ᠠᠷᠪᠠᠨ ᠭᠤᠷᠪᠠᠨ ᠵᠢᠯ ᠬᠤᠷᠢᠭ᠎ᠠ ᠱᠤᠭᠤᠮ ᠢ᠋ ᠪᠠᠳᠤ ᠰᠠᠬᠢᠵᠦ ᠦᠨᠡᠨᠴᠢ ᠢᠳᠡᠭᠡᠮᠵᠢᠳᠠᠢ ᠪᠠᠢᠬᠤ ᠬᠠᠳᠠᠭᠤ ᠠᠮᠠᠯᠠᠯᠲᠠ ᠪᠡᠨ ᠡᠷᠡᠰ ᠬᠦᠢᠴᠡᠳᠭᠡᠪᠠ
2025-08-21 11:21:53
ᠵᠣᠬᠢᠶᠠᠭ᠍ᠴᠢ᠄
ᠱᠢᠤᠸᠠᠢ ᠢ ᠴᠢᠶᠦᠢ᠍ᠨ
ᠣᠩᠱᠢᠭ᠍ᠰᠠᠨ ᠣᠳᠠᠭ᠎ᠠ᠄
★★★☆☆

 — 《ᠥᠪᠥᠷ ᠮᠣᠩᠭᠣᠯ ᠤ᠋ᠨ ᠰᠠᠢᠨ ᠬᠥᠮᠦᠨ》 ᠬᠣᠣᠯᠢᠨ ᠭᠤᠤᠯ  ᠬᠣᠲᠠ ᠵᠢᠨ ᠴᠠᠭ᠍ᠳᠠ ᠠᠭᠤᠯᠠ ᠲᠣᠰᠭᠣᠨ ᠤ᠋ ᠠᠷᠠᠳ ᠯᠢ ᠯᠠᠨ ᡁᠢ ᠵᠢ ᠲᠡᠮᠳᠡᠭ᠌ᠯᠡᠪᠡ


8 ᠰᠠᠷ᠎ᠠ ᠵᠢᠨ 15  ᠤ᠋  ᠦᠷ ᠴᠠᠢᠬᠤ ᠎ᠵᠢᠨ ᠵᠠᠢᠴᠠ ᠪᠠᠷ ᠲᠦᠩᠯᠢᠶᠣᠤ ᠬᠤᠳᠠ ᠵᠢᠨ ᠬᠣᠣᠯᠢᠨ ᠭᠤᠤᠯ  ᠬᠤᠳᠠ ᠵᠢᠨ ᠴᠠᠭ᠍ᠳᠠ ᠠᠭᠤᠯᠠ ᠲᠣᠰᠭᠣᠨ ᠤ᠋ ᠠᠷᠠᠳ ᠯᠢ ᠯᠠᠨ ᡁᠢ ᠨᠣᠭᠣᠭ᠎ᠠ ᠵᠢᠨ ᠬᠠᠰᠢᠶᠠᠨ ᠳ᠋ᠠᠭᠠᠨ ᠶᠠᠭᠠᠷᠠᠵᠦ ᠡᠬᠢᠯᠡᠪᠡ᠃ ᠲᠠᠬᠢᠶ᠎ᠠ ᠨᠤᠭᠤᠰᠤ ᠲᠡᠵᠢᠭᠡᠬᠦ᠂ ᠨᠣᠭᠣᠭ᠎ᠠ ᠵᠢᠨ ᠡᠪᠡᠰᠦ ᠵᠢ ᠠᠷᠢᠯᠭᠠᠬᠤ᠂ ᠭᠠᠬᠠᠢ ᠵᠢᠨ ᠢᠳᠡᠰᠢ ᠬᠣᠯᠢᠬᠤ᠂ ᠬᠦᠷᠢᠶ᠎ᠡ ᠬᠠᠱᠢᠶ᠎ᠠ ᠪᠡᠨ ᠴᠡᠪᠡᠷᠯᠡᠬᠦ ᠁ ᠯᠢ ᠯᠠᠨ ᡁᠢ ᠠᠷᠵᠠᠭᠠᠷ ᠭᠠᠷ ᠤ᠋ᠨ ᠠᠯᠠᠭ᠎ᠠ ᠪᠡᠷ ᠵᠢᠡᠨ ᠮᠠᠩᠨᠠᠶ ᠵᠢᠨ ᠬᠥᠯᠥᠰᠥ᠎ᠪᠡᠨ ᠠᠷᠴᠢᠭᠰᠠᠨ ᠵᠢᠡᠨ᠄ 《ᠤᠳᠤ ᠠᠮᠢᠳᠤᠷᠠᠯ ᠡᠷᠡᠮᠡᠯᠵᠡᠯ ᠲᠠᠢ ᠪᠣᠯᠤᠯ᠎ᠠ! ᠨᠣᠭᠣᠭᠠᠨ ᠬᠠᠰᠢᠶᠠᠨ ᠡᠴᠡ ᠪᠡᠨ ᠬᠤᠷᠢᠶᠠᠭᠰᠠᠨ ᠨᠣᠭᠣᠭ᠎ᠠ᠂ ᠳᠠᠬᠢᠶ᠎ᠠ ᠨᠤᠭᠤᠰᠤᠨ ᠤ᠋ ᠥᠨᠳᠡᠭᠡ᠂ ᠲᠡᠵᠢᠭᠡᠭᠰᠡᠨ ᠬᠡᠳᠦᠨ ᠭᠠᠬᠠᠢ ᠪᠡᠨ ᠨᠡᠮᠡᠪᠡᠯ᠂ ᠡᠨᠡ ᠨᠠᠮᠤᠷ ᠪᠢ ᠥᠷᠢ᠎ᠪᠡᠨ ᠯᠠᠪᠳᠠᠢ ᠲᠥᠯᠥᠵᠦ᠍ ᠳᠠᠭᠤᠰᠬᠠᠨ᠎ᠠ》  ᠭᠡᠵᠦ ᠢᠨᠢᠶᠡᠮᠰᠦᠭᠯᠡᠨ ᠬᠡᠯᠡᠨ᠎ᠡ᠃

