ ᠠᠷᠪᠠᠨ ᠱᠢᠬᠠᠮ ᠡᠭᠦᠯᠳᠡᠷ᠎ᠦᠨ ᠵᠢᠮᠢᠰ᠎ᠦᠨ ᠮᠣᠳᠣ᠎ᠶ᠋ᠢ ᠵᠠᠯᠭᠠᠵᠤ ᠤᠷᠭᠤᠭᠤᠯᠪᠠ᠃ 2019 ᠣᠨ᠎ᠳᠤ᠂ ᠸᠠᠩ ᠵᠢᠩ ᠵᠢᠶᠦ᠋ᠨ ᠪᠠᠰᠠ ᠵᠢᠨ ᠰᠢᠦ ᠬᠠᠢᠲᠠᠩ᠂ ᠠᠯᠮᠤᠷᠠᠳ᠎ᠦᠨ ᠠᠯᠢᠮ᠎ᠠ᠂ ᠨᠠᠩᠬᠢᠶᠠᠳ ᠠᠯᠢᠮ᠎ᠠ ᠵᠡᠷᠭᠡ ᠠᠷᠪᠠᠨ ᠲᠦᠷᠦᠯ᠎ᠦᠨ 5000 ᠭᠠᠷᠤᠢ ᠰᠠᠭᠤᠷᠢ ᠵᠢᠮᠢᠰ᠎ᠦᠨ ᠮᠣᠳᠣ᠎ᠶ᠋ᠢ ᠲᠠᠷᠢᠵᠠᠢ᠃ ᠥᠩᠭᠡᠷᠡᠭ᠌ᠰᠡᠨ᠎ᠦ ᠲᠠᠴᠢᠷ ᠭᠤᠤ ᠲᠡᠭᠦᠨ᠎ᠦ ᠨᠢᠮᠪᠠᠢ ᠠᠷᠠᠴᠢᠯᠠᠯᠳᠠ᠎ᠪᠠᠷ ᠠᠭᠠᠵᠢᠮ᠎ᠢᠶᠠᠷ ᠨᠣᠭᠣᠭᠠᠨ ᠦᠭᠭᠡ ᠪᠡᠷ ᠬᠤᠴᠢᠬᠳᠠᠨ᠂ ᠴᠡᠴᠡᠭ ᠵᠢᠮᠢᠰ᠎ᠦᠨ ᠠᠩᠬᠢᠯᠤᠮ᠎ᠠ ᠦᠨᠦᠷ ᠬᠠᠩᠬᠤᠯᠤᠭ᠍ᠰᠠᠨ ᠵᠢᠷᠭᠠᠯ᠎ᠤᠨ ᠭᠤᠤ ᠪᠣᠯᠤᠨ ᠬᠤᠪᠢᠷᠠᠵᠠᠢ᠃
ᠥᠩᠭᠡᠷᠡᠭ᠌ᠰᠡᠨ᠎ᠦ 《ᠨᠢᠭᠡ ᠠᠯᠬᠤᠮ᠂ ᠨᠢᠭᠡ ᠴᠢᠬᠢ ᠮᠤᠳᠤ᠂ ᠨᠢᠭᠡ ᠬᠤᠯᠤ ᠤᠰᠤ》᠎ᠡᠴᠡ ᠤᠳᠤᠬᠠᠨ᠎ᠤ ᠱᠢᠨᠵᠢᠯᠡᠬᠦ᠌ ᠤᠬᠠᠭᠠᠨ ᠲᠧᠭᠨᠢᠭ ᠮᠡᠷᠭᠡᠵᠢᠯ᠎ᠢᠶᠡᠷ ᠡᠯᠡᠰᠦ᠎ᠶ᠋ᠢ ᠵᠠᠰᠠᠬᠤ ᠪᠤᠯᠳᠠᠯᠠᠬᠢ ᠡᠨᠡ ᠳᠥᠴᠢᠨ ᠵᠢᠯ ᠪᠤᠯ ᠨᠤᠮᠢᠨ ᠨᠤᠭᠤᠭᠠᠨ᠎ᠤ ᠪᠤᠤᠬᠢᠶ᠎ᠠ ᠲᠠᠮᠵᠢᠭᠤᠯᠭ᠎ᠠ ᠪᠣᠯᠤᠨ᠎ᠠ᠃ ᠸᠠᠩ ᠵᠢᠩ ᠵᠢᠶᠦ᠋ᠨ᠎ᠦ ᠨᠢᠭᠡ ᠬᠡᠷ᠎ᠦᠨ ᠬᠢᠨ᠎ᠦ ᠳᠠᠷᠢᠭ᠍ᠰᠠᠨ ᠬᠡᠳᠦᠨ ᠲᠦᠮᠡᠨ ᠰᠠᠭᠤᠷᠢ ᠮᠣᠳᠣ᠎ᠨᠢ ᠡᠨᠡ ᠬᠦ᠌ ᠨᠤᠲᠤᠭ ᠳᠡᠪᠢᠰᠭᠡᠷᠲᠦ ᠭᠦᠨ ᠦᠨᠳᠦᠰᠦᠯᠡᠵᠦ᠍᠂ ᠠᠮᠢ ᠠᠬᠤᠶ ᠣᠷᠴᠢᠨ ᠲᠣᠭᠣᠷᠢᠨ᠎ᠢ ᠰᠠᠢᠵᠢᠷᠠᠭᠤᠯᠤᠭ᠍ᠰᠠᠨ᠎ᠢᠶᠠᠷ ᠪᠠᠷᠠᠬᠤ ᠥᠬᠡᠶ᠂ ᠨᠠᠩ ᠴᠤ᠌ ᠰᠠᠯᠬᠢ ᠡᠯᠡᠰᠦ᠎ᠶ᠋ᠢ ᠰᠡᠷᠭᠡᠢᠯᠡᠬᠦ ᠨᠤᠮᠢᠨ ᠨᠣᠭᠣᠭᠠᠨ ᠬᠠᠯᠬᠠᠪᠴᠢᠪᠤᠯᠪᠠ᠃ ᠸᠠᠩ ᠵᠢᠩ ᠵᠢᠶᠦ᠋ᠨ᠎ᠦ ᠨᠢᠭᠡ ᠭᠡᠷ᠎ᠦᠨ ᠲᠠᠭᠠᠭᠤᠯᠭ᠎ᠠ ᠳᠣᠣᠷ᠎ᠠ ᠂ ᠨᠡᠩ ᠤᠯᠠᠨ ᠬᠥᠮᠦᠨ ᠲᠠᠴᠢᠷ ᠭᠤᠤ᠎ᠶ᠋ᠢ ᠵᠠᠰᠠᠬᠤ᠎ᠳᠤ ᠣᠷᠣᠯᠴᠠᠪᠠ᠃ ᠸᠠᠩ ᠵᠢᠩ ᠵᠢᠶᠦ᠋ᠨ ᠨᠠᠩ ᠴᠤ᠌ ᠭᠤᠤ ᠵᠠᠰᠠᠭ᠍ᠰᠠᠨ ᠲᠤᠷᠱᠢᠯᠭ᠎ᠠ ᠪᠣᠯᠤᠨ ᠵᠢᠮᠢᠰ᠎ᠦᠨ ᠮᠣᠳᠣ ᠳᠠᠷᠢᠬᠤ ᠮᠡᠷᠭᠡᠵᠢᠯ᠎ᠢᠶᠡᠨ ᠬᠠᠷᠠᠮ ᠥᠬᠡᠶ ᠬᠤᠪᠢᠶᠠᠯᠴᠠᠵᠤ᠂ ᠪᠥᠬᠥ᠌ ᠬᠣᠱᠢᠭᠤᠨ᠎ᠤ 《ᠮᠢᠩᠭᠠᠨ ᠭᠤᠤ ᠲᠦᠮᠡᠨ ᠵᠢᠯᠠᠭ᠎ᠠ》 ᠡᠴᠠ 《ᠨᠤᠮᠢᠨ ᠤᠰᠤ ᠬᠦᠭᠡᠮᠳᠦᠭ ᠠᠭᠤᠯᠠ》 ᠪᠤᠯᠤᠭᠰᠠᠨ ᠭᠣᠶᠣ ᠬᠡᠭᠡᠨᠴᠢᠷ ᠬᠤᠪᠢᠷᠠᠯᠲᠠ ᠵᠢ ᠪᠡᠶᠡᠯᠡᠬᠦᠯᠬᠦ᠎ᠳᠤ ᠥᠪᠡᠷ᠎ᠦᠨ ᠬᠦᠴᠦᠨ ᠴᠢᠳᠠᠯ᠎ᠢᠶᠠᠨ ᠡᠷᠭᠦᠪᠡ᠃ ᠸᠠᠩ ᠵᠢᠩ ᠵᠢᠶᠦ᠋ᠨ᠎ᠦ ᠨᠢᠭᠡ ᠬᠡᠷ᠎ᠦᠨ ᠬᠢᠨ ᠮᠡᠳᠦ ᠲᠠᠴᠢᠷ ᠭᠤᠤ᠎ᠶ᠋ᠢ ᠵᠠᠰᠠᠭᠴᠢ ᠬᠦᠷᠢᠶ᠎ᠡ᠎ᠶ᠋ᠢᠨ ᠬᠥᠮᠦᠰ᠎ᠦᠨ ᠴᠥᠬᠥᠷᠡᠰᠢ ᠥᠬᠡᠶ ᠴᠢᠷᠮᠠᠢᠯᠭ᠎ᠠ ᠳᠤᠤᠷ᠎ᠠ ᠪᠥᠬᠥ᠌ ᠬᠣᠱᠢᠭᠤᠨ᠎ᠤ ᠣᠶ ᠱᠢᠭᠤᠶ᠎ᠶ᠋ᠢᠨ ᠪᠦᠷᠬᠦᠴᠡ᠎ᠶ᠋ᠢᠨ ᠨᠣᠷᠮ᠎ᠠ 34% ᠡᠴᠠ ᠳᠡᠭᠡᠭ᠌ᠰᠢ᠎ᠳᠦ ᠬᠦᠷᠴᠡᠶ᠃
ᠰᠤᠯᠠ ᠰᠡᠯᠡᠬᠦᠤ ᠴᠠᠭ᠎ᠢᠶᠡᠷ᠎ᠢᠶᠡᠨ ᠸᠠᠩ ᠵᠢᠩ ᠵᠢᠶᠦ᠋ᠨ ᠬᠡᠦᠬᠡᠳ᠎ᠦᠳ᠎ᠢᠶᠡᠨ ᠳᠠᠭᠠᠭᠤᠯᠤᠨ ᠠᠭᠤᠯᠠᠨ᠎ᠳᠤ ᠭᠠᠷᠴᠤ᠌᠂ ᠡᠴᠢᠭᠡᠵᠢᠨᠢᠶᠡᠨ ᠵᠢᠮᠢᠰ᠎ᠦᠨ ᠮᠣᠳᠣ ᠲᠠᠷᠢᠵᠤ᠂ ᠭᠤᠤ ᠭᠠᠨᠭᠭᠠᠶ᠋ᠢ ᠵᠠᠰᠠᠭ᠍ᠰᠠᠨ ᠦᠯᠢᠭᠡᠷ᠎ᠢ ᠶᠠᠷᠢᠵᠤ ᠦᠭᠳᠡᠭ᠃ ᠣᠳᠣᠬᠠᠨ᠎ᠳᠤ᠂ ᠬᠡᠦᠬᠡᠳ᠎ᠦᠳ ᠨᠢ ᠴᠸ᠋ ᠮᠠᠰᠢ ᠲᠠᠳᠮᠠᠭᠠᠢ ᠪᠡᠷ ᠤᠰᠤᠯᠠᠵᠤ᠂ ᠪᠣᠷᠲᠣᠭᠣᠷ ᠣᠷᠣᠭᠤᠯᠵᠤ᠂ ᠵᠢᠮᠢᠰ ᠲᠡᠭᠦᠵᠦ᠍ ᠴᠢᠳᠠᠬᠤ ᠪᠤᠯᠵᠠᠢ᠃ 《ᠡᠨᠳᠡᠬᠢ ᠮᠣᠳᠣᠳ ᠲᠸ᠋ ᠡᠪᠦᠭᠡ ᠡᠮᠡᠭᠡ᠎ᠶ᠋ᠢᠨ ᠲᠠᠷᠢᠭ᠍ᠰᠠᠨ ᠮᠣᠳᠣ ᠪᠠᠢᠨ᠎ᠠ᠂ ᠪᠠᠰᠠ ᠠᠪᠤ ᠡᠵᠢ᠎ᠶ᠋ᠢᠨ ᠲᠠᠷᠢᠬᠰᠠᠨ ᠴᠸ᠋ ᠪᠠᠢᠨ᠎ᠠ᠂ ᠨᠠᠮᠤᠷ ᠪᠣᠯᠤᠮᠠᠬᠴᠠ ᠦᠩᠬᠡ ᠦᠵᠡᠮᠵᠢ ᠮᠠᠰᠢ ᠭᠤᠶᠤ᠂ ᠪᠢᠳᠡ ᠲᠣᠮᠣ ᠪᠣᠯᠤᠭ᠍ᠰᠠᠨ᠎ᠤ ᠬᠤᠢᠨ᠎ᠠ ᠪᠠᠰᠠ ᠦᠷᠬᠦᠯᠵᠢᠯᠡᠨ ᠨᠤᠭᠤᠭᠠᠷᠠᠭᠤᠯᠬᠤ ᠠᠵᠢᠯ᠎ᠢ ᠵᠠᠯᠭᠠᠵᠤ᠂ ᠡᠨᠳᠡᠬᠢ᠎ᠶ᠋ᠢ ᠦᠷᠬᠦᠯᠵᠢᠯᠡᠨ ᠦᠵᠡᠰᠬᠦᠯᠡᠩᠳᠦ ᠰᠠᠢᠬᠠᠨ ᠪᠠᠢᠯᠭᠠᠨ᠎ᠠ》 ᠭᠡᠵᠤ ᠬᠡᠤᠬᠡᠳ᠎ᠤᠳ ᠨᠢ ᠬᠡᠯᠡᠨ᠎ᠠ᠃
