ᠲᠡᠰᠬᠢᠮ᠎ᠡ ᠬᠦᠢᠲᠡᠨ ᠰᠢᠭᠤᠢᠲᠦ ᠤᠷᠤᠨ᠎ᠳ᠋ᠦ ᠠᠷᠪᠠᠨ ᠲᠠᠪᠤᠨ ᠵᠢᠯ ᠰᠠᠭᠤᠵᠦ ᠳᠣᠬᠢᠶ᠎ᠠ ᠰᠦᠯᠵᠢᠶ᠎ᠡ ᠵᠢ ᠰᠠᠬᠢᠨ ᠬᠠᠮᠠᠭᠠᠯᠠᠵᠤ ᠬᠢᠯᠢ ᠬᠢᠵᠠᠭᠠᠷ᠎ᠢ ᠳᠤᠯᠠᠭᠠᠯᠠᠨ᠎ᠠ
2025-09-11 09:47:48
ᠵᠣᠬᠢᠶᠠᠭ᠍ᠴᠢ᠄
ᠯᠢ ᠰᠢᠨ ᠵᠢᠶᠦ᠋ᠨ
ᠣᠩᠱᠢᠭ᠍ᠰᠠᠨ ᠣᠳᠠᠭ᠎ᠠ᠄
★★★☆☆

《ᠥᠪᠥᠷ ᠮᠣᠩᠭᠣᠯ᠎ᠤᠨ ᠰᠠᠢᠨ ᠬᠥᠮᠥᠨ》 ᠤ᠋ ᠵᠢᠱ᠌ᠢᠭᠳᠡᠭᠴᠢ᠂ ᠳᠤᠮᠳᠠᠳᠤ ᠤᠯᠤᠰ᠎ᠤᠨ ᠴᠠᠬᠢᠯᠭᠠᠨ ᠬᠣᠯᠪᠣᠭ᠎ᠠ᠎ᠶᠢᠨ ᠡᠷᠭᠦᠨ᠎ᠡ ᠬᠤᠪᠢᠶᠠᠷᠢ ᠺᠣᠮᠫᠠᠨᠢ᠎ᠶᠢᠨ ᠮᠤᠷᠢᠳᠠᠭ᠎ᠠ ᠰᠠᠯᠪᠤᠷᠢ ᠲᠣᠪᠴᠢᠶ᠎ᠠ᠎ᠶᠢᠨ ᠳᠠᠷᠤᠭ᠎ᠠ ᠴᠠᠢ ᠷᠦᠢ ᠹᠸᠩ᠎ᠢ ᠲᠡᠮᠳᠡᠭᠯᠡᠪᠡ


ᠲᠡᠷᠡ 15 ᠵᠢᠯ ᠎ᠤᠨ  ᠪᠠᠲᠤ ᠰᠠᠬᠢᠶ᠎ᠠ ᠪᠠ ᠬᠤᠪᠢ ᠨᠡᠮᠡᠷᠢ᠎ᠪᠡᠷ᠎ᠢᠶᠡᠨ ᠵᠢᠯ ᠎ᠦᠨ ᠳᠤᠮᠳᠠᠴᠢ ᠠᠭᠠᠷ ᠎ᠤᠨ ᠳᠤᠯᠠᠭᠠᠨ ᠲᠡᠭ᠎ᠡᠴᠡ ᠳᠣᠷᠣᠭ᠍ᠰᠢ 5℃ ᠡᠴᠡ ᠲᠡᠭ ᠡᠴᠡ ᠳᠣᠷᠣᠭ᠍ᠰᠢ 7℃᠂ ᠡᠪᠦᠯ ᠎ᠦᠨ ᠤᠯᠠᠷᠢᠯ ᠎ᠤᠨ ᠬᠠᠮᠤᠭ ᠎ᠤᠨ ᠳᠣᠣᠷ᠎ᠠ ᠠᠭᠠᠷ᠎ᠤᠨ ᠳᠤᠯᠠᠭᠠᠨ ᠲᠡᠭ᠎ᠡᠴᠡ ᠳᠣᠷᠣᠭ᠍ᠰᠢ 54℃᠂ ᠬᠥᠯᠳᠡᠬᠦ ᠬᠤᠭᠤᠴᠠᠭ᠎ᠠ ᠨᠢ 8 ᠰᠠᠷ᠎ᠠ ᠦᠷᠭᠦᠯᠵᠢᠯᠡᠭᠰᠡᠨ ᠶᠡᠬᠡ ᠬᠢᠩᠭᠠᠨ ᠳᠠᠪᠠᠭ᠎ᠠ᠎ᠶᠢᠨ ᠪᠠᠯᠠᠷ ᠣᠶ ᠎ᠶᠢᠨ ᠭᠦᠨ ᠎ᠳᠦ᠂ ᠡᠬᠡ ᠤᠯᠤᠰ ᠎ᠤᠨ ᠨᠤᠲᠤᠭ ᠳᠡᠪᠢᠰᠬᠡᠷ᠎ᠦᠨ ᠬᠠᠮᠤᠭ᠎ᠤᠨ ᠬᠣᠢᠲᠤ ᠵᠠᠬ᠎ᠠ᠎ᠳᠦ᠂ ᠬᠤᠶᠠᠷ ᠱᠠᠩᠬᠠᠢ ᠬᠣᠲᠠ᠎ᠶᠢᠨ ᠲᠠᠯᠠᠪᠠᠶ ᠲᠡᠢ ᠲᠡᠨᠭᠴᠡᠬᠦ ᠥᠷᠭᠡᠨ ᠠᠭᠤᠳᠠᠮ ᠨᠤᠲᠤᠭ ᠳᠡᠪᠢᠰᠬᠡᠷ ᠳᠡᠭᠡᠷ᠎ᠡ ᠬᠤᠷᠸ᠎ᠠ ᠶᠢᠷᠲᠢᠨᠴᠦ ᠵᠢ ᠬᠣᠯᠪᠣᠭᠰᠠᠨ ᠵᠤᠷᠪᠤᠰ ᠵᠤᠷᠪᠤᠰ 《ᠠᠮᠢᠨ ᠵᠢᠷᠤᠭᠠᠰᠦ》 ᠵᠢ ᠲᠠᠲᠠᠵᠠᠢ᠃