ᠯᠢ ᠯᠠᠨ ᡁᠢ ᠵᠢᠨ ᠨᠢᠭᠡ ᠭᠡᠷ ᠤ᠋ᠨ ᠬᠢᠨ ᠤᠤᠯ ᠨᠢ ᠴᠠᠭ᠍ᠳᠠ ᠠᠭᠤᠯᠠ ᠲᠣᠰᠭᠣᠨ ᠤ᠋ ᠪᠠᠶᠠᠨ ᠴᠢᠨᠡᠭᠡᠯᠢᠭ ᠠᠢᠯ ᠪᠠᠢᠵᠠᠶ᠂ ᠭᠤᠷᠪᠠᠨ ᠲᠠᠰᠤᠯᠭ᠎ᠠ ᠤᠯᠠᠭᠠᠨ ᠲᠣᠭᠣᠰᠭᠠᠨ ᠪᠠᠢᠱᠢᠩ ᠲᠠᠢ ᠂ ᠭᠡᠷ ᠲᠡᠭᠡᠨ 600 ᠭᠠᠷᠤᠶ ᠬᠣᠨᠢ᠂ 30 ᠭᠠᠷᠤᠶ ᠦᠬᠡᠷ ᠲᠡᠵᠢᠭᠡᠵᠦ᠍ ᠪᠠᠢᠪᠠ᠂ ᠭᠡᠲᠡᠯ᠎ᠡ ᠨᠢᠭᠡ ᠤᠳᠠᠭᠠᠨ ᠤ᠋ ᠭᠡᠨᠡᠳᠲᠡ ᠵᠢᠨ ᠭᠠᠶ ᠭᠠᠮᠱᠢᠭ ᠯᠢ ᠯᠠᠨ ᡁᠢ ᠵᠢᠨ ᠬᠢᠨ ᠳ᠋ᠦ  ᠬᠦᠨᠳᠦ ᠴᠣᠬᠢᠯᠲᠠ ᠥᠭ᠌ᠴᠡᠶ᠃ 2011 ᠣᠨ ᠳ᠋ᠦ᠂ ᠯᠢ ᠯᠠᠨ ᡁᠢ ᠵᠢᠨ ᠤᠤᠭᠠᠨ ᠬᠦᠦ ᠵᠣᠣ ᠢᠦᠶ ᠬᠤᠸᠠ ᠬᠦᠨᠳᠦ ᠨᠣᠴᠢᠲᠠᠶ ᠲᠡᠷᠭᠡᠨ ᠡᠨᠳᠡᠯ ᠭᠠᠷᠴᠦ᠂ ᠠᠮᠢ ᠨᠠᠰᠤᠨ ᠤ᠋  ᠠᠶᠤᠯ ᠲᠦᠭ᠌ᠰᠢᠭᠦᠷᠢ ᠳ᠋ᠦ ᠤᠴᠠᠷᠠᠪᠠ᠂ ᠯᠢ ᠯᠠᠨ ᡁᠢ ᠡᠷ᠎ᠡ ᠨᠥᠬᠥᠷ ᠵᠣᠣ ᠯᠢᠶᠠᠨ ᠹᠠ ᠲᠠᠢ ᠪᠡᠨ ᠬᠠᠮᠳᠦ ᠪᠦᠬᠦ ᠬᠥᠷᠥᠩᠭᠡ᠎ᠪᠡᠨ ᠬᠤᠭᠤᠰᠤᠯᠠᠵᠦ᠂  ᠪᠠᠰᠠ ᠲᠥᠷᠥᠯ ᠰᠠᠳᠤᠨ ᠨᠠᠢᠵᠠ ᠨᠥᠬᠥᠳ᠂ ᠬᠥᠷᠰᠢ ᠰᠠᠭᠠᠬᠠᠯᠲᠠ ᠡᠴᠡ ᠪᠡᠨ 120 ᠲᠦᠮᠡᠨ ᠲᠥᠭᠥᠷᠢᠭ ᠵᠢᠭᠡᠯᠡᠵᠦ ᠪᠠᠢᠮᠠᠨᠵᠢᠨ ᠰᠠᠶᠢ ᠤᠤᠭᠠᠨ ᠬᠦᠦ᠍᠎ᠪᠡᠨ ᠦᠬᠦᠯ ᠤ᠋ᠨ ᠵᠠᠮ ᠡᠴᠡ ᠲᠡᠳᠡᠨ ᠠᠪᠴᠢᠷᠠᠪᠠ᠃

