ᠮᠥᠰᠥᠨ ᠭᠣᠣᠯ ᠲᠡᠭᠡᠷ᠎ᠡ ᠬᠦᠮᠦᠨ ᠠᠪᠤᠷᠠᠵᠤ ᠤᠭ ᠰᠠᠨᠠᠭ᠎ᠠ ᠪᠠᠨ ᠦᠢᠯᠡᠳᠤᠯᠭᠡᠵᠢᠬᠦᠯᠪᠡ
2025-09-18 10:42:26
ᠵᠣᠬᠢᠶᠠᠭ᠍ᠴᠢ᠄
ᠯᠢ ᠱᠢᠨ ᠵᠢᠶᠦ᠋ᠨ ᠵᠠᠩ ᠱᠢᠶᠤᠤ ᠢᠦᠶ
ᠣᠩᠱᠢᠭ᠍ᠰᠠᠨ ᠣᠳᠠᠭ᠎ᠠ᠄
★★★☆☆

— 《ᠥᠪᠥᠷ ᠮᠣᠩᠭᠣᠯ ᠤ᠋ᠨ ᠰᠠᠢᠨ ᠬᠥᠮᠦᠨ》 ᠬᠥᠯᠥᠨ ᠪᠣᠢᠷ ᠬᠣᠲᠠ ᠶ᠋ᠢᠨ ᠠᠷᠠᠳ ᠶᠧ ᠵᠠᠨ ᠴᠢᠶᠣᠤ᠂ ᠸᠠᠩ ᠵᠢᠶ ᠵᠢᠶᠦ᠋ᠨ ᠢ᠋ ᠲᠡᠮᠲᠡᠭᠯᠡᠪᠡ


ᠨᠠᠢ᠍ᠮᠠᠨ ᠰᠠᠷ᠎ᠠ ᠎ᠵᠢᠨ ᠬᠥᠯᠥᠨ ᠪᠤᠢ᠌ᠷ ᠤ᠋ᠨ ᠲᠠᠯ᠎ᠠ ᠨᠤᠲᠤᠭ ᠨᠣᠮᠢᠨ ᠨᠣᠭᠣᠭᠠᠨ ᠢ᠋ᠶ᠋ᠡᠷ ᠴᠡᠯᠭᠡᠷᠡᠵᠦ᠍᠂ ᠢᠮᠢᠨ ᠭᠣᠣᠯ ᠲᠤᠯᠬᠢᠶᠠᠯᠠᠨ ᠲᠠᠪᠠᠯᠭᠠᠯᠠᠨ᠎ᠠ᠃

ᠬᠣᠲᠠ ᠶ᠋ᠢᠨ ᠠᠷᠠᠳ ᠶᠧ ᠵᠠᠨ ᠴᠢᠶᠣᠤ᠂ ᠸᠠᠩ ᠵᠢᠶ ᠵᠢᠶᠦ᠋ᠨ ᠤ᠋ ᠨᠡᠷ᠎ᠡ 2025 ᠣᠨ ᠤ᠋ ᠬᠣᠶᠠᠳᠤᠭᠠᠷ ᠤᠯᠠᠷᠢᠯ ᠤ᠋ᠨ 《ᠥᠪᠥᠷ ᠮᠣᠩᠭᠣᠯ ᠤ᠋ᠨ ᠰᠠᠢᠨ ᠬᠥᠮᠦᠨ ᠤ᠋ ᠨᠡᠷᠡᠰ᠎ᠤᠨ ᠵᠢᠭᠰᠠᠭᠠᠯᠳᠠ》 ᠳ᠋ᠤ ᠲᠣᠳᠣᠷᠠᠪᠠ᠂ ᠡᠨᠡ ᠪᠣᠯ ᠬᠣᠶᠠᠷ ᠡᠩ ᠤ᠋ᠨ ᠬᠤᠲᠠ ᠶ᠋ᠢᠨ ᠠᠷᠠᠳ ᠤ᠋ᠨ ᠡᠭᠡᠯ ᠵᠢᠷ ᠤ᠋ᠨ ᠠᠵᠢᠯᠯᠠᠭ᠎ᠠ ᠪᠠ ᠡᠷᠡᠯᠬᠡᠭ ᠪᠠᠭᠠᠲᠤᠷᠯᠢᠭ ᠵᠣᠷᠢᠭ ᠰᠥᠰᠥ ᠵᠢ ᠮᠠᠭ᠍ᠲᠠᠨ ᠰᠠᠢᠱᠢᠶᠠᠭ᠍ᠰᠠᠨ ᠡᠷᠬᠢᠮ ᠳᠡᠭᠡᠳᠦ ᠦᠨᠡᠯᠡᠯ ᠪᠠᠢᠵᠤ᠂ ᠨᠠᠩ ᠴᠤ᠌ ᠤᠮᠠᠷᠠᠲᠤ ᠬᠢᠯᠢ ᠶ᠋ᠢᠨ ᠬᠥᠪᠡᠭᠦᠳ ᠥᠬᠢᠳ ᠤ᠋ᠨ  ᠦᠨᠡᠨᠴᠢ ᠬᠠᠯᠠᠭᠤᠮᠰᠤᠭ ᠰᠡᠳᠭᠢᠯ ᠪᠠ ᠬᠠᠷᠢᠭᠤᠴᠠᠯᠭ᠎ᠠ ᠡᠭᠦᠷᠭᠡᠯᠡᠯ ᠢ᠋ ᠲᠤᠳᠤᠷᠠᠭᠤᠯᠤᠨ᠎ᠠ᠃

《ᠲᠤᠰᠠᠯᠠᠮᠵᠢ ᠭᠤᠶᠤᠬᠤ ᠵᠢ ᠰᠣᠨᠣᠰᠤᠮᠠᠭᠴᠠ ᠰᠢᠭᠤᠳ ᠬᠦᠶᠦᠭᠡᠳ ᠤᠴᠢᠴᠢᠬᠠᠭᠰᠠᠨ》᠃ ᠶᠧ ᠵᠠᠨ ᠴᠢᠶᠣᠤ ᠶ᠋ᠢᠨ ᠡᠨᠡ ᠬᠦ᠌ ᠡᠭᠡᠯ ᠪᠣᠷᠣᠭ᠍ᠵᠢᠭᠤᠨ ᠦᠭᠡ ᠶᠠᠷᠢᠶ᠎ᠠ ᠳ᠋ᠤ ᠴᠠᠬᠯᠠᠰᠢ ᠦᠭᠡᠢ ᠢᠳᠡ ᠬᠦᠴᠦ ᠠᠭᠤᠯᠤᠬᠳᠠᠵᠤ᠂ ᠲᠡᠭᠦᠨ ᠤ᠋ 4 ᠤᠳᠠᠭ᠎ᠠ ᠤᠰᠤᠨ ᠳ᠋ᠤ ᠣᠷᠣᠵᠤ ᠬᠥᠮᠦᠨ ᠠᠪᠤᠷᠠᠬᠰᠠᠨ ᠠᠵᠢᠯᠯᠠᠭ᠎ᠠ᠎ᠶᠢᠨ ᠲᠠᠢᠯᠪᠤᠷᠢᠯᠠᠯ ᠪᠤᠯᠪᠠ᠃ ᠡᠪᠦᠯ ᠤ᠋ᠨ ᠤᠮᠪᠠᠯᠲᠠ ᠶ᠋ᠢᠨ ᠠᠪᠤᠷᠠᠯᠳᠠ᠎ᠶᠢᠨ ᠠᠩᠬᠢ᠎ᠶᠢᠨ ᠡᠨᠡ ᠬᠦ᠌ ᠠᠬᠠᠮᠠᠳ  ᠭᠡᠱᠢᠭᠦᠨ ᠠᠯᠢ ᠡᠷᠲᠡ 《ᠬᠥᠮᠦᠨ ᠠᠪᠤᠷᠠᠬᠤ》 ᠠᠵᠢᠯᠯᠠᠭ᠎ᠠ ᠵᠢ ᠲᠥᠷᠥᠯᠬᠢ ᠴᠢᠳᠠᠪᠤᠷᠢ ᠪᠠᠨ ᠪᠤᠯᠭᠠᠵᠠᠢ᠃

2024 ᠣᠨ ᠤ᠋ 11 ᠰᠠᠷ᠎ᠠ ᠶ᠋ᠢᠨ 12  ᠤ᠋ᠨ ᠡᠳᠦᠷ᠂ ᠬᠦᠶ᠋ᠲᠡᠨ ᠤᠷᠤᠰᠭᠠᠯ ᠳᠦᠷᠢᠨ ᠢᠷᠡᠵᠦ᠂ ᠬᠥᠯᠥᠨ ᠪᠣᠢᠷ ᠤ᠋ᠨ ᠡᠬᠡ ᠭᠠᠵᠠᠷ ᠮᠥᠩᠭᠥᠨ ᠥᠩᠭᠡ ᠪᠡᠷ ᠬᠤᠴᠢᠭ᠍ᠳᠠᠵᠤ᠂ ᠢᠮᠢᠨ ᠭᠤᠤᠯ ᠤ᠋ᠨ ᠤᠰᠤᠨ᠎ᠤ ᠭᠠᠳᠠᠷᠭᠤ᠎ᠶᠢᠨ  ᠳᠤᠯᠠᠭᠠᠨ ᠤ᠋ ᠬᠡᠮᠵᠢᠶ᠎ᠡ ᠨᠢᠭᠡᠨᠲᠡ ᠬᠥᠯᠳᠡᠬᠦ᠌ ᠴᠡᠭ ᠲᠦ᠍ ᠣᠢᠷᠠᠳᠪᠠ᠃ ᠨᠢᠭᠡ ᠬᠡᠦᠬᠡᠨ ᠶᠠᠰᠤ ᠶᠠᠩᠭᠢᠨᠡᠮ᠎ᠡ ᠬᠦᠢᠲᠡᠨ ᠭᠤᠤᠯ ᠤ᠋ᠨ ᠤᠰᠤᠨ ᠳ᠋ᠤ ᠴᠡᠴᠡᠷᠡᠨ ᠲᠡᠯᠴᠢᠯᠡᠵᠦ᠍ ᠪᠠᠢᠬᠰᠠᠨ ᠢ᠋ᠶ᠋ᠡᠨ ᠬᠡᠲᠦ ᠤᠳᠠᠭ᠎ᠠ ᠤᠢᠴᠢᠪᠠ᠃ ᠬᠥᠪᠪᠥᠮᠡᠯ ᠮᠥᠰᠥ᠍ ᠤᠷᠤᠰᠬᠠᠯ᠎ᠲᠠᠭᠠᠨ ᠮᠥᠷᠭᠥᠯᠳᠦᠵᠦ᠍᠂ ᠲᠡᠭᠦᠨ ᠡᠴᠡ  ᠡᠮᠦᠨᠡᠰᠢ  3 ᠮᠧᠲ᠋ᠷ ᠲᠦ᠍ ᠳᠠᠷᠤᠢ ᠭᠦᠨ ᠭᠤᠤ ᠠᠶᠤᠮᠰᠢᠬᠲᠤ ᠴᠡᠭᠡᠯ ᠪᠤᠢ᠃