ᠲᠡᠷᠡ ᠪᠣᠯ ᠳᠠᠷᠤᠢ ᠳᠤᠮᠳᠠᠳᠤ ᠤᠯᠤᠰ᠎ᠤᠨ ᠴᠠᠬᠢᠯᠭᠠᠨ ᠬᠣᠯᠪᠣᠭ᠎ᠠ ᠵᠢᠨ ᠡᠷᠭᠦᠨ᠎ᠡ ᠬᠤᠪᠢᠶᠠᠷᠢ ᠺᠣᠮᠫᠠᠨᠢ᠎ᠶᠢᠨ ᠮᠤᠷᠢᠳᠠᠭ᠎ᠠ ᠰᠠᠯᠪᠤᠷᠢ ᠲᠣᠪᠴᠢᠶ᠎ᠠ᠎ᠶᠢᠨ ᠳᠠᠷᠤᠭ᠎ᠠ ᠴᠠᠢ ᠷᠦᠢ ᠹᠸᠩ ᠪᠣᠯᠣᠨ᠎ᠠ᠃ ᠲᠡᠷᠡ ᠡᠭᠡᠯ ᠵᠢᠷ ᠎ᠦᠨ ᠠᠵᠢᠯ᠎ᠤᠨ ᠪᠠᠢᠷᠢ ᠳᠡᠭᠡᠷᠡᠬᠢ ᠶᠡᠷᠦ ᠪᠤᠰᠤ ᠎ᠶᠢᠨ ᠪᠠᠷᠢᠮᠲᠠᠯᠠᠯ᠎ᠢᠶᠠᠷ᠎ᠢᠶᠠᠨ ᠰᠢᠭᠤᠢᠲᠤ ᠣᠷᠣᠨ᠎ᠤ ᠴᠡᠷᠢᠭ ᠠᠷᠠᠳ᠎ᠤᠨ ᠰᠡᠳᠬᠢᠯ᠎ᠳᠡᠬᠢ ᠬᠠᠮᠤᠭ᠎ᠤᠨ ᠢᠲᠡᠭᠡᠯ᠎ᠲᠠᠢ《ᠴᠠᠢ ᠠᠬ᠎ᠠ》 ᠪᠣᠯᠵᠤ᠂ ᠨᠡᠷ᠎ᠡ ᠨᠢᠳᠡᠷ᠎ᠲᠡᠬᠡᠨ ᠨᠡᠢᠴᠡᠭᠰᠡᠨ《ᠥᠪᠥᠷ ᠮᠣᠩᠭᠣᠯ᠎ᠤᠨ ᠰᠠᠢᠨ ᠬᠥᠮᠥᠨ》 ᠤ᠋ ᠵᠢᠱ᠌ᠢᠭᠳᠡᠭᠴᠢ ᠪᠣᠯᠤᠭᠰᠠᠨ ᠪᠠᠢᠨ᠎ᠠ᠃

ᠨᠢᠭᠡ ᠬᠥᠮᠥᠨ ᠨᠢᠭᠡ ᠨᠣᠬᠠᠢ ᠲᠡᠢ ᠪᠡᠨ ᠲᠦᠮᠡᠨ ᠭᠠᠵᠠᠷ ᠠᠶᠠᠯᠠᠵᠤ᠂ ᠵᠠᠯᠠᠭᠤ ᠨᠠᠰᠤ ᠪᠡᠨ ᠴᠢᠮᠡᠭᠡ ᠬᠣᠯᠪᠣᠭᠠᠨ᠎ᠤ ᠲᠣᠣᠷ ᠲᠦ᠍ ᠵᠤᠷᠢᠭᠤᠯᠤᠨ᠎ᠠ᠃

2009 ᠣᠨ᠎ᠳᠤ᠂ 21 ᠨᠠᠰᠤᠲᠠᠢ ᠴᠠᠢ ᠷᠦᠢ ᠹᠸᠩ ᠳᠤᠮᠳᠠᠳᠤ ᠤᠯᠤᠰ᠎ᠤᠨ ᠬᠠᠮᠤᠭ᠎ᠤᠨ ᠬᠤᠢᠲᠦ ᠬᠢᠯᠢ ᠬᠢᠵᠠᠭᠠᠷ᠎ᠤᠨ ᠵᠢᠵᠢᠭ ᠪᠠᠯᠭᠠᠰᠤ ︱ ᠮᠤᠷᠢᠳᠠᠭ᠎ᠠ᠎ᠳᠤ ᠢᠷᠡᠵᠤ᠂ ᠨᠢᠭᠡᠨ ᠡᠩ᠎ᠦᠨ ᠴᠢᠮᠡᠭᠡ ᠬᠣᠯᠪᠣᠭᠠᠨ᠎ᠤ ᠬᠠᠮᠠᠭᠠᠯᠠᠭ᠍ᠴᠢ ᠪᠣᠯᠵᠠᠢ᠃ 《1.2 ᠲᠦᠮᠡᠨ ᠲᠡᠭᠰᠢ ᠳᠥᠷᠪᠡᠯᠵᠢᠨ ᠺᠢᠯᠤᠮᠸᠲᠷ᠎ᠤᠨ ᠪᠠᠯᠠᠷ ᠤᠢ᠎ᠳᠦ ᠴᠢᠮᠡᠭᠡ ᠬᠣᠯᠪᠣᠭ᠎ᠠ ᠵᠢᠨ ᠲᠤᠨᠤᠭ ᠲᠦᠬᠦᠭᠡᠷᠤᠮᠵᠢ ᠵᠢ ᠠᠷᠠᠴᠢᠯᠠᠨ ᠬᠠᠮᠠᠭᠠᠯᠠᠬᠤ ᠨᠢ ᠨᠠᠳᠠ᠎ᠳᠦ ᠬᠠᠷᠢᠭᠤᠴᠠᠯᠭ᠎ᠠ ᠮᠠᠰᠢ ᠬᠦᠨᠳᠦ ᠭᠡᠳᠡᠭ᠎ᠢ ᠮᠡᠳᠡᠷᠡᠭᠦᠯᠵᠡᠢ》᠃ ᠲᠤᠬᠠᠢ᠎ᠶᠢᠨ ᠦᠶ᠎ᠡ᠎ᠳᠦ ᠡᠨᠡ ᠬᠡᠰᠡᠭ ᠭᠠᠵᠠᠷ ᠣᠷᠣᠨ᠎ᠳᠤ ᠬᠥᠮᠥᠨ ᠠᠮᠠ ᠴᠥᠭᠡᠨ᠂ ᠵᠠᠮ ᠬᠤᠯᠠ ᠪᠠᠢᠵᠤ᠂ ᠬᠠᠮᠤᠭ᠎ᠤᠨ ᠣᠢᠷ᠎ᠠ ᠰᠠᠭᠤᠷᠢ ᠦᠷᠳᠡᠬᠡ 10 ᠺᠢᠯᠤᠮᠸᠲᠷ᠂ ᠬᠠᠮᠤᠭ᠎ᠤᠨ ᠬᠤᠯᠠ ᠰᠠᠭᠤᠷᠢ ᠦᠷᠳᠡᠬᠡ ᠬᠦᠷᠲᠡᠯ᠎ᠡ 500 ᠺᠢᠯᠤᠮᠸᠲᠷ ᠪᠠᠢᠵᠤ᠂ ᠠᠷᠠᠴᠢᠯᠠᠨ ᠬᠠᠮᠠᠭᠠᠯᠠᠬᠤ ᠠᠵᠢᠯ ᠎ᠢ ᠲᠡᠷᠡ ᠭᠠᠭᠴᠠᠭᠠᠷ ᠡᠭᠦᠷᠭᠡᠯᠡᠵᠦ ᠪᠠᠢᠪᠠ᠃ ᠤᠢᠳᠬᠠᠷ᠎ᠢ ᠨᠢ ᠦᠷᠭᠦᠭᠡᠵᠤ ᠨᠢᠭᠡ ᠠᠯᠠᠰᠺᠠ ᠨᠣᠬᠠᠢ ᠨᠢ ᠲᠡᠭᠦᠨ᠎ᠤ ᠴᠠᠰᠤᠲᠤ ᠣᠶ ᠵᠢ ᠲᠤᠭᠤᠯᠬᠤ ᠴᠣᠷ᠎ᠤᠨ ᠭᠠᠭᠴᠠ ᠬᠠᠨᠢ ᠪᠣᠯᠵᠤ ᠪᠠᠢᠬᠰᠠᠨ ᠠᠵᠢ᠃