ᠤᠤᠭᠠᠨ ᠬᠦᠤ ᠨᠢ ᠠᠮᠢ ᠪᠡᠨ ᠠᠯᠳᠠᠭᠰᠠᠨ ᠦᠭᠡᠢ ᠪᠣᠯᠪᠠᠴᠤ᠌ ᠂ ᠳᠠᠬᠢᠨ ᠪᠣᠰᠬᠤ ᠡᠴᠡ ᠦᠩᠭᠡᠷᠡᠵᠦ᠂ ᠬᠥᠳᠡᠯᠮᠦᠷᠢᠯᠡᠬᠦ᠌ ᠴᠢᠳᠠᠪᠤᠷᠢ ᠪᠡᠨ ᠠᠯᠳᠠᠵᠠᠢ᠃ ᠤᠤᠭᠠᠨ ᠬᠦᠦ᠍ ᠵᠢᠨ ᠬᠢᠨ ᠭᠡᠷ ᠪᠦᠯᠢ ᠨᠢ ᠲᠦᠱᠢᠭ ᠲᠤᠯᠭᠠᠭᠤᠷᠢ ᠪᠡᠨ ᠠᠯᠳᠠᠭ᠍ᠰᠠᠨ ᠵᠢᠡᠷ ᠪᠠᠷᠠᠬᠤ ᠥᠬᠡᠶ ᠲᠡᠬᠦᠨ ᠢ᠋ ᠪᠠᠰᠠ ᠲᠤᠰᠭᠠᠶ ᠬᠥᠮᠦᠨ ᠵᠢᠡᠷ ᠬᠠᠷᠠᠭᠠᠯᠵᠠᠭᠤᠯᠬᠤ ᠴᠢᠬᠤᠯᠠ ᠲᠠᠶ᠃ ᠵᠣᠯ ᠵᠢᠡᠷ ᠬᠦᠦ ᠪᠠᠷᠢ ᠨᠢ ᠰᠠᠯᠵᠦ ᠶᠠᠪᠤᠭᠰᠠᠨ ᠦᠭᠡᠢ᠂ ᠪᠦᠬᠦ᠌ ᠰᠡᠳᠭᠢᠯ ᠵᠢᠡᠷ ᠵᠢᠡᠨ ᠵᠤᠤ ᠢᠦᠶ ᠬᠤᠸᠠ ᠵᠢ ᠬᠠᠷᠠᠭᠠᠯᠵᠠᠭᠰᠠᠨ ᠵᠢᠡᠷ ᠪᠠᠷᠠᠬᠤ ᠦᠭᠡᠢ᠂ ᠲᠠᠪᠤᠬᠠᠨ ᠨᠠᠰᠤᠲᠠᠶ ᠬᠡᠦᠬᠡᠳ ᠵᠢᠡᠨ ᠴᠣ᠌ ᠴᠢᠷᠮᠠᠢᠵᠦ ᠦᠰᠭᠡᠨ ᠬᠦᠮᠦᠵᠢᠬᠦᠯᠵᠠᠢ᠃ ᠯᠢ ᠯᠠᠨ ᡁᠢ ᠵᠢᠨ ᠤᠳᠬᠤᠨ ᠬᠦᠦ ᠨᠢ ᠲᠤᠬᠠᠶ ᠵᠢᠨ ᠦᠶ᠎ᠡ ᠳ᠋ᠦ 21 ᠨᠠᠰᠤᠲᠠᠶ᠂ ᠥᠷᠢ ᠱᠢᠷᠢ᠎ᠪᠡᠨ ᠳᠥᠯᠥᠬᠦ᠌ ᠴᠢᠳᠠᠪᠤᠷᠢ ᠦᠭᠡᠶ᠂ ᠡᠨᠡ ᠭᠡᠷ ᠵᠢᠡᠨ ᠶᠠᠭᠠᠬᠢᠵᠤ ᠲᠡᠩᠭᠡᠷᠡᠬᠦᠯᠵᠦ ᠠᠪᠬᠤ ᠪᠤᠶ? ᠶᠡᠬᠡ ᠬᠡᠮᠵᠢᠶᠡᠨ ᠤ᠋ ᠦᠷᠢ ᠵᠢ ᠶᠠᠭᠠᠬᠢᠵᠦ ᠲᠦᠯᠦᠬᠦ ᠪᠤᠢ? ᠠᠮᠢᠳᠤᠷᠠᠯ ᠤ᠋ᠨ ᠬᠦᠨᠳᠦ ᠳᠠᠷᠤᠭᠠᠰᠦ ᠵᠢᠨ ᠡᠮᠦᠨ᠎ᠡ᠂ ᠬᠤᠶᠠᠷ ᠨᠠᠰᠤᠳᠠᠨ 《ᠥᠷᠢᠲᠦᠭ᠌ᠰᠡᠨ ᠥᠷᠢ᠎ᠵᠢ ᠪᠢᠳᠡ ᠬᠤᠶᠠᠷ ᠲᠥᠯᠥᠨ᠎ᠡ!》 ᠭᠡᠵᠦ ᠰᠢᠳᠤ ᠪᠡᠨ ᠵᠠᠭᠤᠨ ᠡᠷᠡᠰ ᠱᠢᠭᠤᠷᠬᠠᠶ ᠪᠡᠷ ᠡᠨᠡ ᠬᠦ᠌ ᠵᠠᠭᠤᠨ ᠲᠦᠮᠡᠨ ᠤ᠋ ᠶᠡᠬᠡ ᠥᠷᠢ ᠵᠢ ᠳᠠᠭᠠᠭᠠᠵᠤ ᠠᠪᠤᠪᠠ᠃

2016 ᠣᠨ ᠳ᠋ᠦ᠂ ᠬᠣᠶᠠᠷ ᠨᠠᠰᠤᠲᠠᠨ ᠤ᠋ ᠥᠷᠢᠲᠦᠭ᠌ᠰᠡᠨ 120 ᠲᠦᠮᠡᠨ ᠲᠥᠭᠥᠷᠢᠭ ᠤ᠋ᠨ ᠥᠭ᠌ᠴᠡᠭᠡ ᠳᠡᠭᠡᠷ᠎ᠡ ᠬᠦᠦ ᠮᠥᠩᠭᠥ ᠵᠢ ᠨᠡᠮᠡᠭᠡᠳ ᠨᠢᠭᠡᠨᠳᠡ150 ᠲᠦᠮᠡᠨ ᠲᠥᠭᠥᠷᠢᠭ ᠲᠣ᠌ ᠬᠦᠷᠴᠡᠢ᠃ 2018 