ᠲᠡᠭᠦᠨ᠎ᠤ  ᠡᠨᠡ ᠬᠦ᠌ ᠦᠬᠦᠵᠦ᠍ ᠰᠡᠬᠡᠬᠦ᠌ ᠶ᠋ᠢᠨ ᠳᠠᠪᠠᠭᠠᠨ ᠳᠡᠭᠡᠷ᠎ᠡ ᠶᠧ ᠵᠠᠨ ᠴᠢᠶᠣᠤ ᠥᠴᠦᠬᠡᠨ ᠴᠦ᠍ ᠲᠠᠲᠠᠭᠠᠯᠵᠠᠯ ᠦᠭᠡᠢ ᠪᠡᠷ ᠬᠣᠶᠠᠷ ᠮᠧᠲ᠋ᠷ ᠭᠠᠷᠤᠢ ᠥᠨᠳᠥᠷ ᠬᠠᠱᠢᠯᠭ᠎ᠠ ᠵᠢ ᠳᠠᠪᠠᠨ ᠭᠠᠷᠪᠠ᠃ 《ᠲᠦᠩ》 ᠭᠡᠬᠦ᠌ ᠳᠠᠭᠤᠨ ᠭᠠᠷᠴᠤ ᠂ ᠶᠧ ᠵᠠᠨ ᠴᠢᠶᠣᠤ ᠮᠥᠰᠥᠨ ᠳ᠋ᠤ ᠬᠤᠴᠢᠭ᠍ᠳᠠᠭ᠍ᠰᠠᠨ ᠨᠣᠢᠲᠠᠨ ᠭᠥᠯᠢᠭᠡᠷ ᠶᠡᠨᠳᠡᠷ ᠳᠡᠭᠡᠷ᠎ᠡ ᠦᠰᠦᠷᠦᠨ ᠪᠠᠭᠤᠬᠤ ᠳ᠋ᠤ᠂ ᠵᠡᠭᠦᠨ ᠬᠥᠯ ᠤ᠋ᠨ ᠱᠠᠭ᠎ᠠ ᠨᠢ ᠲᠡᠷᠡ ᠳᠣᠣᠷ᠎ᠠ᠎ᠪᠠᠨ ᠵᠢᠷᠦᠭᠡᠨ ᠳ᠋ᠡᠭᠡᠨ ᠤᠷᠤᠲᠠᠯ᠎ᠠ ᠡᠪᠡᠳᠪᠡ᠃ ᠲᠡᠷᠡ ᠡᠪᠡᠳᠬᠦ᠌ ᠪᠠᠨ ᠲᠡᠰᠪᠦᠷᠢᠯᠡᠨ᠂ ᠨᠢᠮᠭᠡᠨ ᠮᠥᠰᠥ ᠵᠢ ᠭᠢᠰᠭᠢᠨ ᠭᠣᠣᠯ ᠤᠷᠤᠭᠤ ᠣᠷᠣᠬᠤ ᠳ᠋ᠤ᠂ ᠬᠤᠷᠴᠠ ᠲᠡᠮᠦᠷ ᠲᠣᠣᠷ ᠬᠣᠷᠣᠮᠬᠠᠨ ᠵᠠᠭᠤᠷ᠎ᠠ ᠲᠡᠭᠦᠨ ᠤ᠋ ᠬᠥᠯ ᠤ᠋ᠨ ᠤᠯᠠ ᠵᠢ ᠤᠷᠠᠵᠤ᠂ ᠶᠠᠰᠤ ᠶᠠᠩᠭᠢᠨᠡᠮ᠎ᠡ ᠭᠤᠤᠯ ᠤ᠋ᠨ ᠤᠰᠤ ᠱᠢᠷᠬ᠎ᠠ ᠵᠢ ᠨᠢ ᠵᠢᠮᠵᠢᠭᠢᠨᠡᠭᠦᠯᠦᠨ᠎ᠡ᠃

ᠶᠠᠭ ᠡᠭᠦᠨ ᠲᠡᠢ ᠵᠡᠷᠭᠡ ᠪᠡᠷ  ᠠᠪᠤᠷᠠᠨ ᠲᠤᠰᠠᠯᠠᠬᠤ ᠨᠡᠢᠭᠡᠮᠯᠢᠭ᠎ᠤᠨ ᠭᠡᠰᠢᠭᠦᠨ ᠸᠠᠩ ᠵᠶ᠋ᠢ ᠵᠢᠶᠦ᠋ᠨ ᠴᠦ᠍ ᠲᠠᠭᠤᠨ ᠤ᠋ ᠠᠶ᠎ᠠ ᠪᠡᠷ ᠳᠠᠪᠬᠢᠨ ᠢᠷᠡᠪᠡ᠃