15 ᠵᠢᠯ᠎ᠦᠨ ᠲᠤᠷᠰᠢ ᠲᠡᠭᠦᠨ᠎ᠦ ᠮᠥᠷ ᠰᠢᠭᠤᠢᠲᠤ ᠣᠷᠣᠨ᠎ᠳᠤ ᠲᠦᠭᠡᠵᠦ᠂ ᠨᠡᠶ᠋ᠢᠲᠡ 60 ᠲᠦᠮᠡᠨ ᠺᠢᠯᠣᠮᠧᠲᠷ᠎ᠢ ᠳᠠᠪᠠᠵᠤ᠂ ᠡᠨᠡ ᠳᠡᠯᠡᠬᠡᠢ᠎ᠶᠢᠨ ᠪᠦᠰᠡᠯᠡᠭᠦᠷ᠎ᠢ 15 ᠡᠷᠭᠢᠭᠰᠡᠨ᠎ᠲᠠᠢ ᠲᠡᠩᠴᠡᠪᠡ᠃ ᠥᠨᠳᠥᠷ ᠬᠦᠴᠦᠯᠡᠴᠡ᠎ᠲᠠᠢ ᠠᠵᠢᠯ ᠪᠠ ᠬᠦᠨᠳᠦ ᠬᠡᠴᠡᠭᠦᠦ ᠣᠷᠴᠢᠨ ᠨᠦᠭᠦᠴᠡᠯ ᠨᠢ ᠲᠡᠭᠦᠨ᠎ᠤ 30 ᠭᠠᠷᠤᠢᠬᠠᠨ ᠨᠠᠰᠤᠨ᠎ᠤ ᠰᠡᠭᠡᠷ ᠨᠢᠷᠤᠭᠤ᠎ᠶᠢ X ᠰᠠᠴᠤᠷᠠᠭ᠎ᠤᠨ ᠹᠢᠯᠢᠮ᠎ᠦᠨ ᠳᠣᠣᠷ᠎ᠠ ᠬᠠᠷᠠᠬᠤ᠎ᠳᠦ 40 ᠭᠠᠷᠤᠭᠰᠠᠨ ᠬᠦᠮᠦᠨ᠎ᠤ ᠪᠠᠢᠳᠠᠯ᠎ᠲᠡᠢ ᠪᠤᠯᠵᠠᠢ᠃

《ᠮᠤᠷᠢᠳᠠᠭ᠎ᠠ᠎ᠶᠢᠨ ᠴᠠᠬᠢᠯᠭᠠᠨ ᠬᠣᠯᠪᠣᠭ᠎ᠠ ᠪᠣᠯ ᠮᠢᠨᠤ ᠭᠡᠷ ᠪᠦᠯᠢ ᠮᠥᠨ᠂ ᠬᠡᠷᠡᠭᠯᠡᠭᠴᠢ ᠶᠠᠭ ᠮᠢᠨᠤ ᠭᠡᠷ᠎ᠦᠨ ᠬᠥᠮᠥᠨ᠎ᠲᠠᠢ ᠠᠳᠠᠯᠢ᠂ ᠡᠨᠡ ᠬᠦ᠌ ᠬᠠᠷᠢᠭᠤᠴᠠᠯᠭ᠎ᠠ ᠪᠣᠯᠣᠨ ᠬᠠᠢᠷ᠎ᠠ ᠬᠠᠯᠠᠮᠵᠢ ᠨᠢ ᠮᠢᠨᠤ ᠤᠷᠤᠭᠰᠢᠯᠠᠬᠤ ᠵᠠᠮ᠎ᠢ ᠭᠡᠷᠡᠯᠲᠦᠭᠦᠯᠵᠤ ᠪᠠᠢᠨ᠎ᠠ》  ᠭᠡᠵᠦ ᠴᠠᠢ ᠷᠦᠢ ᠹᠸᠩ ᠬᠡᠯᠡᠪᠡ᠃

《ᠮᠥᠰᠥᠨ ᠭᠡᠷ》 ᠪᠠᠷᠲᠠᠭᠠᠲᠤ ᠣᠷᠣᠨ᠎ᠳᠤ ᠡᠷᠡᠯᠬᠡᠭᠯᠡᠨ ᠲᠡᠮᠡᠴᠡᠭᠰᠨᠨ ᠨᠢ ᠵᠥᠪᠬᠡᠨ ᠬᠢᠯᠢ ᠬᠢᠵᠠᠭᠠᠷ᠎ᠤᠨ 《ᠠᠮᠤᠷ ᠲᠠᠢᠪᠤᠩ》 ᠤ᠋ᠨ ᠲᠥᠯᠥᠭᠡ ᠶᠤᠮ᠃

ᠮᠣᠷᠢᠳᠠᠭ᠎ᠠ᠎ᠶᠢᠨ ᠴᠢᠮᠡᠭᠡ ᠬᠣᠯᠪᠣᠭ᠎ᠠ ᠵᠢᠨ ᠬᠠᠮᠠᠭᠠᠯᠠᠯᠲᠠ᠎ᠳᠤ ᠬᠠᠮᠤᠭ᠎ᠤᠨ ᠬᠦᠴᠢᠷᠲᠡᠢ ᠨᠢ ᠮᠡᠷᠭᠡᠵᠢᠯ᠎ᠪᠢᠰᠢ ᠰᠠᠭᠠᠳ ᠭᠠᠷᠤᠭᠰᠠᠨ ᠭᠠᠵᠠᠷ ᠲᠦ᠍ ᠬᠦᠷᠬᠦ ᠵᠠᠮ ᠪᠠᠢᠯ᠎ᠠ᠃ ᠭᠠᠭᠴᠨ ᠬᠦ᠌ ᠡᠨᠳᠡ ᠪᠠᠢᠳᠠᠭ《ᠮᠥᠰᠥᠨ ᠭᠡᠷ》ᠪᠣᠯ ᠲᠤᠮᠤ ᠰᠦᠷᠳᠡᠭᠦᠯᠦᠯ ᠪᠠᠢᠵᠤ᠂ ᠣᠷᠳᠣ᠌ ᠨᠢ 10 ᠺᠢᠯᠣᠮᠧᠲᠷ᠂ ᠥᠨᠳᠥᠷ ᠨᠢ ᠠᠰᠠᠷ ᠮᠡᠲᠦ ᠮᠥᠰᠥᠨ ᠳᠠᠪᠬᠤᠷᠭ᠎ᠠ᠎ᠶᠢᠨ ᠳᠣᠣᠷᠠᠬᠢ ᠬᠥᠨᠳᠡᠢ ᠪᠡᠷ ᠨᠢ ᠤᠰᠤ ᠤᠷᠤᠰᠴᠦ᠂ ᠲᠡᠷᠭᠡ ᠲᠤᠷᠪᠠᠯ ᠦᠬᠦᠯ᠎ᠳᠦ ᠲᠤᠯᠭᠠᠷᠠᠬᠤ ᠠᠶᠤᠯ ᠲᠡᠢ᠃ 2015 ᠣᠨ᠎ᠤ ᠬᠠᠬᠢᠷ ᠡᠪᠦᠯ ᠬᠢᠯᠢ᠎ᠶᠢᠨ ᠬᠠᠮᠠᠭᠠᠯᠠᠯᠲᠠ᠎ᠶᠢᠨ ᠠᠨᠭᠭᠢ ᠵᠢᠨ ᠴᠢᠮᠡᠭᠡ ᠬᠣᠯᠪᠣᠭ᠎ᠠ᠎ᠶᠢ ᠠᠮᠵᠢᠨ ᠵᠠᠰᠠᠬᠤ᠎ᠶᠢᠨ ᠲᠥᠯᠥᠭᠡ᠂ ᠴᠠᠢ ᠷᠦᠢ ᠹᠸᠩ《ᠲᠠᠰ ᠨᠢᠰ》 ᠬᠢᠨ ᠳᠤᠤᠭᠠᠷᠤᠭᠰᠠᠨ ᠮᠦᠰᠦᠨ ᠳᠡᠭᠡᠭᠦᠷ ᠵᠢᠷᠦᠬᠡ ᠪᠡᠨ ᠭᠠᠷ ᠲᠠᠭᠠᠨ ᠪᠠᠷᠢᠵᠤ ᠰᠢᠳᠦ ᠵᠠᠭᠤᠨ ᠤᠷᠤᠭᠰᠢᠯᠠᠪᠠ᠃