ᠬᠣᠶᠠᠷ ᠦᠶ᠎ᠡ᠎ᠶ᠋ᠢᠨ ᠬᠥᠮᠦᠰ ᠲᠠᠴᠢᠷ ᠭᠤᠤ᠎ᠶ᠋ᠢ ᠭᠤᠢᠪᠢᠰᠢ ᠦᠭᠡᠢ ᠵᠠᠰᠠᠵᠤ᠂ ᠠᠭᠤᠯᠠ ᠲᠠᠯ᠎ᠠ ᠳ᠋ᠤ ᠨᠤᠭᠤᠭᠠᠨ ᠬᠦᠷᠮ᠎ᠡ ᠬᠡᠳᠦᠷᠡᠬᠦᠯᠪᠡ᠃ ᠦᠳᠡᠰᠢ᠎ᠶ᠋ᠢᠨ ᠨᠡᠷᠡᠨ ᠪᠠᠷᠠᠭᠤᠨᠰᠢ ᠲᠠᠱᠢᠬᠤᠶᠠ᠂ ᠸᠠᠩ ᠵᠢᠩ ᠵᠢᠶᠦ᠋ᠨ ᠵᠢᠵᠢᠭ ᠬᠦᠷᠢᠶᠡᠨ ᠳ᠋ᠡᠭᠡᠨ ᠰᠠᠭᠤᠨ᠂ ᠡᠰᠡᠷᠭᠦ᠌ ᠲᠠᠯ᠎ᠠ᠎ᠶ᠋ᠢᠨ ᠬᠦᠭᠡᠮᠳᠦᠭ ᠨᠤᠭᠤᠭᠠᠨ ᠠᠭᠤᠯᠨ ᠤᠰᠤ ᠵᠢ ᠰᠢᠷᠳᠡᠬᠦ ᠳ᠋ᠤ ᠰᠡᠳᠬᠢᠯ ᠰᠠᠨᠠᠭ᠎ᠠ ᠰᠠᠷᠠᠭᠤᠯᠵᠢᠨ ᠲᠠᠢᠪᠤᠰᠢᠷᠠᠨ᠎ᠠ᠂ ᠡᠨᠡ ᠵᠢᠯ ᠡᠴᠡ ᠲᠡᠷᠡ ᠬᠥᠳᠡᠭᠡ ᠲᠣᠰᠭᠣᠨ᠎ᠤ ᠵᠢᠭᠤᠯᠴᠢᠯᠠᠯ᠎ᠢ ᠰᠦᠪᠡᠭ᠌ᠴᠢᠯᠡᠵᠦ᠂ ᠨᠤᠲᠤᠭ ᠤᠰᠤᠨ᠎ᠤ᠎ᠪᠠᠨ ᠵᠣᠯ ᠵᠢᠷᠭᠠᠯ᠎ᠤᠨ ᠭᠤᠤ᠎ᠵᠢ ᠨᠡᠩ ᠤᠯᠠᠨ ᠬᠥᠮᠦᠰ᠎ᠲᠦ ᠰᠣᠨᠢᠷᠬᠠᠭᠤᠯᠬᠤ ᠪᠠᠷ ᠪᠤᠢ᠃ 《ᠡᠳᠡᠭᠡᠷ ᠨᠤᠮᠢᠨ ᠨᠣᠭᠣᠭᠠᠨ ᠢ᠋ ᠪᠠᠲᠤ ᠰᠠᠬᠢᠳᠠᠭ ᠯᠠ ᠶᠤᠮ ᠪᠣᠯ ᠱᠢᠩ ᠹᠠ ᠲᠣᠰᠭᠣᠨ᠎ᠤ ᠮᠠᠷᠭᠠᠰᠢ ᠨᠡᠩ ᠰᠠᠢᠨ ᠰᠠᠢᠬᠠᠨ ᠪᠤᠯᠤᠨ᠎ᠠ》 ᠭᠡᠵᠦ᠍ ᠸᠠᠩ ᠵᠢᠩ ᠵᠢᠶᠦ᠋ᠨ ᠬᠡᠯᠡᠪᠡ᠃