ᠮᠢᠨᠦ᠋ᠲ ᠢᠯᠡᠭᠦᠦ᠍ ᠶ᠋ᠢᠨ ᠤᠮᠪᠠᠯᠲᠠ ᠨᠢ ᠶᠠᠭ ᠨᠢᠭᠡ ᠵᠠᠭᠤᠨ ᠱᠢᠭ᠋ ᠤᠷᠲᠤ ᠤᠳᠠᠭᠠᠨ ᠪᠠᠢᠯ᠎ᠠ᠃ ᠬᠡᠦᠬᠡᠨ ᠤ᠋ ᠪᠡᠭᠡᠷᠡᠵᠦ ᠪᠣᠷᠣᠯᠠᠭ᠍ᠰᠠᠨ ᠭᠠᠷ ᠢ᠋ ᠨᠢ ᠰᠢᠭᠦᠷᠡᠨ ᠠᠪᠬᠤ ᠦᠶ᠎ᠡ ᠳ᠋ᠤ᠂ ᠲᠡᠳᠡᠨ ᠤ᠋ ᠭᠠᠷ ᠬᠥᠯ ᠨᠢ ᠨᠢᠭᠡᠨᠲᠡ ᠮᠢᠨᠴᠦᠭᠦᠷᠡᠨ ᠬᠥᠱᠢᠭᠦᠨ ᠪᠣᠯᠤᠭ᠍ᠰᠠᠨ ᠪᠣᠯᠪᠠᠴᠤ᠌ ᠡᠪᠦᠯ ᠤ᠋ᠨ ᠤᠮᠪᠠᠯᠲᠠ ᠳ᠋ᠤ ᠪᠣᠯᠪᠠᠰᠤᠷᠠᠬᠰᠠᠨ ᠠᠮᠢᠰᠭᠤᠭ᠎ᠠ ᠳᠠᠷᠤᠬᠤ ᠴᠢᠳᠠᠪᠤᠷᠢ ᠳ᠋ᠠᠭᠠᠨ ᠲᠦᠱᠢᠭ᠌ᠯᠡᠨ᠂ ᠬᠣᠶᠠᠭᠤᠯᠠ ᠦᠭᠡ ᠳᠠᠭᠤ ᠦᠭᠡᠢ ᠪᠡᠷ ᠬᠠᠮᠵᠢᠯᠴᠠᠵᠤ᠂ ᠬᠡᠦᠬᠡᠨ ᠤ᠋ ᠳᠣᠷᠣᠭ᠍ᠰᠢ ᠵᠢᠪᠦᠭ᠌ᠰᠡᠨ ᠪᠡᠶ᠎ᠡ ᠵᠢ ᠴᠢᠨᠭᠭ᠎ᠠ ᠲᠤᠯᠵᠤ᠂ ᠪᠦᠬᠦ᠌ ᠬᠦᠴᠦ᠍ ᠪᠠᠨ ᠱᠢᠪᠬᠠᠨ᠂ ᠬᠦᠢᠲᠡᠨ ᠤᠷᠤᠰᠭᠠᠯ ᠢ᠋ ᠰᠥᠷᠥᠨ ᠡᠷᠭᠢ ᠳᠠᠭᠠᠤ ᠬᠠᠲᠠᠭᠤ ᠪᠡᠷᠬᠡᠱᠢᠶᠡᠯᠲᠡᠶ ᠪᠡᠷ ᠪᠤᠴᠠᠨ ᠤᠮᠪᠠᠪᠠ᠃

《ᠪᠢᠳᠡ ᠬᠣᠶᠠᠷ ᠴᠢᠩᠭᠠᠭᠠᠵᠤ ᠲᠠᠲᠠᠵᠤ ᠪᠠᠢᠭᠠᠳ ᠲᠡᠭᠦᠨ ᠢ᠋ ᠡᠷᠭᠢ᠎ᠳᠦ ᠭᠠᠷᠭᠠᠪᠠ》᠃ ᠶᠧ ᠵᠠᠨ ᠴᠢᠶᠣᠤ ᠶ᠋ᠢᠨ ᠲᠦᠭᠦᠮᠬᠡᠨ ᠬᠡᠳᠦᠨ ᠦᠭᠡ ᠶ᠋ᠢᠨ ᠠᠷᠤ ᠳ᠋ᠤ ᠦᠨᠡᠨ ᠳ᠋ᠡᠭᠡᠨ ᠬᠥᠮᠦᠨ ᠢ᠋ ᠰᠣᠴᠢᠭᠠᠮ᠎ᠠ ᠦᠬᠦᠵᠤ ᠰᠡᠭᠡᠬᠦ᠌ ᠶ᠋ᠢᠨ ᠲᠡᠮᠡᠴᠡᠭᠡᠨ ᠪᠠᠢᠭᠰᠠᠨ ᠶᠤᠮ᠃