《ᠪᠠᠢᠯᠳᠤᠭ᠍ᠴᠢᠳ᠎ᠤᠨ ᠬᠦᠰᠡᠨ ᠮᠥᠷᠥᠭᠡᠳᠦᠭᠰᠡᠨ ᠬᠠᠷᠡᠴᠡ᠂ ᠲᠡᠳᠡᠨ᠎ᠦ ᠬᠣᠯᠠ ᠪᠠᠢᠭ᠎ᠠ ᠲᠥᠷᠥᠯ ᠰᠠᠳᠤᠨ᠎ᠳᠠᠭᠠᠨ〈ᠠᠮᠤᠷ ᠲᠠᠢᠪᠤᠩ〉ᠵᠢᠡᠨ ᠮᠡᠳᠡᠭᠳᠡᠬᠦ᠎ᠶᠢ ᠬᠦᠯᠢᠶᠡᠵᠦ ᠪᠠᠢᠭ᠎ᠠ᠎ᠶᠢ ᠪᠣᠳᠣᠮᠠᠭᠴᠠ᠂ ᠪᠢ ᠵᠠᠪᠠᠯ ᠲᠡᠰᠬᠦ ᠬᠡᠷᠡᠭᠲᠡᠢ ᠭᠡᠵᠦ ᠪᠡᠶ᠎ᠡ᠎ᠪᠡᠨ ᠱᠠᠭᠠᠷᠳᠠᠳᠠᠭ》᠃ ᠲᠣᠭ᠎ᠠ ᠦᠭᠡᠢ ᠣᠯᠠᠨ ᠤᠳᠠᠭ᠎ᠠ ᠴᠠᠢ ᠷᠦᠢ ᠹᠧᠩ ᠮᠠᠰᠢᠨ ᠲᠡᠷᠭᠡᠨ᠎ᠤ ᠡᠭᠦᠳᠡ᠎ᠪᠡᠨ ᠨᠡᠬᠡᠭᠡᠵᠤ ᠮᠦᠰᠤᠨ ᠳᠡᠭᠡᠭᠦᠷ ᠵᠢᠯᠣᠭᠣᠳᠤᠨ ᠶᠠᠪᠤᠵᠤ᠂ ᠲᠡᠷᠭᠡᠨ᠎ᠡᠴᠡ ᠪᠡᠨ ᠬᠠᠷᠠᠢᠵᠤ ᠠᠮᠢ ᠵᠢᠭᠤᠲᠠᠬᠤ᠎ᠪᠠᠷ ᠴᠠᠭ ᠢᠮᠠᠭᠲᠠ ᠪᠡᠯᠡᠳᠬᠡᠳᠡᠭ ᠪᠠᠢᠪᠠ; ᠲᠡᠷᠡ ᠲᠡᠭ᠎ᠡᠴᠡ ᠳᠣᠷᠣᠭ᠍ᠰᠢ 40℃᠎ᠤ᠋ᠨ ᠬᠠᠬᠢᠷ ᠬᠦᠢᠲᠡᠨ᠎ᠳᠦ ᠲᠡᠷᠭᠡ ᠨᠢ ᠲᠤᠷᠤᠭᠰᠠᠨ᠎ᠡᠴᠡ ᠪᠣᠯᠵᠤ 10 ᠭᠠᠷᠤᠢ ᠴᠠᠭ ᠡᠵᠡᠭᠦᠢ ᠬᠡᠭᠡᠷ᠎ᠡ ᠬᠠᠰᠢᠭ᠍ᠳᠠᠵᠤ᠂ ᠭᠠᠭᠴᠠᠭᠠᠷ  ᠵᠢᠡᠨ ᠠᠶᠤᠨ ᠬᠡᠯᠮᠡᠭᠳᠡᠯ ᠪᠠ ᠬᠠᠬᠢᠷ ᠬᠦᠢᠲᠡᠨ᠎ᠢ ᠲᠤᠯᠪᠠ᠃ ᠶᠠᠭ ᠡᠨᠡ ᠬᠦ᠌ ᠶᠠᠭᠤᠨ᠎ᠡᠴᠡ ᠴᠤ᠌ ᠠᠶᠤᠬᠤ ᠦᠭᠡᠢ ᠵᠤᠷᠢᠭ ᠰᠦᠰᠦ ᠬᠠᠷᠢᠭᠤᠴᠠᠯᠭ᠎ᠠ ᠡᠭᠦᠷᠭᠡᠯᠡᠯ ᠡᠴᠨ ᠪᠤᠯᠵᠤ ᠲᠡᠷᠡ ᠭᠡᠵᠢᠶᠡᠳᠡ ᠴᠠᠭ ᠲᠠᠭᠠᠨ ᠰᠠᠭᠠᠳ ᠭᠠᠷᠤᠭᠰᠠᠨ ᠠᠰᠠᠭᠤᠳᠠᠯ ᠎ᠢ ᠰᠢᠢᠳᠪᠦᠷᠢᠯᠡᠵᠤ᠂ ᠬᠢᠯᠢ ᠎ᠶᠢᠨ ᠬᠠᠮᠠᠭᠠᠯᠠᠯᠲᠠ᠎ᠶᠢᠨ ᠳᠠᠷᠤᠭ᠎ᠠ ᠪᠠᠢᠯᠳᠤᠭ᠍ᠴᠢᠳ᠎ᠤᠨ ᠢᠲᠡᠭᠡᠯ ᠎ᠢ ᠤᠯᠵᠦ᠄ 《ᠳᠣᠬᠢᠶ᠎ᠠ ᠲᠠᠰᠤᠷᠠᠪᠠᠯ ᠴᠠᠢ ᠠᠬ᠎ᠠ ᠪᠡᠨ ᠡᠷᠢᠨ᠎ᠡ᠂ ᠲᠡᠷᠡ ᠬᠦᠯᠢᠶᠡᠵᠤ ᠠᠪᠳᠠᠭ ᠯᠡ ᠶᠤᠮ ᠪᠣᠯ ᠬᠡᠳᠦᠢ ᠣᠷᠣᠢᠲᠠᠭᠰᠠᠨ ᠴᠤ᠌ ᠬᠦᠷᠦᠭᠡᠳ ᠢᠷᠡᠳᠡᠭ》 ᠰᠡᠳᠬᠢᠯ᠎ᠤᠨ ᠦᠭᠡ ᠪᠡᠨ ᠦᠴᠢᠨ᠎ᠡ᠃

ᠨᠢᠭᠡᠨ ᠳ᠋ᠧᠩ᠎ᠦᠨ ᠭᠡᠷᠡᠯ ᠰᠡᠳᠬᠢᠯ᠎ᠢ ᠳᠤᠯᠠᠭᠠᠴᠠᠭᠤᠯᠵᠤ᠂ ᠬᠠᠷᠠᠮᠰᠠᠯ ᠦᠭᠡᠢ ᠪᠠᠲᠦ ᠰᠠᠬᠢᠭᠰᠠᠨ ᠵᠠᠮ ᠎ᠢ ᠭᠡᠷᠡᠯᠲᠦᠭᠦᠯᠦᠨ᠎ᠡ᠃