ᠣᠨ ᠳ᠋ᠦ ᠂ 53 ᠨᠠᠰᠤᠲᠠᠢ ᠯᠢ ᠯᠠᠨ ᡁᠢ ᠬᠤᠨᠢᠴᠢᠨ᠎ᠤ ᠠᠵᠢᠯ ᠣᠯᠵᠤ᠂ ᠨᠤᠲᠤᠭ ᠤ᠋ᠨ ᠠᠬ᠎ᠠ ᠳᠡᠭᠦᠦ᠍᠎ᠨᠡᠷ ᠤ᠋ᠨ ᠵᠢᠡᠨ 100 ᠬᠤᠨᠢ ᠵᠢ ᠣᠷᠣᠯᠠᠨ ᠬᠠᠮᠢᠶᠠᠷᠴᠤ᠌᠂ ᠥᠷᠯᠥᠭᠡ ᠪᠦᠷᠢ 5 ᠴᠠᠭ ᠪᠤᠯᠤᠯ ᠦᠭᠡᠢ ᠪᠡᠷ ᠶᠠᠭᠠᠷᠠᠯᠳᠤᠵᠤ ᠡᠬᠢᠯᠡᠨ᠎ᠡ᠃ ᠨᠦᠬᠦᠷ ᠵᠤᠤ ᠯᠢᠶᠠᠨ ᠹᠠ ᠠᠭᠤᠷᠬᠠᠢ ᠵᠢᠨ ᠬᠤᠳᠳᠤᠭ ᠲᠣ᠌ ᠪᠠᠭᠤᠵᠤ ᠠᠵᠢᠯ ᠬᠢᠵᠦ᠍᠂ ᠰᠠᠷ᠎ᠠ ᠪᠦᠷᠢ ᠲᠤᠯᠤᠭ᠎ᠠ ᠨᠠᠢ᠍ᠮᠠᠨ ᠮᠢᠩᠭᠠᠨ ᠲᠥᠭᠥᠷᠢᠭ ᠣᠯᠵᠤ᠂ ᠡᠳᠦᠷ ᠪᠦᠷᠢ ᠵᠢᠨ ᠥᠷᠯᠥᠭᠡ ᠵᠢᠨ 2 ᠴᠠᠭ ᠲᠣ᠌ ᠰᠠᠶᠢ ᠠᠭᠤᠷᠬᠠᠢ ᠵᠢᠨ ᠠᠵᠢᠯ ᠡᠴᠡ ᠪᠡᠨ ᠪᠠᠭᠤᠵᠤ᠂  6 ᠴᠠᠭ ᠪᠣᠯᠤᠯ ᠦᠭᠡᠢ ᠪᠡᠷ ᠳᠠᠬᠢᠨ ᠪᠣᠰᠴᠤ᠌ ᠯᠢ ᠯᠠᠨ ᡁᠢ ᠳ᠋ᠦ ᠬᠠᠪᠰᠤᠷᠤᠨ ᠬᠤᠨᠢ ᠵᠢ ᠨᠢ ᠬᠥᠭᠡᠭᠡᠵᠦ᠍ ᠥᠭ᠌ᠭᠦᠨ᠎ᠡ᠃ ᠵᠢᠯ ᠪᠦᠷᠢ ᠵᠢᠨ ᠨᠠᠮᠤᠷ᠂ ᠬᠣᠶᠠᠷ ᠨᠠᠰᠤᠲᠠᠨ ᠠᠭᠤᠯᠠᠨ ᠳ᠋ᠦ ᠭᠠᠷᠴᠦ ᠡᠪᠡᠰᠦ ᠬᠠᠳᠤᠵᠤ᠂ 3000 ᠭᠠᠷᠤᠶ ᠪᠤᠭᠤᠵᠢ ᠡᠪᠡᠰᠦ ᠪᠣᠷᠳᠣᠭ᠎ᠠ ᠪᠣᠭᠣᠵᠢᠯᠠᠵᠤ᠂ ᠪᠣᠭᠣᠵᠢ ᠪᠦᠷᠢ ᠵᠢ 8 ᠲᠥᠭᠥᠷᠢᠭ ᠵᠢᠡᠷ ᠬᠤᠳᠠᠯᠳᠤᠨ᠎ᠠ᠃ ᠡᠨᠡ ᠮᠡᠳᠦ ᠪᠡᠷ ᠡᠳᠦᠷ ᠰᠥᠨᠢ ᠦᠭᠡᠶ ᠱᠢᠷᠭᠠᠭᠤ ᠬᠥᠳᠡᠯᠮᠦᠷᠢᠯᠡᠭᠰᠡᠨ ᠵᠢᠡᠷ ᠬᠣᠶᠠᠷ ᠨᠠᠰᠤᠲᠠᠨ ᠤ᠋ ᠵᠢᠯ ᠤ᠋ᠨ ᠳᠤᠮᠳᠠᠴᠢ ᠣᠷᠣᠯᠭ᠎ᠠ ᠨᠢ 10 ᠭᠠᠷᠤᠶ ᠲᠦᠮᠡᠨ ᠲᠥᠭᠥᠷᠢᠭ ᠲᠣ᠌ ᠬᠦᠷᠴᠡᠶ᠃