ᠸᠠᠩ ᠵᠢᠶ ᠵᠢᠶᠦ᠋ᠨ ᠤ᠋ ᠬᠥᠯ ᠨᠢ ᠣᠳᠣ ᠪᠣᠯᠲᠠᠯ᠎ᠠ ᠬᠠᠪᠢᠷᠭᠠᠨ ᠰᠠᠷᠠᠨ ᠬᠡᠯᠪᠡᠷᠢ ᠲᠠᠢ ᠰᠣᠷᠪᠢ᠎ᠲᠠᠶ᠂ ᠲᠡᠷᠡ ᠪᠣᠯ ᠭᠣᠣᠯ ᠤ᠋ᠨ ᠢᠷᠣᠭᠠᠷ ᠤ᠋ᠨ ᠬᠤᠷᠴᠠ ᠴᠢᠯᠠᠭᠤᠯᠢᠭ ᠡᠴᠡ ᠡᠨᠡ ᠬᠦ᠌ ᠮᠠᠨᠵᠤ ᠦᠨᠳᠦᠰᠦᠲᠡᠨ ᠤ᠋ ᠰᠠᠢᠨ ᠡᠷ᠎ᠡ ᠳ᠋ᠤ ᠣᠯᠭᠣᠭ᠍ᠰᠠᠨ ᠳᠠᠭᠤ ᠦᠭᠡᠢ ᠭᠠᠪᠢᠶᠠᠨ ᠲᠡᠮᠳᠡᠭ ᠪᠣᠯᠤᠨ᠎ᠠ᠃ 《ᠰᠢᠭᠤᠳ ᠳᠠᠭᠠᠭᠠᠳ ᠤᠰᠤᠨ ᠳ᠋ᠤ ᠤᠷᠤᠬᠰᠠᠨ》 ᠲᠡᠷᠡ ᠭᠱᠠᠨ ᠤ᠋ ᠪᠠᠨ ᠲᠤᠬᠠᠢ ᠶᠠᠷᠢᠬᠤ ᠳ᠋ᠤ ᠲᠡᠭᠦᠨ ᠤ᠋ ᠳᠠᠭᠤ ᠨᠢ ᠨᠠᠮᠵᠢᠭᠤᠨ ᠪᠠᠢᠬᠰᠠᠨ ᠪᠤᠯᠪᠠᠴᠤ  ᠲᠤᠬᠠᠢ ᠶ᠋ᠢᠨ ᠦᠶ᠎ᠡ ᠳ᠋ᠤ ᠲᠡᠭᠦᠨ ᠳ᠋ᠤ ᠮᠥᠰᠥᠨ ᠭᠣᠣᠯ ᠤ᠋ᠨ ᠶᠠᠰᠤ ᠶᠠᠩᠭᠢᠨᠠᠮ᠎ᠠ ᠬᠦᠢᠲᠡᠨ᠂ ᠲᠠᠯᠲᠠ ᠤᠷᠤᠰᠭᠠᠯ ᠤ᠋ᠨ ᠠᠶᠤᠯ ᠲᠦᠭ᠌ᠰᠢᠭᠦᠷᠢ ᠡᠴᠡ ᠠᠶᠤᠵᠤ ᠬᠤᠢᠰᠢ ᠤᠬᠤᠷᠢᠬᠤ ᠦᠦ᠂ ᠡᠰᠡᠬᠦᠯ᠎ᠡ 《ᠠᠪᠤᠷᠠᠵᠤ ᠳᠡᠢᠯᠬᠦ᠌ ᠪᠠᠢᠭᠠᠳ ᠠᠪᠤᠷᠠᠬᠰᠠᠨ ᠦᠭᠡᠢ》 ᠭᠡᠰᠡᠨ ᠨᠢᠭᠡ ᠨᠠᠰᠤᠨ ᠤ᠋ ᠬᠠᠷᠠᠮᠰᠠᠯ ᠦᠯᠡᠳᠡᠭᠡᠬᠦ  ᠤᠤ ᠭᠡᠰᠡᠨ ᠬᠡᠴᠡᠬᠦᠦ ᠰᠤᠨᠭᠭᠤᠯᠲᠠ ᠲᠠᠭᠠᠷᠠᠯᠳᠤᠵᠤ᠂ ᠲᠡᠷᠡ ᠬᠤᠢᠨᠠᠬᠢ ᠵᠢ ᠨᠢ ᠰᠤᠨᠭᠭᠤᠨ᠂ ᠠᠷᠠᠰᠤ ᠮᠢᠬ᠎ᠠ ᠨᠢ ᠬᠠᠭᠠᠷᠠᠭ᠍ᠰᠠᠨ ᠱᠢᠷᠬ᠎ᠠ᠂ ᠬᠠᠪᠤᠳᠴᠤ᠌ ᠦᠷᠪᠢᠰᠦᠭ᠌ᠰᠡᠨ ᠡᠪᠡᠷᠱᠢᠶᠡᠯ ᠢ᠋ᠶ᠋ᠡᠷ ᠢ᠋ᠶ᠋ᠡᠨ 《ᠡᠭᠦᠷᠭᠡᠯᠡᠯ》 ᠭᠡᠬᠦ᠌ ᠬᠣᠶᠠᠷ ᠦᠰᠦᠭ ᠢ᠋ ᠲᠠᠭᠤ ᠦᠭᠡᠢ ᠰᠡᠢᠯᠪᠡ᠃