ᠪᠠᠢᠩᠭᠤ ᠵᠢᠨ ᠴᠠᠬᠢᠯᠭᠠᠨ ᠨᠡᠪᠲᠡᠷᠡᠬᠦ ᠦᠭᠡᠢ ᠬᠢᠯᠢ᠎ᠶᠢᠨ ᠬᠠᠮᠠᠭᠠᠯᠠᠯᠲᠠ᠎ᠶᠢᠨ ᠠᠩᠭᠢ᠎ᠶᠢᠨ ᠴᠠᠬᠢᠯᠭᠠᠨ ᠭᠠᠷᠭᠠᠬᠤ ᠮᠠᠰᠢᠨ ᠨᠢ ᠣᠷᠣᠢ ᠪᠤᠯᠭᠠᠨ᠎ᠤ 9 ᠴᠠᠭ᠎ᠲᠤ ᠴᠠᠬᠢᠯᠭᠠᠨ ᠬᠠᠩᠭᠠᠬᠤ᠎ᠪᠠᠨ ᠵᠣᠭᠰᠣᠳᠠᠭ᠃ ᠭᠡᠪᠡᠴᠦ ᠴᠠᠢ ᠷᠦᠢ ᠹᠧᠩ᠎ᠤᠨ《ᠳ᠋ᠧᠩ᠎ᠦᠨ ᠭᠡᠷᠡᠯ ᠣᠯᠵᠤ ᠬᠠᠷᠠᠭᠰᠠᠭᠠᠷ ᠭᠡᠷ᠎ᠲᠡᠬᠡᠨ ᠬᠦᠷᠴᠢᠬᠡᠨ᠎ᠡ》ᠭᠡᠵᠦ ᠰᠠᠨᠠᠭᠠᠨ᠎ᠳᠤ ᠦᠭᠡᠢ ᠬᠡᠯᠡᠭᠰᠡᠨ ᠦᠭᠡ᠎ᠪᠡᠷ ᠪᠠᠢᠯᠳᠤᠭ᠍ᠴᠢᠳ ᠵᠤᠷᠰᠢᠯ᠎ᠢ ᠡᠪᠳᠡᠨ ᠲᠡᠭᠦᠨ᠎ᠳᠦ ᠨᠢᠭᠡ ᠳ᠋ᠧᠩ ᠠᠰᠠᠭᠠᠵᠤ ᠪᠠᠢᠭ᠎ᠠ ᠨᠢ ᠲᠡᠷᠡ ᠠᠵᠢ᠃

ᠬᠠᠬᠢᠷ ᠬᠦᠢᠲᠡᠨ ᠰᠥᠨᠢ ᠴᠠᠢ ᠷᠦᠢ ᠹᠧᠩ᠎ᠳᠤ ᠭᠡᠷᠡᠯᠲᠦᠭᠦᠯᠵᠦ ᠦᠯᠡᠳᠡᠭᠡᠭᠰᠡᠨ ᠡᠨᠡ ᠳ᠋ᠧᠩ ᠨᠢ ᠵᠦᠪᠬᠡᠨ ᠬᠡᠷᠡᠯ ᠬᠠᠩᠭᠠᠭᠰᠠᠨ ᠳᠡᠳᠦᠢ ᠪᠢᠰᠢ ᠬᠠᠷᠢᠨ ᠪᠠᠢᠯᠳᠤᠭ᠍ᠴᠢᠳ᠎ᠤᠨ ᠬᠠᠮᠤᠭ᠎ᠤᠨ ᠪᠣᠷᠣᠭ᠍ᠵᠢᠭᠤᠨ ᠢᠲᠡᠭᠡᠯ ᠪᠠ ᠬᠦᠰᠡᠯ ᠡᠷᠡᠮᠡᠯᠵᠡᠯ ᠎ᠢ ᠲᠥᠯᠥᠭᠡᠯᠡᠵᠦ᠍᠂ ᠲᠡᠭᠦᠨ ᠎ᠦ ᠰᠠᠯᠬᠢ ᠪᠣᠷᠣᠭᠠᠨ᠎ᠳᠤ ᠰᠠᠭᠠᠲᠠᠯ ᠦᠭᠡᠢ᠂ ᠡᠭᠦᠷᠭᠡ ᠬᠠᠷᠢᠭᠤᠴᠠᠯᠭ᠎ᠠ᠎ᠪᠠᠨ ᠵᠠᠪᠠᠯ ᠪᠡᠶᠡᠯᠡᠭᠦᠯᠬᠦ᠎ᠶᠢᠨ ᠬᠠᠷᠢᠭᠤ᠎ᠳᠦ ᠦᠭᠭᠦᠭᠰᠡᠨ ᠬᠠᠮᠤᠭ᠎ᠤᠨ ᠰᠠᠢᠨ ᠱᠠᠩᠨᠠᠯ ᠪᠣᠯᠤᠨ᠎ᠠ᠃ ᠡᠨᠡ ᠳ᠋ᠧᠩ ᠨᠢ ᠴᠠᠢ ᠷᠦᠢ ᠹᠸᠩ᠎ᠤᠨ ᠪᠠᠷᠲᠠᠭᠠᠲᠤ ᠣᠷᠴᠢᠨ᠎ᠢ ᠲᠤᠭᠤᠯᠬᠤ ᠵᠠᠮ᠎ᠢ ᠭᠡᠷᠡᠯᠲᠦᠭᠦᠯᠦᠭ᠌ᠰᠡᠨ᠎ᠢᠶᠡᠷ ᠪᠠᠷᠠᠬᠤ ᠦᠭᠡᠢ ᠨᠡᠩ ᠴᠤ᠌ ᠲᠡᠭᠦᠨ᠎ᠦ ᠬᠢᠯᠢ ᠬᠢᠵᠠᠭᠠᠷ᠎ᠲᠤ ᠦᠨᠳᠦᠰᠦᠯᠡᠵᠦ᠍᠂ ᠠᠷᠠᠳ ᠲᠦᠮᠡᠨ᠎ᠳᠦ ᠦᠢᠯᠡᠴᠢᠯᠡᠬᠦ᠌ ᠤᠭ ᠰᠠᠨᠠᠭ᠎ᠠ᠎ᠪᠠᠨ ᠦᠯᠦ᠍ ᠮᠠᠷᠲᠠᠬᠤ ᠰᠡᠳᠬᠢᠯ᠎ᠢ ᠳᠤᠯᠠᠭᠠᠴᠠᠭᠤᠯᠪᠠ᠃ ᠪᠠᠢᠯᠳᠤᠭ᠍ᠴᠢᠳ᠎ᠤᠨ ᠴᠡᠷᠢᠭ ᠡᠴᠡ ᠪᠠᠭᠤᠬᠤ ᠦᠶ᠎ᠡ᠎ᠶ᠋ᠢᠨ ᠵᠠᠬᠢᠶ᠎ᠠ᠂ ᠬᠡᠷᠡᠭᠯᠡᠭᠴᠢᠳ᠎ᠤᠨ ᠳᠤᠯᠭᠠᠷᠠᠭᠰᠠᠨ ᠠᠰᠠᠭᠤᠳᠠᠯ᠎ᠢ ᠰᠢᠢᠳᠪᠦᠷᠢᠯᠡᠭᠰᠡᠨ᠎ᠤ ᠳᠠᠷᠠᠭᠠᠬᠢ ᠳᠡᠳᠡᠨ ᠎ᠤ ᠢᠨᠢᠶᠡᠮᠰᠦᠭ᠌ᠯᠡᠯ ᠪᠣᠯ ᠴᠥᠮ ᠲᠡᠭᠦᠨ᠎ᠦ ᠰᠡᠳᠭᠢᠯ᠎ᠳᠡᠬᠢ ᠬᠠᠮᠤᠭ᠎ᠤᠨ ᠡᠷᠬᠢᠮ ᠨᠠᠨᠳᠢᠨ ᠭᠠᠪᠢᠶᠠᠨ ᠲᠡᠮᠳᠡᠭ ᠪᠣᠯᠤᠨ᠎ᠠ᠃