ᠯᠢ ᠯᠠᠨ ᡁᠢ ᠄ 《ᠪᠢ ᠪᠤᠰᠤᠳ ᠤ᠋ᠨ ᠲᠠᠷᠢᠶᠠᠨ ᠤ᠋ ᠡᠪᠡᠰᠦ ᠵᠢ ᠦᠭ᠌ᠲᠡᠭᠡᠵᠦ᠍᠂ ᠢᠯᠡᠬᠦᠦ ᠴᠢᠬᠢ ᠵᠢ ᠦᠭ᠌ᠲᠡᠭᠡᠵᠦ᠂ ᠦᠢᠯᠡᠳᠪᠦᠷᠢ ᠳ᠋ᠦ ᠣᠴᠢᠵᠤ ᠬᠥᠯᠥᠰᠥᠨ ᠠᠵᠢᠯ ᠬᠢᠵᠦ᠍ ᠦᠩᠭᠡᠷᠡᠵᠠᠢ᠂ ᠱᠢᠪᠠᠷᠴᠢᠨ ᠳ᠋ᠦ ᠬᠦᠴᠦ ᠶᠠᠪᠤᠵᠦ ᠦᠩᠭᠡᠷᠡᠵᠠᠢ᠂ ᠲᠣᠭᠣᠰᠭᠠᠨ ᠤ᠋ ᠦᠢᠯᠡᠳᠪᠦᠷᠢ ᠴᠢᠯᠠᠭᠤᠨ ᠤ᠋ ᠦᠢᠯᠡᠳᠪᠦᠷᠢ ᠳ᠋ᠦ ᠠᠵᠢᠯ ᠬᠢᠵᠦ ᠦᠩᠭᠡᠷᠡᠵᠠᠢ᠂ ᠬᠦᠡᠭ᠌ᠭᠡᠨ ᠠᠵᠢᠯ ᠦᠭᠡᠢ᠂ ᠬᠦᠨᠳᠦ ᠠᠵᠢᠯ ᠶᠠᠳᠠᠷᠠᠭᠠᠨ ᠤ᠋ ᠠᠵᠢᠯ ᠢ᠋ ᠪᠠᠷᠤᠭ ᠪᠦᠷ ᠬᠢᠵᠦ᠍ ᠥᠩᠭᠡᠷᠡᠵᠠᠢ》 ᠭᠡᠵᠦ ᠦᠩᠭᠡᠷᠡᠭᠰᠡᠨ ᠵᠢᠡᠨ ᠡᠷᠬᠢᠴᠡᠬᠦᠯᠦᠨ᠎ᠡ᠃

ᠥᠷᠢᠲᠦᠭ᠌ᠰᠡᠨ ᠵᠣᠭᠣᠰ ᠵᠢᠡᠨ ᠡᠷᠲᠡᠬᠡᠨ ᠲᠦᠯᠦᠵᠦ ᠳᠠᠭᠤᠰᠬᠠᠬᠤ ᠵᠢᠨ ᠲᠥᠯᠥᠭᠡ᠂ ᠯᠢ ᠯᠠᠨ ᡁᠢ ᠭᠤᠷᠪᠠᠨ ᠴᠠᠭ ᠤ᠋ᠨ ᠬᠤᠭᠤᠯᠠ ᠪᠡᠨ ᠦᠷᠬᠦᠯᠵᠢ ᠲᠤᠲᠤᠷᠭᠠᠨ ᠪᠤᠳᠠᠭ᠎ᠠ ᠳᠠᠪᠤᠰᠤᠯᠠᠭ᠍ᠰᠠᠨ ᠨᠣᠭᠣᠭ᠎ᠠ᠎ᠪᠡᠷ ᠡᠪᠯᠡᠬᠦᠯᠵᠦ᠂ ᠵᠥᠪᠬᠡᠨ ᠨᠦᠬᠦᠷ ᠵᠤᠤ ᠯᠢᠶᠠᠨ ᠹᠠ ᠨᠢ ᠠᠭᠤᠷᠬᠠᠢ ᠡᠴᠡ ᠪᠡᠨ ᠬᠠᠷᠢᠵᠤ ᠢᠷᠡᠬᠦ ᠳ᠋ᠦ᠂ ᠯᠢ ᠯᠠᠨ ᡁᠢ ᠰᠠᠶᠢ ᠨᠢᠭᠡ ᠨᠣᠭᠣᠭ᠎ᠠ ᠬᠠᠭᠤᠷᠠᠳᠠᠭ᠃ ᠡᠪᠦᠯ ᠤ᠋ᠨ ᠴᠠᠭ ᠲᠣ᠌᠂ ᠨᠡᠭᠦᠷᠡᠰᠦ ᠪᠡᠨ ᠠᠷᠪᠢᠯᠠᠬᠤ ᠵᠢᠨ ᠲᠥᠯᠥᠭᠡ᠂ ᠲᠦᠩᠭᠡᠵᠢ ᠪᠦᠷᠦᠢ ᠪᠤᠯᠬᠤ ᠪᠡᠷ ᠵᠤᠤᠬᠠᠨ ᠤ᠋ ᠭᠠᠯ ᠵᠢᠡᠨ ᠳᠠᠷᠤᠵᠤ᠂ ᠨᠡᠭᠦᠷᠡᠰᠦᠨ ᠤᠲᠤᠭᠠᠨ ᠳ᠋ᠦ ᠤᠲᠤᠭ᠍ᠳᠠᠵᠤ ᠬᠠᠷᠠᠯᠠᠭ᠍ᠰᠠᠨ ᠬᠠᠶᠠᠭ᠎ᠠ ᠨᠢ ᠯᠢ ᠯᠠᠨ ᡁᠢ ᠵᠢᠨ ᠨᠢᠭᠡᠨ ᠳᠤᠷᠠᠳᠬᠠᠯ ᠪᠣᠯᠪᠠ᠃ ᠬᠡᠨ ᠤ᠋ ᠬᠣᠨᠢ ᠢᠮᠠᠭ᠎ᠠ ᠵᠢ ᠬᠠᠮᠢᠶᠠᠷᠴᠤ᠌ ᠪᠠᠢᠭᠰᠠᠨ᠂ ᠬᠡᠨ ᠤ᠋ ᠬᠢ ᠡᠴᠡ ᠵᠣᠭᠣᠰ ᠵᠢᠭᠡᠯᠡᠭ᠌ᠰᠡᠨ᠂ ᠬᠡᠨ ᠤ᠋ ᠬᠢ ᠳ᠋ᠦ ᠥᠷᠢᠲᠦᠭ᠌ᠰᠡᠨ ᠢ᠋ ᠯᠢ ᠯᠠᠨ ᡁᠢ ᠪᠦᠷ ᠲᠤᠪ ᠲᠣᠳᠣᠷᠬᠠᠶ ᠴᠡᠭᠡᠵᠢᠯᠡᠭᠰᠡᠭᠡᠷ ᠪᠠᠢᠪᠠ᠃ ᠲᠡᠷᠡ᠄ 《ᠬᠥᠮᠦᠨ ᠨᠢᠩᠵᠢᠨ ᠰᠡᠳᠬᠢᠯ ᠲᠠᠢ ᠪᠠᠢᠬᠤ ᠬᠡᠷᠡᠭ᠌ᠲᠡᠢ᠂ ᠲᠡᠳᠡ ᠨᠠᠮᠠᠢ᠍ᠢ ᠬᠠᠮᠤᠭ ᠤ᠋ᠨ ᠬᠦᠴᠢᠷᠲᠡᠢ ᠦᠶ᠎ᠡ ᠳ᠋ᠦ ᠳᠡᠭᠡᠭᠰᠢ ᠨᠢᠭᠡ ᠳᠠᠳᠠᠪᠠ᠂ ᠡᠨᠡ ᠪᠣᠯ ᠠᠴᠢ᠂ ᠪᠢ ᠴᠡᠭᠡᠵᠢᠯᠡᠬᠦ᠌ ᠬᠡᠷᠡᠭ᠌ᠲᠡᠢ᠂ ᠨᠡᠩ ᠬᠠᠷᠢᠭᠤᠯᠬᠤ ᠬᠡᠷᠡᠭ᠌ᠲᠡᠢ》 ᠭᠡᠵᠦ ᠨᠢᠳᠤᠨ ᠳ᠋ᠡᠭᠡᠨ ᠨᠢᠯᠪᠤᠰᠤ ᠮᠡᠯᠳᠡᠭᠡᠨᠡᠬᠦᠯᠤᠨ ᠬᠡᠯᠡᠨ᠎ᠡ ᠃

ᠯᠢ ᠯᠠᠨ ᡁᠢ ᠡᠪᠦᠭᠡᠨ ᠬᠥᠭ᠌ᠰᠢᠨ ᠬᠣᠶᠠᠭᠤᠯᠠ ᠪᠡᠨ ᠬᠦᠴᠢᠷ ᠪᠡᠷᠬᠡᠱᠢᠶᠡᠯ ᠡᠴᠡ ᠠᠶᠤᠬᠤ ᠦᠭᠡᠢ᠂ ᠱᠢᠷᠭᠠᠭᠤ ᠬᠠᠲᠠᠭᠤᠵᠢᠯᠲᠠᠢ ᠠᠵᠢᠯᠯᠠᠵᠤ᠂  ᠦᠨᠡᠨᠴᠢ ᠢᠲᠡᠭᠡᠮᠵᠢ ᠵᠢᠨ ᠬᠣᠷᠢᠭ᠎ᠠ ᠱᠤᠭᠤᠮ ᠢ᠋ ᠠᠮᠢ ᠨᠠᠰᠤ ᠪᠡᠷ ᠵᠢᠡᠨ ᠰᠠᠬᠢᠨ ᠬᠠᠮᠠᠭᠠᠯᠠᠪᠠ᠃ 2019 ᠣᠨ ᠤ᠋ ᠡᠬᠢ ᠪᠡᠷ᠂ ᠬᠣᠶᠠᠷ ᠨᠠᠰᠤᠲᠠᠨ 7 ᠵᠢᠯ ᠬᠠᠭᠠᠰ ᠤ᠋ᠨ ᠴᠠᠭ ᠵᠢᠡᠷ 120 ᠲᠦᠮᠡᠨ ᠲᠥᠭᠥᠷᠢᠭ ᠤ᠋ᠨ ᠥᠷᠢ ᠱᠢᠷᠢ᠎ᠪᠡᠨ ᠳᠥᠯᠥᠵᠦ ᠳᠠᠭᠤᠰᠬᠠᠪᠠ᠃ 2020 ᠣᠨ ᠳ᠋ᠦ᠂ ᠠᠯᠢᠪᠠ ᠪᠦᠬᠦᠨ ᠰᠠᠢ᠌ᠨ ᠲᠡᠢᠰᠢ ᠪᠠᠨ ᠪᠠᠢᠳᠠᠯ᠎ᠠ᠂ ᠵᠤᠤ ᠯᠢᠶᠠᠨ ᠹᠠ ᠬᠠᠷᠢᠨ ᠡᠪᠡᠳᠴᠢᠯᠡᠵᠦ᠍᠂ ᠡᠪᠡᠳᠴᠢᠯᠡᠭᠰᠡᠨ ᠡᠴᠡ ᠨᠠᠰᠤ ᠪᠠᠷᠠᠳᠠᠯ᠎ᠠ 1 ᠵᠢᠯ ᠴᠦ᠍ ᠪᠤᠯᠤᠭ᠎ᠠ ᠦᠭᠡᠢ᠃ ᠡᠷ᠎ᠡ ᠨᠥᠬᠥᠷ ᠨᠢ ᠡᠪᠡᠳᠴᠢᠨ ᠵᠢᠡᠷ ᠨᠠᠰᠤ ᠪᠠᠷᠠᠭ᠍ᠰᠠᠨ ᠤ᠋ ᠳᠠᠷᠠᠭ᠎ᠠ᠂ ᠯᠢ ᠯᠠᠨ ᡁᠢ ᠭᠠᠭ᠍ᠴᠠᠭᠠᠷ ᠵᠢᠡᠨ ᠥᠷᠢ ᠲᠥᠯᠥᠬᠦ᠌ ᠬᠦᠨᠳᠦ ᠡᠭᠦᠷᠭᠡ ᠵᠢ ᠡᠭᠦᠷᠭᠡᠯᠡᠪᠡ᠃ 2021 ᠣᠨ ᠳ᠋ᠦ᠂ ᠣᠯᠠᠨ ᠵᠢᠯ ᠶᠠᠳᠠᠷᠠᠵᠤ ᠵᠦᠳᠡᠷᠡᠵᠦ᠂ ᠱᠢᠮ᠎ᠡ ᠲᠡᠵᠢᠭᠡᠯ ᠳᠤᠲᠠᠭ᠍ᠳᠠᠭ᠍ᠰᠠᠨ ᠡᠴᠡ ᠯᠢ ᠯᠠᠨ ᡁᠢ ᠬᠡᠷᠦᠬᠦ᠌ ᠡᠪᠡᠳᠴᠢᠨ᠎ᠳᠤ ᠨᠡᠷᠪᠡᠭᠳᠡᠪᠠ ᠭᠡᠵᠦ᠍ ᠣᠨᠣᠱᠢᠯᠠᠭ᠍ᠳᠠᠪᠠ᠂ ᠡᠭᠦᠨ ᠡᠴᠡ ᠬᠣᠢᠰᠢ ᠲᠡᠷᠡ ᠳᠠᠬᠢᠨ ᠬᠦᠨᠳᠦ ᠪᠡᠶ᠎ᠡ ᠵᠢᠨ ᠬᠥᠳᠡᠯᠮᠦᠷᠢ ᠬᠢᠵᠦ᠍ ᠴᠢᠳᠠᠬᠤ ᠥᠬᠡᠶ ᠪᠤᠯᠤᠭᠰᠠᠨ ᠪᠦᠭᠡᠳ ᠬᠣᠨᠢ ᠲᠡᠵᠢᠭᠡᠵᠦ᠍ ᠴᠦ᠍ ᠴᠢᠳᠠᠬᠤ ᠥᠬᠡᠶ ᠪᠣᠯᠵᠠᠶ᠃ ᠲᠡᠭᠡᠭᠡᠳ ᠲᠡᠷᠡ ᠵᠢᠯ ᠪᠦᠷᠢ ᠴᠤᠭ᠍ᠯᠠᠭ᠎ᠠ ᠮᠠᠢᠮᠠᠢ ᠳᠡᠭᠡᠷ᠎ᠡ ᠣᠴᠢᠵᠤ 6 ᠭᠠᠬᠠᠢ ᠵᠢᠨ ᠲᠤᠷᠤᠢ ᠬᠤᠳᠠᠯᠳᠤᠨ ᠠᠪᠴᠤ᠌ ᠲᠡᠵᠢᠭᠡᠭᠡᠳ᠂ ᠵᠢᠯ ᠤ᠋ᠨ ᠡᠴᠦᠰ ᠪᠤᠯᠬᠤ ᠳ᠋ᠦ ᠬᠤᠳᠠᠯᠳᠤᠭᠠᠳ ᠵᠣᠭᠣᠰ ᠵᠢᠡᠨ ᠪᠤᠴᠠᠭᠠᠳᠠᠭ᠃ ᠡᠳᠡᠭᠡᠷ ᠵᠢᠯ ᠳ᠋ᠤ᠂  ᠯᠢ ᠯᠠᠨ ᡁᠢ ᠡᠪᠦᠭᠡᠨ ᠬᠦᠭᠰᠢᠨ ᠬᠣᠶᠠᠭᠤᠯᠠ ᠵᠢᠨ ᠦᠢᠯᠡ ᠠᠵᠢᠯᠯᠠᠭ᠎ᠠ ᠨᠢ ᠮᠠᠰᠢ ᠣᠯᠠᠨ ᠠᠪᠴᠠᠭᠠᠨ ᠤ᠋ ᠡᠵᠡᠨ ᠤ᠋ ᠰᠡᠳᠭᠢᠯ ᠢ᠋ ᠬᠦᠨᠳᠡᠵᠦ᠂ ᠲᠡᠭᠦᠨ ᠤ᠋ ᠬᠢᠯᠪᠠᠷ ᠪᠤᠰᠤ ᠪᠠᠢᠳᠠᠯ ᠎ᠢ ᠨᠢ ᠬᠠᠷᠠᠵᠦ ᠦᠷᠦᠪᠳᠦᠨ᠂ ᠰᠠᠨᠠᠭᠠᠴᠢᠯᠠᠭ᠎ᠠ ᠡᠴᠡ ᠪᠡᠨ ᠬᠦᠦ ᠮᠥᠩᠭᠥ ᠵᠢ ᠨᠢ ᠬᠡᠯᠲᠦᠷᠢᠭᠦᠯᠵᠦ᠍᠂ ᠥᠷᠢ ᠱᠢᠷᠢ ᠨᠢ ᠤᠯᠠᠮ ᠡᠴᠡ ᠤᠯᠠᠮ ᠪᠠᠭ᠎ᠠ ᠪᠣᠯᠪᠠ᠃ ᠤᠳᠤ᠂ ᠲᠤᠬᠠᠢ ᠵᠢᠨ ᠭᠠᠵᠠᠷ  ᠤ᠋ᠨ ᠵᠡᠮᠳᠡᠭ᠌ᠴᠦᠳ ᠤ᠋ᠨ ᠬᠣᠯᠪᠣᠭ᠎ᠠ ᠵᠢᠨ ᠬᠠᠪᠰᠤᠷᠤᠯᠭ᠎ᠠ ᠳᠣᠣᠷ᠎ᠠ᠂ ᠯᠢ ᠯᠠᠨ ᡁᠢ ᠬᠢᠮᠳᠠ ᠲᠦᠷᠢᠶᠡᠰᠦᠨ ᠭᠡᠷ ᠲᠣ᠌ ᠨᠡᠭᠦᠨ ᠤᠷᠤᠵᠤ ᠰᠠᠭᠤᠵᠠᠢ᠃