《ᠡᠪᠦᠯ ᠤ᠋ᠨ ᠤᠮᠪᠠᠯᠲᠠ ᠶ᠋ᠢᠨ ᠨᠡᠢᠭᠡᠮᠯᠢᠭ ᠤ᠋ᠨ ᠡᠳᠡᠭᠡᠷ ᠭᠡᠰᠢᠭᠦᠳ ᠡᠴᠢᠨᠡᠨ ᠵᠢᠯ ᠤ᠋ᠨ ᠲᠤᠷᠰᠢ ᠢᠮᠠᠬᠲᠠ ᠲᠡᠷᠡ ᠳᠠᠷᠤᠢ ᠳ᠋ᠤᠨᠢ ᠠᠪᠤᠷᠠᠨ ᠲᠤᠰᠠᠯᠠᠬᠤ ᠣᠢᠯᠠᠭᠠᠭ᠍ᠳᠠᠬᠤᠨ ᠢ᠋ ᠪᠠᠷᠢᠮᠲᠠᠯᠠᠭ᠍ᠰᠠᠭᠠᠷ ᠢᠷᠡᠵᠡᠢ》᠃ ᠸᠠᠩ ᠵᠶ᠋ᠢ ᠵᠢᠶᠦ᠋ᠨ ᠤ᠋ ᠬᠡᠯᠡᠭ᠌ᠰᠡᠨ 《ᠢᠮᠠᠬᠲᠠ》 ᠭᠡᠳᠡᠭ ᠨᠢ ᠶᠠᠭ ᠡᠭᠦᠷᠭᠡᠯᠡᠯ ᠤ᠋ᠨ ᠵᠣᠷᠢᠭ ᠰᠠᠨᠠᠭ᠎ᠠ ᠶ᠋ᠢᠨ ᠣᠨ ᠵᠢᠯ᠎ᠳᠦ ᠳᠠᠪᠲᠠᠭ᠍ᠳᠠᠭ᠍ᠰᠠᠨ ᠪᠤᠳᠠᠳᠤ ᠠᠵᠢᠯᠯᠠᠭ᠎ᠠ ᠪᠣᠯᠤᠨ᠎ᠠ᠃ ᠪᠣᠳᠠᠭᠠᠯᠢ ᠪᠡᠶ᠎ᠡ ᠶ᠋ᠢᠨ ᠡᠷᠡᠯᠬᠡᠭ ᠪᠠᠭᠠᠲᠤᠷᠯᠢᠭ ᠰᠣᠩᠭᠣᠯᠲᠠ ᠨᠢ ᠬᠠᠮᠲᠤᠯᠢᠭ ᠤ᠋ᠨ ᠬᠠᠮᠲᠤ ᠶ᠋ᠢᠨ ᠢᠲᠡᠭᠡᠯ ᠪᠢᠱᠢᠷᠡᠯ ᠪᠣᠯᠵᠣ᠂ ᠭᠡᠨᠡᠳᠲᠡ ᠶ᠋ᠢᠨ ᠠᠸ᠋ᠭ᠎ᠠ ᠠᠵᠢᠯᠯᠠᠭ᠎ᠠ ᠨᠢ ᠵᠠᠢᠯᠠᠰᠢ ᠥᠬᠡᠶ ᠬᠠᠷᠢᠭᠤᠴᠠᠯᠭ᠎ᠠ ᠡᠭᠦᠷᠭᠡᠯᠡᠯ ᠪᠣᠯᠵᠣ ᠳᠡᠭᠡᠭ᠌ᠰᠢᠯᠡᠬᠦ᠌ ᠦᠶ᠎ᠡ᠎ᠳᠦ᠂ ᠡᠨᠡ ᠬᠦ᠌ ᠡᠳᠦᠷ ᠲᠤᠲᠤᠮ ᠤ᠋ᠨ ᠪᠠᠲᠤ ᠰᠠᠬᠢᠯᠲᠠ ᠨᠢ ᠠᠮᠢ ᠨᠠᠰᠤ ᠵᠢ ᠬᠠᠮᠠᠭᠠᠯᠠᠬᠤ ᠰᠦᠷ ᠳᠠᠯᠠᠢᠴᠠᠲᠠᠶ ᠳᠤᠯᠠᠭᠠᠨ ᠤᠷᠤᠰᠭᠠᠯ ᠪᠣᠯᠵᠣ ᠪᠦᠷᠢᠯᠳᠦᠨ᠎ᠡ ! ᠲᠡᠷᠡ ᠨᠢ ᠲᠩᠷᠢ ᠭᠠᠵᠠᠷ ᠢ᠋ ᠳᠣᠩᠰᠣᠯᠭᠠᠬᠤ ᠦᠭᠡᠢ ᠴᠦ᠍ ᠬᠠᠷᠢᠨ ᠲᠠᠢᠪᠤᠩ ᠬᠦᠨ ᠤᠷᠤᠰᠬᠠᠯ ᠮᠡᠲᠦ  《ᠴᠠᠭ ᠢᠮᠠᠭ᠍ᠲᠠ ᠤᠷᠤᠰᠢᠵᠤ》᠂ ᠠᠶᠤᠯ ᠲᠦᠭ᠌ᠰᠢᠭᠦᠷᠢᠲᠦ ᠮᠥᠴᠡ ᠶ᠋ᠢᠨ ᠬᠠᠮᠤᠭ ᠤ᠋ᠨ ᠨᠠᠢᠳᠠᠪᠤᠷᠢᠲᠠᠢ ᠬᠠᠱᠢᠯᠭ᠎ᠠ ᠳᠠᠯᠠᠩ ᠪᠣᠯᠤᠭ᠍ᠰᠠᠨ ᠪᠠᠢᠨ᠎ᠠ !