《ᠳᠣᠬᠢᠶᠠᠨ᠎ᠤ ᠣᠶ》 ᠳ᠋ᠤ᠌ ᠬᠦᠯᠦᠰᠦ ᠪᠠᠨ ᠤᠷᠤᠰᠬᠠᠵᠤ᠂ ᠴᠢᠩ ᠵᠣᠷᠢᠭ᠎ᠢᠶᠡᠷ ᠣᠳᠣᠨ ᠮᠡᠴᠢᠳ᠎ᠢ ᠬᠢᠯᠠᠯᠵᠠᠭᠤᠯᠪᠠ᠃ ᠴᠠᠢ ᠷᠦᠢ ᠹᠸᠩ᠎ᠤᠨ 15 ᠵᠢᠯ᠎ᠤᠨ ᠳᠤᠷᠰᠢᠬᠢ ᠪᠠᠭᠠᠲᠤᠷᠯᠢᠭ ᠪᠠᠲᠤ ᠰᠠᠬᠢᠯᠳᠠ ᠨᠢ ᠱᠢᠭᠤᠢᠲᠤ ᠣᠷᠣᠨ᠎ᠤ ᠴᠢᠮᠡᠭᠡ ᠬᠤᠯᠪᠤᠭ᠎ᠠ᠎ᠶᠢᠨ ᠰᠠᠭᠠᠳ ᠦᠭᠡᠢ ᠨᠡᠪᠲᠡᠷᠡᠬᠦ᠌᠎ᠶ᠋ᠢ ᠪᠠᠲᠤᠯᠠᠭ᠍ᠰᠠᠨ᠎ᠢᠶᠠᠷ ᠪᠠᠷᠠᠬᠤ ᠦᠭᠡᠢ᠂ ᠨᠡᠩ ᠴᠤ᠌ ᠱᠢᠭᠤᠢᠲᠤ ᠣᠷᠣᠨ᠎ᠤ ᠴᠢᠮᠡᠭᠡ ᠬᠣᠯᠪᠣᠭᠠᠨ᠎ᠤ ᠯᠤᠲᠤ ᠶᠡᠬᠡ ᠬᠤᠪᠢᠷᠠᠯᠲᠠ᠎ᠶ᠋ᠢ ᠠᠬᠢᠭᠤᠯᠪᠠ᠃ ᠲᠡᠷᠡ ᠬᠥᠯᠥᠨ ᠪᠣᠢᠷ᠎ᠤᠨ ᠴᠠᠬᠢᠯᠭᠠᠨ ᠬᠣᠯᠪᠣᠭ᠎ᠠ ᠪᠣᠯᠤᠨ ᠣᠶ ᠱᠢᠭᠤᠶ᠎ᠶ᠋ᠢᠨ ᠲᠣᠪᠴᠢᠶ᠎ᠠ᠎ᠶ᠋ᠢᠨ ᠬᠠᠮᠲᠤᠷᠠᠯᠴᠠᠭᠠᠨ᠎ᠤ ᠪᠣᠭᠣᠮᠲᠠ ᠱᠢᠪᠲᠤᠯᠬᠤ ᠲᠥᠷᠥᠯ ᠵᠦᠶ᠋ᠯ ᠎ᠳᠦ ᠣᠷᠣᠯᠴᠠᠪᠠ᠃ ᠡᠳᠦᠭᠡ᠂ 70 ᠭᠠᠷᠤᠢ ᠱᠢᠨ᠎ᠡ᠎ᠪᠡᠷ ᠪᠠᠢᠭᠤᠯᠤᠭ᠍ᠰᠠᠨ ᠰᠠᠭᠤᠷᠢ ᠦᠷᠳᠡᠬᠡ ᠪᠠᠯᠠᠷ ᠤᠢ ᠪᠣᠯᠤᠨ ᠥᠨᠳᠥᠷ ᠠᠭᠤᠯᠠᠨ᠎ᠳᠤ ᠤᠳᠤᠨ ᠮᠡᠴᠢᠳ ᠮᠡᠲᠦ ᠬᠢᠯᠠᠯᠵᠠᠵᠤ᠂ ᠤᠯᠠᠨ ᠤᠢ ᠱᠢᠭᠤᠢ᠎ᠶ᠋ᠢᠨ ᠳᠠᠯᠠᠪᠠᠢ 22 ᠵᠢᠯ ᠦᠷᠬᠦᠯᠵᠢᠯᠡᠭᠰᠡᠨ《ᠮᠡᠳᠡᠭᠡ ᠵᠠᠩᠭᠢ ᠎ᠶ᠋ᠢᠨ ᠥᠨᠥᠴᠢᠨ ᠠᠷᠠᠯ》ᠤ᠋ᠨ ᠲᠡᠦᠬᠡ᠎ᠶ᠋ᠢ ᠡᠴᠦᠰᠯᠡᠭᠦᠯᠵᠡᠢ᠃ 10 ᠺᠢᠯᠣᠭ᠌ᠷᠠᠮ᠎ᠤᠨ ᠲᠣᠨᠣᠭ ᠲᠥᠬᠥᠭᠡᠷᠦᠮᠵᠢ᠎ᠶ᠋ᠢ ᠡᠭᠦᠷᠴᠦ᠂ ᠭᠦᠷ ᠴᠠᠰᠤ᠎ᠶ᠋ᠢ ᠭᠢᠰᠭᠢᠯᠡᠨ᠂ ᠬᠡᠳᠦᠨ ᠴᠠᠭ ᠵᠠᠷᠤᠴᠠᠭᠤᠯᠤᠨ ᠥᠨᠳᠥᠷ ᠠᠭᠤᠯᠠᠨ᠎ᠳᠡᠬᠢ ᠰᠠᠭᠤᠷᠢ ᠥᠷᠲᠡᠭᠡ ᠳᠡᠢᠰᠢ ᠤᠷᠤᠭᠰᠢᠯᠠᠵᠤ ᠪᠠᠢᠭ᠎ᠠ ᠳᠡᠭᠦᠨ ᠤ᠋ ᠠᠷᠤ᠎ᠶᠢᠨ ᠪᠠᠷ᠎ᠠ ᠨᠢ ᠱᠢᠭᠤᠢᠲᠤ ᠣᠷᠣᠨ᠎ᠤ ᠴᠢᠮᠡᠭᠡ ᠬᠣᠯᠪᠣᠭᠠᠨ᠎ᠤ ᠬᠥᠭ᠌ᠵᠢᠯᠲᠡ᠎ᠶ᠋ᠢᠨ ᠲᠡᠦᠬᠡᠨ ᠳᠡᠭᠡᠷᠡᠬᠢ ᠬᠠᠮᠤᠭ᠎ᠤᠨ ᠰᠡᠳᠭᠢᠯ ᠬᠥᠳᠡᠯᠭᠡᠮ᠎ᠡ ᠦᠵᠡᠭᠳᠡᠯ ᠪᠣᠯᠵᠠᠶ᠃