《ᠨᠠᠰᠤ ᠠᠬᠢᠭ᠍ᠰᠠᠨ ᠴᠤ᠌ ᠪᠢ ᠮᠥᠨ ᠯᠡ ᠰᠠᠢᠨ ᠠᠵᠢᠯᠯᠠᠨ᠎ᠠ᠂ ᠵᠠᠪᠠᠯ ᠰᠥᠰᠥ᠍ ᠵᠣᠷᠢᠭ ᠲᠠᠢ ᠪᠠᠢᠬᠤ ᠬᠡᠷᠡᠭ᠌ᠲᠡᠢ》᠃ ᠡᠨᠡ ᠪᠣᠯ ᠯᠢ ᠯᠠᠨ ᡁᠢ ᠵᠢᠨ ᠠᠮᠢᠳᠤᠷᠠᠯ ᠳ᠋ᠠᠭᠠᠨ ᠬᠠᠨᠳᠤᠭᠰᠠᠨ ᠪᠠᠲᠤ ᠰᠠᠬᠢᠯᠳᠠ ᠪᠠ ᠢᠷᠡᠭᠡᠳᠦᠶ ᠵᠢᠨ ᠲᠤᠬᠠᠶ ᠬᠦᠰᠡᠯ ᠡᠷᠡᠮᠡᠯᠵᠡᠯ ᠠᠵᠢ᠃

ᠠᠷᠪᠠᠨ ᠭᠤᠷᠪᠠᠨ ᠵᠢᠯ ᠤ᠋ᠨ ᠬᠠᠲᠠᠭᠤᠵᠢᠯ ᠳᠠᠪᠲᠠᠯᠲᠠ ᠳ᠋ᠦ᠂ ᠯᠢ ᠯᠠᠨ ᡁᠢ ᠬᠠᠮᠤᠭ ᠤ᠋ᠨ ᠪᠣᠷᠣᠭ᠍ᠵᠢᠭᠤᠨ ᠦᠢᠯᠡ ᠠᠵᠢᠯᠯᠠᠭ᠎ᠠ ᠪᠡᠷ ᠵᠢᠡᠨ 《ᠦᠨᠡᠨᠴᠢ ᠢᠲᠡᠭᠡᠮᠵᠢ ᠪᠣᠯ ᠠᠯᠲᠠ》 ᠭᠡᠬᠦ᠌ ᠠᠮᠢᠳᠤᠷᠠᠯ ᠤ᠋ᠨ ᠵᠢᠷᠤᠮᠯᠠᠯ ᠎ᠳ᠋ᠤ ᠲᠠᠢᠯᠪᠤᠷᠢᠯᠡᠯᠳᠠ ᠬᠢᠪᠠ᠃ ᠲᠦᠷᠦᠭᠦᠬᠡᠨ 2025 ᠣᠨ ᠤ᠋ ᠬᠣᠶᠠᠳᠤᠭᠠᠷ ᠤᠯᠠᠷᠢᠯ ᠤ᠋ᠨ 《ᠥᠪᠥᠷ ᠮᠣᠩᠭᠣᠯ ᠤ᠋ᠨ ᠰᠠᠢᠨ ᠬᠥᠮᠦᠨ ᠤ᠋ ᠨᠡᠷᠡᠰ ᠤ᠋ᠨ ᠵᠢᠭᠰᠠᠭᠠᠯᠳᠠ》 ᠢ᠋ᠢ ᠨᠡᠢᠲᠡᠯᠡᠵᠦ᠍ ᠂ ᠯᠢ ᠯᠠᠨ ᡁᠢ ᠨᠡᠷᠡᠰ ᠤ᠋ᠨ ᠵᠢᠭ᠍ᠰᠠᠭᠠᠯᠲᠠ ᠳ᠋ᠦ ᠲᠣᠳᠣᠷᠠᠪᠠ᠃ ᠯᠢ ᠯᠠᠨ ᡁᠢ᠂ ᠪᠢ ᠦᠷᠭᠦᠯᠵᠢᠯᠡᠨ ᠴᠢᠷᠮᠠᠢᠵᠤ᠂ ᠤᠯᠠᠨ ᠤ᠋ ᠬᠦᠰᠡᠯ ᠨᠠᠢᠳᠠᠯᠭ᠎ᠠ ᠵᠢ ᠬᠥᠰᠡᠷᠳᠡᠭᠦᠯᠬᠦ᠌ ᠦᠭᠡᠢ᠂ ᠦᠨᠡᠨᠴᠢ ᠢᠲᠡᠭᠡᠮᠵᠢᠲᠡᠢ ᠪᠠᠢᠬᠤ ᠢᠳᠡᠪᠬᠢ ᠬᠦᠴᠦᠨ ᠢ᠋ ᠲᠠᠯ᠎ᠠ ᠨᠤᠳᠤᠭ ᠎ᠤᠨ ᠲᠠᠶᠠᠭᠠᠷ ᠤᠯᠠᠨ᠎ᠳᠠᠭᠠᠨ ᠳᠠᠮᠵᠢᠭᠤᠯᠤᠨ᠎ᠠ ᠭᠡᠵᠦ᠍ ᠵᠤᠷᠢᠯᠳᠠ ᠪᠠᠨ ᠲᠤᠳᠤᠷᠠᠭᠤᠯᠤᠨ᠎ᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号