《ᠥᠪᠥᠷ ᠮᠣᠩᠭᠣᠯ ᠤ᠋ᠨ ᠰᠠᠢᠨ ᠬᠥᠮᠦᠨ》 ᠭᠡᠬᠦ᠌ ᠴᠣᠯᠠ ᠵᠢ ᠭᠥᠷᠳᠡᠭ᠌ᠰᠡᠨ ᠤ᠋ ᠳᠠᠷᠠᠭ᠎ᠠ ᠂ ᠶᠧ ᠵᠠᠨ ᠴᠢᠶᠣᠤ ᠪᠣᠯᠤᠨ ᠸᠠᠩ ᠵᠢᠶ ᠵᠢᠶᠦ᠋ᠨ ᠬᠡᠷᠬᠢᠨ ᠡᠨᠡ ᠬᠦ᠌ ᠡᠭᠦᠷᠭᠡᠯᠡᠯ ᠤ᠋ᠨ ᠵᠤᠷᠢᠭ ᠰᠠᠨᠠᠭ᠎ᠠ ᠵᠢ ᠤᠯᠠᠮᠵᠢᠯᠠᠨ ᠳᠡᠯᠭᠡᠷᠡᠭᠦᠯᠬᠦ ᠲᠤᠬᠠᠶ ᠬᠠᠮᠤᠭ ᠡᠴᠡ ᠢᠯᠡᠭᠦᠦ ᠪᠣᠳᠣᠯᠬᠢᠯᠠᠵᠠᠶ᠃ ᠲᠠᠳᠠ ᠢᠳᠡᠪᠬᠢᠲᠡᠶ ᠪᠡᠷ ᠲᠥᠯᠥᠪᠯᠡᠵᠦ᠍᠂ ᠨᠡᠢᠭᠡᠮᠯᠢᠭ ᠤ᠋ᠨ ᠳᠣᠲᠣᠷ᠎ᠠ ᠪᠠᠨ ᠱᠢᠰᠲ᠋ᠧᠮ ᠲᠠᠢ ᠠᠪᠤᠷᠠᠨ ᠲᠤᠰᠠᠯᠠᠬᠤ ᠪᠣᠯᠪᠠᠰᠤᠷᠠᠯ ᠥᠷᠨᠢᠭᠦᠯᠵᠦ᠍᠂ ᠥᠪᠡᠷ ᠤ᠋ᠨ ᠥᠩᠭᠡᠷᠡᠯᠲᠡ ᠎ᠪᠡᠷ ᠢ᠋ᠶ᠋ᠡᠨ《ᠠᠪᠤᠷᠠᠨ ᠲᠤᠰᠠᠯᠠᠬᠤ ᠪᠣᠯ ᠨᠢᠭᠡᠨ ᠴᠠᠭ ᠤ᠋ᠨ ᠪᠠᠭᠠᠲᠤᠷ ᠵᠣᠷᠢᠭ ᠢ᠋ ᠲᠦᠰᠢᠭᠯᠡᠬᠦ ᠪᠢᠰᠢ ᠂ ᠬᠠᠷᠢᠨ ᠴᠢᠳᠠᠪᠤᠷᠢ ᠪᠠ ᠬᠠᠷᠢᠭᠤᠴᠠᠯᠭ᠎ᠠ ᠳ᠋ᠤ ᠰᠠᠭᠤᠷᠢᠯᠠᠬᠰᠠᠨ ᠡᠭᠦᠷᠭᠡᠯᠡᠯ ᠪᠠᠢᠵᠤ᠂ ᠨᠠᠩ ᠴᠤ᠌ ᠪᠡᠯᠡᠳᠭᠡᠯ ᠲᠠᠢ ᠪᠠᠷ ᠴᠡᠭᠡᠵᠢ ᠳᠦᠷᠢᠨ ᠭᠠᠷᠬᠤ ᠶᠠᠪᠤᠳᠠᠯ ᠮᠦᠨ》 ᠭᠡᠰᠡᠨ ᠢ᠋  ᠨᠠᠩ ᠣᠯᠠᠨ ᠬᠥᠮᠦᠨ᠎ᠳᠦ ᠤᠢᠯᠠᠭᠠᠭᠤᠯᠪᠠ ᠃

ᠨᠡᠩ ᠤᠯᠠᠨ ᠬᠥᠮᠦᠨ ᠡᠨᠡ ᠬᠦ᠌ ᠦᠨᠭᠭᠡ ᠭᠡᠷᠡᠯ ᠢ᠋ ᠳᠠᠭᠠᠵᠤ᠂ ᠬᠡᠷᠡᠭ᠌ᠴᠡᠭᠡ ᠲᠠᠢ ᠦᠶ᠎ᠡ ᠳ᠋ᠤ ᠪᠣᠰᠴᠤ᠌ ᠵᠣᠭ᠍ᠰᠣᠨ ᠲᠤᠯᠵᠤ ᠠᠪᠬᠤ ᠨᠢ ᠳᠠᠷᠤᠢ 《ᠲᠡᠷᠢᠭᠦᠨ ᠤ᠋ ᠬᠢ》 ᠭᠡᠬᠦ᠌ ᠦᠭᠡ ᠳ᠋ᠤ ᠳᠡᠪᠰᠢᠭᠦᠯᠬᠦ ᠬᠠᠮᠤᠭ ᠤ᠋ᠨ ᠭᠦᠨ ᠬᠦᠨᠳᠦᠳᠭᠡᠯ ᠮᠥᠨ᠂ ᠪᠠᠰᠠ ᠴᠤ᠌ ᠬᠠᠷᠢᠭᠤᠴᠠᠯᠭ᠎ᠠ ᠡᠭᠦᠷᠭᠡᠯᠡᠬᠦ᠌ ᠵᠣᠷᠢᠭ ᠰᠠᠨᠠᠭᠠᠨ ᠤ᠋ ᠬᠠᠮᠤᠭ ᠤ᠋ᠨ ᠰᠦᠷ ᠳᠠᠯᠠᠢᠴᠠᠲᠠᠢ ᠦᠷᠭᠦᠯᠵᠢᠯᠡᠯ ᠪᠠ ᠲᠠᠢᠯᠪᠤᠷᠢ ᠪᠣᠯᠤᠨ᠎ᠠ᠃

ᠡᠨᠡ ᠦᠨᠭᠭᠡ ᠭᠡᠷᠡᠯ ᠤ᠋ᠨ ᠭᠢᠯᠪᠠᠭ᠎ᠠ ᠪᠠᠷ  ᠮᠥᠰᠥᠨ ᠭᠣᠣᠯ  ᠢ᠋ ᠭᠠᠲᠤᠯᠵᠤ᠂ ᠬᠥᠮᠦᠨ ᠤ᠋ ᠣᠷᠴᠢᠯᠠᠩ ᠤ᠋ᠨ ᠦᠨ᠎ᠡ ᠥᠷᠲᠡᠭ ᠢ᠋ ᠢᠯᠡᠷᠡᠭᠦᠯᠵᠦ᠂ ᠲᠠᠯ᠎ᠠ ᠨᠤᠲᠤᠭ ᠤ᠋ᠨ ᠲᠠᠰᠤᠷᠠᠰᠢ ᠦᠭᠡᠢ ᠶᠡᠬᠡ ᠬᠠᠢᠷ᠎ᠠ ᠵᠢ ᠲᠤᠳᠤᠷᠠᠭᠤᠯᠪᠠ᠃

ᠣᠷᠴᠢᠭᠤᠯᠤᠭ᠍ᠴᠢ᠄
ᠨᠠᠢᠷᠠᠭᠤᠯᠤᠭ᠍ᠴᠢ᠄ ᠣᠷᠬᠢᠯ
ᠲᠤᠮᠳᠠᠳᠤ ᠤᠯᠤᠰ᠎ᠤᠨ ᠮᠤᠩᠭᠤᠯ ᠬᠡᠯᠡᠡ᠎ᠤ ᠰᠤᠨᠢᠠ ᠮᠠᠳᠡᠭᠡ᠎ᠶ᠋ᠢᠨ ᠰᠦᠯᠵᠢᠶ᠎ᠠ
ᠢᠷᠡᠯᠲᠡ᠄
ᠬᠤᠪᠢᠶᠠᠯᠴᠠᠬᠤ᠄
ᠬᠠᠮᠢᠶ᠎ᠡ ᠪᠦᠬᠦᠢ ᠰᠣᠨᠢᠨ

2008-2025 © ᠳᠤᠮᠳᠠᠳᠤ ᠤᠯᠤᠰ᠎ᠤᠨ ᠮᠤᠩᠭᠤᠯ ᠬᠡᠯᠡᠨ᠎ᠤ ᠰᠤᠨᠢᠨ ᠮᠡᠳᠡᠭᠡᠨ᠎ᠤ ᠰᠦᠯᠵᠢᠶ᠎ᠡ ᠦᠮᠴᠢᠯᠡᠯ᠎ᠤᠨ ᠡᠷᠬᠡ᠎ᠲᠠᠢ

ᠵᠤᠬᠢᠶᠠᠭᠴᠢ᠎ᠶᠢᠨ ᠡᠷᠬᠡ ᠬᠠᠤᠯᠢ᠎ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ᠎ᠪᠠᠷ ᠬᠠᠭᠤᠯᠪᠤᠷᠢᠯᠠᠬᠤ᠎ᠶᠢ ᠬᠠᠲᠠᠭᠤ ᠬᠤᠷᠢᠭᠯᠠᠨ᠎ᠠ

ᠬᠠᠷᠢᠯᠴᠠᠬᠤ ᠤᠲᠠᠰᠤ᠄0471-6635435

ᠢᠮᠧᠯ᠄mgyxww@163.com   蒙ICP备10000005号