《ᠤᠳᠠᠭ᠎ᠠ ᠪᠦᠷᠢ᠎ᠶ᠋ᠢᠨ ᠬᠠᠷᠰᠢ ᠰᠠᠭᠠᠳ᠎ᠢ ᠠᠷᠢᠯᠭᠠᠬᠤ᠂ ᠤᠳᠠᠭ᠎ᠠ ᠪᠦᠷᠢ᠎ᠶ᠋ᠢᠨ ᠱᠢᠨ᠎ᠡ ᠦᠷᠳᠡᠭᠡ᠎ᠶ᠋ᠢ ᠨᠡᠪᠲᠡᠷᠡᠭᠦᠯᠬᠦ᠌᠎ᠳᠦ ᠴᠥᠮ ᠳᠡᠭᠦᠨ ᠤ᠋ ᠠᠷᠠᠳ᠎ᠤᠨ ᠠᠮᠢᠳᠤᠷᠠᠯ᠎ᠢ ᠪᠠᠲᠤᠯᠠᠬᠤ᠂ ᠬᠢᠯᠢ᠎ᠶ᠋ᠢᠨ ᠬᠠᠮᠠᠭᠠᠯᠠᠯᠲᠠ᠎ᠳᠤ ᠦᠢᠯᠡᠴᠢᠯᠡᠬᠦ᠌ ᠬᠡᠰᠡᠨ ᠴᠢᠷᠮᠠᠢᠯᠭ᠎ᠠ᠎ᠶᠢᠨ ᠬᠦᠴᠦ᠍ ᠬᠥᠯᠥᠰᠥ᠍ ᠱᠢᠩᠭᠡᠵᠦ᠍ ᠪᠠᠢᠳᠠᠭ》ᠭᠡᠵᠦ ᠳᠤᠮᠳᠠᠳᠤ ᠤᠯᠤᠰ᠎ᠤᠨ ᠴᠠᠬᠢᠯᠭᠠᠨ ᠬᠣᠯᠪᠣᠭ᠎ᠠ᠎ᠶ᠋ᠢᠨ ᠬᠥᠯᠥᠨ ᠪᠣᠢᠷ᠎ᠲᠠᠬᠢ ᠬᠤᠪᠢᠶᠠᠷᠢ ᠺᠣᠮᠫᠠᠨᠢ᠎ᠶ᠋ᠢᠨ ᠶᠡᠷᠦᠩᠬᠡᠶ ᠳᠠᠭᠠᠭᠠᠮᠠᠯ ᠯᠢ ᠱᠢᠶᠤᠤ ᠳ᠋ᠦᠩ ᠰᠠᠢᠱᠢᠶᠠᠨ ᠬᠡᠯᠡᠪᠡ᠃

ᠢᠷᠠᠭᠤ ᠠᠯᠳᠠᠷ ᠬᠤᠪᠢᠷᠠᠰᠢ ᠦᠭᠡᠢ ᠤᠭ ᠰᠠᠨᠠᠭ᠎ᠠ᠎ᠶ᠋ᠢ ᠭᠡᠷᠡᠴᠢᠯᠡᠵᠦ᠍᠂ ᠰᠠᠢᠨ ᠬᠥᠮᠦᠨ᠎ᠦ ᠵᠣᠷᠢᠭ ᠰᠠᠨᠠᠭ᠎ᠠ ᠤᠮᠠᠷᠠᠲᠤ ᠬᠢᠯᠢ᠎ᠶ᠋ᠢ ᠭᠡᠢᠭᠦᠯᠦᠨ᠎ᠡ᠃

ᠥᠪᠡᠷᠲᠡᠭᠡᠨ ᠵᠠᠰᠠᠬᠤ ᠣᠷᠣᠨ ᠎ᠤ 《 5·1 》 ᠤ᠋ ᠬᠥᠳᠡᠯᠮᠦᠷᠢ᠎ᠶ᠋ᠢᠨ ᠱᠠᠩᠨᠠᠯ᠎ᠤᠨ ᠮᠧᠳᠠᠯ᠂ ᠪᠦᠬᠦ᠌ ᠤᠯᠤᠰ᠎ᠤᠨ 《 5·1 》 ᠤ᠋ ᠬᠥᠳᠡᠯᠮᠦᠷᠢ᠎ᠶ᠋ᠢᠨ ᠱᠠᠩᠨᠠᠯ᠎ᠤᠨ ᠮᠧᠳᠠᠯ᠂ ᠳᠤᠮᠳᠠᠳᠤ ᠤᠯᠤᠰ᠎ᠤᠨ ᠴᠠᠬᠢᠯᠭᠠᠨ ᠬᠣᠯᠪᠣᠭ᠎ᠠ᠎ᠶ᠋ᠢᠨ《ᠠᠷᠪᠠᠨ ᠶᠡᠬᠡ ᠰᠡᠳᠭᠢᠯ ᠬᠥᠳᠡᠯᠭᠡᠮ᠎ᠡ ᠬᠥᠮᠦᠨ》᠂《ᠭᠠᠷᠮᠠᠭᠠᠢ ᠵᠠᠯᠠᠭᠤᠴᠤᠳ》᠂ 《ᠪᠦᠬᠦ᠌ ᠤᠯᠤᠰ᠎ᠤᠨ ᠬᠥᠳᠡᠯᠮᠦᠷᠢ᠎ᠶ᠋ᠢᠨ ᠵᠢᠱ᠌ᠢᠶᠡᠴᠢ》 ᠴᠠᠢ ᠷᠦᠢ ᠹᠸᠩ᠎ᠤᠨ ᠱᠠᠩᠨᠠᠯ᠎ᠤᠨ ᠲᠡᠮᠳᠡᠭ ᠦᠨᠡᠮᠯᠡᠯ ᠨᠢ ᠲᠡᠭᠦᠨ ᠎ᠦ ᠲᠡᠮᠡᠴᠡᠯ᠎ᠦᠨ ᠤᠯᠠ ᠮᠥᠷ᠎ᠢ ᠲᠡᠮᠳᠡᠭ᠌ᠯᠡᠵᠦ᠍ ᠪᠤᠢ᠃ ᠭᠡᠲᠡᠯ᠎ᠡ᠂ ᠲᠡᠭᠦᠨ᠎ᠦ ᠰᠡᠳᠭᠢᠯ᠎ᠳᠡᠬᠢ ᠬᠠᠮᠤᠭ ᠎ᠤᠨ ᠳᠡᠭᠡᠳᠦ ᠢᠷᠠᠭᠤ ᠠᠯᠳᠠᠷ ᠨᠢ ᠠᠯᠢ ᠡᠷᠲᠡ ᠮᠤᠷᠢᠳᠠᠭ᠎ᠠ ᠵᠢᠨ ᠠᠭᠤᠯᠠ ᠤᠰᠤᠨ ᠎ᠤ ᠬᠣᠭᠣᠷᠣᠨᠳᠣ᠂ ᠴᠡᠷᠢᠭ᠎ᠡᠴᠡ ᠬᠠᠯᠠᠭ᠍ᠳᠠᠭ᠍ᠰᠠᠨ ᠠᠬᠠᠮᠠᠳ ᠴᠡᠷᠢᠭ᠎ᠤᠨ ᠰᠠᠨᠠᠭᠠᠯᠵᠠᠯ᠎ᠳᠦ᠂ ᠱᠢᠭᠤᠢᠲᠤ ᠣᠷᠣᠨ ᠎ᠤ ᠬᠡᠷᠡᠭ᠌ᠯᠡᠭ᠌ᠴᠢᠳ ᠎ᠤᠨ ᠢᠨᠢᠶᠡᠮᠰᠦᠭ᠌ᠯᠡᠯ ᠎ᠳᠦ᠂ ᠬᠢᠯᠢ᠎ᠶ᠋ᠢᠨ ᠬᠠᠮᠠᠭᠠᠯᠠᠯᠲᠠ᠎ᠶ᠋ᠢᠨ ᠱᠤᠭᠤᠮ ᠳᠡᠭᠡᠷᠡᠬᠢ ᠥᠨᠢᠳᠡ ᠪᠠᠯᠠᠷᠠᠰᠢ ᠦᠭᠡᠢ ᠲᠣᠭ᠍ᠲᠠᠭᠤᠨ ᠪᠠᠢᠳᠠᠯ᠎ᠤᠨ ᠲᠤᠬᠢᠶ᠎ᠠ᠎ᠳᠤ ᠰᠡᠢᠯᠦᠭ᠌ᠳᠡᠵᠡᠢ᠃

ᠴᠠᠢ ᠷᠦᠢ ᠹᠸᠩ᠂ ᠡᠨᠡ ᠬᠦ᠌ ᠡᠬᠡ ᠤᠯᠤᠰ᠎ᠤᠨ ᠬᠠᠮᠤᠭ᠎ᠤᠨ ᠤᠮᠠᠷᠠᠲᠤ ᠬᠢᠯᠢ᠎ᠳᠦ ᠦᠨᠳᠦᠰᠦᠯᠡᠭ᠌ᠰᠡᠨ ᠴᠢᠮᠡᠭᠡ ᠬᠣᠯᠪᠣᠭᠠᠨ᠎ᠤ ᠬᠠᠮᠠᠭᠠᠯᠠᠭ᠍ᠴᠢ 15 ᠵᠢᠯ᠎ᠦᠨ ᠵᠠᠯᠠᠭᠤ ᠨᠠᠰᠤ᠎ᠪᠠᠷ᠎ᠢᠶᠠᠨ《ᠠᠵᠢᠯ ᠦᠢᠯᠡᠰ᠎ᠢᠶᠡᠨ ᠳᠡᠭᠡᠳᠦᠯᠡᠵᠦ᠍᠂ ᠭᠤᠶᠠᠴᠢ ᠬᠤᠪᠢ ᠨᠡᠮᠡᠷᠢ ᠦᠵᠡᠭᠦᠯᠬᠦ᠌》 ᠰᠠᠢ᠌ᠨ ᠬᠥᠮᠦᠨ ᠎ᠦ ᠵᠣᠷᠢᠭ ᠰᠠᠨᠠᠭ᠎ᠠ᠎ᠶ᠋ᠢ ᠲᠠᠢᠯᠪᠤᠷᠢᠯᠠᠪᠠ᠃ ᠲᠡᠷᠡ ᠲᠤᠢᠯ᠎ᠤᠨ ᠪᠡᠷᠬᠡ ᠬᠠᠲᠠᠭᠤᠵᠢᠯᠲᠠᠢ ᠣᠷᠴᠢᠨ ᠲᠣᠭᠣᠷᠢᠨ᠎ᠳᠤ ᠶᠡᠷᠦ᠍ ᠪᠤᠰᠤ᠎ᠶ᠋ᠢᠨ ᠬᠠᠳᠠᠨ ᠵᠣᠷᠢᠭ᠂ ᠰᠥᠰᠥ᠍ ᠵᠣᠷᠢᠭ ᠪᠣᠯᠤᠨ ᠬᠠᠷᠢᠭᠤᠴᠠᠯᠭᠠᠲᠤ ᠰᠡᠳᠭᠢᠯᠭᠡ᠎ᠪᠡᠷ ᠴᠢᠮᠡᠭᠡ ᠬᠣᠯᠪᠣᠭᠠᠨ᠎ᠤ ᠠᠮᠢ ᠨᠠᠰᠤᠨ᠎ᠤ ᠱᠤᠭᠤᠮ᠎ᠢ ᠰᠠᠬᠢᠨ ᠬᠠᠮᠠᠭᠠᠯᠠᠵᠤ᠂ ᠬᠢᠯᠢ᠎ᠶ᠋ᠢᠨ ᠪᠣᠭᠣᠮᠲᠠ᠎ᠶ᠋ᠢᠨ ᠴᠡᠷᠢᠭ ᠠᠷᠠᠳ᠎ᠤᠨ ᠰᠡᠳᠭᠢᠯ᠎ᠢ ᠳᠤᠯᠠᠭᠠᠴᠠᠭᠤᠯᠵᠤ᠂ ᠡᠭᠡᠯ ᠵᠢᠷ ᠎ᠦᠨ ᠠᠵᠢᠯ᠎ᠤᠨ ᠪᠠᠢᠷᠢ ᠳᠡᠭᠡᠷ᠎ᠡ᠎ᠪᠡᠨ ᠶᠡᠷᠦ᠍ ᠪᠤᠰᠤ᠎ᠶ᠋ᠢᠨ ᠠᠮᠢᠳᠤᠷᠠᠬᠤᠢ᠎ᠶ᠋ᠢᠨ ᠢᠷᠠᠭᠤ ᠲᠤᠤᠯᠢᠰ ᠎ᠢ ᠪᠢᠴᠢᠭ᠌ᠯᠡᠵᠡᠢ᠃ ᠲᠡᠷᠡ ᠪᠣᠯ ᠱᠢᠨ᠎ᠡ ᠴᠠᠭ ᠦᠶ᠎ᠡ᠎ᠶ᠋ᠢᠨ ᠥᠪᠥᠷ ᠮᠣᠩᠭᠣᠯ᠎ᠤᠨ ᠡᠬᠡ ᠭᠠᠵᠠᠷ ᠳᠡᠭᠡᠷ᠎ᠡ ᠴᠣᠯᠭᠣᠷᠠᠨ ᠭᠠᠷᠤᠭ᠍ᠰᠠᠨ ᠱᠢᠯᠢᠳᠡᠭ ᠲᠥᠯᠥᠭᠡᠯᠡᠭ᠌ᠴᠢ ᠮᠥᠨ᠃ ᠲᠡᠭᠦᠨ ᠎ᠦ ᠦᠢᠯᠡ ᠠᠵᠢᠯᠯᠠᠭ᠎ᠠ ᠨᠢ ᠶᠠᠭ ᠶᠡᠬᠡ ᠬᠢᠩᠭᠠᠨ ᠳᠠᠪᠠᠭ᠎ᠠ᠎ᠶ᠋ᠢᠨ ᠤᠨᠲᠠᠷᠠᠰᠢ ᠦᠭᠡᠢ ᠳᠤᠬᠢᠶᠠᠨ ᠳ᠋ᠧᠩ ᠱᠢᠭ᠎ᠢᠶᠡᠷ ᠬᠤᠪᠢ ᠨᠡᠮᠡᠷᠢ ᠦᠵᠡᠭᠦᠯᠬᠦ᠌ ᠪᠠ ᠬᠠᠷᠢᠭᠤᠴᠠᠯᠭ᠎ᠠ ᠡᠭᠦᠷᠭᠡᠯᠡᠬᠦ᠌ ᠵᠣᠷᠢᠭ ᠰᠠᠨᠠᠭᠠᠨ᠎ᠤ ᠥᠨᠳᠥᠷᠯᠢᠭ᠎ᠢ ᠡᠭᠦᠷᠢᠳᠡ ᠭᠡᠷᠡᠯᠳᠦᠬᠦᠯᠦᠨᠡᠮ᠃


ᠣᠷᠴᠢᠭᠤᠯᠤᠭ᠍ᠴᠢ᠄
ᠨᠠᠢᠷᠠᠭᠤᠯᠤᠭ᠍ᠴᠢ᠄ ᠰᠠᠢᠨ᠎ᠠ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号